ᠢᠪᠠᠤᠬᠠᠢYavuukhaiЯвуухай ᠠᠮᠢᠲᠠᠨ ᠤ᠋ ᠶᠢᠷᠲᠢᠨᠴᠦ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠪᠠᠤᠬᠠᠢYavuukhaiЯвуухай

ᠢᠪᠠᠤᠬᠠᠢYavuukhaiЯвуухай

2025-11-22

116

ᠢᠪᠠᠤᠬᠠᠢ

   ᠲᠤᠰ ᠡᠮ ᠪᠣᠯ ᠥᠨᠳᠡᠭᠡᠨ ᠲᠤᠩ ᠤ᠋ᠨ ᠢᠵᠠᠭᠤᠷ ᠤ᠋ᠨ ᠠᠮᠢᠲᠠᠨ ᠪᠣᠯᠬᠤ ᠴᠠᠭᠠᠨ ᠢᠪᠠᠤᠬᠠᠢ ᠪᠤᠶᠤ ᠠᠷᠠᠪ ᠤ᠋ᠨ ᠰᠣᠯᠣᠩᠭ᠎ᠠ ᠢᠪᠠᠤᠬᠠᠢ ᠶ᠋ᠢᠨ ᠬᠠᠪᠲᠠᠰᠤ ᠮᠥᠨ᠃ ᠡᠮᠦᠨᠡᠬᠢ ᠶ᠋ᠢ ᠨᠢ( ᠴᠠᠭᠠᠨ ᠢᠪᠠᠤᠬᠠᠢ) ᠭᠡᠵᠦ᠂ ᠬᠣᠢᠨᠠᠬᠢ ᠶ᠋ᠢ ᠨᠢ( ᠪᠣᠷᠣ ᠢᠪᠠᠤᠬᠠᠢ) ᠭᠡᠳᠡᠭ᠃ ᠪᠠᠰᠠ ᠷᠤᠨᠪᠦ ᠭᠡᠳᠡᠭ᠃
   [ ᠤᠤᠯ ᠠᠮᠢᠲᠠᠨ]1. ᠴᠠᠭᠠᠨ ᠢᠪᠠᠤᠬᠠᠢ ᠬᠠᠪᠲᠠᠰᠤ ᠨᠢ ᠵᠢᠵᠢᠭ᠂ ᠪᠡᠬᠢ ᠬᠠᠲᠠᠭᠤ᠂ ᠥᠨᠳᠡᠭᠡᠯᠵᠢᠨ ᠲᠣᠭᠣᠷᠢᠭ ᠬᠡᠯᠪᠡᠷᠢ ᠲᠡᠢ᠃ ᠬᠠᠪᠲᠠᠰᠤ ᠶ᠋ᠢᠨ ᠤᠷᠲᠤ ᠨᠢ2.8cm ᠣᠷᠴᠢᠮ᠂ ᠥᠷᠭᠡᠨ ᠨᠢ2cm ᠣᠷᠴᠢᠮ᠂ ᠥᠨᠳᠥᠷ ᠨᠢ1~1.4cm᠃ ᠨᠢᠷᠤᠭᠤᠨ ᠤ᠋ ᠭᠣᠣᠯ ᠨᠢ ᠥᠨᠳᠥᠷ ᠭᠦᠳᠦᠭᠦᠷ᠂ ᠬᠣᠶᠠᠷ ᠬᠠᠵᠠᠭᠤ ᠨᠢ ᠪᠡᠬᠢ ᠬᠠᠲᠠᠭᠤ ᠮᠥᠷᠲᠡᠭᠡᠨ ᠨᠠᠮ ᠲᠡᠭᠰᠢ᠂ ᠠᠷᠤ ᠲᠠᠯ᠎ᠠ ᠶ᠋ᠢᠨ ᠬᠣᠶᠠᠷ ᠬᠠᠵᠠᠭᠤ ᠪᠠᠷ ᠨᠢ ᠮᠤᠬᠤᠷ ᠵᠠᠩᠭᠢᠯᠠᠭᠠᠰᠤ ᠲᠠᠢ᠃ ᠬᠠᠪᠲᠠᠰᠤᠨ ᠤ᠋ ᠭᠠᠳᠠᠷ ᠨᠢ ᠹᠠᠯᠠᠩᠯᠢᠭ᠂ ᠭᠢᠯᠦᠭᠡᠷ᠂ ᠰᠣᠷᠭᠣᠭ ᠰᠢᠷ᠎ᠠ᠂ ᠰᠢᠷᠭᠠᠯ ᠴᠠᠭᠠᠨ ᠥᠩᠭᠡ ᠲᠡᠢ ᠪᠤᠶᠤ ᠵᠢᠭᠠᠬᠠᠨ ᠴᠠᠢᠪᠤᠷ ᠨᠣᠭᠣᠭᠠᠨ ᠲᠤᠶᠠᠭ᠎ᠠ ᠲᠠᠢ᠂ ᠬᠣᠶᠠᠷ ᠬᠠᠵᠠᠭᠤ ᠶ᠋ᠢᠨ ᠬᠥᠪᠡᠭᠡ ᠶ᠋ᠢᠨ ᠥᠩᠭᠡ ᠨᠢ ᠨᠡᠯᠢᠶᠡᠳ ᠭᠦᠢᠬᠡᠨ᠃ ᠨᠢᠷᠤᠭᠤ ᠪᠠᠷ ᠨᠢ2~3 ᠵᠤᠷᠪᠤᠰ ᠴᠠᠢᠪᠤᠷ ᠨᠣᠭᠣᠭᠠᠨ ᠬᠥᠨᠳᠡᠯᠡᠨ ᠪᠦᠰᠡ ᠪᠣᠯᠤᠨ ᠢᠯᠡ ᠪᠤᠰᠤ ᠵᠦᠷᠵᠢᠨ ᠤᠯᠠᠭᠠᠨ ᠥᠩᠭᠡᠲᠦ ᠴᠠᠭᠠᠷᠢᠭ ᠠᠷᠲᠠᠢ᠃ ᠲᠤᠩ ᠡᠷᠭᠢᠯᠭᠡᠨ ᠳᠠᠪᠬᠤᠷᠭ᠎ᠠ ᠨᠢ ᠹᠠᠯᠠᠩᠯᠢᠭ ᠡᠳ᠋ ᠲᠦ᠍ ᠪᠦᠷᠢᠮᠦᠰᠦᠨ ᠪᠦᠷᠬᠦᠭᠳᠡᠵᠦ ᠪᠣᠢ᠃ ᠨᠢᠷᠤᠭᠤ ᠶ᠋ᠢᠨ ᠱᠤᠭᠤᠮ ᠨᠢ ᠲᠣᠳᠣ ᠦᠭᠡᠢ᠃ ᠤᠭ ᠨᠢ ᠲᠡᠭᠰᠢ᠂ ᠰᠢᠷᠠᠪᠲᠤᠷ ᠴᠠᠭᠠᠨ ᠥᠩᠭᠡ ᠲᠡᠢ᠂ ᠬᠠᠪᠲᠠᠰᠤᠨ ᠤ᠋ ᠠᠮᠠ ᠨᠢ ᠨᠠᠷᠢᠨ ᠤᠷᠲᠤ ᠪᠥᠭᠡᠳ ᠣᠢᠷ᠎ᠠ ᠣᠷᠴᠢᠮ ᠨᠢ ᠴᠠᠭᠠᠨ ᠥᠩᠭᠡ ᠲᠡᠢ᠃ ᠭᠠᠳᠠᠷ ᠳᠣᠲᠣᠷ᠎ᠠ ᠤᠷᠤᠭᠤᠯ ᠤ᠋ᠨ ᠬᠥᠪᠡᠭᠡ ᠪᠡᠷ ᠨᠢ12~14 ᠨᠠᠷᠢᠨ ᠴᠠᠭᠠᠨ ᠠᠷᠠᠭ᠎ᠠ ᠲᠠᠢ᠃ ᠪᠡᠶ᠎ᠡ ᠨᠢ ᠵᠥᠭᠡᠯᠡᠨ᠂ ᠪᠦᠬᠦᠨ ᠢ᠋ᠶ᠋ᠡᠷ ᠢ᠋ᠶ᠋ᠡᠨ ᠬᠠᠪᠲᠠᠰᠤᠨ ᠳᠣᠲᠣᠷ᠎ᠠ ᠪᠠᠨ ᠠᠪᠴᠢᠨ ᠣᠷᠣᠵᠤ ᠴᠢᠳᠠᠳᠠᠭ᠃ ᠭᠠᠳᠠᠷ ᠪᠠᠭᠯᠠᠭᠴᠢ ᠬᠠᠯᠢᠰᠤ ᠶ᠋ᠢᠨ ᠬᠣᠶᠠᠷ ᠲᠠᠯ᠎ᠠ ᠨᠢ ᠰᠠᠷᠪᠠᠢᠵᠤ᠂ ᠢᠯᠲᠠᠰᠤ ᠬᠡᠯᠪᠡᠷᠢ ᠲᠡᠢ ᠪᠥᠭᠡᠳ ᠠᠷᠤᠨᠰᠢ ᠪᠠᠨ ᠮᠠᠲᠠᠷᠢᠵᠤ ᠬᠠᠪᠲᠠᠰᠤ ᠪᠠᠨ ᠪᠠᠭᠯᠠᠳᠠᠭ᠃ ᠳᠡᠭᠡᠷ᠎ᠡ ᠨᠢ ᠮᠠᠰᠢ ᠣᠯᠠᠨ ᠰᠠᠯᠠᠭ᠎ᠠ ᠪᠦᠬᠦᠢ ᠲᠡᠮᠲᠡᠷᠢᠭᠦᠯ ᠲᠡᠢ᠃ ᠲᠣᠯᠣᠭᠠᠢ ᠨᠢ ᠥᠷᠭᠡᠨ᠂ ᠬᠣᠰᠢᠭᠤ ᠨᠢ ᠪᠣᠭᠣᠨᠢ᠂ ᠲᠡᠮᠲᠡᠷᠢᠭᠦᠯ ᠨᠢ ᠤᠷᠲᠤ ᠮᠥᠷᠲᠡᠭᠡᠨ ᠱᠣᠪᠣᠭᠣᠷ᠃ ᠨᠢᠳᠦ ᠨᠢ ᠪᠦᠯᠲᠡᠭᠡᠷ᠂ ᠲᠡᠮᠲᠡᠷᠢᠭᠦᠯ ᠦ᠋ᠨ ᠭᠠᠳᠠᠨ᠎ᠠ ᠲᠠᠯ᠎ᠠ ᠳ᠋ᠤᠨᠢ ᠪᠣᠢ᠂ ᠬᠥᠯ ᠨᠢ ᠬᠥᠭᠵᠢᠩᠭᠦᠢ᠃
2. ᠠᠷᠠᠪ ᠤ᠋ᠨ ᠰᠣᠯᠣᠩᠭ᠎ᠠ ᠢᠪᠠᠤᠬᠠᠢ ᠲᠤᠩ ᠬᠠᠪᠲᠠᠰᠤ ᠨᠢ ᠳᠤᠮᠳᠠ ᠵᠡᠷᠭᠡ᠂ ᠬᠠᠪᠲᠠᠰᠤ ᠶ᠋ᠢᠨ ᠤᠷᠲᠤ ᠨᠢ ᠪᠠᠷᠤᠭ4.5cm ᠣᠷᠴᠢᠮ᠂ ᠥᠷᠭᠡᠨ ᠨᠢ2.7cm ᠣᠷᠴᠢᠮ᠂ ᠥᠨᠳᠥᠷ ᠨᠢ2.16m ᠣᠷᠴᠢᠮ᠃ ᠲᠣᠭᠣᠷᠢᠭᠠᠳ ᠤᠯᠠᠪᠤᠷ ᠥᠩᠭᠡ ᠲᠡᠢ᠂ ᠳᠡᠭᠡᠷ᠎ᠡ ᠨᠢ ᠪᠦᠳᠡᠭᠢ ᠬᠥᠬᠡᠪᠲᠦᠷ ᠪᠣᠷᠣ ᠲᠣᠯᠪᠣ ᠲᠠᠢ᠂ ᠬᠣᠶᠠᠷ ᠦᠵᠦᠭᠦᠷ ᠨᠢ ᠪᠦᠳᠡᠭᠢ ᠬᠦᠷᠡᠩ ᠥᠩᠭᠡ ᠲᠡᠢ᠃ ᠨᠢᠷᠤᠭᠤ ᠨᠢ ᠰᠠᠷᠠᠯ᠂ ᠢᠭᠴᠤ ᠬᠦᠷᠡᠩ ᠵᠢᠭᠳᠡ ᠪᠤᠰᠤ ᠭᠤᠯᠳᠤ ᠠᠷᠲᠠᠢ᠃ ᠬᠠᠪᠲᠠᠰᠤᠨ ᠤ᠋ ᠢᠷᠣᠭᠠᠷ ᠨᠢ ᠶᠠᠯᠢᠮ ᠦᠭᠡᠢ ᠤᠯᠠᠭᠠᠨ᠂ ᠬᠥᠪᠡᠭᠡ ᠶ᠋ᠢ ᠨᠢ ᠳᠠᠭᠠᠭᠠᠳ ᠪᠦᠳᠡᠭᠢ ᠬᠥᠬᠡᠪᠲᠦᠷ ᠪᠣᠷᠣ ᠲᠣᠯᠪᠣ ᠲᠠᠷᠬᠠᠵᠤ ᠪᠣᠢ᠃ ᠬᠠᠪᠲᠠᠰᠤᠨ ᠠᠮᠠ ᠶ᠋ᠢᠨ ᠬᠥᠪᠡᠭᠡ ᠨᠢ ᠶᠠᠯᠢᠮ ᠦᠭᠡᠢ ᠤᠯᠠᠭᠠᠨ ᠥᠩᠭᠡ ᠲᠡᠢ ᠪᠥᠭᠡᠳ ᠲᠤᠰ ᠪᠦᠷᠢ ᠬᠦᠷᠡᠩ ᠥᠩᠭᠡᠲᠦ23~26 ᠨᠠᠷᠢᠨ ᠰᠢᠳᠦ ᠲᠡᠢ᠃
   [ᠠᠮᠢᠳᠤᠷᠠᠬᠤ ᠣᠷᠴᠢᠨ ᠬᠢᠭᠡᠳ ᠲᠠᠷᠬᠠᠴᠠ] ᠴᠠᠭᠠᠨ ᠢᠪᠠᠤᠬᠠᠢ ᠲᠦᠯᠬᠢᠭᠡᠨ ᠦ᠌ ᠵᠠᠪᠰᠠᠷ ᠤ᠋ᠨ ᠪᠦᠰᠡ ᠶ᠋ᠢᠨ ᠳᠤᠮᠳᠠ ᠲᠦᠯᠬᠢᠭᠡᠨ ᠦ᠌ ᠣᠷᠣᠨ ᠳ᠋ᠠᠬᠢ ᠱ᠌ᠢᠷᠦ ᠶ᠋ᠢᠨ ᠬᠠᠳᠠᠨ ᠳ᠋ᠤ᠌ ᠠᠮᠢᠳᠤᠷᠠᠳᠠᠭ᠃ ᠲᠦᠯᠬᠢᠭᠡᠨ ᠲᠠᠲᠠᠷᠠᠭᠰᠠᠨ ᠤ᠋ ᠰᠡᠭᠦᠯᠡᠷ ᠴᠢᠯᠠᠭᠤᠨ ᠳᠣᠣᠷ᠎ᠠ ᠪᠤᠶᠤ ᠱ᠌ᠢᠷᠦ ᠶ᠋ᠢᠨ ᠬᠠᠳᠠᠨ ᠤ᠋ ᠨᠦᠬᠡᠨ ᠳ᠋ᠦ᠍ ᠠᠮᠢᠳᠤᠷᠠᠳᠠᠭ᠃ ᠡᠮᠦᠨ᠎ᠡ ᠳᠠᠯᠠᠢ ᠶ᠋ᠢᠨ ᠣᠷᠣᠨ ᠳ᠋ᠤ᠌ ᠲᠠᠷᠬᠠᠴᠠ ᠲᠠᠢ᠃ ᠠᠷᠠᠪ ᠤ᠋ᠨ ᠰᠣᠯᠣᠩᠭ᠎ᠠ ᠢᠪᠠᠤᠬᠠᠢ ᠪᠣᠯ ᠳᠣᠣᠷ᠎ᠠ ᠲᠦᠯᠬᠢᠭᠡᠨ ᠱᠤᠭᠤᠮ ᠣᠷᠴᠢᠮ ᠤ᠋ᠨ ᠬᠠᠳᠠ ᠴᠢᠯᠠᠭᠤ ᠪᠤᠶᠤ ᠱ᠌ᠢᠷᠦ ᠶ᠋ᠢᠨ ᠬᠠᠳᠠᠨ ᠤ᠋ ᠨᠦᠬᠡᠨ ᠳ᠋ᠦ᠍ ᠠᠮᠢᠳᠤᠷᠠᠨ᠎ᠠ᠃ ᠬᠠᠢᠨᠠᠨ᠂ ᠰᠢᠱᠠ ᠣᠯᠲᠣᠷᠢᠭ᠂ ᠨᠠᠨᠱᠠ ᠣᠯᠲᠣᠷᠢᠭ᠂ ᠹᠦᠵᠢᠶᠠᠨ᠂ ᠲᠠᠢᠸᠠᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ]5~7 ᠳ᠋ᠤᠭᠠᠷ ᠰᠠᠷ᠎ᠠ ᠳ᠋ᠤ᠌ ᠱᠦᠭᠦᠵᠦ ᠠᠪᠤᠭᠠᠳ᠂ ᠮᠢᠬ᠎ᠠ ᠶ᠋ᠢ ᠨᠢ ᠠᠷᠢᠯᠭᠠᠨ ᠬᠠᠶᠠᠵᠤ᠂ ᠤᠬᠢᠶᠠᠨ ᠴᠡᠪᠡᠷᠯᠡᠭᠡᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠳᠠᠪᠤᠰᠤᠯᠢᠭ ᠠᠮᠲᠠ ᠲᠠᠢ; ᠲᠡᠭᠰᠢ ᠴᠢᠨᠠᠷ ᠲᠠᠢ; ᠦᠨᠡᠰᠦ ᠨᠢ ᠭᠤᠱᠤᠭᠤᠨ᠂ ᠭᠠᠰᠢᠭᠤᠨ ᠠᠮᠲᠠ ᠲᠠᠢ; ᠪᠦᠯᠢᠶᠡᠨ ᠴᠢᠨᠠᠷ ᠲᠠᠢ᠃
  [ ᠴᠢᠳᠠᠯ ᠪᠠ ᠭᠣᠣᠯᠳᠠᠭᠤ ᠵᠠᠰᠠᠬᠤ] ᠪᠡᠲᠡᠭᠢ ᠶ᠋ᠢ ᠡᠪᠳᠡᠬᠦ᠂ ᠥᠭᠡᠷᠢ ᠰᠢᠷ᠎ᠠ ᠤᠰᠤ ᠶ᠋ᠢ ᠬᠠᠲᠠᠭᠠᠬᠤ᠂ ᠴᠢᠰᠤ ᠶ᠋ᠢ ᠵᠣᠭᠰᠣᠭᠠᠬᠤ᠂ ᠴᠠᠭ᠎ᠠ ᠶ᠋ᠢ ᠠᠷᠢᠯᠭᠠᠬᠤ ᠴᠢᠳᠠᠯ ᠲᠠᠢ᠃ ᠰᠠᠪᠠ ᠶ᠋ᠢᠨ ᠪᠡᠲᠡᠭᠢ᠂ ᠰᠢᠷ᠎ᠠ ᠶ᠋ᠢᠨ ᠪᠡᠲᠡᠭᠢ᠂ ᠠᠭᠤᠰᠬᠢ ᠶ᠋ᠢᠨ ᠥᠭᠡᠷᠢ᠂ ᠴᠢᠬᠢᠨ ᠦ᠌ ᠥᠭᠡᠷᠢ᠂ ᠰᠢᠷ᠎ᠠ ᠤᠰᠤᠨ ᠡᠪᠡᠳᠴᠢᠨ᠂ ᠨᠢᠳᠦᠨ ᠳ᠋ᠦ᠍ ᠡᠭᠦᠯᠡ ᠴᠠᠭ᠎ᠠ ᠪᠦᠷᠬᠦᠬᠦ᠂ ᠰᠢᠷᠬᠠᠨ ᠠᠮᠠᠨ ᠠ᠋ᠴᠠ ᠴᠢᠰᠤ ᠭᠠᠷᠬᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄贝齿(1.货贝2.绶贝)
   ᠠᠩᠭ᠌ᠯᠢ ᠨᠡᠷ᠎ᠡ᠄1.Monetaria(Monetaria) moneta(Linnaeus)
2.Mauritia arabica Linnaeus 

   ᠦᠰᠦᠭ ᠠᠮᠢᠯᠠᠭᠤᠯᠤᠭᠴᠢ᠄ ᠴᠡᠪᠡᠷᠴᠡᠴᠡᠭ
   ᠬᠢᠨᠠᠭᠴᠢ᠄ ᠲᠤᠶᠠᠭ᠎ᠠ