ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠨᠢᠭᠡ〕 Цаг төрийн үймээн – Д ᠂ Намдаг - Цаг төрийн үймээн ᠂ хоёрдугаар бүлэг -11
ᠶᠠᠳᠠᠭᠤᠰ ᠶᠠᠳᠠᠭᠤ ᠳ᠋ᠠᠭᠠᠨ
ᠳ᠋ᠠᠨᠽᠠᠨ ᠣᠷᠣᠨ ᠨᠤᠲᠤᠭ ᠲᠠᠭᠠᠨ ᠠᠮᠤᠷ ᠮᠡᠨᠳᠦ ᠬᠦᠷᠦᠨ᠎ᠡ ᠭᠡᠳᠡᠭ ᠲᠦ᠍ ᠪᠠᠲᠤ ᠢᠳᠡᠭᠡᠨ ᠰᠢᠯᠤᠭᠤᠨ ᠰᠢᠭᠤᠷᠬᠠᠢ ᠶᠠᠪᠤᠬᠤ ᠶ᠋ᠢ ᠬᠦᠰᠡᠬᠦ ᠡᠴᠡ ᠥᠭᠡᠷ᠎ᠡ ᠶᠠᠭᠤᠮ᠎ᠠ ᠦᠭᠡᠢ ᠪᠣᠯᠤᠭᠰᠠᠨ ᠪᠢᠯᠡ᠃ ᠭᠡᠲᠡᠯ᠎ᠡ ᠪᠤᠤᠷ᠎ᠠ ᠬᠦᠨᠳᠦ ᠲᠠᠪᠠᠬᠠᠢ ᠪᠠᠨ ᠵᠥᠭᠡᠭᠡᠵᠦ ᠲᠠᠯᠪᠢᠬᠤ ᠨᠢ ᠤᠳᠠᠭᠠᠰᠢᠷᠠᠵᠤ ᠠᠷᠤ ᠳ᠋ᠤᠨᠢ ᠬᠠᠶᠠᠭᠳᠠᠪᠠ᠃ ᠡᠢᠮᠦ ᠳ᠋ᠦ᠍ ᠳ᠋ᠠᠨᠽᠠᠨ ᠲᠡᠭᠦᠨ ᠢ᠋ ᠬᠡᠷᠬᠢᠬᠦ ᠪᠡᠨ ᠡᠯᠳᠡᠪ ᠢ᠋ᠶ᠋ᠡᠷ ᠡᠷᠭᠢᠴᠡᠭᠦᠯᠦᠨ ᠪᠣᠳᠣᠭᠠᠳ ᠡᠴᠦᠰ ᠲᠦ᠋ᠨᠢ《ᠬᠥᠮᠦᠨ ᠦ᠌ ᠭᠠᠵᠠᠷ ᠮᠠᠯ ᠬᠠᠶᠠᠭᠳᠠᠬᠤ ᠪᠠᠢᠲᠤᠭᠠᠢ ᠬᠠᠨᠢ ᠨᠥᠬᠥᠳ ᠮᠠᠨᠢ ᠨᠠᠮᠠᠶ᠋ᠢ ᠭᠠᠮᠢᠩ ᠤ᠋ᠳ ᠤ᠋ᠨ ᠭᠠᠷ ᠲᠤ ᠬᠠᠶᠠᠨ ᠵᠢᠭᠤᠲᠠᠭᠰᠠᠨ ᠰᠢᠦ ᠳᠡ》 ᠭᠡᠵᠦ ᠪᠣᠳᠣᠨ ᠬᠥᠭᠡᠷᠦᠬᠦᠢ ᠮᠠᠭᠤ ᠪᠤᠤᠷ᠎ᠠ ᠪᠠᠨ ᠬᠠᠶᠠᠬᠤ ᠪᠠᠷ ᠰᠢᠢᠳᠴᠡᠢ᠃ ᠥᠷᠥᠭᠡᠰᠦᠨ ᠭᠠᠷ ᠢ᠋ᠶ᠋ᠠᠨ ᠰᠠᠨᠵᠢᠭᠢᠨᠠᠭᠤᠯᠤᠨ ᠪᠠᠷᠢᠨ ᠶᠠᠪᠤᠭ᠎ᠠ ᠸᠠᠳᠠᠩ ᠲᠠᠢ ᠶᠠᠭᠤᠮ᠎ᠠ ᠪᠠᠨ ᠮᠥᠷᠦᠨ ᠳᠡᠭᠡᠷ᠎ᠡ ᠪᠡᠨ ᠬᠠᠶᠠᠭᠠᠳ ᠨᠥᠭᠦᠭᠡ ᠭᠠᠷ ᠢ᠋ᠶ᠋ᠠᠷ ᠢ᠋ᠶ᠋ᠠᠨ ᠨᠢᠭᠡ ᠦᠵᠦᠭᠦᠷ ᠢ᠋ ᠨᠢ ᠪᠠᠷᠢᠨ᠂ ᠨᠥᠭᠦᠭᠡ ᠦᠵᠦᠭᠦᠷ ᠢ᠋ ᠭᠠᠵᠠᠷ ᠴᠢᠷᠦᠭᠦᠯᠦᠨ ᠶᠠᠪᠤᠭᠰᠠᠨ ᠮᠣᠳᠣ ᠶ᠋ᠢ ᠡᠮᠦᠨ᠎ᠡ ᠪᠡᠨ ᠠᠪᠴᠢᠷᠠᠨ ᠬᠥᠨᠳᠡᠯᠢᠳᠦᠭᠦᠯᠵᠦ ᠠᠪᠤᠭᠠᠳ ᠤᠷᠤᠭᠰᠢ ᠬᠤᠷᠳᠤᠯᠠᠪᠠ᠃ ᠭᠡᠪᠡᠴᠦ ᠰᠡᠳᠬᠢᠯ ᠨᠢ ᠦᠯᠦ ᠲᠦᠪᠳᠡᠬᠦ ᠠᠵᠢ᠃ ᠭᠢᠰᠬᠢᠬᠦ ᠪᠦᠷᠢ ᠳᠡᠭᠡᠷ᠎ᠡ ᠭᠡᠳᠡᠷᠭᠦ ᠡᠷᠭᠢᠨ ᠬᠠᠷᠠᠭᠤᠰᠢᠲᠠᠢ ᠪᠣᠯᠤᠭᠰᠠᠨ ᠢ᠋ ᠳ᠋ᠠᠨᠽᠠᠨ ᠵᠣᠷᠢᠭᠤᠳᠠ ᠬᠣᠷᠢᠭᠯᠠᠨ ᠳᠣᠷᠣᠭᠰᠢ ᠰᠢᠷᠲᠡᠪᠡ᠃ ᠦᠢ ᠲᠦᠮᠡᠨ ᠠᠮᠢᠲᠠᠨ ᠤ᠋ ᠬᠥᠯ ᠳ᠋ᠦ᠍ ᠣᠯᠠᠨ ᠵᠠᠭᠤᠨ ᠵᠢᠯ ᠢ᠋ᠶ᠋ᠡᠷ ᠥᠷᠭᠡᠳᠡᠨ ᠥ ᠰᠡᠪ ᠨᠢ ᠠᠷᠢᠯᠤᠭᠰᠠᠨ ᠰᠠᠢᠷ ᠴᠢᠯᠠᠭᠤ ᠨᠤᠭᠤᠳ ᠨᠢᠳᠦᠨ ᠳ᠋ᠦ᠍ ᠲᠤᠰᠬᠤ ᠠᠵᠢ᠃ ᠭᠡᠪᠡᠴᠦ ᠪᠤᠤᠷ᠎ᠠ ᠶ᠋ᠢᠨ ᠲᠥᠯᠥᠭᠡ ᠵᠣᠪᠠᠨᠢᠭᠰᠠᠨ ᠰᠡᠳᠬᠢᠯ ᠢ᠋ ᠥᠭᠡᠷᠡᠴᠢᠯᠡᠵᠦ ᠡᠰᠡ ᠴᠢᠳᠠᠨ᠎ᠠ᠃ ᠡᠢᠮᠦ ᠳ᠋ᠦ᠍ ᠳ᠋ᠠᠨᠽᠠᠨ ᠴᠣᠬᠣᠮ ᠬᠡᠨ ᠦ᠌ ᠬᠡᠨ ᠪᠣᠯᠬᠤ ᠪᠣᠯᠬᠤ ᠶ᠋ᠢ ᠬᠡᠨ ᠬᠥᠮᠦᠨ ᠦ᠌ ᠡᠮᠦᠨ᠎ᠡ ᠬᠡᠵᠢᠶ᠎ᠡ ᠴᠦ᠍ ᠬᠡᠯᠡᠵᠦ ᠦᠵᠡᠭᠡ ᠦᠭᠡᠢ ᠬᠦᠷᠡᠩ ᠪᠣᠷᠣ ᠴᠢᠷᠠᠢ ᠲᠠᠢ ᠬᠡᠦᠬᠡᠨ ᠢ᠋ᠶ᠋ᠡᠨ ᠪᠣᠳᠣᠬᠤ ᠶ᠋ᠢ ᠣᠷᠣᠯᠳᠣᠪᠠ᠃ ᠡᠨᠡ ᠬᠡᠦᠬᠡᠨ ᠬᠡᠵᠢᠶ᠎ᠡ ᠪᠣᠯᠪᠠᠴᠤ ᠰᠡᠳᠬᠢᠯ ᠳ᠋ᠦ᠍ ᠪᠠᠭᠤᠬᠤ ᠪᠦᠷᠢ ᠳ᠋ᠡᠭᠡᠨ ᠲᠤᠩ ᠰᠠᠢᠨ ᠰᠠᠢᠬᠠᠨ ᠢ᠋ ᠵᠥᠩᠨᠡᠭᠦᠯᠦᠨ ᠪᠠᠶᠠᠰᠬᠠᠳᠠᠭ ᠪᠠᠢᠭᠰᠠᠨ ᠨᠢ ᠣᠳᠣ ᠦᠭᠡᠢᠰᠴᠦ ᠣᠷᠣᠨ ᠳ᠋ᠤᠨᠢ ᠮᠥᠨ ᠯᠡ ᠪᠤᠤᠷ᠎ᠠ᠂ ᠪᠤᠤᠷ᠎ᠠ ᠠ᠋ᠴᠠ ᠥᠭᠡᠷ᠎ᠡ ᠶᠠᠭᠤ ᠴᠦ᠍ ᠡᠰᠡ ᠪᠣᠳᠣᠭᠳᠠᠨ᠎ᠠ᠃
ᠨᠢᠭᠡ ᠳᠠᠪᠠᠭᠠᠨ ᠳᠡᠭᠡᠷ᠎ᠡ ᠭᠠᠷᠤᠭᠠᠳ ᠡᠷᠭᠢᠨ ᠬᠠᠷᠠᠭᠰᠠᠨ ᠪᠣᠯᠪᠠᠴᠤ᠂ ᠡᠷᠢᠶᠡᠨ ᠲᠡᠷᠯᠡᠨ ᠴᠠᠰᠤᠲᠤ ᠬᠥᠨᠳᠡᠢ ᠳ᠋ᠦ᠍ ᠭᠠᠪ ᠭᠠᠭᠴᠠᠭᠠᠷ ᠲᠣᠷᠣᠢᠨ ᠦᠵᠡᠭᠳᠡᠬᠦ ᠨᠢ ᠦᠨᠡᠬᠡᠷ ᠦᠷᠦ ᠡᠪᠡᠳᠦᠯᠲᠡᠢ ᠠᠵᠢ᠃ ᠳ᠋ᠠᠨᠽᠠᠨ ᠥᠪᠡᠷ ᠦ᠋ᠨ ᠡᠷᠬᠡ ᠦᠭᠡᠢ ᠳᠣᠷᠣᠭᠰᠢ ᠰᠠᠭᠤᠨ ᠬᠠᠯᠠᠭᠤᠨ ᠬᠠᠢᠷᠠᠲᠤ ᠢᠨᠠᠭ ᠢ᠋ᠶ᠋ᠠᠨ ᠬᠦᠯᠢᠶᠡᠬᠦ ᠮᠡᠲᠦ ᠬᠦᠯᠢᠶᠡᠪᠡ᠃ ᠭᠠᠵᠠᠷ ᠤ᠋ᠨ ᠥᠭᠡᠳᠡ ᠪᠤᠤᠷ᠎ᠠ ᠤᠷᠲᠤ ᠬᠦᠵᠦᠭᠦᠦ ᠪᠡᠨ ᠰᠤᠩᠭᠠᠨ ᠵᠢᠳᠬᠦᠭᠡᠳ ᠠᠪᠠᠷᠢᠭᠰᠠᠨ ᠢ᠋ᠶ᠋ᠠᠨ ᠲᠠᠮᠢᠷᠳᠠᠨ ᠵᠣᠭᠰᠣᠬᠤ ᠳ᠋ᠤ᠌ ᠳ᠋ᠠᠨᠽᠠᠨ ᠮᠥᠨ ᠥᠪᠡᠷ ᠦ᠋ᠨ ᠡᠷᠬᠡ ᠦᠭᠡᠢ ᠪᠣᠯᠤᠭᠰᠠᠨ ᠢ᠋ᠶ᠋ᠠᠨ ᠭᠦᠶᠦᠨ ᠬᠦᠷᠪᠡ᠃
ᠡᠨᠡ ᠵᠠᠭᠤᠷ᠎ᠠ ᠨᠠᠷᠠ ᠵᠢᠷᠭᠠᠪᠠ᠃ ᠳ᠋ᠠᠨᠽᠠᠨ ᠪᠤᠤᠷ᠎ᠠ ᠶ᠋ᠢ ᠬᠠᠶᠠᠬᠤ ᠭᠡᠰᠡᠨ ᠰᠠᠨᠠᠭ᠎ᠠ ᠪᠠᠨ ᠪᠦᠷᠢᠮᠦᠰᠦᠨ ᠣᠷᠬᠢᠭᠠᠳ ᠣᠷᠣᠨ ᠳ᠋ᠤᠨᠢ ᠬᠠᠮᠢᠭ᠎ᠠ ᠨᠢᠭᠡᠲᠡᠢ ᠠᠮᠠᠷᠠᠨ ᠢᠳᠡᠭᠦᠯᠦᠨ ᠬᠣᠨᠣᠬᠤ ᠶ᠋ᠢ ᠪᠣᠳᠣᠬᠤ ᠪᠣᠯᠪᠠ᠃ ᠪᠤᠤᠷ᠎ᠠ ᠪᠠᠰᠠ ᠳ᠋ᠠᠨᠽᠠᠨ ᠤ᠋ ᠪᠣᠳᠣᠯ ᠢ᠋ ᠮᠡᠳᠡᠭᠰᠡᠨ ᠪᠣᠯᠤᠯᠲᠠᠢ᠂ ᠳᠠᠪᠠᠭᠠᠨ ᠳᠡᠭᠡᠷ᠎ᠡ ᠭᠠᠷᠴᠤ ᠢᠷᠡᠩᠭᠦᠲᠡ ᠪᠡᠨ ᠬᠦᠵᠦᠭᠦᠦ ᠪᠡᠨ ᠳᠣᠷᠣᠭᠰᠢ ᠲᠠᠯᠪᠢᠨ ᠡᠪᠡᠰᠦ ᠵᠤᠯᠭᠠᠭᠠᠵᠤ ᠡᠬᠢᠯᠡᠪᠡ᠃
ᠡᠢᠮᠦ ᠳ᠋ᠦ᠍ ᠳ᠋ᠠᠨᠽᠠᠨ᠂ ᠲᠡᠨᠳᠡ ᠪᠡᠨ ᠬᠣᠨᠣᠬᠤ ᠶ᠋ᠢ ᠰᠢᠢᠳᠦᠭᠰᠡᠨ ᠪᠥᠭᠡᠳ ᠰᠥᠨᠢ ᠪᠤᠤᠷ᠎ᠠ ᠪᠠᠨ ᠭᠠᠵᠠᠷ ᠤ᠋ᠨ ᠤᠷᠤᠭᠤ ᠬᠠᠷᠠᠭᠤᠯᠤᠨ ᠬᠡᠪᠲᠡᠭᠦᠯᠵᠦ᠂ ᠥᠪᠡᠷ ᠢ᠋ᠶ᠋ᠡᠨ ᠬᠠᠵᠠᠭᠤ ᠬᠠᠪᠢᠷᠭᠠᠨ ᠳ᠋ᠤᠨᠢ ᠪᠡᠶ᠎ᠡ ᠪᠡᠨ ᠰᠢᠭᠢᠳᠬᠡᠨ ᠲᠤᠩ ᠰᠠᠢᠬᠠᠨ ᠤᠨᠲᠠᠵᠠᠢ᠃
ᠦᠷᠯᠦᠭᠡ ᠪᠤᠤᠷ᠎ᠠ ᠪᠠᠨ ᠪᠤᠰᠬᠠᠵᠤ ᠠᠪᠤᠭᠠᠳ ᠶᠠᠪᠤᠬᠤ ᠳ᠋ᠤ᠌ ᠪᠤᠤᠷ᠎ᠠ ᠨᠢ ᠮᠥᠨ ᠯᠡ ᠳᠠᠭᠠᠨ ᠭᠠᠷᠪᠠ᠃ ᠭᠡᠪᠡᠴᠦ ᠪᠡᠶ᠎ᠡ ᠶ᠋ᠢᠨ ᠲᠡᠩᠬᠡᠯ ᠥᠴᠥᠭᠡᠳᠦᠷ ᠦ᠋ᠨ ᠡᠴᠡ ᠪᠡᠨ ᠳᠣᠣᠷᠠᠳᠠᠭᠰᠠᠨ ᠠᠵᠢ᠃ ᠳ᠋ᠠᠨᠽᠠᠨ ᠲᠡᠭᠦᠨ ᠢ᠋ ᠣᠷᠣᠨ ᠨᠤᠲᠤᠭ ᠤ᠋ᠨ ᠢ᠋ᠶ᠋ᠠᠨ ᠵᠦᠭ ᠵᠠᠮ ᠢ᠋ᠶ᠋ᠠᠨ ᠠᠯᠳᠠᠬᠤ ᠦᠭᠡᠢ ᠶᠠᠪᠤᠬᠤ ᠶ᠋ᠢ ᠰᠠᠢᠨ ᠮᠡᠳᠡᠵᠦ ᠪᠠᠢᠭ᠎ᠠ ᠲᠤᠯᠠ ᠥᠪᠡᠷ ᠢ᠋ᠶ᠋ᠡᠨ ᠲᠦᠷᠦᠭᠦᠯᠡᠪᠡ᠃ ᠵᠠᠮ ᠤ᠋ᠨ ᠣᠢᠷᠠᠯᠴᠠᠭ᠎ᠠ ᠠᠢᠯ ᠪᠠᠢᠪᠠᠯ ᠠᠶᠤᠮᠰᠢᠭ ᠦᠭᠡᠢ ᠣᠴᠢᠨ ᠬᠠᠯᠠᠭᠤᠨ ᠤᠮᠳᠠ ᠤᠤᠭᠤᠬᠤ ᠶ᠋ᠢ ᠮᠥᠷᠥᠭᠡᠳᠦᠭᠰᠡᠨ ᠪᠢᠯᠡ᠃ ᠨᠡᠯᠢᠶᠡᠳ ᠶᠠᠪᠤᠭᠠᠳ ᠪᠢᠴᠢᠬᠠᠨ ᠭᠣᠣᠯ ᠤ᠋ᠨ ᠵᠠᠬ᠎ᠠ ᠳ᠋ᠠᠬᠢ ᠨᠢᠭᠡᠨ ᠲᠣᠰᠬᠣᠨ ᠤᠷᠤᠭᠤ ᠣᠷᠣᠵᠤ ᠢᠷᠡᠪᠡ᠃ ᠣᠢᠷᠠᠲᠤᠨ ᠣᠴᠢᠬᠤ ᠳ᠋ᠤ᠌ ᠭᠤᠷᠪᠠᠨ ᠨᠦᠬᠡᠨ ᠣᠷᠣᠮ ᠳᠠᠭᠠᠷᠢᠯᠳᠤᠨ᠂ ᠲᠤᠰ ᠪᠦᠷᠢ ᠨᠢ ᠰᠢᠪᠠᠷ ᠶᠠᠩᠳᠤᠩ ᠰᠢᠭ᠋ ᠶᠠᠭᠤᠮ᠎ᠠ ᠠ᠋ᠴᠠ ᠤᠲᠤᠭ᠎ᠠ ᠤᠭᠤᠭᠢᠨᠠ᠃ ᠤᠷᠢᠳᠠ ᠨᠢ ᠲᠠᠪᠤ ᠵᠢᠷᠭᠤᠭᠠᠨ ᠳᠣᠷᠣᠢ ᠳᠠᠭᠠᠭᠤᠯᠤᠭᠰᠠᠨ ᠬᠠᠷ᠎ᠠ ᠠᠯᠠᠭ ᠵᠢᠰᠦᠮ ᠦ᠋ᠨ ᠭᠠᠭᠴᠠ ᠲᠤᠷᠠᠩᠬᠠᠢ ᠮᠡᠭᠡᠵᠢ ᠬᠣᠭ ᠤᠷᠪᠠᠭᠤᠯᠤᠨ ᠪᠠᠢᠵᠠᠢ᠃ ᠳ᠋ᠠᠨᠽᠠᠨ ᠲᠡᠭᠦᠨ ᠢ᠋ ᠲᠡᠵᠢᠭᠡᠪᠦᠷᠢ ᠶ᠋ᠢᠨ ᠨᠣᠬᠠᠳ ᠰᠢᠭ᠋ ᠳᠣᠷᠣᠢ ᠨᠤᠭᠤᠳ ᠢ᠋ᠶ᠋ᠠᠨ ᠬᠠᠷᠠᠮᠯᠠᠨ ᠳᠠᠭᠠᠷᠢᠨ ᠳᠠᠪᠬᠢᠳᠠᠭ ᠠᠮᠢᠲᠠᠨ ᠪᠠᠢᠵᠤ ᠮᠠᠭᠠᠳ ᠦᠭᠡᠢ ᠭᠡᠵᠦ ᠪᠣᠯᠭᠣᠮᠵᠢᠯᠠᠨ ᠠᠯᠤᠰ ᠢ᠋ᠶ᠋ᠠᠷ ᠲᠣᠭᠣᠷᠢᠨ ᠭᠠᠷᠪᠠ᠃ ᠲᠣᠰᠬᠣᠨ ᠳᠤᠮᠳᠠ ᠣᠷᠣᠵᠤ ᠢᠷᠡᠬᠦ ᠳ᠋ᠦ᠍ ᠬᠥᠯ ᠬᠥᠳᠡᠯᠭᠡᠨ ᠣᠭᠲᠣᠬᠠᠨ ᠴᠦ᠍ ᠦᠭᠡᠢ ᠬᠠᠷᠠᠭᠳᠠᠬᠤ ᠠ᠋ᠴᠠ ᠵᠥᠪᠬᠡᠨ ᠨᠠᠪᠲᠠᠭᠠᠢ ᠰᠢᠪᠡᠷ ᠪᠠᠢᠰᠢᠩ ᠤ᠋ᠳ ᠠᠵᠢ᠃ ᠬᠡᠳᠦ ᠬᠡᠳᠦᠨ ᠪᠠᠢᠰᠢᠩ ᠤ᠋ᠨ ᠴᠠᠭᠠᠨ᠎ᠠ ᠪᠣᠯᠤᠯᠲᠠᠢ᠂ ᠨᠢᠭᠡ ᠲᠠᠬᠢᠶ᠎ᠠ ᠭᠡᠨᠡᠳᠲᠡ ᠬᠠᠮᠤᠭ ᠲᠡᠩᠬᠡᠭᠡ ᠪᠡᠷ ᠢ᠋ᠶ᠋ᠡᠨ ᠬᠠᠰᠬᠢᠷᠬᠤ ᠳ᠋ᠤ᠌ ᠪᠠᠷᠤᠭ ᠠᠢᠯ ᠪᠦᠷᠢ ᠶ᠋ᠢᠨ ᠬᠠᠰᠢᠶᠠᠨ ᠳ᠋ᠤ᠌ ᠲᠠᠬᠢᠶ᠎ᠠ ᠨᠤᠭᠤᠳ ᠤᠳᠠᠭ᠎ᠠ ᠳᠠᠷᠠᠭ᠎ᠠ ᠪᠠᠷ ᠢ᠋ᠶ᠋ᠠᠨ ᠬᠠᠰᠬᠢᠷᠤᠨ ᠪᠦᠬᠦ ᠲᠣᠰᠬᠣᠨ ᠢ᠋ ᠨᠢᠭᠡ ᠤᠳᠠᠭ᠎ᠠ ᠠᠮᠢ ᠣᠷᠣᠭᠤᠯᠬᠤ ᠮᠡᠲᠦ ᠰᠡᠷᠡᠭᠡᠭᠰᠡᠨ ᠢ᠋ᠶ᠋ᠡᠨ ᠳᠠᠭᠤ ᠬᠣᠷᠢᠶᠠᠨ ᠲᠠᠭ ᠴᠢᠭ ᠪᠣᠯᠪᠠ᠃ ᠡᠨᠳᠡᠬᠢ ᠬᠥᠮᠦᠰ ᠭᠡᠷ ᠣᠷᠣᠨ ᠳ᠋ᠠᠭᠠᠨ ᠪᠠᠢᠭ᠎ᠠ ᠪᠣᠯᠪᠠᠴᠤ ᠬᠡᠳᠦᠨ ᠳᠣᠯᠣᠭ᠎ᠠ ᠬᠣᠨᠣᠭ ᠤ᠋ᠨ ᠡᠮᠦᠨ᠎ᠡ ᠬᠣᠷᠢᠶᠠᠨ ᠠᠪᠤᠭᠰᠠᠨ ᠲᠠᠷᠢᠶ᠎ᠠ ᠪᠤᠳᠠᠭ᠎ᠠ ᠪᠠᠨ ᠪᠣᠯᠪᠠᠰᠤᠷᠠᠭᠤᠯᠬᠤ ᠠᠵᠢᠯ ᠳ᠋ᠤ᠌ ᠢᠳᠡ ᠳᠠᠷᠤᠭᠳᠠᠨ ᠭᠠᠳᠠᠭᠰᠢ ᠭᠠᠷᠬᠤ ᠵᠠᠪ ᠴᠢᠯᠥᠭᠡ ᠦᠭᠡᠢ ᠪᠠᠢᠵᠠᠢ᠃
ᠦᠨᠡᠬᠡᠷ ᠡᠯᠡᠢ ᠬᠤᠯᠡᠢ᠃ ᠡᠵᠡ ᠦᠭᠡᠢ ᠬᠠᠶᠠᠭᠳᠠᠭᠰᠠᠨ ᠪᠠᠯᠭᠠᠰᠤ ᠰᠢᠭ᠋ ᠪᠠᠢᠭ᠎ᠠ ᠶ᠋ᠢᠨ ᠳᠤᠮᠳᠠ ᠳ᠋ᠠᠨᠽᠠᠨ ᠭᠠᠪ ᠭᠠᠭᠴᠠᠭᠠᠷ ᠢ᠋ᠶ᠋ᠠᠨ ᠭᠠᠢᠬᠠᠰᠢ ᠲᠠᠰᠤᠷᠠᠨ ᠨᠡᠯᠢᠶᠡᠳ ᠵᠣᠭᠰᠣᠯ᠎ᠠ᠃ ᠭᠡᠲᠡᠯ᠎ᠡ ᠵᠡᠭᠦᠨ ᠲᠠᠯ᠎ᠠ ᠶ᠋ᠢᠨ ᠪᠢᠴᠢᠬᠠᠨ ᠪᠠᠢᠰᠢᠩ ᠠ᠋ᠴᠠ ᠠᠷᠪᠠᠭᠠᠳ ᠬᠢᠷᠢ ᠨᠠᠰᠤᠨ ᠤ᠋ ᠬᠡᠦᠬᠡᠳ ᠭᠦᠶᠦᠨ ᠭᠠᠷᠴᠤ ᠢᠷᠡᠪᠡ᠃ ᠳ᠋ᠠᠨᠽᠠᠨ ᠢ᠋ ᠬᠠᠷᠠᠬᠤ ᠲᠠᠢ ᠪᠠᠨ ᠵᠡᠷᠭᠡ ᠲᠡᠷᠡ ᠬᠦᠦ ᠬᠡ ᠬᠡ ᠢᠷᠡᠯ᠎ᠡ ᠭᠡᠵᠦ ᠳᠠᠭᠤ ᠠᠯᠲᠠᠨ ᠪᠤᠴᠠᠵᠤ ᠳᠠᠯᠳᠠ ᠣᠷᠣᠭᠰᠠᠨ ᠢ᠋ᠶ᠋ᠠᠨ ᠥᠪᠡᠷ ᠡᠴᠡ ᠪᠡᠨ ᠪᠠᠭ᠎ᠠ ᠬᠣᠶᠠᠷ ᠵᠢᠭᠠᠯ ᠢ᠋ ᠳᠠᠭᠠᠭᠤᠯᠤᠨ ᠭᠠᠷᠴᠤ ᠢᠷᠡᠪᠡ᠃ ᠲᠡᠭᠡᠭᠡᠳ ᠳ᠋ᠠᠨᠽᠠᠨ ᠳ᠋ᠤ᠌ ᠲᠤᠯᠤᠨ ᠣᠴᠢᠭᠰᠠᠨ ᠢ᠋ᠶ᠋ᠠᠨ ᠪᠢᠰᠢ ᠪᠠᠢᠨ᠎ᠠ ᠭᠡᠵᠦ ᠬᠡᠯᠡᠨ ᠵᠣᠭ ᠲᠣᠰᠴᠤ ᠬᠣᠢᠰᠢ ᠤᠬᠤᠷᠢᠪᠠ᠃ ᠳ᠋ᠠᠨᠽᠠᠨ ᠬᠡᠦᠬᠡᠳ ᠦ᠋ᠳ ᠦ᠋ᠨ ᠲᠡᠷᠡᠬᠦ ᠡᠨᠳᠡᠭᠦᠷᠡᠭᠰᠡᠨ ᠢ᠋ ᠯᠠᠪ ᠰᠠᠢᠨ ᠢᠷᠣ᠎ᠠ ᠪᠣᠯᠪᠠ ᠤᠤ ᠭᠡᠵᠦ ᠳᠣᠲᠣᠷ᠎ᠠ ᠪᠠᠨ ᠪᠠᠶᠠᠷᠯᠠᠪᠠ᠃
— ᠬᠦᠦ ᠴᠢ ᠨᠠᠳᠠ ᠠ᠋ᠴᠠ ᠪᠢᠲᠡᠭᠡᠢ ᠠᠶᠤ᠂ ᠪᠢ ᠴᠢᠮ᠎ᠠ ᠠ᠋ᠴᠠ ᠶᠠᠭᠤᠮ᠎ᠠ ᠠᠰᠠᠭᠤᠶ᠎ᠠ ᠭᠡᠬᠦ ᠳ᠋ᠦ᠍ ᠬᠦᠦ ᠬᠣᠶᠠᠷ ᠵᠢᠭᠠᠯ ᠢ᠋ᠶ᠋ᠠᠨ ᠠᠯᠳᠠᠴᠢᠬᠠᠬᠤ ᠪᠣᠢ ᠭᠡᠰᠡᠨ ᠰᠢᠭ ᠰᠤᠭᠤᠨ ᠳ᠋ᠠᠭᠠᠨ ᠠᠪᠤᠨ ᠲᠡᠪᠡᠷᠢᠵᠦ᠄
— ᠲᠠ ᠴᠡᠷᠢᠭ ᠬᠥᠮᠦᠨ ᠤᠤ?
— ᠲᠡᠢᠮᠦ ᠠ᠋᠂ ᠪᠢ ᠴᠡᠷᠢᠭ ᠬᠥᠮᠦᠨ᠃
— ᠲᠡᠭᠡᠪᠡᠯ ᠲᠠ ᠮᠠᠨ ᠤ᠋ ᠠᠬ᠎ᠠ ᠶ᠋ᠢ ᠲᠠᠨᠢᠬᠤ ᠤᠤ?
— ᠲᠠᠨᠢᠯᠭᠦᠢ ᠳᠡ᠂ ᠭᠡᠪᠡᠴᠦ ᠬᠠᠮᠢᠭ᠎ᠠ ᠪᠠᠢᠳᠠᠭ ᠶᠤᠮ ᠪᠣᠢ?
— ᠴᠡᠷᠢᠭ ᠲᠦ᠍ ᠪᠠᠢᠳᠠᠭ ᠶᠤᠮ ᠭᠡᠵᠦ ᠬᠦᠦ ᠢᠨᠢᠶᠡᠮᠰᠦᠭᠯᠡᠪᠡ᠃
— ᠠ᠋᠂ ᠲᠡᠭᠡᠪᠡᠯ ᠪᠢ ᠲᠠᠨᠢᠯᠭᠦᠢ ᠶᠠᠭᠠᠬᠢᠬᠤᠪ ᠭᠡᠵᠦ ᠳ᠋ᠠᠨᠽᠠᠨ ᠲᠡᠷᠡ ᠬᠦᠦ ᠶ᠋ᠢ ᠥᠬᠥᠭᠡᠷᠳᠡᠨ ᠬᠡᠯᠡᠩᠭᠦᠲᠡ ᠪᠡᠨ ᠣᠷᠣᠭᠰᠢ ᠠᠯᠬᠤᠭᠠᠳ᠂ ᠡᠵᠢ ᠴᠢᠨᠢ ᠪᠣᠢ ᠤᠤ? ᠭᠡᠬᠦ ᠳ᠋ᠦ᠍ ᠬᠡᠦᠬᠡᠳ ᠦ᠋ᠳ《ᠪᠣᠢ᠂ ᠪᠣᠢ》 ᠭᠡᠵᠦ ᠪᠡᠶ᠎ᠡ ᠪᠡᠶ᠎ᠡ ᠲᠡᠢ ᠪᠡᠨ ᠤᠷᠤᠯᠳᠤᠨ ᠬᠠᠷᠢᠭᠤᠯᠪᠠ᠃ ᠲᠡᠷᠡ ᠳᠤᠮᠳᠠ ᠠ᠋ᠴᠠ ᠶᠡᠬᠡ ᠬᠦᠦ ᠣᠨᠴᠠ ᠶ᠋ᠢᠨ ᠶᠡᠬᠡ ᠪᠠᠶᠠᠷ ᠪᠠᠶᠠᠰᠬᠤᠯᠠᠩ ᠪᠣᠯᠤᠨ ᠳᠣᠣᠷᠠᠬᠠᠨ ᠢ᠋ᠶ᠋ᠠᠨ ᠡᠷᠭᠢᠨ《 ᠮᠠ— ᠮᠠ᠂ ᠮᠠ— ᠮᠠ》 ᠭᠡᠵᠦ ᠳᠠᠭᠤᠳᠠᠨ ᠪᠠᠢᠰᠢᠩ ᠤᠷᠤᠭᠤ ᠪᠠᠨ ᠭᠦᠶᠦᠪᠡ᠃ ᠬᠣᠢᠨ᠎ᠠ ᠠ᠋ᠴᠠ ᠨᠢ ᠨᠥᠭᠦᠭᠡ ᠬᠣᠶᠠᠷ ᠨᠢ ᠮᠥᠨ ᠯᠡ ᠮᠠ— ᠮᠠ ᠳᠠᠭᠤᠳᠠᠨ ᠭᠦᠶᠦᠭᠡᠳ᠂ ᠬᠠᠮᠤᠭ ᠤ᠋ᠨ ᠪᠠᠭ᠎ᠠ ᠨᠢ ᠪᠦᠳᠦᠷᠢᠨ ᠤᠨᠠᠵᠤ ᠪᠥᠭᠡᠮ ᠬᠠᠷ᠎ᠠ ᠪᠠᠷᠬᠢᠷᠠᠭᠠᠨ ᠪᠣᠯᠪᠠ᠃ ᠪᠠᠢᠰᠢᠩ ᠦᠨ ᠴᠠᠭᠠᠨ᠎ᠠ ᠠ᠋ᠴᠠ ᠬᠠᠷ᠎ᠠ ᠬᠥᠬᠡ ᠥᠩᠭᠡ ᠶ᠋ᠢᠨ ᠤᠷᠲᠤ ᠳᠡᠪᠡᠯ ᠲᠡᠢ ᠪᠢᠴᠢᠬᠠᠨ ᠬᠥᠯ ᠲᠡᠢ᠂ ᠨᠢᠷᠤᠭᠤ ᠪᠥᠭᠲᠥᠷ ᠲᠤᠷᠠᠩᠬᠠᠢ ᠠᠪᠠᠭᠠᠢ ᠰᠠᠨᠳᠤᠷᠤᠨ ᠭᠦᠶᠦᠨ ᠭᠠᠷᠴᠤ ᠢᠷᠡᠯ᠎ᠡ᠃
— ᠶᠠᠭᠠᠬᠢᠪᠠ? ᠶᠠᠭᠤ ᠪᠣᠯᠪᠠ? ᠭᠡᠵᠦ ᠳᠦᠷᠦᠭᠦᠯᠭᠡ ᠪᠡᠨ ᠬᠠᠷᠠᠨ ᠳᠠᠢᠴᠢᠯᠠᠵᠤ ᠪᠠᠢᠭ᠎ᠠ ᠬᠡᠦᠬᠡᠳ ᠢ᠋ ᠶᠠᠭᠠᠷᠠᠨ ᠪᠣᠰᠬᠠᠭᠰᠠᠨ ᠢ᠋ᠶ᠋ᠠᠨ ᠠᠮᠠ ᠬᠠᠮᠠᠷ ᠠ᠋ᠴᠠ ᠨᠢ ᠴᠢᠰᠤ ᠭᠠᠷᠤᠭᠰᠠᠨ ᠢ᠋ ᠦᠵᠡᠨ᠂
— ᠠ᠋᠂ ᠲᠩᠷᠢ ᠶᠠᠭᠠᠬᠢᠬᠤ ᠪᠢᠯᠡ! ᠭᠡᠵᠦ ᠳᠠᠭᠤ ᠠᠯᠲᠠᠨ ᠬᠡᠦᠬᠡᠳ ᠦ᠋ᠨ ᠢ᠋ᠶ᠋ᠡᠨ ᠠᠮᠠ ᠬᠠᠮᠠᠷ ᠢ᠋ ᠠᠷᠴᠢᠩᠭᠤᠲᠠ ᠪᠠᠨ ᠶᠡᠬᠡ ᠬᠦᠦ ᠤᠷᠤᠭᠤ ᠪᠠᠨ ᠬᠡᠯᠡᠯᠴᠡᠨ᠂ ᠡᠭᠦᠨ ᠢ᠋ ᠬᠡᠨ ᠤᠨᠠᠭᠠᠪᠠ? ᠴᠢ ᠤᠨᠠᠭᠠᠭᠰᠠᠨ ᠤᠤ? ᠪᠢ ᠮᠡᠳᠡᠵᠦ ᠪᠠᠢᠨ᠎ᠠ᠃ ᠴᠢᠮ᠎ᠠ ᠠ᠋ᠴᠠ ᠥᠭᠡᠷ᠎ᠡ ᠬᠡᠨ ᠤᠨᠠᠭᠠᠬᠤ ᠪᠢᠯᠡ? ᠭᠡᠵᠦ ᠳᠠᠪᠰᠢᠯᠠᠪᠠ᠃
ᠬᠠᠷᠢᠭᠤ ᠳ᠋ᠤᠨᠢ ᠲᠡᠷᠡ ᠵᠢᠭᠠᠯ ᠳ᠋ᠠᠨᠽᠠᠨ ᠢ᠋ ᠵᠢᠭᠠᠭᠰᠠᠨ ᠪᠥᠭᠡᠳ ᠳ᠋ᠠᠨᠽᠠᠨ ᠣᠳᠣ ᠥᠪᠡᠷ ᠢ᠋ ᠪᠡᠨ ᠬᠡᠦᠬᠡᠳ ᠤᠨᠠᠭᠠᠭᠰᠠᠨ ᠬᠡᠷᠡᠭ ᠲᠡᠢ ᠬᠣᠯᠪᠣᠭᠳᠠᠪᠠ ᠭᠡᠵᠦ ᠪᠣᠳᠣᠨ ᠤᠬᠠᠭᠠᠨ ᠢ᠋ᠶ᠋ᠠᠨ ᠭᠠᠷᠲᠠᠯ᠎ᠠ ᠠᠶᠤᠪᠠ᠃ ᠭᠡᠲᠡᠯ᠎ᠡ ᠬᠦᠦ᠄
— ᠦᠭᠡᠢ᠂ ᠡᠵᠢ ᠠ᠋᠂ ᠡᠨᠡ ᠬᠥᠮᠦᠨ ᠠᠬ᠎ᠠ ᠶ᠋ᠢᠨ ᠨᠥᠬᠥᠷ᠂ ᠲᠠᠨ ᠢ᠋ ᠰᠤᠷᠠᠭᠰᠠᠨ ᠶᠤᠮ ᠰᠢᠦ ᠭᠡᠵᠦ ᠬᠡᠯᠡᠪᠡ᠃
ᠠᠪᠤᠭᠠᠢ ᠳ᠋ᠠᠨᠽᠠᠨ ᠢ᠋ ᠰᠠᠶᠢ ᠣᠯᠵᠤ ᠬᠠᠷᠠᠨ《ᠠ》 ᠭᠡᠵᠦ ᠳᠠᠭᠤ ᠠᠯᠳᠠᠪᠠ᠃
— ᠦᠭᠡᠢ ᠶᠠᠭᠠᠬᠢᠭᠰᠠᠨ ᠶᠡᠬᠡ ᠪᠠᠶᠠᠷ ᠪᠣᠢ? ᠭᠡᠳ ᠭᠦᠶᠦᠨ ᠢᠷᠡᠵᠦ᠂ ᠴᠡᠭᠡᠵᠢ ᠶ᠋ᠢ ᠨᠢ ᠲᠡᠪᠡᠷᠢᠨ ᠵᠡᠭᠦᠭᠳᠡᠵᠡᠢ᠃ ᠳ᠋ᠠᠨᠽᠠᠨ ᠡᠨᠡ ᠠᠪᠠᠭᠠᠢ ᠶ᠋ᠢᠨ ᠬᠦᠦ ᠶ᠋ᠢ ᠭᠠᠮᠢᠩ ᠤ᠋ᠳ ᠤ᠋ᠨ ᠨᠢᠭᠡ ᠪᠣᠯᠬᠤ ᠶ᠋ᠢ ᠮᠡᠳᠡᠬᠦ ᠶ᠋ᠢᠨ ᠵᠡᠷᠭᠡᠴᠡᠭᠡ ᠪᠡᠷ ᠨᠥᠬᠥᠷ ᠨᠢ ᠪᠣᠯᠤᠨ ᠡᠨᠳᠡᠭᠦᠷᠡᠭᠳᠡᠵᠤ ᠪᠠᠢᠭ᠎ᠠ ᠳ᠋ᠠᠭᠠᠨ ᠨᠢᠭᠤᠷ ᠬᠠᠯᠠᠨ ᠬᠡᠷᠬᠢᠬᠦ ᠤᠬᠠᠭᠠᠨ ᠢ᠋ᠶ᠋ᠠᠨ ᠣᠯᠬᠤ ᠦᠭᠡᠢ ᠪᠣᠯᠪᠠ᠃ ᠲᠡᠭᠡᠭᠡᠳ ᠳᠡᠮᠡᠢ ᠲᠡᠪᠡᠳᠡᠬᠦ ᠳ᠋ᠡᠭᠡᠨ᠂
— ᠠ᠋᠂ ᠠᠬᠠᠢᠲᠠᠨ ᠬᠣᠭᠣᠯᠠ ᠪᠠᠨ ᠢᠳᠡᠭᠰᠡᠨ ᠤᠤ? ᠭᠡᠵᠦ ᠮᠡᠨᠳᠦᠯᠡᠪᠡ᠃
ᠠᠪᠠᠭᠠᠢ᠄
— ᠢᠳᠡᠭᠰᠡᠨ᠂ ᠢᠳᠡᠭᠰᠡᠨ᠂ ᠴᠢ ᠢᠳᠡᠭᠰᠡᠨ ᠤᠤ?
ᠳ᠋ᠠᠨᠽᠠᠨ ᠬᠠᠷᠢᠭᠤ ᠬᠡᠯᠡᠯ ᠦᠭᠡᠢ ᠪᠥᠬᠥᠯᠵᠡᠪᠡ᠃
ᠠᠪᠠᠭᠠᠢ ᠳ᠋ᠠᠨᠽᠠᠨ ᠤ᠋ ᠴᠡᠭᠡᠵᠢ ᠶ᠋ᠢ ᠲᠠᠯᠪᠢᠨ ᠲᠣᠯᠣᠭᠠᠢ ᠠ᠋ᠴᠠ ᠨᠢ ᠠᠪᠤᠭᠠᠳ ᠬᠥᠯ ᠢ᠋ ᠨᠢ ᠬᠦᠷᠲᠡᠯ᠎ᠡ ᠠᠵᠢᠭᠯᠠᠭᠰᠠᠨ ᠢ᠋ᠶ᠋ᠠᠨ ᠭᠠᠷ ᠢ᠋ ᠨᠢ ᠰᠢᠷᠦᠭᠦᠨ ᠠᠪᠴᠤ
— ᠴᠢ ᠣᠷᠣ ᠮᠠᠨ ᠤ᠋ ᠳ᠋ᠤ᠌᠂ ᠣᠷᠣᠬᠤ ᠶᠣᠰᠣᠲᠠᠢ ᠭᠡᠳ ᠬᠥᠲᠥᠯᠦᠨ ᠶᠠᠪᠤᠯ᠎ᠠ᠃ ᠪᠠᠢᠰᠢᠩ ᠨᠢ ᠮᠠᠰᠢ ᠨᠠᠮᠬᠠᠨ᠃ ᠭᠠᠷ ᠡᠷᠭᠦᠪᠡᠯ ᠳᠠᠭᠠᠵᠠᠨ ᠳ᠋ᠤᠨᠢ ᠬᠦᠷᠦᠨ᠎ᠡ᠃ ᠣᠷᠣᠬᠤ ᠬᠠᠭᠠᠯᠭ᠎ᠠ ᠨᠢ ᠵᠡᠭᠦᠨ ᠲᠡᠢ ᠪᠡᠨ᠂ ᠪᠠᠷᠠᠭᠤᠨ ᠲᠠᠯ᠎ᠠ ᠶ᠋ᠢ ᠨᠢ ᠬᠠᠨᠵᠤ ᠡᠵᠡᠯᠡᠨ᠎ᠡ᠃ ᠠᠪᠠᠭᠠᠢ ᠳ᠋ᠠᠨᠽᠠᠨ ᠢ᠋ ᠲᠡᠢᠮᠦ ᠪᠠᠢᠰᠢᠩ ᠳ᠋ᠠᠭᠠᠨ ᠣᠷᠣᠭᠤᠯᠵᠤ ᠠᠪᠤᠭᠠᠳ ᠬᠠᠨᠵᠤᠨ ᠳᠡᠭᠡᠷ᠎ᠡ ᠪᠡᠨ ᠰᠠᠭᠤᠯᠭᠠᠪᠠ᠃
— ᠬᠦᠦ ᠴᠢ᠂ ᠮᠢᠨᠦ ᠬᠦᠦ ᠶ᠋ᠢᠨ ᠨᠥᠬᠥᠷ ᠶᠦᠮ ᠪᠢᠵᠡ ᠳᠡ᠂ ᠭᠡᠵᠦ ᠬᠡᠯᠡᠨ ᠳᠠᠬᠢᠨ ᠨᠢᠭᠤᠷ ᠢ᠋ ᠨᠢ ᠠᠵᠢᠭᠠᠳ
— ᠠ᠋ ᠳᠠ ᠮᠥᠨ ᠰᠠᠢᠬᠠᠨ ᠪᠠᠶᠠᠷ ᠪᠠᠢᠨ᠎ᠠ ᠳᠠ! ᠭᠡᠵᠦ ᠠᠮᠢᠰᠬᠤᠭᠠᠳᠠᠨ ᠢᠨᠢᠶᠡᠮᠰᠦᠭᠯᠡᠵᠦ ᠪᠠᠰᠠ ᠨᠢᠭᠤᠷ ᠢ᠋ ᠨᠢ ᠰᠢᠷᠳᠡᠪᠡ᠃ ᠬᠠᠷᠢᠭᠤ ᠳ᠋ᠤᠨᠢ ᠳ᠋ᠠᠨᠽᠠᠨ᠂ ᠭᠡᠮᠲᠡᠨ ᠰᠢᠭ᠂ ᠬᠤᠯᠮᠠᠯᠵᠠᠨ᠄
— ᠠᠬᠠᠢᠲᠠᠨ ᠮᠢᠨᠢ ᠪᠣᠳᠣᠪᠠᠯ ᠪᠢ ᠲᠠᠨ ᠤ᠋ ᠬᠦᠦ ᠶ᠋ᠢ ᠲᠠᠨᠢᠬᠤ ᠦᠭᠡᠢ ᠪᠢᠵᠡ᠂
— ᠶᠠᠭᠤ? ᠦᠭᠡᠢ ᠴᠢ ᠬᠦᠦ ᠶ᠋ᠢᠨ ᠮᠢᠨᠢ ᠨᠥᠬᠥᠷ ᠭᠡᠵᠦ ᠬᠡᠯᠡᠭᠰᠡᠨ ᠶᠦᠮ ᠪᠢᠰᠢᠦ? ᠭᠡᠵᠦ ᠠᠪᠠᠭᠠᠢ ᠭᠠᠢᠬᠠᠭᠰᠠᠨ ᠴᠢᠷᠠᠢ ᠭᠠᠷᠭᠠᠪᠠ᠃
— ᠦᠭᠡᠢ ᠠ᠋᠂ ᠪᠢ ᠡᠨᠡ ᠬᠦᠦ ᠶ᠋ᠢ᠁ ᠭᠡᠳ ᠥᠬᠥᠭᠡᠷᠳᠡᠨ ᠴᠢᠨᠠᠭᠰᠢᠯᠠᠭᠤᠯᠤᠭᠰᠠᠨ ᠶᠤᠮ ᠭᠡᠵᠦ ᠬᠡᠯᠡᠬᠦ ᠭᠡᠰᠡᠨ ᠪᠣᠯᠪᠠᠴᠤ ᠤᠭ ᠦᠭᠡ ᠶ᠋ᠢ ᠬᠢᠲᠠᠳ ᠢ᠋ᠶ᠋ᠠᠷ ᠡᠪᠯᠡᠭᠦᠯᠦᠨ ᠬᠡᠯᠡᠵᠦ ᠴᠢᠳᠠᠬᠤ ᠦᠭᠡᠢ ᠳ᠋ᠦ᠍ ᠭᠦᠷᠦᠨ ᠳᠠᠭᠵᠢᠷᠠᠪᠠ᠃ ᠠᠪᠠᠭᠠᠢ《ᠠᠢ》 ᠭᠡᠵᠦ ᠰᠠᠨᠠᠭ᠎ᠠ ᠠᠯᠳᠠᠭᠠᠳ ᠬᠦᠦ ᠪᠡᠨ ᠮᠠᠭᠤᠬᠠᠢ ᠬᠠᠷᠠᠨ
— ᠴᠢ ᠶᠠᠭᠤᠨ ᠳ᠋ᠤ᠌ ᠬᠤᠳᠠᠯ ᠬᠡᠯᠡᠪᠡ?
ᠬᠦᠦ ᠨᠢ ᠳᠣᠣᠭᠤᠷ ᠬᠠᠷᠠᠨ ᠬᠠᠮᠠᠷ ᠢ᠋ᠶ᠋ᠠᠨ ᠱᠤᠤᠬᠢᠲᠤᠨᠠᠭᠤᠯᠤᠨ᠂
— ᠦᠭᠡᠢ ᠠ᠋᠂ ᠡᠨᠡ ᠠᠬ᠎ᠠ ᠥᠪᠡᠷ ᠢ᠋ᠶ᠋ᠡᠨ ᠲᠡᠭᠡᠵᠦ ᠬᠡᠯᠡᠭᠰᠡᠨ ᠶᠦᠮ ᠭᠡᠵᠦ ᠳ᠋ᠠᠨᠽᠠᠨ ᠠ᠋ᠴᠠ ᠪᠢᠰᠢᠭᠦᠷᠬᠡᠨ ᠠᠮᠠᠨ ᠳᠣᠲᠣᠷ᠎ᠠ ᠪᠠᠨ ᠪᠤᠪᠠᠲᠤᠨᠠᠪᠠ᠃
ᠨᠢᠭᠡ ᠬᠡᠰᠡᠭ ᠶᠠᠷᠢᠶ᠎ᠠ ᠲᠠᠰᠤᠷᠠᠵᠤ ᠬᠠᠴᠢᠨ ᠴᠢᠮᠡᠭᠡ ᠦᠭᠡᠢ ᠪᠣᠯᠪᠠ᠃ ᠲᠡᠷᠡ ᠵᠠᠭᠤᠷ᠎ᠠ ᠳ᠋ᠠᠨᠽᠠᠨ ᠬᠦᠦ ᠶ᠋ᠢ ᠰᠠᠨᠠᠮᠰᠠᠷ ᠦᠭᠡᠢ ᠬᠠᠭᠤᠷᠤᠭᠰᠠᠨ ᠢ᠋ᠶ᠋ᠠᠨ ᠰᠠᠨᠠᠨ ᠭᠡᠮᠰᠢᠪᠡ᠃ ᠪᠠᠰᠠ ᠨᠥᠭᠦᠭᠡ ᠲᠠᠯ᠎ᠠ ᠪᠠᠷ ᠠᠪᠠᠭᠠᠢ ᠶ᠋ᠢᠨ ᠴᠢᠷᠠᠢ ᠳ᠋ᠤ᠌ ᠣᠢ ᠭᠠᠰᠢᠭᠤᠨ ᠠ᠋ᠴᠠ ᠥᠭᠡᠷ᠎ᠡ ᠶᠠᠭᠤ ᠴᠦ᠍ ᠦᠭᠡᠢ ᠪᠠᠢᠭ᠎ᠠ ᠶ᠋ᠢ ᠨᠢᠳᠦᠨ ᠦ᠌ ᠪᠤᠯᠤᠩ ᠢ᠋ᠶ᠋ᠠᠷ ᠠᠵᠢᠨ ᠬᠠᠯᠠᠰᠢᠷᠠᠨ᠎ᠠ᠃
— ᠠᠬᠠᠢᠲᠠᠨ ᠮᠢᠨᠢ᠂ ᠪᠢ ᠶᠠᠪᠤᠶ᠎ᠠ ᠪᠠᠶᠠᠷ ᠲᠠᠢ ᠭᠡᠳ ᠪᠣᠰᠬᠤ ᠳ᠋ᠤ᠌ ᠠᠪᠠᠭᠠᠢ ᠥᠭᠡᠳᠡ ᠡᠴᠡ ᠨᠢ ᠪᠣᠰᠤᠨ ᠢᠷᠡᠵᠦ ᠵᠠᠮ ᠢ᠋ ᠨᠢ ᠲᠠᠭᠯᠠᠨ᠄
— ᠦᠭᠡᠢ᠂ ᠴᠢ ᠰᠠᠭᠤ ᠪᠢ ᠴᠢᠮᠠᠶ᠋ᠢ ᠭᠡᠷ ᠲᠡᠭᠡᠨ ᠤᠷᠢᠨ ᠣᠷᠣᠭᠤᠯᠵᠤ ᠢᠷᠡᠭᠰᠡᠨ ᠪᠣᠯᠬᠣᠷ ᠵᠠᠪᠠᠯ ᠴᠠᠢ ᠤᠤᠭᠤᠯᠭᠠᠬᠤ ᠶᠣᠰᠣᠲᠠᠢ ᠭᠡᠵᠦ ᠰᠠᠭᠤᠯᠭᠠᠭᠠᠳ ᠪᠡᠯᠡᠨ ᠴᠠᠢ ᠠ᠋ᠴᠠ ᠶᠠᠭᠠᠷᠠᠨ ᠠᠶᠠᠭᠠᠯᠠᠵᠤ ᠡᠮᠦᠨ᠎ᠡ ᠨᠢ ᠪᠠᠷᠢᠪᠠ᠃ ᠳᠠᠷᠠᠭ᠎ᠠ ᠳ᠋ᠤᠨᠢ ᠳᠠᠩᠵᠤᠤᠷ ᠲᠠᠪᠠᠭᠯᠠᠨ᠃ ᠪᠠᠰᠠ ᠡᠪᠦᠷ ᠡᠴᠡ ᠪᠡᠨ ᠬᠡᠳᠦᠨ ᠲᠦᠯᠬᠢᠭᠦᠷ ᠭᠠᠷᠭᠠᠨ ᠪᠢᠴᠢᠬᠠᠨ ᠬᠠᠢᠷᠴᠠᠭ ᠠᠭᠤᠳᠠᠯᠤᠨ ᠭᠠᠭᠴᠠ ᠰᠢᠷᠬᠡᠭ ᠶᠠᠩᠵᠤᠤᠷ ᠭᠠᠷᠭᠠᠵᠤ ᠥᠭᠪᠡ᠃
ᠢᠩᠭᠢᠬᠦ ᠳ᠋ᠦ᠍ ᠳ᠋ᠠᠨᠽᠠᠨ ᠴᠠᠭ ᠢᠮᠠᠭᠲᠠ ᠠᠪᠠᠭᠠᠢ ᠠ᠋ᠴᠠ ᠬᠠᠯᠠᠰᠢᠷᠠᠨ ᠵᠣᠪᠠᠨᠢᠵᠤ ᠪᠠᠢᠭᠰᠠᠨ ᠤ᠋ ᠡᠷᠬᠡ ᠪᠡᠷ ᠴᠠᠢ ᠶ᠋ᠢᠨ ᠠᠮᠲᠠ ᠴᠣᠬᠣᠮ ᠶᠠᠮᠠᠷ ᠪᠠᠢᠭ᠎ᠠ ᠶ᠋ᠢ ᠣᠯᠵᠤ ᠡᠰᠡ ᠮᠡᠳᠡᠪᠡ᠃ ᠬᠠᠷᠢᠨ ᠶᠠᠩᠵᠤᠤᠷ ᠢ᠋ ᠲᠠᠲᠠᠬᠤ ᠳ᠋ᠤ᠌ ᠨᠢᠯᠤᠭᠤᠨ ᠨᠢ ᠮᠡᠳᠡᠷᠡᠯ ᠳ᠋ᠦ᠍ ᠳᠣᠣᠷᠠᠬᠠᠨ ᠢ᠋ᠶ᠋ᠠᠨ ᠭᠦᠷᠦᠨ ᠠᠶᠠᠲᠠᠢᠬᠠᠨ ᠪᠠᠢᠪᠠ᠃ ᠭᠡᠲᠡᠯ᠎ᠡ ᠠᠪᠠᠭᠠᠢ᠄
— ᠵᠠ ᠲᠡᠭᠡᠭᠡᠳ ᠬᠦᠦ ᠴᠢ ᠬᠠᠮᠢᠭ᠎ᠠ ᠠ᠋ᠴᠠ ᠶᠠᠪᠤᠭ᠎ᠠ ᠪᠢᠯᠡ? ᠭᠡᠵᠦ ᠠᠰᠠᠭᠤᠪᠠ᠃
— ᠪᠢ ᠲᠡᠢᠨ ᠦ᠌ ᠭᠠᠵᠠᠷ ᠠ᠋ᠴᠠ ᠭᠡᠬᠦ ᠳ᠋ᠦ᠍᠂
— ᠠᠢ᠂ ᠪᠦᠷ ᠫᠤᠤᠳᠠᠯᠴᠠᠭᠠᠨ ᠪᠣᠯᠵᠤ ᠪᠠᠢᠭ᠎ᠠ ᠶ᠋ᠢᠨ ᠲᠡᠨᠳᠡ ᠡᠴᠡ ᠤᠤ?
— ᠲᠡᠢᠮᠦ ᠠ᠋᠂ ᠲᠡᠷᠡ ᠭᠠᠵᠠᠷ ᠠ᠋ᠴᠠ᠃
ᠠᠪᠠᠭᠠᠢ ᠶ᠋ᠢᠨ ᠴᠢᠷᠠᠢ ᠠᠶᠤᠨ ᠰᠠᠨᠳᠤᠷᠬᠤ ᠰᠢᠨᠵᠢ ᠲᠡᠢ ᠪᠣᠯᠪᠠ᠃《ᠲᠩᠷᠢ᠂ ᠲᠩᠷᠢ》 ᠭᠡᠵᠦ ᠥᠪᠡᠷᠲᠡᠭᠡᠨ ᠬᠡᠯᠡᠭᠡᠳ᠂
— ᠲᠡᠨᠳᠡ ᠶᠡᠷᠦᠨᠢ ᠣᠯᠠᠨ ᠬᠥᠮᠦᠨ ᠠᠮᠢ ᠦᠷᠡᠭᠳᠡᠵᠦ ᠪᠠᠢᠨ᠎ᠠ ᠤᠤ? ᠭᠡᠬᠦ ᠳ᠋ᠡᠭᠡᠨ ᠬᠣᠭᠣᠯᠠᠢ ᠨᠢ ᠴᠡᠴᠡᠷᠡᠵᠦ ᠨᠢᠳᠦᠨ ᠳ᠋ᠦ᠍ᠨᠢ ᠨᠢᠯᠪᠤᠰᠤ ᠬᠤᠷᠠᠯᠳᠤᠪᠠ᠃ ᠳ᠋ᠠᠨᠽᠠᠨ ᠡᠨᠡ ᠠᠪᠠᠭᠠᠢ ᠳ᠋ᠤ᠌ ᠦᠨᠡᠨ ᠪᠠᠢᠳᠠᠯ ᠢ᠋ ᠶᠠᠷᠢᠵᠤ ᠬᠡᠷᠬᠢᠪᠡᠴᠦ ᠪᠣᠯᠬᠤ ᠦᠭᠡᠢ ᠶ᠋ᠢ ᠮᠡᠳᠡᠯ᠎ᠡ᠃
— ᠲᠠ ᠪᠢᠲᠡᠭᠡᠢ ᠵᠣᠪᠠ᠂ ᠲᠡᠨᠳᠡ ᠣᠨᠴᠠ ᠶ᠋ᠢᠨ ᠠᠶᠤᠯ ᠲᠠᠢ ᠶᠠᠭᠤᠮ᠎ᠠ ᠪᠣᠯᠤᠭ᠎ᠠ ᠦᠭᠡᠢ ᠪᠠᠢᠭ᠎ᠠ ᠰᠢᠦ᠂ ᠪᠢ ᠪᠣᠳᠣᠪᠠᠯ ᠳᠠ᠂ ᠲᠡᠢᠨ ᠴᠦ᠍ ᠣᠳᠣ ᠤᠳᠠᠬᠤ ᠦᠭᠡᠢ ᠳᠠᠭᠤᠰᠤᠨ᠎ᠠ ᠪᠣᠢ ᠭᠡᠪᠡ᠃ ᠠᠪᠠᠭᠠᠢ ᠶ᠋ᠢᠨ ᠴᠢᠷᠠᠢ ᠳᠠᠷᠤᠢ ᠥᠭᠡᠷᠡᠴᠢᠯᠡᠭᠳᠡᠨ᠄
— ᠠ᠋᠂ ᠶᠠᠭᠠᠬᠢᠭᠰᠠᠨ ᠰᠠᠢᠬᠠᠨ ᠴᠢᠮᠡᠭᠡ ᠪᠣᠢ? ᠰᠡᠭᠦᠯ ᠦ᠋ᠨ ᠬᠡᠳᠦᠨ ᠰᠥᠨᠢ ᠪᠢ ᠲᠠᠩᠳᠠ ᠬᠦᠦ ᠪᠡᠨ ᠦᠵᠡᠨ ᠵᠡᠭᠦᠳᠦᠯᠡᠳᠡᠭ ᠪᠣᠯᠤᠭᠰᠠᠨ ᠶᠤᠮ᠃ ᠦᠭᠡᠢ᠂ ᠶᠡᠷᠦ ᠪᠠᠰᠠ ᠰᠣᠨᠢᠨ ᠠ᠋᠂ ᠡᠢᠮᠦ ᠰᠠᠢᠬᠠᠨ ᠴᠢᠮᠡᠭᠡ ᠲᠤᠭᠤᠯᠬᠤ ᠯᠠ ᠭᠡᠵᠦ ᠪᠠᠢᠵᠤ ᠰᠢᠦ ᠳᠡ ᠭᠡᠵᠦ ᠳ᠋ᠠᠨᠽᠠᠨ ᠳ᠋ᠤ᠌ ᠬᠡᠯᠡᠭᠰᠡᠨ ᠢ᠋ᠶ᠋ᠡᠨ᠄ ᠦᠭᠡᠢ ᠡᠰᠡᠪᠡᠯ ᠬᠦᠦ ᠮᠢᠨᠢ ᠪᠦᠷ ᠢᠷᠡᠵᠦ ᠶᠠᠪᠤᠭ᠎ᠠ ᠪᠠᠢᠬ᠎ᠠ᠃ ᠲᠡᠭᠦᠨᠴᠡ ᠪᠢᠰᠢ ᠵᠥᠪᠬᠡᠨ ᠡᠢᠮᠦ ᠴᠢᠮᠡᠭᠡ ᠲᠤᠭᠤᠯᠬᠤ ᠶ᠋ᠢᠨ ᠲᠡᠳᠦᠢ ᠳ᠋ᠦ᠍ ᠶᠠᠭᠠᠬᠢᠭᠰᠠᠨ ᠴᠦ᠍ ᠲᠡᠭᠡᠵᠦ ᠵᠡᠭᠦᠳᠦᠯᠡᠬᠦ ᠦᠭᠡᠢ ᠪᠢᠯᠡ᠃ ᠡᠪᠡᠢ ᠮᠢᠨᠢ᠂ ᠨᠢᠭᠡ ᠮᠡᠳᠡᠬᠦ ᠳ᠋ᠦ᠍ ᠯᠡ ᠣᠷᠣᠭᠠᠳ ᠢᠷᠡᠨ᠎ᠡ ᠳᠠ ᠭᠡᠵᠦ ᠳᠡᠭᠡᠳᠦ ᠲᠠᠭᠠᠵᠠᠨ ᠤ᠋ ᠪᠠᠨ ᠤᠲᠤᠭᠠᠨ ᠳ᠋ᠤ᠌ ᠢᠳᠡᠭᠳᠡᠭᠰᠡᠨ ᠪᠣᠷᠣ ᠴᠠᠭᠠᠰᠤ ᠶ᠋ᠢ ᠨᠢᠳᠦ ᠴᠠᠪᠴᠢᠯ ᠦᠭᠡᠢ ᠰᠢᠷᠲᠡᠨ ᠭᠠᠭᠴᠠᠭᠠᠷ ᠢ᠋ᠶ᠋ᠠᠨ ᠶᠠᠷᠢᠪᠠ᠃
ᠡᠨᠡ ᠨᠢ ᠳ᠋ᠠᠨᠽᠠᠨ ᠳ᠋ᠤ᠌ ᠶᠠᠭᠠᠬᠢᠬᠤ ᠶ᠋ᠢᠨ ᠠᠷᠭ᠎ᠠ ᠦᠭᠡᠢ ᠰᠣᠯᠢᠶ᠎ᠠ ᠲᠠᠢ ᠶᠠᠭᠤᠮ᠎ᠠ ᠰᠢᠭ᠋ ᠦᠵᠡᠭᠳᠡᠭᠰᠡᠨ ᠪᠣᠯᠪᠠᠴᠤ ᠳ᠋ᠠᠨᠽᠠᠨ ᠲᠡᠭᠦᠨ ᠦ᠌ ᠪᠠᠶᠠᠷ ᠪᠠᠶᠠᠰᠬᠤᠯᠠᠩ ᠲᠠᠢ ᠪᠣᠯᠤᠭᠰᠠᠨ ᠳ᠋ᠤᠨᠢ ᠰᠡᠳᠬᠢᠯ ᠲᠠᠢᠪᠤᠰᠢᠷᠠᠪᠠ᠃ ᠤᠤᠭᠤᠵᠤ ᠪᠠᠢᠭ᠎ᠠ ᠴᠠᠢ ᠶ᠋ᠢᠨ ᠠᠮᠲᠠ ᠥᠭᠡᠷᠡᠴᠢᠯᠡᠭᠳᠡᠨ ᠠᠶᠠᠲᠠᠢᠬᠠᠨ ᠪᠣᠯᠬᠤ ᠶ᠋ᠢᠨ ᠵᠡᠷᠭᠡᠴᠡᠭᠡᠪᠡᠷ ᠪᠦᠬᠦ ᠪᠡᠶ᠎ᠡ ᠲᠠᠯᠪᠢᠭᠳᠠᠨ ᠬᠥᠯᠥᠰᠥ ᠭᠠᠷᠤᠯ᠎ᠠ᠃ ᠭᠡᠪᠡᠴᠦ ᠳ᠋ᠠᠨᠽᠠᠨ ᠳᠤᠭᠤᠢ ᠰᠠᠭᠤᠬᠤ ᠳ᠋ᠤ᠌ ᠮᠠᠰᠢ ᠪᠡᠷᠬᠡ ᠲᠡᠢ ᠪᠠᠢᠬᠤ ᠲᠤᠯᠠ᠄
— ᠲᠠᠨ ᠤ᠋ ᠬᠦᠦ ᠴᠡᠷᠢᠭ ᠲᠦ᠍ ᠶᠠᠪᠤᠭᠰᠠᠭᠠᠷ ᠤᠳᠠᠵᠤ ᠪᠠᠢᠨ᠎ᠠ ᠤᠤ?
— ᠬᠣᠶᠠᠷ ᠵᠢᠯ ᠪᠣᠯᠵᠤ ᠪᠠᠢᠨ᠎ᠠ᠃ ᠭᠡᠪᠡᠴᠦ ᠡᠨᠡ ᠬᠣᠶᠠᠷ ᠵᠢᠯ ᠮᠢᠨᠦ ᠪᠦᠬᠦ ᠡᠳ᠋ᠯᠡᠭᠰᠡᠨ ᠳᠥᠴᠢᠨ ᠬᠣᠶᠠᠷ ᠨᠠᠰᠤᠨ ᠠ᠋ᠴᠠ ᠴᠤ᠌ ᠤᠳᠠᠭᠠᠨ ᠶᠤᠮ ᠰᠢᠭ᠋ ᠥᠩᠭᠡᠷᠡᠯ᠎ᠡ ᠭᠡᠵᠦ ᠲᠣᠯᠣᠭᠠᠢ ᠤᠨᠠᠭᠠᠨ ᠬᠠᠷᠢᠭᠤᠯᠪᠠ᠃
— ᠠ᠋᠂ ᠬᠥᠭᠡᠷᠦᠬᠦᠢ ᠲᠡᠢᠮᠦ ᠤᠤ? ᠢᠩᠭᠢᠬᠦ ᠳ᠋ᠦ᠍ ᠬᠦᠦ ᠴᠢᠨᠢ ᠥᠪᠡᠷ ᠢ᠋ᠶ᠋ᠡᠨ ᠰᠠᠢᠨ ᠳᠤᠷ᠎ᠠ ᠪᠠᠷ ᠶᠠᠪᠤᠭᠰᠠᠨ ᠶᠤᠮ ᠤᠤ?
— ᠬᠠᠮᠢᠭ᠎ᠠ ᠠ᠋ᠴᠠ ᠭᠡᠳ ᠠᠪᠤᠭᠠᠢ ᠰᠣᠴᠢᠨ ᠬᠡᠯᠡᠭᠰᠡᠨ ᠢ᠋ᠶ᠋ᠡᠨ᠄ ᠬᠥᠮᠦᠨ ᠥᠪᠡᠷ ᠦ᠋ᠨ ᠡᠷᠬᠡ ᠪᠡᠷ ᠠᠮᠢᠳᠤᠷᠠᠬᠤ ᠨᠥᠬᠥᠴᠡᠯ ᠦᠭᠡᠢ ᠪᠣᠯᠬᠤ ᠪᠠᠷ ᠢ᠋ᠶ᠋ᠠᠨ ᠥᠯᠪᠡᠷᠴᠦ ᠦᠬᠦᠭᠰᠡᠨ ᠳ᠋ᠦ᠍ ᠣᠷᠣᠪᠠᠯ᠂ ᠲᠡᠢᠨ ᠳ᠋ᠦ᠍ ᠶᠠᠪᠤᠵᠤ ᠬᠣᠭᠣᠯᠠ ᠣᠯᠵᠤ ᠢᠳᠡᠵᠦ ᠶᠠᠪᠤᠭᠠᠳ ᠦᠬᠦᠶ᠎ᠡ ᠭᠡᠵᠦ ᠶᠠᠪᠤᠳᠠᠭ ᠨᠢᠭᠡ ᠶᠣᠰᠣ ᠪᠣᠢ᠃ ᠵᠠᠷᠢᠮ ᠨᠢᠭᠡ ᠨᠢ ᠭᠠᠪᠢᠶ᠎ᠠ ᠪᠠᠢᠭᠤᠯᠤᠨ ᠮᠥᠩᠭᠥ ᠶᠠᠩᠴᠢᠶᠠᠨ ᠶᠡᠬᠡ ᠶ᠋ᠢ ᠣᠯᠬᠤ ᠶᠠᠭᠤᠨ ᠤ᠋ ᠮᠠᠭᠠᠳ ᠭᠡᠵᠦ ᠶᠠᠪᠤᠳᠠᠭ ᠴᠤ᠌ ᠶᠣᠰᠣ ᠪᠣᠢ᠃ ᠬᠠᠷᠢᠨ ᠮᠠᠨ ᠤ᠋ ᠬᠦᠦ ᠭᠡᠪᠡᠯ ᠠᠯᠢ ᠠᠯᠢᠨ ᠢ᠋ ᠬᠦᠰᠡᠭᠡ ᠦᠭᠡᠢ ᠶᠦᠮ᠃
— ᠲᠡᠭᠡᠭᠡᠳ ᠶᠠᠭᠤᠨ ᠳ᠋ᠤ᠌ ᠶᠠᠪᠤᠭᠰᠠᠨ ᠶᠤᠮ ᠪᠣᠢ?
— ᠶᠠᠭᠠᠬᠢᠶ᠎ᠠ ᠭᠡᠬᠦ ᠪᠣᠢ? ᠨᠢᠭᠡ ᠡᠳᠦᠷ᠂ ᠦᠭᠡᠢ ᠠ᠋᠂ ᠲᠡᠷᠡ ᠡᠳᠦᠷ ᠦ᠋ᠨ ᠲᠩᠷᠢ ᠶ᠋ᠢᠨ ᠮᠠᠭᠤᠬᠠᠢ ᠪᠠᠢᠭᠰᠠᠨ ᠢ᠋ ᠶᠠᠭᠠᠬᠢᠨ᠎ᠠ᠃ ᠠᠷᠪᠠᠭᠠᠳ ᠮᠣᠷᠢᠲᠤ ᠴᠡᠷᠢᠭ ᠳᠠᠪᠬᠢᠨ ᠢᠷᠡᠵᠦ ᠪᠦᠬᠦ ᠲᠣᠰᠬᠣᠨ ᠤ᠋ ᠵᠠᠯᠠᠭᠤᠰ ᠢ᠋ ᠪᠠᠷᠢᠯᠠᠭᠰᠠᠨ ᠰᠢᠦ᠂ ᠲᠡᠭᠦᠨ ᠳ᠋ᠦ᠍ ᠭᠠᠭᠴᠠᠬᠠᠨ ᠪᠠᠶᠠᠴᠤᠳ ᠯᠠ ᠬᠥᠪᠡᠭᠦᠳ ᠢ᠋ᠶ᠋ᠡᠨ ᠶᠠᠪᠤᠭᠤᠯᠤᠭ᠎ᠠ ᠦᠭᠡᠢ᠃
— ᠪᠠᠶᠠᠴᠤᠳ ᠶᠠᠭᠠᠬᠢᠭᠠᠳ ᠲᠡᠷᠡ ᠪᠣᠢ?
— ᠶᠠᠭᠠᠬᠢᠬᠤᠪ᠂ ᠲᠡᠳᠡ ᠶᠠᠩᠴᠢᠶᠠᠨ ᠢ᠋ᠶ᠋ᠠᠨ ᠭᠠᠷᠭᠠᠨ ᠲᠣᠭᠠᠯᠠᠵᠤ ᠥᠭᠭᠦᠭᠡᠳ ᠲᠡᠷᠡ ᠪᠠᠢᠬᠤ ᠦᠭᠡᠢ ᠤᠤ? ᠮᠠᠨ ᠤ᠋ ᠳ᠋ᠤ᠌ ᠭᠡᠪᠡᠯ ᠲᠡᠢᠮᠦ ᠶᠡᠬᠡ ᠶᠠᠩᠴᠢᠶᠠᠨ ᠬᠠᠮᠢᠭ᠎ᠠ ᠪᠠᠢᠬᠤ ᠪᠢᠯᠡ᠃ ᠪᠢᠳᠡ ᠪᠣᠯ ᠡᠢᠮᠦ ᠨᠢᠭᠡᠨ ᠪᠢᠴᠢᠬᠠᠨ ᠪᠠᠢᠰᠢᠩ ᠲᠠᠢ᠂ ᠵᠥᠪᠬᠡᠨ ᠥᠪᠡᠷᠰᠡᠳ ᠢ᠋ ᠪᠡᠨ ᠲᠡᠵᠢᠭᠡᠬᠦ ᠠᠮᠠ ᠳᠥᠷᠪᠡᠯᠵᠢᠨ ᠭᠠᠵᠠᠷ ᠲᠠᠢ ᠲᠡᠢᠮᠦ ᠯᠡ ᠠᠢᠯ᠃
ᠭᠡᠪᠡᠴᠦ ᠳᠠᠩᠵᠢᠶᠠᠳ ᠮᠠᠨᠢ ᠬᠦᠦ ᠪᠡᠨ ᠡᠭᠡᠭᠦᠯᠦᠨ ᠠᠪᠬᠤ ᠭᠡᠵᠦ ᠳᠡᠭᠦᠦ ᠥᠬᠢᠨ ᠢ᠋ ᠨᠢ ᠠᠪᠤᠨ ᠵᠠᠩᠴᠢᠬᠦᠦ ᠤᠷᠤᠭᠤ ᠣᠷᠣᠭᠰᠠᠨ᠃ ᠭᠡᠲᠡᠯ᠎ᠡ ᠲᠡᠷᠡ ᠦᠶ᠎ᠡ ᠳ᠋ᠦ᠍ ᠠᠶ᠎ᠠ ᠪᠠᠰᠠ ᠬᠡᠴᠡᠭᠦᠦ᠃ ᠮᠠᠨ ᠤ᠋ ᠬᠢ ᠰᠢᠭ᠋ ᠰᠠᠨᠳᠤᠷᠤᠭᠰᠠᠨ ᠠᠢᠯ᠂ ᠬᠠ ᠶᠠ ᠦᠭᠡᠢ ᠪᠣᠢ ᠪᠣᠯᠵᠤ᠂ ᠥᠬᠢᠳ ᠦ᠋ᠨ ᠦᠨ᠎ᠡ ᠰᠤᠯᠠ ᠪᠣᠯᠤᠭᠰᠠᠨ ᠪᠠᠢᠪᠠ᠃ ᠠᠷᠪᠠᠨ ᠭᠤᠷᠪᠠᠨ ᠵᠢᠯ ᠪᠤᠰᠤᠳ ᠤ᠋ᠨ ᠮᠠᠲᠠᠯ ᠳ᠋ᠤ᠌ ᠥᠭᠬᠦ ᠳ᠋ᠦ᠍ ᠳᠥᠩᠭᠡᠵᠦ ᠵᠠᠭᠤ ᠲᠠᠪᠢᠨ ᠶᠠᠩᠴᠢᠶᠠᠨ ᠬᠦᠷᠪᠡ᠃ ᠤᠭ ᠨᠢ ᠡᠨᠡ ᠮᠥᠩᠭᠥ ᠶᠠᠭᠤᠨ ᠪᠠᠭ᠎ᠠ ᠮᠥᠩᠭᠥ ᠪᠠᠢᠬᠤ ᠪᠢᠯᠡ᠃ ᠭᠡᠪᠡᠴᠦ ᠮᠠᠨ ᠤ᠋ ᠥᠬᠢᠨ ᠶᠠᠮᠠᠷ ᠮᠠᠯ ᠪᠢᠰᠢ ᠬᠥᠮᠦᠨ ᠰᠢᠦ ᠳᠡ ᠭᠡᠵᠦ ᠲᠣᠯᠣᠭᠠᠢ ᠰᠠᠨᠵᠢᠭᠢᠨᠠᠭᠤᠯᠤᠨ ᠶᠠᠷᠢᠵᠤ ᠪᠠᠢᠭᠰᠠᠨ ᠢ᠋ᠶ᠋ᠠᠨ ᠲᠠᠰᠤᠯᠤᠨ ᠰᠠᠨᠠᠭ᠎ᠠ ᠠᠯᠳᠠᠭᠠᠳ᠄ ᠠᠶ᠎ᠠ ᠢᠩᠭᠢᠬᠦ ᠳ᠋ᠦ᠍ ᠴᠢ ᠪᠠᠰᠠ ᠡᠨᠡ ᠳᠡᠯᠡᠬᠡᠢ ᠶ᠋ᠢᠨ ᠠᠮᠢᠲᠠᠳ ᠢ᠋ ᠶᠠᠮᠠᠷ ᠶᠡᠬᠡ ᠨᠢᠭᠦᠯ ᠲᠡᠢ ᠪᠠᠢᠳᠠᠭ ᠭᠡᠵᠦ ᠰᠠᠨᠠᠨ᠎ᠠ? ᠵᠠᠷᠢᠮ ᠬᠥᠮᠦᠰ ᠲᠡᠷᠡ ᠮᠥᠩᠭᠥᠨ ᠦ᠌ ᠰᠤᠷᠠᠭ ᠢ᠋ᠶ᠋ᠠᠷ《ᠲᠠᠨ ᠤ᠋ ᠬᠢ ᠶᠠᠭᠠᠬᠢᠭᠰᠠᠨ ᠠᠵᠠ ᠲᠠᠢ ᠪᠣᠢ? ᠣᠳᠣ ᠬᠦᠦ ᠶ᠋ᠢᠨ ᠢ᠋ᠶ᠋ᠡᠨ ᠬᠣᠢᠨ᠎ᠠ ᠠ᠋ᠴᠠ ᠶᠠᠪᠤᠬᠤ ᠶ᠋ᠢᠨ ᠴᠦ᠍ ᠬᠡᠷᠡᠭ ᠠᠯᠠᠭ᠎ᠠ᠂ ᠵᠦᠭᠡᠷ ᠲᠡᠷᠡ ᠶᠡᠬᠡ ᠶᠠᠩᠴᠢᠶᠠᠨ ᠢ᠋ᠶ᠋ᠠᠨ ᠢᠳᠡᠭᠡᠳ ᠠᠮᠤᠷ ᠲᠠᠢᠪᠤᠩ ᠰᠠᠭᠤᠪᠠᠯ ᠪᠣᠯᠬᠤ ᠨᠢ ᠲᠡᠷᠡ》 ᠭᠡᠵᠦ ᠬᠡᠯᠡᠨ᠎ᠡ᠃ ᠵᠠᠷᠢᠮ ᠨᠢ ᠪᠠᠰᠠ《ᠬᠥᠳᠡᠭᠡ ᠲᠣᠰᠬᠣᠨ ᠤ᠋ ᠶᠠᠳᠠᠭᠤ ᠭᠡᠷ ᠦ᠋ᠨ ᠨᠢᠭᠡ ᠥᠬᠢᠨ ᠲᠡᠳᠦᠢ ᠶᠡᠬᠡ ᠦᠨ᠎ᠡ ᠬᠦᠷᠬᠦ ᠶᠠᠭᠤᠲᠠᠢ ᠬᠠᠴᠢᠨ ᠪᠣᠢ?》 ᠭᠡᠵᠦ ᠱᠠᠭᠰᠢᠷᠠᠭᠠᠳ《ᠶᠣᠰᠣᠲᠠᠢ ᠡᠩᠬᠦᠷᠡᠢ ᠳᠠᠭᠢᠨᠢ ᠰᠢᠭ᠋ ᠦᠵᠡᠰᠬᠦᠯᠡᠩ ᠭᠤᠸ᠎ᠠ ᠪᠣᠯᠤᠭᠠᠳ ᠲᠡᠷᠡ ᠪᠣᠢ》 ᠭᠡᠵᠦ ᠠᠲᠠᠭᠠᠷᠬᠠᠨ ᠥᠪᠡᠷ ᠦ᠋ᠨ ᠢ᠋ᠶ᠋ᠡᠨ ᠥᠬᠢᠨ ᠦ᠌ ᠵᠢᠰᠦ ᠴᠢᠷᠠᠢ ᠶ᠋ᠢ ᠰᠠᠮ ᠠᠵᠢᠨ᠎ᠠ᠃
ᠪᠤᠷᠬᠠᠨ ᠤ᠋ ᠡᠮᠦᠨ᠎ᠡ ᠣᠴᠢᠬᠤ ᠪᠠᠷ ᠢ᠋ᠶ᠋ᠠᠨ ᠬᠥᠮᠦᠨ ᠪᠦᠷᠢ ᠵᠠᠯᠪᠠᠷᠢᠬᠤ ᠠᠲᠠᠯ᠎ᠠ᠂ ᠦᠨᠡᠨ ᠰᠠᠨᠠᠭᠠᠨ ᠠ᠋ᠴᠠ ᠪᠠᠨ ᠪᠤᠶᠠᠨ ᠦᠢᠯᠡᠳᠬᠦ ᠬᠥᠮᠦᠨ ᠨᠢᠭᠡ ᠴᠦ᠍ ᠠᠯᠠᠭ᠎ᠠ᠃ ᠰᠦᠮ᠎ᠡ ᠡᠴᠡ ᠭᠠᠷᠬᠤ ᠲᠠᠢ ᠪᠠᠨ ᠵᠡᠷᠭᠡ ᠳᠠᠩ ᠨᠢᠭᠦᠯ ᠠ᠋᠂ ᠬᠡᠯᠡᠬᠦ ᠬᠥᠳᠡᠯᠬᠦ ᠴᠥᠮ ᠨᠢᠭᠦᠯ ᠯᠡ ᠪᠠᠢᠬᠤ ᠶᠤᠮ ᠭᠡᠵᠦ ᠠᠪᠠᠭᠠᠢ ᠲᠣᠯᠣᠭᠠᠢ ᠪᠠᠨ ᠲᠠᠰᠤᠷᠠᠯᠲᠠ ᠦᠭᠡᠢ ᠬᠥᠳᠡᠯᠭᠡᠭᠡᠨ ᠶᠠᠷᠢᠪᠠ᠃
— ᠲᠠᠨ ᠤ᠋ ᠬᠢ ᠶᠠᠩᠴᠢᠶᠠᠨ ᠲᠠᠢ ᠪᠣᠯᠤᠭᠰᠠᠨ ᠠᠲᠠᠯ᠎ᠠ ᠬᠦᠦ ᠪᠡᠨ ᠶᠠᠭᠠᠬᠢᠭᠠᠳ ᠠᠪᠴᠤ ᠴᠢᠳᠠᠭᠰᠠᠨ ᠦᠭᠡᠢ ᠪᠣᠢ ᠳᠠ? ᠭᠡᠵᠦ ᠠᠰᠠᠭᠤᠬᠤ ᠳ᠋ᠤ᠌᠄
— ᠠᠶ᠎ᠠ᠂ ᠶᠠᠭᠠᠬᠢᠭᠠᠳ ᠭᠡᠬᠦ ᠶᠦᠮ ᠪᠠᠢᠬᠤ ᠪᠣᠢ ᠳᠠ᠂ ᠳᠠᠩᠵᠢᠶᠠᠳ ᠮᠠᠨᠢ ᠶᠠᠩᠴᠢᠶᠠᠨ ᠲᠠᠢ ᠪᠣᠯᠬᠤ ᠲᠠᠢ ᠪᠠᠨ ᠵᠡᠷᠭᠡ ᠬᠣᠢᠨ᠎ᠠ ᠠ᠋ᠴᠠ ᠨᠢ ᠶᠠᠪᠤᠭᠠᠳ ᠶᠠᠭᠤ ᠪᠣᠯᠤᠭᠰᠠᠨ ᠭᠡᠵᠦ ᠰᠠᠨᠠᠨ᠎ᠠ? ᠡᠳᠦᠢ ᠲᠡᠳᠦᠢ ᠠᠯᠪᠠᠨ ᠭᠠᠵᠠᠷ ᠤ᠋ᠳ ᠢ᠋ᠶ᠋ᠠᠷ ᠳᠠᠮᠵᠢᠨ ᠶᠠᠪᠤᠭᠰᠠᠨ ᠰᠢᠦ᠂ ᠲᠡᠭᠡᠬᠦ ᠳ᠋ᠡᠭᠡᠨ ᠪᠠᠰᠠ ᠣᠷᠣᠭᠰᠠᠨ ᠭᠠᠵᠠᠷ ᠪᠣᠯᠭᠠᠨ ᠤ᠋ ᠪᠠᠨ ᠡᠭᠦᠳᠡᠨ ᠦ᠌ ᠬᠢᠨᠢ ᠨᠣᠶᠠᠨ ᠳ᠋ᠤ᠌ ᠬᠦᠷᠲᠡᠯ᠎ᠡ ᠥᠨᠥᠬᠢ ᠶᠠᠩᠴᠢᠶᠠᠨ ᠠ᠋ᠴᠠ ᠪᠠᠨ ᠨᠢᠭᠤᠴᠠ ᠠᠯᠪᠠ ᠪᠠᠷᠢᠭᠰᠠᠨ ᠭᠡᠨ᠎ᠡ ᠪᠢᠯᠡ᠃ ᠲᠡᠭᠡᠭᠡᠳ ᠬᠠᠮᠤᠭ ᠤ᠋ᠨ ᠡᠴᠦᠰ ᠲᠦ᠍ ᠶᠡᠬᠡ ᠨᠣᠶᠠᠨ ᠳ᠋ᠤ᠌ ᠪᠠᠷᠠᠯᠬᠠᠨ ᠵᠠᠭᠤᠨ ᠶᠠᠩᠴᠢᠶᠠᠨ ᠢ᠋ᠶ᠋ᠠᠨ ᠡᠷᠭᠦᠭᠡᠳ ᠬᠦᠦ ᠪᠡᠨ ᠠᠪᠬᠤ ᠪᠢᠴᠢᠭ ᠬᠢᠯᠭᠡᠵᠦ ᠠᠪᠤᠭᠰᠠᠨ ᠶᠤᠮ᠂ ᠭᠡᠲᠡᠯ᠎ᠡ ᠬᠦᠦ ᠮᠠᠨᠢ ᠣᠯᠳᠠᠬᠤ ᠪᠠᠨ ᠪᠤᠯᠢᠴᠢᠬᠠᠭᠰᠠᠨ ᠪᠠᠢᠯ᠎ᠠ᠃ ᠪᠢ ᠪᠣᠳᠣᠪᠠᠯ ᠲᠡᠢᠨ ᠦ᠌ ᠭᠠᠵᠠᠷ ᠯᠠ ᠶᠠᠪᠤᠴᠢᠬᠠᠭᠠᠳ ᠲᠡᠷᠡ ᠪᠣᠢ᠃ ᠶᠠᠭᠤ ᠠᠲᠤᠭᠠᠢ ᠪᠢᠳᠡ ᠢᠩᠭᠢᠭᠡᠳ ᠬᠦᠦ ᠴᠦ᠍ ᠦᠭᠡᠢ᠂ ᠬᠡᠦᠬᠡᠨ ᠴᠦ᠍ ᠦᠭᠡᠢ᠂ ᠮᠥᠩᠭᠥ ᠴᠦ᠍ ᠦᠭᠡᠢ ᠪᠣᠯᠤᠭᠰᠠᠨ ᠳᠠ ᠭᠡᠳ ᠨᠢᠭᠡ ᠬᠡᠰᠡᠭ ᠪᠣᠳᠣᠭᠰᠠᠨ ᠳ᠋ᠠᠭᠠᠨ ᠬᠡᠦᠬᠡᠳ ᠦ᠋ᠳ ᠢ᠋ᠶ᠋ᠡᠨ ᠵᠢᠭᠠᠨ ᠡᠳᠡ ᠮᠠᠨᠢ ᠨᠢᠯᠬ᠎ᠠ᠂ ᠨᠢᠯᠬ᠎ᠠ ᠮᠥᠷᠲᠡᠭᠡᠨ ᠢᠳᠡᠬᠦ ᠨᠢ ᠭᠦᠢᠴᠡᠭᠳᠡᠳᠡᠭ ᠦᠭᠡᠢ ᠢᠷᠣᠭᠠᠷ ᠦᠭᠡᠢ ᠬᠡᠦᠳᠡᠢ ᠨᠦ᠍ᠭᠦᠳ᠂ ᠳᠠᠩᠵᠢᠶᠠᠳ ᠮᠠᠨᠢ ᠡᠨᠡ ᠬᠡᠦᠳᠡᠢ ᠨᠦ᠍ᠭᠦᠳ ᠢ᠋ ᠴᠠᠯᠴᠢᠯᠭᠠᠴᠢᠬᠤ ᠦᠭᠡᠢ ᠪᠠᠢᠯᠭᠠᠬᠤ ᠭᠡᠵᠦ ᠥᠷᠯᠥᠭᠡ ᠪᠦᠷᠢ ᠡᠷᠲᠡ ᠭᠠᠷᠤᠭᠠᠳ ᠣᠷᠣᠢ ᠳ᠋ᠠᠭᠠᠨ ᠢᠷᠡᠳᠡᠭ᠃ ᠥᠪᠡᠷ ᠦ᠋ᠨ ᠠᠵᠢᠯ ᠳᠠᠭᠤᠰᠤᠭᠰᠠᠨ ᠪᠠᠢᠪᠠᠯ ᠣᠢᠷ᠎ᠠ ᠬᠠᠪᠢ ᠶ᠋ᠢᠨ ᠪᠠᠶᠠᠴᠤᠳ ᠤ᠋ᠨ ᠠᠵᠢᠯ ᠠ᠋ᠴᠠ ᠬᠢᠯᠴᠡᠨᠡ᠃ ᠪᠢ ᠭᠡᠪᠡᠯ ᠠᠶ᠎ᠠ ᠬᠡᠴᠡᠭᠦᠦ᠂ ᠡᠳᠡᠨ ᠳ᠋ᠦ᠍ ᠬᠣᠷᠭᠣᠳᠠᠭᠠᠳ ᠨᠡᠮᠡᠷᠢ ᠪᠣᠯᠵᠤ ᠴᠢᠳᠠᠳᠠᠭ ᠦᠭᠡᠢ ᠭᠡᠵᠦ ᠮᠥᠨ ᠯᠡ ᠦᠢᠯᠡ ᠭᠤᠨᠢᠭ ᠪᠣᠯᠤᠨ ᠬᠡᠯᠡᠪᠡ᠃
ᠳ᠋ᠠᠨᠽᠠᠨ ᠠᠪᠠᠭᠠᠢ ᠶ᠋ᠢᠨ ᠶᠠᠩᠴᠢᠶᠠᠨ ᠠ᠋ᠴᠠ ᠠᠷᠤ ᠭᠡᠷ ᠢ᠋ᠶ᠋ᠡᠨ ᠰᠠᠨᠠᠯ᠎ᠠ᠃ ᠬᠥᠭᠰᠢᠨ ᠡᠬᠡ ᠪᠡᠨ ᠮᠥᠨ ᠯᠡ ᠡᠭᠦᠨ ᠰᠢᠭ ᠡᠨᠡ ᠲᠡᠷᠡ ᠶ᠋ᠢ ᠬᠤᠳᠬᠤᠯᠳᠤᠭᠤᠯᠤᠨ ᠶᠠᠷᠢᠵᠤ᠂ ᠪᠤᠰᠤᠳ ᠤ᠋ᠨ ᠡᠮᠦᠨ᠎ᠡ ᠰᠣᠯᠢᠶ᠎ᠠ ᠲᠠᠢ ᠶᠤᠮ ᠰᠢᠭ᠋ ᠦᠵᠡᠭᠳᠡᠵᠦ ᠪᠠᠢᠭ᠎ᠠ ᠪᠠᠢᠬᠤ ᠳᠠ ᠵᠠᠢᠯᠠᠭᠤᠯ ᠭᠡᠬᠦ ᠡᠴᠡ ᠵᠢᠷᠦᠬᠡ ᠴᠣᠬᠢᠯᠠᠨ ᠡᠯᠢᠭᠡ ᠡᠮᠲᠡᠷᠡᠨᠡ᠃ ᠶᠡᠷᠦ ᠨᠢᠭᠡᠨᠲᠡ ᠡᠢᠮᠦ ᠰᠡᠳᠬᠢᠯ ᠰᠠᠨᠠᠭᠠᠨ ᠤ᠋ ᠵᠣᠪᠠᠯᠠᠩ ᠪᠣᠯᠤᠭᠰᠠᠨ ᠬᠥᠮᠦᠨ ᠢ᠋ ᠶᠠᠮᠠᠷ ᠢ᠋ᠶ᠋ᠠᠷ ᠪᠣᠯᠪᠠᠴᠤ ᠲᠠᠢᠳᠬᠤᠷᠠᠭᠤᠯᠬᠤ ᠶᠣᠰᠣᠲᠠᠢ ᠳᠠ ᠭᠡᠵᠦ ᠪᠣᠳᠣᠪᠠ᠃
— ᠠᠬᠠᠢᠲᠠᠨ ᠮᠢᠨᠢ ᠲᠠ ᠰᠡᠳᠬᠢᠯ ᠵᠣᠪᠠᠬᠤ ᠬᠡᠷᠡᠭ ᠦᠭᠡᠢ᠃ ᠲᠠᠨ ᠤ᠋ ᠬᠦᠦ ᠢᠷᠡᠨ᠎ᠡ᠃ ᠲᠡᠨᠳᠡ ᠲᠡᠢᠨ ᠪᠣᠯᠵᠤ ᠪᠠᠢᠭ᠎ᠠ ᠭᠡᠬᠦ ᠪᠣᠯᠪᠠᠴᠤ ᠪᠢ ᠬᠥᠮᠦᠨ ᠦᠬᠦᠬᠦ ᠶ᠋ᠢ ᠪᠠᠷᠤᠭ ᠦᠵᠡᠭᠡ ᠦᠭᠡᠢ ᠰᠢᠦ᠃
— ᠠ᠋ ᠪᠢ ᠢᠲᠡᠭᠡᠶ᠎ᠡ᠂ ᠴᠢ ᠡᠢᠮᠦ ᠰᠠᠢᠬᠠᠨ ᠦᠭᠡ ᠶ᠋ᠢ ᠲᠦᠷᠦᠭᠦᠨ ᠨᠢᠭᠡ ᠬᠡᠯᠡᠭᠰᠡᠨ᠂ ᠣᠳᠣ ᠪᠠᠰᠠ ᠳᠠᠪᠲᠠᠨ ᠬᠡᠯᠡᠯ᠎ᠡ ᠭᠡᠵᠦ ᠠᠪᠠᠭᠠᠢ ᠲᠠᠢᠪᠤᠰᠢᠷᠠᠨ ᠠᠩᠬ᠎ᠠ ᠤᠳᠠᠭ᠎ᠠ ᠪᠠᠨ ᠢᠨᠢᠶᠡᠮᠰᠦᠭᠯᠡᠨ ᠬᠡᠦᠬᠡᠳ ᠦ᠋ᠳ ᠢ᠋ᠶ᠋ᠡᠨ《ᠲᠠ ᠨᠠᠷ ᠲᠣᠭᠣᠯᠤᠭ᠎ᠠ ᠪᠢᠵᠡ? ᠴᠠᠭᠠᠨ᠎ᠠ ᠴᠢᠨᠢ ᠠᠬ᠎ᠠ ᠴᠢᠨᠢ ᠤᠳᠠᠬᠤ ᠦᠭᠡᠢ ᠢᠷᠡᠬᠦ ᠭᠡᠵᠦ ᠪᠠᠢᠭ᠎ᠠ ᠶ᠋ᠢ? ᠶᠠᠪᠤᠬᠤ ᠳ᠋ᠠᠭᠠᠨ ᠶᠠᠭᠤ ᠶᠠᠭᠤ ᠶ᠋ᠢ ᠵᠠᠬᠢᠯ᠎ᠠ᠂ ᠲᠡᠷᠡ ᠶᠣᠰᠣᠭᠠᠷ ᠲᠠ ᠨᠠᠷ ᠳᠠᠷᠤᠢ ᠨᠣᠭᠣᠭᠠᠨ ᠤ᠋ ᠵᠠᠪᠰᠠᠷ ᠲᠦ ᠤᠷᠭᠤᠭᠰᠠᠨ ᠮᠠᠭᠤ ᠡᠪᠡᠰᠦ ᠶ᠋ᠢ ᠡᠳᠦᠷ ᠪᠦᠷᠢ ᠵᠤᠯᠭᠠᠭᠠᠵᠤ᠂ ᠥᠷᠯᠥᠭᠡ ᠪᠦᠷᠢ ᠱᠤᠤᠳᠠᠭᠤ ᠶ᠋ᠢᠨ ᠤᠰᠤ ᠲᠠᠯᠪᠢᠨ ᠠᠪᠤ ᠳ᠋ᠠᠭᠠᠨ ᠲᠤᠰᠠᠯᠠᠵᠤ ᠪᠠᠢ ᠮᠠᠲᠠᠪᠠᠤ?》 ᠶᠡᠬᠡ ᠬᠦᠦ ᠡᠬᠡ ᠪᠡᠨ ᠬᠡᠨᠡᠭ ᠦᠭᠡᠢ ᠰᠢᠷᠲᠡᠨ᠄
— ᠦᠭᠡᠢ ᠠ᠋᠂ ᠪᠢ ᠮᠡᠳᠡᠭᠡ ᠦᠭᠡᠢ ᠭᠡᠯᠡ᠃
— ᠶᠠᠭᠤ? ᠶᠠᠭᠠᠬᠢᠭᠠᠳ ᠴᠢ ᠮᠡᠳᠡᠭᠡ ᠦᠭᠡᠢ ᠪᠠᠢᠨ᠎ᠠ ᠪᠣᠢ? ᠭᠡᠵᠦ ᠡᠬᠡ ᠨᠢ ᠵᠠᠩᠳᠤᠷᠲᠠᠯᠠ ᠬᠦᠦ ᠬᠠᠷᠢᠭᠤ ᠳ᠋ᠤᠨᠢ᠄
— ᠣᠳᠣ ᠤᠷᠭᠤᠵᠤ ᠪᠠᠢᠭ᠎ᠠ ᠨᠣᠭᠣᠭ᠎ᠠ ᠬᠠᠮᠢᠭ᠎ᠠ ᠴᠦ᠍ ᠪᠠᠢᠬᠤ ᠦᠭᠡᠢ᠂ ᠱᠤᠤᠳᠠᠭᠣ ᠪᠠᠰᠠ ᠬᠥᠯᠳᠡᠴᠢᠭᠰᠡᠨ ᠰᠢᠦ ᠳᠡ ᠭᠡᠪᠡ᠃
ᠡᠬᠡ ᠳᠠᠷᠤᠢ ᠢᠨᠢᠶᠡᠨ
— ᠠ᠋ ᠴᠢ ᠮᠥᠨ ᠴᠦ᠍ ᠤᠬᠠᠭᠠᠨ ᠲᠠᠢ ᠪᠠᠢᠨ᠎ᠠ᠂ ᠬᠣᠢᠰᠢᠳᠠ ᠪᠠᠨ ᠮᠥᠨ ᠯᠡ ᠡᠢᠮᠦ ᠤᠬᠠᠭᠠᠨ ᠲᠠᠢ ᠬᠡᠪ ᠢ᠋ᠶ᠋ᠡᠷ ᠢ᠋ᠶ᠋ᠡᠨ ᠪᠠᠢᠭᠠᠷᠠᠢ᠂ ᠮᠠᠲᠠᠪᠠᠤ?
— ᠮᠡᠳᠡᠯ᠎ᠡ᠃
— ᠲᠡᠭᠡᠪᠡᠯ᠂ ᠭᠠᠷᠴᠠᠭ᠎ᠠ᠃ ᠲᠦᠯᠡᠰᠢ ᠤᠷᠤᠭᠤᠯ᠃ ᠪᠢ ᠬᠣᠭᠣᠯᠠ ᠬᠢᠨ᠎ᠡ᠃ ᠬᠠᠷᠢᠨ ᠲᠠ ᠨᠠᠷ ᠲᠤ ᠪᠢᠰᠢ ᠡᠨᠡ᠂ ᠠᠬ᠎ᠠ ᠶ᠋ᠢᠨ ᠴᠢᠨᠢ ᠨᠥᠬᠥᠷ ᠲᠦ᠍ ᠰᠢᠦ᠃
ᠬᠡᠦᠬᠡᠳ ᠦ᠋ᠳ ᠭᠦᠶᠦᠯᠳᠦᠨ ᠭᠠᠷᠴᠤ ᠲᠠᠷᠢᠶᠠᠨ ᠤ᠋ ᠮᠤᠰᠬᠢᠬᠰᠠᠨ ᠰᠦᠷᠡᠯ ᠣᠷᠣᠭᠤᠯᠵᠤ ᠢᠷᠡᠪᠡ᠃ ᠠᠪᠠᠭᠠᠢ ᠤᠭᠲᠤᠨ ᠠᠪᠴᠤ ᠵᠠᠭᠠᠵᠤᠤᠷ ᠢ᠋ᠶ᠋ᠠᠷ ᠴᠠᠪᠴᠢᠯᠠᠨ ᠬᠡᠰᠡᠭᠯᠡᠵᠦ ᠪᠢᠴᠢᠬᠠᠨ ᠰᠢᠪᠡᠷ ᠵᠤᠤᠬᠠᠨ ᠳ᠋ᠠᠭᠠᠨ ᠵᠢᠷᠤᠨ ᠠᠰᠠᠭᠠᠪᠠ᠃
— ᠢᠩᠭᠢᠬᠦ ᠳ᠋ᠦ᠍ ᠨᠤᠲᠤᠭ ᠴᠢᠨᠢ ᠬᠠᠮᠢᠭ᠎ᠠ ᠪᠢᠯᠡ ᠳᠠ?
— ᠭᠠᠳᠠᠭᠠᠳᠤ ᠮᠣᠩᠭᠣᠯ ᠳ᠋ᠤ᠌᠃
— ᠭᠠᠳᠠᠭᠠᠳᠤ ᠮᠣᠩᠭᠣᠯ?
— ᠲᠡᠢᠮᠦ ᠠ᠋᠂ ᠪᠢ ᠴᠦ᠍ ᠭᠠᠳᠠᠭᠠᠳᠤ ᠮᠣᠩᠭᠣᠯ ᠬᠥᠮᠦᠨ᠃
— ᠵᠠ᠂ ᠵᠠ ᠣᠳᠣ ᠮᠡᠳᠡᠯ᠎ᠡ᠃ ᠪᠢ ᠴᠢᠨᠦ ᠶᠠᠷᠢᠶᠠᠨ ᠤ᠋ ᠪᠠᠢᠳᠠᠯ ᠢ᠋ ᠭᠠᠢᠬᠠᠭᠠᠳ ᠪᠠᠢᠯ᠎ᠠ᠃ ᠲᠡᠭᠡᠭᠰᠡᠨ ᠴᠢᠨᠢ ᠭᠠᠳᠠᠭᠠᠳᠤ ᠮᠣᠩᠭᠣᠯ ᠬᠥᠮᠦᠨ ᠪᠠᠢᠵᠠᠢ ᠭᠡᠵᠦ ᠪᠣᠳᠣᠭᠰᠠᠨ ᠢ᠋ᠶ᠋ᠠᠨ᠂ ᠢᠩᠭᠢᠬᠦ ᠳ᠋ᠦ᠍ ᠭᠠᠳᠠᠭᠠᠳᠤ ᠮᠣᠩᠭᠣᠯ ᠬᠥᠮᠦᠨ ᠮᠠᠨᠢ ᠡᠨᠳᠡᠬᠢ ᠶ᠋ᠢᠨ ᠴᠡᠷᠢᠭ ᠲᠦ᠍ ᠶᠠᠪᠤᠬᠤ ᠶᠠᠭᠤ ᠪᠢᠯᠡ?
— ᠦᠭᠡᠢ ᠳᠡ᠂ ᠪᠢ ᠵᠢᠩᠴᠢᠨ ᠬᠥᠮᠦᠨ᠂ ᠨᠢᠳᠤᠨᠤᠨ ᠵᠢᠩ ᠲᠡᠭᠡᠭᠡᠨ ᠵᠠᠩᠴᠢᠭᠦᠦ ᠳ᠋ᠦ᠍ ᠢᠷᠡᠭᠡᠳ ᠴᠡᠷᠢᠭ ᠲᠦ᠍ ᠪᠠᠷᠢᠭᠳᠠᠭᠰᠠᠨ ᠶᠤᠮ᠃
— ᠠᠶ᠎ᠠ ᠭᠡᠵᠦ ᠠᠪᠠᠭᠠᠢ ᠤᠤᠯᠭ᠎ᠠ ᠠᠯᠳᠠᠭᠠᠳ ᠲᠡᠭᠡᠭᠡᠳ ᠴᠢ ᠶᠠᠭᠠᠬᠢᠵᠤ ᠭᠠᠷᠴᠤ ᠢᠷᠡᠪᠡ?
ᠡᠨᠡ ᠲᠤᠬᠠᠢ ᠳ᠋ᠤ᠌ ᠳ᠋ᠠᠨᠽᠠᠨ ᠦᠨᠡᠨ ᠢ᠋ᠶ᠋ᠡᠨ ᠬᠡᠯᠡᠬᠦ ᠶ᠋ᠢ ᠲᠠᠲᠠᠭᠠᠯᠵᠠᠨ᠎ᠠ᠃
— ᠶᠡᠬᠡ ᠨᠣᠶᠠᠨ ᠨᠠᠮᠠᠶ᠋ᠢ ᠬᠠᠷᠢ ᠭᠡᠵᠦ ᠲᠤᠰᠢᠶᠠᠭᠰᠠᠨ ᠭᠡᠵᠦ ᠬᠡᠨᠡᠭ ᠦᠭᠡᠢ ᠪᠠᠢᠳᠠᠯ ᠦᠵᠡᠭᠦᠯᠬᠦ ᠶ᠋ᠢ ᠤᠷᠤᠯᠳᠤᠨ ᠪᠡᠶ᠎ᠡ ᠪᠡᠨ ᠪᠠᠷᠢᠨ ᠬᠡᠯᠡᠪᠡ᠃ ᠠᠪᠠᠭᠠᠢ ᠨᠢᠳᠦ ᠰᠡᠷᠭᠦᠨ᠄
— ᠶᠠᠭᠠᠬᠢᠭᠠᠳ ᠲᠡᠷᠡ ᠪᠣᠢ?
— ᠪᠤᠤ ᠮᠡᠳᠡ᠂ ᠶᠠᠪᠤᠬᠤ ᠦᠭᠡᠢ ᠭᠡᠬᠦ ᠳ᠋ᠦ᠍ ᠵᠠᠪᠠᠯ ᠶᠠᠪᠤ ᠭᠡᠵᠦ ᠲᠤᠰᠢᠶᠠᠯ᠎ᠠ᠃
— ᠠ᠋ ᠴᠢ ᠶᠠᠭᠠᠬᠢᠭᠰᠠᠨ ᠲᠣᠮᠣᠭ᠎ᠠ ᠦᠭᠡᠢ ᠪᠣᠢ? ᠲᠡᠨᠳᠡ ᠬᠣᠷᠭᠣᠳᠠᠬᠤ ᠶ᠋ᠢᠨ ᠬᠡᠷᠡᠭ ᠶᠠᠭᠤ ᠪᠢᠯᠡ?
— ᠣᠳᠣ ᠶᠠᠭᠠᠬᠢᠶ᠎ᠠ ᠭᠡᠬᠦ ᠪᠣᠢ? ᠲᠡᠮᠡᠭᠡ ᠨᠦ᠍ᠭᠦᠳ ᠲᠡᠭᠡᠨ ᠬᠣᠷᠭᠣᠳᠠᠭᠠᠳ ᠯᠠ ᠲᠡᠷᠡ ᠳᠠ᠃
— ᠠ᠋ ᠲᠡᠮᠡᠭᠡ ᠶᠠᠭᠤᠨ ᠤ᠋ ᠬᠠᠮᠢᠶ᠎ᠠ ᠭᠡᠰᠡᠨ ᠢ᠋ᠶ᠋ᠡᠨ ᠠᠪᠠᠭᠠᠢ᠄ ᠦᠭᠡᠢ ᠮᠢᠨᠦ ᠬᠦᠦ ᠨᠢᠭᠡ ᠡᠳᠦᠷ ᠢᠩᠭᠢᠭᠡᠳ ᠬᠦᠷᠦᠭᠡᠳ ᠢᠷᠡᠪᠡᠯ ᠶᠠᠭᠠᠬᠢᠨ᠎ᠠ? ᠭᠡᠵᠦ ᠭᠠᠭᠴᠠᠭᠠᠷ ᠢ᠋ᠶ᠋ᠠᠨ ᠶᠠᠷᠢᠨ ᠭᠠᠵᠠᠷ ᠰᠢᠷᠳᠡᠪᠡ᠃ ᠭᠡᠪᠡᠴᠦ ᠲᠡᠷᠡ ᠳᠣᠣᠷᠠᠬᠠᠨ ᠢ᠋ᠶ᠋ᠠᠨ ᠳ᠋ᠠᠨᠽᠠᠨ ᠤ᠋ ᠬᠡᠯᠡᠭᠰᠡᠨ ᠦᠭᠡᠰ ᠢ᠋ ᠡᠷᠭᠢᠴᠡᠭᠦᠯᠦᠨ ᠪᠣᠳᠣᠵᠠᠢ᠃ ᠪᠠᠶᠠᠴᠤᠳ ᠵᠠᠷᠤᠴᠠ ᠨᠠᠷ ᠢ᠋ᠶ᠋ᠠᠨ ᠬᠥᠭᠡᠭᠡᠵᠦ ᠶᠠᠪᠤᠭᠤᠯᠳᠠᠭ ᠠ᠋ᠴᠠ ᠪᠢᠰᠢ᠂ ᠨᠣᠶᠠᠳ ᠴᠡᠷᠢᠭ ᠦ᠋ᠳ ᠢ᠋ᠶ᠋ᠡᠨ ᠬᠥᠭᠡᠭᠡᠨ ᠶᠠᠪᠤᠭᠤᠯᠳᠠᠭ ᠢ᠋ ᠪᠢ ᠲᠣᠭᠣᠯᠤᠭ᠎ᠠ ᠦᠭᠡᠢ ᠴᠦ᠍ ᠪᠠᠢᠬᠤ ᠨᠢ ᠶᠠᠭᠤ ᠪᠣᠢ? ᠭᠡᠵᠦ ᠠᠮᠠᠨ ᠳ᠋ᠠᠭᠠᠨ ᠰᠢᠪᠡᠨᠡᠪᠡ᠃
— ᠦᠭᠡᠢ ᠬᠦᠦ ᠴᠢ ᠨᠠᠳᠠ ᠳ᠋ᠤ᠌ ᠦᠨᠡᠨ ᠢ᠋ᠶ᠋ᠡᠨ ᠬᠡᠯᠡ᠂ ᠲᠡᠨᠳᠡᠬᠢ ᠶ᠋ᠢᠨ ᠨᠣᠶᠠᠨ ᠴᠢᠮᠠᠶ᠋ᠢ ᠨᠡᠭᠡᠷᠡᠨ ᠬᠥᠭᠡᠭᠡᠨ ᠶᠠᠪᠤᠭᠤᠯᠪᠠᠤ?
— ᠲᠡᠢᠮᠦ ᠳᠡ᠂ ᠨᠣᠶᠠᠨ ᠯᠠ ᠶᠠᠪᠤ ᠭᠡᠰᠡᠨ ᠭᠡᠵᠦ ᠳ᠋ᠠᠨᠽᠠᠨ ᠨᠢᠳᠦ ᠴᠠᠪᠴᠢᠯᠠᠨ ᠬᠡᠯᠡᠪᠡ᠃
ᠲᠡᠭᠡᠪᠡᠯ ᠨᠡᠭᠡᠷᠡᠨ ᠲᠡᠢᠨ ᠳᠠᠭᠤᠰᠬᠤ ᠭᠡᠵᠦ ᠪᠠᠢᠭ᠎ᠠ ᠶᠤᠮ ᠪᠠᠢᠨ᠎ᠠ ᠭᠡᠵᠦ ᠠᠪᠠᠭᠠᠢ ᠢᠨᠢᠶᠡᠮᠰᠦᠭᠯᠡᠭᠡᠳ ᠬᠡᠦᠬᠡᠳ ᠦ᠋ᠳ ᠦ᠋ᠨ ᠢ᠋ᠶ᠋ᠡᠨ ᠨᠡᠮᠡᠨ ᠣᠷᠣᠭᠤᠯᠵᠤ ᠢᠷᠡᠭᠰᠡᠨ ᠡᠪᠡᠰᠦ ᠶ᠋ᠢ ᠤᠭᠲᠤᠨ ᠠᠪᠴᠤ ᠵᠠᠭᠠᠵᠤᠤᠷᠳᠠᠪᠠ᠃
ᠳ᠋ᠠᠨᠽᠠᠨ ᠲᠡᠷᠡ ᠳᠡᠯᠢᠮ ᠳ᠋ᠦ᠍ᠨᠢ ᠠᠪᠠᠭᠠᠢ ᠶ᠋ᠢᠨ ᠪᠠᠢᠳᠠᠯ ᠢ᠋ ᠲᠠᠪᠠᠲᠠᠢ ᠨᠢ ᠠᠷᠭ᠎ᠠ ᠦᠭᠡᠢ ᠠᠵᠢᠭᠯᠠᠪᠠ᠃ ᠢᠩᠭᠢᠬᠦ ᠳ᠋ᠦ᠍ ᠠᠪᠠᠭᠠᠢ ᠥᠪᠡᠷ ᠦ᠋ᠨ ᠬᠢᠨᠢ ᠡᠬᠡ ᠲᠡᠢ ᠲᠤᠩ ᠠᠳᠠᠯᠢᠬᠠᠨ ᠦᠵᠡᠭᠳᠡᠭᠰᠡᠨ ᠪᠥᠭᠡᠳ ᠲᠡᠭᠦᠨ ᠦ᠌ ᠡᠮᠦᠨ᠎ᠡ ᠡᠯᠳᠡᠪ ᠬᠤᠳᠠᠯ ᠢ᠋ ᠶᠠᠷᠢᠵᠤ ᠪᠠᠢᠭ᠎ᠠ ᠪᠠᠨ ᠰᠠᠨᠠᠬᠤ ᠳ᠋ᠤ᠌ ᠨᠢᠭᠤᠷ ᠤᠯᠠᠢᠨ ᠰᠠᠭᠤᠵᠤ ᠪᠠᠢᠬᠤ ᠶ᠋ᠢᠨ ᠠᠷᠭ᠎ᠠ ᠦᠭᠡᠢ ᠪᠣᠯᠪᠠ᠃
— ᠠ᠋ ᠠᠬᠠᠢᠲᠠᠨ ᠠ᠋! ᠪᠢ ᠶᠠᠪᠤᠶ᠎ᠠ᠃ ᠪᠠᠶᠠᠷ ᠲᠠᠢ ᠭᠡᠳ ᠪᠣᠰᠬᠤ ᠳ᠋ᠤ᠌ ᠠᠪᠠᠭᠠᠢ᠂
— ᠦᠭᠡᠢ ᠴᠢ ᠰᠠᠭᠤ ᠭᠡᠵᠦ ᠲᠦᠷᠦᠭᠦᠴᠢ ᠶ᠋ᠢᠨ ᠠᠳᠠᠯᠢ ᠪᠣᠰᠤᠨ ᠵᠠᠮ ᠲᠠᠭᠯᠠᠭᠠᠳ᠂ ᠴᠢ ᠮᠠᠨ ᠤ᠋ ᠳ᠋ᠤ᠌ ᠬᠣᠭᠣᠯᠠ ᠢᠳᠡᠬᠦ ᠶᠣᠰᠣᠲᠠᠢ᠂ ᠲᠡᠷᠡ ᠪᠠᠢᠲᠤᠭᠠᠢ ᠬᠣᠨᠣ᠂ ᠬᠡᠳᠦ ᠬᠣᠨᠣᠭᠰᠠᠨ ᠴᠤ᠌ ᠶᠠᠭᠠᠬᠢᠬᠤᠪ᠂ ᠵᠦᠭᠡᠷ ᠠᠮᠠᠷᠠ᠃
ᠡᠨᠡ ᠦᠭᠡᠨ ᠳ᠋ᠦ᠍ ᠳ᠋ᠠᠨᠽᠠᠨ ᠤᠯᠠᠮ ᠢ᠋ᠶ᠋ᠠᠷ ᠠᠶᠤᠨ ᠰᠣᠴᠢᠪᠠ᠃
— ᠵᠦᠭᠡᠷ᠂ ᠪᠢ ᠶᠠᠳᠠᠷᠠᠭ᠎ᠠ ᠦᠭᠡᠢ ᠶᠠᠪᠤᠭ᠎ᠠ᠃
— ᠬᠤᠳᠠᠯ ᠠ᠋᠃ ᠵᠢᠰᠦ ᠴᠢᠷᠠᠢ ᠠ᠋ᠴᠠ ᠪᠠᠨ ᠠᠪᠤᠭᠠᠳ ᠡᠮᠦᠰᠦᠭᠰᠡᠨ ᠨᠢ ᠬᠦᠷᠲᠡᠯ᠎ᠡ ᠢᠩᠭᠢᠵᠦ ᠬᠥᠮᠦᠨ ᠡᠴᠡ ᠭᠠᠳᠠᠭᠤᠷ ᠪᠣᠯᠤᠭᠰᠠᠨ᠂ ᠬᠠᠮᠢᠭ᠎ᠠ ᠠ᠋ᠴᠠ ᠶᠠᠳᠠᠷᠠᠭ᠎ᠠ ᠦᠭᠡᠢ ᠪᠠᠢᠬᠤ ᠪᠢᠯᠡ ᠭᠡᠵᠦ ᠬᠣᠢᠰᠢ ᠲᠦᠷᠢᠨ ᠬᠠᠨᠵᠤᠨ ᠳᠡᠭᠡᠷ᠎ᠡ ᠪᠡᠨ ᠰᠠᠭᠤᠯᠭᠠᠪᠠ᠃
— ᠦᠭᠡᠢ ᠪᠢ ᠡᠵᠢ ᠲᠡᠢ ᠪᠡᠨ ᠠᠭᠤᠯᠵᠠᠬᠤ ᠭᠡᠵᠦ ᠶᠠᠭᠠᠷᠠᠵᠤ ᠶᠠᠪᠤᠭ᠎ᠠ ᠬᠥᠮᠦᠨ ᠰᠢᠦ ᠭᠡᠵᠦ ᠨᠡᠮᠡᠨ᠂ ᠪᠠᠰᠠ ᠬᠤᠳᠠᠯ ᠬᠡᠯᠡᠬᠦ ᠳ᠋ᠦ᠍᠄
— ᠠ᠋ ᠴᠢ ᠶᠠᠭᠠᠬᠢᠭᠰᠠᠨ ᠰᠠᠢᠨ ᠬᠦᠦ ᠪᠣᠢ? ᠭᠡᠵᠦ ᠨᠢᠳᠦᠨ ᠳ᠋ᠡᠭᠡᠨ ᠨᠢᠯᠪᠤᠰᠤ ᠬᠤᠷᠠᠯᠳᠤᠭᠤᠯᠤᠭᠠᠳ᠂
— ᠡᠬᠡ ᠶ᠋ᠢᠨ ᠲᠥᠯᠥᠭᠡ ᠶᠠᠳᠠᠷᠠᠬᠤ ᠶ᠋ᠢ ᠮᠡᠳᠡᠬᠦ ᠦᠭᠡᠢ ᠶᠠᠪᠤᠭ᠎ᠠ ᠪᠠᠷ ᠢ᠋ᠶ᠋ᠠᠨ ᠴᠢ ᠰᠠᠢᠨ ᠶᠤᠮ ᠭᠡᠵᠦ ᠨᠢᠳᠦᠨ ᠦ᠌ ᠨᠢᠯᠪᠤᠰᠤ ᠶ᠋ᠢ ᠠᠷᠴᠢᠨ᠎ᠠ᠃
— ᠠᠯᠢ᠂ ᠴᠢ ᠨᠠᠭᠠᠰᠢ ᠬᠠᠷ᠎ᠠ᠂ ᠪᠢ ᠴᠢᠮᠠᠶ᠋ᠢ ᠳᠠᠬᠢᠨ ᠨᠢᠭᠡ ᠠᠵᠢᠭᠯᠠᠶᠠ ᠭᠡᠰᠡᠨ ᠳ᠋ᠦ᠍ ᠳ᠋ᠠᠨᠽᠠᠨ ᠠᠷᠭ᠎ᠠ ᠪᠤᠶᠤ ᠲᠠᠭᠠᠯᠠᠯ ᠢ᠋ ᠨᠢ ᠳᠠᠭᠠᠭᠤᠯᠤᠨ ᠥᠭᠡᠳᠡ ᠡᠴᠡ ᠨᠢ ᠬᠠᠷᠠᠪᠠ᠃ ᠨᠢᠯᠪᠤᠰᠤ ᠴᠡᠢᠯᠡᠭᠡᠨᠡᠭᠰᠡᠨ ᠨᠢᠳᠦ᠂ ᠦᠷᠭᠦᠯᠵᠢᠯᠡᠨ ᠴᠡᠴᠡᠷᠬᠢᠨᠡᠵᠤ ᠪᠠᠢᠭ᠎ᠠ ᠤᠷᠤᠭᠤᠯ᠂ ᠡᠨᠡ ᠲᠡᠷᠡ ᠨᠢ ᠬᠡᠳᠦᠢ ᠪᠡᠷ ᠪᠠᠶᠠᠷ ᠤ᠋ᠨ ᠪᠣᠯᠪᠠᠴᠤ ᠳ᠋ᠠᠨᠽᠠᠨ ᠳ᠋ᠤ᠌ ᠠᠶᠤᠨ ᠵᠢᠭᠤᠲᠠᠮᠠᠷ ᠦᠵᠡᠭᠳᠡᠪᠡ᠃
— ᠠ᠋ ᠴᠢ ᠶᠣᠰᠣᠲᠠᠢ ᠰᠠᠢᠨ ᠬᠦᠦ ᠪᠠᠢᠨ᠎ᠠ᠂ ᠡᠵᠢ ᠳ᠋ᠡᠭᠡᠨ ᠶᠠᠭᠠᠷᠠᠵᠤ ᠶᠠᠪᠤᠭ᠎ᠠ ᠪᠠᠷ ᠢ᠋ᠶ᠋ᠠᠨ ᠯᠠ ᠭᠡᠵᠦ ᠠᠮᠠᠨ ᠳ᠋ᠠᠭᠠᠨ ᠰᠢᠪᠡᠭᠡᠨᠡᠭᠡᠳ
— ᠭᠡᠲᠡᠯ᠎ᠡ ᠨᠤᠲᠤᠭ ᠴᠢᠨᠢ ᠬᠣᠯᠠ ᠰᠢᠦ ᠳᠡ᠃ ᠲᠡᠮᠡᠭᠡᠨ ᠵᠢᠩ ᠦ᠋ᠨ ᠬᠥᠮᠦᠰ ᠰᠠᠷ᠎ᠠ ᠰᠢᠬᠠᠮ ᠶᠠᠪᠤᠳᠠᠭ ᠭᠡᠵᠦ ᠤᠯᠤᠰ ᠤ᠋ᠨ ᠬᠡᠯᠡᠯᠴᠡᠬᠦ ᠶ᠋ᠢ ᠪᠢ ᠲᠤᠭᠤᠯᠤᠭᠰᠠᠨ᠃ ᠡᠢᠮᠦ ᠳ᠋ᠦ᠍ ᠴᠢ ᠪᠢᠲᠡᠭᠡᠢ ᠶᠠᠭᠠᠷᠠ ᠭᠡᠵᠦ ᠶᠣᠰᠣᠲᠠᠢ ᠡᠬᠡ ᠶ᠋ᠢᠨ ᠰᠠᠢᠬᠠᠨ ᠬᠠᠯᠠᠭᠤᠨ ᠠᠮᠢᠰᠬᠤᠯ ᠢ᠋ᠶ᠋ᠠᠷ ᠬᠡᠯᠡᠪᠡ᠃ ᠬᠠᠷᠢᠭᠤ ᠳ᠋ᠤᠨᠢ ᠳ᠋ᠠᠨᠽᠠᠨ᠄ ᠵᠠ ᠭᠡᠯᠡ᠃
ᠠᠪᠠᠭᠠᠢ ᠴᠡᠩᠬᠡᠷ ᠫᠠᠯᠠᠩ ᠲᠠᠢ ᠲᠥᠮᠫᠦᠨ ᠢ᠋ ᠬᠠᠨᠵᠤᠨ ᠳᠣᠣᠷ᠎ᠠ ᠠ᠋ᠴᠠ ᠭᠠᠷᠭᠠᠨ ᠭᠤᠷᠪᠠᠨ ᠲᠤᠯᠭᠠᠭᠤᠷᠢᠲᠤ ᠲᠠᠯᠪᠢᠭᠤᠷ ᠳᠡᠭᠡᠷ᠎ᠡ ᠲᠠᠯᠪᠢᠨ ᠤᠰᠤ ᠬᠢᠵᠦ᠂ ᠵᠠ ᠣᠳᠣ ᠭᠠᠷ ᠨᠢᠭᠤᠷ ᠢ᠋ᠶ᠋ᠠᠨ ᠤᠬᠢᠶᠠ ᠭᠡᠳ ᠰᠢᠨ᠎ᠡ ᠴᠠᠭᠠᠨ ᠠᠯᠴᠢᠭᠤᠷ᠂ ᠴᠡᠴᠡᠭ ᠦ᠋ᠨ ᠦᠨᠦᠷ ᠲᠡᠢ ᠰᠠᠪᠤᠩ ᠭᠠᠷᠭᠠᠵᠤ ᠥᠭᠪᠡ᠃ ᠳ᠋ᠠᠨᠽᠠᠨ ᠠᠪᠠᠭᠠᠢ ᠶ᠋ᠢᠨ ᠡᠷᠬᠡᠨ ᠳ᠋ᠦ᠍ ᠪᠦᠷᠢᠮᠦᠰᠦᠨ ᠣᠷᠣᠭᠰᠠᠨ ᠮᠡᠲᠦ ᠦᠭᠡ ᠳᠠᠭᠤᠨ ᠦᠭᠡᠢ ᠪᠣᠰᠤᠨ ᠰᠠᠷᠯᠤᠭ ᠤ᠋ᠨ ᠬᠢ ᠰᠢᠭ ᠪᠣᠯᠤᠭᠰᠠᠨ ᠲᠣᠯᠣᠭᠠᠢ ᠪᠠᠨ ᠬᠦᠷᠲᠡᠯ᠎ᠡ ᠰᠠᠪᠤᠩᠳᠠᠨ ᠤᠬᠢᠶᠠᠵᠤ ᠡᠬᠢᠯᠡᠪᠡ᠃ ᠠᠪᠠᠭᠠᠢ ᠭᠣᠯᠤᠵᠠ᠂ ᠭᠠᠮᠪᠠᠨᠵᠠ ᠬᠣᠶᠠᠷ ᠢ᠋ᠶ᠋ᠠᠨ ᠡᠮᠦᠨ᠎ᠡ ᠪᠡᠨ ᠲᠠᠯᠪᠢᠨ ᠬᠣᠭᠣᠯᠠ ᠬᠢᠬᠦ ᠠᠵᠢᠯ ᠳ᠋ᠠᠭᠠᠨ ᠣᠷᠣᠪᠠ᠃ ᠳ᠋ᠠᠨᠽᠠᠨ ᠤ᠋ ᠣᠷᠣᠨ ᠨᠤᠲᠤᠭ ᠤ᠋ᠨ ᠪᠠᠢᠳᠠᠯ᠂ ᠠᠷᠤ ᠭᠡᠷ ᠦ᠋ᠨ ᠬᠢᠨᠢ ᠠᠵᠤ ᠠᠮᠢᠳᠤᠷᠠᠯᠭ᠎ᠠ ᠠ᠋ᠴᠠ ᠨᠢ ᠠᠰᠠᠭᠤᠨ ᠰᠣᠨᠢᠷᠬᠠᠬᠤ ᠪᠣᠯᠤᠭᠰᠠᠨ ᠪᠥᠭᠡᠳ ᠡᠨᠡ ᠨᠢ ᠳ᠋ᠠᠨᠽᠡᠨ ᠦ᠌ ᠰᠡᠳᠬᠢᠯ ᠢ᠋ ᠠᠮᠤᠷ ᠲᠠᠢᠪᠤᠩ ᠪᠣᠯᠭᠠᠪᠠ᠃ ᠴᠠᠭᠠᠰᠢ ᠶᠠᠷᠢᠯᠴᠠᠬᠤ ᠳᠣᠳᠣᠮ ᠢ᠋ᠶ᠋ᠠᠨ ᠠᠪᠠᠭᠠᠢ ᠶ᠋ᠢᠨ ᠦᠷ᠎ᠡ ᠪᠡᠨ ᠭᠡᠰᠡᠨ ᠮᠥᠷᠥᠭᠡᠳᠦᠯ᠂ ᠥᠭᠡᠷ᠎ᠡ ᠪᠤᠰᠤᠳ ᠢ᠋ ᠡᠨᠡᠷᠢᠨ ᠬᠠᠢᠷᠠᠯᠠᠵᠤ ᠪᠣᠢ ᠠᠷᠢᠭᠤᠨ ᠰᠡᠳᠬᠢᠯ ᠢ᠋ ᠬᠦᠨᠳᠦᠳᠬᠡᠨ ᠦᠵᠡᠬᠦ ᠡᠴᠡ ᠥᠭᠡᠷ᠎ᠡ ᠶᠠᠭᠤᠮ᠎ᠠ ᠦᠭᠡᠢ ᠪᠣᠯᠵᠠᠢ᠃ ᠡᠢᠮᠦ ᠬᠥᠮᠦᠨ ᠢ᠋ ᠪᠢ ᠶᠠᠭᠤ ᠪᠠᠷ ᠢ᠋ᠶ᠋ᠠᠨ ᠪᠠᠶᠠᠰᠬᠠᠬᠤ ᠪᠢᠯᠡ? ᠭᠡᠰᠡᠨ ᠳ᠋ᠡᠭᠡᠨ ᠪᠠᠷᠠᠭᠤᠨ ᠲᠠᠰᠢᠶᠠᠨ ᠤ᠋ ᠪᠠᠨ ᠡᠪᠦᠷ ᠲᠦ᠍ ᠭᠠᠷ ᠢ᠋ᠶ᠋ᠠᠨ ᠬᠢᠨ ᠮᠥᠩᠭᠥᠨ ᠶᠠᠩᠴᠢᠶᠠᠨ ᠢ᠋ᠶ᠋ᠠᠨ ᠲᠡᠮᠲᠡᠷᠢᠨ ᠪᠠᠷᠢᠭᠰᠠᠨ ᠢ᠋ᠶ᠋ᠠᠨ ᠡᠭᠦᠨ ᠡᠴᠡ ᠪᠡᠨ ᠥᠭᠭᠦᠭᠰᠡᠨ ᠳ᠋ᠦ᠍ ᠣᠷᠣᠪᠠᠯ ᠪᠤᠤᠷ᠎ᠠ ᠪᠠᠨ ᠥᠭᠪᠡᠯ ᠶᠠᠭᠠᠬᠢᠭᠰᠠᠨ ᠶᠤᠮ ᠪᠣᠢ? ᠲᠡᠷᠡ ᠮᠠᠨᠢ ᠲᠡᠷᠡ ᠲᠡᠢ᠂ ᠲᠡᠷᠡ ᠦᠭᠡᠢ ᠣᠷᠣᠨ ᠨᠤᠲᠤᠭ ᠲᠠᠭᠠᠨ ᠬᠦᠷᠴᠦ ᠴᠢᠳᠠᠬᠤ ᠦᠭᠡᠢ ᠰᠢᠦ ᠳᠡ ᠭᠡᠵᠦ ᠪᠣᠳᠣᠪᠠ᠃
— ᠪᠢ ᠨᠢᠭᠡ ᠲᠡᠮᠡᠭᠡ ᠲᠡᠢ ᠶᠠᠪᠤᠭ᠎ᠠ ᠬᠥᠮᠦᠨ᠂ ᠲᠡᠭᠦᠨ ᠢ᠋ᠶ᠋ᠡᠨ ᠥᠭᠪᠡᠯ ᠲᠠᠨ ᠤ᠋ ᠳ᠋ᠤ᠌ ᠬᠡᠷᠡᠭ ᠪᠣᠯᠬᠤ ᠤᠤ? ᠭᠡᠪᠡ᠃
ᠠᠪᠠᠭᠠᠢ ᠡᠨᠡ ᠦᠭᠡ ᠶ᠋ᠢ ᠲᠣᠳᠣᠷᠬᠠᠢ ᠲᠤᠭᠤᠯᠤᠭᠰᠠᠨ ᠪᠣᠯᠪᠠᠴᠤ᠂ ᠴᠢᠬᠢᠨ ᠳ᠋ᠡᠭᠡᠨ ᠢᠲᠡᠭᠡᠯ ᠦᠭᠡᠢ ᠥᠨᠳᠡᠢᠵᠦ᠂
— ᠶᠠᠭᠤ? ᠲᠡᠮᠡᠭᠡ ᠭᠡᠨ᠎ᠡ?
— ᠲᠡᠢᠮᠦ ᠠ᠋᠂ ᠲᠡᠮᠡᠭᠡ᠃ ᠣᠳᠣᠬᠠᠨ ᠳ᠋ᠠᠭᠠᠨ ᠶᠠᠳᠠᠷᠠᠯ ᠤ᠋ᠨ ᠲᠤᠢᠯ ᠳ᠋ᠤ᠌ ᠭᠦᠷᠦᠨ ᠶᠠᠪᠤᠵᠤ ᠴᠢᠳᠠᠬᠤ ᠦᠭᠡᠢ ᠪᠣᠯᠤᠭᠰᠠᠨ ᠪᠣᠯᠪᠠᠴᠤ ᠤᠭ ᠲᠡᠮᠡᠭᠡ ᠡᠷᠡᠭᠦᠯ᠂ ᠪᠢᠷ᠎ᠠ ᠴᠢᠳᠠᠯ ᠮᠠᠰᠢ ᠶᠡᠬᠡ ᠰᠠᠢᠨ ᠲᠡᠮᠡᠭᠡ᠃
ᠲᠡᠭᠡᠪᠡᠯ ᠴᠢ ᠲᠡᠭᠦᠨ ᠢ᠋ᠶ᠋ᠡᠨ ᠪᠤᠰᠤᠳ ᠲᠤ ᠥᠭᠬᠦ ᠶ᠋ᠢᠨ ᠣᠷᠣᠨ ᠳ᠋ᠤ᠌ ᠬᠡᠳᠦᠨ ᠬᠣᠨᠣᠭ ᠮᠠᠨ ᠤ᠋ ᠳ᠋ᠤ᠌ ᠪᠠᠢᠨ ᠲᠡᠩᠬᠡᠭᠡ ᠣᠷᠣᠭᠤᠯᠵᠤ ᠠᠪᠤᠭᠠᠳ ᠶᠠᠪᠤᠪᠠᠯ ᠳᠡᠭᠡᠷ᠎ᠡ ᠪᠢᠰᠢ ᠤᠤ?
— ᠦᠭᠡᠢ᠂ ᠡᠵᠢ ᠮᠢᠨᠢ᠂ ᠲᠡᠭᠦᠨ ᠦ᠌ ᠲᠡᠩᠬᠡᠭᠡ ᠣᠷᠣᠬᠤ ᠶ᠋ᠢ ᠬᠦᠯᠢᠶᠡᠪᠡᠯ ᠪᠢ ᠲᠠᠨ ᠤ᠋ ᠳ᠋ᠤ᠌ ᠳᠣᠣᠷ᠎ᠠ ᠬᠠᠶᠠᠭᠠᠳ ᠬᠣᠶᠠᠷ ᠰᠠᠷ᠎ᠠ ᠪᠣᠯᠬᠤ ᠰᠢᠦ ᠳᠡ᠃
ᠠᠪᠠᠭᠠᠢ ᠥᠪᠡᠷ ᠢ᠋ ᠪᠡᠨ ᠡᠵᠢ ᠭᠡᠵᠦ ᠳᠠᠭᠤᠳᠠᠭᠰᠠᠨ ᠳ᠋ᠤ᠌ ᠪᠠᠶᠠᠷᠯᠠᠨ᠂《ᠬᠦᠦ ᠮᠢᠨᠢ》 ᠭᠡᠵᠦ ᠢᠨᠢᠶᠡᠮᠰᠦᠭᠯᠡᠭᠡᠳ᠄
— ᠮᠠᠨ ᠤ᠋ ᠳ᠋ᠤ᠌ ᠬᠣᠶᠠᠷ ᠰᠠᠷ᠎ᠠ ᠴᠢᠨᠢ ᠬᠠᠮᠢᠶ᠎ᠠ ᠦᠭᠡᠢ᠂ ᠭᠠᠭᠴᠠᠬᠠᠨ ᠴᠢᠮᠠᠶ᠋ᠢ ᠬᠦᠯᠢᠶᠡᠵᠦ ᠪᠠᠢᠭ᠎ᠠ ᠡᠬᠡ ᠴᠢᠨᠢ ᠯᠡ ᠬᠡᠴᠡᠭᠦᠦ ᠪᠠᠢᠨ᠎ᠠ ᠪᠠᠢᠬᠤ ᠳᠠ ᠭᠡᠳ ᠬᠱᠡᠨ ᠵᠠᠭᠤᠷ᠎ᠠ ᠵᠣᠪᠠᠨᠢᠬᠤ ᠴᠢᠷᠠᠢ ᠭᠠᠷᠠᠬᠠᠨ ᠪᠣᠳᠣᠭᠰᠠᠨ ᠢ᠋ᠶ᠋ᠠᠨ᠄
— ᠲᠡᠭᠡᠭᠡᠳ ᠲᠡᠷᠡ ᠴᠢᠨᠢ ᠣᠳᠣ ᠬᠠᠮᠢᠭ᠎ᠠ ᠪᠠᠢᠭ᠎ᠠ ᠲᠡᠮᠡᠭᠡ ᠪᠣᠢ?
— ᠣᠢᠷᠠᠬᠠᠨ᠂ ᠪᠢ ᠣᠷᠬᠢᠭᠠᠳ ᠢᠷᠡᠭᠰᠡᠨ᠃
— ᠲᠡᠭᠦᠨ ᠢ᠋ ᠴᠢᠨᠢ ᠮᠠᠨ ᠤ᠋ ᠳᠠᠩᠵᠢᠶᠠᠳ ᠯᠠᠪ ᠰᠠᠢᠨ ᠪᠣᠯᠭᠠᠵᠤ ᠴᠢᠳᠠᠨ᠎ᠠ ᠪᠣᠢ ᠭᠡᠳ ᠠᠪᠠᠭᠠᠢ ᠳ᠋ᠢᠵᠠ ᠲᠠᠪᠠᠭ᠂ ᠮᠣᠳᠣᠨ ᠰᠠᠪᠬ᠎ᠠ ᠵᠡᠷᠭᠡ ᠶ᠋ᠢ ᠰᠢᠷᠡᠭᠡᠨ ᠳᠡᠭᠡᠷ᠎ᠡ ᠠᠪᠴᠢᠷᠠᠨ ᠲᠠᠯᠪᠢᠪᠠ᠃
ᠬᠡᠦᠬᠡᠳ ᠦ᠋ᠳ ᠪᠠᠢᠰᠢᠩ ᠤ᠋ᠨ ᠢ᠋ᠶ᠋ᠠᠨ ᠪᠤᠯᠤᠩ ᠳ᠋ᠤ᠌ ᠲᠣᠮᠣᠭᠠᠲᠠᠢ ᠵᠣᠭᠰᠣᠨ᠂ ᠦᠭᠡ ᠶᠠᠷᠢᠶ᠎ᠠ ᠴᠢᠩᠨᠠᠵᠤ ᠪᠠᠢᠭᠰᠠᠨ ᠢ᠋ᠶ᠋ᠠᠨ᠂ ᠯᠤᠤ ᠲᠤᠤ᠂ ᠯᠤᠤ ᠲᠤᠤ! ᠭᠡᠵᠦ ᠦᠭᠦᠯᠡᠯᠳᠦᠨ᠂ ᠲᠣᠮᠣ ᠨᠢ ᠪᠠᠭ᠎ᠠ ᠶ᠋ᠢ ᠪᠡᠨ᠂《ᠤᠬᠢᠯᠠᠳᠠᠭ ᠬᠡᠦᠬᠡᠳ ᠢ᠋ ᠬᠠᠵᠠᠳᠠᠭ᠂ ᠠᠭᠤᠯᠠ ᠰᠢᠭ᠋ ᠲᠣᠮᠣ ᠠᠮᠢᠲᠠᠨ ᠪᠠᠢᠳᠠᠭ ᠶᠤᠮ》 ᠭᠡᠵᠦ ᠠᠶᠤᠯᠭᠠᠨ ᠲᠠᠢᠯᠪᠤᠷᠢᠯᠠᠵᠤ ᠪᠠᠢᠯ᠎ᠠ᠃ ᠠᠪᠠᠭᠠᠢ ᠳ᠋ᠠᠨᠽᠠᠨ ᠤ᠋ ᠡᠮᠦᠨ᠎ᠡ ᠲᠠᠬᠢᠶᠠᠨ ᠤ᠋ ᠥᠨᠳᠡᠭᠡ ᠲᠡᠢ ᠱᠥᠯᠥ᠂ ᠬᠠᠭᠤᠷᠤᠭᠰᠠᠨ ᠨᠣᠭᠣᠭ᠎ᠠ᠂ ᠬᠠᠭᠤᠷᠠᠢ ᠬᠠᠭᠠᠷᠢᠭᠰᠠᠨ ᠪᠢᠩ ᠲᠠᠯᠪᠢᠵᠤ《ᠢᠳᠡ᠂ ᠢᠳᠡ》 ᠭᠡᠵᠦ ᠱᠠᠭᠠᠷᠳᠠᠨ᠎ᠠ᠃
《ᠢᠳᠡ᠂ ᠢᠳᠡ》 ᠭᠡᠵᠦ ᠱᠠᠭᠠᠷᠳᠠᠬᠤ ᠨᠢ ᠡᠨᠡ ᠭᠠᠵᠠᠷ ᠤ᠋ᠨ ᠶᠣᠰᠣ᠂《ᠢᠳᠡ᠂ ᠢᠳᠡ》 ᠭᠡᠵᠦ ᠪᠠᠢᠵᠤ ᠢᠳᠡᠭᠦᠯᠵᠦ ᠣᠷᠬᠢᠭᠠᠳ ᠡᠴᠦᠰ ᠲᠦ᠋ᠨᠢ《ᠢᠳᠡ᠂ ᠢᠳᠡ》 ᠭᠡᠬᠦ ᠨᠢ ᠬᠥᠮᠦᠨ ᠦ᠌ ᠶᠣᠰᠣ᠂ ᠢᠲᠡᠴᠢᠬᠡᠳ ᠶᠠᠪᠤᠬᠤ ᠪᠣᠯ ᠮᠠᠨ ᠤ᠋ ᠶᠣᠰᠣ ᠭᠡᠵᠦ ᠬᠡᠯᠡᠯᠴᠡᠳᠡᠭ ᠳᠠᠩᠵᠢᠶᠠᠳ ᠨᠠᠷ ᠤ᠋ᠨ ᠵᠦᠢᠷ ᠦᠭᠡ ᠪᠠᠢᠳᠠᠭ ᠢ᠋ ᠮᠣᠩᠭᠣᠯ ᠬᠥᠮᠦᠨ ᠮᠡᠳᠡᠭᠦᠰᠢᠲᠡᠢ ᠰᠢᠦ ᠬᠡᠦᠬᠡᠳ ᠦ᠋ᠳ ᠠ᠋ ᠭᠡᠵᠦ ᠳᠡᠭᠡᠷ᠎ᠡ ᠴᠠᠭ ᠲᠤ ᠬᠦᠷᠡᠯ ᠦ᠋ᠨ ᠬᠡᠯᠡᠵᠦ ᠪᠠᠢᠭᠰᠠᠨ ᠢ᠋ ᠳ᠋ᠠᠨᠽᠠᠨ ᠰᠠᠨᠠᠪᠠ᠃ ᠭᠡᠪᠡᠴᠦ ᠡᠨᠡ ᠠᠪᠠᠭᠠᠢ ᠶ᠋ᠢᠨ《ᠢᠳᠡ᠂ ᠢᠳᠡ》 ᠭᠡᠬᠦ ᠨᠢ ᠦᠨᠡᠨ ᠰᠠᠨᠠᠭᠠᠨ ᠠ᠋ᠴᠠ ᠪᠠᠨ ᠪᠠᠢᠯ᠎ᠠ᠃ ᠬᠡᠷᠪᠡ ᠢᠳᠡᠬᠦ ᠦᠭᠡᠢ ᠪᠣᠯ ᠠᠪᠠᠭᠠᠢ ᠭᠤᠨᠢᠨ ᠭᠤᠲᠤᠷᠠᠬᠤ ᠨᠢ ᠢᠯᠡᠳᠲᠡ ᠪᠠᠢᠬᠤ ᠲᠤᠯᠠ᠂ ᠳ᠋ᠠᠨᠽᠠᠨ ᠡᠷᠡᠭᠡ ᠴᠡᠭᠡᠷ ᠦᠭᠡᠢ ᠢᠳᠡᠬᠦ ᠪᠣᠯᠪᠠ᠃
ᠭᠤᠷᠪᠠᠨ ᠬᠡᠦᠬᠡᠳ ᠳ᠋ᠠᠨᠽᠠᠨ ᠳ᠋ᠤ᠌ ᠣᠢᠷᠠᠲᠤᠨ ᠢᠷᠡᠭᠡᠳ ᠰᠢᠷᠡᠭᠡ ᠤᠷᠤᠭᠤ ᠰᠢᠷᠲᠡᠨ ᠰᠢᠯᠦᠰᠦ ᠪᠡᠨ ᠵᠠᠯᠭᠢᠯᠠᠨᠠ᠂ ᠠᠪᠠᠭᠠᠢ ᠲᠡᠳᠡᠨ ᠢ᠋ᠶ᠋ᠡᠨ ᠬᠠᠷᠠᠭᠠᠳ᠄
— ᠵᠣᠴᠢᠳ ᠤ᠋ᠨ ᠬᠣᠭᠣᠯᠠ ᠢᠳᠡᠬᠦ ᠤᠷᠤᠭᠤ ᠬᠡᠦᠬᠡᠳ ᠬᠠᠷᠠᠪᠠᠯ ᠬᠡᠦᠬᠡᠳ ᠦ᠋ᠨ ᠨᠢᠳᠦ ᠡᠪᠡᠳᠳᠡᠭ ᠭᠡᠳᠡᠭ ᠪᠢᠯᠡ᠂ ᠲᠠ ᠨᠠᠷ ᠮᠢᠨᠢ ᠵᠦᠭᠡᠷ ᠭᠠᠷᠴᠠᠭᠠᠵᠤ ᠦᠵᠡ ᠭᠡᠳ ᠨᠢᠭᠡ ᠨᠢᠭᠡᠨ ᠲᠠᠩᠵᠣᠣᠷ ᠪᠠᠷᠢᠭᠤᠯᠤᠨ ᠬᠥᠭᠡᠭᠡᠨ ᠭᠠᠷᠭᠠᠪᠠ᠃ ᠬᠡᠦᠬᠡᠳ ᠦ᠋ᠳ ᠦ᠋ᠨ ᠭᠠᠷᠤᠮᠠᠭᠴᠠ ᠳ᠋ᠠᠨᠽᠠᠨ ᠤ᠋ ᠰᠡᠳᠬᠢᠯ ᠴᠢᠯᠥᠭᠡ ᠲᠡᠢ ᠪᠣᠯᠤᠯ᠎ᠠ᠃ ᠬᠣᠭᠣᠯᠠᠨ ᠤ᠋ ᠬᠣᠯᠢᠴᠠᠭᠠᠨ ᠳ᠋ᠤ᠌ ᠮᠢᠬ᠎ᠠ ᠦᠭᠡᠢ ᠪᠠᠢᠬᠤ ᠠᠲᠠᠯ᠎ᠠ ᠪᠠᠨ ᠮᠢᠬ᠎ᠠ ᠲᠠᠢ ᠠ᠋ᠴᠠ ᠢᠯᠭᠠᠭ᠎ᠠ ᠦᠭᠡᠢ ᠰᠠᠢᠬᠠᠨ ᠠᠮᠲᠠ ᠪᠣᠢ ᠶ᠋ᠢ ᠭᠠᠢᠬᠠᠨ᠎ᠠ᠃ ᠢᠳᠡ ᠢᠳᠡᠭᠰᠡᠭᠡᠷ ᠳ᠋ᠠᠨᠽᠠᠨ ᠤᠷᠤᠭᠰᠢ ᠪᠥᠬᠥᠢᠬᠦ ᠳ᠋ᠦ᠍ ᠭᠡᠳᠡᠰᠦ ᠲᠤᠯᠭᠠᠷᠠᠨ ᠢᠨᠴᠠᠭᠯᠠᠬᠤ ᠪᠣᠯᠬᠤ ᠳ᠋ᠤ᠌ ᠰᠠᠶᠢ ᠴᠠᠳᠤᠭᠰᠠᠨ ᠢ᠋ᠶ᠋ᠠᠨ ᠮᠡᠳᠡᠨ ᠰᠠᠪᠬ᠎ᠠ ᠪᠠᠨ ᠬᠣᠢᠰᠢ ᠲᠠᠯᠪᠢᠪᠠ᠃
ᠦᠰᠦᠭ ᠠᠮᠢᠯᠠᠭᠤᠯᠤᠭᠴᠢ᠄ ᠪᠠᠭᠠᠲᠤᠷ
