ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ ᠨᠠᠷ ᠨᠠᠢᠷᠠᠭᠤᠯᠵᠤ ᠬᠥᠬᠡᠯᠤᠤ ᠮᠣᠩᠭᠣᠯᠴᠢᠯᠠᠪᠠ –ᠨᠢᠭᠡᠳᠦᠭᠡᠷ ᠪᠣᠲᠢ-4 Идээ ундааны жинхэнэ товч– Хүсэхүй нар найруулж Хөхлуу монголчлов – Нэгдүгээр боть-4
ᠬᠥᠬᠥᠯᠲᠡ ᠡᠬᠡ ᠶ᠋ᠢᠨ ᠢᠳᠡᠭᠡᠨ ᠤᠮᠳᠠᠭᠠᠨ ᠤ᠋ ᠴᠡᠭᠡᠷᠯᠡᠯ

ᠬᠡᠦᠬᠡᠳ ᠲᠥᠷᠥᠵᠦ ᠬᠥᠬᠥᠯᠲᠡ ᠡᠬᠡ ᠶ᠋ᠢ ᠰᠣᠩᠭᠣᠵᠤ ᠬᠡᠷᠡᠭᠯᠡᠬᠦ ᠳ᠋ᠡᠭᠡᠨ ᠡᠪᠡᠳᠴᠢᠨ ᠬᠠᠭᠤᠴᠢᠨ ᠦᠭᠡᠢ᠂ ᠢᠳᠡᠷ ᠨᠠᠰᠤᠨ ᠤ᠋ ᠪᠥᠭᠡᠳ ᠵᠠᠩ ᠴᠢᠨᠠᠷ ᠢᠨᠤ᠂ ᠡᠨᠡᠷᠢᠩᠭᠦᠢ᠂ ᠠᠭᠤᠵᠢᠭᠤ ᠲᠠᠯᠪᠢᠭᠤ᠂ ᠳᠥᠯᠭᠡᠨ ᠳᠥᠯᠢᠶᠡᠨ᠂ ᠯᠠᠪᠳᠠᠭᠤᠨ ᠴᠢᠬᠢᠮᠠᠢ᠂ ᠦᠭᠡ ᠬᠣᠩᠰᠢᠶᠠᠷ ᠴᠥᠭᠡᠨ ᠬᠥᠮᠦᠨ ᠪᠣᠯ ᠳᠡᠭᠡᠷ᠎ᠡ ᠶᠦ᠍ᠮ᠃ ᠬᠡᠦᠬᠡᠳ ᠢᠨᠦ ᠡᠬᠡ ᠶ᠋ᠢ ᠲᠦᠰᠢᠭᠯᠡᠵᠦ ᠬᠥᠬᠥ ᠶ᠋ᠢᠨ ᠰᠦ ᠪᠡᠷ ᠰᠢᠮ᠎ᠡ ᠲᠡᠵᠢᠭᠡᠯ ᠰᠢᠩᠭᠡᠬᠡᠨ ᠠᠪᠴᠤ ᠪᠠᠢᠬᠤ ᠠᠨᠤ ᠮᠥᠨ ᠡᠬᠡ ᠶ᠋ᠢᠨ ᠢᠳᠡᠭᠡᠨ ᠤᠮᠳᠠᠭᠠᠨ ᠪᠣᠯᠠᠢ᠃ ᠶᠡᠷᠦ ᠰᠠᠢᠨ ᠮᠠᠭᠤ ᠪᠣᠯᠳᠠᠭ ᠠᠨᠤ ᠬᠠᠷᠢᠯᠴᠠᠨ ᠨᠥᠯᠥᠭᠡᠯᠡᠬᠦ ᠪᠥᠭᠡᠳ ᠰᠦ ᠰᠢᠮ᠎ᠡ ᠪᠣᠯᠪᠠᠰᠤ ᠡᠬᠡ ᠶ᠋ᠢᠨ ᠳᠤᠷ᠎ᠠ ᠪᠠᠷ ᠪᠣᠯᠳᠠᠭ ᠪᠤᠰᠤ ᠶᠤᠮ᠃ ᠲᠡᠢᠮᠦ ᠡᠴᠡ ᠬᠡᠦᠬᠡᠳ ᠦ᠋ᠨ ᠡᠪᠡᠳᠴᠢᠯᠡᠬᠦ ᠡᠰᠡᠬᠦ ᠢᠨᠦ ᠮᠥᠨ ᠬᠥᠬᠥᠯᠲᠡ ᠡᠬᠡ ᠶ᠋ᠢᠨ ᠠᠮᠠᠨ ᠴᠡᠭᠡᠷᠯᠡᠪᠦᠷᠢ ᠶ᠋ᠢᠨ ᠶᠠᠮᠠᠷ ᠵᠡᠷᠭᠡ ᠪᠠᠢᠬᠤ ᠯᠤᠭ᠎ᠠ ᠬᠣᠯᠪᠣᠭᠳᠠᠯ ᠲᠠᠢ ᠶ᠋ᠢ ᠶᠠᠭᠤᠨ ᠥᠭᠦᠯᠡᠬᠦ᠃ ᠬᠡᠷᠪᠡ ᠢᠳᠡᠭᠡᠨ ᠤᠮᠳᠠᠭᠠᠨ ᠳ᠋ᠤ᠌ ᠵᠣᠬᠢᠰ ᠢ᠋ ᠦᠵᠡᠵᠦ ᠪᠣᠯᠭᠣᠮᠵᠢᠯᠠᠨ ᠴᠡᠭᠡᠷᠯᠡᠬᠦ ᠦᠭᠡᠢ ᠪᠡᠷ ᠠᠯᠢ ᠠᠮᠲᠠᠲᠠᠢ ᠰᠢᠮᠲᠡᠲᠡᠢ ᠶ᠋ᠢ ᠠᠶ᠎ᠠ ᠶ᠋ᠢᠨ ᠲᠠᠪᠠ ᠪᠠᠷ ᠢ᠋ᠶ᠋ᠠᠨ ᠢᠳᠡᠵᠦ ᠤᠤᠭᠤᠵᠤ ᠪᠡᠶ᠎ᠡ ᠪᠡᠨ ᠪᠠᠷᠢᠵᠤ ᠶᠠᠳᠠᠬᠤ ᠳ᠋ᠤ᠌ ᠬᠦᠷᠪᠡᠯ᠂ ᠡᠪᠡᠳᠴᠢᠯᠡᠬᠦ ᠮᠠᠭᠠᠳ ᠤᠴᠢᠷ ᠠ᠋ᠴᠠ ᠬᠡᠦᠬᠡᠳ ᠢ᠋ ᠡᠪᠡᠳᠴᠢᠯᠡᠭᠦᠯᠬᠦ ᠪᠣᠯᠤᠮᠤᠢ᠃ ᠡᠨᠡ ᠳᠠᠷᠤᠢ ᠡᠬᠡ ᠪᠣᠯᠤᠭᠴᠢ ᠠᠨᠤ ᠬᠡᠦᠬᠡᠳ ᠢ᠋ᠶ᠋ᠡᠨ ᠡᠪᠡᠳᠴᠢᠯᠡᠭᠦᠯᠦᠭᠰᠡᠨ ᠬᠡᠷᠡᠭ ᠪᠣᠯᠠᠢ᠃
ᠬᠥᠬᠥᠭᠦᠯ ᠡᠬᠡ ᠶ᠋ᠢᠨ ᠵᠦᠢᠯ ᠪᠦᠷᠢ ᠶ᠋ᠢᠨ ᠴᠡᠭᠡᠷᠯᠡᠯ
ᠵᠤᠨ ᠤ᠋ ᠰᠢᠷᠠᠮ᠎ᠠ ᠬᠠᠯᠠᠭᠤᠨ ᠢ᠋ᠶ᠋ᠠᠷ ᠪᠢᠲᠡᠭᠡᠢ ᠬᠥᠬᠥᠭᠦᠯ᠃ ᠡᠰᠡ ᠲᠡᠢᠮᠦ ᠪᠥᠭᠡᠰᠦ ᠬᠡᠦᠬᠡᠳ ᠢᠨᠦ ᠠᠷᠭ᠎ᠠ ᠶ᠋ᠢᠨ ᠬᠠᠯᠠᠭᠤᠨ ᠠᠷᠪᠢᠳᠴᠤ ᠪᠥᠭᠡᠯᠵᠢᠵᠦ ᠣᠭᠰᠢᠮᠤᠢ᠃
ᠡᠪᠦᠯ ᠳ᠋ᠦ᠍ ᠬᠦᠢᠲᠡᠨ ᠵᠢᠬᠡᠭᠦᠨ ᠢ᠋ᠶ᠋ᠡᠷ ᠪᠢᠲᠡᠭᠡᠢ ᠬᠥᠬᠥᠭᠦᠯ᠃ ᠡᠰᠡ ᠲᠡᠢᠮᠦ ᠪᠥᠭᠡᠰᠦ ᠬᠡᠦᠬᠡᠳ ᠢᠨᠦ ᠪᠢᠯᠢᠭ ᠦ᠋ᠨ ᠬᠦᠢᠲᠡᠨ ᠠᠷᠪᠢᠳᠴᠤ ᠬᠠᠨᠢᠶᠠᠵᠤ ᠬᠠᠭᠰᠢᠭᠠᠳ ᠰᠠᠭᠤᠯᠭᠠᠮᠤᠢ᠃
ᠡᠬᠡ ᠢᠨᠦ᠂ ᠳᠠᠩᠴᠢ ᠬᠢᠯᠢᠩ ᠲᠥᠷᠥᠬᠦ ᠶ᠋ᠢ ᠬᠢᠴᠢᠶᠡᠬᠦ ᠬᠡᠷᠡᠭᠲᠡᠢ᠃ ᠬᠢᠯᠢᠩᠯᠡᠪᠡᠰᠦ ᠬᠡᠢ ᠠᠭᠰᠠᠵᠤ᠂ ᠬᠡᠦᠬᠡᠳ ᠢ᠋ ᠣᠯᠢᠭᠤ ᠰᠣᠯᠢᠭᠤ ᠰᠣᠯᠢᠶᠠᠷᠠᠭᠤᠯᠤᠮᠤᠢ᠃
ᠡᠬᠡ ᠢᠨᠦ ᠠᠷᠢᠬᠢᠨ ᠳ᠋ᠤ᠌ ᠰᠣᠭᠲᠣᠵᠤ ᠦᠯᠦ ᠪᠣᠯᠤᠮᠤᠢ᠃ ᠰᠣᠭᠲᠣᠪᠠᠰᠤ ᠠᠷᠭ᠎ᠠ ᠶ᠋ᠢᠨ ᠬᠠᠯᠠᠭᠤᠨ ᠪᠠᠳᠠᠷᠠᠵᠤ᠂ ᠬᠡᠦᠬᠡᠳ ᠢᠨᠦ ᠪᠡᠶ᠎ᠡ ᠬᠠᠯᠠᠭᠤᠷᠠᠨ ᠬᠡᠪᠡᠯᠢ ᠴᠣᠩᠬᠤᠢᠮᠥᠢ ᠡᠬᠡ ᠢᠨᠦ ᠪᠥᠭᠡᠯᠵᠢᠪᠡᠰᠦ ᠰᠠᠪᠠ ᠶ᠋ᠢᠨ ᠲᠠᠮᠢᠷ ᠬᠣᠭᠣᠰᠣᠷᠠᠬᠤ ᠲᠤᠯᠠ ᠭᠥᠭᠦᠭᠦᠯᠪᠡᠰᠦ ᠬᠡᠦᠬᠡᠳ ᠦ᠋ᠨ ᠬᠦᠴᠦᠨ ᠲᠠᠮᠢᠷ ᠢ᠋ ᠰᠤᠯᠠ ᠳᠣᠷᠣᠢ ᠪᠣᠯᠭᠠᠵᠤ ᠡᠴᠡᠩᠬᠢᠷᠦᠭᠦᠯᠦᠮᠥᠢ᠃
ᠡᠬᠡ ᠢᠨᠦ ᠬᠠᠭᠤᠴᠢᠷᠠᠭᠰᠠᠨ ᠬᠠᠯᠠᠭᠤᠨ ᠲᠠᠢ ᠪᠣᠯᠪᠠᠰᠤ ᠰᠦ ᠨᠢ ᠤᠯᠠᠭᠠᠪᠲᠤᠷ ᠰᠢᠷᠠᠩᠭᠤᠢ ᠪᠥᠭᠡᠳ ᠬᠠᠯᠠᠭᠤᠨ ᠲᠠᠢ ᠲᠤᠯᠠ᠂ ᠬᠡᠷᠪᠡ ᠭᠥᠭᠦᠭᠦᠯᠪᠡᠰᠦ ᠬᠡᠦᠬᠡᠳ ᠢ᠋ ᠰᠢᠷᠠᠯᠠᠭᠤᠯᠵᠤ ᠬᠥᠬᠥᠬᠦ ᠳᠤᠷᠠᠰᠢᠯ ᠢ᠋ ᠮᠠᠭᠤᠳᠠᠭᠤᠯᠤᠮᠤᠢ᠃
ᠰᠢᠨᠡᠬᠡᠨ ᠬᠤᠷᠢᠴᠠᠯ ᠬᠡᠲᠦᠷᠡᠭᠰᠡᠨ ᠭᠡᠮ ᠲᠡᠢ ᠪᠠᠢᠭᠠᠳ ᠭᠥᠭᠦᠭᠦᠯᠪᠡᠰᠦ ᠬᠡᠦᠬᠡᠳ ᠢᠨᠦ ᠨᠠᠷᠢᠨ ᠰᠢᠯᠪᠢ ᠳ᠋ᠦ᠍ ᠬᠦᠷᠲᠡᠯ᠎ᠡ ᠡᠴᠡᠩᠬᠢᠷᠯᠡᠵᠦ ᠵᠠᠭᠠᠲᠤᠨᠠᠭᠠᠳ ᠠᠯᠬᠤᠵᠤ ᠴᠢᠳᠠᠬᠤ ᠦᠭᠡᠢ ᠪᠣᠯᠤᠮᠤᠢ᠃
ᠡᠬᠡ ᠢᠨᠦ ᠥᠩᠭᠡᠷᠡᠦ ᠴᠠᠳᠬᠤᠯᠠᠩ ᠪᠠᠢᠪᠠᠰᠤ ᠪᠢᠲᠡᠭᠡᠢ ᠬᠥᠬᠥᠭᠦᠯ᠃
ᠡᠬᠡ ᠢᠨᠦ᠂ ᠥᠩᠭᠡᠷᠡᠦ ᠥᠯᠥᠨ ᠪᠠᠢᠪᠠᠰᠤ ᠪᠢᠲᠡᠭᠡᠢ ᠬᠥᠬᠥᠭᠦᠯ᠃
ᠡᠬᠡ ᠢᠨᠤ ᠶᠡᠬᠡ ᠲᠠᠭᠠᠷᠠᠵᠤ ᠵᠢᠩᠭᠢᠨᠡᠭᠰᠡᠨ ᠪᠠᠢᠪᠠᠯ ᠪᠢᠲᠡᠭᠡᠢ ᠬᠥᠬᠥᠭᠦᠯ᠃
ᠡᠬᠡ ᠢᠨᠦ ᠶᠡᠬᠡ ᠬᠠᠯᠠᠭᠤᠨ ᠣᠷᠬᠢᠭᠰᠠᠨ ᠪᠠᠢᠪᠠᠯ ᠪᠢᠲᠡᠭᠡᠢ ᠬᠥᠬᠥᠭᠦᠯ᠃
ᠬᠡᠦᠬᠡᠳ ᠢᠨᠦ ᠲᠤᠭᠤᠯᠵᠤ ᠰᠠᠭᠤᠯᠭᠠᠭᠠᠳ ᠬᠡᠪᠡᠯᠢ ᠡᠪᠡᠳᠴᠦ ᠰᠥᠨᠢ ᠳ᠋ᠡᠭᠡᠨ ᠤᠬᠢᠯᠠᠪᠠᠰᠤ ᠡᠬᠡ ᠢᠨᠦ ᠡᠪᠡᠳᠴᠢᠨ ᠢ᠋ ᠡᠭᠦᠰᠬᠡᠮᠡᠷ ᠬᠦᠢᠲᠡᠨ ᠨᠣᠢᠲᠠᠨ ᠶᠠᠭᠤᠮ᠎ᠠ ᠶ᠋ᠢ ᠢᠳᠡᠵᠦ ᠦᠯᠦ ᠪᠣᠯᠤᠮᠤᠢ᠃
ᠬᠡᠦᠬᠡᠳ ᠲᠣᠷ ᠬᠠᠭᠤᠴᠢᠷᠠᠭᠰᠠᠨ ᠬᠠᠯᠠᠭᠤᠨ ᠲᠠᠢ ᠪᠣᠯᠤᠭᠠᠳ ᠲᠠᠲᠠᠯᠳᠤᠬᠤ ᠲᠠᠬᠤᠯ ᠪᠠ ᠶᠠᠷ᠎ᠠ ᠰᠢᠷᠬ᠎ᠠ ᠭᠠᠷᠬᠤ ᠡᠪᠡᠳᠴᠢᠨ ᠳ᠋ᠦ᠍ᠷ ᠨᠡᠷᠪᠩᠳᠡᠪᠡᠰᠤ᠂ ᠡᠬᠡ ᠢᠨᠦ ᠪᠠᠳᠬᠠᠨ ᠬᠠᠯᠠᠭᠤᠨ ᠢ᠋ᠶ᠋ᠠᠷ ᠬᠡᠢ ᠶ᠋ᠢ ᠬᠥᠳᠡᠯᠭᠡᠵᠦ ᠪᠤᠯᠠᠬᠤᠢᠴᠠ ᠢᠳᠡᠭᠡᠨ ᠤᠮᠳᠠᠭᠠᠨ ᠢ᠋ ᠴᠡᠭᠡᠷᠯᠡᠬᠦ ᠬᠡᠷᠡᠭᠲᠡᠢ᠃
ᠬᠡᠦᠬᠡᠳ ᠢᠯᠢᠳᠦ ᠬᠢᠮᠠᠭᠤ ᠶᠠᠷ᠎ᠠ ᠰᠢᠷᠬ᠎ᠠ ᠲᠠᠢ ᠪᠣᠯᠪᠠᠯ ᠡᠬᠡ ᠢᠨᠦ ᠶᠠᠷ᠎ᠠ ᠰᠢᠷᠬ᠎ᠠ ᠶ᠋ᠢ ᠡᠭᠦᠰᠬᠡᠮᠡᠷ ᠵᠢᠭᠠᠰᠤ᠂ ᠰᠠᠮ ᠬᠣᠷᠣᠬᠠᠢ ᠲᠠᠬᠢᠶ᠎ᠠ ᠮᠣᠷᠢ ᠵᠡᠷᠭᠡ ᠠᠮᠢᠲᠠᠨ ᠤ᠋ ᠮᠢᠬ᠎ᠠ ᠶ᠋ᠢ ᠴᠡᠭᠡᠷᠯᠡᠬᠦ ᠬᠡᠷᠡᠭᠲᠡᠢ᠃
ᠬᠡᠦᠬᠡᠳ ᠦ᠋ᠨ ᠳᠣᠲᠣᠷ ᠪᠢᠳᠡᠬᠢᠷᠡᠨ ᠳᠦᠭᠦᠷᠴᠦ᠂ ᠡᠰᠡ ᠰᠢᠩᠭᠡᠭᠰᠡᠨ ᠠᠷᠬᠠᠭ ᠲᠠᠢ ᠪᠥᠭᠡᠳ ᠲᠤᠷᠠᠩᠬᠠᠢ ᠪᠠᠢᠪᠠᠰᠤ᠂ ᠡᠬᠡ ᠢᠨᠦ ᠲᠦᠭᠦᠬᠡᠢ ᠬᠠᠰᠢ ᠥᠷᠭᠡᠰᠦᠲᠦ ᠬᠡᠮᠬᠡ ᠵᠡᠷᠭᠡ ᠶ᠋ᠢ ᠴᠡᠭᠡᠷᠯᠡᠬᠦ ᠬᠡᠷᠡᠭᠲᠡᠢ᠃
ᠠᠯᠢᠪᠠ ᠰᠠᠢᠬᠠᠨ ᠲᠥᠷᠥᠭᠰᠡᠨ ᠨᠢᠯᠬᠠᠰ ᠢ᠋ ᠤᠬᠢᠯᠠᠬᠤ ᠠ᠋ᠴᠠ ᠡᠮᠦᠨ᠎ᠡ᠂ ᠰᠢᠷ᠎ᠠ ᠦᠨᠳᠦᠰᠦ (ᠨᠢᠩᠽᠢᠪᠡᠷᠢ) ᠶ᠋ᠢᠨ ᠳᠡᠪᠲᠦᠭᠡᠯᠲᠡ ᠶ᠋ᠢᠨ ᠰᠦᠮᠦᠰᠤᠨ ᠳ᠋ᠤᠷ ᠼᠠᠯᠠᠭᠤᠳ ᠢ᠋ ᠥᠴᠦᠬᠡᠨ ᠲᠡᠳᠦᠢ ᠵᠢᠭᠤᠷᠠᠭᠠᠳ ᠠᠮᠠᠨ ᠳᠣᠲᠣᠷ᠎ᠠ ᠠᠨᠤ ᠪᠠᠬᠠᠨ ᠳᠦᠷᠭᠢᠪᠡᠰᠦ ᠡᠬᠡ ᠶ᠋ᠢᠨ ᠬᠡᠪᠡᠯᠢ ᠡᠴᠡ ᠠᠪᠤᠭᠰᠠᠨ ᠬᠠᠯᠠᠭᠤᠨ ᠬᠣᠣᠷ ᠢ᠋ ᠠᠷᠢᠯᠭᠠᠬᠤ ᠪᠥᠭᠡᠳ ᠶᠠᠷ᠎ᠠ ᠰᠢᠷᠬ᠎ᠠ ᠪᠠ ᠪᠢᠵᠢᠷᠡᠦ ᠡᠰᠡᠷᠭᠡᠨ᠎ᠡ ᠭᠠᠷᠬᠤ ᠶ᠋ᠢ ᠪᠠᠭᠠᠰᠬᠠᠮᠤᠢ᠃
ᠠᠯᠢᠪᠠ ᠰᠠᠢᠬᠠᠨ ᠲᠥᠷᠥᠭᠰᠡᠨ ᠬᠡᠦᠬᠡᠳ ᠢ᠋ ᠬᠠᠷ᠎ᠠ ᠵᠢᠷᠤᠭ ᠬᠢᠭᠡᠳ ᠰᠢᠷ᠎ᠠ ᠦᠨᠳᠦᠰᠦ ᠶ᠋ᠢ ᠰᠢᠷᠭᠢᠭᠡᠭᠰᠡᠨ ᠳᠠᠩ ᠳ᠋ᠤᠷ ᠮᠡᠷᠭᠡᠨ ᠲᠡᠭᠡ ᠬᠡᠮᠡᠬᠦ ᠬᠡᠭᠡᠷ᠎ᠡ ᠶ᠋ᠢᠨ ᠭᠠᠬᠠᠢ ᠶ᠋ᠢᠨ ᠰᠥᠰᠥ ᠶ᠋ᠢ ᠥᠴᠦᠬᠡᠨ ᠲᠡᠳᠦᠢ ᠬᠣᠯᠢᠭᠠᠳ ᠤᠬᠢᠶᠠᠪᠠᠰᠤ᠂ ᠬᠣᠵᠢᠮ ᠬᠡᠳᠦᠢᠪᠡᠷ ᠡᠰᠡᠷᠭᠡᠨ᠎ᠡ ᠨᠦ᠍ᠭᠦᠳ ᠪᠠ ᠮᠠᠭᠤ ᠶᠠᠷ᠎ᠠ ᠰᠢᠷᠬ᠎ᠠ ᠭᠠᠷᠪᠠᠴᠤ ᠡᠭᠡᠨᠡᠭᠲᠡ ᠪᠠᠭ᠎ᠠ ᠰᠢᠭ᠋ ᠭᠠᠷᠤᠮᠤᠢ᠃
ᠠᠯᠢᠪᠠ ᠨᠢᠯᠬ᠎ᠠ ᠬᠡᠦᠬᠡᠳ ᠶᠠᠷ᠎ᠠ ᠰᠢᠷᠬ᠎ᠠ ᠪᠢᠵᠢᠷᠡᠦ ᠡᠰᠡᠷᠭᠡᠨ᠎ᠡ ᠭᠠᠷᠤᠭᠠᠳᠤᠢ ᠦᠶ᠎ᠡ ᠳ᠋ᠦ᠍ᠷ᠂ ᠬᠡᠷᠪᠡ ᠯᠡ ᠰᠠᠷ᠎ᠠ ᠶ᠋ᠢᠨ ᠲᠠᠤᠯᠠᠢ ᠶ᠋ᠢᠨ ᠲᠣᠯᠣᠭᠠᠢ ᠶ᠋ᠢ ᠦᠰᠦ ᠶᠠᠰᠤ ᠶ᠋ᠢᠨ ᠬᠠᠮᠲᠤ ᠤᠰᠤᠨ ᠳ᠋ᠤᠷ ᠪᠤᠴᠠᠯᠭᠠᠭᠰᠠᠨ ᠰᠥᠮᠥᠰᠦ ᠪᠡᠷ ᠬᠡᠦᠬᠡᠳ ᠢ᠋ ᠤᠬᠢᠶᠠᠪᠠᠰᠤ ᠬᠠᠯᠠᠭᠤᠨ ᠢ᠋ ᠬᠥᠭᠡᠭᠡᠵᠦ ᠬᠣᠣᠷ ᠢ᠋ ᠠᠷᠢᠯᠭᠠᠨ᠂ ᠪᠢᠵᠢᠷᠡᠦ ᠡᠰᠡᠷᠭᠡᠨ᠎ᠡ ᠶᠠᠷ᠎ᠠ ᠰᠢᠷᠭ᠎ᠠ ᠭᠠᠷᠬᠤ ᠶ᠋ᠢ ᠳᠠᠷᠤᠵᠤ ᠴᠢᠳᠠᠬᠤ ᠮᠥᠷᠲᠡᠭᠡᠨ ᠭᠠᠷᠤᠯᠤᠭᠠ ᠬᠡᠮᠡᠭᠰᠡᠨ ᠴᠦ᠍ ᠥᠴᠦᠬᠡᠨ ᠲᠡᠳᠦᠢ ᠭᠠᠷᠬᠤ ᠠᠵᠤᠭᠤ᠃
ᠠᠯᠢᠪᠠ ᠨᠢᠯᠬ᠎ᠠ ᠬᠡᠦᠬᠡᠳ ᠪᠢᠵᠢᠷᠡᠦ ᠡᠰᠡᠷᠭᠡᠨ᠎ᠡ ᠭᠠᠷᠤᠭᠠᠳᠤᠢ ᠦᠶ᠎ᠡ ᠳ᠋ᠦ᠍ᠷ᠂ ᠬᠡᠷᠪᠡ ᠬᠠᠷ᠎ᠠ ᠳᠠᠭ᠎ᠠ ᠲᠠᠢ ᠡᠮ᠎ᠡ ᠡᠯᠵᠢᠭᠡ ᠶ᠋ᠢᠨ ᠰᠦ ᠶ᠋ᠢ ᠤᠤᠭᠤᠯᠭᠠᠪᠠᠰᠤ ᠥᠰᠪᠥᠷᠢ ᠶ᠋ᠢᠨ ᠨᠠᠰᠤᠨ ᠳ᠋ᠠᠭᠠᠨ ᠶᠠᠷ᠎ᠠ ᠰᠢᠷᠬ᠎ᠠ ᠡᠰᠡᠷᠭᠡᠨ᠎ᠡ ᠭᠠᠷᠬᠤ ᠵᠡᠷᠭᠡ ᠬᠣᠣᠷ ᠲᠤᠷ ᠨᠡᠷᠪᠡᠭᠳᠡᠬᠦ ᠦᠭᠡᠢ᠃ ᠬᠡᠳᠦᠢᠪᠡᠷ ᠨᠡᠷᠪᠡᠭᠳᠡᠯᠦᠭᠡ ᠬᠡᠮᠡᠭᠰᠡᠨ ᠴᠦ᠍ ᠬᠥᠩᠭᠡᠨ ᠢ᠋ᠶ᠋ᠡᠷ ᠥᠩᠭᠡᠷᠡᠭᠦᠯᠵᠦ ᠪᠤᠯᠠᠬᠤ ᠪᠥᠭᠡᠳ ᠲᠡᠭᠦᠨᠴᠢᠯᠡᠨ ᠪᠠᠰᠠ ᠬᠡᠦᠬᠡᠳ ᠦ᠋ᠨ ᠵᠢᠷᠦᠬᠡᠨ ᠳ᠋ᠦ᠍ᠷ ᠬᠠᠯᠠᠭᠤᠨ ᠡᠵᠡᠯᠡᠵᠦ᠂ ᠰᠠᠯᠬᠢᠨ ᠢ᠋ᠶ᠋ᠠᠷ ᠲᠠᠲᠠᠪᠠᠯᠵᠠᠬᠤ ᠡᠪᠡᠳᠴᠢᠨ ᠢ᠋ ᠮᠥᠨ ᠵᠠᠰᠠᠮᠤᠢ᠃
ᠦᠰᠦᠭ ᠠᠮᠢᠯᠠᠭᠤᠯᠤᠭᠰᠠᠨ ᠨᠢ ᠄ ᠭᠠᠸᠠ
ᠬᠢᠨᠠᠭᠴᠢ ᠄ ᠲᠤᠭᠴᠢ ᠰᠠᠷᠠᠨ᠎ᠠ
