ᠮᠠᠨ ᠤ᠋ ᠠᠢᠯ ᠳ᠋ᠤ᠌ ᠨᠢᠭᠡ ᠰᠠᠢᠬᠠᠨ ᠡᠭᠡᠴᠢ ᠪᠠᠢᠭᠰᠠᠨ-ᠨ᠂ ᠬᠦᠬᠡᠰᠢᠭᠤᠢManai aild neg saikhan egch baisan-N,KhiishuguiМанай айлд нэг сайхан эгч байсан-Н,Хийшугуй
ᠮᠠᠨ ᠤ᠋ ᠠᠢᠯ ᠳ᠋ᠤ᠌ ᠨᠢᠭᠡ ᠰᠠᠢᠬᠠᠨ ᠡᠭᠡᠴᠢ ᠪᠠᠢᠭᠰᠠᠨ
ᠵᠣᠬᠢᠶᠠᠭᠴᠢ᠄ ᠨ᠂ ᠬᠦᠬᠡᠰᠢᠭᠤᠢ
ᠤᠶᠠᠩᠭᠠᠯᠠᠭᠴᠢ᠄ ᠪᠣᠷᠵᠢᠭᠢᠨ᠂ ᠳᠡᠭᠵᠢᠷᠡᠬᠦᠦ
ᠮᠠᠨ ᠤ᠋ ᠠᠢᠯ ᠳ᠋ᠤ᠌ ᠨᠢᠭᠡ ᠰᠠᠢᠬᠠᠨ ᠡᠭᠡᠴᠢ ᠪᠠᠢᠭᠰᠠᠨ
ᠮᠣᠢᠯ ᠬᠠᠷ᠎ᠠ ᠨᠢᠳᠦ ᠨᠢ ᠦᠭᠡ ᠬᠡᠯᠡᠬᠦ ᠰᠢᠭ ᠲᠣᠷᠮᠣᠯᠵᠠᠳᠠᠭ ᠪᠠᠢᠭᠰᠠᠨ
ᠮᠠᠨ ᠤ᠋ ᠬᠢ ᠪᠡᠷ ᠬᠠᠶᠠ ᠨᠢᠭᠡ ᠢᠷᠡᠭᠡᠳ ᠶᠠᠪᠤᠳᠠᠭ ᠪᠠᠢᠭᠰᠠᠨ
ᠮᠠᠷᠭᠠᠰᠢ ᠨᠢ ᠪᠢ ᠶᠠᠭ ᠯᠠ ᠶᠠᠭᠤ ᠨᠢᠭᠡ ᠪᠡᠨ ᠬᠡᠭᠡᠴᠢᠬᠡᠭᠰᠡᠨ ᠰᠢᠭ ᠪᠠᠢᠭᠰᠠᠨ
ᠭᠡᠵᠢᠭᠡ ᠪᠡᠨ ᠬᠣᠶᠠᠷ ᠰᠠᠯᠠᠭᠠᠯᠠᠵᠤ ᠬᠥᠷᠥᠳᠡᠭ ᠪᠠᠢᠭᠰᠠᠨ
ᠭᠡᠳᠡᠢᠪᠡᠯ ᠡᠪᠦᠷ ᠡᠴᠡ ᠨᠢ ᠬᠣᠣᠰ ᠲᠠᠭᠲᠠᠭ᠎ᠠ ᠨᠢᠰᠳᠡᠭ ᠪᠠᠢᠭᠰᠠᠨ
ᠬᠥᠮᠥᠰᠬᠡ ᠨᠢ ᠶᠠᠭ ᠤᠳᠠᠨ ᠤ᠋ ᠨᠠᠪᠴᠢ ᠰᠢᠭ᠋ ᠰᠠᠢᠬᠠᠨ ᠪᠠᠢᠭᠰᠠᠨ
ᠬᠥᠳᠡᠯᠵᠦ ᠪᠠᠷᠢᠬᠤ ᠨᠢ ᠶᠠᠭ ᠤᠯᠠᠭᠠᠨᠮᠦ᠋ᠴᠢᠷ ᠰᠢᠭ ᠭᠠᠩᠬᠤᠳᠠᠭ ᠪᠠᠢᠭᠰᠠᠨ
ᠢᠨᠢᠶᠡᠪᠡᠯ ᠬᠠᠴᠠᠷ ᠲᠤ᠌ ᠨᠢ ᠬᠤᠨᠳᠠᠭ᠎ᠠ ᠲᠣᠭᠲᠠᠳᠠᠭ ᠪᠠᠢᠭᠰᠠᠨ
ᠡᠨᠡ ᠬᠤᠨᠳᠠᠭ᠎ᠠ ᠳ᠋ᠤ᠌ ᠨᠢ ᠠᠢᠯ ᠤ᠋ᠨ ᠠᠬ᠎ᠠ ᠨᠠᠷ ᠰᠣᠭᠲᠣᠳᠠᠭ ᠪᠠᠢᠭᠰᠠᠨ
ᠢᠴᠢᠪᠡᠯ ᠨᠢᠳᠦᠨ ᠡᠴᠡ ᠨᠢ ᠰᠤᠪᠤᠳ ᠪᠥᠮᠪᠥᠷᠢᠳᠡᠭ ᠪᠠᠢᠭᠰᠠᠨ
ᠡᠨᠡ ᠰᠤᠪᠤᠳ ᠲᠤ᠌ ᠨᠢ ᠠᠯᠲᠠ ᠮᠥᠩᠭᠥ ᠴᠦ᠍ ᠬᠢᠮᠳᠠᠷᠠᠳᠠᠭ ᠪᠠᠢᠭᠰᠠᠨ
ᠬᠠᠶᠠ ᠬᠠᠶᠠ ᠪᠠᠶᠠᠰᠤᠭᠠᠳ ᠳᠡᠷᠪᠡᠳᠡᠭ ᠪᠠᠢᠭᠰᠠᠨ
《ᠬᠠᠰᠢᠶᠠᠨ ᠳ᠋ᠠᠭᠠᠨ ᠲᠠᠷᠢᠭᠠᠳ ᠲᠡᠭᠡᠭᠰᠡᠨ᠁ 》 ᠭᠡᠳ ᠬᠠᠩᠭᠢᠨᠠᠭᠤᠯᠳᠠᠭ ᠪᠠᠢᠭᠰᠠᠨ
ᠭᠡᠨᠡᠳᠲᠡ ᠭᠡᠨᠡᠳᠲᠡ ᠪᠠᠰᠠ ᠰᠡᠭᠦᠷᠡᠰᠦ ᠠᠯᠳᠠᠳᠠᠭ ᠪᠠᠢᠭᠰᠠᠨ
《ᠵᠦᠰᠡᠷ ᠪᠣᠷᠣᠭᠠᠨ ᠣᠷᠣᠬᠤ ᠶᠤᠮ ᠪᠠ᠁》 ᠭᠡᠳ ᠮᠡᠯᠮᠡᠷᠡᠭᠦᠯᠳᠡᠭ ᠪᠠᠢᠭᠰᠠᠨ
ᠠᠢᠯ ᠤ᠋ᠨ ᠡᠭᠡᠴᠢ ᠪᠡᠨ ᠪᠢ ᠪᠢᠰᠢᠷᠡᠵᠦ ᠲᠣᠭᠣᠳᠠᠭ ᠪᠠᠢᠭᠰᠠᠨ
ᠠᠢᠯ ᠤ᠋ᠨ ᠠᠬ᠎ᠠ ᠨᠠᠷ ᠲᠡᠭᠦᠨ ᠢ᠋ ᠪᠤᠯᠢᠶᠠᠯᠳᠤᠵᠤ ᠲᠠᠭᠤᠳᠠᠭ ᠪᠠᠢᠭᠰᠠᠨ
ᠠᠷᠢᠬᠢᠨ ᠳ᠋ᠤ᠌ ᠰᠣᠭᠲᠣᠪᠠᠯ ᠨᠢᠭᠡ ᠨᠢ ᠤᠬᠢᠯᠠᠳᠠᠭ ᠳᠠᠭᠤᠯᠠᠳᠠᠭ ᠪᠠᠢᠭᠰᠠᠨ
ᠠᠮᠢ ᠨᠠᠰᠤᠨ ᠤ᠋ ᠳ᠋ᠦᠸᠸᠯ ᠡᠭᠦᠰᠦᠮᠡᠷ ᠭᠠᠷᠤᠮᠠᠷ ᠪᠠᠢᠭᠰᠠᠨ
ᠣᠳᠣ ᠡᠷᠭᠢᠴᠡᠭᠦᠯᠪᠡᠯ, ᠣᠨ ᠵᠢᠯ ᠺᠢᠨᠣ᠋ ᠠᠳᠠᠯᠢ ᠪᠠᠢᠭᠰᠠᠨ
ᠣᠭᠣ ᠭᠠᠭᠴᠠ ᠠᠢᠯ ᠤ᠋ᠨ ᠡᠭᠡᠴᠢ ᠮᠢᠨᠢ ᠲᠣᠭᠯᠠᠭᠴᠢ ᠠᠳᠠᠯᠢ ᠪᠠᠢᠭᠰᠠᠨ
ᠣᠯᠠᠨ ᠣᠯᠠᠨ ᠤᠴᠢᠷ ᠶᠠᠭ ᠣᠨᠢᠰᠣᠭ᠎ᠠ ᠠᠳᠠᠯᠢ ᠪᠠᠢᠭᠰᠠᠨ
ᠣᠷᠴᠢᠯᠠᠩ ᠳᠡᠯᠡᠬᠡᠢ ᠶᠡᠷᠦ ᠨᠢ ᠵᠡᠭᠦᠳᠦ ᠠᠳᠠᠯᠢ ᠪᠠᠢᠭᠰᠠᠨ
ᠬᠥᠮᠦᠨ ᠦ᠌ ᠬᠣᠷᠸ᠎ᠠ ᠳ᠋ᠤ᠌ ᠵᠢᠷᠤᠭ ᠢ᠋ ᠢᠴᠢᠭᠡᠮᠡᠷ ᠲᠥᠷᠥᠭᠰᠡᠨ
ᠬᠦᠰᠡᠯ ᠦ᠋ᠨ ᠳᠡᠯᠡᠬᠡᠢ ᠳ᠋ᠦ᠍ ᠴᠡᠴᠡᠭ ᠢ᠋ ᠠᠲᠠᠭᠠᠷᠬᠠᠮᠠᠷ ᠪᠥᠵᠢᠭᠰᠡᠨ
ᠬᠥᠳᠡᠭᠡ ᠶ᠋ᠢᠨ ᠠᠮᠢᠳᠤᠷᠠᠯ ᠳ᠋ᠤ᠌ ᠰᠠᠷ᠎ᠠ ᠶ᠋ᠢ ᠮᠥᠴᠡᠭᠡᠷᠬᠡᠮᠡᠷ ᠲᠤᠶᠠᠭᠠᠷᠠᠭᠰᠠᠨ
ᠬᠥᠳᠡᠯᠮᠦᠷᠢ ᠠᠵᠢᠯ ᠳ᠋ᠤ᠌ ᠡᠷ᠎ᠡ ᠶ᠋ᠢ ᠪᠠᠰᠤᠮᠠᠷ ᠴᠠᠭᠠᠷᠠᠭᠰᠠᠨ
ᠠᠢᠯ ᠤ᠋ᠨ ᠡᠭᠡᠴᠢ ᠲᠡᠢ ᠪᠡᠨ ᠪᠢ ᠠᠬᠢᠭᠠᠳ ᠶᠡᠷᠦ ᠠᠭᠤᠯᠵᠠᠭᠰᠠᠨ ᠦᠭᠡᠢ
ᠠᠯᠢ ᠣᠯᠠᠨ ᠠᠬ᠎ᠠ ᠨᠠᠷ ᠤ᠋ᠨ ᠬᠡᠨ ᠳ᠋ᠦ᠍ ᠨᠢ ᠣᠴᠢᠭᠰᠠᠨ ᠢ᠋ ᠴᠦ᠍ ᠮᠡᠳᠡᠭᠰᠡᠨ ᠦᠭᠡᠢ
ᠠᠮᠢᠳᠤᠷᠠᠯ ᠤ᠋ᠨ ᠡᠷᠬᠡ ᠪᠡᠷ ᠪᠢ ᠲᠡᠭᠦᠨ ᠢ᠋ ᠡᠷᠭᠢᠵᠦ ᠦᠵᠡᠵᠦ ᠴᠢᠳᠠᠭᠰᠠᠨ ᠦᠭᠡᠢ
ᠠᠯᠳᠠᠩᠬᠠᠨ ᠨᠠᠰᠤᠨ ᠳ᠋ᠤ᠌ ᠬᠣᠴᠣᠷᠤᠭᠰᠠᠨ ᠰᠠᠢᠬᠠᠨ ᠳᠦᠷᠢ ᠶ᠋ᠢ ᠨᠢ ᠮᠠᠷᠲᠠᠭᠰᠠᠨ ᠦᠭᠡᠢ
ᠮᠠᠨ ᠤ᠋ ᠠᠢᠯ ᠳ᠋ᠤ᠌ ᠨᠢᠭᠡ ᠰᠠᠢᠬᠠᠨ ᠡᠭᠡᠴᠢ ᠪᠠᠢᠭᠰᠠᠨ
ᠮᠣᠢᠯ ᠬᠠᠷ᠎ᠠ ᠨᠢᠳᠦ ᠨᠢ ᠦᠨᠡᠨ ᠦᠭᠡ ᠬᠡᠯᠡᠬᠦ ᠰᠢᠭ ᠲᠣᠷᠮᠣᠯᠵᠠᠳᠠᠭ ᠪᠠᠢᠭᠰᠠᠨ
ᠮᠠᠨ ᠤ᠋ ᠬᠢ ᠪᠡᠷ ᠬᠠᠶᠠ ᠨᠢᠭᠡ ᠢᠷᠡᠭᠡᠳ ᠶᠠᠪᠤᠳᠠᠭ ᠪᠠᠢᠭᠰᠠᠨ
ᠮᠠᠷᠭᠠᠰᠢ ᠨᠢ ᠪᠢ ᠶᠠᠭ ᠯᠠ ᠶᠠᠭᠤ ᠨᠢᠭᠡ ᠪᠡᠨ ᠭᠡᠭᠡᠴᠢᠬᠡᠭᠰᠡᠨ ᠰᠢᠭ ᠪᠠᠢᠭᠰᠠᠨ
ᠢᠷᠡᠯᠲᠡ᠄ ᠴᠤᠤᠷᠢᠶ᠎ᠠ ᠤᠳᠬ᠎ᠠ ᠤᠷᠠᠯᠢᠭ ᠲᠠᠪᠴᠠᠩ
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
ᠬᠢᠨᠠᠭᠴᠢ᠄ ᠭᠠᠷᠮ᠎ᠠ
