ᠣᠮ ᠠ ᠬᠣᠩ ᠅ ᠮᠡᠷᠭᠡᠨ ᠭᠡᠭᠡᠨ ᠦ᠌ ᠳ᠋ᠠᠩᠰᠢᠭOm aa khon ᠅ mergen gegeenii danshigОм аа хон ᠅ мэргэн гэгээний даншиг
ᠣᠮ ᠠ ᠬᠣᠩ ᠅ ᠮᠡᠷᠭᠡᠨ ᠭᠡᠭᠡᠨ ᠦ᠌ ᠳ᠋ᠠᠩᠰᠢᠭ
ᠣᠭᠲᠠᠷᠭᠤᠢ ᠳᠠ ᠡᠭᠦᠯᠡᠨ ᠮᠡᠲᠦ ᠢᠩᠭᠦᠭᠰᠡᠨ ᠦ᠌ ᠲᠡᠭᠷᠢ᠃
ᠰᠠᠢᠨ ᠤ᠋ ᠣᠶᠤᠨ ᠦᠨᠡᠨ ᠵᠠᠷᠯᠢᠭ ᠷᠠᠰᠢᠶᠠᠨ ᠤ᠋ ᠬᠤᠮᠬ᠎ᠠ ᠪᠠᠷ᠃
ᠲᠠᠪᠤᠨ ᠮᠠᠭᠠᠳ ᠲᠡᠭᠦᠰ ᠵᠢᠷᠭᠠᠯᠠᠩ ᠳ᠋ᠤᠷ ᠡᠷᠬᠡ ᠥᠭᠭᠦᠭᠰᠡᠨ᠃
ᠦᠨᠡᠨ ᠤᠳᠬ᠎ᠠ ᠢᠯᠡ ᠪᠣᠯᠬᠤ ᠠᠳᠢᠰᠯᠠᠨ ᠰᠣᠶᠣᠷᠬ᠎ᠠ ᠅
ᠠᠪᠤᠷᠠᠭᠴᠢ ᠬᠢᠵᠠᠭᠠᠷ ᠦᠭᠡᠢ ᠨᠠᠰᠤᠲᠤ ᠪᠠ ᠪᠢᠼᠠᠶᠠ᠃
ᠠᠷᠢᠶ᠎ᠠ ᠡᠬᠡ ᠰᠡᠳᠬᠢᠯᠴᠢᠯᠡᠨ ᠬᠦᠷᠳᠦ ᠶ᠋ᠢᠨ ᠪᠤᠷᠬᠠᠨ ᠨᠤᠭᠤᠳ ᠲᠤᠷ᠃
ᠠᠮᠤᠷ ᠲᠤᠰᠠ ᠵᠢᠷᠭᠠᠯᠠᠩ ᠤ᠋ᠨ ᠰᠠᠳᠤᠨ ᠨᠠᠷ ᠤ᠋ᠨ ᠢᠲᠡᠭᠡᠯ᠃
ᠠᠪᠤᠯᠤᠭ᠎ᠠ ᠪᠤᠷᠬᠠᠨ ᠣᠷᠣᠨ ᠲᠠᠩᠰᠤᠭ ᠮᠡᠲᠦ ᠵᠣᠬᠢᠶᠠᠨ᠅
ᠲᠣᠭ᠎ᠠ ᠦᠭᠡᠢ ᠬᠤᠪᠢ ᠰᠠᠢᠲᠤ ᠶ᠋ᠢᠨ ᠭᠠᠭᠴᠠ ᠰᠠᠳᠤᠨ ᠪᠣᠯᠤᠭᠰᠠᠨ᠃
ᠮᠤᠨᠠ ᠶ᠋ᠢᠨ ᠨᠢᠨᠳᠠᠷ ᠱᠠᠰᠢᠨ ᠪᠠᠳᠮ᠎ᠠ ᠶ᠋ᠢᠨ ᠮᠦᠰᠢᠶᠡᠬᠦᠢ ᠢᠪᠡᠭᠡᠯ ᠃
ᠰᠣᠨᠣᠰᠬᠤ ᠪᠠ ᠰᠠᠨᠠᠬᠤ ᠪᠠ ᠪᠢᠰᠢᠯᠭᠠᠬᠤ ᠴᠢᠮᠡᠭᠲᠦ᠃
ᠨᠣᠮ ᠤ᠋ᠨ ᠲᠤᠸᠠᠽᠠ ᠰᠠᠨᠰᠠᠷ ᠲᠤᠷ ᠪᠠᠲᠤ ᠠᠬᠤ ᠪᠣᠯᠲᠤᠭᠠᠢ ᠅
ᠠᠷᠢᠯᠤᠭᠰᠠᠨ ᠱᠠᠭᠱᠠᠪᠠᠳ ᠤ᠋ᠨ ᠦᠨᠳᠦᠰᠦ ᠪᠡᠨ ᠪᠠᠲᠤᠳᠬᠠᠨ᠃
ᠠᠭᠤᠤ ᠰᠢᠨᠵᠢᠯ ᠰᠣᠨᠣᠰᠤᠭᠰᠠᠨ ᠰᠠᠯᠠᠭ᠎ᠠ ᠨᠠᠪᠴᠢ ᠳᠡᠯᠭᠡᠷᠡᠨ᠃
ᠠᠪᠤᠷᠢᠳᠠ ᠮᠡᠷᠭᠡᠨ ᠭᠤᠷᠪᠠᠨ ᠦᠢᠯᠡ ᠶ᠋ᠢᠨ ᠥᠨᠤᠳ ᠠᠩᠬᠢᠯᠵᠤ᠃
ᠠᠰᠤᠷᠤ ᠣᠯᠠᠨ ᠮᠠᠨᠢᠪᠠᠳᠠᠷᠠ ᠪᠠᠶᠠᠷ ᠬᠤᠷᠢᠮ ᠰᠣᠶᠣᠷᠬ᠎ᠠ ᠅
ᠲᠣᠪᠴᠢᠯᠠᠷᠤᠨ ᠦᠨᠡᠨ ᠭᠤᠷᠪᠠᠨ ᠡᠷᠳᠡᠨᠢᠰ ᠦ᠋ᠨ ᠠᠳᠢᠰᠲᠢᠳ ᠃
ᠢᠳᠠᠮ ᠪᠤᠷᠬᠠᠨ ᠰᠠᠬᠢᠭᠤᠯᠰᠤᠨ ᠠᠤᠭ᠎ᠠ ᠬᠦᠴᠦᠨ ᠨᠤᠬᠦᠳ ᠢ᠋ᠶ᠋ᠡᠷ᠃
ᠶᠠᠮᠪᠠᠷ ᠮᠡᠲᠦ ᠢᠷᠦᠭᠡᠯ ᠦ᠋ᠨ ᠦᠷᠡᠰ ᠲᠣᠳᠬᠠᠷ ᠥᠭᠡᠬᠦ᠃
ᠪᠣᠯᠪᠠᠰᠤᠷᠠᠨ ᠪᠤᠶᠠᠨ ᠢ᠋ᠶ᠋ᠠᠷ ᠲᠡᠳᠬᠦᠭᠳᠡᠬᠦ ᠪᠣᠯᠲᠤᠭᠠᠢ ᠅᠃᠅
ᠦᠰᠦᠭ ᠠᠮᠢᠯᠠᠭᠤᠯᠤᠭᠴᠢ᠄ ᠲᠡᠭᠰᠢᠮᠥ᠋ᠩᠬᠡ
ᠬᠢᠨᠠᠭᠴᠢ᠄ ᠮᠣᠩᠭᠤᠯᠵᠠᠶᠠᠭ᠎ᠠ
