ᠡᠩᠭᠡᠰᠬᠡEngesegЭнгэсэг ᠠᠮᠢᠲᠠᠨ ᠤ᠋ ᠶᠢᠷᠲᠢᠨᠴᠦ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠩᠭᠡᠰᠬᠡEngesegЭнгэсэг

ᠡᠩᠭᠡᠰᠬᠡEngesegЭнгэсэг

2025-11-21

95

ᠡᠩᠭᠡᠰᠬᠡ

   ᠲᠤᠰ ᠡᠮ ᠪᠣᠯ ᠴᠠᠪᠠᠤ ᠯᠠᠪᠠᠩᠲᠤ ᠪᠠᠭᠠᠷᠠᠩ ᠤ᠋ᠨ ᠢᠵᠠᠭᠤᠷ ᠤ᠋ᠨ ᠰᠢᠪᠡᠵᠢ ᠪᠣᠯᠬᠤ ᠪᠣᠷᠣ ᠴᠠᠪᠠᠤᠯᠢᠭ ᠬᠣᠷᠣᠬᠠᠢ ᠶ᠋ᠢᠨ ᠮᠣᠳᠣ ᠶ᠋ᠢᠨ ᠮᠥᠴᠢᠷ ᠳᠡᠭᠡᠷ᠎ᠡ ᠢᠯᠭᠠᠷᠠᠭᠤᠯᠤᠭᠰᠠᠨ ᠴᠠᠪᠠᠤᠯᠢᠭ ᠡᠳ᠋ ᠮᠥᠨ᠃ ᠪᠠᠰᠠ ᠵᠠᠵᠢᠭ᠂ ᠼᠤᠢ ᠭᠡᠳᠡᠭ᠃
   [ ᠤᠤᠯ ᠠᠮᠢᠲᠠᠨ] ᠡᠷᠡᠭᠴᠢᠨ ᠦ᠌ ᠬᠢᠨᠢ ᠪᠡᠶ᠎ᠡ ᠨᠢ ᠤᠯᠠᠭᠠᠨ ᠥᠩᠭᠡ ᠲᠡᠢ ᠪᠥᠭᠡᠳ ᠲᠤᠶᠠᠭᠠᠯᠢᠭ ᠠᠪᠠᠭᠠᠯᠳᠠᠢ ᠠ᠋ᠴᠠ ᠪᠠᠨ ᠪᠠᠭᠠᠬᠠᠨ ᠲᠣᠮᠣ᠂ ᠲᠣᠯᠣᠭᠠᠢ ᠳᠡᠭᠡᠷ᠎ᠡ ᠨᠢ ᠨᠠᠷᠢᠨ ᠤᠷᠲᠤ ᠲᠡᠮᠲᠡᠷᠢᠭᠦᠯ ᠪᠠ ᠨᠢᠳᠦ ᠲᠡᠢ᠂ ᠭᠡᠪᠡᠴᠦ ᠠᠮᠠᠨ ᠡᠷᠬᠡᠲᠡᠨ ᠨᠢ ᠮᠠᠭᠤᠵᠢᠷᠠᠭᠰᠠᠨ ᠪᠠᠢᠳᠠᠭ᠃ ᠳᠠᠯᠠᠪᠴᠢ ᠨᠢ ᠨᠢᠭᠡ ᠬᠣᠣᠰ᠂ ᠵᠠᠷᠢᠮ ᠨᠢ ᠳᠠᠯᠠᠪᠴᠢ ᠦᠭᠡᠢ᠃ ᠬᠡᠪᠡᠯᠢ ᠶ᠋ᠢᠨ ᠰᠡᠭᠦᠯ ᠦᠵᠦᠭᠦᠷ  ᠲᠦ᠋ᠨᠢ ᠪᠡᠯᠭᠡ ᠬᠠᠷᠢᠯᠴᠠᠬᠤ ᠬᠤᠶᠠᠭ ᠲᠠᠢ᠂ ᠬᠣᠶᠠᠷ ᠬᠠᠵᠠᠭᠤ ᠳ᠋ᠤᠨᠢ ᠮᠥᠨ ᠬᠦ᠌ ᠨᠢᠭᠡ ᠴᠠᠭᠠᠨ ᠥᠩᠭᠡᠲᠦ ᠯᠡ ᠶ᠋ᠢᠨ ᠰᠢᠷᠬᠡᠭ ᠲᠡᠢ᠂ ᠡᠮᠡᠭᠴᠢᠨ ᠦ᠌ ᠪᠡᠶ᠎ᠡ ᠨᠢ ᠤᠷᠲᠤ ᠪᠥᠭᠡᠷᠡᠩᠬᠡᠢ ᠬᠡᠯᠪᠡᠷᠢ ᠲᠡᠢ ᠪᠥᠭᠡᠳ ᠦᠶᠡᠯᠡᠭᠰᠡᠨ ᠲᠣᠳᠣ ᠪᠤᠰᠤ ᠤᠭᠤᠲᠠ ᠰᠢᠭ᠋ ᠬᠡᠯᠪᠡᠷᠢ ᠲᠡᠢ᠃ ᠪᠡᠶ᠎ᠡ ᠳᠡᠭᠡᠷ᠎ᠡ ᠨᠢ ᠭᠤᠷᠪᠠᠨ ᠳᠣᠪᠣᠭᠣᠷ ᠲᠠᠢ᠂ ᠲᠡᠭᠦᠨ ᠦ᠌ ᠨᠢᠭᠡ ᠳᠣᠪᠣᠭᠣᠷ ᠨᠢ ᠢᠯᠭᠠᠳᠠᠰᠤᠨ ᠤ᠋ ᠰᠦᠪᠡ ᠶ᠋ᠢᠨ ᠳᠣᠪᠣᠭᠣᠷ ᠪᠠ ᠨᠥᠭᠦᠭᠡ ᠬᠣᠶᠠᠷ ᠨᠢ ᠳᠤᠮᠳᠠ ᠴᠡᠭᠡᠵᠢᠨ ᠦ᠌ ᠠᠮᠢᠰᠬᠤᠯ ᠤ᠋ᠨ ᠰᠦᠪᠡ ᠮᠥᠨ᠃ ᠬᠡᠪᠡᠯᠢ ᠶ᠋ᠢᠨ ᠬᠡᠰᠡᠭ ᠳᠡᠭᠡᠷ᠎ᠡ ᠨᠢ ᠠᠮᠢᠰᠬᠤᠯ ᠤ᠋ᠨ ᠰᠦᠪᠡ ᠦᠭᠡᠢ᠃ ᠲᠡᠮᠲᠡᠷᠢᠭᠦᠯ ᠨᠢ ᠣᠬᠣᠷ᠂ ᠬᠡᠪᠡᠯᠢ ᠶ᠋ᠢᠨ ᠬᠡᠰᠡᠭ ᠦ᠋ᠨ ᠰᠡᠭᠦᠯ ᠦᠵᠦᠭᠦᠷ ᠨᠢ ᠤᠷᠲᠤᠰᠴᠤ ᠴᠣᠷᠭᠣ ᠰᠢᠭ᠋ ᠪᠣᠯᠳᠠᠭ ᠪᠥᠭᠡᠳ ᠳᠡᠭᠡᠷ᠎ᠡ ᠨᠢ ᠢᠯᠭᠠᠳᠠᠰᠤᠨ ᠰᠦᠪᠡ ᠲᠡᠢ᠃ ᠲᠤᠶᠠᠭᠠᠯᠢᠭ ᠠᠪᠠᠭᠠᠯᠳᠠᠢ ᠨᠢ ᠤᠯᠠᠭᠠᠨ ᠪᠥᠭᠡᠳ ᠣᠩᠭᠣᠴᠠ ᠬᠡᠯᠪᠡᠷᠢ ᠲᠡᠢ᠂ ᠤᠷᠲᠤ ᠨᠢ ᠪᠠᠷᠤᠭ5mm᠃ ᠲᠣᠯᠣᠭᠠᠢ᠂ ᠴᠡᠭᠡᠵᠢ᠂ ᠬᠡᠪᠡᠯᠢ ᠨᠢ ᠲᠣᠳᠣ᠃ ᠲᠣᠯᠣᠭᠠᠢ ᠶ᠋ᠢᠨ ᠳᠡᠭᠡᠷ᠎ᠡ ᠨᠢ ᠬᠣᠣᠰ ᠬᠥᠯ ᠲᠡᠢ᠂ ᠰᠡᠭᠦᠯ ᠦᠵᠦᠭᠦᠷ ᠲᠦ᠋ᠨᠢ ᠨᠢᠭᠡ ᠬᠣᠣᠰ ᠯᠠᠪ ᠤ᠋ᠨ ᠰᠢᠷᠬᠡᠭ ᠲᠡᠢ᠃
   [ ᠠᠮᠢᠳᠤᠷᠠᠬᠤ ᠣᠷᠴᠢᠨ ᠬᠢᠭᠡᠳ ᠲᠠᠷᠬᠠᠴᠠ] ᠵᠠᠭᠤ ᠢᠯᠡᠭᠦᠦ ᠵᠦᠢᠯ ᠦ᠋ᠨ ᠤᠷᠭᠤᠮᠠᠯ ᠢ᠋ ᠮᠥᠯᠵᠢᠵᠦ ᠠᠮᠢᠳᠤᠷᠠᠳᠠᠭ᠂ ᠭᠣᠣᠯᠳᠠᠭᠤ ᠪᠠᠷᠠᠭᠤᠨ ᠡᠮᠦᠨᠡᠲᠦ ᠣᠷᠣᠨ᠂ ᠲᠠᠢᠸᠠᠨ᠂ ᠭᠣᠸᠠᠩᠳᠥ᠋ᠩ ᠳ᠋ᠦ᠍ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ]7~8 ᠳ᠋ᠤᠭᠠᠷ ᠰᠠᠷ᠎ᠠ ᠳ᠋ᠤ᠌ ᠲᠡᠭᠦᠵᠦ᠂ ᠰᠡᠷᠢᠭᠦᠨ ᠵᠢᠪᠠᠷ ᠨᠡᠪᠲᠡᠷᠡᠬᠦ ᠰᠡᠭᠦᠳᠡᠷ ᠭᠠᠵᠠᠷ ᠲᠤ᠌ ᠲᠠᠯᠪᠢᠵᠤ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠠᠮᠲᠠᠯᠢᠭ᠂ ᠭᠠᠰᠢᠭᠤᠨ᠂ ᠡᠬᠡᠭᠦᠨ ᠠᠮᠲᠠ ᠲᠠᠢ᠂ ᠬᠦᠢᠲᠡᠨ ᠴᠢᠨᠠᠷ ᠲᠠᠢ᠂ ᠮᠣᠬᠣᠳᠠᠭ᠂ ᠵᠥᠭᠡᠯᠡᠨ᠂ ᠡᠶᠡᠯᠳᠡᠭ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠴᠢᠰᠤᠨ ᠤ᠋ ᠬᠠᠯᠠᠭᠤᠨ ᠢ᠋ ᠠᠷᠢᠯᠭᠠᠬᠤ᠂ ᠠᠭᠤᠰᠬᠢ ᠪᠥᠭᠡᠷᠡᠨ ᠦ᠌ ᠳᠣᠷᠭᠢᠭᠰᠠᠨ ᠬᠠᠯᠠᠭᠤᠨ᠂ ᠬᠢᠮᠤᠷᠠᠭᠰᠠᠨ ᠬᠠᠯᠠᠭᠤᠨ ᠢ᠋ ᠠᠷᠢᠯᠭᠠᠬᠤ ᠴᠢᠳᠠᠯ ᠲᠠᠢ᠃ ᠭᠣᠣᠯᠳᠠᠭᠤ ᠠᠭᠤᠰᠬᠢ ᠪᠥᠭᠡᠷᠡᠨ ᠦ᠌ ᠳᠣᠷᠭᠢᠭᠰᠠᠨ ᠪᠠ ᠬᠢᠮᠤᠷᠠᠭᠰᠠᠨ ᠬᠠᠯᠠᠭᠤᠨ᠂ ᠴᠢᠰᠤᠨ ᠬᠠᠯᠠᠭᠤᠨ᠂ ᠴᠢᠰᠤ ᠭᠠᠷᠬᠤ᠂ ᠴᠢᠰᠤ ᠪᠠᠷ ᠰᠢᠭᠡᠬᠦ᠂ ᠳᠤᠰᠤᠯ ᠴᠤᠪᠤᠷᠠᠬᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄紫草茸(紫胶虫)
   ᠠᠩᠭ᠌ᠯᠢ ᠨᠡᠷ᠎ᠡ᠄Ccifera lacca Kerr.

   ᠦᠰᠦᠭ ᠠᠮᠢᠯᠠᠭᠤᠯᠤᠭᠴᠢ᠄ ᠣᠶᠤᠨᠴᠢᠮᠡᠭ
   ᠬᠢᠨᠠᠭᠴᠢ᠄ ᠴᠡᠪᠡᠷᠴᠡᠴᠭ