ᠮᠢᠯᠠ ᠪᠣᠭᠳᠠ ᠶ᠋ᠢᠨ ᠰᠤᠷᠭᠠᠯ ᠦᠭᠡᠨ ᠡᠴᠡMyal bogdyn surgaal ügneesМял богдын сургаал үгнээс ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠯᠠ ᠪᠣᠭᠳᠠ ᠶ᠋ᠢᠨ ᠰᠤᠷᠭᠠᠯ ᠦᠭᠡᠨ ᠡᠴᠡMyal bogdyn surgaal ügneesМял богдын сургаал үгнээс

ᠮᠢᠯᠠ ᠪᠣᠭᠳᠠ ᠶ᠋ᠢᠨ ᠰᠤᠷᠭᠠᠯ ᠦᠭᠡᠨ ᠡᠴᠡMyal bogdyn surgaal ügneesМял богдын сургаал үгнээс

2025-11-20

559

ᠮᠢᠯᠠ ᠪᠣᠭᠳᠠ ᠶ᠋ᠢᠨ ᠰᠤᠷᠭᠠᠯ ᠦᠭᠡᠨ ᠡᠴᠡ


ᠠᠪᠤᠷᠠᠯ ᠤ᠋ᠨ ᠳᠡᠭᠡᠳᠦ ᠪᠠᠭᠰᠢ ᠳ᠋ᠠᠭᠠᠨ ᠪᠢᠰᠢᠷᠡᠯ ᠦᠭᠡᠢ 
ᠠᠪᠢᠰᠢᠭ᠌ ᠬᠦᠷᠲᠡᠭᠡᠳ ᠶᠠᠭᠤᠨ ᠤ᠋ ᠲᠤᠰᠠ 
ᠤᠳᠬ᠎ᠠ ᠶ᠋ᠢᠨ ᠰᠢᠮ᠎ᠡ ᠶ᠋ᠢ ᠵᠢᠷᠦᠬᠡᠨ ᠳ᠋ᠡᠭᠡᠨ ᠰᠢᠩᠭᠡᠭᠡᠯ ᠦᠭᠡᠢ 
ᠤᠩᠰᠢᠯᠭ᠎ᠠ ᠴᠡᠭᠡᠵᠢᠯᠡᠭᠡᠳ ᠶᠠᠭᠤᠨ ᠤ᠋ ᠲᠤᠰᠠ 
ᠪᠡᠷᠲᠡᠭᠴᠢᠨ ᠠᠮᠢᠳᠤᠷᠠᠯ ᠠ᠋ᠴᠠ ᠬᠤᠯᠠᠳᠠᠯ ᠦᠭᠡᠢ 
ᠪᠢᠰᠢᠯᠭᠠᠯ ᠬᠢᠬᠦ ᠶ᠋ᠢᠨ ᠬᠡᠷᠡᠭ ᠶᠠᠭᠤᠨ 
ᠪᠡᠶ᠎ᠡ ᠰᠡᠳᠬᠢᠯ ᠢ᠋ᠶ᠋ᠡᠨ ᠨᠣᠮᠣᠬᠠᠳᠬᠠᠯ ᠦᠭᠡᠢ 
ᠮᠥᠷᠭᠥᠯ ᠬᠢᠬᠦ ᠶ᠋ᠢᠨ ᠠᠰᠢᠭ ᠶᠠᠭᠤᠨ 
ᠬᠥᠮᠦᠨ ᠦ᠌ ᠮᠠᠭᠤᠯᠠᠬᠤ ᠶ᠋ᠢ ᠲᠡᠰᠬᠦ ᠦᠭᠡᠢ ᠪᠣᠯ 
ᠬᠦᠯᠢᠴᠡᠯ ᠰᠠᠬᠢᠯ ᠤ᠋ᠨ ᠬᠡᠷᠡᠭ ᠶᠠᠭᠤᠨ 
ᠲᠠᠴᠢᠶᠠᠯ ᠬᠣᠷᠣᠰᠤᠯ ᠢ᠋ ᠳᠠᠷᠤᠬᠤ ᠦᠭᠡᠢ ᠪᠣᠯ 
ᠲᠠᠬᠢᠯ ᠮᠠᠨᠳᠠᠯ ᠤ᠋ᠨ ᠤᠳᠬ᠎ᠠ ᠶᠠᠭᠤᠨ 
ᠠᠮᠢᠨᠴᠢ ᠦᠵᠡᠯ ᠦ᠋ᠨ ᠭᠬᠢᠷ ᠰᠢᠩᠭᠡᠭᠰᠡᠨ
ᠥᠭᠯᠢᠭᠡ ᠪᠤᠶᠠᠨ ᠶᠠᠭᠤᠨ ᠤ᠋ ᠲᠤᠰᠠ
ᠠᠮᠢᠲᠠᠨ ᠪᠦᠬᠦᠨ ᠢ᠋ ᠡᠵᠢ ᠰᠢᠭ ᠢ᠋ᠶ᠋ᠡᠨ ᠪᠣᠳᠣᠯ ᠦᠭᠡᠢ
ᠥᠨᠳᠥᠷ ᠰᠠᠭᠤᠳᠠᠯ ᠶᠠᠭᠤᠨ ᠤ᠋ ᠲᠤᠰᠠ
ᠠᠷᠢᠭᠤᠨ ᠦᠵᠡᠭᠳᠡᠯ ᠢ᠋ ᠰᠡᠷᠡᠵᠦ ᠮᠡᠳᠡᠬᠦ ᠦᠭᠡᠢ
ᠰᠤᠪᠤᠷᠭ᠎ᠠ ᠪᠤᠰᠬᠠᠭᠠᠳ ᠶᠠᠭᠤᠨ ᠤ᠋ ᠲᠤᠰᠠ
ᠠᠵᠤ ᠲᠥᠷᠥᠯ ᠢ᠋ᠶ᠋ᠡᠨ ᠪᠢᠰᠢᠯᠭᠠᠯ ᠪᠣᠯᠭᠠᠬᠤ ᠦᠭᠡᠢ
ᠴᠡᠴᠡ ᠲᠠᠯᠪᠢᠭᠠᠳ ᠶᠠᠭᠤᠨ ᠤ᠋ ᠲᠤᠰᠠ
ᠦᠷᠦ ᠵᠢᠷᠦᠬᠡᠨ ᠦ᠌ ᠤᠭ ᠠ᠋ᠴᠠ ᠵᠠᠯᠪᠠᠷᠢᠯ ᠦᠭᠡᠢ
ᠡᠷᠭᠦᠯ ᠪᠠᠷᠢᠭᠠᠳ ᠶᠠᠭᠤᠨ ᠤ᠋ ᠲᠤᠰᠠ
ᠦᠨᠡᠨ ᠨᠣᠮ ᠢ᠋ ᠠᠩᠬᠠᠷᠴᠤ ᠰᠣᠨᠣᠰᠤᠯ ᠦᠭᠡᠢ
ᠡᠪᠦᠳᠦᠭ ᠰᠥᠬᠥᠷᠡᠭᠡᠳ ᠶᠠᠭᠤᠨ ᠤ᠋ ᠲᠤᠰᠠ
ᠠᠮᠢᠳᠤ ᠰᠡᠷᠡᠭᠦᠨ ᠳ᠋ᠦ᠍ ᠨᠢ ᠢᠲᠡᠭᠡᠵᠦ ᠪᠢᠰᠢᠷᠡᠯ ᠦᠭᠡᠢ
ᠠᠪᠰᠠᠨ ᠳ᠋ᠤ᠌ ᠮᠥᠷᠭᠥᠭᠡᠳ ᠶᠠᠭᠤᠨ ᠤ᠋ ᠲᠤᠰᠠ
ᠨᠠᠢᠳᠠᠩᠭᠤᠢ ᠣᠷᠴᠢᠯᠠᠩ ᠳ᠋ᠤ᠌ ᠰᠡᠳᠬᠢᠯ ᠤᠢᠳᠠᠯ ᠦᠭᠡᠢ
ᠨᠠᠮᠠᠨᠴᠢᠯᠠᠯ ᠦᠢᠯᠡᠳᠦᠭᠡᠳ ᠶᠠᠭᠤᠨ ᠤ᠋ ᠲᠤᠰᠠ
ᠥᠪᠡᠷ ᠡᠴᠡ ᠪᠡᠨ ᠢᠯᠡᠭᠦᠦ ᠪᠤᠰᠤᠳ ᠢ᠋ ᠬᠠᠢᠷᠠᠯᠠᠯ ᠦᠭᠡᠢ
ᠥᠭᠭᠢᠶᠡᠮᠦᠷ ᠠᠮᠠᠯᠠᠭᠠᠳ ᠶᠠᠭᠤᠨ ᠤ᠋ ᠲᠤᠰᠠ
ᠨᠢᠭᠦᠯ ᠦ᠋ᠨ ᠪᠤᠷᠲᠠᠭ ᠢ᠋ ᠳᠣᠲᠣᠷ᠎ᠠ ᠠ᠋ᠴᠠ ᠪᠠᠨ ᠤᠬᠢᠶᠠᠯ ᠦᠭᠡᠢ
ᠨᠢᠭᠤᠷ ᠢ᠋ᠶ᠋ᠠᠨ ᠪᠣᠳᠣᠭᠠᠳ ᠶᠠᠭᠤᠨ ᠤ᠋ ᠲᠤᠰᠠ
ᠪᠠᠰᠢᠷ ᠬᠠᠭᠤᠷᠮᠠᠭ ᠢ᠋ ᠵᠢᠭᠰᠢᠭᠡ ᠨᠢ ᠦᠭᠡᠢ
ᠱᠠᠰᠢᠨ ᠨᠣᠮᠯᠠᠭᠠᠳ ᠶᠠᠭᠤᠨ ᠤ᠋ ᠲᠤᠰᠠ
ᠪᠠᠭᠰᠢ ᠶ᠋ᠢᠨ ᠦᠭᠡ ᠶ᠋ᠢ ᠳᠠᠭᠠᠬᠤ ᠨᠢ ᠦᠭᠡᠢ
ᠱᠠᠪᠢ ᠨᠠᠷ ᠣᠯᠠᠰᠢᠷᠠᠭᠠᠳ ᠶᠠᠭᠤᠨ ᠤ᠋ ᠲᠤᠰᠠ
ᠠᠭᠤᠯᠭ᠎ᠠ ᠭᠡᠭᠡᠭᠰᠡᠨ ᠬᠡᠯᠪᠡᠷᠢᠳᠡᠯ ᠪᠦᠬᠦᠨ
ᠠᠰᠢᠭ ᠪᠣᠯᠬᠤ ᠦᠭᠡᠢ ᠤᠷᠰᠢᠭ ᠪᠣᠯᠤᠨ᠎ᠠ
ᠠᠷᠢᠭᠤᠨ ᠵᠣᠷᠢᠯᠭ᠎ᠠ ᠳ᠋ᠠᠭᠠᠨ ᠦᠨᠡᠨᠴᠢ ᠪᠣᠯ
ᠠᠯᠢᠪᠠ ᠳᠡᠮᠡᠢᠷᠡᠯ ᠡᠴᠡ ᠬᠣᠯᠠ ᠪᠠᠢᠭᠲᠤᠨ᠃

ᠥᠯᠵᠡᠢ ᠬᠤᠲᠤᠭ ᠤᠷᠤᠰᠢ

    ᠦᠰᠦᠭ ᠠᠮᠢᠯᠠᠭᠤᠯᠤᠭᠴᠢ᠄ ᠲᠦᠮᠡᠨᠴᠡᠴᠡᠭ
    ᠬᠢᠨᠠᠭᠴᠢ᠄ ᠮᠣᠩᠭᠤᠯᠵᠠᠶᠠᠭ᠎ᠠ