ᠠᠯᠠᠭ ᠪᠠᠮᠪᠤᠤAlag bambuuАлаг бамбуу ᠠᠮᠢᠲᠠᠨ ᠤ᠋ ᠶᠢᠷᠲᠢᠨᠴᠦ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠠᠭ ᠪᠠᠮᠪᠤᠤAlag bambuuАлаг бамбуу

ᠠᠯᠠᠭ ᠪᠠᠮᠪᠤᠤAlag bambuuАлаг бамбуу

2025-11-20

115

ᠠᠯᠠᠭ ᠪᠠᠮᠪᠤᠤ

   ᠲᠤᠰ ᠡᠮ ᠪᠣᠯ ᠳ᠋ᠢᠳᠠᠩ ᠴᠣᠬᠣ ᠶ᠋ᠢᠨ ᠢᠵᠠᠭᠤᠷ ᠤ᠋ᠨ ᠰᠢᠪᠠᠵᠢ ᠪᠣᠯᠬᠤ ᠵᠢᠵᠢᠭ ᠠᠯᠠᠭ ᠪᠠᠮᠪᠤᠤ ᠪᠤᠶᠤ ᠡᠮᠦᠨᠡᠲᠦ ᠶ᠋ᠢᠨ ᠲᠤᠷᠤᠭ ᠪᠠᠮᠪᠤᠤ ᠶ᠋ᠢᠨ ᠬᠠᠲᠠᠭᠠᠭᠰᠠᠨ ᠪᠦᠬᠦᠯᠢ ᠪᠡᠶ᠎ᠡ ᠮᠥᠨ᠃ ᠪᠠᠰᠠ ᠵᠠᠩᠷᠾᠠ᠂ ᠵᠠᠩᠥ᠎ᠠ ᠭᠡᠳᠡᠭ᠃
   [ ᠤᠤᠯ ᠠᠮᠢᠲᠠᠨ]1. ᠵᠢᠵᠢᠭ ᠠᠯᠠᠭ ᠪᠠᠮᠪᠤᠤ    ᠪᠡᠶ᠎ᠡ ᠭᠦᠢᠴᠡᠭᠰᠡᠨ ᠬᠣᠷᠣᠬᠠᠢ ᠶ᠋ᠢᠨ ᠪᠡᠶ᠎ᠡ ᠶ᠋ᠢᠨ ᠤᠷᠲᠤ ᠨᠢ10~15mm᠂ ᠬᠠᠷ᠎ᠠ ᠥᠩᠭᠡ ᠲᠡᠢ᠂ ᠤᠷᠲᠤ ᠦᠰᠦ ᠲᠡᠢ᠃ ᠲᠣᠯᠣᠭᠠᠢ ᠳᠡᠭᠡᠷ᠎ᠡ ᠨᠢ ᠡᠮᠲᠡᠷᠬᠡᠢ ᠳᠤᠰᠤᠯ ᠲᠠᠢ᠂ ᠪᠥᠭᠡᠷᠡᠨ ᠬᠡᠯᠪᠡᠷᠢᠲᠦ ᠨᠡᠢᠯᠡᠮᠡᠯ ᠨᠢᠳᠦ ᠲᠡᠢ᠂ ᠲᠡᠮᠲᠡᠷᠢᠭᠦᠯ ᠦ᠋ᠨ ᠰᠡᠭᠦᠯ ᠦ᠋ᠨ ᠬᠡᠳᠦᠨ ᠦᠶ᠎ᠡ ᠨᠢ ᠲᠣᠮᠣᠷᠠᠵᠤ᠂ ᠤᠭ ᠤ᠋ᠨ ᠬᠡᠳᠦᠨ ᠦᠶ᠎ᠡ ᠨᠢ ᠵᠢᠵᠢᠭ᠂11 ᠦᠶ᠎ᠡ ᠲᠡᠢ᠃ ᠲᠤᠭᠲᠤᠢᠯᠢᠭ ᠳᠠᠯᠠᠪᠴᠢ ᠨᠢ ᠬᠥᠨᠳᠡᠯᠡᠨ ᠰᠢᠷ᠎ᠠ ᠪᠦᠰᠡ ᠲᠡᠢ᠂ ᠮᠥᠷᠦᠨ  ᠦ᠌ ᠬᠡᠰᠡᠭ  ᠦ᠋ᠨ ᠣᠶᠣᠳᠠᠯ ᠤ᠋ᠨ ᠤᠭ ᠤ᠋ᠨ ᠵᠡᠭᠦᠨ ᠪᠠᠷᠠᠭᠤᠨ ᠬᠣᠶᠠᠷ ᠲᠠᠯ᠎ᠠ ᠳ᠋ᠤ᠌ ᠲᠤᠰ ᠪᠦᠷᠢ ᠨᠢᠭᠡ ᠡᠷᠢᠶᠡᠨ ᠠᠷᠲᠠᠢ᠂ ᠭᠣᠣᠯ ᠠ᠋ᠴᠠ ᠵᠢᠭᠠᠬᠠᠨ ᠡᠮᠦᠨ᠎ᠡ ᠪᠣᠯᠤᠨ ᠬᠣᠢᠨ᠎ᠠ ᠨᠢ ᠠᠳᠠᠯᠢ ᠬᠥᠨᠳᠡᠯᠡᠨ ᠪᠦᠰᠡ ᠲᠡᠢ᠂ᠲᠤᠰ ᠪᠦᠰᠡ ᠶ᠋ᠢᠨ ᠡᠮᠦᠨ᠎ᠡ ᠬᠣᠢᠨ᠎ᠠ ᠬᠥᠪᠡᠭᠡ ᠨᠢ ᠳᠣᠯᠭᠢᠶᠠᠯᠢᠭ᠂ ᠲᠤᠭᠲᠤᠢᠯᠢᠭ ᠳᠠᠯᠠᠪᠴᠢ ᠶ᠋ᠢᠨ ᠬᠠᠷ᠎ᠠ ᠥᠩᠭᠡ ᠲᠡᠢ ᠬᠡᠰᠡᠭ ᠲᠤᠨᠢ ᠳᠤᠰᠤᠯ ᠨᠢ ᠨᠡᠩ ᠢᠬᠴᠤ᠂ ᠰᠢᠷ᠎ᠠ ᠬᠡᠰᠡᠭ ᠦ᠋ᠨ ᠳᠤᠰᠤᠯ ᠨᠢ ᠪᠦᠳᠦᠭᠦᠨ᠃ ᠪᠡᠶ᠎ᠡ ᠬᠡᠪᠡᠯᠢ ᠶ᠋ᠢᠨ ᠬᠡᠰᠡᠭ ᠪᠠ ᠬᠥᠯ ᠳ᠋ᠦ᠍ᠨᠢ ᠬᠠᠷ᠎ᠠ ᠤᠷᠲᠤ ᠨᠣᠣᠯᠣᠭᠤᠷ ᠦᠰᠦ ᠲᠡᠢ᠃
   2. ᠡᠮᠦᠨᠡᠲᠦ ᠶ᠋ᠢᠨ ᠲᠤᠷᠤᠭ ᠠᠯᠠᠭ ᠪᠠᠮᠪᠤᠤ ᠪᠡᠶ᠎ᠡ ᠶ᠋ᠢᠨ ᠤᠷᠲᠤ ᠨᠢ15~30mm᠂ ᠬᠠᠷ᠎ᠠ ᠥᠩᠭᠡ ᠲᠡᠢ ᠂ ᠬᠠᠷ᠎ᠠ ᠨᠣᠣᠯᠣᠭᠤᠷ ᠦᠰᠦ ᠲᠡᠢ᠃ ᠲᠣᠯᠣᠭᠠᠢ ᠶ᠋ᠢᠨ ᠬᠡᠰᠡᠭ ᠲᠦ᠋ᠨᠢ ᠪᠦᠳᠦᠭᠦᠨ ᠢᠬᠴᠤ ᠡᠮᠲᠡᠷᠬᠡᠢ ᠳᠤᠰᠤᠯ ᠲᠠᠢ᠂ ᠲᠣᠮᠣ ᠨᠡᠢᠯᠡᠮᠡᠯ ᠨᠢᠳᠦ ᠲᠡᠢ᠂ ᠪᠥᠭᠡᠷᠡᠯᠢᠭ ᠬᠡᠯᠪᠡᠷᠢ ᠲᠡᠢ᠂ ᠲᠡᠮᠲᠡᠷᠢᠭᠦᠯ ᠨᠢ ᠤᠲᠠᠰᠤᠯᠢᠭ᠂11 ᠦᠶ᠎ᠡ ᠲᠡᠢ᠂ ᠲᠡᠮᠲᠡᠷᠢᠭᠦᠯ ᠦ᠋ᠨ ᠬᠠᠮᠤᠭ ᠰᠡᠭᠦᠯᠴᠢ ᠶ᠋ᠢᠨ ᠦᠶ᠎ᠡ ᠨᠢ10 ᠳ᠋ᠤᠭᠠᠷ ᠦᠶ᠎ᠡ ᠡᠴᠡ ᠪᠡᠨ ᠮᠡᠳᠡᠭᠳᠡᠮ᠎ᠡ ᠨᠠᠷᠢᠨ᠃ ᠲᠤᠭᠲᠤᠢᠯᠢᠭ ᠵᠢᠭᠦᠷ ᠦ᠋ᠨ ᠦᠵᠦᠭᠦᠷ ᠨᠢ ᠤᠭ ᠠ᠋ᠴᠠ ᠪᠠᠨ ᠥᠷᠭᠡᠨ᠂ ᠰᠠᠭᠤᠷᠢ ᠥᠩᠭᠡ ᠨᠢ ᠬᠠᠷ᠎ᠠ᠂ ᠵᠢᠭᠦᠷ ᠪᠦᠬᠦᠨ ᠦ᠌ ᠤᠭ ᠲᠤᠨᠢ ᠲᠤᠰ ᠪᠦᠷᠢ2 ᠲᠣᠮᠣ ᠰᠢᠷ᠎ᠠ ᠴᠣᠬᠣᠷ ᠲᠠᠢ᠃ ᠵᠢᠭᠦᠷ ᠦ᠋ᠨ ᠭᠣᠣᠯ ᠠ᠋ᠴᠠ ᠡᠮᠦᠨ᠎ᠡ ᠬᠣᠢᠨ᠎ᠠ ᠲᠤᠰ ᠪᠦᠷᠢ ᠨᠢᠭᠡ ᠰᠢᠷ᠎ᠠ ᠥᠩᠭᠡᠲᠦ ᠳᠣᠯᠭᠢᠶᠠᠯᠢᠭ ᠬᠥᠨᠳᠡᠯᠡᠨ ᠪᠦᠰᠡ ᠲᠡᠢ᠃ ᠬᠥᠯ ᠳᠡᠭᠡᠷ᠎ᠡ ᠨᠢ ᠬᠠᠷ᠎ᠠ ᠤᠷᠲᠤ ᠨᠣᠣᠯᠣᠭᠤᠷ ᠦᠰᠦ ᠲᠡᠢ᠂ ᠡᠮᠦᠨ᠎ᠡ ᠬᠥᠯ ᠂ᠳᠤᠮᠳᠠ ᠬᠥᠯ ᠦ᠋ᠨ ᠥᠯᠮᠡᠢ ᠨᠢ4 ᠦᠶ᠎ᠡ ᠲᠡᠢ᠂ ᠬᠣᠢᠨ᠎ᠠ ᠬᠥᠯ ᠦ᠋ᠨ ᠥᠯᠮᠡᠢ ᠨᠢ4 ᠦᠶ᠎ᠡ ᠲᠡᠢ᠃ ᠬᠡᠪᠡᠯᠢ ᠨᠢ ᠮᠥᠨ ᠴᠦ᠍ ᠬᠠᠷ᠎ᠠ ᠥᠩᠭᠡ ᠲᠡᠢ᠂ ᠤᠷᠲᠤ ᠨᠣᠣᠯᠣᠭᠤᠷ ᠦᠰᠦ ᠲᠡᠢ᠃
   [ ᠠᠮᠢᠳᠤᠷᠠᠬᠤ ᠣᠷᠴᠢᠨ ᠬᠢᠭᠡᠳ ᠲᠠᠷᠬᠠᠴᠠ] ᠬᠣᠶᠠᠷ ᠵᠦᠢᠯ ᠦ᠋ᠨ ᠰᠢᠪᠡᠵᠢ ᠶ᠋ᠢᠨ ᠠᠮᠢᠳᠤᠷᠠᠯ ᠤ᠋ᠨ ᠳᠠᠳᠬᠠᠯ ᠬᠢᠭᠡᠳ ᠲᠠᠷᠬᠠᠴᠠ ᠨᠢ ᠦᠨᠳᠦᠰᠦᠨ ᠳ᠋ᠡᠭᠡᠨ ᠠᠳᠠᠯᠢ᠃ ᠣᠯᠠᠩᠬᠢ ᠳ᠋ᠠᠭᠠᠨ ᠰᠦᠷᠦᠭᠯᠡᠵᠦ᠂ ᠪᠤᠷᠴᠠᠭ ᠤ᠋ᠨ ᠴᠡᠴᠡᠭ᠂ ᠨᠠᠪᠴᠢ᠂ ᠯᠤᠬᠠᠱᠧᠩ᠂ ᠬᠠᠰᠢ ᠶ᠋ᠢᠨ ᠨᠠᠪᠴᠢ ᠪᠣᠯᠤᠨ ᠬᠥᠪᠥᠩ ᠦ᠋ᠨ ᠨᠠᠬᠢᠶ᠎ᠠ᠂ ᠨᠠᠪᠴᠢ᠂ ᠴᠡᠴᠡᠭ ᠵᠡᠷᠭᠡ ᠪᠡᠷ ᠢᠳᠡᠰᠢᠯᠡᠳᠡᠭ᠃ ᠮᠠᠨ ᠤ᠋ ᠤᠯᠤᠰ ᠤ᠋ᠨ ᠣᠯᠠᠩᠬᠢ ᠭᠠᠵᠠᠷ ᠣᠷᠣᠨ ᠳ᠋ᠤ᠌ ᠲᠠᠷᠬᠠᠴᠠ ᠲᠠᠢ᠃
[ ᠡᠳ᠋ᠰᠢᠭᠦᠯᠦᠨ ᠪᠣᠯᠪᠠᠰᠤᠷᠠᠭᠤᠯᠬᠤ]7~8 ᠳ᠋ᠤᠭᠠᠷ ᠰᠠᠷ᠎ᠠ ᠳ᠋ᠤ᠌ ᠰᠢᠭᠦᠳᠡᠷᠢ ᠡᠭᠰᠢᠭᠡᠳᠦᠢ ᠦᠶ᠎ᠡ ᠳ᠋ᠦ᠍ ᠪᠠᠷᠢᠵᠤ᠂ ᠪᠥᠰ ᠤᠭᠤᠲᠠ ᠳ᠋ᠤ᠌ ᠬᠢᠵᠦ᠂ ᠪᠤᠴᠠᠯᠤᠭᠰᠠᠨ ᠤᠰᠤ ᠪᠠᠷ ᠲᠠᠩᠨᠠᠨ ᠠᠯᠠᠭᠠᠳ ᠨᠠᠷᠠᠨ ᠳ᠋ᠤ᠌ ᠬᠠᠲᠠᠭᠠᠵᠤ ᠬᠡᠷᠡᠭᠯᠡᠬᠦ ᠳ᠋ᠡᠭᠡᠨ ᠨᠣᠮᠣᠬᠠᠳᠬᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ᠂ ᠭᠤᠱᠤᠭᠤᠨ ᠠᠮᠲᠠ ᠲᠠᠢ ;ᠲᠡᠭᠰᠢ ᠴᠢᠨᠠᠷ ᠲᠠᠢ ; ᠶᠡᠬᠡ ᠬᠣᠣᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠰᠢᠭᠡᠯᠭᠡᠬᠦ᠂ ᠰᠤᠳᠠᠯ ᠤ᠋ᠨ ᠡᠪᠡᠳᠴᠢᠨ ᠢ᠋ ᠳᠣᠭᠣᠯᠭᠠᠬᠤ᠂ ᠬᠣᠣᠷ ᠢ᠋ ᠳᠠᠷᠤᠬᠤ ᠴᠢᠳᠠᠯ ᠲᠠᠢ᠃ ᠭᠣᠣᠯᠳᠠᠭᠤ ᠭᠠᠯᠵᠠᠭᠤ ᠡᠪᠡᠳᠴᠢᠨ᠂ ᠰᠤᠳᠠᠯ ᠤ᠋ᠨ ᠡᠪᠡᠳᠴᠢᠨ᠂ ᠬᠣᠵᠢᠭᠢᠷ᠂ ᠨᠢᠰᠤᠭᠤ᠂ ᠴᠠᠩᠬ᠎ᠠ᠂ ᠬᠤᠯᠤᠭᠠᠨ᠎ᠠ ᠶ᠋ᠢᠨ ᠶᠠᠷ᠎ᠠ᠂ ᠬᠣᠣᠷᠲᠤ ᠶᠠᠷ᠎ᠠ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
   [ ᠠᠩᠬᠠᠷᠤᠯ] ᠵᠢᠷᠮᠦᠰᠦᠨ ᠂ ᠳᠤᠰᠤᠯ ᠴᠤᠪᠤᠷᠠᠬᠤ᠂ ᠲᠠᠮᠢᠷ ᠳᠣᠷᠣᠢ ᠬᠥᠮᠦᠰ ᠲᠦ᠍ ᠬᠡᠷᠡᠭᠯᠡᠵᠦ ᠪᠣᠯᠬᠤ ᠦᠭᠡᠢ᠃

   ᠬᠢᠲᠠᠳ ᠨᠡᠷ᠎ᠡ᠄斑蝥(1.黄黑小斑蝥 2. 南方大斑蝥)
   ᠠᠩᠭ᠌ᠯᠢ ᠨᠡᠷ᠎ᠡ᠄
1.Mylabris cichorii Linnaeus 2.Mylabris phalerata Palls

   ᠦᠰᠦᠭ ᠠᠮᠢᠯᠠᠭᠤᠯᠤᠭᠴᠢ᠄ ᠲᠤᠶᠠᠭ᠎ᠠ
   ᠬᠢᠨᠠᠭᠴᠢ᠄ ᠴᠡᠪᠡᠷᠴᠡᠴᠡᠭ