ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠ〕 Цаг төрийн үймээн – Д ᠂ Намдаг - Цаг төрийн үймээн ᠂ хоёрдугаар бүлэг -10 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠ〕 Цаг төрийн үймээн – Д ᠂ Намдаг - Цаг төрийн үймээн ᠂ хоёрдугаар бүлэг -10

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠ〕 Цаг төрийн үймээн – Д ᠂ Намдаг - Цаг төрийн үймээн ᠂ хоёрдугаар бүлэг -10

ᠠᠩᠭᠢᠯᠠᠯ:ᠲᠤᠭᠤᠵᠢ ᠷᠣᠮᠠᠨ
2025-11-18

83

ᠦᠨᠡᠨᠴᠢ ᠨᠠᠢᠵᠠ


       ᠵᠠᠩᠴᠢᠬᠦᠦ ᠶ᠋ᠢᠨ ᠳᠠᠪᠠᠭ᠎ᠠ ᠶ᠋ᠢ ᠳᠥᠩᠭᠡᠵᠦ ᠳᠠᠪᠠᠭᠰᠠᠭᠠᠷ ᠠᠭᠤᠷ ᠠᠮᠢᠰᠬᠤᠯ ᠡᠷᠡᠰ ᠥᠭᠡᠷᠡᠴᠢᠯᠡᠭᠳᠡᠨ ᠬᠦᠢᠲᠡᠨ ᠵᠢᠪᠠᠷ ᠵᠢᠬᠡᠭᠦᠨ ᠰᠠᠯᠬᠢ ᠬᠠᠴᠠᠷ ᠠᠯᠠᠭᠠᠳᠠᠨ ᠰᠡᠩᠭᠢᠨᠡᠨ᠎ᠡ᠃ ᠭᠡᠯ᠎ᠡ ᠴᠦ᠍ ᠳ᠋ᠠᠨᠽᠠᠨ ᠪᠠᠶᠠᠷ ᠲᠠᠢ᠃ ᠬᠣᠶᠠᠷ ᠬᠥᠯ ᠢ᠋ᠶ᠋ᠡᠨ ᠲᠠᠰᠤᠷᠠᠯᠲᠠ ᠦᠭᠡᠢ ᠬᠥᠳᠡᠯᠭᠡᠨ ᠲᠡᠷᠡ ᠥᠨᠳᠥᠷ ᠢ᠋ ᠠᠪᠤᠭᠠᠳ ᠰᠥᠨᠢ ᠬᠡᠭᠡᠷ᠎ᠡ ᠬᠣᠨᠣᠪᠠ᠃ 
       ᠨᠢᠭᠡ ᠲᠠᠯ᠎ᠠ ᠪᠠᠷ ᠠᠶᠤᠯ ᠵᠣᠪᠠᠯᠠᠩ ᠠ᠋ᠴᠠ ᠭᠠᠷᠤᠭᠰᠠᠨ ᠳ᠋ᠠᠭᠠᠨ ᠪᠠᠶᠠᠷᠯᠠᠨ᠎ᠠ᠃ ᠨᠥᠭᠦᠭᠡ ᠲᠠᠯ᠎ᠠ ᠪᠠᠷ ᠳᠠᠬᠢᠨ ᠠᠶᠤᠯ ᠵᠣᠪᠠᠯᠠᠩ ᠳ᠋ᠤ᠌ ᠤᠨᠠᠬᠤ ᠠ᠋ᠴᠠ ᠪᠣᠯᠭᠣᠮᠵᠢᠯᠠᠬᠤ ᠳ᠋ᠠᠭᠠᠨ ᠥᠪᠡᠷ ᠦ᠋ᠨ ᠡᠷᠬᠡ ᠦᠭᠡᠢ ᠡᠮᠦᠨ᠎ᠡ ᠡᠴᠡ ᠢᠷᠡᠬᠦ ᠠᠵᠢᠯ ᠲᠥᠷᠥᠯ ᠦ᠋ᠨ ᠬᠥᠮᠦᠰ ᠢ᠋ ᠨᠢᠭᠤᠷ ᠪᠤᠷᠤᠭᠤᠯᠠᠨ ᠥᠩᠭᠡᠷᠡᠭᠡᠨ᠎ᠡ᠃ ᠢᠳᠡᠬᠦ ᠵᠦᠢᠯ ᠡᠪᠦᠷ ᠲᠦ᠍ ᠶᠠᠪᠤᠭ᠎ᠠ ᠲᠤᠯᠠ ᠭᠡᠳᠡᠰᠦ ᠴᠠᠳᠬᠤᠯᠠᠩ᠃ ᠭᠠᠭᠴᠠᠬᠠᠨ ᠠᠮᠠ ᠨᠢ ᠰᠦᠷᠡᠬᠡᠢ ᠴᠠᠩᠭᠠᠨ᠎ᠠ᠃  
       ᠦᠵᠡᠲᠡᠯ᠎ᠡ ᠡᠨᠳᠡ ᠬᠡᠳᠦᠬᠡᠨ ᠬᠣᠨᠣᠭ ᠤ᠋ᠨ ᠶᠡᠬᠡ ᠴᠠᠰᠤ ᠣᠷᠣᠭᠰᠠᠨ ᠪᠠᠢᠪᠠᠴᠤ᠂ ᠲᠡᠷᠡ ᠨᠢ ᠰᠢᠷᠦᠭᠦᠨ ᠰᠠᠯᠬᠢᠨ ᠳ᠋ᠤ᠌ ᠦᠯᠢᠶᠡᠭᠳᠡᠨ ᠰᠢᠷᠣᠢ ᠲᠠᠢ ᠬᠤᠳᠬᠤᠯᠳᠤᠨ ᠠᠮᠠᠨ ᠳ᠋ᠤ᠌ ᠬᠢᠬᠦ ᠶ᠋ᠢᠨ ᠠᠷᠭ᠎ᠠ ᠦᠭᠡᠢ ᠪᠣᠯᠤᠭᠰᠠᠨ ᠠᠵᠢ᠃  
       ᠳᠡᠷᠭᠡᠳᠡᠬᠢ ᠨᠢᠭᠡᠨ ᠬᠥᠪᠡᠭᠡᠨ ᠦ᠌ ᠴᠠᠭᠠᠨ᠎ᠠ ᠬᠤᠳᠳᠤᠭ ᠪᠠᠢᠭᠰᠠᠨ ᠨᠢ ᠰᠠᠨᠠᠭᠳᠠᠨ᠎ᠠ᠃ ᠰᠡᠳᠬᠢᠯ ᠶᠠᠭᠠᠷᠠᠨ ᠬᠥᠯ ᠦ᠋ᠨ ᠬᠤᠷᠳᠤ ᠶ᠋ᠢ ᠨᠡᠮᠡᠬᠦ ᠳᠣᠳᠣᠮ ᠡᠮᠦᠨᠡᠬᠢ ᠭᠠᠵᠠᠷ ᠰᠤᠩᠬᠤ ᠰᠢᠭ᠋ ᠰᠠᠨᠠᠭᠳᠠᠨ᠎ᠠ᠃ ᠶᠠᠪᠤ ᠶᠠᠪᠤᠭᠰᠠᠭᠠᠷ ᠬᠥᠲᠥᠯ ᠳᠡᠭᠡᠷ᠎ᠡ ᠭᠠᠷᠬᠤ ᠳ᠋ᠤ᠌ ᠦᠨᠡᠬᠡᠷ ᠬᠤᠳᠳᠤᠭ ᠤ᠋ᠨ ᠪᠠᠷ᠎ᠠ ᠬᠠᠷᠠᠭᠳᠠᠬᠤ ᠪᠥᠭᠡᠳ ᠤᠷᠢᠲᠠᠢ ᠲᠠᠯ᠎ᠠ ᠳ᠋ᠤᠨᠢ ᠨᠢᠭᠡᠨ ᠥᠪᠥᠭᠡᠷ ᠬᠠᠷ᠎ᠠ ᠶᠠᠭᠤᠮ᠎ᠠ ᠪᠣᠢ ᠪᠣᠯᠤᠭᠰᠠᠨ ᠪᠠᠢᠯ᠎ᠠ᠃ ᠭᠠᠵᠠᠷ ᠤᠷᠤᠭᠤ ᠬᠥᠯ ᠰᠤᠩᠭᠠᠨ ᠭᠢᠰᠬᠢᠯᠡᠬᠦ ᠳ᠋ᠡᠭᠡᠨ ᠲᠡᠷᠡ ᠬᠠᠷ᠎ᠠ ᠶᠠᠭᠤᠮ᠎ᠠ ᠶ᠋ᠢ ᠪᠠᠢᠨ ᠪᠠᠢᠨ ᠠᠵᠢᠭᠯᠠᠭᠰᠠᠨ ᠤ᠋ ᠪᠠᠨ ᠡᠴᠦᠰ ᠲᠦ᠍ ᠤᠷᠤᠭᠰᠢ ᠬᠠᠷᠠᠨ ᠬᠡᠪᠲᠡᠭᠰᠡᠨ ᠭᠠᠭᠴᠠ ᠲᠡᠮᠡᠭᠡ ᠪᠣᠯᠬᠤ ᠶ᠋ᠢ ᠲᠠᠨᠢᠪᠠ᠃ ᠣᠢᠷᠠᠲᠤᠨ ᠣᠴᠢᠭᠠᠳ ᠳ᠋ᠠᠨᠽᠠᠨ᠂ ᠥᠪᠡᠷᠰᠡᠳ ᠦ᠋ᠨ ᠢ᠋ᠶ᠋ᠡᠨ ᠬᠠᠮᠲᠤ ᠪᠠᠷᠢᠭᠳᠠᠨ᠂ ᠡᠯᠳᠡᠪ ᠵᠣᠪᠠᠯᠠᠩ ᠢ᠋ ᠨᠢᠭᠡᠨ ᠠᠳᠠᠯᠢ ᠡᠳ᠋ᠯᠡᠭᠰᠡᠨ ᠬᠠᠷ᠎ᠠ ᠪᠤᠤᠷ᠎ᠠ ᠪᠣᠯᠬᠤ ᠶ᠋ᠢ ᠨᠢ ᠲᠠᠨᠢᠯ᠎ᠠ᠃ ᠪᠤᠤᠷ᠎ᠠ ᠪᠠᠰᠠ ᠳ᠋ᠠᠨᠽᠠᠨ ᠢ᠋ ᠲᠠᠨᠢᠵᠠᠢ᠃ ᠪᠠᠷᠠᠭᠠᠨ ᠤ᠋ ᠭᠠᠵᠠᠷ ᠠ᠋ᠴᠠ ᠲᠣᠮᠣ ᠲᠣᠯᠣᠭᠠᠢ ᠪᠠᠨ ᠡᠷᠭᠢᠭᠦᠯᠦᠨ ᠪᠠᠢᠨ ᠪᠠᠢᠨ ᠠᠵᠢᠵᠤ ᠪᠠᠢᠭᠰᠠᠨ ᠢ᠋ᠶ᠋ᠠᠨ ᠳ᠋ᠠᠨᠽᠠᠨ ᠳᠡᠷᠭᠡᠳᠡ ᠨᠢ ᠬᠦᠷᠦᠭᠡᠳ ᠢᠷᠡᠬᠦ ᠳ᠋ᠦ᠍ ᠰᠢᠲᠦ ᠪᠡᠨ ᠬᠢᠬᠤᠲᠤᠨᠠᠭᠤᠯᠤᠨ ᠬᠠᠪᠢᠷᠴᠤ᠂ ᠬᠦᠵᠦᠭᠦᠦ ᠰᠤᠩᠭᠠᠨ ᠤᠭᠲᠤᠪᠠ᠃  
       ᠡᠨᠡ ᠶᠠᠪᠤᠳᠠᠯ ᠳ᠋ᠠᠨᠽᠠᠨ ᠳ᠋ᠤ᠌ ᠵᠡᠭᠦᠳᠦ ᠰᠢᠭ ᠪᠠᠢᠯ᠎ᠠ᠃ ᠡᠷᠭᠢᠨ ᠲᠣᠭᠣᠷᠢᠨ ᠳ᠋ᠤᠨᠢ ᠭᠠᠵᠠᠷ ᠢ᠋ ᠠᠵᠢᠬᠤ ᠳ᠋ᠤ᠌ ᠭᠠᠮᠢᠩ ᠴᠡᠷᠢᠭ ᠦ᠋ᠨ ᠱᠠᠬᠠᠢ ᠲᠠᠢ ᠭᠠᠭᠴᠠ ᠬᠥᠮᠦᠨ ᠦ᠌ ᠮᠥᠷ ᠬᠡᠳᠦᠨ ᠠᠷᠪᠠᠨ ᠤᠳᠠᠭ᠎ᠠ ᠲᠣᠭᠣᠷᠢᠭᠰᠠᠨ ᠰᠢᠭ᠋ ᠪᠠᠢᠬᠤ ᠲᠤᠯᠠ ᠳᠣᠷᠵᠢ ᠶ᠋ᠢᠨ ᠡᠨᠳᠡ ᠢᠷᠡᠭᠡᠳ ᠪᠤᠤᠷ᠎ᠠ ᠪᠠᠨ ᠥᠶᠡᠩᠭᠡᠳᠦᠭᠦᠯᠤᠨ ᠬᠠᠶᠠᠭᠰᠠᠨ ᠢ᠋ ᠮᠡᠳᠡᠪᠡ᠃《ᠭᠦᠦᠭ!》 ᠬᠠᠰᠬᠢᠷᠤᠨ ᠪᠤᠰᠬᠠᠬᠤ ᠭᠡᠬᠦ ᠳ᠋ᠦ᠍ ᠪᠤᠤᠷ᠎ᠠ ᠴᠡᠭᠡᠵᠢᠨ ᠪᠡᠶ᠎ᠡ ᠪᠡᠨ ᠥᠨᠳᠡᠢᠯᠭᠡᠨ ᠨᠢᠭᠡ ᠤᠳᠠᠭ᠎ᠠ ᠵᠢᠳᠬᠦᠭᠰᠡᠨ ᠢ᠋ᠶ᠋ᠡᠨ ᠲᠡᠩᠬᠡᠯ ᠠᠯᠲᠠᠨ ᠳᠣᠷᠣᠭᠰᠢ ᠰᠠᠭᠤᠨ᠎ᠠ᠃ ᠲᠡᠮᠡᠭᠡ ᠪᠣᠯ ᠶᠠᠪᠤ ᠶᠠᠪᠤᠭᠰᠠᠭᠠᠷ ᠨᠢᠭᠡ ᠡᠳᠦᠷ ᠦ᠋ᠨ ᠬᠡᠪᠲᠡᠷᠢ ᠳᠡᠭᠡᠷ᠎ᠡ ᠡᠴᠡ ᠪᠡᠨ ᠪᠣᠰᠴᠤ ᠴᠢᠳᠠᠬᠤ ᠦᠭᠡᠢ ᠪᠣᠯᠳᠠᠭ ᠪᠣᠯᠪᠠᠴᠤ᠂ ᠡᠷᠭᠢᠭᠦᠯᠦᠨ ᠪᠣᠰᠬᠠᠭᠰᠠᠨ ᠤ᠋ ᠪᠠᠨ ᠳᠠᠷᠠᠭ᠎ᠠ ᠪᠠᠰᠠ ᠬᠡᠳᠦᠨ ᠬᠣᠨᠣᠭ ᠶᠠᠪᠤᠵᠤ ᠴᠢᠳᠠᠳᠠᠭ ᠢ᠋ ᠳ᠋ᠠᠨᠽᠠᠨ ᠮᠡᠳᠡᠬᠦ ᠪᠢᠯᠡ᠃ ᠠᠷᠤ ᠳ᠋ᠤᠨᠢ ᠭᠠᠷᠴᠤ ᠭᠠᠷ ᠤ᠋ᠨ ᠢ᠋ᠶ᠋ᠠᠨ ᠠᠯᠠᠭ᠎ᠠ ᠶ᠋ᠢ ᠨᠢᠯᠪᠤᠨ ᠨᠣᠷᠭᠠᠵᠤ ᠬᠣᠭᠣᠷᠣᠨᠳᠣ ᠨᠢ ᠬᠠᠯᠠᠲᠠᠯ᠎ᠠ ᠦᠷᠡᠵᠦ ᠠᠪᠤᠭᠠᠳ᠂ ᠰᠡᠭᠦᠵᠢ ᠶ᠋ᠢᠨ ᠬᠢᠨᠢ ᠭᠡᠷᠳᠡᠭᠡᠷ ᠶᠠᠰᠤᠨ ᠳᠣᠣᠭᠤᠷ ᠬᠢᠨ《ᠭᠦᠦᠭ》 ᠬᠠᠰᠬᠢᠷᠤᠨ ᠳᠡᠭᠡᠭᠰᠢ ᠡᠷᠭᠦᠪᠡ᠃ ᠪᠤᠤᠷ᠎ᠠ ᠪᠠᠰᠠ ᠤᠴᠢᠷ ᠮᠡᠳᠡᠨ ᠳᠡᠭᠡᠭᠰᠢ ᠵᠢᠳᠬᠦᠪᠡ᠃ ᠭᠡᠪᠡᠴᠦ ᠳ᠋ᠠᠨᠽᠠᠨ ᠤ᠋ ᠭᠠᠷ ᠪᠦᠰᠡᠯᠡᠬᠦ ᠡᠴᠡ ᠪᠡᠨ ᠥᠩᠭᠡᠷᠡᠬᠦ ᠲᠡᠢ ᠪᠡᠨ ᠵᠡᠷᠭᠡ ᠴᠠᠭᠠᠰᠢ ᠡᠷᠭᠦᠬᠦ ᠨᠥᠬᠥᠴᠡᠯ ᠦᠭᠡᠢ ᠪᠣᠯᠤᠭᠰᠠᠨ ᠪᠥᠭᠡᠳ ᠪᠤᠤᠷ᠎ᠠ ᠨᠢ ᠪᠣᠰᠤᠭ᠎ᠠ ᠬᠡᠪᠲᠡᠭᠡ ᠬᠣᠶᠠᠷ ᠤ᠋ᠨ ᠬᠣᠭᠣᠷᠣᠨᠳᠣ ᠵᠣᠭᠣᠭᠳᠠᠪᠠ᠃ ᠳ᠋ᠠᠨᠽᠠᠨ ᠰᠠᠨᠳᠤᠷᠬᠤ ᠳ᠋ᠠᠭᠠᠨ ᠮᠠᠢᠬᠠᠨ ᠤ᠋ ᠡᠭᠦᠳᠡ ᠰᠢᠭ ᠣᠩᠭᠣᠢᠭᠰᠠᠨ ᠲᠣᠮᠣ ᠰᠠᠯᠲᠠᠭ᠎ᠠ ᠤᠷᠤᠭᠤ ᠪᠥᠬᠥᠢᠨ ᠣᠷᠣᠵᠤ ᠭᠡᠳᠡᠰᠦᠨ ᠪᠡᠶ᠎ᠡ ᠡᠴᠡ ᠨᠢ ᠲᠤᠯᠤᠨ᠂《ᠬᠥᠥᠭ》 ᠬᠠᠰᠬᠢᠷᠤᠯ᠎ᠠ᠃ ᠡᠨᠡ ᠳᠠᠷᠤᠢ ᠨᠢᠷᠤᠭᠤᠨ ᠤ᠋ ᠦᠶ᠎ᠡ ᠨᠦᠵᠢᠭᠢᠨᠡᠨ᠂ ᠳᠣᠣᠷᠠᠬᠢ ᠭᠠᠵᠠᠷ ᠬᠠᠷ᠎ᠠ ᠨᠣᠭᠣᠭᠠᠨ ᠢ᠋ᠶ᠋ᠠᠷ ᠡᠷᠭᠢᠯᠳᠦᠭᠰᠡᠨ ᠢ᠋ᠶ᠋ᠡᠨ ᠭᠡᠨᠡᠳᠲᠡ ᠠᠭᠠᠷ ᠲᠤ ᠳᠡᠭᠳᠡᠬᠦ ᠰᠢᠭ ᠪᠣᠯᠤᠭᠰᠠᠨ ᠪᠥᠭᠡᠳ ᠡᠨᠡ ᠨᠢ ᠪᠤᠤᠷ᠎ᠠ ᠶ᠋ᠢᠨ ᠪᠣᠰᠬᠤ ᠶ᠋ᠢ ᠪᠦᠬᠦ ᠪᠡᠶ᠎ᠡ ᠪᠡᠷ ᠬᠠᠷᠢᠭᠤᠴᠠᠨ ᠡᠷᠭᠦᠭᠰᠡᠨ ᠦ᠌ ᠬᠢ ᠪᠠᠢᠵᠠᠢ᠃ ᠪᠣᠰᠤᠭᠰᠠᠨ ᠪᠤᠤᠷ᠎ᠠ ᠶ᠋ᠢᠨ ᠳᠣᠣᠷ᠎ᠠ ᠠ᠋ᠴᠠ ᠪᠡᠶ᠎ᠡ ᠪᠡᠨ ᠠᠪᠤᠨ ᠬᠠᠵᠠᠭᠤ ᠳ᠋ᠤᠨᠢ ᠭᠠᠷᠤᠭᠰᠠᠨ ᠬᠣᠢᠨ᠎ᠠ ᠬᠦᠷᠲᠡᠯ᠎ᠡ ᠨᠢᠳᠦ ᠡᠷᠢᠶᠡᠯᠵᠢᠯᠡᠨ ᠠᠯᠤᠰ ᠦᠨ ᠶᠠᠭᠤᠮᠠᠰ ᠪᠦᠷᠬᠦᠯᠵᠡᠨ ᠪᠠᠢᠪᠠ᠃
       ᠪᠤᠤᠷ᠎ᠠ ᠭᠦᠰᠢᠭ᠍ᠰᠡᠨ ᠪᠡᠶ᠎ᠡ ᠪᠡᠨ ᠰᠤᠨᠢᠶᠠᠨ ᠠᠯᠤᠰ ᠪᠠᠷᠠᠭᠤᠨ ᠢ᠋ ᠨᠢᠭᠡ ᠠᠵᠢᠭᠠᠳ᠂ ᠳᠠᠷᠠᠭ᠎ᠠ ᠳ᠋ᠤᠨᠢ ᠳ᠋ᠠᠨᠽᠠᠨ ᠢ᠋ ᠦᠨᠦᠷᠯᠡᠨ ᠪᠤᠰᠤᠳ ᠤ᠋ᠨ ᠶᠠᠭᠤᠮ᠎ᠠ ᠰᠢᠭ᠋ ᠳᠣᠷᠣᠭᠰᠢ ᠤᠨᠵᠢᠭᠰᠠᠨ ᠳᠠᠯᠪᠠᠭᠠᠷ ᠤᠷᠤᠭᠤᠯ ᠢ᠋ᠶ᠋ᠠᠨ ᠱᠠᠯ ᠫᠠᠯ ᠳᠤᠤᠭᠠᠷᠭᠠᠨ᠂ ᠲᠣᠯᠣᠭᠠᠢ ᠪᠠᠨ ᠳᠡᠭᠡᠭᠰᠢ ᠡᠷᠭᠦᠪᠡ᠃ ᠡᠭᠦᠨ ᠢ᠋ ᠨᠢ ᠳ᠋ᠠᠨᠽᠠᠨ ᠦᠬᠦᠯ ᠦ᠋ᠨ ᠬᠠᠷ᠎ᠠ ᠬᠡᠪᠲᠡᠷᠢ ᠡᠴᠡ ᠪᠣᠰᠤᠭᠰᠠᠨ ᠳ᠋ᠠᠭᠠᠨ ᠰᠡᠳᠬᠢᠯ ᠬᠥᠳᠡᠯᠦᠨ ᠪᠠᠶᠠᠷᠯᠠᠵᠤ ᠪᠠᠢᠨ᠎ᠠ ᠭᠡᠵᠦ ᠦᠵᠡᠪᠡ᠃  
       ᠳ᠋ᠠᠨᠽᠠᠨ ᠲᠤᠩ ᠰᠠᠶᠢᠬᠠᠨ ᠠᠮᠠ ᠴᠠᠩᠭᠠᠨ ᠲᠡᠪᠡᠳᠡᠵᠦ ᠪᠠᠢᠭᠰᠠᠨ ᠢ᠋ᠶ᠋ᠠᠨ ᠣᠷᠣ ᠲᠠᠰᠤ ᠮᠠᠷᠲᠠᠭᠰᠠᠨ ᠪᠠᠢᠪᠠ᠃ ᠣᠳᠣ ᠲᠡᠭᠦᠨ ᠢ᠋ᠶ᠋ᠡᠨ ᠰᠠᠨᠠᠬᠤ ᠲᠠᠢ ᠪᠠᠨ ᠵᠡᠷᠭᠡ ᠬᠤᠳᠳᠤᠭ ᠳᠡᠭᠡᠷ᠎ᠡ ᠭᠦᠶᠦᠨ ᠬᠦᠷᠪᠡ᠃ ᠭᠡᠲᠡᠯ᠎ᠡ ᠡᠨᠳᠡ ᠬᠣᠪᠣᠭᠣ ᠠᠯᠠᠭ᠎ᠠ᠃ ᠥᠩᠭᠡᠢᠨ ᠬᠠᠷᠠᠬᠤ ᠳ᠋ᠤ᠌ ᠡᠷᠭᠢᠯᠳᠦᠭᠰᠡᠨ ᠬᠠᠷ᠎ᠠ ᠨᠦᠬᠡ ᠲᠡᠷᠲᠡᠭᠡ ᠳᠣᠣᠷ᠎ᠠ ᠦᠵᠡᠭᠳᠡᠨ᠎ᠡ᠃ ᠤᠷᠢᠳ ᠡᠨᠳᠡ ᠬᠣᠨᠣᠭ ᠲᠠᠭᠠᠷᠠᠭᠤᠯᠤᠨ ᠪᠠᠭᠤᠭᠠᠳ ᠤᠰᠤ ᠠᠪᠬᠤ ᠳ᠋ᠤ᠌ ᠭᠤᠷᠪᠠᠨ ᠠᠯᠲᠠ ᠲᠠᠲᠠᠯᠠᠭ᠎ᠠ ᠣᠷᠣᠵᠤ ᠪᠠᠢᠭᠰᠠᠨ ᠶᠠᠪᠤᠳᠠᠯ ᠰᠠᠨᠠᠭᠳᠠᠨ᠎ᠠ᠃ ᠡᠢᠮᠦ ᠳ᠋ᠦ᠍ ᠥᠪᠡᠷ ᠦ᠋ᠨ ᠡᠷᠬᠡ ᠦᠭᠡᠢ ᠠᠷᠭ᠎ᠠ ᠪᠠᠷᠠᠭᠳᠠᠨ ᠠᠮᠠᠰᠠᠷ ᠳᠡᠭᠡᠷ᠎ᠡ ᠨᠢ ᠰᠠᠨᠳᠠᠢᠯᠠᠨ ᠰᠠᠭᠤᠵᠤ ᠪᠠᠢᠲᠠᠯ᠎ᠠ ᠪᠤᠤᠷ᠎ᠠ ᠢᠷᠡᠪᠡ᠃ ᠲᠡᠭᠦᠨ ᠦ᠌ ᠠᠮᠠ ᠪᠦᠷ ᠳ᠋ᠠᠨᠽᠠᠨ ᠤ᠋ ᠬᠢ ᠡᠴᠡ ᠢᠯᠡᠭᠦᠦ ᠲᠡᠢ ᠴᠠᠩᠭᠠᠭᠰᠠᠨ ᠪᠠᠢᠵᠤ ᠮᠠᠭᠠᠳ᠃ ᠬᠤᠳᠳᠤᠭ ᠤᠷᠤᠭᠤ ᠲᠣᠩᠭᠣᠢᠨ ᠦᠨᠦᠷᠯᠡᠵᠦ ᠦᠵᠡᠭᠰᠡᠨ ᠢ᠋ᠶ᠋ᠡᠨ ᠮᠥᠨ ᠯᠡ ᠭᠠᠢᠬᠠᠰᠢ ᠲᠠᠰᠤᠷᠠᠬᠤ ᠮᠡᠲᠦ ᠡᠷᠭᠢᠨ ᠲᠣᠭᠣᠷᠢᠨ ᠢ᠋ ᠠᠵᠢᠭᠠᠳ ᠳᠠᠷᠠᠭ᠎ᠠ ᠳ᠋ᠤᠨᠢ ᠲᠣᠯᠣᠭᠠᠢ ᠪᠠᠭᠤᠯᠭᠠᠨ ᠬᠤᠳᠳᠤᠭ ᠤ᠋ᠨ ᠬᠠᠵᠠᠭᠤ ᠳ᠋ᠠᠬᠢ ᠰᠢᠭᠤᠷᠭᠠᠨ ᠳ᠋ᠤ᠌ ᠬᠥᠭᠡᠭᠡᠭᠳᠡᠨ ᠬᠤᠷᠠᠯᠳᠤᠭᠰᠠᠨ ᠰᠢᠷᠣᠢ ᠲᠠᠢ ᠴᠠᠰᠤ ᠶ᠋ᠢ ᠲᠣᠮᠣ ᠲᠣᠮᠣ ᠡᠮᠬᠦᠯᠡᠵᠦ ᠡᠬᠢᠯᠡᠪᠡ᠃ ᠳ᠋ᠠᠨᠽᠠᠨ ᠲᠡᠭᠦᠨ ᠢ᠋ ᠬᠠᠷᠠᠭᠠᠳ᠂ ᠠᠮᠠᠨ ᠤ᠋ ᠬᠢᠨᠢ ᠴᠠᠩᠭᠠᠭ᠎ᠠ ᠲᠡᠰᠦᠰᠢ ᠦᠭᠡᠢ ᠪᠣᠯᠤᠭᠰᠠᠨ ᠪᠥᠭᠡᠳ᠂ ᠭᠠᠷ ᠢ᠋ᠶ᠋ᠠᠨ ᠴᠠᠰᠤ ᠤᠷᠤᠭᠤ ᠥᠪᠡᠷ ᠦ᠋ᠨ ᠡᠷᠬᠡ ᠦᠭᠡᠢ ᠰᠡᠷᠪᠡᠢᠨ ᠠᠮᠠ ᠪᠠᠨ ᠬᠣᠢᠨ᠎ᠠ ᠠ᠋ᠴᠠ ᠨᠢ ᠠᠩᠭᠠᠢᠨ ᠲᠡᠮᠡᠦᠯᠵᠡᠢ᠃ ᠨᠢᠭᠡ ᠮᠡᠳᠡᠬᠦ ᠳ᠋ᠦ᠍ ᠠᠮᠠᠨ ᠳᠣᠲᠣᠷ᠎ᠠ ᠡᠯᠡᠰᠦ᠂ ᠰᠢᠷᠣᠢ ᠱᠠᠵᠢᠭᠢᠨᠠᠵᠤ ᠪᠠᠢᠪᠠᠴᠤ ᠥᠨᠥᠬᠢ ᠴᠠᠰᠤᠨ ᠠ᠋ᠴᠠ ᠣᠢ ᠪᠠᠨ ᠭᠣᠳᠣᠲᠠᠯ᠎ᠠ ᠢᠳᠡᠪᠡ᠃ 
       ᠢᠩᠭᠢᠭᠡᠳ ᠡᠨᠳᠡ ᠡᠴᠡ ᠪᠠᠷᠠᠭᠤᠨ ᠲᠠᠢᠰᠢ ᠶᠠᠪᠤᠬᠤ ᠳ᠋ᠤᠨᠢ ᠪᠤᠤᠷ᠎ᠠ ᠥᠪᠡᠷ ᠢ᠋ᠶ᠋ᠡᠨ ᠳᠠᠭᠠᠨ ᠰᠠᠵᠢᠯᠠᠪᠠ᠃ ᠳ᠋ᠠᠨᠽᠠᠨ ᠳ᠋ᠤ᠌ ᠴᠤ᠌ ᠲᠡᠭᠦᠨ ᠢ᠋ ᠬᠠᠶᠠᠬᠤ ᠰᠡᠳᠬᠢᠯ ᠪᠠᠢᠭᠰᠠᠨ ᠦᠭᠡᠢ᠃ ᠬᠠᠷᠢᠨ ᠨᠢᠭᠡ ᠭᠠᠯ ᠢ᠋ᠶ᠋ᠠᠷ ᠬᠠᠮᠲᠤ ᠶᠠᠪᠤᠬᠤ ᠬᠠᠨᠢ ᠲᠠᠢ ᠪᠣᠯᠤᠭᠰᠠᠨ ᠳ᠋ᠠᠭᠠᠨ ᠪᠠᠶᠠᠷᠯᠠᠨ᠎ᠠ᠃ ᠨᠥᠭᠦᠭᠡ ᠲᠠᠯ᠎ᠠ ᠪᠠᠷ ᠡᠨᠡᠬᠦ ᠦᠬᠦᠨ ᠦᠬᠦᠲᠡᠯ᠎ᠡ ᠪᠡᠨ ᠵᠥᠪᠬᠡᠨ ᠬᠥᠮᠦᠨ ᠦ᠌ ᠲᠥᠯᠥᠭᠡ ᠬᠦᠴᠦ ᠴᠢᠳᠠᠯ ᠢ᠋ᠶ᠋ᠠᠨ ᠵᠣᠷᠢᠭᠤᠯᠬᠤ ᠳ᠋ᠤ᠌ ᠵᠠᠶᠠᠭᠠᠭᠰᠠᠨ ᠰᠢᠳᠤᠷᠭᠤ ᠠᠮᠢᠲᠠᠨ ᠢ᠋ ᠣᠷᠣᠨ ᠨᠤᠲᠤᠭ ᠲᠠᠭᠠᠨ ᠬᠦᠷᠬᠡᠶ᠎ᠡ ᠭᠡᠵᠦ ᠪᠣᠳᠣᠯ᠎ᠠ᠃ 

             ᠦᠰᠦᠭ ᠠᠮᠢᠯᠠᠭᠤᠯᠤᠭᠴᠢ᠄ ᠪᠠᠭᠠᠲᠤᠷ