ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠳᠥᠷᠪᠡᠳᠦᠭᠡᠷ ᠪᠦᠯᠦᠭ᠂ ᠰᠢᠨᠠᠯᠠᠮ᠎ᠠ ᠪᠡᠶ᠎ᠡ ᠦᠷᠡᠭᠳᠡᠭᠰᠡᠨ 3 Шинэлам – 4-р бүлэг᠂ Шинэлам бие үрэгдсэн 3 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠳᠥᠷᠪᠡᠳᠦᠭᠡᠷ ᠪᠦᠯᠦᠭ᠂ ᠰᠢᠨᠠᠯᠠᠮ᠎ᠠ ᠪᠡᠶ᠎ᠡ ᠦᠷᠡᠭᠳᠡᠭᠰᠡᠨ 3 Шинэлам – 4-р бүлэг᠂ Шинэлам бие үрэгдсэн 3

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠳᠥᠷᠪᠡᠳᠦᠭᠡᠷ ᠪᠦᠯᠦᠭ᠂ ᠰᠢᠨᠠᠯᠠᠮ᠎ᠠ ᠪᠡᠶ᠎ᠡ ᠦᠷᠡᠭᠳᠡᠭᠰᠡᠨ 3 Шинэлам – 4-р бүлэг᠂ Шинэлам бие үрэгдсэн 3

ᠠᠩᠭᠢᠯᠠᠯ:ᠲᠡᠦᠬᠡ ᠰᠣᠶᠣᠯ
2025-11-17

363

ᠭᠤᠷᠪᠠ᠂ ᠮᠥᠩᠬᠡᠥ᠌ᠯᠵᠡᠢ ᠶ᠋ᠢᠨ ᠲᠤᠬᠠᠢ

    
       ᠮᠥᠩᠬᠡᠥ᠌ᠯᠵᠡᠢ1872 ᠣᠨ ᠳ᠋ᠤ᠌ ᠥᠨᠥ ᠶ᠋ᠢᠨ ᠡᠵᠡᠨ ᠬᠣᠷᠣᠭ᠎ᠠ ᠬᠤᠰᠢᠭᠤᠨ ᠤ᠋ ᠬᠣᠨᠢᠴᠢᠨ ᠭᠣᠣᠯ ᠭᠠᠴᠠᠭᠠᠨ ᠤ᠋ ᠭᠠᠵᠠᠷ ᠲᠥᠷᠥᠵᠡᠢ(ᠲᠤᠬᠠᠢ ᠶ᠋ᠢᠨ ᠦᠶ᠎ᠡ ᠳ᠋ᠦ᠍ ᠦᠦᠰᠢᠨ ᠬᠤᠰᠢᠭᠤᠨ ᠤ᠋ ᠭᠠᠵᠠᠷ ᠪᠠᠢᠵᠠᠢ)᠃  
       ᠦᠦᠰᠢᠨ ᠬᠤᠰᠢᠭᠤᠨ ᠤ᠋ ᠵᠠᠰᠠᠭ ᠪᠡᠢᠯᠡ ᠴᠠᠭᠳᠤᠷᠰᠡᠷᠡᠩ ᠮᠥᠩᠬᠡᠥ᠌ᠯᠵᠡᠢ ᠶ᠋ᠢ ᠲᠡᠵᠢᠭᠡᠪᠦᠷᠢ ᠬᠡᠦᠬᠡᠨ ᠪᠠᠪᠠ ᠠᠪᠠᠬᠠᠢ ᠲᠠᠢ ᠬᠤᠷᠢᠮᠯᠠᠭᠤᠯᠵᠤ ᠨᠣᠶᠠᠨ ᠤ᠋ ᠬᠦᠷᠭᠡᠨ ᠪᠣᠯᠭᠠᠵᠠᠢ᠃ ᠳᠠᠷᠠᠭ᠎ᠠ ᠨᠢ ᠬᠣᠰᠢᠭᠤ ᠶᠠᠮᠤᠨ ᠤ᠋ ᠵᠢᠩᠬᠢᠨ ᠪᠣᠯᠵᠤ ᠣᠯᠠᠨ ᠤᠳᠠᠭ᠎ᠠ ᠪᠡᠭᠡᠵᠢᠩ ᠬᠣᠲᠠ ᠳ᠋ᠤ᠌ ᠶᠠᠪᠤᠵᠤ ᠦᠦᠰᠢᠨ ᠨᠣᠶᠠᠨ ᠤ᠋ ᠹᠦᠩᠯᠦ ᠮᠥᠩᠭᠥ ᠶ᠋ᠢ ᠵᠤᠷᠭᠠᠨ ᠶᠠᠮᠤᠨ ᠠ᠋ᠴᠠ ᠠᠪᠴᠢᠷᠠᠳᠠᠭ᠃ ᠡᠢᠮᠦ ᠡᠴᠡ ᠤᠯᠤᠰ ᠤ᠋ᠨ ᠪᠠᠢᠳᠠᠯ ᠢ᠋ ᠵᠠᠯᠠᠭᠤ ᠠ᠋ᠴᠠ ᠪᠠᠨ ᠨᠡᠯᠢᠶᠡᠳ ᠣᠢᠯᠠᠭᠠᠵᠤ ᠮᠡᠳᠡᠭᠰᠡᠨ ᠨᠢᠭᠡᠨ ᠰᠡᠬᠡᠭᠡᠷᠡᠭᠰᠡᠨ ᠲᠣᠮᠣᠭᠠᠲᠠᠨ ᠪᠣᠯᠵᠠᠢ᠃ 
       1926 ᠣᠨ ᠳ᠋ᠤ᠌ ᠰᠢᠨᠡᠯᠡᠮ᠎ᠡ ᠪᠤᠭᠤᠲᠤ ᠬᠣᠲᠠ ᠳ᠋ᠤ᠌ ᠴᠡᠷᠢᠭ ᠪᠠᠢᠭᠤᠯᠬᠤ ᠳ᠋ᠤ᠌᠂ ᠮᠥᠩᠬᠡᠥ᠌ᠯᠵᠡᠢ ᠨᠢᠭᠤᠴᠠ ᠪᠠᠷ ᠰᠢᠨᠠᠯᠠᠮ᠎ᠠ ᠶ᠋ᠢ ᠳᠡᠮᠵᠢᠵᠦ ᠪᠤᠭᠤᠲᠤ ᠵᠦᠭ ᠵᠠᠯᠠᠭᠤᠴᠤᠳ ᠢ᠋ ᠶᠠᠪᠤᠭᠤᠯᠬᠤ ᠳ᠋ᠤ᠌ ᠲᠤᠩ ᠶᠡᠬᠡ ᠦᠢᠯᠡᠳᠦᠯ ᠦᠵᠡᠭᠦᠯᠵᠡᠢ᠃ ᠲᠡᠷᠡ1927 ᠣᠨ ᠳ᠋ᠤ᠌ ᠤᠯᠠᠭᠠᠨᠪᠠᠭᠠᠲᠤᠷ ᠬᠣᠲᠠ ᠳ᠋ᠤ᠌ ᠢᠨᠲ᠋ᠧᠷᠨᠠᠼᠢᠣᠨᠠᠯ ᠪᠣᠯᠤᠨ ᠮᠣᠩᠭᠣᠯ ᠤᠯᠤᠰ᠂ ᠳᠣᠲᠣᠭᠠᠳᠤ ᠮᠣᠩᠭᠣᠯ ᠤ᠋ᠨ ᠲᠥᠯᠥᠭᠡᠯᠡᠭᠴᠢᠳ ᠣᠷᠣᠯᠴᠠᠭᠰᠠᠨ40 ᠡᠳᠦᠷ ᠦ᠋ᠨ ᠬᠤᠷᠠᠯ ᠳ᠋ᠤ᠌ ᠣᠷᠣᠯᠴᠠᠵᠠᠢ᠃ ᠲᠤᠰ ᠬᠤᠷᠠᠯ ᠳ᠋ᠤ᠌ ᠳᠣᠲᠣᠭᠠᠳᠤ ᠮᠣᠩᠭᠣᠯ ᠤ᠋ᠨ ᠨᠠᠮ ᠤ᠋ᠨ ᠲᠥᠪ ᠬᠣᠷᠢᠶᠠᠨ ᠤ᠋ ᠳᠠᠷᠤᠭ᠎ᠠ ᠶ᠋ᠢᠨ ᠰᠡᠷᠡᠩᠳᠣᠩᠷᠣᠪ᠂ ᠮᠢᠷᠽᠢ ᠨᠠᠷ ᠢ᠋ ᠤᠭᠴᠠᠷᠠᠭᠤᠯᠤᠭᠰᠠᠨ ᠤ᠋ ᠰᠡᠭᠦᠯᠡᠷ ᠮᠥᠩᠬᠡᠥ᠌ᠯᠵᠡᠢ ᠲᠥᠪ ᠬᠣᠷᠢᠶᠠᠨ ᠤ᠋ ᠳᠠᠷᠤᠭ᠎ᠠ ᠪᠠᠷ ᠰᠣᠩᠭᠣᠭᠳᠠᠵᠤ ᠭᠦᠢᠴᠡᠳᠬᠡᠬᠦ ᠭᠡᠰᠢᠭᠦᠨ ᠪᠣᠯᠵᠠᠢ᠃ ᠢᠩᠭᠢᠭᠡᠳ ᠳᠣᠲᠣᠭᠠᠳᠤ ᠮᠣᠩᠭᠣᠯ ᠤ᠋ᠨ ᠲᠥᠪ ᠬᠣᠷᠢᠶᠠᠨ ᠤ᠋ ᠭᠣᠣᠯ ᠤᠳᠤᠷᠢᠳᠬᠤ ᠬᠥᠮᠦᠨ ᠪᠣᠯᠪᠠ᠃  
       1928 ᠣᠨ ᠤ᠋ ᠨᠠᠮᠤᠷ᠂ ᠲᠡᠮᠡᠭᠡᠲᠦ ᠳ᠋ᠦ᠍ ᠪᠠᠢᠭᠰᠠᠨ ᠬᠣᠶᠠᠷ ᠱᠠᠯᠠᠮᠠᠭᠠᠢ ᠴᠡᠷᠢᠭ ᠰᠠᠢᠴᠤᠩᠭ᠎ᠠ ᠠᠷᠪᠢᠨᠪᠠᠶᠷ ᠬᠣᠶᠠᠭᠤᠯᠠ ᠬᠤᠰᠢᠭᠤᠨ ᠤ᠋ ᠵᠡᠭᠦᠨ ᠬᠣᠢᠲᠤ ᠪᠡᠶ᠎ᠡ ᠡᠴᠡ ᠠᠪᠴᠠᠭᠠᠨ ᠳ᠋ᠤ᠌ ᠶᠠᠪᠤᠬᠤ ᠵᠠᠮ ᠳ᠋ᠠᠭᠠᠨ ᠮᠥᠩᠬᠡᠥ᠌ᠯᠵᠡᠢ ᠶ᠋ᠢᠨ ᠳ᠋ᠦ᠍ ᠣᠴᠢᠵᠤ ᠮᠥᠩᠬᠡᠥ᠌ᠯᠵᠡᠢ ᠪᠣᠯᠤᠨ ᠳᠠᠭᠠᠯ ᠮᠠᠰᠢᠪᠠᠶᠠᠷ ᠬᠣᠶᠠᠭᠤᠯᠠ ᠶ᠋ᠢ ᠪᠠᠷᠢᠪᠴᠢᠯᠠᠨ ᠲᠡᠮᠡᠭᠡᠲᠦ ᠳ᠋ᠡᠭᠡᠨ ᠠᠪᠠᠴᠢᠵᠤ ᠨᠣᠶᠠᠨ ᠳ᠋ᠠᠭᠠᠨ ᠲᠤᠰᠢᠶᠠᠬᠤ ᠭᠡᠵᠦ ᠶᠡᠬᠡ ᠶ᠋ᠢ ᠪᠣᠳᠣᠭᠠᠳ ᠬᠠᠷᠢᠨ ᠮᠠᠰᠢᠪᠠᠶᠠᠷ ᠲᠤ᠌ ᠭᠡᠨᠡᠳᠡᠭᠳᠡᠵᠦ ᠬᠣᠶᠠᠭᠤᠯᠠ ᠪᠠᠨ ᠠᠯᠠᠭᠳᠠᠵᠠᠢ᠃  
       ᠳᠠᠷᠬᠠᠨ ᠯᠠᠮᠠ ᠶ᠋ᠢᠨ ᠨᠤᠲᠤᠭ ᠤ᠋ᠨ ᠳᠠᠷᠤᠭ᠎ᠠ ᠹᠢᠯᠵᠢ ᠮᠥᠩᠬᠡᠥ᠌ᠯᠵᠡᠢ ᠶ᠋ᠢᠨ ᠭᠡᠷ ᠲᠡᠭᠡᠨ ᠬᠣᠷᠢᠶᠠᠨ ᠬᠠᠳᠠᠭᠠᠯᠠᠵᠤ ᠪᠠᠢᠭᠰᠠᠨ ᠪᠠᠭ᠎ᠠ ᠫᠤᠤ ᠶ᠋ᠢ ᠰᠡᠮᠡᠬᠡᠷ ᠠᠪᠴᠤ ᠲᠡᠮᠡᠭᠡᠲᠦ ᠳ᠋ᠦ᠍ ᠲᠡᠭᠦᠰᠠᠠᠮᠤᠭᠤᠯᠠᠩ ᠨᠣᠶᠠᠨ ᠳ᠋ᠠᠭᠠᠨ ᠬᠦᠷᠭᠡᠵᠡᠢ᠃ ᠮᠥᠩᠬᠡᠥ᠌ᠯᠵᠡᠢ ᠮᠡᠳᠡᠵᠦ ᠪᠠᠢᠪᠠᠴᠤ ᠠᠵᠢᠭ ᠴᠤ᠌ ᠦᠭᠡᠢ ᠪᠠᠢᠵᠤ ᠪᠠᠢᠭᠠᠳ ᠬᠣᠵᠢᠮ ᠨᠢ ᠹᠢᠯᠵᠢ ᠶ᠋ᠢ ᠬᠥᠮᠦᠨ ᠢ᠋ᠶ᠋ᠡᠷ ᠭᠡᠳᠡᠭᠦᠯᠵᠦ ᠪᠠᠢᠭᠠᠳ ᠪᠠᠷᠢᠪᠴᠢᠯᠠᠵᠤ᠂ ᠭᠠᠯᠠᠭᠤᠲᠤ ᠶ᠋ᠢᠨ ᠰᠦᠮ᠎ᠡ ᠳᠡᠭᠡᠷ᠎ᠡ ᠥᠴᠢᠭ ᠢ᠋ ᠨᠢ ᠠᠪᠴᠤ ᠫᠤᠤ ᠬᠤᠯᠠᠭᠠᠢᠯᠠᠭᠠᠳ ᠲᠡᠷᠰᠯᠡᠭᠦᠦ ᠡᠲᠡᠭᠡᠳ ᠲᠦ᠍ ᠥᠭᠭᠦᠭᠰᠡᠨ ᠶᠠᠯ᠎ᠠ ᠪᠠᠷ ᠬᠠᠷᠪᠤᠵᠤ ᠠᠯᠠᠵᠠᠢ᠃ 
       ᠮᠥᠩᠬᠡᠦ᠌ᠯᠵᠡᠢ1928 ᠣᠨ ᠤ᠋ ᠥᠭᠡᠯᠵᠢᠨ ᠰᠠᠷ᠎ᠠ ᠶ᠋ᠢᠨ27 ᠳ᠋ᠤ᠌ ᠬᠣᠷᠢᠶᠠᠨ ᠤ᠋ ᠰᠢᠳᠠᠷ ᠬᠠᠮᠠᠭᠠᠯᠠᠬᠤ ᠴᠡᠷᠢᠭ ᠦ᠋ᠨ ᠫᠠᠢᠵᠠᠩ ᠪᠦᠷᠢᠨᠵᠢᠷᠭᠠᠯ ᠳ᠋ᠤ᠌《ᠰᠢᠨᠡᠯᠡᠮ᠎ᠡ ᠶ᠋ᠢᠨ ᠨᠠᠷᠢᠨ ᠨᠢᠭᠤᠴᠠ ᠠᠷᠭ᠎ᠠ ᠪᠠᠷ ᠳ᠋ᠤᠯᠢ ᠱᠠᠨᠵᠢᠮᠢᠳᠤᠭ ᠢ᠋ᠶ᠋ᠠᠷ ᠵᠢᠱ᠌ᠢᠶ᠎ᠡ ᠲᠠᠲᠠᠵᠤ ᠰᠢᠨᠡᠯᠡᠮ᠎ᠡ ᠨᠠᠮᠠᠶ᠋ᠢ ᠡᠷᠬᠡ ᠰᠦᠷ ᠣᠨᠴᠠᠭᠠᠢᠷᠠᠪᠠ ᠭᠡᠵᠦ ᠪᠣᠢ᠂ ᠬᠡᠷᠡᠭ ᠶᠠᠪᠤᠳᠠᠯ ᠣᠳᠣ ᠴᠢᠮᠠᠲᠤ ᠲᠤᠯᠤᠭᠰᠠᠨ᠂ ᠴᠢ ᠥᠪᠡᠷ ᠢ᠋ᠶ᠋ᠡᠨ ᠶᠠᠮᠠᠷ ᠠᠷᠭ᠎ᠠ ᠡᠷᠢᠬᠦ ᠶ᠋ᠢ ᠪᠣᠳᠣᠵᠤ ᠦᠵᠡ! ᠴᠠᠭᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠳ᠋ᠤ᠌ ᠳᠡᠯᠭᠡᠷ ᠬᠤᠷᠠᠬᠤ ᠶ᠋ᠢᠨ ᠣᠪᠣᠭ᠎ᠠ ᠶ᠋ᠢ ᠲᠠᠬᠢᠬᠤ ᠶ᠋ᠢᠨ ᠵᠡᠷᠭᠡ ᠳ᠋ᠦ᠍ ᠴᠡᠷᠢᠭ ᠦ᠋ᠨ ᠰᠣᠷᠢᠯᠲᠠ ᠶ᠋ᠢᠨ ᠳᠤᠮᠳᠠ ᠫᠤᠤ ᠠᠯᠳᠠᠵᠤ ᠳᠣᠬᠢᠨᠠᠭᠤᠯᠵᠤ ᠮᠡᠳᠡᠨ᠎ᠡ?》(ᠴᠠᠭᠠᠨᠳᠤᠩ ᠤ᠋ᠨ ᠪᠢᠴᠢᠭᠰᠡᠨ《 ᠮᠥᠩᠬᠡᠦ᠌ᠯᠵᠡᠢ ᠶ᠋ᠢᠨ ᠲᠤᠬᠠᠢ ᠶᠠᠷᠢᠬᠤ ᠨᠢ》᠂ ᠶᠡᠬᠡ ᠵᠣᠣ ᠶ᠋ᠢᠨ ᠰᠣᠶᠣᠯ ᠲᠡᠦᠬᠡ ᠶ᠋ᠢᠨ ᠮᠠᠲ᠋ᠧᠷᠢᠶᠠᠯ ᠤ᠋ᠨ3 ᠳ᠋ᠤᠭᠠᠷ ᠲᠤ᠌) ᠭᠡᠵᠦ ᠰᠢᠪ ᠭᠡᠴᠡᠭᠡᠳ ᠥᠪᠡᠷ ᠢ᠋ᠶ᠋ᠡᠨ ᠡᠰᠡ ᠮᠡᠳᠡᠭᠰᠡᠨ ᠮᠠᠶᠢᠭ ᠲᠠᠢ ᠪᠠᠢᠭᠰᠠᠨ ᠭᠡᠨ᠎ᠡ᠃   
       1929 ᠣᠨ ᠳ᠋ᠤ᠌ ᠮᠥᠩᠬᠡᠦ᠌ᠯᠵᠡᠢ ᠲᠤᠸᠠᠨ ᠹᠦ ᠡᠴᠡ ᠲᠤᠸᠠᠨᠵᠠᠩ ᠪᠣᠯᠵᠤ ᠠᠷᠪᠠᠨ ᠬᠣᠶᠠᠳᠤᠭᠠᠷ ᠬᠣᠷᠢᠶ᠎ᠠ ᠶ᠋ᠢ ᠦᠦᠰᠢᠨ ᠬᠤᠰᠢᠭᠤᠨ ᠤ᠋ ᠴᠠᠭᠳᠠᠨ ᠰᠡᠷᠭᠡᠢᠯᠡᠬᠦ ᠮᠣᠷᠢᠲᠤ ᠴᠡᠷᠢᠭ ᠭᠡᠵᠦ ᠥᠭᠡᠷᠡᠴᠢᠯᠡᠨ ᠳᠠᠷᠠᠭ᠎ᠠ ᠵᠢᠯ ᠨᠢ ᠲᠡᠮᠡᠭᠡᠲᠦ ᠲᠡᠢ ᠨᠠᠢᠷᠠᠮᠳᠠᠯ ᠤ᠋ᠨ ᠬᠡᠯᠡᠯᠴᠡᠭᠡ ᠬᠢᠵᠦ ᠬᠣᠶᠠᠷ ᠲᠠᠯ᠎ᠠ ᠶ᠋ᠢᠨ ᠠᠷᠠᠯᠵᠢᠶ᠎ᠠ ᠬᠤᠳᠠᠯᠳᠤᠭ᠎ᠠ ᠶ᠋ᠢ ᠬᠡᠪ ᠦ᠋ᠨ ᠪᠣᠯᠭᠠᠵᠠᠢ᠃ 
       ᠰᠢᠨᠠᠯᠠᠮ᠎ᠠ ᠬᠣᠣᠷᠯᠠᠭᠳᠠᠭᠰᠠᠨ ᠤ᠋ ᠳᠠᠷᠠᠭ᠎ᠠ ᠬᠠᠯᠢᠭᠤᠲᠤ ᠶ᠋ᠢᠨ ᠡᠭᠦᠷ ᠦ᠋ᠨ ᠳᠠᠷᠤᠭ᠎ᠠ ᠥᠯᠵᠡᠢᠪᠠᠭᠠᠲᠤᠷ ᠭᠡᠷ ᠲᠡᠭᠡᠨ ᠰᠢᠨᠡᠯᠡᠮ᠎ᠡ ᠬᠣᠣᠷᠯᠠᠭᠳᠠᠭᠰᠠᠨ ᠢ᠋ ᠰᠣᠨᠣᠰᠤᠭᠠᠳ《ᠰᠢᠨᠡᠯᠡᠮ᠎ᠡ ᠬᠣᠣᠷᠯᠠᠭᠳᠠᠭᠰᠠᠨ ᠪᠣᠯ ᠡᠷᠬᠡ ᠣᠳᠣ ᠮᠥᠩᠬᠡᠦ᠌ᠯᠵᠡᠢ ᠶ᠋ᠢᠨ ᠭᠠᠷ ᠲᠤ᠌ ᠣᠷᠣᠬᠤ ᠳᠡᠭᠡᠷ᠎ᠡ ᠲᠤᠯᠴᠢᠬᠠᠯ᠎ᠠ᠂ ᠢᠩᠭᠢᠪᠡᠯ ᠦᠦᠰᠢᠨ ᠬᠣᠰᠢᠭᠤ ᠳᠦᠭᠦᠷᠦᠨ᠎ᠡ ᠰᠢᠦ ᠁》 ᠭᠡᠵᠦ ᠬᠡᠯᠡᠭᠰᠡᠨ ᠦᠭᠡ ᠶ᠋ᠢ ᠮᠥᠩᠬᠡᠦ᠌ᠯᠵᠡᠢ ᠰᠣᠨᠣᠰᠤᠭᠠᠳ ᠭᠠᠯᠠᠭᠤᠲᠤ ᠶ᠋ᠢᠨ ᠰᠦᠮ᠎ᠡ ᠡᠴᠡ ᠬᠣᠶᠠᠷ ᠴᠡᠷᠢᠭ ᠲᠣᠮᠢᠯᠠᠨ ᠶᠠᠪᠤᠭᠤᠯᠵᠤ ᠥᠯᠵᠡᠢᠪᠠᠭᠠᠲᠤᠷ ᠢ᠋ ᠪᠠᠷᠢᠵᠤ ᠠᠪᠤᠭᠠᠳ ᠢᠷ᠎ᠡ ᠭᠡᠵᠦ ᠵᠠᠬᠢᠵᠠᠢ᠃ ᠬᠣᠶᠠᠷ ᠴᠡᠷᠢᠭ ᠶᠠᠪᠤᠭᠰᠠᠨ ᠤ᠋ ᠳᠠᠷᠠᠭ᠎ᠠ ᠮᠠᠷᠭᠠᠰᠢ ᠨᠢ ᠪᠠᠰᠠ ᠨᠢᠭᠡᠨ ᠢᠲᠡᠭᠡᠯ ᠲᠡᠢ ᠴᠡᠷᠢᠭ ᠲᠡᠭᠡᠨ ᠨᠢᠭᠡᠨ ᠬᠤᠪᠢ ᠵᠠᠬᠢᠳᠠᠯ ᠪᠠᠷᠢᠭᠤᠯᠤᠨ ᠲᠡᠷᠡ ᠬᠣᠶᠠᠷ ᠤ᠋ᠨ ᠬᠣᠢᠨ᠎ᠠ ᠠ᠋ᠴᠠ ᠶᠠᠪᠤᠭᠤᠯᠵᠤ《ᠥᠯᠵᠡᠢᠪᠠᠭᠠᠲᠤᠷ ᠢ᠋ ᠬᠣᠶᠠᠷ ᠴᠡᠷᠢᠭ ᠪᠠᠷᠢᠵᠤ ᠠᠪᠤᠭᠠᠳ ᠨᠠᠭᠠᠰᠢ ᠲᠠᠭᠤᠵᠤ ᠶᠠᠪᠤᠵᠤ ᠪᠠᠢᠬᠤ ᠳ᠋ᠤ᠌ ᠴᠢ ᠵᠠᠮ ᠳ᠋ᠤ᠌ ᠤᠴᠠᠷᠠᠭᠠᠳ ᠡᠨᠡ ᠵᠠᠬᠢᠳᠠᠯ ᠢ᠋ ᠥᠭ᠂ ᠥᠯᠵᠡᠢᠪᠠᠭᠠᠲᠤᠷ ᠢ᠋ ᠴᠢ ᠴᠠᠭᠠᠰᠢ ᠭᠡᠷ ᠳ᠋ᠦ᠍ᠨᠢ ᠬᠦᠷᠭᠡᠶ᠎ᠡ ᠭᠡᠳ ᠲᠠᠭᠤᠵᠤ ᠶᠠᠪᠤᠵᠤ ᠪᠠᠢᠭᠠᠳ ᠬᠠᠷ᠎ᠠ ᠰᠢᠪᠠᠭ ᠤ᠋ᠨ ᠶᠡᠬᠡ ᠪᠠᠯᠠᠷ ᠲᠤ᠌ ᠠᠪᠠᠴᠢᠨ ᠫᠤᠤᠳᠠᠴᠢᠬᠠᠭᠠᠳ ᠢᠷ᠎ᠡ》 ᠭᠡᠵᠡᠢ᠃ ᠮᠥᠩᠬᠡᠡᠥᠢ᠍ᠯᠵᠠᠢ ᠶ᠋ᠢᠨ ᠵᠠᠬᠢᠳᠠᠯ ᠳ᠋ᠤ᠌《  ᠁ ᠥᠯᠵᠡᠢᠪᠠᠭᠠᠲᠤᠷ ᠢ᠋ ᠲᠤᠰᠢᠶᠠᠵᠤ ᠥᠭᠭᠦᠭᠡᠳ ᠲᠠ ᠬᠣᠶᠠᠭᠤᠯᠠ ᠮᠠᠰᠢ ᠲᠦᠷᠭᠡᠨ ᠭᠠᠯᠠᠭᠤᠲᠤ ᠶ᠋ᠢᠨ ᠰᠦᠮ᠎ᠡ ᠳ᠋ᠦ᠍ ᠢᠷᠡᠰᠦᠭᠡᠢ᠂ ᠴᠢᠬᠤᠯᠠ ᠤᠴᠢᠷ ᠲᠠᠢ᠂ ᠲᠤᠸᠠᠨᠵᠠᠩ ᠮᠥᠩᠬᠡᠡᠥᠢ᠍ᠯᠵᠠᠢ ᠠ᠋ᠴᠠ ᠁》 ᠭᠡᠰᠡᠨ ᠠᠭᠤᠯᠭ᠎ᠠ ᠲᠠᠢ ᠵᠠᠷᠯᠢᠭ ᠪᠠᠢᠬᠤ ᠲᠤᠯᠠ ᠲᠡᠷᠡ ᠬᠣᠶᠠᠭᠤᠯᠠ ᠲᠤᠸᠠᠨᠵᠠᠩ ᠤ᠋ᠨ ᠵᠠᠷᠯᠢᠭ ᠢ᠋ᠶ᠋ᠠᠷ ᠪᠤᠴᠠᠨ ᠢᠷᠡᠵᠡᠢ᠃ ᠰᠡᠭᠦᠯ ᠦ᠋ᠨ ᠬᠥᠮᠦᠨ ᠨᠢ ᠮᠥᠩᠬᠡᠡᠥᠢ᠍ᠯᠵᠠᠢ ᠶ᠋ᠢᠨ ᠬᠡᠯᠡᠭᠰᠡᠨ ᠶᠣᠰᠣᠭᠠᠷ ᠤᠶᠠᠭ᠎ᠠ ᠲᠠᠢ ᠲᠠᠭᠤᠵᠤ ᠶᠠᠪᠤᠭ᠎ᠠ ᠥᠯᠵᠡᠢᠪᠠᠭᠠᠲᠤᠷ ᠢ᠋ ᠫᠤᠤᠳᠠᠴᠢᠬᠠᠭᠠᠳ ᠮᠠᠩᠬᠠᠨ ᠳ᠋ᠤ᠌ ᠪᠤᠯᠠᠭᠰᠠᠨ ᠤ᠋ ᠬᠣᠢᠨ᠎ᠠ ᠪᠤᠴᠠᠨ ᠢᠷᠡᠵᠡᠢ᠃ 
       ᠮᠥᠩᠬᠡᠡᠥᠢ᠍ᠯᠵᠠᠢ1930 ᠣᠨ ᠳ᠋ᠤ᠌ ᠡᠷᠲᠡ ᠡᠴᠡ ᠤᠯᠠᠮᠵᠢᠯᠠᠭᠰᠠᠨ ᠦᠦᠰᠢᠨ ᠬᠣᠰᠢᠭᠤ ᠶ᠋ᠢᠨ ᠵᠡᠭᠦᠨ ᠪᠠᠷᠠᠭᠤᠨ ᠭᠡᠬᠦ ᠵᠥᠷᠢᠴᠡᠯ ᠮᠥᠷᠭᠥᠯᠳᠦᠭᠡᠨ(ᠲᠡᠦᠬᠡᠨ ᠪᠠᠢᠳᠠᠯ ᠢ᠋ ᠦᠵᠡᠪᠡᠯ ᠮᠠ ᠬᠤᠸᠠ ᠯᠦᠩ ᠦ᠋ᠨ ᠳᠡᠭᠡᠷᠡᠮᠴᠦᠳ ᠢ᠋ ᠲᠦᠪᠰᠢᠳᠬᠡᠭᠡᠳ ᠮᠠᠨᠵᠤ ᠶ᠋ᠢᠨ ᠵᠠᠰᠠᠭ ᠤ᠋ᠨ ᠭᠠᠵᠠᠷ ᠠ᠋ᠴᠠ ᠶᠡᠬᠡ ᠪᠡᠷ ᠱᠠᠩᠨᠠᠭᠳᠠᠭᠰᠠᠨ ᠪᠠᠯᠵᠤᠤᠷ ᠬᠦᠩ ᠦ᠋ᠨ ᠦᠶ᠎ᠡ ᠡᠴᠡ ᠡᠬᠢᠯᠡᠭᠰᠡᠨ ᠰᠢᠭ ᠪᠣᠳᠣᠭᠳᠠᠨ᠎ᠠ — ᠵᠣᠬᠢᠶᠠᠭᠴᠢ ᠠ᠋ᠴᠠ)  ᠢ ᠨᠠᠮᠳᠠᠭᠤᠯᠬᠤ ᠶ᠋ᠢᠨ ᠲᠤᠰᠠᠳᠠ ᠪᠠᠷᠠᠭᠤᠨ ᠱᠠᠩ ᠤ᠋ᠨ ᠵᠢᠭᠡ ᠬᠡᠦᠬᠡᠨ ᠬᠠᠨᠷᠤᠰᠡᠴᠢᠯ ᠢ ᠲᠡᠭᠦᠰᠡᠠᠮᠤᠭᠤᠯᠠᠩ ᠨᠣᠶᠠᠨ ᠤ᠋ ᠬᠠᠲᠤᠨ ᠪᠣᠯᠭᠠᠵᠠᠢ᠃  
       1933 ᠣᠨ ᠳ᠋ᠤ᠌ ᠰᠸᠳᠠᠩᠳᠣᠷᠵᠢ ᠶ᠋ᠢᠨ ᠬᠡᠦᠬᠡᠨ ᠯᠢᠩᠬᠤᠸ᠋᠎ᠠ ᠶ᠋ᠢ ᠲᠡᠭᠦᠰᠡᠠᠮᠤᠭᠤᠯᠠᠩ ᠨᠣᠶᠠᠨ ᠤ᠋ ᠲᠥᠷᠥᠭᠰᠡᠨ ᠳᠡᠭᠦᠦ ᠴᠢ ᠢᠦᠢ ᠱᠠᠨ ᠳ᠋ᠤ᠌ ᠬᠠᠲᠤᠨ ᠪᠣᠯᠭᠠᠨ ᠵᠠᠯᠠᠵᠤ᠂ ᠮᠥᠩᠬᠡᠡᠥᠢ᠍ᠯᠵᠠᠢ ᠲᠡᠷᠡ ᠬᠣᠶᠠᠭᠤᠯᠠ ᠶ᠋ᠢᠨ ᠦᠰᠦ ᠪᠠᠷᠢᠭᠰᠠᠨ(ᠦᠰᠦ ᠴᠤᠴᠠᠯᠤᠭᠰᠠᠨ ᠭᠡᠵᠦ ᠴᠦ᠍ ᠬᠡᠯᠡᠳᠡᠭ) ᠡᠴᠢᠭᠡ ᠨᠢ ᠪᠣᠯᠵᠠᠢ᠃ 
       ᠥᠯᠵᠠᠢᠪᠠᠭᠠᠲᠤᠷ ᠭᠡᠨᠡᠳᠲᠡ ᠬᠣᠣᠷᠯᠠᠭᠳᠠᠭᠰᠠᠨ ᠤ᠋ ᠰᠡᠭᠦᠯᠡᠷ ᠳᠣᠲᠣᠭᠠᠳᠤ ᠮᠣᠩᠭᠣᠯ ᠤ᠋ᠨ ᠨᠠᠮ ᠤ᠋ᠨ ᠦᠦᠰᠢᠨ ᠬᠤᠰᠢᠭᠤᠨ ᠤ᠋ ᠬᠣᠷᠢᠶ᠎ᠠ ᠶ᠋ᠢᠨ ᠵᠣᠬᠢᠶᠠᠨ ᠪᠠᠢᠭᠤᠯᠬᠤ ᠭᠡᠰᠢᠭᠦᠨ ᠬᠥᠬᠡᠨᠠᠭᠤᠷ ᠤ᠋ᠨ ᠨᠢᠮᠠᠷᠢᠨᠴᠢᠨ ᠰᠤᠷᠠᠭ ᠠᠵᠢᠭ ᠮᠡᠳᠡᠭᠡᠳ᠄《ᠡᠨᠡ ᠮᠠᠭᠤ ᠯᠤᠤᠪᠠᠩ ᠬᠦᠦ ᠬᠡᠲᠦᠷᠡᠵᠦ ᠪᠠᠢᠨ᠎ᠠ᠂ ᠪᠢ ᠬᠠᠯᠬ᠎ᠠ ᠳ᠋ᠤ᠌ ᠶᠠᠪᠤᠵᠤ(ᠤᠭ ᠨᠢ ᠰᠢᠨᠠᠯᠠᠮ᠎ᠠ ᠶ᠋ᠢ ᠳᠠᠭᠠᠵᠤ ᠬᠠᠯᠬ᠎ᠠ ᠳ᠋ᠤ᠌ ᠰᠤᠷᠤᠯᠴᠠᠭᠰᠠᠳ ᠤ᠋ᠨ ᠨᠢᠭᠡ ᠨᠢ) ᠲᠥᠪ ᠬᠣᠷᠢᠶᠠᠨ ᠳ᠋ᠤ᠌ ᠮᠥᠩᠬᠡᠡᠥᠢ᠍ᠯᠵᠠᠢ ᠬᠥᠮᠦᠨ ᠠᠯᠠᠭᠠᠳ ᠪᠣᠯᠬᠤ ᠦᠭᠡᠢ ᠪᠠᠢᠨ᠎ᠠ ᠭᠡᠵᠦ ᠵᠠᠭᠠᠯᠲᠤᠶ᠎ᠠ!》 ᠭᠡᠵᠦ ᠬᠡᠯᠡᠭᠰᠡᠨ ᠢ᠋ ᠮᠥᠩᠬᠡᠡᠥᠢ᠍ᠯᠵᠠᠢ ᠪᠠᠰᠠ ᠰᠣᠨᠣᠰᠴᠢᠬᠠᠵᠠᠢ᠃ ᠰᠡᠭᠦᠯᠡᠷ ᠲᠡᠷᠡ ᠨᠢᠮᠠᠷᠢᠨᠴᠢᠨ ᠢ᠋ ᠪᠠᠷᠢᠪᠴᠢᠯᠠᠵᠤ ᠭᠠᠯᠠᠭᠤᠲᠤ ᠶ᠋ᠢᠨ ᠰᠦᠮ᠎ᠡ ᠳᠡᠭᠡᠷ᠎ᠡ ᠤᠭ ᠤ᠋ᠨ ᠰᠢᠨᠡᠯᠡᠮ᠎ᠡ ᠶ᠋ᠢ ᠴᠠᠭᠠᠨ ᠪᠢᠴᠢᠨ ᠵᠢᠯ ᠦ᠋ᠨ ᠴᠢᠭᠤᠯᠭᠠᠨ ᠢ᠋ᠶ᠋ᠠᠷ ᠳᠡᠭᠦᠵᠢᠯᠡᠨ ᠲᠠᠮᠤᠯᠠᠵᠤ ᠪᠠᠢᠭᠰᠠᠨ ᠶᠡᠬᠡ ᠬᠠᠢᠯᠠᠰᠤᠨ ᠮᠣᠳᠣᠨ ᠠ᠋ᠴᠠ ᠳᠡᠭᠦᠵᠢᠯᠡᠪᠡ᠃ ᠮᠥᠩᠬᠡᠡᠥᠢ᠍ᠯᠵᠠᠢ᠄《ᠴᠢ ᠪᠣᠯ ᠰᠢᠨᠡᠯᠡᠮ᠎ᠡ ᠶ᠋ᠢ ᠬᠣᠣᠷᠯᠠᠭᠰᠠᠨ ᠠᠷᠤ ᠲᠣᠬᠢᠭᠴᠢ ᠮᠥᠨ᠂ ᠪᠠᠷᠠᠭᠤᠨ ᠱᠠᠩ ᠤ᠋ᠨ10 ᠫᠤᠤ ᠶ᠋ᠢ ᠭᠠᠪᠴᠢᠭ ᠲᠣᠩᠮᠢᠳ ᠬᠣᠶᠠᠭᠤᠯᠠ ᠬᠤᠯᠠᠭᠠᠢ ᠬᠢᠭᠰᠡᠨ᠁》 ᠭᠡᠵᠦ ᠭᠦᠵᠢᠷ ᠲᠤᠯᠭᠠᠨ ᠠᠰᠠᠭᠤᠭᠰᠠᠨ ᠳ᠋ᠤ᠌ ᠦᠨᠡᠨ ᠡᠢᠮᠦ ᠤᠴᠢᠷ ᠦᠭᠡᠢ ᠶᠦᠮ ᠴᠢᠨᠢ ᠥᠴᠢᠭ ᠥᠴᠦᠬᠡᠨ ᠴᠦ᠍ ᠣᠯᠵᠤ ᠴᠢᠳᠠᠭᠰᠠᠨ ᠦᠭᠡᠢ᠃ ᠰᠡᠭᠦᠯᠡᠷ ᠨᠢ ᠪᠠᠷᠠᠭᠤᠨ ᠱᠠᠩ ᠳ᠋ᠤ᠌ ᠠᠪᠠᠴᠢᠨ ᠭᠠᠪᠴᠢᠭ ᠲᠣᠩᠮᠢᠳ ᠲᠠᠢ ᠨᠢᠭᠤᠷ ᠲᠤᠯᠭᠠᠨ ᠠᠰᠠᠭᠤᠶ᠎ᠠ ᠭᠡᠵᠦ ᠪᠠᠷᠠᠭᠤᠨᠰᠢ ᠲᠠᠭᠤᠵᠠᠢ᠃ ᠮᠥᠩᠬᠡᠥ᠌ᠯᠵᠡᠢ ᠬᠣᠢᠨ᠎ᠠ ᠠ᠋ᠴᠠ ᠨᠢ ᠪᠠᠰᠠ ᠬᠣᠶᠠᠷ ᠴᠡᠷᠢᠭ ᠲᠣᠮᠢᠯᠠᠵᠤ᠂ ᠨᠢᠮᠠᠷᠢᠨᠴᠢᠨ ᠢ᠋ ᠪᠠᠷᠠᠭᠤᠨ ᠪᠤᠷᠭᠠᠰᠤᠨ ᠳ᠋ᠤ᠌ ᠠᠯᠠᠭᠠᠴᠢ ᠭᠡᠵᠦ ᠵᠠᠷᠯᠢᠭᠳᠠᠵᠠᠢ᠃ ᠨᠢᠮᠠᠷᠢᠨᠴᠢᠨ ᠳᠣᠲᠣᠷ᠎ᠠ ᠪᠠᠨ ᠱᠠᠷᠯᠢᠭ ᠤ᠋ᠨ ᠰᠦᠮ᠎ᠡ ᠳ᠋ᠦ᠍ ᠬᠦᠷᠴᠦ ᠭᠠᠪᠴᠢᠭ ᠲᠣᠩᠮᠢᠳ ᠲᠠᠢ ᠨᠢᠭᠤᠷ ᠲᠤᠯᠤᠶ᠎ᠠ ᠭᠡᠮᠡᠨ ᠴᠡᠷᠢᠭ ᠲᠦ᠍ ᠲᠠᠭᠤᠭᠳᠠᠨ ᠶᠠᠪᠤᠵᠤ ᠪᠠᠢᠲᠠᠯ᠎ᠠ ᠠᠷᠤ ᠠ᠋ᠴᠠ ᠪᠠᠨ ᠫᠤᠤᠳᠠᠭᠳᠠᠴᠢᠬᠠᠭᠰᠠᠨ ᠭᠡᠨ᠎ᠡ᠃  
       1929 ᠣᠨ ᠠ᠋ᠴᠠ1933 ᠣᠨ ᠪᠣᠯᠲᠠᠯ᠎ᠠ ᠲᠠᠮᠠᠭᠠᠯᠠᠢ ᠳ᠋ᠠᠬᠢ ᠨᠣᠶᠠᠨ ᠱᠠᠩ ᠢ᠋ ᠥᠨᠥ ᠶ᠋ᠢᠨ ᠲᠠᠪᠴᠠᠭ ᠲᠤ᠌ ᠰᠢᠯᠵᠢᠭᠦᠯᠵᠦ ᠠᠷᠤ ᠳ᠋ᠤᠨᠢ ᠪᠠᠶᠠᠨ ᠷᠠᠰᠢᠨᠣᠷᠪᠤ ᠶ᠋ᠢᠨ ᠭᠡᠷ ᠦ᠋ᠨ ᠪᠠᠷᠠᠭᠤᠨ ᠲᠠᠯ᠎ᠠ ᠳ᠋ᠤ᠌ ᠬᠣᠰᠢᠭᠤ ᠴᠡᠷᠢᠭ ᠦ᠋ᠨ ᠬᠣᠷᠢᠶ᠎ᠠ ᠭᠡᠮᠡᠨ ᠡᠷᠲᠡᠨ ᠦ᠌ ᠮᠠᠶᠢᠭ ᠤ᠋ᠨ ᠥᠨᠳᠥᠷ ᠬᠡᠷᠡᠮ ᠴᠣᠭᠴᠠᠯᠠᠵᠤ ᠳᠥᠷᠪᠡᠨ ᠯᠢᠶᠠᠨ ᠴᠡᠷᠢᠭ ᠢ᠋ ᠳᠥᠷᠪᠡᠨ ᠲᠠᠯ᠎ᠠ ᠳ᠋ᠤᠨᠢ ᠣᠷᠣᠨ ᠪᠠᠷᠢᠵᠤ ᠰᠠᠭᠤᠯᠭᠠᠪᠠ᠃ ᠲᠡᠷᠡ ᠰᠠᠷ᠎ᠠ ᠳ᠋ᠤ᠌ ᠨᠢᠭᠡ ᠤᠳᠠᠭ᠎ᠠ ᠳᠥᠷᠪᠡᠨ ᠪᠣᠳᠣᠩ ᠬᠠᠷ᠎ᠠ ᠠᠷᠢᠬᠢ ᠶ᠋ᠢ ᠠᠯᠪᠠᠨ ᠠ᠋ᠴᠠ ᠬᠤᠳᠠᠯᠳᠤᠨ ᠠᠪᠴᠤ ᠳᠥᠷᠪᠡᠨ ᠯᠢᠶᠠᠨ ᠳ᠋ᠠᠭᠡᠨ ᠬᠤᠪᠢᠶᠠᠵᠤ᠄《ᠵᠠ᠂ ᠴᠡᠷᠢᠭ ᠦ᠋ᠳ ᠮᠢᠨᠢ ᠠᠮᠠᠷᠠᠵᠤ ᠠᠷᠢᠬᠢ ᠤᠤᠭᠤᠵᠠᠭ᠎ᠠ!》 ᠭᠡᠳ ᠥᠪᠡᠷ ᠢ᠋ᠶ᠋ᠡᠨ ᠨᠢᠷᠤᠭᠤ ᠪᠠᠨ ᠡᠭᠦᠷᠴᠦ ᠨᠢᠭᠡ ᠬᠤᠨᠳᠠᠭ᠎ᠠ ᠴᠤ᠌ ᠤᠤᠭᠤᠬᠤ ᠦᠭᠡᠢ ᠪᠡᠷ ᠡᠨᠡᠭᠦᠷ ᠲᠡᠨᠡᠭᠦᠷ ᠲᠣᠭᠣᠷᠢᠵᠤ ᠬᠡᠨ ᠶᠠᠭᠤ ᠬᠡᠯᠡᠯᠴᠡᠵᠦ ᠶᠠᠮᠠᠷ ᠰᠠᠨᠠᠭ᠎ᠠ ᠲᠠᠢ ᠪᠠᠢᠭ᠎ᠠ ᠶ᠋ᠢ ᠠᠵᠢᠭᠯᠠᠨ ᠭᠡᠲᠡᠵᠦ ᠶᠠᠪᠤᠳᠠᠭ ᠭᠡᠨ᠎ᠡ᠃  
       1930 ᠣᠨ ᠤ᠋ ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ ᠳ᠋ᠤ᠌ ᠮᠥᠩᠬᠡᠥ᠌ᠯᠵᠡᠢ ᠥᠪᠡᠷ ᠢ᠋ᠶ᠋ᠡᠨ ᠰᠢᠭᠤᠳ ᠲᠡᠢᠨ ᠵᠢᠯᠣᠭᠣᠳᠴᠤ ᠰᠥᠨᠢ ᠶ᠋ᠢᠨ ᠪᠣᠷᠣᠭᠠᠨ ᠤ᠋ ᠳᠤᠮᠳᠠᠭᠤᠷ ᠠᠷᠪᠠ ᠶᠢᠰᠦᠨ ᠬᠥᠮᠦᠨ ᠢ᠋ ᠠᠯᠠᠵᠤ ᠢᠯᠠᠯᠲᠠ ᠣᠯᠤᠭᠠᠳ ᠳᠠᠷᠠᠭ᠎ᠠ ᠡᠳᠦᠷ ᠨᠢ ᠪᠠᠷᠠᠭᠤᠨᠰᠢᠯᠠᠵᠤ ᠵᠠᠮ ᠳ᠋ᠠᠭᠠᠨ ᠠᠷᠪᠠᠨ ᠨᠠᠢ᠍ᠮᠠᠨ ᠬᠥᠮᠦᠨ ᠢ᠋ ᠠᠯᠠᠵᠤ ᠵᠥᠪᠬᠡᠨ ᠦᠦᠰᠢᠨ ᠸᠠᠩ ᠲᠡᠭᠦᠰᠠᠠᠮᠤᠭᠤᠯᠠᠩ ᠪᠣᠯᠤᠨ ᠰᠠᠭᠰᠠ ᠠᠪᠠᠬᠠᠢ᠂ ᠨᠣᠶᠠᠨ ᠤ᠋ ᠬᠢᠶ᠎ᠡ ᠪᠠᠶᠠᠨᠲᠣᠭᠲᠠᠬᠤ᠂ ᠠᠮᠤᠷᠰᠠᠨᠠᠭ᠎ᠠ ᠯᠢᠶᠡᠨᠵᠠᠩ(ᠠᠮᠤᠷᠰᠠᠨᠠᠭ᠎ᠠ ᠰᠥᠨᠢ ᠶ᠋ᠢᠨ ᠪᠠᠢᠯᠳᠤᠭᠠᠨ ᠳ᠋ᠤ᠌ ᠤᠤᠯᠭᠠᠯᠠᠭᠳᠠᠭᠰᠠᠨ ᠬᠥᠮᠦᠨ) ᠬᠡᠦᠬᠡᠳ ᠪᠠᠨᠽᠠᠷᠭᠠᠷᠤᠳᠢ ᠲᠠᠪᠤᠬᠠᠨ ᠬᠥᠮᠦᠨ ᠢ᠋ ᠬᠦᠴᠦᠲᠡᠨ ᠠᠪᠴᠤ ᠰᠦᠮ᠎ᠡ ᠳᠠᠭᠠᠭᠤᠯᠤᠨ ᠬᠢᠵᠠᠭᠠᠷᠯᠠᠨ ᠰᠠᠭᠤᠯᠭᠠᠵᠠᠢ᠃ ᠡᠨᠡ ᠤᠴᠢᠷ ᠢ᠋ ᠲᠡᠭᠦᠰᠠᠠᠮᠤᠭᠤᠯᠠᠩ ᠤ᠋ᠨ ᠬᠣᠶᠠᠷ ᠳᠡᠭᠦᠦ ᠰᠦᠢᠶᠤᠸᠠᠨ ᠮᠣᠵᠢ ᠳ᠋ᠤ᠌ ᠵᠠᠭᠠᠯᠳᠤᠭᠰᠠᠨ ᠲᠤᠯᠠ ᠲᠤᠰ ᠵᠢᠯ ᠭᠠᠯᠠᠭᠤᠲᠤ ᠶ᠋ᠢᠨ ᠰᠦᠮ᠎ᠡ ᠳᠡᠭᠡᠷ᠎ᠡ ᠰᠦᠢᠶᠤᠸᠠᠨ ᠮᠣᠵᠢ ᠶ᠋ᠢᠨ ᠲᠣᠪᠲᠣᠨ ᠸᠧᠢᠢᠶᠤᠸᠠᠨ ᠨᠠᠷ ᠢᠷᠡᠵᠦ ᠬᠡᠷᠡᠭ ᠢ᠋ ᠰᠢᠢᠳᠬᠡᠵᠡᠢ᠃ ᠲᠣᠪᠲᠣᠨ ᠸᠧᠢᠢᠶᠤᠸᠠᠨ ᠵᠡᠭᠦᠨ ᠮᠣᠩᠭᠣᠯ ᠤ᠋ᠨ ᠬᠥᠮᠦᠨ ᠲᠤᠯᠠ ᠮᠥᠩᠬᠡᠥ᠌ᠯᠵᠡᠢ ᠶ᠋ᠢ ᠳᠠᠩ ᠳ᠋ᠤ᠌ ᠰᠥᠭᠥᠳᠬᠡᠭᠰᠡᠨ ᠦ᠌ ᠰᠡᠭᠦᠯᠡᠷ᠄《 ᠴᠢ ᠨᠢᠭᠡᠨ ᠡᠳᠦᠷ ᠠᠷᠪᠠᠨ ᠨᠠᠢ᠍ᠮᠠᠨ ᠬᠥᠮᠦᠨ ᠢ᠋ ᠠᠯᠠᠭᠰᠠᠨ ᠴᠢᠨᠢ ᠶᠠᠭᠤᠨ ᠤ᠋ ᠬᠦᠴᠦᠨ ᠪᠣᠢ᠂ ᠮᠢᠨᠦ ᠪᠡᠶ᠎ᠡ ᠶ᠋ᠢ ᠦᠵᠡᠪᠡᠰᠦ ᠳᠣᠯᠣᠭᠠᠨ ᠵᠢᠩ ᠪᠠᠢ ᠶ᠋ᠢᠨ ᠬᠦᠴᠦᠨ ᠪᠤᠶᠤ᠂ ᠪᠢ ᠥᠨᠥᠳᠥᠷ ᠲᠡᠭᠦᠨ ᠢ᠋ ᠴᠢᠨᠢ ᠮᠤᠯᠲᠤᠯᠪᠠᠯ ᠴᠢ ᠳᠠᠷᠤᠢ ᠶᠠᠭᠤ ᠴᠤ᠌ ᠪᠢᠰᠢ ᠪᠣᠯᠵᠣᠬᠤᠶ᠎ᠠ》 ᠭᠡᠵᠦ ᠰᠢᠷᠡᠭᠡ ᠠᠯᠠᠭᠠᠳᠠᠨ ᠵᠠᠩᠳᠤᠷᠤᠭᠰᠠᠨ ᠭᠡᠨ᠎ᠡ᠃ ᠡᠨᠡ ᠦᠭᠡ ᠶ᠋ᠢᠨ ᠤᠳᠬ᠎ᠠ ᠪᠣᠯᠪᠠᠰᠤ ᠴᠢ ᠨᠢᠭᠡ ᠡᠳᠦᠷ ᠠᠷᠪᠠᠨ ᠨᠠᠢ᠍ᠮᠠᠨ ᠬᠥᠮᠦᠨ ᠠᠯᠠᠴᠢᠬᠠᠭᠰᠠᠨ ᠴᠢᠨᠢ ᠶᠠᠭᠤᠨ ᠤ᠋ ᠡᠷᠬᠡ ᠰᠦᠷ ᠪᠣᠢ? ᠪᠢ ᠦᠵᠡᠪᠡᠯ ᠴᠡᠷᠢᠭ ᠦ᠋ᠨ ᠡᠷᠬᠡ ᠰᠦᠷ ᠪᠠᠢᠨ᠎ᠠ᠂ ᠪᠢ ᠴᠢᠨᠦ ᠲᠤᠸᠠᠨᠵᠠᠩ ᠢ᠋ ᠴᠢᠨᠢ ᠲᠠᠭᠠᠷᠢᠴᠢᠬᠠᠪᠠᠯ ᠴᠢ ᠳᠠᠷᠤᠢ ᠶᠠᠭᠤ ᠴᠤ᠌ ᠪᠢᠰᠢ ᠪᠣᠯᠴᠢᠬᠠᠨ᠎ᠠ᠃ ᠮᠠᠷᠭᠠᠰᠢ ᠨᠢ ᠦᠷᠭᠦᠯᠵᠢᠯᠡᠨ ᠰᠢᠭᠦᠬᠦ ᠳ᠋ᠦ᠍ ᠮᠥᠩᠬᠡᠦ᠌ᠯᠵᠡᠢ ᠳᠠᠩ ᠤ᠋ᠨ ᠲᠠᠯᠠᠪᠠᠢ ᠳ᠋ᠤ᠌ ᠰᠥᠭᠥᠳᠴᠦ᠂ ᠬᠠᠵᠠᠭᠤ ᠳ᠋ᠤᠨᠢ ᠬᠣᠶᠠᠷ ᠴᠡᠷᠢᠭ ᠨᠢᠭᠡ ᠠᠴᠢᠮᠠᠭ ᠮᠥᠩᠭᠥ ᠳᠠᠮᠨᠠᠵᠤ ᠳᠣᠪᠳᠣᠨ ᠤ᠋ ᠡᠮᠦᠨ᠎ᠡ ᠲᠦᠰᠬᠢᠲᠡᠯ᠎ᠡ ᠲᠠᠯᠪᠢᠭᠰᠠᠨ ᠳ᠋ᠤ᠌ ᠳᠣᠪᠲᠣᠨ ᠤ᠋ ᠦᠭᠡ ᠵᠥᠭᠡᠯᠡᠷᠡᠵᠦ᠄《ᠦᠦᠰᠢᠨ ᠵᠠᠰᠠᠭ ᠪᠡᠢᠯᠡ ᠨᠣᠶᠠᠨ ᠣᠳᠣᠬᠠᠨ ᠳ᠋ᠤ᠌ ᠨᠠᠰᠤ ᠪᠠᠭ᠎ᠠ ᠪᠦᠬᠦ ᠬᠤᠰᠢᠭᠤᠨ ᠤ᠋ ᠵᠠᠰᠠᠭ ᠤ᠋ᠨ ᠬᠡᠷᠡᠭ ᠢ᠋ ᠢᠯᠭᠠᠨ ᠵᠠᠰᠠᠬᠤ ᠭᠡᠭᠡᠨ ᠢ᠋ᠶ᠋ᠡᠷ ᠳᠤᠲᠠᠮᠠᠭ ᠲᠤᠯᠠ ᠮᠥᠩᠬᠡᠦ᠌ᠯᠵᠡᠢ ᠦᠷᠭᠦᠯᠵᠢᠯᠡᠨ ᠲᠤᠸᠠᠨᠵᠠᠩ ᠤ᠋ᠨ ᠲᠤᠰᠢᠶᠠᠯ ᠢ᠋ᠶ᠋ᠠᠨ ᠡᠭᠦᠷᠭᠡᠯᠡᠵᠦ ᠪᠦᠬᠦ ᠬᠤᠰᠢᠭᠤᠨ ᠤ᠋ ᠴᠡᠷᠢᠭ ᠵᠠᠰᠠᠭ ᠤ᠋ᠨ ᠠᠯᠪᠠᠨ ᠢ᠋ ᠡᠭᠦᠷᠭᠡᠯᠡᠨ ᠲᠤᠰᠠᠯᠠᠨ ᠰᠢᠢᠳᠬᠡᠭᠴᠢ ᠪᠣᠯᠭᠠᠰᠤᠭᠠᠢ》 ᠭᠡᠮᠡᠨ ᠵᠠᠬᠢᠵᠤ ᠳᠠᠭᠤᠰᠬᠠᠪᠠ᠃ ᠡᠭᠦᠨ ᠡᠴᠡ ᠬᠣᠢᠰᠢ ᠮᠥᠩᠬᠡᠦ᠌ᠯᠵᠡᠢ ᠶ᠋ᠢᠨ ᠡᠷᠬᠡ ᠪᠠᠢᠷᠢ ᠤᠯᠠᠮ ᠰᠢᠵᠢᠷ ᠠᠯᠲᠠᠨ ᠴᠠᠭ ᠦᠶ᠎ᠡ ᠳ᠋ᠡᠭᠡᠨ ᠣᠷᠣᠯ᠎ᠠ᠃ 
       1935 ᠣᠨ ᠳ᠋ᠤ᠌ ᠰᠦᠢᠶᠦᠸᠠᠨ ᠮᠣᠵᠢ ᠶ᠋ᠢᠨ ᠸᠸᠢᠢᠶᠤᠸᠠᠨ ᠬᠠᠩᠭᠢᠨ ᠳᠠ ᠶ᠋ᠢᠨ ᠲᠦᠰᠢᠮᠡᠯ ᠪᠦᠷᠢᠨᠳᠣᠭᠲᠠᠬᠤ ᠦᠦᠰᠢᠨ ᠬᠤᠰᠢᠭᠤᠨ ᠤ᠋ ᠮᠠᠩᠬᠠᠲᠤ ᠶ᠋ᠢᠨ ᠰᠦᠮ᠎ᠡ ᠳᠡᠭᠡᠷ᠎ᠡ ᠴᠢᠭᠤᠯᠭᠠᠨ ᠴᠢᠭᠤᠯᠭᠠᠵᠤ ᠮᠥᠩᠬᠡᠦ᠌ᠯᠵᠡᠢ ᠶ᠋ᠢᠨ ᠲᠤᠸᠠᠨᠵᠠᠩ ᠤ᠋ᠨ ᠲᠤᠰᠢᠶᠠᠯ ᠠ᠋ᠴᠠ ᠪᠠᠭᠤᠯᠭᠠᠬᠤ ᠪᠠᠷ ᠢᠷᠡᠵᠦ ᠶᠡᠷᠦ ᠶ᠋ᠢᠨ ᠴᠢᠯᠥᠭᠡ ᠠᠪᠬᠤ ᠶ᠋ᠢ ᠵᠥᠪᠰᠢᠶᠡᠷᠡᠪᠡ᠃ ᠮᠥᠨ ᠳᠠᠷᠤᠢ ᠳ᠋ᠤᠨᠢ ᠨᠠᠰᠤᠨᠳᠡᠯᠭᠡᠷ ᠦ᠋ᠨ ᠴᠡᠷᠢᠭ ᠦ᠋ᠨ ᠬᠤᠪᠢᠰᠤᠯ ᠭᠠᠷᠴᠠᠢ᠃ ᠮᠥᠩᠬᠡᠦ᠌ᠯᠵᠡᠢ᠂ ᠪᠠᠪᠠ᠂ ᠵᠠᠮᠢᠶᠠᠨᠵᠠᠪ ᠨᠠᠷ ᠤ᠋ᠨ ᠪᠡᠶ᠎ᠡ ᠳᠡᠭᠡᠷ᠎ᠡ ᠠᠯᠪᠠᠨ ᠤ᠋ ᠤᠷᠲᠤ ᠫᠤᠤ16᠂ ᠪᠠᠭ᠎ᠠ ᠫᠤᠤ2᠂ ᠪᠦᠭᠦᠳᠡ ᠰᠤᠮᠤ ᠲᠠᠢ᠂4500 ᠯᠠᠩ ᠮᠥᠩᠭᠥ᠂ ᠬᠡᠳᠦᠨ ᠠᠷᠪᠠᠨ  ᠳ᠋ᠠᠨ ᠬᠠᠷ᠎ᠠ ᠠᠮᠤ ᠶ᠋ᠢᠨ ᠤᠴᠢᠷ ᠲᠤᠯᠭᠠᠭᠰᠠᠨ ᠳ᠋ᠤ᠌ ᠲᠡᠳᠡ ᠳᠤᠲᠠᠭᠠᠨ ᠶᠠᠪᠤᠵᠠᠢ᠃ 
       ᠮᠥᠩᠬᠡᠦ᠌ᠯᠵᠡᠢ ᠬᠠᠭᠤᠴᠢᠨ ᠨᠠᠢᠵᠢ᠂ ᠳᠣᠲᠣᠭᠠᠳᠤ ᠮᠣᠩᠭᠣᠯ ᠤ᠋ᠨ ᠨᠠᠮ ᠤ᠋ᠨ ᠬᠠᠷᠢᠭᠤᠴᠠᠯᠭᠠᠲᠠᠨ ᠳᠣᠷᠵᠢᠸᠠᠩᠴᠤᠭ(ᠸᠠᠩ ᠵᠸᠠ ᠳ᠋ᠦᠩ) ᠢ᠋ᠶ᠋ᠡᠷ ᠳᠡᠮᠵᠢᠵᠦ ᠬᠠᠩᠭᠢᠨ ᠤ᠋ ᠸᠠᠩ ᠠᠯᠲᠠᠠᠧᠴᠢᠷ ᠢ᠋ ᠬᠠᠪᠢᠳᠠᠵᠤ ᠰᠡᠭᠦᠯᠡᠷ ᠨᠢ ᠦᠦᠰᠢᠨ ᠬᠤᠰᠢᠭᠤᠨ ᠤ᠋ ᠴᠡᠷᠢᠭ ᠦ᠋ᠨ ᠬᠣᠷᠢᠶ᠎ᠠ ᠶ᠋ᠢᠨ ᠵᠡᠭᠦᠨ ᠪᠣᠷᠣᠯᠵᠢᠨ ᠳᠡᠭᠡᠷ᠎ᠡ ᠮᠥᠩᠬᠡᠡᠥᠢ᠍ᠯᠵᠠᠢ ᠶ᠋ᠢᠨ ᠬᠠᠨᠢᠯᠠᠭᠰᠠᠨ ᠡᠬᠡᠨᠡᠷ ᠰᠠᠷᠠᠨ(ᠪᠠᠶᠠᠨ ᠢᠰᠢᠨᠤᠷᠪᠤ ᠶ᠋ᠢᠨ ᠡᠬᠡᠨᠡᠷ) ᠦ᠋ᠨ ᠭᠠᠳᠠᠨ᠎ᠠ ᠪᠤᠯᠠᠵᠤ ᠨᠢᠭᠤᠵᠤ ᠪᠠᠢᠭᠰᠠᠨ ᠮᠥᠩᠭᠥ ᠪᠡᠨ ᠳᠣᠯᠣᠭᠠᠨ ᠲᠡᠮᠡᠭᠡ ᠪᠡᠷ ᠰᠡᠮᠡᠷᠬᠡᠨ ᠠᠴᠢᠶᠠᠯᠠᠵᠤ ᠬᠠᠩᠭᠢᠨ ᠳ᠋ᠤ᠌ ᠬᠦᠷᠭᠡᠵᠡᠢ᠃ 
       ᠮᠥᠩᠬᠡᠡᠥᠢ᠍ᠯᠵᠠᠢ ᠳᠠᠬᠢᠨ ᠪᠤᠭᠤᠲᠤ ᠳ᠋ᠤ᠌ ᠬᠦᠷᠴᠦ᠂ ᠶᠠᠫᠣᠨ ᠡᠵᠡᠮᠰᠢᠯ ᠳᠣᠣᠷᠠᠬᠢ ᠪᠤᠭᠤᠲᠤ ᠳ᠋ᠤ᠌ ᠰᠠᠭᠤᠭ᠎ᠠ ᠶᠡᠬᠡ ᠵᠣᠣ ᠶ᠋ᠢᠨ ᠴᠢᠭᠤᠯᠭᠠᠨ ᠤ᠋ ᠬᠠᠭᠤᠷᠮᠠᠭ ᠵᠠᠰᠠᠭ ᠤ᠋ᠨ ᠮᠢᠱᠤᠵᠠᠩ ᠢ᠋ᠶ᠋ᠠᠷ ᠲᠣᠮᠢᠯᠠᠭᠳᠠᠵᠤ᠂ ᠳᠡᠮᠴᠤᠭ᠌ᠳᠣᠩᠷᠣᠪ ᠸᠠᠩ ᠤ᠋ᠨ ᠬᠠᠭᠤᠷᠮᠠᠭ ᠮᠣᠩᠭᠣᠯ ᠤ᠋ᠨ ᠥᠪᠡᠷᠲᠡᠭᠡᠨ ᠵᠠᠰᠠᠬᠤ ᠵᠠᠰᠠᠭ ᠤ᠋ᠨ ᠭᠠᠵᠠᠷ ᠤ᠋ᠨ ᠳᠡᠭᠡᠳᠦ ᠳᠡᠰ ᠦ᠋ᠨ ᠵᠥᠪᠯᠡᠭᠴᠢ ᠪᠣᠯᠵᠠᠢ᠃ ᠳᠡᠮᠴᠤᠭ᠌ᠳᠣᠩᠷᠣᠪ ᠴᠤ᠌ ᠶᠡᠬᠡ ᠰᠣᠶᠣᠯ ᠮᠡᠳᠡᠯᠭᠡ ᠲᠡᠢ ᠬᠥᠮᠦᠨ ᠲᠤᠯᠠ ᠮᠥᠩᠬᠡᠡᠥᠢ᠍ᠯᠵᠠᠢ ᠶ᠋ᠢ ᠶᠡᠬᠡᠳᠡ ᠪᠢᠰᠢᠷᠡᠵᠦ ᠬᠣᠵᠢᠮ ᠤᠯᠤᠰ ᠪᠠᠢᠭᠤᠯᠪᠠᠯ ᠮᠥᠩᠬᠡᠡᠥᠢ᠍ᠯᠵᠠᠢ ᠶ᠋ᠢ ᠶᠡᠷᠦᠩᠬᠡᠢ ᠰᠠᠢᠳ ᠪᠣᠯᠭᠠᠬᠤ ᠪᠠᠷ ᠲᠥᠯᠥᠪᠯᠡᠵᠦ ᠪᠠᠢᠭᠰᠠᠨ ᠭᠡᠵᠦ ᠥᠪᠡᠷ ᠢ᠋ᠶ᠋ᠡᠨ ᠦᠦᠰᠢᠨ ᠳ᠋ᠦ᠍ ᠬᠠᠷᠢᠵᠤ ᠢᠷᠡᠭᠰᠡᠨ ᠦ᠌ ᠳᠠᠷᠠᠭ᠎ᠠ ᠬᠡᠯᠡᠵᠦ ᠪᠠᠢᠭᠰᠠᠨ ᠭᠡᠳᠡᠭ᠃ ᠲᠡᠷᠡ ᠪᠤᠭᠤᠲᠤ᠂ ᠬᠥᠬᠡᠬᠣᠲᠠ᠂ ᠪᠠᠲᠤᠬᠠᠭᠠᠯᠭ᠎ᠠ᠂ ᠴᠢᠭᠤᠯᠤᠯᠲᠤ ᠬᠠᠭᠠᠯᠭ᠎ᠠ ᠪᠠᠷ ᠠᠵᠢᠯ ᠢ᠋ᠶ᠋ᠠᠷ ᠶᠠᠪᠤᠵᠤ ᠠᠷᠪᠠᠭᠠᠳ ᠵᠢᠯ ᠪᠣᠯᠤᠭᠰᠠᠨ ᠭᠡᠨ᠎ᠡ᠃ ᠡᠨᠡ ᠬᠤᠭᠤᠴᠠᠭᠠᠨ ᠳ᠋ᠤ᠌ ᠲᠡᠷᠡ《ᠤᠢᠭᠤᠷᠵᠢᠨ ᠮᠣᠩᠭᠣᠯ ᠦᠰᠦᠭ ᠢ᠋ᠶ᠋ᠡᠷ ᠴᠠᠬᠢᠯᠭᠠᠨ ᠮᠡᠳᠡᠭᠡ ᠶᠠᠪᠤᠭᠤᠯᠬᠤ》 ᠶ᠋ᠢ ᠠᠩᠬ᠎ᠠ ᠡᠭᠦᠳᠴᠦ ᠮᠣᠩᠭᠣᠯ ᠦᠨᠳᠦᠰᠦᠲᠡᠨ ᠦ᠌ ᠦᠰᠦᠭ ᠪᠢᠴᠢᠭ ᠢ᠋ ᠮᠡᠳᠡᠭᠡ ᠬᠣᠯᠪᠣᠭᠠᠨ ᠤ᠋ ᠲᠣᠣᠷ ᠲᠤ᠌ ᠠᠩᠬ᠎ᠠ ᠣᠷᠣᠭᠤᠯᠵᠠᠢ᠃ ᠲᠡᠷᠡ ᠪᠠᠰᠠ《ᠮᠣᠩᠭᠣᠯ ᠢᠵᠠᠭᠤᠷ ᠦᠭᠡ ᠤᠳᠬ᠎ᠠ ᠬᠤᠪᠢᠷᠠᠬᠤ ᠦᠭᠡ᠂ ᠦᠭᠡᠰ ᠦ᠋ᠨ ᠡᠮᠬᠢᠳᠬᠡᠯ》 ᠭᠡᠬᠦ ᠬᠡᠳᠦᠨ ᠲᠦᠮᠡᠨ ᠦᠰᠦᠭ ᠦ᠋ᠨ ᠲᠣᠯᠢ ᠵᠣᠬᠢᠶᠠᠵᠠᠢ᠃ ᠡᠨᠡ ᠬᠤᠭᠤᠴᠠᠭᠠᠨ ᠳ᠋ᠤ᠌ ᠮᠣᠩᠭᠣᠯ ᠲᠡᠦᠬᠡ ᠶ᠋ᠢᠨ ᠰᠤᠳᠤᠯᠭᠠᠨ ᠳ᠋ᠤ᠌《ᠴᠢᠩᠭᠢᠰ ᠦ᠋ᠨ ᠭᠤᠷᠪᠠᠨ ᠰᠠᠷ᠎ᠠ ᠶ᠋ᠢᠨ ᠬᠣᠷᠢᠨ ᠨᠢᠭᠡᠨ ᠦ᠌ ᠳᠠᠢᠯᠠᠯᠭ᠎ᠠ ᠲᠠᠬᠢᠯᠭ᠎ᠠ》 ᠶ᠋ᠢᠨ ᠡᠳᠦᠷ ᠢ᠋ ᠴᠢᠩᠭᠢᠰ ᠬᠠᠭᠠᠨ ᠤ᠋ ᠸᠠᠩ ᠬᠠᠨ ᠢ᠋ ᠡᠪᠳᠡᠯᠡᠭᠰᠡᠨ ᠳᠤᠷᠠᠰᠬᠠᠯ ᠤ᠋ᠨ ᠡᠳᠦᠷ ᠭᠡᠵᠦ ᠨᠤᠲᠠᠯᠠᠭᠰᠠᠨ ᠭᠡᠳᠡᠭ᠃  
       ᠮᠥᠩᠬᠡᠡᠥᠢ᠍ᠯᠵᠠᠢ ᠳᠤᠮᠳᠠᠳᠤ ᠤᠯᠤᠰ ᠤ᠋ᠨ ᠡᠪ ᠬᠠᠮᠲᠤ ᠨᠠᠮ ᠯᠤᠭ᠎ᠠ ᠬᠠᠷᠢᠴᠠᠭ᠎ᠠ ᠬᠣᠯᠪᠣᠭ᠎ᠠ ᠲᠠᠢ ᠪᠠᠢᠭᠰᠠᠨ ᠲᠤᠬᠠᠢ《ᠮᠠᠤ ᠽᠧ ᠳ᠋ᠦᠩ ᠦ᠋ᠨ ᠨᠠᠮᠲᠠᠷᠴᠢᠯᠠᠭᠰᠠᠨ ᠵᠣᠬᠢᠶᠠᠯ》 ᠳ᠋ᠤ᠌ ᠡᠢᠮᠦᠷᠬᠦᠦ ᠲᠡᠮᠳᠡᠭᠯᠡᠯ ᠪᠣᠢ᠄《᠁ ᠮᠠᠤ ᠽᠧ ᠳ᠋ᠦᠩ ᠲᠡᠷᠢᠭᠦᠯᠡᠭᠴᠢ(1936 ᠣᠨ ᠤ᠋)5 ᠰᠠᠷ᠎ᠠ ᠶ᠋ᠢᠨ ᠬᠣᠭᠣᠷᠣᠨᠳᠣ ᠶᠡᠬᠡ ᠵᠣᠣ ᠠᠢᠮᠠᠭ ᠤ᠋ᠨ ᠦᠦᠰᠢᠨ ᠬᠤᠰᠢᠭᠤᠨ ᠤ᠋ ᠮᠥᠩᠬᠡᠡᠥᠢ᠍ᠯᠵᠠᠢ ᠳ᠋ᠤ᠌ ᠵᠠᠬᠢᠳᠠᠯ ᠢᠯᠡᠭᠡᠵᠦ᠄ ᠮᠣᠩᠭᠣᠯ ᠦᠨᠳᠦᠰᠦᠲᠡᠨ ᠦ᠌ ᠳᠣᠲᠣᠭᠠᠳᠤ ᠶ᠋ᠢᠨ ᠬᠡᠷᠡᠭ ᠶᠠᠪᠤᠳᠠᠯ ᠢ᠋ ᠮᠣᠩᠭᠣᠯ ᠦᠨᠳᠦᠰᠦᠲᠡᠨ ᠢ᠋ ᠥᠪᠡᠷ ᠢ᠋ᠶ᠋ᠡᠷ ᠨᠢ ᠰᠢᠢᠳᠪᠦᠷᠢᠯᠡᠭᠦᠯᠬᠦ ᠬᠡᠷᠡᠭᠲᠡᠢ᠂ ᠭᠣᠮᠢᠨᠳᠠᠩ ᠤ᠋ᠨ ᠰᠤᠢᠶᠤᠸᠠᠨ ᠤ᠋ ᠵᠠᠰᠠᠭ ᠤ᠋ᠨ ᠭᠠᠵᠠᠷ ᠡᠭᠦᠨ ᠢ᠋ᠶ᠋ᠡᠷ ᠰᠢᠯᠲᠠᠭᠠᠯᠠᠨ ᠵᠠᠪᠰᠠᠷᠳᠠᠭᠤᠯᠵᠤ ᠣᠭᠲᠣ ᠪᠣᠯᠬᠤ ᠦᠭᠡᠢ; ᠮᠣᠩᠭᠣᠯ ᠦᠨᠳᠦᠰᠦᠲᠡᠨ ᠦ᠌ ᠠᠷᠠᠳ ᠲᠦᠮᠡᠨ ᠲᠡᠢ ᠪᠦᠯᠬᠦᠮᠳᠡᠨ ᠨᠢᠭᠡᠳᠴᠦ᠂ ᠲᠡᠳᠡᠨ ᠦ᠌ ᠴᠢᠯᠥᠭᠡᠯᠡᠯᠲᠡ ᠶ᠋ᠢ ᠪᠣᠳᠠᠲᠤ ᠬᠦᠴᠦᠨ ᠢ᠋ᠶ᠋ᠡᠷ ᠢ᠋ᠶ᠋ᠡᠨ ᠳᠡᠮᠵᠢᠬᠦ ᠶ᠋ᠢ ᠵᠣᠷᠢᠨ᠎ᠠ; ᠮᠣᠩᠭᠣᠯᠴᠤᠳ ᠥᠪᠡᠷ ᠢ᠋ᠶ᠋ᠡᠨ ᠵᠠᠰᠠᠭ ᠤ᠋ᠨ ᠭᠠᠵᠠᠷ ᠵᠣᠬᠢᠶᠠᠨ ᠪᠠᠢᠭᠤᠯᠵᠤ᠂ ᠥᠪᠡᠷ ᠦ᠋ᠨ ᠦᠭᠡ ᠬᠡᠯᠡ ᠦᠰᠦᠭ ᠪᠢᠴᠢᠭ ᠢ᠋ᠶ᠋ᠡᠨ ᠬᠡᠷᠡᠭᠯᠡᠬᠦ ᠪᠠ ᠥᠪᠡᠷ ᠦ᠋ᠨ ᠢ᠋ᠶ᠋ᠡᠨ ᠱᠠᠰᠢᠨ ᠰᠤᠷᠲᠠᠬᠤᠨ ᠰᠦᠰᠦᠭ ᠪᠢᠰᠢᠷᠡᠯ ᠲᠡᠢ ᠪᠠᠢᠬᠤ ᠡᠷᠬᠡ ᠴᠢᠯᠥᠭᠡ ᠲᠡᠢ; ᠥᠪᠥᠷ ᠮᠣᠩᠭᠣᠯ ᠳ᠋ᠠᠬᠢ ᠶᠠᠫᠣᠨᠴᠤᠳ ᠤ᠋ᠨ ᠲᠦᠷᠢᠮᠡᠬᠡᠢᠯᠡᠯ ᠪᠠ ᠭᠣᠮᠢᠨᠳᠠᠩ ᠤ᠋ᠨ ᠡᠷᠬᠡ ᠪᠠᠷᠢᠭᠴᠢᠳ ᠤ᠋ᠨ ᠳᠠᠷᠤᠯᠠᠯ ᠮᠥᠯᠵᠢᠯ ᠢ᠋ ᠡᠷᠡᠰ ᠡᠰᠡᠷᠭᠦᠴᠡᠨ᠎ᠡ; ᠤᠷᠲᠤ ᠴᠠᠭᠠᠨ ᠬᠡᠷᠡᠮ ᠳᠠᠭᠠᠤ ᠳ᠋ᠠᠬᠢ ᠨᠢᠩ ᠲᠢᠶᠣᠤ ᠯᠢᠶᠠᠩ ᠮᠡᠲᠦ ᠶ᠋ᠢᠨ ᠭᠠᠵᠠᠷ ᠤ᠋ᠳ ᠢ᠋ ᠬᠤᠳᠠᠯᠳᠤᠭ᠎ᠠ ᠨᠡᠪᠲᠡᠷᠡᠭᠦᠯᠬᠦ ᠣᠷᠣᠨ ᠪᠣᠯᠭᠠᠵᠤ᠂ ᠬᠢᠲᠠᠳ ᠮᠣᠩᠭᠣᠯ ᠤ᠋ᠨ ᠬᠤᠳᠠᠯᠳᠤᠭᠠᠨ ᠤ᠋ ᠦᠢᠯᠡᠰ ᠦ᠋ᠨ ᠬᠥᠭᠵᠢᠯᠲᠡ ᠶ᠋ᠢ ᠠᠬᠢᠭᠤᠯᠤᠨ᠎ᠠ; ᠮᠣᠩᠭᠣᠯᠴᠤᠳ ᠲᠠᠢ ᠬᠣᠯᠪᠣᠭᠠᠯᠠᠨ ᠨᠢᠭᠡᠳᠴᠦ ᠲᠤᠰᠠᠯᠠᠨ ᠳᠡᠮᠵᠢᠯᠴᠡᠵᠦ᠂ ᠨᠡᠢᠲᠡ ᠶ᠋ᠢᠨ ᠳᠠᠢᠰᠤᠨ ᠢ᠋ ᠬᠠᠮᠲᠤᠪᠠᠷ ᠢ᠋ᠶ᠋ᠠᠨ ᠴᠣᠬᠢᠨ ᠤᠨᠠᠭᠠᠶ᠎ᠠ》① ᠭᠡᠵᠦ ᠳᠤᠷᠠᠳᠤᠨ ᠭᠠᠷᠭᠠᠭᠰᠠᠨ ᠪᠠᠢᠨ᠎ᠠ᠃ 
       1945 ᠣᠨ ᠤ᠋ ᠨᠠᠮᠤᠷ ᠶᠠᠫᠣᠨ ᠨᠥᠬᠥᠴᠡᠯ ᠦᠭᠡᠢ ᠪᠡᠷ ᠪᠠᠭᠤᠨ ᠥᠭᠴᠦ᠂ ᠳᠡᠮᠴᠦᠭᠳᠣᠩᠷᠣᠪ ᠨᠢ ᠵᠢᠶᠠᠩ ᠵᠢᠶᠧ ᠱᠢ ᠶ᠋ᠢ ᠬᠠᠪᠢᠳᠠᠯ᠎ᠠ᠃ ᠮᠥᠩᠬᠡᠥ᠌ᠯᠵᠡᠢ ᠠᠷᠭ᠎ᠠ ᠪᠤᠰᠤ ᠦᠦᠰᠢᠨ ᠬᠤᠰᠢᠭᠤᠨ ᠳ᠋ᠠᠭᠠᠨ ᠪᠤᠴᠠᠵᠤ ᠢᠷᠡᠵᠡᠢ᠃ ᠢᠷᠡᠭᠰᠡᠨ ᠦ᠌ ᠰᠡᠭᠦᠯᠡᠷ ᠦᠦᠰᠢᠨ ᠬᠤᠰᠢᠭᠤᠨ ᠤ᠋ ᠴᠠᠭᠳᠠᠨ ᠰᠡᠷᠭᠡᠢᠯᠡᠬᠦ ᠮᠣᠷᠢᠲᠤ ᠴᠡᠷᠢᠭ ᠦ᠋ᠨ ᠳ᠋ᠢᠸᠢᠽᠢ ᠶ᠋ᠢᠨ ᠱᠣᠣᠵᠢᠶᠠᠩ ᠰᠧᠯᠢᠩ᠂ ᠦᠦᠰᠢᠨ ᠬᠤᠰᠢᠭᠤᠨ ᠤ᠋ ᠵᠠᠰᠠᠭ ᠲᠤᠰᠠᠯᠠᠭᠴᠢ ᠴᠢ ᠢᠦᠢ ᠱᠠᠨ ᠳ᠋ᠤ᠌ ᠪᠠᠷ᠎ᠠ ᠠᠢᠯᠠᠳᠬᠠᠬᠤ ᠪᠠᠷ ᠢᠷᠡᠵᠦ ᠵᠢᠭᠠᠪᠤᠷᠢ ᠠᠪᠤᠭᠰᠠᠨ ᠳ᠋ᠤ᠌ ᠦᠰᠦ ᠪᠠᠷᠢᠭᠰᠠᠨ ᠡᠴᠢᠭᠡ ᠨᠢ ᠪᠣᠯᠬᠤ ᠲᠤᠯᠠ ᠲᠡᠭᠦᠨ ᠢ᠋ ᠪᠠᠰᠠ ᠳᠣᠲᠣᠨᠣᠴᠢᠯᠠᠨ ᠦᠦᠰᠢᠨ ᠬᠤᠰᠢᠭᠤᠨ ᠤ᠋ ᠮᠢᠱᠤᠵᠠᠩ ᠤ᠋ᠨ ᠵᠡᠷᠭᠡ ᠥᠭᠴᠦ ᠱᠠᠩ ᠶᠠᠮᠤᠨ ᠳ᠋ᠤ᠌ ᠠᠮᠤᠷ ᠵᠢᠷᠭᠠᠯ ᠲᠠᠢ ᠰᠠᠭᠤᠬᠤ ᠪᠣᠯᠵᠠᠢ᠃ ᠡᠨᠡ ᠬᠣᠭᠣᠷᠣᠨᠳᠣ ᠮᠥᠩᠬᠡᠥ᠌ᠯᠵᠡᠢ ᠳ᠋ᠦ᠍ ᠠᠯᠠᠭᠳᠠᠭᠰᠠᠨ ᠨᠢᠮᠠᠷᠢᠨᠴᠢᠨ ᠤ᠋ ᠬᠦᠦ ᠪᠠᠲᠤ᠂ ᠴᠢ ᠢᠦᠢ ᠱᠠᠨ ᠳ᠋ᠤ᠌᠄《ᠡᠨᠡ ᠮᠠᠭᠤ ᠡᠪᠦᠭᠡᠨ(ᠮᠥᠩᠬᠡᠥ᠌ᠯᠵᠡᠢ) ᠮᠢᠨᠦ ᠠᠪᠤ ᠶ᠋ᠢ ᠬᠢᠯᠢᠰ ᠢ᠋ᠶ᠋ᠡᠷ ᠠᠯᠠᠭᠰᠠᠨ ᠬᠥᠮᠦᠨ᠂ ᠪᠢ ᠲᠡᠭᠦᠨ ᠢ᠋ ᠠᠯᠠᠴᠢᠬᠠᠶ᠎ᠠ᠁》 ᠭᠡᠬᠦ ᠳ᠋ᠦ᠍ ᠴᠢ ᠰᠧᠯᠢᠩ ᠡᠴᠡ ᠥᠩᠭᠡᠷᠡᠭᠰᠡᠨ ᠦ᠌ ᠰᠠᠮᠠᠭᠤᠨ ᠴᠠᠭ ᠤ᠋ᠨ ᠤᠴᠢᠷ ᠢ᠋ ᠨᠡᠬᠡᠮᠵᠢᠯᠡᠬᠦ ᠬᠡᠷᠡᠭ ᠦᠭᠡᠢ᠂ ᠴᠢ ᠪᠢᠲᠡᠭᠡᠢ ᠴᠢᠩᠭᠢ! ᠭᠡᠵᠦ ᠠᠷᠭᠠᠳᠠᠬᠤ ᠶ᠋ᠢᠨ ᠳᠠᠭᠠᠤ ᠪᠠᠲᠤ ᠶ᠋ᠢ ᠡᠩ ᠦ᠋ᠨ ᠴᠡᠷᠢᠭ ᠡᠴᠡ ᠨᠢ ᠬᠠᠮᠠᠭᠠᠯᠠᠬᠤ ᠴᠡᠷᠢᠭ ᠦ᠋ᠨ ᠫᠠᠢᠵᠠᠩ ᠪᠣᠯᠭᠠᠬᠤ ᠵᠡᠷᠭᠡ ᠪᠡᠷ ᠢᠯᠪᠢᠵᠦ ᠬᠣᠷᠣᠰᠤᠯ ᠢ᠋ ᠨᠢ ᠨᠠᠮᠳᠠᠭᠤᠯᠵᠠᠢ᠃ ᠲᠣᠯᠢ ᠶ᠋ᠢᠨ ᠪᠠᠨᠽᠠᠷᠭᠠᠷᠤᠳᠢ ᠴᠤ᠌ ᠮᠥᠩᠬᠡᠥ᠌ᠯᠵᠡᠢ ᠶ᠋ᠢ ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ ᠳ᠋ᠤ᠌ ᠮᠠᠨ ᠤ᠋ ᠭᠡᠷ ᠦ᠋ᠨ ᠬᠥᠮᠦᠰ ᠢ᠋ ᠬᠦᠢᠰᠦ ᠲᠡᠮᠲᠡᠷᠢᠨ ᠠᠯᠠᠵᠤ ᠭᠠᠭᠴᠠᠬᠠᠨ ᠪᠢ ᠬᠡᠦᠬᠡᠳ ᠪᠠᠢᠵᠤ ᠮᠣᠷᠢᠨ ᠳ᠋ᠤ᠌ ᠶᠠᠪᠤᠴᠢᠬᠠᠭᠠᠳ ᠠᠯᠠᠭᠳᠠᠭᠰᠠᠨ ᠦᠭᠡᠢ ᠥᠩᠭᠡᠷᠡᠵᠡᠢ᠃ ᠥᠨᠥᠳᠥᠷ ᠥᠰᠢᠶ᠎ᠡ ᠪᠡᠨ ᠠᠪᠤᠨ᠎ᠠ ᠭᠡᠬᠦ ᠳ᠋ᠦ᠍ ᠴᠢ ᠢᠦᠢ ᠱᠠᠨ ᠮᠥᠨ ᠠᠷᠭᠠᠳᠠᠵᠤ ᠪᠠᠨᠽᠠᠷᠭᠠᠷᠤᠳᠢ ᠶ᠋ᠢ ᠯᠢᠶᠡᠨᠵᠠᠩ ᠤ᠋ᠨ ᠲᠤᠰᠢᠶᠠᠯ ᠠ᠋ᠴᠠ ᠨᠢ ᠳᠡᠳ᠋ ᠳᠡ ᠳ᠋ᠤᠢᠵᠠᠩ ᠪᠣᠯᠭᠠᠨ ᠳᠡᠪᠰᠢᠭᠦᠯᠵᠦ ᠠᠮᠠ ᠲᠠᠭᠯᠠᠭᠰᠠᠨ ᠭᠡᠳᠡᠭ᠃ ᠮᠥᠩᠬᠡᠥ᠌ᠯᠵᠡᠢ1929 ᠣᠨ ᠤ᠋3 ᠰᠠᠷ᠎ᠠ ᠠ᠋ᠴᠠ1935 ᠣᠨ ᠤ᠋3 ᠰᠠᠷ᠎ᠠ ᠶ᠋ᠢᠨ ᠰᠡᠭᠦᠯᠴᠢ ᠬᠦᠷᠲᠡᠯ᠎ᠡ ᠦᠦᠰᠢᠨ ᠬᠤᠰᠢᠭᠤᠨ ᠤ᠋ ᠴᠡᠷᠢᠭ(ᠤᠭ ᠤ᠋ᠨ ᠰᠢᠨᠡᠯᠡᠮ᠎ᠡ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ) ᠢ᠋ ᠰᠢᠯᠢᠳᠡᠭᠵᠢᠭᠦᠯᠵᠦ᠂ ᠴᠡᠷᠢᠭ ᠢ᠋ᠶ᠋ᠡᠷ ᠵᠠᠰᠠᠭ ᠢ᠋ ᠬᠠᠮᠢᠶᠠᠷᠴᠤ ᠠᠮᠤᠷ ᠲᠣᠭᠲᠠᠭᠤᠨ ᠪᠤᠰᠤ ᠦᠦᠰᠢᠨ ᠬᠣᠰᠢᠭᠤ ᠶ᠋ᠢ ᠨᠢᠭᠡᠨ ᠦᠶ᠎ᠡ ᠲᠣᠭᠲᠠᠨᠢᠭᠤᠯᠵᠤ ᠴᠢᠳᠠᠭᠰᠠᠨ ᠬᠥᠮᠦᠨ ᠪᠣᠯᠤᠨ᠎ᠠ᠃ ᠪᠠᠰᠠ ᠴᠤ᠌ ᠡᠷᠬᠡ ᠶ᠋ᠢ ᠨᠢᠭᠡᠨ ᠪᠡᠶ᠎ᠡ ᠳ᠋ᠦ᠍ᠷ ᠴᠢᠩᠭ᠎ᠠ ᠠᠳᠬᠤᠭᠰᠠᠨ ᠲᠡᠦᠬᠡᠨ ᠬᠥᠮᠦᠨ᠂ ᠡᠨᠡ ᠲᠤᠬᠠᠢ ᠦᠦᠰᠢᠨ ᠨᠣᠶᠠᠨ ᠲᠡᠭᠦᠰᠠᠠᠮᠤᠭᠤᠯᠠᠩ ᠤ᠋ᠨ ᠳᠡᠭᠦᠦ ᠷᠠᠳᠨᠠᠪᠠᠨᠽᠠᠷ(ᠴᠢ ᠢᠦᠢ ᠱᠠᠨ)1933 ᠣᠨ ᠳ᠋ᠤ᠌《᠁ ᠮᠢᠨᠦ ᠶᠡᠬᠡ ᠠᠬ᠎ᠠ ᠲᠡᠭᠦᠰᠠᠠᠮᠤᠭᠤᠯᠠᠩ ᠬᠢᠮᠤᠰᠤᠨ ᠲᠡᠳᠦᠢ ᠡᠷᠬᠡ ᠴᠦ᠍ ᠦᠭᠡᠢ᠂ ᠪᠦᠷ ᠮᠥᠩᠬᠡᠥ᠌ᠯᠵᠡᠢ ᠡᠷᠬᠡ ᠮᠡᠳᠡᠵᠦ ᠠᠭᠠᠰᠢᠯᠠᠵᠤ ᠪᠠᠢᠨ᠎ᠠ》 ᠭᠡᠵᠦ ᠬᠣᠯᠠᠳᠠᠬᠢᠨ ᠢ᠋ ᠠᠮᠤᠷᠵᠢᠭᠤᠯᠬᠤ ᠮᠣᠵᠢ ᠶ᠋ᠢᠨ ᠭᠠᠵᠠᠷ ᠲᠤ᠌ ᠵᠠᠭᠠᠯᠳᠤᠭᠰᠠᠨ ᠪᠠᠢᠵᠠᠢ᠃ 
       1949 ᠣᠨ ᠤ᠋ ᠬᠠᠪᠤᠷ᠂ ᠬᠣᠰᠢᠭᠤ ᠴᠡᠷᠢᠭ ᠪᠣᠰᠤᠯᠭ᠎ᠠ ᠭᠠᠷᠭᠠᠵᠤ ᠴᠢᠯᠥᠭᠡᠯᠡᠭᠳᠡᠭᠰᠡᠨ ᠳ᠋ᠦ᠍ ᠮᠥᠩᠬᠡᠥ᠌ᠯᠵᠡᠢ ᠭᠡᠷ ᠡᠴᠡ ᠪᠡᠨ ᠵᠠᠬᠢᠳᠠᠯ ᠢᠷᠡᠭᠦᠯᠵᠦ᠄《ᠬᠥᠭᠰᠢᠨ ᠪᠢ ᠮᠠᠨ ᠤ᠋ ᠬᠣᠰᠢᠭᠤ ᠪᠣᠰᠤᠯᠭ᠎ᠠ ᠭᠠᠷᠭᠠᠵᠤ ᠡᠪ ᠬᠠᠮᠲᠤ ᠨᠠᠮ ᠢ᠋ ᠳᠠᠭᠠᠭᠰᠠᠨ ᠳ᠋ᠤ᠌ ᠲᠦᠮᠡᠨ ᠬᠤᠪᠢ ᠪᠠᠶᠠᠷᠯᠠᠵᠤ ᠥᠴᠦᠬᠡᠨ ᠡᠪᠦᠭᠡᠨ ᠪᠢ ᠰᠣᠨᠢᠨ ᠰᠡᠳᠬᠦᠯ ᠢ᠋ᠶ᠋ᠡᠷ ᠳᠠᠭᠠᠵᠤ ᠪᠠᠢᠬᠤ ᠪᠠᠨ ᠳᠠᠯᠳᠠ ᠠ᠋ᠴᠠ ᠮᠡᠳᠡᠭᠦᠯᠵᠦ ᠪᠠᠢᠨ᠎ᠠ᠁》 ᠭᠡᠵᠡᠢ᠃ 
       ᠮᠥᠩᠬᠡᠥ᠌ᠯᠵᠡᠢ ᠪᠣᠯ ᠭᠤᠷᠪᠠᠨ ᠨᠡᠢᠭᠡᠮ ᠳᠥᠷᠪᠡᠨ ᠲᠥᠷᠥ ᠳ᠋ᠦ᠍ᠷ ᠲᠤᠰᠢᠶᠠᠯ ᠵᠡᠷᠭᠡ ᠬᠦᠯᠢᠶᠡᠵᠦ ᠠᠵᠢᠯᠯᠠᠵᠤ ᠪᠠᠢᠭᠠᠳ1949 ᠣᠨ ᠤ᠋ 6 ᠰᠠᠷ᠎ᠠ ᠳ᠋ᠤ᠌ ᠳᠠᠷᠬᠠᠨ ᠯᠠᠮᠠ ᠶ᠋ᠢᠨ ᠳᠠᠷᠤᠭ᠎ᠠ ᠴᠣᠭᠷᠣᠭ ᠤ᠋ᠨ ᠭᠡᠷ ᠲᠦ᠍ 79 ᠨᠠᠰᠤᠨ ᠰᠡᠭᠦᠳᠡᠷ ᠲᠡᠢ ᠭᠡᠨᠡᠳᠲᠡ ᠶ᠋ᠢᠨ ᠡᠪᠡᠳᠴᠢᠨ ᠢ᠋ᠶ᠋ᠡᠷ ᠨᠠᠰᠤ ᠪᠠᠷᠠᠵᠠᠢ᠃② 

— — — — 
①《ᠮᠠᠤ ᠽᠧ ᠳ᠋ᠦᠩ ᠦ᠋ᠨ ᠨᠠᠮᠲᠠᠷᠴᠢᠯᠠᠭᠰᠠᠨ ᠵᠣᠬᠢᠶᠠᠯ》᠂ ᠳᠡᠭᠡᠳᠦ ᠪᠣᠳᠢ᠂ ᠠᠷᠠᠳ ᠤ᠋ᠨ ᠬᠡᠪᠯᠡᠯ ᠦ᠋ᠨ ᠬᠣᠷᠢᠶ᠎ᠠ᠂ ᠲᠥᠪ ᠦ᠋ᠨ ᠰᠣᠩᠭᠣᠳᠠᠭ ᠵᠣᠬᠢᠶᠠᠯ ᠤ᠋ᠨ ᠬᠡᠪᠯᠡᠯ ᠦ᠋ᠨ ᠬᠣᠷᠢᠶ᠎ᠠ᠂1993 ᠣᠨ ᠤ᠋ ᠬᠢᠲᠠᠳ ᠬᠡᠪᠯᠡᠯ᠂ 546 ᠳ᠋ᠤᠭᠠᠷ ᠨᠢᠭᠤᠷ᠃ 
② ᠲᠤᠰ ᠠᠭᠤᠯᠭ᠎ᠠ ᠶ᠋ᠢ ᠴᠢ ᠢᠦᠢ ᠱᠠᠨ ᠤ᠋ ᠬᠠᠮᠠᠭᠠᠯᠠᠬᠤ ᠴᠡᠷᠢᠭ ᠦ᠋ᠨ ᠫᠠᠢᠵᠠᠩ ᠪᠠᠢᠭᠰᠠᠨ ᠪᠤᠨᠳᠠᠸ᠎ᠠ ᠨᠠᠰᠤᠲᠠᠨ ᠤ᠋20 ᠳ᠋ᠤᠭᠠᠷ ᠵᠠᠭᠤᠨ ᠤ᠋ ᠨᠠᠶᠠᠭᠠᠳ ᠣᠨ ᠳ᠋ᠤ᠌ ᠬᠡᠯᠡᠭᠰᠡᠨ ᠦᠭᠡ ᠪᠣᠯᠤᠨ ᠴᠠᠭᠠᠨᠳᠤᠩ ᠤ᠋ᠨ ᠪᠢᠴᠢᠭᠰᠡᠨ《ᠮᠥᠩᠬᠡᠥ᠌ᠯᠵᠡᠢ ᠶ᠋ᠢᠨ ᠲᠤᠬᠠᠢ ᠶᠠᠷᠢᠬᠤ ᠨᠢ》 ᠭᠡᠰᠡᠨ ᠵᠣᠬᠢᠶᠠᠯ ᠢ᠋ ᠦᠨᠳᠦᠰᠦᠯᠡᠵᠦ ᠡᠮᠬᠢᠳᠬᠡᠪᠡ᠃  

          ᠦᠰᠦᠭ ᠠᠮᠢᠯᠠᠭᠤᠯᠤᠭᠴᠢ᠄ ᠪᠠᠯ᠂ ᠴᠤᠯᠮᠤᠨᠭᠡᠷᠡᠯ᠂ ᠰᠠᠷᠠᠨᠲᠤᠶᠠᠭ᠎ᠠ᠂ ᠣᠶᠤᠨᠪᠠᠲᠤ 
            ᠬᠢᠨᠠᠭᠴᠢ᠄ ᠣᠳᠬᠣᠨᠴᠡᠴᠡᠭ᠂ ᠴᠤᠯᠮᠤᠨᠭᠡᠷᠡᠯ᠂ ᠠᠯᠲᠠᠨᠱᠠ᠂ ᠪᠠᠯ