ᠮᠤᠯᠤᠨ ᠲᠣᠶ᠋ᠢᠨ ᠡᠬᠡ ᠶ᠋ᠢᠨ ᠠᠴᠢ ᠶ᠋ᠢ ᠬᠠᠷᠢᠭᠤᠯᠤᠭᠰᠠᠨ ᠲᠣᠣᠯᠢ - ᠬᠣᠶᠠᠷ - ᠰ· ᠠᠯᠲᠠᠨᠳᠤᠭᠤᠯᠭᠠ ᠨᠠᠶ᠋ᠢᠷᠠᠭᠤᠯᠪᠠ Молон тойн эхийн ачийг харуулсан тууль - 2 - С· Алтантуулга найруулав
ᠮᠤᠯᠤᠨ ᠲᠣᠶ᠋ᠢᠨ ᠡᠬᠡ ᠶ᠋ᠢᠨ ᠠᠴᠢ ᠶ᠋ᠢ ᠬᠠᠷᠢᠭᠤᠯᠤᠭᠰᠠᠨ ᠲᠣᠣᠯᠢ - ᠬᠣᠶᠠᠷ
- ᠦᠷᠭᠦᠯᠵᠢᠯᠡᠯ - 2
ᠬᠠᠭᠠᠯᠭ᠎ᠠ ᠶᠠᠭᠤᠨ ᠳ᠋ᠤ᠌ ᠬᠠᠯᠳᠠᠨ᠎ᠠ ᠪᠣᠢ?
ᠬᠦᠵᠦᠭᠦᠦ ᠶᠦ᠍ᠭᠡᠨ ᠪᠥᠬᠥᠢᠬᠦ ᠵᠠᠭᠤᠷ᠎ᠠ
ᠠᠯᠠᠭᠠᠨ ᠳᠣᠣᠷᠠᠬᠢ ᠰᠢᠮᠨᠤᠰ ᠤ᠋ᠳ ᠨᠢ
ᠠᠯᠳᠠᠭᠤᠯᠤᠨ ᠴᠥᠮ ᠳᠤᠲᠠᠭᠠᠴᠢᠬᠠᠪᠠ᠂
ᠠᠯᠲᠠᠨ ᠳᠡᠯᠡᠬᠡᠢ ᠳ᠋ᠦ᠍ ᠤᠨᠠᠵᠤ ᠢᠷᠡᠭᠡᠳ
ᠠᠷᠵᠠᠢᠨ ᠪᠢᠷᠢᠳ ᠦᠷᠡᠵᠢᠴᠢᠬᠡᠪᠡ
ᠬᠥᠨᠥᠭᠡᠯᠲᠦ ᠣᠯᠠᠨ ᠰᠢᠮᠨᠤᠰ ᠤ᠋ᠳ ᠨᠢ
ᠬᠥᠯ ᠦ᠋ᠨ ᠳᠣᠣᠷ᠎ᠠ ᠠ᠋ᠴᠠ ᠳᠤᠲᠠᠭᠠᠴᠢᠬᠠᠪᠠ
ᠬᠥᠷᠥᠰᠥᠲᠦ ᠳᠡᠯᠡᠬᠡᠢ ᠳ᠋ᠦ᠍ ᠬᠦᠷᠴᠦ ᠢᠷᠡᠭᠡᠳ
ᠬᠥᠪᠥᠷᠡᠯᠡᠵᠦ ᠦᠷᠡᠵᠢᠭᠡᠳ ᠠᠮᠢᠳᠦᠷᠡᠴᠢᠪᠡ᠃
ᠰᠠᠨᠠᠭᠠᠨ ᠳ᠋ᠤ᠌ ᠦᠭᠡᠢ ᠡᠴᠡ ᠡᠢᠨ ᠬᠦ᠌
ᠰᠠᠮᠠᠭᠤᠨ ᠶᠢᠷᠲᠢᠨᠴᠦ ᠪᠣᠢ ᠪᠣᠯᠪᠠ ᠭᠡᠨ᠎ᠡ᠂
ᠣᠪᠣᠢᠨ ᠳ᠋ᠤ᠌ ᠦᠭᠡᠢ ᠡᠢᠨ ᠬᠦ᠌
ᠣᠷᠴᠢᠯᠠᠩ ᠤ᠋ᠨ ᠪᠤᠳᠠᠩ ᠳᠡᠭᠳᠡᠵᠦ ᠭᠡᠨ᠎ᠡ᠃
ᠡᠭᠦᠷ ᠱᠤᠯᠤᠮ ᠪᠣᠰᠬᠤ ᠳ᠋ᠠᠭᠠᠨ
ᠦᠬᠦᠯ ᠭᠠᠢ ᠲᠠᠷᠢᠬᠤ ᠳ᠋ᠠᠭᠠᠨ
ᠱᠤᠯᠤᠮ ᠳᠦᠷᠢ ᠪᠡᠨ ᠨᠢᠭᠤᠵᠤ
ᠰᠢᠳᠤᠷᠭᠤ ᠠᠷᠠᠳ ᠢ᠋ ᠮᠡᠬᠡᠯᠡᠵᠦ
ᠦᠨᠡᠨ ᠵᠢᠰᠦ ᠪᠡᠨ ᠨᠢᠭᠤᠵᠤ
ᠦᠨᠡᠨᠴᠢ ᠠᠷᠠᠳ ᠢ᠋ ᠮᠡᠬᠡᠯᠡᠵᠦ᠂
ᠬᠥᠮᠦᠨ ᠪᠣᠯᠤᠨ ᠬᠤᠪᠢᠯᠵᠤ
ᠬᠡᠦᠬᠡᠨ ᠪᠣᠯᠤᠨ ᠭᠣᠶᠣᠯᠠᠵᠤ᠃
ᠬᠠᠷᠠᠴᠤ ᠠᠷᠠᠳ ᠤ᠋ᠨ ᠠᠳᠠᠯᠢ
ᠬᠠᠯᠠᠭᠤᠨ ᠴᠢᠷᠠᠢ ᠭᠠᠷᠭᠠᠵᠤ᠂
ᠡᠭᠡᠯ ᠠᠷᠠᠳ ᠤ᠋ᠨ ᠠᠳᠠᠯᠢ
ᠡᠨᠡᠷᠢᠯ ᠦ᠋ᠨ ᠳᠦᠷᠢ ᠭᠠᠷᠭᠠᠨ
ᠲᠥᠷᠥ ᠭᠦᠷᠦᠨ ᠦ᠌ ᠲᠠᠢᠪᠤᠩ ᠳ᠋ᠤ᠌
ᠲᠦᠮᠡᠨ ᠬᠥᠮᠦᠨ ᠦ᠌ ᠲᠣᠭᠣᠷᠢᠨ ᠳ᠋ᠤ᠌᠂
ᠤᠪ ᠲᠠᠢ ᠵᠠᠯᠢ ᠲᠠᠢ ᠣᠨᠳᠣᠷᠣᠵᠤ
ᠣᠨ ᠵᠢᠯ ᠢ᠋ ᠡᠯᠡᠭᠡᠨ ᠪᠠᠢᠬᠤ ᠳ᠋ᠤ᠌᠂
ᠬᠥᠨᠥᠭᠡᠯ ᠬᠠᠮᠢᠭ᠎ᠠ ᠳᠡᠯᠭᠡᠷᠡᠵᠦ ᠪᠠᠢᠬᠤ ᠶ᠋ᠢ
ᠬᠥᠮᠦᠰ ᠶᠠᠭᠠᠬᠢᠨ ᠪᠠᠯᠠᠢ ᠪᠠᠢᠬᠤ ᠶ᠋ᠢ᠂
ᠰᠢᠮᠨᠤᠰ ᠬᠠᠮᠢᠭ᠎ᠠ ᠨᠢᠭᠤᠵᠤ ᠪᠠᠢᠬᠤ ᠶ᠋ᠢ᠂
ᠰᠢᠳᠤᠷᠭᠤ ᠲᠦᠮᠡᠨ ᠶᠠᠭᠠᠬᠢᠨ ᠪᠠᠢᠬᠤ ᠶ᠋ᠢ
ᠡᠩ ᠦ᠋ᠨ ᠬᠥᠮᠦᠨ ᠲᠠᠨᠢᠬᠤᠶᠠ ᠪᠡᠷᠬᠡ᠂
ᠡᠵᠡᠨ ᠬᠠᠭᠠᠨ ᠴᠦ᠍ ᠮᠡᠳᠡᠬᠦᠶ᠎ᠡ ᠪᠡᠷᠬᠡ᠃
ᠬᠠᠷᠠᠴᠤ ᠠᠷᠠᠳ ᠲᠠᠨᠢᠬᠤᠶᠠ ᠪᠡᠷᠬᠡ᠂
ᠬᠠᠭᠠᠨ ᠡᠵᠡᠨ ᠮᠡᠳᠡᠬᠦᠶ᠎ᠡ ᠪᠡᠷᠬᠡ᠃
ᠡᠨᠡ ᠦᠶ᠎ᠡ ᠴᠢᠪ ᠭᠡᠮᠡᠨ
ᠡᠵᠡᠨ ᠲᠩᠷᠢ ᠶ᠋ᠢᠨ ᠣᠷᠳᠣᠨ ᠳ᠋ᠤ᠌
ᠡᠲᠡᠭᠡᠳ ᠱᠤᠤᠭᠢᠶᠠᠨ ᠪᠣᠰᠴᠤ
ᠬᠠᠷᠠᠭᠤᠯ ᠤ᠋ᠨ ᠬᠣᠶᠠᠷ ᠠᠷᠰᠯᠠᠨ
ᠬᠠᠲᠠᠭᠤ ᠶᠠᠯ᠎ᠠ ᠳ᠋ᠤ᠌ ᠤᠨᠠᠳᠠᠭ ᠪᠠᠢᠵᠠᠢ᠃
ᠡᠵᠡᠨ ᠲᠩᠷᠢ ᠮᠡᠷᠭᠡᠨ ᠪᠠᠢᠵᠠᠢ᠂
ᠡᠨᠡ ᠶᠢᠷᠲᠢᠨᠴᠦ ᠶ᠋ᠢᠨ ᠲᠡᠳᠬᠦᠭᠴᠢ ᠪᠠᠢᠵᠠᠢ᠂
ᠮᠤᠯᠠᠩᠲᠠᠢ ᠳᠠᠬᠢᠭᠠᠳ ᠵᠠᠷᠯᠢᠭ ᠬᠦᠯᠢᠶᠡᠵᠡᠢ᠂
ᠮᠥᠩᠬᠡ ᠲᠩᠷᠢ ᠶ᠋ᠢᠨ ᠡᠯᠴᠢ ᠪᠣᠯᠵᠠᠢ᠃
ᠬᠥᠮᠦᠨ ᠶᠢᠷᠲᠢᠨᠴᠦ ᠳ᠋ᠦ᠍ᠨᠢ ᠪᠠᠭᠤᠬᠤ ᠪᠠᠷ ᠪᠣᠯᠵᠠᠢ᠂
ᠬᠥᠨᠥᠭᠡᠯ ᠦ᠋ᠨ ᠦᠨᠳᠦᠰᠦ ᠶ᠋ᠢ ᠲᠠᠰᠤᠳᠠᠬᠤ ᠪᠠᠷ ᠰᠢᠢᠳᠴᠡᠢ᠃
ᠡᠭᠦᠷ ᠱᠤᠯᠤᠮ ᠢ᠋ ᠰᠥᠨᠥᠭᠡᠬᠦ ᠪᠡᠷ ᠪᠣᠯᠵᠠᠢ᠂
ᠥᠷᠥᠰᠢᠶᠡᠯ ᠪᠤᠶᠠᠨ ᠦᠢᠯᠡᠳᠬᠦ ᠶ᠋ᠢ ᠵᠣᠷᠢᠵᠠᠢ᠃
ᠵᠠ ᠢᠩᠭᠢᠭᠡᠳ ᠮᠤᠯᠠᠩᠲᠠᠢ ᠪᠤᠷᠬᠠᠨ
ᠬᠥᠮᠦᠨ ᠶᠢᠷᠲᠢᠨᠴᠦ ᠶ᠋ᠢᠨ ᠡᠭᠡᠯ ᠨᠢᠭᠡᠨ
ᠬᠤᠸᠠᠩ ᠣᠪᠣᠭᠲᠠᠨ ᠤ᠋
ᠬᠥᠪᠡᠭᠦᠨ ᠨᠢ ᠪᠣᠯᠤᠨ ᠵᠠᠶᠠᠭᠠᠵᠤ ᠭᠡᠨ᠎ᠡ ᠰᠢᠦ᠃
ᠦᠯᠢᠭᠡᠷ ᠦ᠋ᠨ ᠤᠴᠢᠷ ᠡᠭᠦᠰᠬᠦ ᠰᠠᠯᠪᠤᠷᠢ᠂
ᠡᠨᠡ ᠬᠥᠪᠡᠭᠦᠨ ᠦ᠌
ᠲᠥᠷᠥᠭᠰᠡᠨ ᠪᠠᠢᠳᠠᠯ ᠲᠥᠯᠥᠪ ᠰᠢᠨᠵᠢ ᠶ᠋ᠢ ᠬᠡᠯᠡᠪᠡᠯ᠄
ᠲᠥᠷᠥᠬᠦ ᠳ᠋ᠡᠭᠡᠨ ᠲᠦᠮᠡᠨ ᠡᠴᠡ ᠣᠨᠴᠠᠭᠠᠢ᠂
ᠲᠦᠢᠳᠦᠭᠴᠢ ᠶ᠋ᠢᠨ ᠵᠢᠷᠦᠬᠡ ᠶ᠋ᠢ
ᠲᠦᠭᠦᠰᠢᠨ ᠳ᠋ᠡᠭᠡᠨ ᠵᠠᠭᠤᠵᠤ᠂
ᠭᠠᠷᠬᠤ ᠳ᠋ᠠᠭᠠᠨ ᠬᠠᠴᠢᠨ ᠳᠦᠷᠢ ᠲᠡᠢ
ᠭᠠᠵᠢᠭᠤ ᠳᠠᠢᠰᠤᠨ ᠤ᠋ ᠵᠢᠷᠦᠬᠡ ᠶ᠋ᠢ
ᠭᠠᠷ ᠲᠠᠭᠠᠨ ᠠᠳᠬᠤᠵᠤ᠂
ᠥᠰᠬᠦ ᠲᠣᠰᠤᠮ ᠢ᠋ᠶ᠋ᠠᠨ
ᠥᠭᠡᠷ᠎ᠡ ᠡᠴᠡ ᠣᠨᠳᠣᠣ
ᠡᠪᠡᠰᠦᠨ ᠲᠣᠯᠣᠭᠠᠢ ᠭᠢᠰᠬᠢᠵᠦ
ᠥᠳᠥᠲᠦ ᠬᠥᠯ ᠢ᠋ᠶ᠋ᠡᠷ ᠨᠢᠰᠳᠡᠭ᠃
ᠮᠡᠳᠡᠵᠦ ᠰᠡᠷᠢᠬᠦ ᠨᠢ
ᠮᠢᠩᠭᠠᠨ ᠠ᠋ᠴᠠ ᠬᠤᠷᠴᠠ
ᠮᠡᠷᠭᠡᠨ ᠦ᠌ ᠰᠢᠳᠢ ᠶ᠋ᠢ
ᠮᠡᠯᠮᠡᠢ ᠳ᠋ᠡᠭᠡᠨ ᠣᠷᠣᠰᠢᠭᠤᠯᠤᠭᠰᠠᠨ
ᠥᠷᠯᠥᠭ ᠬᠦᠴᠦᠨ ᠲᠡᠢ
ᠰᠦᠷᠯᠢᠭ ᠪᠢᠷ᠎ᠠ ᠲᠠᠢ
ᠨᠠᠷᠢᠯᠢᠭ ᠤᠬᠠᠭᠠᠨ ᠲᠠᠢ
ᠨᠠᠢᠷᠰᠠᠭ ᠵᠠᠩ ᠲᠠᠢ ᠬᠦᠦ ᠶᠦᠮ ᠪᠠᠢᠵᠠᠢ᠃
ᠡᠵᠢ ᠠᠪᠤ ᠨᠢ ᠲᠡᠭᠦᠨ ᠳ᠋ᠦ᠍
ᠬᠤᠸᠠᠩ ᠴᠤᠤ ᠭᠡᠰᠡᠨ ᠰᠠᠢᠬᠠᠨ ᠨᠡᠷ᠎ᠡ ᠡᠷᠭᠦᠮᠵᠢᠯᠡᠵᠡᠢ᠃
ᠡᠨᠡ ᠬᠦ᠌ ᠬᠤᠸᠠᠩ ᠴᠤᠤ ᠬᠦᠦ ᠲᠡᠢ ᠨᠢ
ᠥᠭᠡᠯᠡᠢ ᠪᠠᠭ᠎ᠠ ᠠ᠋ᠴᠠ ᠪᠠᠨ
ᠦᠶᠡᠷᠬᠡᠨ ᠲᠦᠰᠢᠯᠴᠡᠵᠦ ᠥᠰᠦᠭᠰᠡᠨ
ᠬᠣᠶᠠᠷ ᠰᠠᠢᠬᠠᠨ ᠠᠬ᠎ᠠ ᠳᠡᠭᠦᠦ ᠪᠠᠢᠳᠠᠭ ᠶᠤᠮ ᠪᠠᠢᠨ᠎ᠠ᠃
ᠡᠳᠡᠨ ᠭᠤᠷᠪᠠᠭᠤᠯᠠ ᠦᠨᠡᠬᠡᠷ
ᠵᠢᠷᠤᠮ ᠲᠠᠢ ᠳᠠᠰᠤᠯᠴᠠᠵᠤ᠂
ᠤᠷᠮ᠎ᠠ ᠲᠠᠢ ᠦᠶᠡᠷᠬᠡᠵᠦ᠂
ᠨᠠᠢᠷ ᠲᠠᠢ ᠨᠠᠢᠵᠠᠯᠠᠵᠤ᠂
ᠬᠠᠢᠷ᠎ᠠ ᠲᠠᠢ ᠬᠠᠨᠢᠯᠠᠵᠤ᠂
ᠠᠭᠤᠯᠠ ᠲᠠᠯ᠎ᠠ ᠪᠠᠷ ᠵᠤᠭᠠᠯᠠᠨ
ᠤᠨᠠᠭ᠎ᠠ ᠳᠠᠭ᠎ᠠ ᠰᠢᠭ᠋ ᠲᠣᠭᠯᠠᠨ᠂
ᠤᠷᠠᠨ ᠤᠬᠠᠭᠠᠨ ᠬᠠᠶᠠᠯᠴᠠᠨ
ᠤᠷᠤᠯᠳᠤᠨ ᠬᠥᠭᠡᠷᠦᠯᠳᠦᠨ ᠨᠠᠭᠠᠳᠴᠤ ᠶᠠᠪᠤᠳᠠᠭ ᠶᠤᠮ ᠭᠡᠨ᠎ᠡ᠃
ᠨᠢᠭᠡᠨ ᠡᠳᠦᠷ ᠡᠳᠡ ᠭᠤᠷᠪᠠᠭᠤᠯᠠ
ᠮᠥᠨ ᠴᠦ᠍ ᠬᠥᠳᠡᠭᠡ ᠬᠡᠭᠡᠷ᠎ᠡ ᠪᠡᠷ
ᠵᠤᠭᠠᠯᠠᠨ ᠶᠠᠪᠤᠵᠤ ᠪᠠᠢᠲᠠᠯ᠎ᠠ ᠭᠡᠨᠡᠳᠲᠡ᠄
ᠥᠨᠳᠥᠷ ᠬᠠᠳᠠᠨ ᠤ᠋ ᠪᠠᠯ ᠢ᠋ᠶ᠋ᠠᠷ
ᠥᠨᠥᠴᠢᠨ ᠨᠠᠷᠠᠰᠤ ᠰᠦᠭᠯᠡᠢᠵᠦ᠂
ᠥᠨᠥᠴᠢᠨ ᠨᠠᠷᠠᠰᠤᠨ ᠳᠣᠣᠷ᠎ᠠ ᠠ᠋ᠴᠠ
ᠥᠩᠭᠡ ᠶ᠋ᠢᠨ ᠭᠡᠷᠡᠯ ᠰᠠᠴᠤᠷᠠᠬᠤ ᠶᠤᠮ ᠭᠡᠨ᠎ᠡ᠃
ᠠᠭᠤᠯᠠ ᠲᠠᠯ᠎ᠠ ᠶ᠋ᠢᠨ ᠠᠭᠤᠯᠵᠠᠭᠤᠷ ᠲᠤ
ᠤᠷᠭᠤᠭ᠎ᠠ ᠨᠠᠷᠠᠰᠤ ᠰᠦᠭᠯᠡᠢᠵᠦ᠂
ᠤᠷᠭᠤᠭ᠎ᠠ ᠨᠠᠷᠠᠰᠤᠨ ᠤ᠋ ᠳᠣᠣᠷ᠎ᠠ ᠠ᠋ᠴᠠ
ᠤᠯᠠᠪᠢᠷ ᠭᠡᠭᠡ ᠰᠠᠴᠤᠷᠠᠬᠤ ᠶᠤᠮ ᠭᠡᠨ᠎ᠡ᠃
ᠬᠤᠸᠠᠩ ᠴᠤᠤ ᠠᠬ᠎ᠠ ᠳᠡᠭᠦᠦ ᠭᠤᠷᠪᠠᠭᠤᠯᠠ
ᠬᠤᠷᠳᠤᠯᠠᠨ ᠣᠴᠢᠭᠠᠳ ᠬᠠᠷᠠᠬᠤ ᠳ᠋ᠤ᠌᠂
ᠨᠠᠷᠠᠰᠤᠨ ᠮᠣᠳᠣᠨ ᠤ᠋ ᠢᠷᠣᠭᠠᠷ ᠲᠤ
ᠨᠠᠷᠠᠨ ᠤ᠋ ᠭᠡᠷᠡᠯ ᠦ᠋ᠨ ᠭᠢᠯᠠᠰᠤᠭᠠᠨ ᠳ᠋ᠤ᠌
ᠬᠤᠢ ᠲᠠᠢ ᠨᠢᠭᠡᠨ ᠰᠡᠯᠡᠮ᠎ᠡ
ᠬᠦᠷᠢᠶ᠎ᠡ ᠲᠡᠳᠡᠨ ᠬᠡᠷᠡᠯᠳᠦᠵᠦ
ᠡᠵᠡᠨ ᠢ᠋ᠶ᠋ᠡᠨ ᠬᠦᠯᠢᠶᠡᠨ ᠪᠠᠢᠭᠰᠠᠨ
ᠡᠷᠳᠡᠨᠢ ᠶ᠋ᠢᠨ ᠡᠨᠡ ᠵᠡᠪᠰᠡᠭ ᠢᠨᠦ᠂
ᠢᠩᠭᠢᠵᠦ ᠰᠠᠢᠬᠠᠨ ᠲᠠᠭᠠᠷᠠᠯᠳᠤᠪᠠ ᠭᠡᠨ᠎ᠡ᠃
ᠰᠡᠯᠡᠮ᠎ᠡ ᠪᠡᠨ ᠣᠯᠤᠭᠰᠠᠨ ᠬᠤᠸᠠᠩ ᠴᠤᠤ
ᠰᠡᠳᠬᠢᠯ ᠪᠡᠶᠡᠰᠦᠨ ᠲᠡᠷᠢᠭᠦᠨ ᠡᠷᠭᠦᠨ ᠳᠡᠭᠡᠭᠰᠢ ᠬᠠᠷᠠᠪᠠᠰᠤ᠄
ᠰᠣᠯᠢᠷ ᠣᠳᠣᠨ ᠬᠠᠷᠪᠤᠬᠤ ᠰᠢᠭ᠋
ᠰᠣᠯᠣᠩᠭ᠎ᠠ ᠲᠠᠲᠠᠭᠠᠳ ᠠᠷᠢᠯᠬᠤ ᠰᠢᠭ᠋᠂
ᠥᠨᠳᠥᠷ ᠬᠠᠢᠷᠬᠠᠨ ᠤ᠋ ᠬᠠᠨᠠᠨ ᠳᠡᠭᠡᠷ᠎ᠡ
ᠥᠳᠬᠡᠨ ᠮᠠᠨᠠᠨ ᠲᠠᠲᠠᠵᠤ ᠭᠡᠨ᠎ᠡ
ᠣᠳᠣᠨ ᠬᠠᠷᠪᠤᠭᠠᠳ ᠪᠠᠭᠤᠬᠤ ᠰᠢᠭ᠋
ᠣᠭᠣᠰᠣᠷ ᠪᠦᠴᠡ ᠲᠠᠰᠤᠷᠠᠬᠤ ᠰᠢᠭ᠋᠂
ᠣᠷᠭᠢᠯ ᠬᠠᠳᠠᠨ ᠤ᠋ ᠡᠩᠭᠡᠷ ᠳᠡᠭᠡᠷ᠎ᠡ
ᠣᠨᠴᠠᠭᠠᠢ ᠮᠠᠨᠠᠨ ᠲᠠᠲᠠᠵᠤ ᠭᠡᠨ᠎ᠡ
ᠬᠤᠸᠠᠩ ᠴᠤᠤ ᠠᠬ᠎ᠠ ᠳᠡᠭᠦᠦ ᠭᠤᠷᠪᠠᠭᠤᠯᠠ
ᠬᠤᠷᠳᠤᠯᠠᠨ ᠣᠴᠢᠭᠠᠳ ᠬᠠᠷᠠᠬᠤ ᠳ᠋ᠤ᠌
ᠰᠢᠷᠡᠭᠡ ᠬᠠᠳᠠᠨ ᠤ᠋ ᠳᠡᠭᠡᠷ᠎ᠡ ᠡᠴᠡ
ᠰᠢᠵᠢᠷ ᠭᠡᠷᠡᠯ ᠦ᠋ᠨ ᠭᠢᠯᠠᠰᠤᠭᠠᠨ ᠳ᠋ᠤ᠌
ᠠᠯᠲᠠ ᠮᠥᠩᠭᠥᠨ ᠬᠤᠶᠠᠭ ᠳᠤᠭᠤᠯᠠᠭ᠎ᠠ᠂
ᠵᠠᠩᠵᠤᠨ ᠬᠥᠮᠦᠨ ᠦ᠌ ᠲᠡᠮᠦᠷ ᠭᠤᠲᠤᠯ
ᠵᠠᠯᠭ᠎ᠠ ᠴᠠᠮᠪᠢᠷᠢᠲᠦ ᠭᠠᠷᠠᠬᠠᠨ ᠳᠠᠯᠠᠢ ᠶ᠋ᠢ
ᠲᠩᠷᠢ ᠶ᠋ᠢᠨ ᠬᠥᠪᠡᠭᠦᠨ ᠬᠤᠸᠠᠩ ᠴᠤᠤ ᠳ᠋ᠤ᠌
ᠲᠥᠬᠥᠭᠡᠷᠦᠭᠦᠯᠦᠨ ᠪᠡᠯᠡᠳᠬᠡᠵᠦ ᠲᠠᠯᠪᠢᠭᠰᠠᠨ ᠪᠠᠢᠵᠠᠢ᠃
ᠠᠯᠲᠠ ᠮᠥᠩᠭᠥᠨ ᠬᠤᠶᠠᠭ ᠳᠤᠭᠤᠯᠠᠭ᠎ᠠ ᠶ᠋ᠢ
ᠠᠰ ᠤ᠋ᠨ ᠪᠡᠶ᠎ᠡ ᠳ᠋ᠡᠭᠡᠨ ᠬᠡᠳᠡᠷᠴᠦ᠂
ᠠᠯᠲᠠ ᠤᠷᠲᠤ ᠡᠷᠳᠡᠨᠢ ᠶ᠋ᠢᠨ ᠰᠡᠯᠡᠮ᠎ᠡ ᠶ᠋ᠢ
ᠠᠷᠤ ᠲᠠᠰᠢᠶᠠᠨ ᠳ᠋ᠠᠭᠠᠨ ᠵᠡᠭᠦᠭᠡᠳ᠂
ᠠᠬ᠎ᠠ ᠳᠡᠭᠦᠦ ᠭᠤᠷᠪᠠᠭᠤᠯᠠ
ᠠᠯᠢᠶᠠᠷᠬᠠᠨ ᠭᠦᠶᠦᠵᠦ
ᠷᠠᠰᠢᠶᠠᠨ ᠲᠤᠩᠭᠠᠯᠠᠭ ᠮᠥᠷᠡᠨ ᠦ᠌ ᠬᠥᠪᠡᠭᠡᠨ᠎ᠡ
ᠵᠢᠰᠦ ᠪᠡᠨ ᠳᠤᠯᠢᠳᠠᠨ᠂ ᠦᠰᠦ ᠪᠡᠨ ᠲᠢᠭᠯᠡᠨ ᠪᠠᠢᠬᠤ ᠳ᠋ᠤ᠌
ᠮᠥᠷᠡᠨ ᠦ᠌ ᠤᠰᠤ ᠭᠡᠨᠡᠳᠲᠡ
ᠣᠢᠯᠤᠨ ᠣᠢᠯᠤᠨ ᠴᠠᠯᠭᠢᠭᠰᠠᠭᠠᠷ᠂
ᠮᠥᠩᠭᠥᠨ ᠯᠤᠤ ᠳᠡᠭᠡᠭᠰᠢ ᠪᠡᠨ
ᠳᠡᠭᠳᠡᠨ ᠳᠡᠭᠳᠡᠨ ᠪᠥᠵᠢᠭᠯᠡᠭᠰᠡᠭᠡᠷ᠂
ᠰᠠᠨᠰᠠᠷ ᠤ᠋ᠨ ᠭᠦᠨ ᠳ᠋ᠦ᠍ ᠭᠤᠷᠪᠠᠨᠲᠠ ᠰᠢᠯᠭᠡᠭᠡᠵᠦ
ᠰᠠᠷᠠᠯ ᠵᠢᠰᠦᠮ ᠦ᠋ᠨ ᠮᠣᠷᠢ ᠪᠣᠯᠤᠨ ᠬᠤᠪᠢᠯᠤᠭᠠᠳ᠂
ᠬᠤᠸᠠᠩ ᠴᠤᠤ ᠪᠠᠭᠠᠲᠤᠷ ᠤ᠋ᠨ ᠡᠮᠦᠨ᠎ᠡ
ᠬᠤᠢ ᠲᠠᠲᠠᠭᠤᠯᠤᠨ ᠢᠷᠡᠵᠦ
ᠳᠠᠬᠢᠨ ᠭᠤᠷᠪᠠᠨᠲᠠ ᠰᠢᠯᠭᠡᠭᠡᠭᠰᠡᠨᠡ᠄
ᠠᠯᠲᠠᠨ ᠠᠮᠠᠭᠠᠢ ᠵᠡᠭᠦᠵᠦ
ᠮᠥᠩᠭᠥᠨ ᠡᠮᠡᠭᠡᠯ ᠲᠣᠬᠣᠭᠰᠠᠨ
ᠲᠩᠷᠢ ᠶ᠋ᠢᠨ ᠤᠨᠠᠭ᠎ᠠ ᠪᠣᠯᠤᠨ ᠢᠨᠴᠠᠭᠠᠵᠤ
ᠬᠤᠸᠠᠩ ᠴᠤᠤ ᠵᠠᠩᠵᠤᠨ ᠢ᠋
ᠡᠵᠡᠨ ᠭᠡᠮᠡᠨ ᠲᠠᠨᠢᠵᠤ
ᠡᠷᠬᠡᠯᠡᠨ ᠦᠦᠷᠰᠡᠵᠦ ᠡᠭᠦᠰᠬᠡᠪᠡᠢ᠃
ᠡᠨᠡ ᠮᠥᠴᠡ ᠳ᠋ᠦ᠍
ᠡᠷ᠎ᠡ ᠶ᠋ᠢᠨ ᠰᠠᠢᠨ ᠬᠤᠸᠠᠩ ᠴᠤᠤ ᠳ᠋ᠤᠷ
ᠡᠩ ᠦ᠋ᠨ ᠪᠤᠰᠤ ᠰᠤᠪᠢᠨ ᠢᠷᠡᠵᠦ
ᠡᠵᠡᠨ ᠲᠩᠷᠢ ᠶ᠋ᠢᠨ ᠵᠠᠷᠯᠢᠭ ᠲᠤᠭᠤᠯᠳᠠᠭᠰᠠᠨᠠ᠄
《ᠠᠷᠰᠯᠠᠨ ᠤ᠋ ᠬᠥᠯ ᠳᠣᠣᠷ᠎ᠠ ᠠ᠋ᠴᠠ
ᠠᠯᠳᠠᠭᠤᠯᠤᠨ ᠳᠤᠲᠠᠭᠠᠭᠰᠠᠨ ᠠᠲᠠᠭᠠᠲᠠᠨ ᠱᠤᠯᠤᠮ
ᠠᠷᠵᠠᠭᠠᠢ ᠮᠠᠩᠭᠤᠰ ᠢ᠋ ᠠᠷᠢᠯᠭᠠᠨ ᠤᠰᠠᠳᠬ᠎ᠠ!》 ᠭᠡᠬᠦ ᠨᠢ
ᠬᠤᠸᠠᠩ ᠴᠤᠤ ᠶ᠋ᠢᠨ ᠪᠠᠭᠠᠲᠤᠷ ᠵᠣᠷᠢᠭ ᠢ᠋ ᠬᠥᠭᠵᠢᠭᠡᠵᠦ
ᠰᠡᠳᠬᠢᠯ ᠢ᠋ᠶ᠋ᠡᠨ ᠳᠠᠷᠤᠵᠤ ᠶᠠᠳᠠᠨ
ᠰᠡᠯᠡᠮ᠎ᠡ ᠪᠡᠨ ᠮᠢᠯᠢᠶᠠᠬᠤ ᠪᠠᠷ
ᠱᠤᠯᠤᠮ ᠤ᠋ᠨ ᠡᠭᠦᠷ ᠢ᠋ ᠴᠢᠭᠯᠡᠨ
ᠰᠢᠭᠤᠳ ᠮᠣᠷᠳᠠᠬᠤ ᠭᠡᠲᠡᠯ᠎ᠡ᠄
《ᠰᠡᠯᠡᠮ᠎ᠡ ᠮᠢᠯᠢᠶᠠᠬᠤ ᠬᠣᠶᠠᠷ ᠱᠤᠯᠤᠮ
ᠳᠡᠷᠭᠡᠳᠡ ᠴᠢᠨᠢ ᠳᠡᠭᠳᠡᠭᠡᠬᠡᠢ ᠰᠢᠭ ᠳᠠᠭᠠᠵᠤ ᠪᠠᠢᠨ᠎ᠠ᠂
ᠬᠠᠵᠠᠭᠤᠳᠠ ᠴᠢᠨᠢ ᠬᠠᠷ᠎ᠠ ᠰᠡᠭᠦᠳᠡᠷ ᠰᠢᠭ ᠭᠡᠲᠡᠵᠦ ᠪᠠᠢᠨ᠎ᠠ᠃
ᠬᠠᠷᠠᠭ᠎ᠠ ᠪᠠᠨ ᠵᠠᠰᠠᠵᠤ ᠬᠠᠨᠢ ᠳᠠᠢᠰᠤᠨ ᠢ᠋ᠶ᠋ᠠᠨ ᠲᠠᠨᠢ!
ᠨᠢᠳᠦ ᠪᠡᠨ ᠠᠷᠴᠢᠵᠤ ᠨᠢᠭᠦᠯ ᠪᠤᠶᠠᠨ ᠢ᠋ᠶ᠋ᠠᠨ ᠢᠯᠭᠠ!》 ᠭᠡᠰᠡᠨ
ᠲᠩᠷᠢ ᠶ᠋ᠢᠨ ᠵᠠᠬᠢᠶ᠎ᠠ
ᠪᠢᠯᠢᠭ ᠦ᠋ᠨ ᠬᠣᠶᠠᠷ ᠰᠣᠨᠣᠷ ᠲᠤᠨᠢ
ᠳᠠᠬᠢᠨ ᠬᠠᠩᠭᠢᠨᠠᠪᠠ᠃
ᠬᠤᠸᠠᠩ ᠴᠤᠤ ᠶ᠋ᠢᠨ ᠳᠣᠲᠣᠷ᠎ᠠ ᠡᠭᠡᠳᠡᠷᠡᠨ ᠵᠠᠩᠭᠢᠷᠠᠵᠤ
ᠬᠣᠶᠠᠷ ᠨᠠᠢᠵᠠ ᠪᠠᠨ ᠬᠠᠷᠠᠨ ᠬᠠᠷᠠᠨ ᠡᠨᠡ ᠶᠠᠭᠤ ᠪᠣᠯᠪᠠ?
ᠡᠭᠡᠭᠡ ᠲᠡᠢᠮᠦ ᠭᠡᠵᠦ ᠤᠤ? ᠭᠡᠮᠡᠨ
ᠰᠠᠨᠠᠭ᠎ᠠ ᠪᠣᠳᠣᠯ ᠳᠡᠭᠳᠡᠷᠦᠨ
ᠰᠠᠢᠨ ᠨᠠᠢᠵᠠ ᠪᠠᠨ ᠦᠷᠦ ᠡᠪᠡᠳᠦᠨ ᠶᠡᠬᠡ ᠳᠠᠭᠤᠨ ᠢ᠋ᠶ᠋ᠠᠷ᠄
《ᠬᠤᠷᠳᠤᠨ ᠵᠠᠢᠯᠠ! ᠬᠣᠯᠠ ᠳᠤᠲᠠᠭ᠎ᠠ!
ᠳᠠᠯᠳᠠ ᠭᠠᠵᠠᠷ ᠨᠢᠭᠤ!
ᠳᠠᠬᠢᠭᠠᠳ ᠨᠠᠳᠠ ᠲᠠᠢ ᠪᠢᠲᠡᠭᠡᠢ ᠣᠢᠷᠠᠲᠤᠨ!
ᠣᠳᠣ ᠮᠢᠨᠦ ᠰᠡᠯᠡᠮ᠎ᠡ ᠶ᠋ᠢᠨ
ᠴᠢᠰᠤ ᠦᠵᠡᠬᠦ ᠴᠠᠭ ᠲᠤᠯᠤᠭᠰᠠᠨ ᠪᠣᠯᠠᠢ!
