ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ -ᠬᠠᠭᠠᠨ ᠲᠡᠭᠦᠰ ᠦ᠋ᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨ-3 Гураван настай гунаган улаан баатар -Хаан төгсийн хүү᠂ Ширээтийн мэргэн хаан-3 ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ -ᠬᠠᠭᠠᠨ ᠲᠡᠭᠦᠰ ᠦ᠋ᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨ-3 Гураван настай гунаган улаан баатар -Хаан төгсийн хүү᠂ Ширээтийн мэргэн хаан-3

ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ -ᠬᠠᠭᠠᠨ ᠲᠡᠭᠦᠰ ᠦ᠋ᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨ-3 Гураван настай гунаган улаан баатар -Хаан төгсийн хүү᠂ Ширээтийн мэргэн хаан-3

ᠠᠩᠭᠢᠯᠠᠯ:ᠲᠤᠤᠯᠢᠰ
2025-11-15

104


 ᠡᠴᠢᠭᠡ ᠬᠦᠦ ᠲᠡᠢ ᠪᠡᠨ ᠠᠭᠤᠯᠵᠠᠵᠤ 
 ᠬᠦᠵᠦᠭᠦᠦ ᠶ᠋ᠢ ᠨᠢ ᠲᠡᠪᠡᠷᠢᠨ ᠤᠬᠢᠯᠠᠵᠤ 
 ᠥᠩᠭᠡᠷᠡᠭᠰᠡᠨ ᠢ᠋ᠶ᠋ᠡᠨ ᠬᠡᠯᠡᠯᠴᠡᠵᠦ 
 ᠥᠰᠢᠶ᠎ᠡ ᠠᠪᠬᠤ ᠪᠠᠨ ᠵᠥᠪᠳᠡᠪᠡ᠃ 
 ᠬᠠᠭᠠᠨ ᠲᠡᠭᠦᠰ ᠦ᠋ᠨ ᠬᠡᠯᠡᠭᠰᠡᠨ ᠨᠢ 
 《ᠬᠠᠷ᠎ᠠ ᠠᠲᠤᠭᠠᠷ ᠮᠠᠩᠭᠤᠰ ᠪᠣᠯ 
 ᠬᠠᠯᠳᠠᠰᠢ ᠦᠭᠡᠢ ᠠᠷᠪᠠᠨ ᠰᠦᠨᠡᠰᠦ ᠲᠡᠢ 
 ᠬᠣᠶᠠᠷ ᠰᠦᠨᠡᠰᠦ ᠨᠢ ᠪᠡᠶ᠎ᠡ ᠳ᠋ᠡᠭᠡᠨ ᠪᠠᠢᠵᠤ 
 ᠬᠣᠴᠣᠷᠤᠭᠰᠠᠨ ᠪᠦᠬᠦᠨ ᠨᠢ ᠨᠠᠢ᠍ᠮᠠᠨ ᠵᠦᠭ ᠲᠦ᠍ ᠪᠠᠢᠳᠠᠭ᠃ 
 ᠡᠳᠡᠭᠡᠷ ᠢ᠋ ᠣᠯᠵᠤ ᠰᠠᠷᠨᠢᠭᠤᠯᠬᠤ ᠦᠭᠡᠢ ᠪᠣᠯ 
 ᠡᠭᠦᠷᠢᠳᠡ ᠳᠡᠢᠯᠦᠨ᠎ᠡ ᠭᠡᠵᠦ ᠪᠤᠤ ᠰᠠᠨᠠ》 ᠭᠡᠰᠡᠨ ᠳ᠋ᠦ᠍ 
 ᠰᠢᠷᠡᠭᠡᠲᠦ ᠶ᠋ᠢᠨ ᠮᠡᠷᠭᠡᠨ ᠬᠠᠭᠠᠨ ᠬᠦᠦ 
 ᠰᠢᠳᠦ ᠪᠡᠨ ᠵᠠᠭᠤᠵᠤ ᠡᠴᠢᠭᠡ ᠳ᠋ᠡᠭᠡᠨ ᠡᠷᠭᠢᠭᠦᠯᠵᠦ ᠬᠡᠯᠡᠭᠰᠡᠨ ᠨᠢ᠄ 
 《ᠡᠭᠡᠵᠦ ᠪᠤᠴᠠᠵᠤ ᠬᠠᠷᠢᠭᠠᠳ 
 ᠡᠬᠡ ᠳ᠋ᠦ᠍ ᠮᠢᠨᠢ ᠬᠡᠯᠡᠭᠡᠳ 
 ᠡᠨᠡ ᠣᠷᠣᠢ ᠤᠨᠲᠠᠬᠤ ᠳ᠋ᠠᠭᠠᠨ 
 ᠮᠠᠩᠭᠤᠰ ᠤ᠋ᠨ ᠡᠷᠦᠬᠡ ᠶ᠋ᠢ ᠳᠠᠷᠤᠬᠤ ᠳ᠋ᠤ᠌ 
 ᠮᠠᠩᠰᠢᠭᠤᠷᠠᠭᠤᠯᠤᠨ ᠶᠠᠭᠤᠮ᠎ᠠ ᠪᠤᠳᠤᠭᠤᠯᠬᠤ ᠪᠠᠷ᠄ 
 《ᠮᠠᠷᠭᠠᠰᠢ ᠥᠷᠯᠥᠭᠡ ᠶ᠋ᠢᠨ ᠦᠶ᠎ᠡ ᠳ᠋ᠦ᠍ 
 ᠮᠠᠩᠭᠤᠰ ᠤ᠋ᠨ ᠨᠠᠷᠠᠨ ᠵᠡᠭᠦᠨ ᠬᠣᠢᠲᠤ ᠠ᠋ᠴᠠ 
 ᠮᠠᠨ ᠤ᠋ ᠨᠠᠷᠠᠨ ᠵᠡᠭᠦᠨ ᠡᠮᠦᠨ᠎ᠡ ᠡᠴᠡ》ᠭᠡᠵᠦ ᠬᠡᠯᠡᠪᠡᠯ 
 ᠶᠠᠷᠵᠠᠭᠠᠷ ᠬᠠᠷ᠎ᠠ ᠮᠠᠩᠭᠤᠰ 
 ᠶᠠᠮᠠᠷ ᠤᠬᠠᠭᠠᠨᠲᠠᠢ ᠦᠭᠡ ᠪᠣᠢ? ᠭᠡᠵᠦ 
 ᠶᠠᠳᠠᠷᠠᠲᠠᠯ᠎ᠠ ᠲᠡᠷᠡ ᠪᠣᠳᠣᠭᠠᠳ 
 ᠶᠠᠷᠰᠢᠭᠲᠠᠢ ᠮᠠᠭᠤ ᠵᠡᠭᠦᠳᠦᠯᠡᠵᠦ ᠤᠨᠲᠠᠬᠤ ᠶᠤᠮ》 ᠭᠡᠳ 
 ᠬᠤᠯᠤᠰᠤᠨ ᠰᠢᠷᠭ᠎ᠠ ᠮᠣᠷᠢ ᠪᠠᠨ ᠭᠤᠶᠠᠳᠠᠵᠤ 
 ᠬᠣᠯᠠ ᠵᠠᠢᠯᠠᠨ ᠶᠠᠪᠤᠪᠠ ᠭᠡᠨ᠎ᠡ᠃ 
 ᠴᠢᠩᠭᠢᠭᠡᠳ ᠬᠠᠭᠠᠨ ᠬᠦᠦ ᠶᠠᠪᠤᠵᠤ 
 ᠡᠮᠦᠨ᠎ᠡ ᠠᠭᠤᠯᠠᠨ ᠳ᠋ᠤ᠌ ᠬᠦᠷᠦᠭᠰᠡᠨ ᠳ᠋ᠦ᠍ 
 ᠮᠠᠩᠭᠤᠰ ᠤ᠋ᠨ ᠨᠢᠭᠡᠳᠦᠭᠡᠷ ᠰᠦᠨᠡᠰᠦ ᠨᠢ 
 ᠲᠡᠮᠡᠭᠡᠨ ᠴᠢᠨᠡᠭᠡ ᠲᠣᠮᠣ ᠠᠭᠠᠯᠵᠢ 
 ᠲᠩᠷᠢ ᠲᠤᠯᠤᠮ᠎ᠠ ᠦᠰᠦᠷᠴᠦ 
 ᠲᠡᠮᠦᠷ ᠬᠥᠯ ᠢ᠋ᠶ᠋ᠡᠨ ᠰᠠᠷᠪᠠᠢᠯᠭᠠᠨ ᠢᠷᠡᠬᠦ ᠳ᠋ᠦ᠍ 
 ᠪᠣᠯᠣᠳ ᠨᠤᠮᠤ ᠪᠠᠨ ᠠᠪᠴᠤ 
 ᠪᠤᠯᠤ ᠪᠣᠯᠲᠠᠯ᠎ᠠ ᠳᠡᠯᠢᠵᠦ ᠲᠠᠯᠪᠢᠭᠰᠠᠨ ᠳ᠋ᠤ᠌ 
 ᠲᠡᠮᠡᠭᠡᠨ ᠠᠭᠠᠯᠵᠢ ᠶ᠋ᠢᠨ ᠵᠢᠷᠦᠬᠡᠨ ᠳ᠋ᠦ᠍ᠨᠢ 
 ᠲᠠᠰᠤ ᠨᠡᠪᠲᠡᠯᠵᠦ ᠤᠷᠤᠭᠰᠠ ᠳ᠋ᠤ᠌᠂ 
 ᠪᠠᠷᠠᠭᠤᠨ ᠡᠮᠦᠨ᠎ᠡ ᠵᠦᠭ ᠦ᠋ᠨ 
 ᠭᠠᠯᠵᠠᠭᠤ ᠬᠠᠷ᠎ᠠ ᠤᠬᠤᠨ᠎ᠠ ᠨᠢ 
 ᠭᠠᠩ ᠡᠪᠡᠷ ᠢ᠋ᠶ᠋ᠡᠨ ᠬᠠᠳᠬᠤᠵᠤ 
 ᠬᠠᠳᠠ ᠮᠥᠷᠭᠥᠨ ᠢᠷᠡᠬᠦ ᠳ᠋ᠦ᠍ 
 ᠰᠢᠷᠡᠭᠡᠲᠦ ᠶ᠋ᠢᠨ ᠮᠡᠷᠭᠡᠨ ᠬᠠᠭᠠᠨ ᠬᠦᠦ 
 ᠰᠢᠵᠢᠷ ᠡᠷᠳᠡᠨᠢ ᠶ᠋ᠢᠨ ᠢᠯᠳᠦ ᠪᠡᠨ ᠰᠤᠭᠤ ᠲᠠᠲᠠᠵᠤ 
 ᠰᠡᠢᠯᠪᠦᠷᠢ ᠭᠠᠷᠲᠠᠯ᠎ᠠ ᠴᠠᠪᠴᠢᠭᠠᠳ 
 ᠪᠠᠷᠠᠭᠤᠨ ᠵᠦᠭ ᠲᠦ᠍ ᠶᠠᠪᠤᠭᠰᠠᠨ ᠳ᠋ᠤ᠌ 
 ᠪᠠᠷᠰ ᠲᠣᠭᠯᠠᠨ ᠬᠠᠷᠠᠢᠯᠠᠵᠤ 
 ᠠᠭᠵᠠᠰ ᠭᠡᠵᠦ ᠨᠣᠴᠣᠯᠳᠤᠨ ᠢᠷᠡᠭᠡᠳ 
 ᠠᠯᠲᠠᠨ ᠢᠯᠳᠦᠨ ᠳ᠋ᠦ᠍ᠨᠢ ᠴᠠᠪᠴᠢᠭᠳᠠᠵᠤ 
 ᠠᠩᠭᠢ ᠬᠤᠪᠢᠶᠠᠷᠢᠯᠠᠨ ᠤᠨᠠᠪᠠ᠃ 
 ᠪᠠᠷᠠᠭᠤᠨ ᠬᠣᠢᠲᠤ ᠵᠦᠭ ᠲᠦ᠍ 
 ᠭᠠᠯᠵᠠᠭᠤ ᠬᠤᠴᠠ ᠲᠣᠰᠴᠤ 
 ᠭᠠᠳᠠᠮ᠎ᠠ ᠬᠠᠳᠠ ᠶ᠋ᠢᠨ ᠣᠷᠣᠢ ᠠ᠋ᠴᠠ 
 ᠭᠠᠳᠠᠨ ᠪᠠᠭᠤᠵᠤ ᠢᠷᠡᠬᠦ ᠳ᠋ᠦ᠍᠂ 
 ᠬᠥᠯ ᠨᠢ ᠭᠠᠵᠠᠷ ᠲᠤᠰᠬᠤ ᠠ᠋ᠴᠠ ᠡᠮᠦᠨ᠎ᠡ 
 ᠬᠥᠪᠴᠢ ᠶ᠋ᠢᠨ ᠳᠠᠭᠤᠨ ᠭᠠᠷᠤᠮᠠᠭᠴᠠ 
 ᠬᠥᠳᠡᠯᠵᠦ ᠲᠡᠷᠡ ᠴᠢᠳᠠᠭᠰᠠᠨ ᠦᠭᠡᠢ 
 ᠬᠥᠨᠳᠡᠢ ᠴᠡᠭᠡᠵᠢ ᠪᠡᠷ ᠨᠢ ᠨᠡᠪᠲᠡᠷᠡᠪᠡ᠃ 
 ᠬᠣᠢᠲᠤ ᠵᠦᠭ ᠲᠦ᠍ ᠬᠡᠢᠰᠬᠡᠨ ᠣᠴᠢᠭᠰᠠᠨ ᠳ᠋ᠤ᠌ 
 ᠠᠪᠤᠷᠭᠤ ᠪᠦᠳᠦᠭᠦᠨ ᠮᠣᠭᠠᠢ 
 ᠠᠷᠪᠠᠨ ᠰᠢᠯᠢ ᠶ᠋ᠢᠨ ᠭᠠᠵᠠᠷ ᠢ᠋ ᠣᠷᠢᠶᠠᠵᠤ 
 ᠠᠮᠢᠲᠠᠨ ᠪᠦᠬᠦᠨ ᠢ᠋ ᠰᠣᠷᠣᠵᠤ 
 ᠠᠲᠠᠷ ᠲᠠᠪᠠ ᠪᠠᠷ ᠢ᠋ᠶ᠋ᠠᠨ ᠬᠡᠪᠲᠡᠭᠡᠳ 
 ᠬᠠᠭᠠᠨ ᠬᠦᠦ ᠶ᠋ᠢᠨ ᠢᠷᠡᠬᠦ ᠶ᠋ᠢ ᠦᠵᠡᠭᠡᠳ 
 ᠬᠠᠮᠤᠭ ᠪᠡᠶ᠎ᠡ ᠪᠡᠨ ᠬᠣᠷᠢᠶᠠᠨ ᠠᠲᠤᠷᠢᠵᠤ 
 ᠬᠠᠷᠪᠤᠭᠰᠠᠨ ᠰᠤᠮᠤ ᠰᠢᠭ᠋ ᠲᠦᠷᠭᠡᠨ 
 ᠬᠠᠷᠰᠢᠯᠳᠤᠨ ᠨᠢᠵᠢᠭᠢᠨᠡᠨ ᠢᠷᠡᠬᠦ ᠳ᠋ᠦ᠍᠂ 
 ᠪᠤᠮᠪᠠ ᠪᠠᠨ ᠡᠷᠭᠦᠨ ᠲᠣᠰᠴᠤ 
 ᠪᠣᠷᠣ ᠲᠣᠯᠣᠭᠠᠢ ᠶ᠋ᠢ ᠨᠢ ᠮᠠᠨᠠᠷᠠᠲᠠᠯ᠎ᠠ ᠮᠥᠷᠭᠥᠭᠦᠯᠵᠦ 
 ᠪᠥᠮᠪᠥᠷᠢᠨ ᠤᠷᠪᠠᠨ ᠤᠨᠠᠬᠤ ᠳ᠋ᠤ᠌ 
 ᠪᠤᠰᠢᠭᠤᠬᠠᠨ ᠴᠠᠪᠴᠢᠵᠤ ᠬᠡᠰᠡᠭᠯᠡᠭᠡᠳ 
 ᠵᠡᠭᠦᠨ ᠬᠣᠢᠲᠤ ᠵᠦᠭ ᠲᠦ᠍ ᠣᠴᠢᠭᠰᠠᠨ ᠳ᠋ᠤ᠌ 
 ᠠᠵᠢᠷᠭ᠎ᠠ ᠰᠦᠨᠡᠰᠦ ᠲᠡᠢ ᠲᠣᠬᠢᠶᠠᠯᠳᠤᠵᠤ 
 ᠳᠡᠯ ᠰᠡᠭᠦᠯ ᠢ᠋ᠶ᠋ᠡᠨ ᠬᠤᠷᠤᠢᠯᠠᠵᠤ 
 ᠳᠥᠷᠪᠡᠨ ᠲᠤᠭᠤᠷᠠᠢ ᠪᠠᠨ ᠴᠠᠪᠴᠢᠯᠠᠬᠤ ᠳ᠋ᠤ᠌ 
 ᠠᠪᠤᠨ ᠬᠠᠷᠪᠤᠨ ᠠᠯᠠᠭᠠᠳ᠂ 
 ᠵᠡᠭᠦᠨ ᠵᠦᠭ ᠲᠦ᠍ ᠣᠴᠢᠭᠰᠠᠨ ᠳ᠋ᠤ᠌ 
 ᠵᠢᠬᠡᠭᠦᠨ ᠰᠠᠯᠬᠢᠨ ᠰᠦᠷᠴᠢᠭᠢᠨᠡᠵᠦ 
 ᠵᠢᠭᠲᠡᠢ ᠠᠷᠰᠯᠠᠨ ᠦᠰᠦᠷᠦᠨ ᠢᠷᠡᠭᠡᠳ 
 ᠵᠠᠭᠤᠷᠠᠯᠳᠤᠭᠠᠨ ᠬᠣᠶᠠᠭᠤᠯᠠ ᠭᠠᠵᠠᠷ ᠤᠨᠠᠵᠤ 
 ᠠᠭᠤᠯᠠᠨ ᠤ᠋ ᠡᠩᠭᠡᠷ ᠡᠴᠡ ᠨᠣᠴᠣᠯᠳᠤᠵᠤ 
 ᠣᠷᠣᠢ ᠳᠡᠭᠡᠷ᠎ᠡ ᠨᠢ ᠭᠠᠷᠲᠠᠯ᠎ᠠ ᠴᠣᠬᠢᠯᠳᠤᠵᠤ 
 ᠵᠣᠭᠳᠣᠷ ᠳᠡᠯ ᠡᠴᠡ ᠨᠢ ᠠᠳᠬᠤᠵᠤ 
 ᠵᠠᠭᠤᠷᠮ᠎ᠠ ᠪᠠᠬᠠᠨ ᠡᠷᠭᠦᠵᠦ ᠪᠠᠢᠭᠠᠳ 
 ᠵᠠᠭᠤᠨ ᠠᠯᠲᠠ ᠭᠠᠳᠠᠮ᠎ᠠ ᠬᠠᠳᠠ ᠤᠷᠤᠭᠤ 
 ᠵᠠᠶᠠᠭ᠎ᠠ ᠴᠢᠨᠢ ᠮᠡᠳᠡᠭ ᠭᠡᠵᠦ ᠣᠷᠬᠢᠭᠠᠳ 
 ᠵᠡᠭᠦᠨ ᠡᠮᠦᠨ᠎ᠡ ᠣᠴᠢᠭᠰᠠᠨ ᠳ᠋ᠤ᠌ 
 ᠵᠡᠪᠡ ᠶ᠋ᠢᠨ ᠲᠤᠰᠤᠯᠲᠠ ᠮᠡᠳᠡᠭ ᠭᠡᠵᠦ 
 ᠵᠢᠭᠳᠡᠷᠡᠲᠡᠯ᠎ᠡ ᠲᠠᠲᠠᠵᠤ ᠬᠠᠷᠪᠤᠭᠠᠳ 
 ᠪᠤᠷᠤᠭᠤᠯᠠᠨ ᠳᠤᠲᠠᠭᠠᠬᠤ ᠪᠤᠬ᠎ᠠ ᠶ᠋ᠢ 
 ᠪᠤᠲᠠᠷᠠᠲᠠᠯ᠎ᠠ ᠬᠠᠷᠪᠤᠨ ᠠᠯᠠᠭᠠᠳ 
 ᠠᠷᠪᠠᠨ ᠬᠣᠶᠠᠷ ᠲᠣᠯᠣᠭᠠᠢ ᠲᠠᠢ 
 ᠠᠲᠤᠭᠠᠷ ᠬᠠᠷ᠎ᠠ ᠮᠠᠩᠭᠤᠰ ᠤ᠋ᠨ 
 ᠠᠢᠯ ᠭᠡᠷ ᠲᠦ᠋ᠨᠢ ᠢᠷᠡᠵᠦ 
 ᠠᠵᠢᠭᠯᠠᠨ ᠰᠠᠷᠠᠪᠴᠢᠯᠠᠵᠤ ᠦᠵᠡᠭᠰᠡᠨ ᠳ᠋ᠦ᠍ 
 ᠲᠡᠮᠦᠷ ᠭᠠᠳᠠᠰᠤᠨ ᠪᠤᠯᠠᠭᠠᠲᠡᠢ 
 ᠰᠢᠷᠡᠮᠦᠨ ᠥᠷᠭᠡᠰᠦᠨ ᠲᠠᠲᠠᠯᠭ᠎ᠠ ᠲᠠᠢ 
 ᠳᠦᠭᠦᠷᠡᠩ ᠶᠡᠬᠡ ᠬᠠᠰᠢᠶᠠᠨ ᠳ᠋ᠠᠭᠠᠨ 
 ᠲᠦᠮᠡᠨ ᠮᠢᠩᠭᠠᠨ ᠠᠷᠠᠳ ᠢ᠋ ᠬᠣᠷᠢᠵᠤ 
 ᠡᠳᠦᠷ ᠰᠥᠨᠢ ᠶ᠋ᠢᠨ ᠢᠯᠭᠠᠯ ᠦᠭᠡᠢ 
 ᠡᠪᠴᠢᠭᠦᠦ ᠬᠡᠮᠬᠡᠷᠡᠲᠡᠯ᠎ᠡ ᠠᠵᠢᠯᠯᠠᠭᠤᠯᠵᠤ 
 ᠦᠢᠯᠡᠳᠦᠨ ᠭᠠᠷᠭᠠᠭᠰᠠᠨ ᠡᠳ᠋ ᠢ᠋ ᠨᠢ 
 ᠥᠪᠡᠷ ᠦ᠋ᠨ ᠰᠠᠩ ᠳ᠋ᠠᠭᠠᠨ ᠲᠠᠲᠠᠳᠠᠭ 
 ᠶᠠᠰᠤ ᠶ᠋ᠢ ᠨᠢ ᠬᠤᠭᠤᠷᠠᠲᠠᠯ᠎ᠠ ᠶᠠᠪᠤᠭᠤᠯᠵᠤ 
 ᠠᠷᠠᠰᠤ ᠶ᠋ᠢ ᠨᠢ ᠢᠵᠠᠷᠠᠲᠠᠯ᠎ᠠ ᠭᠤᠶᠠᠳᠠᠵᠤ 
 ᠮᠠᠨᠠᠷᠠᠭᠤᠯᠤᠨ ᠲᠤᠨᠤᠷᠠᠭᠤᠯᠤᠨ ᠤᠨᠠᠭᠠᠵᠤ 
 ᠮᠢᠬ᠎ᠠ ᠴᠢᠰᠤ ᠶ᠋ᠢ ᠨᠢ ᠰᠣᠷᠣᠳᠠᠭ 
 ᠪᠣᠭᠣᠯ ᠰᠢᠪᠡᠭᠴᠢᠨ ᠢ᠋ᠶ᠋ᠡᠷ ᠲᠠᠬᠠᠷᠳᠠᠵᠤ 
 ᠪᠣᠰᠤᠭ᠎ᠠ ᠶ᠋ᠢᠨ ᠠᠶᠠᠭᠠᠴᠢ ᠪᠠᠨ ᠪᠣᠯᠭᠠᠵᠤ 
 ᠪᠥᠭᠲᠦᠭᠡᠷ ᠪᠣᠯᠲᠠᠯ᠎ᠠ ᠠᠷᠠᠯᠳᠠᠭᠤᠯᠵᠤ 
 ᠪᠦᠷᠢᠯᠵᠦ ᠠᠷᠢᠯᠲᠠᠯ᠎ᠠ ᠮᠥᠯᠵᠢᠳᠡᠭ 
 ᠡᠢᠮᠦ ᠬᠠᠷᠭᠢᠰ ᠮᠠᠩᠭᠤᠰ  ᠲᠤ᠌ 
 ᠡᠰᠢ ᠦᠭᠡᠢ ᠶᠡᠬᠡ ᠠᠭᠤᠷᠯᠠᠵᠤ 
 ᠲᠡᠷᠰᠯᠡᠭᠦᠦ ᠮᠠᠩᠭᠤᠰ ᠢ᠋ ᠠᠷᠢᠯᠭᠠᠬᠤ ᠦᠭᠡᠢ ᠪᠣᠯ 
 ᠲᠡᠭᠷᠢ ᠬᠠᠷᠠᠬᠤ ᠦᠭᠡᠢ ᠭᠡᠵᠦ ᠲᠠᠩᠭᠠᠷᠢᠭᠯᠠᠵᠤ 
 ᠨᠢᠭᠦᠯᠲᠦ ᠮᠠᠭᠤ ᠮᠠᠩᠭᠤᠰ ᠲᠠᠢ 
 ᠨᠢᠭᠡᠨ ᠨᠠᠷᠠᠨ ᠢ᠋ ᠰᠢᠲᠦᠬᠦ ᠦᠭᠡᠢ ᠭᠡᠵᠦ ᠠᠮᠠᠯᠳᠠᠭᠠᠳ 
 ᠮᠠᠩᠭᠤᠰ ᠤ᠋ᠨ ᠭᠡᠷ ᠡᠷᠦᠬᠡ ᠳ᠋ᠦ᠍ᠨᠢ 
 ᠮᠢᠷᠠᠨ ᠭᠡᠲᠡᠵᠦ ᠣᠢᠷᠠᠲᠤᠭᠠᠳ 
 ᠬᠠᠭᠠᠨ ᠲᠡᠭᠦᠰ ᠦ᠋ᠨ ᠪᠡᠶ᠎ᠡ ᠨᠢ 
 ᠬᠠᠯᠠᠰᠢᠷᠠᠲᠠᠯ᠎ᠠ ᠬᠦᠯᠢᠶᠡᠵᠦ ᠪᠠᠢᠵᠠᠢ᠃ 
 ᠡᠴᠢᠭᠡ ᠬᠦᠦ ᠲᠡᠢ ᠪᠡᠨ ᠵᠣᠯᠭᠠᠵᠤ 
 ᠡᠢᠮᠦ ᠲᠡᠢᠮᠦ ᠭᠡᠵᠦ ᠰᠢᠪᠡᠨᠡᠯᠳᠦᠭᠡᠳ 
 ᠠᠷᠪᠠᠨ ᠬᠣᠶᠠᠷ ᠲᠣᠯᠣᠭᠠᠢ ᠲᠠᠢ 
 ᠠᠲᠤᠭᠠᠷ ᠬᠠᠷ᠎ᠠ ᠮᠠᠩᠭᠤᠰ ᠤ᠋ᠨ 
 ᠬᠥᠮᠦᠨ ᠦ᠌ ᠶᠠᠰᠤ ᠪᠠᠷ ᠬᠦᠷᠢᠶᠡᠯᠡᠵᠦ 
 ᠬᠡᠦᠬᠡᠳ ᠦ᠋ᠨ ᠶᠠᠰᠤ ᠪᠠᠷ ᠬᠤᠴᠢᠭᠰᠠᠨ 
 ᠭᠠᠪᠠᠯᠠ ᠶ᠋ᠢᠨ ᠶᠠᠰᠤ ᠪᠠᠷ ᠭᠠᠳᠠᠷᠯᠠᠵᠤ 
 ᠭᠠᠷ ᠬᠥᠯ ᠦ᠋ᠨ ᠶᠠᠰᠤ ᠪᠠᠷ ᠳᠣᠲᠣᠷᠯᠠᠭᠰᠠᠨ 
 ᠬᠣᠣᠷᠲᠤ ᠮᠣᠭᠠᠢ ᠶ᠋ᠢᠨ ᠪᠦᠰᠡᠯᠡᠭᠦᠷ ᠲᠡᠢ 
 ᠬᠥᠮᠦᠨ ᠦ᠌ ᠠᠷᠠᠰᠤᠨ ᠬᠠᠶᠠᠭᠠᠪᠴᠢ ᠲᠠᠢ 
 ᠢᠷᠣ᠎ᠠ ᠲᠠᠲᠠᠭᠰᠠᠨ ᠭᠡᠷ ᠲᠦ᠋ᠨᠢ 
 ᠢᠷᠣ᠎ᠠ ᠮᠠᠭᠤ ᠲᠠᠢ ᠰᠠᠭᠤᠷᠢ ᠳ᠋ᠤᠨᠢ ᠣᠢᠷᠠᠳᠴᠤ᠂ 
 ᠰᠠᠷᠠᠪᠴᠢ ᠶ᠋ᠢ ᠨᠢ ᠳᠡᠭᠡᠭᠰᠢ ᠵᠠᠪᠰᠠᠷᠯᠠᠵᠤ 
 ᠱᠠᠭᠠᠢᠵᠤ ᠳᠣᠷᠣᠭᠰᠢ ᠬᠠᠷᠠᠭᠰᠠᠨ ᠳ᠋ᠤ᠌᠂ 
 ᠠᠶᠤᠩᠭ᠎ᠠ ᠶ᠋ᠢᠨ ᠨᠢᠷᠭᠡᠯᠲᠡ ᠳ᠋ᠦ᠍ ᠳᠠᠭᠠᠷᠢᠭᠳᠠᠪᠠ ᠭᠡᠵᠦ 
 ᠠᠶᠤᠯ ᠵᠢᠭᠲᠡᠢ ᠪᠡᠷ ᠵᠡᠭᠦᠳᠦᠯᠡᠵᠦ 
 ᠠᠶᠤᠨ ᠡᠮᠢᠶᠡᠨ ᠠᠲᠤᠷᠢᠵᠤ 
 ᠠᠶᠤᠤᠯᠢᠬᠠᠢ ᠪᠠᠨ ᠢᠷᠡᠨ ᠤᠨᠲᠠᠬᠤ ᠳ᠋ᠤ᠌ 
 ᠬᠠᠮᠠᠷ ᠤ᠋ᠨ ᠬᠣᠶᠠᠷ ᠨᠦᠬᠡᠨ ᠡᠴᠡ ᠨᠢ 
 ᠬᠠᠷ᠎ᠠ ᠠᠯᠲᠠᠨ ᠯᠤᠤ ᠰᠦᠯᠵᠢᠵᠦ ᠪᠠᠢᠨ᠎ᠠ ᠭᠡᠨ᠎ᠡ᠃ 
 ᠵᠢᠷᠪᠢᠯᠵᠡᠭᠰᠡᠨ ᠬᠣᠶᠠᠷ ᠯᠤᠤ ᠶ᠋ᠢᠨ 
 ᠵᠡᠷᠭᠡᠴᠡᠬᠦ ᠶ᠋ᠢ ᠲᠠᠭᠠᠷᠠᠭᠤᠯᠵᠤ ᠬᠠᠷᠪᠤᠭᠠᠳ 
 ᠵᠡᠷᠭᠡ ᠪᠡᠷ ᠨᠢ ᠰᠦᠪᠡᠯᠡᠵᠦ ᠠᠯᠠᠬᠤ ᠳ᠋ᠤ᠌ 
 ᠠᠷᠪᠠᠨ ᠬᠣᠶᠠᠷ ᠲᠣᠯᠣᠭᠠᠢ ᠲᠠᠢ 
 ᠠᠲᠤᠭᠠᠷ ᠬᠠᠷ᠎ᠠ ᠮᠠᠩᠭᠤᠰ 
 ᠠᠶᠤᠩᠭ᠎ᠠ ᠰᠢᠭ᠋ ᠪᠠᠷᠬᠢᠷᠠᠵᠤ 
 ᠠᠭᠵᠠᠰ ᠭᠡᠵᠦ ᠦᠰᠦᠷᠦᠨ ᠪᠣᠰᠤᠭᠠᠳ 
 ᠴᠢᠨᠣ᠎ᠠ ᠶ᠋ᠢᠨ ᠰᠢᠳᠦ ᠲᠡᠢ ᠰᠢᠳᠠᠮ ᠢ᠋ᠶ᠋ᠠᠨ 
 ᠰᠢᠭᠦᠷᠡᠨ ᠠᠪᠤᠭᠠᠳ ᠵᠠᠨᠴᠢᠭᠰᠠᠨ ᠳ᠋ᠤ᠌ 
 ᠰᠢᠷᠡᠭᠡᠲᠦ ᠶ᠋ᠢᠨ ᠮᠡᠷᠭᠡᠨ ᠬᠠᠭᠠᠨ ᠬᠦᠦ 
 ᠰᠢᠳᠠᠮ ᠢ᠋ ᠨᠢ ᠲᠣᠰᠣᠨ ᠴᠠᠪᠴᠢᠵᠤ 
 ᠳᠣᠣᠷ᠎ᠠ ᠪᠠᠨ ᠬᠣᠶᠠᠭᠤᠯᠠ ᠲᠤᠯᠤᠯᠳᠤᠵᠤ 
 ᠳᠣᠯᠣᠭ᠎ᠠ ᠨᠠᠢ᠍ᠮᠠ ᠵᠥᠷᠢᠯᠳᠦᠨ 
 ᠡᠷᠭᠢᠵᠦ ᠬᠣᠶᠠᠭᠤᠯᠠ ᠲᠤᠯᠤᠯᠳᠤᠵᠤ 
 ᠶᠢᠰᠦ ᠠᠷᠪᠠ ᠵᠥᠷᠢᠯᠳᠦᠨ 
 ᠠᠰ ᠳᠣᠣᠷ᠎ᠠ ᠪᠠᠨ ᠲᠤᠯᠤᠯᠳᠤᠵᠤ 
 ᠠᠷᠪᠠ ᠬᠣᠷᠢ ᠵᠥᠷᠢᠯᠳᠦᠨ 
 ᠬᠤᠷᠳᠤᠨ ᠳᠠᠷᠤᠢ ᠲᠤᠯᠤᠯᠳᠤᠵᠤ  
 ᠬᠣᠷᠢ ᠭᠤᠴᠢ ᠵᠥᠷᠢᠯᠳᠦᠨ 
 ᠠᠲᠤᠭᠠᠷ ᠬᠠᠷ᠎ᠠ ᠮᠠᠩᠭᠤᠰ ᠠᠭᠤᠷᠯᠠᠨ 
 ᠠᠭᠤᠯᠠ ᠪᠠᠷ ᠠᠪᠤᠨ ᠴᠢᠯᠠᠭᠤᠳᠠᠵᠤ 
 ᠬᠠᠭᠠᠨ ᠬᠦᠦ ᠬᠢᠯᠢᠩᠨᠡᠵᠦ 
 ᠬᠠᠳᠠ ᠪᠠᠷ ᠠᠪᠤᠨ ᠰᠢᠲᠠᠵᠤ 
 ᠬᠥᠷᠥᠰᠥᠲᠦ ᠳᠡᠯᠡᠬᠡᠢ ᠶ᠋ᠢ ᠬᠥᠪᠬᠡᠯᠵᠡᠲᠡᠯ᠎ᠡ 
 ᠬᠥᠬᠡ ᠳᠠᠯᠠᠢ ᠶ᠋ᠢ ᠴᠠᠯᠭᠢᠭᠤᠯᠵᠤ᠂ 
 ᠠᠯᠲᠠᠨ ᠳᠡᠯᠡᠬᠡᠢ ᠶ᠋ᠢ ᠳᠣᠷᠭᠢᠭᠤᠯᠵᠤ 
 ᠠᠷᠤ ᠳᠠᠯᠠᠢ ᠶ᠋ᠢ ᠪᠤᠴᠠᠯᠲᠠᠯ᠎ᠠ 
 ᠠᠯᠠᠯᠳᠤᠭᠴᠢ ᠨᠢᠭᠡ ᠶ᠋ᠢ ᠪᠣᠳᠣᠬᠤ ᠨᠢ᠄ 
 《ᠠᠪᠤ ᠡᠵᠢ ᠪᠡᠨ ᠬᠠᠮᠠᠭᠠᠯᠠᠵᠤ 
 ᠠᠷᠠᠳ ᠪᠦᠬᠦᠨ ᠢ᠋ᠶ᠋ᠡᠨ ᠭᠠᠷᠭᠠᠵᠤ 
 ᠠᠴᠢ ᠬᠡᠦᠬᠡᠳ ᠢ᠋ᠶ᠋ᠡᠨ ᠦᠷᠡᠵᠢᠭᠦᠯᠵᠦ 
 ᠠᠯᠪᠠᠲᠠᠨ ᠪᠣᠭᠣᠯᠴᠢᠯᠠᠬᠤ ᠠ᠋ᠴᠠ ᠠᠩᠭᠢᠵᠢᠷᠠᠭᠤᠯᠵᠤ 
 ᠠᠮᠤᠷ ᠰᠠᠢᠨ ᠳ᠋ᠠᠭᠠᠨ ᠠᠮᠢᠳᠤᠷᠠᠶ᠎ᠠ》 ᠭᠡᠳ 
 ᠠᠷᠭ᠎ᠠ ᠪᠠᠨ ᠭᠦᠢᠴᠡᠳᠬᠡᠨ ᠬᠦᠴᠦᠯᠡᠵᠦ 
 《ᠭᠣᠯᠣᠮᠲᠠ ᠪᠠᠨ ᠪᠠᠯᠠᠷᠠᠭᠤᠯᠤᠭᠰᠠᠨ ᠦᠰ ᠢ᠋ᠶ᠋ᠡᠨ 
 ᠭᠣᠮᠣᠳᠠᠯ ᠦᠭᠡᠢ ᠬᠠᠷᠢᠭᠤᠯᠤᠶ᠎ᠠ》 ᠭᠡᠵᠦ 
 ᠠᠯᠠᠬᠤ ᠰᠡᠳᠬᠢᠯ ᠰᠢᠭᠤᠳᠴᠠᠢ᠃ 
 ᠠᠰᠲᠠᠭᠠᠨ ᠨᠢᠭᠡ ᠨᠢ ᠪᠣᠳᠣᠭᠰᠠᠨ ᠨᠢ 
 《ᠠᠭᠠᠷ ᠤ᠋ᠨ ᠨᠠᠷᠠᠨ ᠢ᠋ ᠠᠳᠬᠤᠵᠤ 
 ᠠᠯᠲᠠᠨ ᠳᠡᠯᠡᠬᠡᠢ ᠶ᠋ᠢ ᠭᠢᠰᠬᠢᠯᠡᠵᠦ 
 ᠠᠯᠳᠠᠷᠲᠤ ᠪᠠᠭᠠᠲᠤᠷ ᠤ᠋ᠳ ᠢ᠋ ᠰᠥᠨᠥᠭᠡᠵᠦ 
 ᠠᠭᠤᠳᠠᠮ ᠣᠷᠣᠨ ᠢ᠋ ᠨᠢ ᠡᠵᠡᠯᠡᠵᠦ 
 ᠠᠷᠠᠳ ᠣᠯᠠᠨ ᠢ᠋ ᠨᠢ ᠠᠯᠪᠠᠳᠠᠵᠤ 
 ᠠᠮᠢᠲᠠᠨ ᠪᠦᠬᠦᠨ ᠢ᠋ ᠳᠠᠷᠤᠯᠠᠶ᠎ᠠ 》 ᠭᠡᠳ 
 《ᠰᠦᠨᠡᠰᠦ ᠪᠡᠨ ᠠᠯᠳᠠᠭᠰᠠᠨ ᠦᠰ ᠢ᠋ᠶ᠋ᠡᠨ 
 ᠰᠢᠨᠲᠠᠷᠠᠯ ᠦᠭᠡᠢ ᠠᠪᠤᠶ᠎ᠠ》 ᠭᠡᠵᠦ 
 ᠠᠮᠢ ᠪᠠᠨ ᠬᠠᠶᠠᠵᠤ ᠳᠣᠭᠰᠢᠷᠠᠨ 
 ᠠᠭᠤᠯᠠ ᠬᠠᠳᠠ ᠶ᠋ᠢ ᠨᠤᠷᠠᠲᠠᠯ᠎ᠠ 
 ᠠᠭᠤᠳᠠᠮ ᠲᠠᠯ᠎ᠠ ᠶ᠋ᠢ ᠳᠡᠪᠲᠦᠲᠡᠯ᠎ᠡ 
 ᠤᠰᠤ ᠮᠥᠷᠡᠨ ᠢ᠋ ᠣᠷᠭᠢᠯᠲᠠᠯ᠎ᠠ 
 ᠣᠢ ᠰᠢᠭᠤᠢ ᠶ᠋ᠢ ᠬᠡᠪᠲᠡᠲᠡᠯ᠎ᠡ 
 ᠲᠠᠮᠢᠷ ᠲᠡᠩᠬᠡᠭᠡ ᠪᠡᠨ ᠦᠵᠡᠯᠴᠡᠨ 
 ᠳᠡᠰ ᠨᠢᠰ ᠵᠣᠳᠣᠯᠴᠠᠨ 
 ᠡᠷ᠎ᠡ ᠬᠦᠴᠦ ᠪᠡᠨ ᠦᠵᠡᠯᠴᠡᠨ 
 ᠡᠷᠭᠢ ᠶᠡᠭᠦᠷᠡᠲᠡᠯ᠎ᠡ ᠵᠠᠨᠴᠢᠯᠳᠤᠨ 
 ᠭᠠᠩ ᠵᠡᠪᠰᠡᠭ ᠨᠢ ᠮᠥᠷᠭᠥᠯᠳᠦᠨ 
 ᠭᠠᠯ ᠤ᠋ᠨ ᠨᠣᠷᠮ᠎ᠠ ᠨᠢ ᠪᠤᠲᠠᠷᠠᠨ 
 ᠬᠠᠷᠪᠤᠭᠰᠠᠨ ᠰᠤᠮᠤ ᠨᠢ ᠬᠢᠮᠤᠷᠠᠯᠳᠤᠨ 
 ᠬᠠᠭ᠎ᠠ ᠨᠢᠴᠠ ᠣᠴᠢᠵᠤ 
 ᠬᠥᠲᠥ ᠵᠣᠷᠢᠨ ᠭᠠᠷᠴᠤ 
 ᠬᠥᠷᠪᠡᠨ ᠳᠠᠬᠢᠨ ᠣᠷᠣᠵᠤ 
 ᠭᠡᠯᠲᠡ ᠵᠣᠷᠢᠨ ᠭᠠᠷᠴᠤ᠂ 
 ᠬᠡᠯᠪᠡᠷᠢᠨ ᠳᠠᠬᠢᠨ ᠣᠷᠣᠵᠤ 
 ᠬᠠᠷᠠᠩᠭᠤᠢ ᠰᠥᠨᠢ ᠶ᠋ᠢᠨ ᠬᠣᠭᠣᠷᠣᠨᠳᠣ 
 ᠬᠠᠷᠠᠭ᠎ᠠ ᠶ᠋ᠢ ᠨᠢ ᠦᠵᠡᠨ ᠲᠤᠯᠤᠯᠳᠤᠵᠤ 
 ᠰᠠᠷᠠᠭᠤᠯ ᠰᠥᠨᠢ ᠶ᠋ᠢᠨ ᠬᠣᠭᠣᠷᠣᠨᠳᠣ 
 ᠰᠡᠭᠦᠳᠡᠷ ᠢ᠋ ᠨᠢ ᠦᠵᠡᠨ ᠪᠠᠢᠯᠳᠤᠵᠤ 
 ᠠᠯᠠᠶ᠎ᠠ ᠭᠡᠰᠡᠨ ᠰᠡᠳᠬᠢᠯ ᠨᠢ 
 ᠠᠭᠠᠷ ᠢ᠋ ᠲᠤᠯᠤᠨ ᠪᠠᠳᠠᠷᠠᠵᠤ 
 ᠠᠶᠤᠩᠭ᠎ᠠ ᠮᠡᠲᠦ ᠳᠠᠭᠤᠨ ᠨᠢ 
 ᠠᠷᠪᠠᠨ ᠰᠢᠯᠢ ᠶ᠋ᠢ ᠪᠦᠷᠬᠦᠵᠦ 
 ᠵᠠᠨᠤᠯᠲᠤ ᠰᠡᠳᠬᠢᠯ ᠨᠢ ᠪᠠᠳᠠᠷᠠᠵᠤ
 ᠵᠠᠪᠠᠯ ᠠᠯᠠᠶ᠎ᠠ ᠭᠡᠵᠦ ᠪᠣᠳᠣᠭᠠᠳ 
 ᠵᠢᠭᠠᠵᠤ ᠢᠷᠡᠬᠦ ᠵᠡᠪᠰᠡᠭ ᠦ᠋ᠳ ᠨᠢ 
 ᠵᠢᠬᠡᠭᠦᠨ ᠰᠠᠯᠬᠢᠨ ᠲᠠᠲᠠᠵᠤ 
 ᠰᠢᠲᠦ ᠪᠡᠨ ᠬᠠᠪᠢᠷᠤᠭᠰᠠᠨ ᠰᠡᠳᠬᠢᠯ ᠨᠢ 
 ᠰᠢᠷᠦᠭᠦᠨ ᠠᠶᠤᠮᠠᠷ ᠪᠣᠯᠵᠤ 
 ᠰᠢᠷᠦᠭᠦᠨ ᠢᠷᠡᠬᠦ ᠵᠡᠪᠰᠡᠭ ᠨᠢ 
 ᠰᠢᠷᠦᠭᠦᠨ ᠰᠠᠯᠬᠢᠨ ᠳᠡᠭᠳᠡᠭᠡᠵᠦ 
 ᠳᠠᠬᠢᠨ ᠳᠠᠬᠢᠨ ᠲᠤᠯᠤᠯᠳᠤᠵᠤ 
 ᠲᠠᠪᠤᠨ ᠡᠳᠦᠷ ᠪᠣᠯᠵᠤ 
 ᠵᠠᠭᠤᠷᠠᠯᠳᠤᠨ ᠵᠠᠭᠤᠷᠠᠯᠳᠤᠨ ᠨᠣᠴᠣᠯᠳᠤᠵᠤ 
 ᠵᠢᠷᠭᠤᠭᠠᠨ ᠡᠳᠦᠷ ᠪᠣᠯᠤᠭᠰᠠᠨ ᠳ᠋ᠤ᠌ 
 ᠠᠲᠤᠭᠠᠷ ᠬᠠᠷ᠎ᠠ ᠮᠠᠩᠭᠤᠰ ᠤ᠋ᠨ 
 ᠠᠤᠭ᠎ᠠ ᠬᠦᠴᠦ ᠨᠢ ᠪᠠᠭᠤᠷᠠᠵᠤ 
 ᠠᠳᠬᠤᠭᠰᠠᠨ ᠵᠡᠪᠰᠡᠭ ᠨᠢ ᠬᠦᠨᠳᠦᠷᠡᠵᠦ 
 ᠠᠷᠤ ᠶ᠋ᠢᠨ ᠬᠥᠯᠥᠰᠥ ᠨᠢ ᠭᠣᠭᠣᠵᠢᠭᠠᠳ 
 ᠬᠠᠯᠠᠰᠢᠷᠠᠵᠤ ᠳᠣᠲᠣᠷ᠎ᠠ ᠨᠢ ᠪᠥᠭᠯᠡᠷᠡᠵᠦ 
 ᠬᠠᠷᠠᠯᠠᠵᠤ ᠳᠣᠲᠣᠷ᠎ᠠ ᠨᠢ ᠮᠠᠨᠠᠷᠠᠵᠤ 
 ᠬᠠᠷᠢᠭᠤᠯᠤᠨ ᠵᠣᠳᠣᠬᠤ ᠶ᠋ᠢ ᠬᠡᠯᠡᠬᠦ ᠦᠭᠡᠢ 
 ᠬᠠᠯᠬᠠᠯᠠᠬᠤ ᠵᠠᠢ ᠴᠤ᠌ ᠣᠯᠳᠠᠬᠤ ᠦᠭᠡᠢ 
 ᠴᠠᠪᠴᠢᠵᠤ ᠪᠠᠭᠤᠬᠤ ᠢᠯᠳᠦ ᠨᠢ 
 ᠴᠠᠬᠢᠯᠭᠠᠨ ᠤ᠋ ᠭᠡᠷᠡᠯ ᠰᠢᠭ ᠭᠢᠯᠪᠠᠯᠵᠠᠵᠤ 
 ᠴᠠᠰᠤ ᠯᠠᠪᠰᠠᠭ ᠪᠠᠭᠤᠬᠤ ᠰᠢᠭ᠋ 
 ᠴᠠᠭᠠᠨ᠎ᠠ ᠨᠠᠭᠠᠨ᠎ᠠ ᠨᠢ ᠲᠣᠰᠴᠤ 
 ᠮᠥᠯᠢᠢᠭᠰᠡᠨ ᠡᠷᠳᠡᠨᠢ ᠶ᠋ᠢᠨ ᠢᠯᠳᠦ ᠨᠢ 
 ᠮᠤᠩᠬᠠᠭ ᠮᠠᠩᠭᠤᠰ ᠤ᠋ᠨ ᠲᠣᠯᠣᠭᠠᠢ ᠤᠷᠤᠭᠤ 
 ᠮᠥᠨᠳᠥᠷ ᠣᠷᠣᠬᠤ ᠰᠢᠭ᠋ ᠪᠠᠭᠤᠵᠤ 
 ᠮᠤᠯᠲᠤ ᠮᠤᠯᠲᠤ ᠴᠠᠪᠴᠢᠭᠰᠠᠨ ᠳ᠋ᠤ᠌ 
 ᠮᠢᠬ᠎ᠠ ᠤᠨᠠᠭᠰᠠᠨ ᠭᠠᠵᠠᠷ ᠠ᠋ᠴᠠ ᠨᠢ 
 ᠮᠠᠩᠭᠤᠰ ᠪᠣᠰᠤᠨ ᠭᠠᠷᠴᠤ 
 ᠮᠠᠨᠴᠤᠷᠭ᠎ᠠ ᠪᠠᠨ ᠰᠢᠭᠦᠷᠡᠨ ᠭᠦᠶᠦᠭᠡᠳ 
 ᠮᠢᠬ᠎ᠠ ᠢᠳᠡᠶ᠎ᠡ ᠭᠡᠵᠦ ᠪᠠᠷᠬᠢᠷᠠᠵᠠᠢ᠃ 
 ᠴᠢᠰᠤ ᠲᠤᠰᠤᠭᠰᠠᠨ ᠭᠠᠵᠠᠷ ᠠ᠋ᠴᠠ ᠨᠢ 
 ᠰᠢᠮᠨᠤᠰ ᠪᠣᠰᠤᠨ ᠭᠠᠷᠴᠤ 
 ᠰᠢᠳᠠᠮ ᠢ᠋ᠶ᠋ᠠᠨ ᠰᠢᠭᠦᠷᠡᠨ ᠭᠦᠶᠦᠭᠡᠳ 
 ᠴᠢᠰᠤ ᠤᠤᠭᠤᠶ᠎ᠠ ᠭᠡᠵᠦ ᠪᠠᠷᠬᠢᠷᠠᠵᠠᠢ᠃ 
 ᠣᠯᠠᠨ ᠮᠠᠩᠭᠤᠰ ᠦᠢᠮᠡᠯᠳᠦᠨ 
 ᠣᠴᠢᠬᠤ ᠵᠠᠮ ᠢ᠋ ᠨᠢ ᠬᠠᠭᠠᠵᠤ᠂ 
 ᠠᠷᠪᠢᠨ ᠰᠢᠮᠨᠤᠰ ᠠᠷᠵᠠᠢᠵᠤ 
 ᠠᠯᠬᠤᠬᠤ ᠵᠠᠮ ᠢ᠋ ᠨᠢ ᠬᠠᠭᠠᠵᠤ᠂ 
 ᠡᠷᠭᠢᠨ ᠲᠣᠭᠣᠷᠢᠨ ᠡᠷᠪᠡᠢᠵᠦ 
 ᠡᠷᠭᠢᠬᠦ ᠵᠠᠮ ᠢ᠋ ᠨᠢ ᠬᠠᠭᠠᠵᠤ᠂ 
 ᠪᠤᠭ ᠴᠢᠳᠬᠥᠷ ᠨᠢ ᠪᠣᠰᠴᠤ 
 ᠪᠤᠴᠠᠬᠤ ᠵᠠᠮ ᠢ᠋ ᠨᠢ ᠬᠠᠯᠬᠠᠯᠠᠵᠤ᠂ 
 ᠪᠤᠭᠤᠷᠤᠯ ᠰᠠᠭᠠᠷᠠᠯ ᠢ᠋ᠶ᠋ᠠᠷ ᠪᠠᠷᠬᠢᠷᠠᠵᠤ 
 ᠪᠤᠰᠢᠭᠤᠬᠠᠨ ᠵᠠᠪᠳᠤᠵᠤ ᠢᠷᠡᠨ᠎ᠡ᠃ 
 ᠵᠦᠭ ᠵᠦᠭ ᠡᠴᠡ ᠨᠢ ᠮᠠᠨᠴᠤᠷᠭᠠᠳᠠᠵᠤ 
 ᠵᠣᠭᠰᠣᠭᠠᠬᠤ ᠴᠢᠯᠥᠭᠡ ᠣᠯᠭᠣᠬᠤ ᠦᠭᠡᠢ᠂ 
 ᠵᠣᠪᠬᠢᠰ ᠵᠣᠪᠬᠢᠰ ᠠ᠋ᠴᠠ ᠨᠢ ᠰᠢᠳᠠᠮᠳᠠᠵᠤ 
 ᠵᠠᠢᠯᠠᠬᠤ ᠵᠠᠪᠰᠢᠶᠠᠨ ᠣᠯᠭᠣᠬᠤ ᠦᠭᠡᠢ 
 ᠬᠤᠯᠠᠭᠤᠨ ᠨᠢᠭᠤᠵᠤ ᠣᠢᠷᠠᠲᠤᠨ 
 ᠬᠣᠢᠨ᠎ᠠ ᠠ᠋ᠴᠠ ᠨᠢ ᠭᠡᠲᠡᠵᠦ ᠢᠷᠡᠨ 
 ᠰᠢᠷᠡᠭᠡᠲᠦ ᠶ᠋ᠢᠨ ᠮᠡᠷᠭᠡᠨ ᠬᠠᠭᠠᠨ ᠬᠦᠦ ᠶ᠋ᠢ 
 ᠰᠢᠳᠠᠮᠳᠠᠵᠤ ᠮᠣᠷᠢᠨ ᠠ᠋ᠴᠠ ᠤᠨᠠᠭᠠᠭᠰᠠᠨ ᠳ᠋ᠤ᠌ 
 ᠠᠲᠤᠭᠠᠷ ᠬᠠᠷ᠎ᠠ ᠮᠠᠩᠭᠤᠰ 
 ᠠᠮᠠ ᠪᠠᠨ ᠠᠩᠭᠠᠢᠨ ᠪᠠᠶᠠᠷᠯᠠᠵᠤ 
 ᠠᠮᠢᠳᠤ ᠮᠢᠬ᠎ᠠ ᠢᠳᠡᠶ᠎ᠡ ᠭᠡᠵᠦ 
 ᠠᠷᠪᠠᠢᠨ ᠰᠡᠷᠪᠡᠢᠨ ᠢᠷᠡᠭᠰᠡᠨ ᠳ᠋ᠦ᠍ ᠭ
 ᠡᠨᠡᠳᠲᠡ ᠭᠦᠶᠦᠨ ᠪᠣᠰᠴᠤ 
 ᠭᠡᠳᠡᠰᠦ ᠳᠡᠭᠡᠷ᠎ᠡ ᠨᠢ ᠣᠨᠢᠯᠠᠵᠤ 
 ᠭᠡᠳᠡᠷᠭᠡᠨ ᠣᠢᠴᠢᠲᠠᠯ᠎ᠠ ᠢᠰᠬᠦᠯᠵᠦ 
 ᠭᠡᠵᠢᠭᠡᠨ ᠡᠴᠡ ᠨᠢ ᠬᠣᠷᠢᠶᠠᠨ ᠪᠠᠷᠢᠭᠰᠠᠨ ᠳ᠋ᠤ᠌ 
 ᠦᠮᠡᠬᠡᠢ ᠮᠠᠭᠤ ᠮᠠᠩᠭᠤᠰ 
 ᠢᠩᠭᠢᠵᠦ ᠶᠠᠭᠠᠬᠢᠵᠤ ᠪᠣᠯᠬᠤ ᠪᠣᠢ? ᠭᠡᠳ 
 ᠡᠷᠢᠶᠡᠨ ᠪᠠᠷᠢᠶᠠᠨ ᠪᠠᠷᠬᠢᠷᠠᠵᠤ  
 ᠡᠷᠭᠢᠨ ᠲᠠᠬᠢᠵᠤ ᠪᠣᠰᠤᠶ᠎ᠠ ᠭᠡᠲᠡᠯ᠎ᠡ 
 ᠰᠢᠷᠡᠭᠡᠲᠦ ᠶ᠋ᠢᠨ ᠮᠡᠷᠭᠡᠨ ᠬᠠᠭᠠᠨ ᠬᠦᠦ 
 ᠰᠢᠯᠢᠨ ᠬᠦᠵᠦᠭᠦᠦ ᠳᠡᠭᠡᠷ᠎ᠡ ᠨᠢ ᠭᠢᠰᠬᠢᠵᠦ 
 ᠰᠢᠷᠡᠮᠦᠨ ᠪᠣᠯᠣᠳ ᠨᠢᠳᠤᠷᠭ᠎ᠠ ᠪᠠᠷ 
 ᠰᠢᠯᠵᠢᠯ ᠦᠭᠡᠢ ᠴᠣᠬᠢᠭᠰᠠᠨ ᠳ᠋ᠤ᠌ 
 ᠬᠥᠬᠡ ᠨᠢᠳᠦ ᠨᠢ ᠡᠷᠢᠶᠡᠯᠵᠢᠵᠦ 
 ᠬᠦᠷᠡᠩ ᠬᠡᠯᠡ ᠨᠢ ᠤᠨᠵᠢᠢᠵᠤ 
 ᠬᠦᠴᠦ ᠲᠠᠮᠢᠷ ᠨᠢ ᠰᠠᠷᠨᠢᠵᠤ 
 ᠬᠥᠳᠡᠭᠡ ᠳᠠᠰᠢ ᠬᠠᠨᠳᠤᠨ ᠬᠡᠪᠲᠡᠭᠡᠳ᠂ 
 ᠰᠢᠷᠡᠭᠡᠲᠦ ᠶ᠋ᠢᠨ ᠮᠡᠷᠭᠡᠨ ᠬᠠᠭᠠᠨ ᠬᠦᠦ ᠳ᠋ᠦ᠍ 
 ᠰᠢᠯᠵᠢᠯ ᠦᠭᠡᠢ ᠮᠥᠷᠭᠥᠵᠦ 
 ᠰᠢᠵᠢᠮ ᠲᠡᠳᠦᠢ ᠠᠮᠢ ᠪᠠᠨ 
 ᠰᠢᠪᠬᠠᠲᠠᠯ᠎ᠠ ᠪᠠᠨ ᠭᠤᠶᠤᠵᠤ ᠪᠠᠢᠬᠤ ᠨᠢ᠄ 
 《ᠠᠯᠢᠪᠠ ᠬᠥᠷᠥᠩᠭᠡ ᠪᠡᠨ ᠥᠭᠭᠦᠶ᠎ᠡ ᠪᠢ᠂ 
 ᠠᠯᠲᠠ ᠮᠥᠩᠭᠥ ᠪᠡᠨ ᠪᠠᠷᠢᠶ᠎ᠠ ᠪᠢ᠂ 
 ᠠᠯᠪᠠᠲᠤ ᠪᠣᠭᠣᠯ ᠴᠢᠨᠢ ᠪᠣᠯᠤᠶ᠎ᠠ ᠪᠢ᠂ 
 ᠠᠭᠲᠠ ᠶ᠋ᠢᠨ ᠬᠥᠲᠥᠴᠢ ᠪᠡᠷ ᠴᠢᠨᠢ ᠶᠠᠪᠤᠶ᠎ᠠ ᠪᠢ᠂ 
 ᠲᠠᠰᠢᠭᠤᠷ ᠢ᠋ ᠴᠢᠨᠢ ᠡᠷᠭᠦᠵᠦ 
 ᠳᠥᠷᠥᠭᠡ ᠶ᠋ᠢ ᠴᠢᠨᠢ ᠲᠦᠰᠢᠵᠦ 
 ᠬᠠᠷ᠎ᠠ ᠲᠣᠯᠣᠭᠠᠢ ᠪᠠᠨ ᠳᠠᠷᠤᠵᠤ 
 ᠬᠠᠮᠤᠭ ᠬᠦᠴᠦ ᠪᠡᠨ ᠡᠷᠭᠦᠶ᠎ᠡ᠂ 
 ᠠᠮᠢ ᠶ᠋ᠢ ᠮᠢᠨᠢ ᠠᠪᠤᠷᠠᠪᠠᠯ 
 ᠠᠮᠢᠳᠤ ᠪᠤᠷᠬᠠᠨ ᠰᠢᠭ᠋ ᠰᠢᠲᠦᠶ᠎ᠡ᠂ 
 ᠠᠯᠠᠬᠤ ᠪᠠᠨ ᠵᠣᠭᠰᠣᠵᠤ 
 ᠨᠠᠮᠠᠶ᠋ᠢ ᠠᠭᠤᠴᠢᠯᠠᠨ ᠥᠷᠥᠰᠢᠶᠡ》 ᠭᠡᠰᠡᠨ ᠳ᠋ᠦ᠍ 
 ᠮᠠᠩᠭᠤᠰ ᠤ᠋ᠨ ᠶᠠᠯ᠎ᠠ ᠶ᠋ᠢ ᠨᠢ ᠲᠣᠭᠠᠴᠢᠵᠤ 
 ᠮᠠᠭᠤ ᠲᠡᠦᠬᠡ ᠶ᠋ᠢ ᠨᠢ ᠶᠠᠷᠢᠵᠤ 
 ᠣᠯᠠᠨ ᠤ᠋ ᠦᠰ ᠢ᠋ ᠠᠪᠬᠤ ᠳ᠋ᠤ᠌ 
 ᠣᠭᠲᠣ ᠴᠢᠮ᠎ᠠ ᠶ᠋ᠢ ᠥᠷᠥᠰᠢᠶᠡᠬᠦ ᠦᠭᠡᠢ 
 ᠴᠢᠨᠦ ᠭᠠᠷ ᠲᠤ᠌ ᠦᠬᠦᠭᠰᠡᠨ 
 ᠰᠢᠳᠤᠷᠭᠤ ᠠᠷᠠᠳ ᠤ᠋ᠨ ᠲᠥᠯᠥᠭᠡ ᠭᠡᠵᠦ 
 ᠡᠷᠳᠡᠨᠢ ᠶ᠋ᠢᠨ ᠢᠯᠳᠦ ᠪᠡᠨ ᠳᠠᠯᠠᠢᠵᠤ 
 ᠡᠷᠭᠢᠭᠦᠦ ᠲᠣᠯᠣᠭᠠᠢ ᠶ᠋ᠢ ᠨᠢ ᠲᠠᠰᠤ ᠴᠠᠪᠴᠢᠭᠠᠳ 
 ᠲᠡᠮᠦᠷ ᠬᠡᠷᠡᠮ ᠢ᠋ ᠨᠢ ᠡᠪᠳᠡᠵᠦ 
 ᠲᠦᠪᠡᠭᠳᠡᠭᠰᠡᠨ ᠣᠯᠠᠨ ᠢ᠋ᠶ᠋ᠠᠨ ᠲᠠᠯᠪᠢᠵᠤ 
 ᠠᠪᠤ ᠡᠵᠢ ᠪᠡᠨ ᠠᠪᠤᠭᠠᠳ 
 ᠠᠷᠠᠳ ᠣᠯᠠᠨ ᠢ᠋ᠶ᠋ᠠᠨ ᠳᠠᠭᠠᠭᠤᠯᠵᠤ 
 ᠠᠴᠢᠶ᠎ᠠ ᠬᠥᠰᠬᠡ ᠪᠡᠨ ᠵᠠᠰᠠᠵᠤ 
 ᠠᠶᠠᠨ ᠵᠠᠮ ᠳ᠋ᠠᠭᠠᠨ ᠮᠣᠷᠳᠠᠬᠤ ᠳ᠋ᠠᠭᠠᠨ 
 ᠮᠠᠩᠭᠤᠰ ᠤ᠋ᠨ ᠨᠢᠭᠦᠯᠲᠦ ᠦᠬᠦᠳᠡᠯ ᠢ᠋ 
 ᠮᠠᠭᠤ ᠬᠠᠷᠰᠢ ᠣᠷᠳᠣᠨ ᠲᠠᠢ ᠨᠢ  
 ᠵᠢᠩᠰᠡᠷᠭᠡᠯᠡᠨ ᠭᠠᠯ ᠲᠠᠯᠪᠢᠵᠤ 
 ᠵᠡᠭᠦᠨ ᠡᠮᠦᠨ᠎ᠡ ᠲᠢᠪ ᠲᠡᠭᠡᠨ ᠢᠷᠡᠭᠰᠡᠨ ᠳ᠋ᠦ᠍ 
 ᠬᠢᠯᠠᠭᠤᠨ ᠮᠡᠷᠭᠡᠨ ᠠᠪᠠᠭᠠᠢ ᠨᠢ 
 ᠬᠡᠵᠢᠶᠡᠨᠡᠢ ᠬᠦᠷᠴᠦ ᠢᠷᠡᠭᠡᠳ 
 ᠬᠡᠷᠡᠮ ᠬᠠᠰᠢᠶ᠎ᠠ ᠪᠠᠨ ᠵᠠᠰᠠᠵᠤ 
 ᠬᠡᠪ ᠳᠦᠷᠢ ᠪᠡᠷ ᠪᠣᠯᠭᠠᠵᠠᠢ᠃ 
 ᠬᠠᠷᠢᠵᠤ ᠢᠷᠡᠭᠰᠡᠨ ᠤᠯᠤᠰ ᠲᠠᠢ 
 ᠬᠠᠷᠢᠯᠴᠠᠨ ᠦᠨᠦᠰᠦᠨ ᠲᠡᠪᠡᠷᠢᠯᠳᠦᠵᠦ 
 ᠬᠠᠯᠠᠭᠤᠨ ᠨᠢᠯᠪᠤᠰᠤ ᠪᠠᠨ ᠠᠰᠬᠠᠷᠠᠭᠤᠯᠵᠤ 
 ᠬᠢᠵᠠᠭᠠᠯᠠᠰᠢ ᠦᠭᠡᠢ ᠪᠠᠶᠠᠷᠯᠠᠯᠳᠤᠨ 
 ᠬᠠᠭᠠᠨ ᠲᠡᠭᠦᠰ ᠠᠪᠤ᠂ ᠬᠠᠲᠤᠨ ᠡᠵᠢ ᠳ᠋ᠡᠭᠡᠨ 
 ᠬᠠᠷᠢ ᠳ᠋ᠤ᠌ ᠢᠷᠡᠭᠰᠡᠨ ᠪᠡᠷᠢ ᠶ᠋ᠢᠨ ᠶᠣᠰᠣ ᠶ᠋ᠢ ᠬᠢᠵᠦ 
 ᠬᠠᠷᠢᠶᠠᠲᠤ ᠠᠷᠠᠳ ᠣᠯᠠᠨ ᠢ᠋ᠶ᠋ᠠᠨ ᠴᠤᠭᠯᠠᠭᠤᠯᠵᠤ 
 ᠬᠠᠮᠲᠤᠷᠠᠭᠰᠠᠨ ᠶᠡᠬᠡ ᠪᠠᠶᠠᠷ ᠬᠢᠵᠦ 
 ᠬᠢᠲᠤᠭ᠎ᠠ ᠲᠠᠯᠪᠢᠬᠤ ᠦᠭᠡᠢ 
 ᠴᠠᠳᠲᠠᠯ᠎ᠠ ᠮᠢᠬ᠎ᠠ ᠢᠳᠡᠵᠦ 
 ᠬᠤᠨᠳᠠᠭ᠎ᠠ ᠲᠠᠯᠪᠢᠯ ᠦᠭᠡᠢ 
 ᠬᠠᠨᠲᠠᠯ᠎ᠠ ᠠᠷᠢᠬᠢ ᠤᠤᠭᠤᠵᠤ 
 ᠨᠠᠶᠠᠨ ᠡᠳᠦᠷ ᠦ᠋ᠨ ᠨᠠᠢᠷ ᠬᠢᠵᠦ 
 ᠵᠢᠷᠠᠨ ᠡᠳᠦᠷ ᠦ᠋ᠨ ᠵᠢᠷᠭᠠᠯ ᠬᠢᠵᠦ 
 ᠠᠯᠳᠠᠷᠲᠤ ᠤᠯᠤᠰ ᠢ᠋ᠶ᠋ᠠᠨ ᠪᠠᠢᠭᠤᠯᠵᠤ 
 ᠠᠮᠤᠷ ᠰᠠᠢᠨ ᠳ᠋ᠠᠭᠠᠨ ᠵᠢᠷᠭᠠᠭᠰᠠᠨ ᠭᠡᠨ᠎ᠡ᠃ 



              ※ ᠦᠰᠦᠭ ᠠᠮᠢᠯᠠᠭᠤᠯᠤᠭᠴᠢ᠄  ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂ 
                                                   ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂ 
                                                   ᠪᠠᠢ·ᠰᠠᠷᠠᠨ᠎ᠠ᠂ ᠬᠡᠷᠡᠢᠳ· ᠮᠥᠩᠬᠡᠨᠠᠰᠤᠨ᠂ ᠮᠥᠩᠭᠥᠨ  
               ※ ᠬᠢᠨᠠᠭᠴᠢ᠄ ᠣᠳᠬᠠᠨᠰᠣ᠎ᠠ᠂  ᠪᠠᠯ᠂ ᠡᠭᠦᠯᠡᠩᠬᠤᠸᠠᠷ᠂ ᠤᠷᠠᠨᠴᠢᠮᠡᠭ᠂ ᠭᠠᠷᠮ᠎ᠠ᠂ ᠰᠡᠬᠡᠭᠡᠷᠡᠯ᠂ 
                                   ᠨᠠᠷᠠᠨ᠂ ᠪᠠᠯᠤᠰᠦᠭ᠂ ᠬᠡᠯᠡᠰᠣᠶᠣᠯ