ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠳᠥᠷᠪᠡᠳᠦᠭᠡᠷ ᠪᠦᠯᠦᠭ᠂ ᠰᠢᠨᠠᠯᠠᠮ᠎ᠠ ᠪᠡᠶ᠎ᠡ ᠦᠷᠡᠭᠳᠡᠭᠰᠡᠨ 2 Шинэлам – 4-р бүлэг᠂ Шинэлам бие үрэгдсэн 2
ᠬᠣᠶᠠᠷ᠂ ᠰᠢᠨᠡᠯᠡᠮ᠎ᠡ ᠶ᠋ᠢᠨ ᠬᠣᠣᠷᠯᠠᠭᠳᠠᠭᠰᠠᠨ ᠲᠤᠬᠠᠢ ᠶᠠᠷᠢᠶ᠎ᠠ ᠲᠡᠮᠳᠡᠭᠯᠡᠯ ᠦ᠋ᠳ
(1) ᠰᠢᠨᠠᠯᠠᠮ᠎ᠠ ᠶ᠋ᠢᠨ ᠴᠡᠷᠢᠭ ᠲᠦ᠍ ᠶᠠᠪᠤᠵᠤ ᠳᠠᠷᠠᠭ᠎ᠠ ᠨᠢ ᠮᠥᠩᠬᠡᠥ᠌ᠯᠵᠡᠢ ᠶ᠋ᠢᠨ ᠴᠡᠷᠢᠭ ᠦ᠋ᠨ ᠪᠦᠷᠢᠶᠡᠴᠢᠨ ᠪᠠᠢᠭᠰᠠᠨ ᠭᠠᠯᠠᠭᠤᠲᠤ ᠶ᠋ᠢᠨ ᠰᠠᠷᠠᠭᠤᠯᠨᠤᠲᠤᠭ ᠤ᠋ᠨ ᠴᠠᠭᠠᠨᠬᠤᠷᠠᠭᠡ ᠨᠠᠰᠤᠲᠠᠨ ᠪᠣᠯᠤᠨ ᠤᠭ ᠤ᠋ᠨ ᠦᠦᠰᠢᠨ ᠬᠤᠰᠢᠭᠤᠨ ᠤ᠋ ᠴᠠᠭᠳᠠᠨ ᠰᠡᠷᠭᠡᠢᠯᠡᠬᠦ ᠮᠣᠷᠢᠲᠤ ᠴᠡᠷᠢᠭ ᠦ᠋ᠨ ᠱᠠᠲ᠋ᠠᠪ ᠤ᠋ᠨ ᠰᠡᠷᠭᠡᠢᠯᠡᠨ ᠬᠠᠮᠠᠭᠠᠯᠠᠬᠤ ᠰᠠᠯᠠᠭᠠᠨ ᠳᠠᠷᠤᠭ᠎ᠠ ᠪᠠᠢᠭᠰᠠᠨ᠂ ᠭᠠᠯᠠᠭᠤᠲᠤ ᠶ᠋ᠢᠨ ᠬᠥᠬᠡᠨᠠᠭᠤᠷ ᠤ᠋ᠨ ᠪᠣᠨᠳᠠᠸ᠋ᠡ ᠨᠠᠰᠤᠲᠠᠨ ᠤ᠋ ᠬᠡᠯᠡᠬᠦ ᠪᠡᠷ᠄《ᠰᠢᠨᠡᠯᠡᠮ᠎ᠡ ᠮᠠᠭᠤ ᠨᠢ ᠳᠡᠢᠯᠦᠭᠰᠡᠨ ᠪᠠ ᠳᠠ? ᠦᠭᠡᠢ ᠪᠣᠯ ᠦᠬᠦᠬᠦ ᠤᠴᠢᠷ ᠦᠭᠡᠢ ᠬᠥᠮᠦᠨ ᠭᠡᠵᠦ ᠬᠡᠯᠡᠯᠴᠡᠵᠦ ᠪᠠᠢᠭᠰᠠᠨ᠂ ᠲᠡᠷᠡ ᠢᠯᠡ ᠳᠠᠯᠳᠠ ᠶ᠋ᠢ ᠮᠡᠳᠡᠴᠢᠬᠡᠳᠡᠭ᠂ ᠫᠤᠤ ᠶ᠋ᠢᠨ ᠰᠤᠮᠤ ᠣᠷᠣᠳᠠᠭ ᠦᠭᠡᠢ ᠨᠢᠭᠤᠴᠠ ᠤᠪᠠᠳᠢᠰ ᠲᠠᠢ ᠬᠥᠮᠦᠨ᠃ ᠠᠷᠪᠠᠨ ᠨᠠᠢ᠍ᠮᠠᠨ ᠨᠠᠰᠤᠲᠠᠢ ᠳ᠋ᠠᠭᠠᠨ ᠦᠬᠦᠭᠰᠡᠨ ᠬᠡᠦᠬᠡᠨ ᠬᠥᠮᠦᠨ ᠦ᠌(ᠬᠠᠷᠢ ᠳ᠋ᠤ᠌ ᠮᠣᠷᠳᠠᠭᠰᠠᠨ ᠦᠭᠡᠢ) ᠭᠠᠪᠠᠯᠠ ᠶ᠋ᠢᠨ ᠶᠠᠰᠤᠨ ᠳ᠋ᠤ᠌ ᠤᠷᠭᠤᠭᠤᠯᠤᠭᠰᠠᠨ ᠮᠠᠭᠠᠵᠢ ᠶ᠋ᠢᠨ ᠦᠷ᠎ᠡ ᠶ᠋ᠢ ᠲᠠᠷᠨᠢ ᠶ᠋ᠢᠨ ᠦᠭᠡᠰ ᠲᠡᠢ ᠪᠢᠴᠢᠬᠠᠨ ᠤᠯᠠᠭᠠᠨ ᠤᠭᠤᠲᠠᠨ ᠳ᠋ᠤ᠌ ᠬᠢᠭᠡᠳ ᠬᠦᠵᠦᠭᠦᠨ ᠳ᠋ᠡᠭᠡᠨ ᠣᠭᠣᠰᠣᠷᠯᠠᠨ ᠡᠳᠦᠷ ᠰᠥᠨᠢ ᠦᠭᠡᠢ ᠵᠡᠭᠦᠵᠦ ᠶᠠᠪᠤᠳᠠᠭ᠃ ᠡᠢᠮᠦ ᠡᠴᠡ ᠰᠢᠨᠠᠯᠠᠮ᠎ᠠ ᠲᠡᠢᠨ ᠪᠠᠢᠯᠳᠤᠭᠠᠨ ᠪᠤᠶᠤ ᠶᠠᠮᠠᠷ ᠨᠢᠭᠡᠨ ᠤᠴᠢᠷ ᠶᠠᠪᠤᠳᠠᠯ ᠢ᠋ ᠪᠦᠷ ᠤᠷᠢᠳᠴᠢᠯᠠᠨ ᠮᠡᠳᠡᠴᠢᠬᠡᠳᠡᠭ ᠪᠠᠢᠭᠰᠠᠨ ᠭᠡᠨ᠎ᠡ᠃
ᠰᠢᠨᠠᠯᠠᠮ᠎ᠠ ᠬᠣᠣᠷᠯᠠᠭᠳᠠᠬᠤ ᠲᠡᠷᠡ ᠰᠥᠨᠢ ᠤᠭᠤᠲᠠᠨ ᠤ᠋ ᠬᠢᠨᠢ ᠣᠭᠣᠰᠣᠷ ᠨᠢ ᠲᠠᠰᠤᠷᠠᠴᠢᠬᠠᠭᠰᠠᠨ ᠶᠤᠮ ᠤᠤ? ᠡᠰᠡᠬᠦᠯ᠎ᠡ ᠥᠪᠡᠷ ᠢ᠋ᠶ᠋ᠡᠨ ᠠᠪᠤᠭᠠᠳ ᠲᠠᠯᠪᠢᠴᠢᠬᠠᠭᠰᠠᠨ ᠶᠤᠮ ᠤᠤ ᠪᠤᠤ ᠮᠡᠳᠡ! ᠳᠣᠩᠷᠤᠪ ᠤ᠋ᠨ ᠭᠡᠷ ᠦ᠋ᠨ ᠬᠠᠨᠵᠤᠨ ᠤ᠋ ᠠᠪᠳᠠᠷ᠎ᠠ ᠳᠡᠭᠡᠷᠡᠬᠢ ᠰᠤᠳᠤᠷ ᠤ᠋ᠨ ᠳᠡᠭᠡᠷ᠎ᠡ ᠲᠠᠯᠪᠢᠭᠠᠲᠠᠢ ᠪᠠᠢᠵᠠᠢ ᠭᠡᠵᠦ ᠬᠡᠯᠡᠯᠴᠡᠵᠦ ᠪᠠᠢᠭᠰᠠᠨ》᠃
ᠪᠦᠷᠢᠨᠵᠢᠷᠭᠠᠯ ᠠ᠋ᠴᠠ ᠡᠷᠬᠢᠮᠳᠠᠯᠠᠢ ᠨᠢᠭᠡ ᠫᠤᠤᠳᠠᠭᠠᠳ ᠦᠬᠦᠬᠦ ᠦᠭᠡᠢ ᠪᠣᠯ ᠪᠠᠲᠤᠳᠠᠯᠠᠢ᠂ ᡀᠠᠸᠠᠩᠨᠤᠷᠪᠤ ᠬᠣᠶᠠᠭᠤᠯᠠ ᠰᠦᠬᠡ ᠪᠡᠷ ᠲᠣᠯᠣᠭᠠᠢ ᠶ᠋ᠢ ᠨᠢ ᠴᠣᠬᠢᠬᠤ ᠪᠠᠷ ᠪᠡᠯᠡᠳᠬᠡᠭᠰᠡᠨ ᠨᠢ ᠳᠠᠷᠤᠢ ᠰᠢᠨᠠᠯᠠᠮ᠎ᠠ ᠶ᠋ᠢᠨ ᠪᠡᠶ᠎ᠡ ᠳ᠋ᠦ᠍ ᠫᠤᠤ ᠶ᠋ᠢᠨ ᠰᠤᠮᠤ ᠣᠷᠣᠳᠠᠭ ᠦᠭᠡᠢ ᠭᠡᠵᠦ ᠰᠡᠵᠢᠭᠯᠡᠵᠦ ᠪᠠᠢᠭᠰᠠᠨ ᠨᠢ ᠢᠯᠡᠷᠬᠡᠢ ᠪᠠᠢᠨ᠎ᠠ᠃
(2) ᠥᠪᠥᠷ ᠮᠣᠩᠭᠣᠯ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠳ᠋ᠦ᠍ ᠠᠵᠢᠯᠯᠠᠵᠤ ᠥᠩᠭᠡᠷᠡᠭᠰᠡᠨ ᠴᠠᠭᠠᠨᠳᠤᠩ ᠨᠠᠰᠤᠲᠠᠨ ᠤ᠋ ᠬᠡᠯᠡᠬᠦ ᠪᠡᠷ᠄《ᠰᠢᠨᠠᠯᠠᠮ᠎ᠠ ᠲᠤᠸᠠᠨᠵᠠᠩ᠂ ᠲᠤᠬᠠᠢ ᠶ᠋ᠢᠨ ᠲᠡᠷᠡ ᠦᠶ᠎ᠡ ᠳ᠋ᠦ᠍ ᠵᠠᠷᠢᠮ ᠬᠥᠮᠦᠨ ᠲᠡᠭᠦᠨ ᠢ᠋ ᠬᠣᠣᠷᠯᠠᠬᠤ ᠭᠡᠵᠦ ᠪᠠᠢᠭ᠎ᠠ ᠶ᠋ᠢ ᠮᠡᠳᠡᠵᠦ ᠪᠠᠢᠭᠠᠳ ᠳᠣᠲᠣᠭᠠᠳᠤ ᠶ᠋ᠢᠨ ᠵᠠᠯᠢᠬᠠᠢ ᠬᠥᠮᠦᠰ ᠢ᠋ ᠴᠡᠷᠢᠭ ᠠᠩᠭᠢ ᠠ᠋ᠴᠠ ᠪᠠᠨ ᠴᠡᠪᠡᠷᠯᠡᠪᠡᠯ ᠲᠠᠭᠠᠷᠠᠬᠤ ᠪᠠᠢᠭᠰᠠᠨ ᠶᠤᠮ᠃ ᠬᠡᠷᠪᠡ ᠬᠣᠵᠢᠮ ᠮᠥᠩᠬᠡᠡᠥᠢ᠍ᠯᠵᠠᠢ ᠰᠢᠭ᠋ ᠠᠭᠤᠴᠢᠯᠠᠯ ᠦᠭᠡᠢ ᠬᠠᠲᠠᠭᠤ ᠴᠢᠩᠭ᠎ᠠ ᠪᠠᠢᠭᠰᠠᠨ ᠪᠣᠯ ᠶᠠᠭᠠᠬᠢᠵᠤ ᠴᠤ᠌ ᠴᠢᠳᠠᠬᠤ ᠦᠭᠡᠢ ᠰᠢᠦ!
ᠮᠥᠩᠬᠡᠡᠥᠢ᠍ᠯᠵᠠᠢ᠂ ᠰᠢᠨᠠᠯᠠᠮ᠎ᠠ ᠬᠣᠣᠷᠯᠠᠭᠳᠠᠭᠰᠠᠨ ᠤ᠋ ᠳᠠᠷᠠᠭ᠎ᠠ ᠳᠡᠳ᠋ ᠲᠤᠸᠠᠨᠵᠠᠩ ᠠ᠋ᠴᠠ ᠵᠢᠩᠬᠢᠨᠢ ᠲᠤᠸᠠᠨᠵᠠᠩ ᠢ᠋ᠶ᠋ᠠᠷ ᠲᠣᠮᠢᠯᠠᠭᠳᠠᠭᠰᠠᠨ ᠳ᠋ᠤ᠌ ᠲᠣᠯᠢ ᠶ᠋ᠢᠨ ᠨᠠᠮ ᠤ᠋ᠨ ᠡᠭᠦᠷ ᠦ᠋ᠨ ᠳᠠᠷᠤᠭ᠎ᠠ ᠬᠠᠷ᠎ᠠ ᠰᠢᠪᠠᠭ ᠤ᠋ᠨ ᠥᠯᠵᠡᠢᠪᠭᠠᠲᠤᠷ ᠰᠣᠨᠣᠰᠤᠭᠠᠳ( ᠵᠠ! ᠦᠦᠰᠢᠨ ᠬᠣᠰᠢᠭᠤ ᠣᠳᠣ ᠪᠠᠢᠭᠰᠠᠨ! ᠡᠷᠬᠡ ᠮᠥᠩᠬᠡᠡᠥᠢ᠍ᠯᠵᠠᠢ ᠶ᠋ᠢᠨ ᠭᠠᠷ ᠲᠤ᠌ ᠣᠷᠣᠬᠤ ᠪᠣᠯᠤᠯ᠎ᠠ᠂ ᠦᠦᠰᠢᠨ ᠬᠣᠰᠢᠭᠤ ᠪᠠᠰᠠ ᠯᠠ ᠭᠠᠰᠢᠭᠤᠨ ᠵᠣᠪᠠᠯᠠᠩ ᠳ᠋ᠤ᠌ ᠲᠡᠯᠴᠢᠯᠡᠬᠦ ᠪᠣᠯᠵᠠᠢ) ᠭᠡᠵᠦ ᠬᠡᠯᠡᠭᠰᠡᠨ ᠪᠠᠢᠵᠠᠢ᠃ ᠬᠣᠵᠢᠮ ᠨᠢ ᠨᠢᠮᠠᠷᠢᠨᠴᠢᠨ ᠥᠯᠵᠡᠢᠪᠠᠭᠠᠲᠤᠷ ᠬᠣᠶᠠᠭᠤᠯᠠ᠂ ᠮᠥᠩᠬᠡᠡᠥᠢ᠍ᠯᠵᠠᠢ ᠶ᠋ᠢ ᠳᠣᠲᠣᠭᠠᠳᠤ ᠮᠣᠩᠭᠣᠯ ᠤ᠋ᠨ ᠲᠥᠪ ᠬᠣᠷᠢᠶ᠎ᠠ ᠪᠣᠯᠤᠨ ᠢᠨᠲ᠋ᠧᠷᠨᠠᠼᠢᠣᠨᠠᠯ(ᠬᠠᠯᠬ᠎ᠠ) ᠳ᠋ᠤ᠌ ᠵᠠᠭᠠᠯᠳᠤᠬᠤ ᠭᠡᠵᠦ ᠦᠭᠡ ᠶ᠋ᠢ ᠨᠢ ᠰᠣᠨᠣᠰᠬᠤ ᠦᠭᠡᠢ ᠪᠠᠢᠵᠠᠢ(ᠲᠤᠬᠠᠢ ᠶ᠋ᠢᠨ ᠦᠶ᠎ᠡ ᠮᠥᠩᠬᠡᠡᠥᠢ᠍ᠯᠵᠠᠢ ᠲᠥᠪ ᠬᠣᠷᠢᠶᠠᠨ ᠤ᠋ ᠳᠠᠷᠤᠭ᠎ᠠ ᠶ᠋ᠢᠨ ᠲᠤᠰᠢᠶᠠᠯ ᠳ᠋ᠤ᠌ ᠪᠠᠢᠪᠠ)᠃ ᠨᠠᠮ ᠤ᠋ᠨ ᠳᠣᠲᠣᠭᠠᠳᠤ ᠳ᠋ᠤ᠌ ᠨᠢᠮᠠᠷᠢᠨᠴᠢᠨ᠂ ᠥᠯᠵᠡᠢᠪᠠᠭᠠᠲᠤᠷ ᠬᠣᠶᠠᠷ ᠢ᠋ ᠰᠢᠨᠡᠯᠡᠮ᠎ᠡ ᠶ᠋ᠢ ᠬᠣᠣᠷᠯᠠᠬᠤ ᠳ᠋ᠤ᠌ ᠬᠤᠤᠪᠢᠯᠳᠤᠭᠠ ᠲᠠᠢ ᠬᠥᠮᠦᠨ ᠭᠡᠵᠦ ᠰᠡᠮᠡᠬᠡᠷ ᠬᠡᠯᠡᠯᠴᠡᠵᠦ ᠪᠠᠢᠵᠠᠢ᠃ ᠡᠢᠮᠦ ᠪᠠᠢᠳᠠᠯ ᠳᠣᠣᠷ᠎ᠠ ᠮᠥᠩᠬᠡᠡᠥᠢ᠍ᠯᠵᠠᠢ ᠰᠢᠭᠤᠳ ᠴᠡᠷᠢᠭ ᠲᠣᠮᠢᠯᠠᠵᠤ ᠰᠢᠨᠠᠯᠠᠮ᠎ᠠ ᠶ᠋ᠢ ᠬᠣᠣᠷᠯᠠᠬᠤ ᠳ᠋ᠤ᠌ ᠦᠭᠡ ᠨᠢᠭᠡᠲᠡᠢ ᠬᠥᠮᠦᠨ ᠭᠡᠵᠦ ᠥᠯᠵᠡᠢᠪᠠᠭᠠᠲᠤᠷ ᠢ᠋ ᠬᠠᠯᠢᠭᠤᠲᠤ ᠶ᠋ᠢᠨ ᠰᠦᠮ᠎ᠡ ᠶ᠋ᠢᠨ ᠪᠠᠷᠠᠭᠤᠨ ᠪᠠᠯᠠᠷ ᠬᠠᠷ᠎ᠠ ᠰᠢᠪᠠᠭ ᠭᠡᠬᠦ ᠭᠠᠵᠠᠷ ᠪᠠᠷᠢᠪᠴᠢᠯᠠᠵᠤ ᠫᠤᠤᠳᠠᠨ ᠠᠯᠠᠵᠤ᠂ ᠨᠢᠮᠠᠷᠢᠨᠴᠢᠨ ᠢ᠋ ᠭᠠᠯᠠᠭᠤᠲᠤ ᠶ᠋ᠢᠨ ᠰᠦᠮ᠎ᠡ ᠳᠡᠭᠡᠷ᠎ᠡ ᠪᠠᠷᠢᠵᠤ ᠠᠪᠴᠢᠷᠠᠨ ᠳᠡᠮᠡᠢ ᠥᠴᠢᠭᠯᠡᠭᠦᠯᠦᠭᠰᠡᠨ ᠦᠭᠡᠢ ᠪᠡᠷ ᠭᠠᠯᠠᠭᠤᠲᠤ ᠶ᠋ᠢᠨ ᠰᠦᠮ᠎ᠡ ᠶ᠋ᠢᠨ ᠪᠠᠷᠠᠭᠤᠨ ᠪᠤᠷᠭᠠᠰᠤᠨ ᠳ᠋ᠤ᠌ ᠠᠪᠠᠴᠢᠨ ᠫᠤᠤᠳᠠᠵᠤ ᠠᠯᠠᠭᠰᠠᠨ ᠶᠤᠮ᠃ ᠢᠩᠭᠢᠭᠡᠳ ᠮᠥᠩᠬᠡᠥ᠌ᠯᠵᠡᠢ《< ᠨᠢᠭᠡ ᠦᠬᠡᠷ ᠦ᠋ᠨ ᠡᠪᠡᠷ ᠢ᠋ ᠴᠣᠬᠢᠵᠤ ᠵᠠᠭᠤᠨ ᠢ᠋ ᠠᠶᠤᠯᠭᠠᠭᠰᠠᠨ ᠰᠢᠦ ᠳᠡ!>》 ᠭᠡᠪᠡ᠃①
— — — —
① ᠦᠨᠡᠨ ᠳ᠋ᠡᠭᠡᠨ ᠥᠯᠵᠡᠢᠪᠠᠭᠠᠲᠤᠷ᠂ ᠨᠢᠮᠠᠷᠢᠨᠴᠢᠨ ᠬᠣᠶᠠᠭᠤᠯᠠ ᠪᠣᠯ ᠰᠢᠨᠠᠯᠠᠮ᠎ᠠ ᠶ᠋ᠢ ᠬᠣᠣᠷᠯᠠᠬᠤ ᠬᠤᠤᠪᠢᠯᠳᠤᠯᠭ᠎ᠠ ᠳ᠋ᠤ᠌ ᠣᠷᠣᠯᠴᠠᠭᠰᠠᠨ ᠬᠥᠮᠦᠰ ᠪᠢᠰᠢ᠃ ᠲᠡᠳᠡ ᠮᠥᠩᠬᠡᠥ᠌ᠯᠵᠡᠢ ᠶ᠋ᠢ ᠡᠰᠡᠷᠭᠦᠴᠡᠭᠰᠡᠨ ᠡᠴᠡ ᠬᠢᠯᠢᠰ ᠢ᠋ᠶ᠋ᠡᠷ ᠬᠣᠣᠷᠯᠠᠭᠳᠠᠭᠰᠠᠨ ᠭᠡᠵᠦ ᠬᠥᠮᠦᠰ ᠦ᠋ᠨ ᠬᠡᠯᠡᠯᠴᠡᠬᠦ ᠨᠢ ᠦᠨᠡᠨ ᠪᠠᠢᠵᠤ ᠮᠡᠳᠡᠨ᠎ᠡ᠃
(3) ᠰᠢᠨᠠᠯᠠᠮ᠎ᠠ ᠶ᠋ᠢ ᠬᠣᠣᠷᠯᠠᠬᠤ ᠬᠤᠤᠪᠢᠯᠳᠤᠯᠭ᠎ᠠ ᠳ᠋ᠤ᠌ ᠮᠥᠩᠬᠡᠥ᠌ᠯᠵᠡᠢ ᠣᠷᠣᠯᠴᠠᠭᠰᠠᠨ ᠭᠡᠵᠦ ᠬᠡᠯᠡᠯᠴᠡᠳᠡᠭ᠃《ᠰᠢᠨᠠᠯᠠᠮ᠎ᠠ》 ᠭᠡᠬᠦ ᠨᠣᠮ(1980 ᠣᠨ ᠤ᠋ ᠬᠡᠪᠯᠡᠯ) ᠦ᠋ᠨ74 ᠳ᠋ᠦ᠍ᠭᠡᠷ ᠨᠢᠭᠤᠷ ᠲᠤ᠌《᠁ ᠳᠠᠷᠠᠭ᠎ᠠ ᠥᠷᠯᠥᠭᠡ ᠨᠢ᠁ ᠮᠥᠩᠬᠡᠥ᠌ᠯᠵᠡᠢ ᠮᠢᠱᠤ ᠡᠨᠡᠯᠦᠨ ᠰᠢᠨᠠᠯᠤᠨ ᠨᠢᠯᠪᠤᠰᠤ ᠪᠠᠨ ᠴᠤᠪᠤᠷᠠᠭᠤᠯᠤᠨ᠄< ᠥᠯᠵᠡᠢᠵᠢᠷᠭᠠᠯ ᠢ᠋ ᠠᠯᠠᠭᠰᠠᠨ ᠶᠠᠷᠭᠠᠴᠢᠨ ᠢ᠋ ᠵᠠᠪᠠᠯ ᠣᠯᠤᠨ᠎ᠠ> ᠭᠡᠮᠡᠨ ᠬᠠᠰᠬᠢᠷᠤᠭᠠᠳ ᠪᠠᠰᠠ᠄< ᠡᠨᠡ ᠪᠠᠷᠤᠭ ᠯᠠ ᠭᠠᠳᠠᠨ᠎ᠠ ᠠ᠋ᠴᠠ ᠳᠡᠭᠡᠷᠡᠮ ᠢᠷᠡᠵᠦ ᠬᠠᠷᠠᠰᠠᠯᠲᠤ ᠬᠡᠷᠡᠭ ᠡᠭᠦᠳᠪᠡ> ᠭᠡᠮᠡᠨ ᠮᠥᠷ ᠣᠯᠠᠨ ᠮᠤᠰᠬᠢᠵᠦ ᠪᠠᠢᠭᠰᠠᠭᠠᠷ ᠬᠣᠶᠠᠷ ᠡᠳᠦᠷ ᠥᠩᠭᠡᠷᠡᠵᠡᠢ᠃
ᠲᠡᠷᠡ ᠲᠤᠬᠠᠢ ᠰᠢᠨᠠᠯᠠᠮ᠎ᠠ ᠶ᠋ᠢᠨ ᠳᠡᠷᠭᠡᠳᠡ ᠨᠢᠭᠡ ᠰᠤᠮᠤ ᠴᠡᠷᠢᠭ(ᠭᠤᠷᠪᠠᠳᠤᠭᠠᠷ ᠰᠤᠮᠤ) ᠪᠠᠢᠵᠤ ᠪᠤᠰᠤᠳ ᠭᠤᠷᠪᠠ ᠨᠢ ᠭᠠᠳᠠᠨ᠎ᠠ ᠪᠠᠢᠵᠠᠢ᠃ ᠴᠢᠰᠤᠲᠤ ᠬᠡᠷᠡᠭ ᠭᠠᠷᠤᠮᠠᠭᠴᠠ ᠭᠠᠳᠠᠨ᠎ᠠ ᠪᠠᠢᠭᠰᠠᠨ ᠭᠤᠷᠪᠠᠨ ᠰᠤᠮᠤ ᠶ᠋ᠢᠨ ᠬᠢᠨ ᠨᠢ ᠢᠷᠡᠵᠦ ᠬᠡᠷᠡᠭ ᠲᠦ᠍ ᠬᠣᠯᠪᠣᠭᠳᠠᠭᠰᠠᠨ ᠴᠡᠷᠢᠭ ᠢ᠋ ᠪᠦᠭᠦᠳᠡ ᠶ᠋ᠢ ᠪᠠᠷᠢᠪᠴᠢᠯᠠᠵᠤ᠂ ᠲᠤᠬᠠᠢ ᠶ᠋ᠢᠨ ᠦᠶ᠎ᠡ ᠶ᠋ᠢᠨ ᠮᠠᠨᠠᠭ᠎ᠠ ᠴᠠᠭᠳᠠᠭ᠎ᠠ ᠶ᠋ᠢ ᠨᠠᠷᠢᠨ ᠨᠢᠭᠲᠠ ᠪᠠᠢᠴᠠᠭᠠᠭᠠᠳ᠂ ᠭᠤᠷᠪᠠᠳᠤᠭᠠᠷ ᠪᠠᠲ᠋ᠯᠢᠶᠤᠨ ᠤ᠋ ᠬᠣᠶᠠᠳᠤᠭᠠᠷ ᠰᠤᠮᠤᠨ ᠤ᠋ ᠰᠠᠯᠠᠭ᠎ᠠ ᠶ᠋ᠢᠨ ᠳᠠᠷᠤᠭ᠎ᠠ ᠪᠦᠷᠢᠨᠵᠢᠷᠭᠠᠯ᠂ ᠡᠷᠬᠢᠮᠳᠠᠯᠠᠢ ᠨᠠᠷ ᠰᠢᠨᠡᠯᠡᠮ᠎ᠡ ᠶ᠋ᠢ ᠬᠣᠣᠷᠯᠠᠭᠰᠠᠨ ᠢ᠋ ᠲᠣᠳᠣᠯᠠᠨ ᠣᠯᠵᠠᠢ᠃
ᠡᠷᠬᠢᠮᠳᠠᠯᠠᠢ ᠲᠡᠷᠡ ᠰᠥᠨᠢ ᠶ᠋ᠢᠨ ᠴᠠᠭᠳᠠᠭᠤᠯ ᠪᠠᠢᠭᠰᠠᠨ ᠪᠠ ᠪᠦᠷᠢᠨᠵᠢᠷᠭᠠᠯ ᠴᠠᠭ ᠦᠵᠡᠳᠡᠭ ᠬᠥᠮᠦᠨ ᠪᠠᠢᠵᠤ ᠴᠠᠭ ᠦᠵᠡᠬᠦ ᠪᠡᠷ ᠣᠷᠣᠬᠤ ᠲᠠᠢ ᠵᠡᠷᠭᠡ ᠡᠷᠬᠢᠮᠳᠠᠯᠠᠢ ᠠᠷᠤ ᠳ᠋ᠤᠨᠢ ᠳᠠᠯᠳᠠᠯᠠᠵᠤ ᠪᠠᠢᠭᠠᠳ ᠫᠤᠤᠳᠠᠵᠠᠢ᠃ ᠲᠡᠭᠡᠭᠡᠳ ᠵᠤᠯᠠ ᠪᠠᠨ ᠤᠨᠲᠠᠷᠠᠭᠠᠮᠠᠭᠴᠠ ᠳᠠᠷᠤᠢ ᠵᠠᠢᠯᠠᠨ ᠭᠠᠷᠤᠭᠰᠠᠨ ᠢ᠋ ᠲᠣᠳᠣᠯᠠᠵᠠᠢ᠃ ᠡᠳᠡᠭᠡᠷ ᠬᠥᠮᠦᠰ ᠪᠠᠷᠢᠭᠳᠠᠵᠤ᠂ ᠦᠨᠡᠨ ᠪᠠᠢᠳᠠᠯ ᠨᠢ ᠢᠯᠡᠷᠡᠬᠦ ᠳ᠋ᠦ᠍ ᠮᠥᠩᠬᠡᠥ᠌ᠯᠵᠡᠢ ᠮᠥᠨ ᠯᠡ ᠡᠮᠭᠡᠨᠢᠨ ᠵᠣᠪᠠᠭᠰᠠᠨ ᠪᠠᠢᠳᠠᠯ ᠭᠠᠷᠭᠠᠵᠤ᠄<ᠲᠤᠸᠠᠨᠵᠠᠩ ᠨᠣᠶᠠᠨ ᠢ᠋ ᠠᠯᠠᠭᠰᠠᠨ ᠡᠢᠮᠦ ᠲᠩᠷᠢ ᠲᠤᠯᠤᠮ᠎ᠠ ᠶᠠᠯᠠᠲᠤ ᠡᠲᠡᠭᠡᠳ ᠢ᠋ ᠳᠠᠷᠤᠢ ᠳ᠋ᠤᠨᠢ ᠠᠯᠠᠰᠤᠭᠠᠢ!> ᠭᠡᠵᠦ ᠵᠠᠩᠳᠤᠷᠤᠮᠠᠭᠴᠠ ᠡᠷᠬᠢᠮᠳᠠᠯᠠᠢ᠂ ᠪᠦᠷᠢᠨᠵᠢᠷᠭᠠᠯ ᠵᠡᠷᠭᠡ ᠶ᠋ᠢᠨ ᠬᠥᠮᠦᠰ ᠢ᠋ ᠥᠴᠢᠭ ᠲᠣᠳᠣᠷᠬᠠᠢᠯᠠᠯ ᠦᠭᠡᠢ ᠪᠡᠷ ᠪᠦᠬᠦᠨ ᠢ᠋ ᠠᠯᠠᠴᠢᠬᠠᠵᠠᠢ᠃ ᠲᠡᠳᠡᠨᠦᠰ ᠢ᠋ ᠠᠯᠠᠬᠤ ᠦᠶᠡᠰ ᠡᠷᠬᠢᠮᠳᠠᠯᠠᠢ᠄< ᠲᠠ ᠨᠠᠷ ᠨᠠᠮᠠᠶ᠋ᠢ ᠠᠯᠠᠵᠤ ᠪᠣᠯᠤᠨ᠎ᠠ᠂ ᠭᠡᠪᠡᠴᠦ ᠮᠢᠨᠦ ᠡᠷᠬᠢᠮ ᠬᠡᠯᠡᠬᠦ ᠬᠡᠳᠦᠨ ᠦᠭᠡ ᠪᠠᠢᠨ᠎ᠠ!> ᠭᠡᠵᠦ ᠬᠠᠰᠬᠢᠷᠴᠤ ᠪᠠᠢᠲᠠᠯ᠎ᠠ ᠮᠥᠩᠬᠡᠦ᠌ᠯᠵᠡᠢ ᠬᠠᠷᠢᠨ᠄< ᠲᠦᠷᠭᠡᠨ ᠠᠯᠠ! ᠲᠦᠷᠭᠡᠨ ᠠᠯᠠ!> ᠭᠡᠵᠦ ᠳᠣᠣᠷ᠎ᠠ ᠨᠢ ᠫᠤᠤᠳᠠᠭᠤᠯᠵᠠᠢ᠃ ᠁ ᠲᠡᠭᠡᠭᠡᠳ ᠰᠢᠨᠠᠯᠠᠮ᠎ᠠ ᠶ᠋ᠢ ᠬᠣᠣᠷᠯᠠᠭᠰᠠᠨ ᠡᠷᠬᠢᠮᠳᠠᠯᠠᠢ ᠵᠡᠷᠭᠡ ᠶ᠋ᠢ ᠲᠣᠨᠢᠯᠭᠠᠭᠰᠠᠨ ᠤ᠋ ᠳᠠᠷᠠᠭ᠎ᠠ ᠡᠳᠦᠷ᠂ ᠬᠥᠬᠡᠲᠣᠯᠣᠭᠠᠢ ᠶ᠋ᠢᠨ ᠲᠡᠯᠭᠡᠷᠰᠠᠩ᠂ ᠪᠦᠷᠢᠨᠵᠢᠷᠭᠠᠯ ᠤ᠋ᠨ ᠭᠡᠷ ᠲᠦ᠍ ᠰᠢᠭᠤᠳ ᠢᠷᠡᠵᠦ᠂ ᠲᠡᠭᠦᠨ ᠲᠡᠢ ᠤᠴᠠᠷᠠᠶ᠎ᠠ ᠭᠡᠵᠦ ᠪᠠᠢᠲᠠᠯ᠎ᠠ ᠬᠤᠪᠢᠰᠬᠠᠯᠲᠤ ᠴᠡᠷᠢᠭ ᠡᠴᠡ ᠲᠡᠭᠦᠨ ᠢ᠋ ᠪᠠᠷᠢᠪᠴᠢᠯᠠᠵᠤ ᠠᠪᠴᠠᠢ᠃ ᠵᠠᠷᠢᠮ ᠬᠥᠮᠦᠨ ᠲᠡᠷᠡ ᠳᠣᠣᠷ᠎ᠠ ᠨᠢ ᠲᠡᠭᠦᠨ ᠢ᠋ ᠰᠢᠭᠦᠨ ᠪᠠᠢᠴᠠᠭᠠᠵᠤ ᠠᠮᠠᠨ ᠥᠴᠢᠭ ᠢ᠋ ᠨᠢ ᠠᠪᠤᠭᠰᠠᠨ ᠤ᠋ ᠳᠠᠷᠠᠭ᠎ᠠ ᠰᠢᠢᠳᠪᠦᠷᠢᠯᠡᠶ᠎ᠡ ᠭᠡᠵᠦ ᠪᠠᠢᠭᠰᠠᠨ ᠴᠤ᠌ ᠮᠥᠩᠬᠡᠦ᠌ᠯᠵᠡᠢ ᠬᠠᠷᠢᠨ᠄< ᠳᠡᠯᠭᠡᠷᠰᠠᠩ ᠢ᠋ ᠡᠨᠳᠡ ᠰᠢᠭᠦᠬᠦ ᠬᠡᠷᠡᠭ ᠦᠭᠡᠢ᠂ ᠤᠷᠢᠳᠤ ᠠᠢᠯ ᠳᠡᠭᠡᠷ᠎ᠡ ᠠᠪᠠᠴᠢᠨ ᠳᠠᠩ ᠳᠦᠭᠦᠷᠴᠦ ᠵᠣᠳᠣᠵᠤ ᠪᠠᠢᠭᠠᠳ ᠥᠴᠢᠭ ᠢ᠋ ᠨᠢ ᠠᠪ!> ᠭᠡᠳ ᠲᠤᠰᠬᠠᠢ ᠬᠥᠮᠦᠨ ᠭᠠᠷᠭᠠᠨ ᠳᠠᠭᠠᠭᠤᠯᠵᠤ ᠶᠠᠪᠤᠭᠤᠯᠵᠠᠢ᠃ ᠲᠡᠭᠡᠭᠡᠳ ᠡᠮᠦᠨ᠎ᠡ ᠠᠢᠯ ᠬᠦᠷᠬᠦ ᠡᠴᠡ ᠡᠮᠦᠨ᠎ᠡ ᠳᠡᠯᠭᠡᠷᠰᠠᠩ ᠢ᠋ ᠵᠠᠮ ᠳ᠋ᠤᠨᠢ ᠫᠤᠤᠳᠠᠨ ᠠᠯᠠᠵᠠᠢ》 ᠭᠡᠵᠦ ᠲᠡᠮᠳᠡᠭᠯᠡᠵᠦ ᠪᠣᠢ᠃
(4)《ᠣᠷᠳᠣᠰ ᠤ᠋ᠨ ᠰᠣᠶᠣᠯ ᠤ᠋ᠨ ᠥᠪ ᠦ᠋ᠨ ᠴᠤᠪᠤᠷᠠᠯ》(6) ᠤ᠋79 ᠳ᠋ᠦ᠍ᠭᠡᠷ ᠨᠢᠭᠤᠷ ᠲᠤ᠌ ᠰᠢᠨᠠᠯᠠᠮ᠎ᠠ ᠶ᠋ᠢᠨ ᠬᠣᠣᠷᠯᠠᠭᠳᠠᠭᠰᠠᠨ ᠲᠤᠬᠠᠢ《1929 ᠣᠨ( ᠰᠢᠷᠠᠭᠴᠢᠨ ᠲᠠᠤᠯᠠᠢ ᠵᠢᠯ) ᠢᠷᠭᠡᠨ ᠤᠯᠤᠰ ᠤ᠋ᠨ18 ᠣᠨ᠃ ᠲᠡᠭᠦᠰᠠᠠᠮᠤᠭᠤᠯᠠᠩ ᠪᠠ ᠵᠢᠩ ᠶᠤᠸᠠᠢ ᠰᠢᠦ ᠶ᠋ᠢᠨ ᠮᠥᠩᠭᠥ ᠵᠣᠭᠣᠰ ᠢ᠋ᠶ᠋ᠠᠷ ᠬᠥᠮᠦᠨ ᠢ᠋ ᠠᠯᠠᠭᠤᠯᠬᠤ ᠬᠣᠣᠷᠲᠤ ᠮᠡᠬᠡ ᠨᠢ ᠦᠢᠯᠡᠳᠦᠯ ᠭᠠᠷᠭᠠᠪᠠ᠃ ᠴᠠᠭᠠᠨ ᠰᠠᠷ᠎ᠠ ᠶ᠋ᠢᠨ ᠰᠢᠨ᠎ᠡ ᠶ᠋ᠢᠨ ᠬᠣᠶᠠᠷ ᠤ᠋ᠨ ᠰᠥᠨᠢ(ᠠᠷᠭ᠎ᠠ ᠶ᠋ᠢᠨ2 ᠰᠠᠷ᠎ᠠ ᠶ᠋ᠢᠨ11)᠂ ᠰᠢᠨᠡᠯᠡᠮ᠎ᠡ ᠣᠳᠣᠬᠢ ᠤᠯᠠᠭᠠᠨᠲᠣᠯᠣᠭᠠᠢ ᠰᠤᠮᠤᠨ ᠤ᠋ ᠪᠠᠶᠠᠨ ᠭᠣᠣᠯ ᠭᠠᠴᠠᠭᠠᠨ ᠤ᠋ ᠣᠩᠭᠣᠨ ᠮᠠᠩᠬ᠎ᠠ ᠶ᠋ᠢᠨ ᠪᠠᠷᠠᠭᠤᠨ ᠬᠣᠢᠲᠤ ᠳ᠋ᠤ᠌ ᠪᠠᠢᠬᠤ ᠲᠣᠩᠷᠣᠪ ᠤ᠋ᠨ ᠭᠡᠷ ᠲᠦ᠍᠂ ᠳᠣᠲᠣᠭᠠᠳᠤ ᠶ᠋ᠢᠨ ᠵᠠᠯᠢᠬᠠᠢ ᠪᠦᠷᠢᠨᠵᠢᠷᠭᠠᠯ᠂ ᠡᠷᠬᠢᠮᠳᠠᠯᠠᠢ ᠨᠠᠷ ᠲᠤ᠌ ᠠᠯᠠᠭᠳᠠᠪᠠ᠃ ᠡᠴᠦᠰ ᠦ᠋ᠨ ᠨᠠᠰᠤ ᠨᠢ64 ᠪᠥᠯᠥᠭᠡ》 ᠭᠡᠵᠦ ᠲᠡᠮᠳᠡᠭᠯᠡᠵᠦ ᠪᠣᠢ᠃
(5) ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠦ᠋ᠨ ᠶᠠᠪᠤᠳᠠᠯ ᠤ᠋ᠨ ᠳᠠᠷᠤᠭ᠎ᠠ ᠪᠠᠢᠭᠰᠠᠨ ᠬᠡᠰᠢᠭ᠌ᠳᠠᠯᠠᠢ ᠨᠠᠰᠤᠲᠠᠨ ᠤ᠋1956 ᠣᠨ ᠳ᠋ᠤ᠌ ᠥᠪᠡᠷ ᠦ᠋ᠨ ᠥᠩᠭᠡᠷᠡᠯᠲᠡ ᠪᠡᠨ ᠪᠢᠴᠢᠭᠰᠡᠨ ᠪᠢᠴᠢᠮᠡᠯ ᠦ᠋ᠨ ᠤᠤᠯ ᠡᠬᠡ ᠳ᠋ᠦ᠍ ᠰᠢᠨᠡᠯᠡᠮ᠎ᠡ ᠶ᠋ᠢᠨ ᠬᠣᠣᠷᠯᠠᠭᠳᠠᠭᠰᠠᠨ ᠲᠤᠬᠠᠢ᠄《᠁ ᠮᠠᠨ ᠤ᠋ ᠨᠣᠶᠠᠨ ᠲᠡᠭᠦᠰᠡᠠᠮᠤᠭᠤᠯᠠᠩ᠂ ᠲᠡᠭᠦᠨ ᠦ᠌ ᠭᠠᠷ ᠬᠥᠯ ᠪᠣᠯᠳᠠᠭ ᠵᠠᠯᠢᠬᠠᠢ ᠠᠷᠠᠳ ᠦᠯᠵᠡᠢᠪᠠᠭᠠᠲᠤᠷ᠂ ᠨᠢᠮᠠᠷᠢᠨᠴᠢᠨ᠂ ᠳᠡᠯᠭᠡᠷᠰᠠᠩ ᠨᠠᠷ ᠲᠠᠢ ᠵᠥᠪᠰᠢᠵᠦ᠂ ᠰᠢᠨᠠᠯᠠᠮ᠎ᠠ ᠶ᠋ᠢᠨ ᠴᠡᠷᠢᠭ ᠲᠦ᠍ ᠶᠠᠪᠤᠵᠤ ᠪᠠᠢᠭ᠎ᠠ ᠰᠠᠯᠠᠭᠠᠨ ᠳᠠᠷᠤᠭ᠎ᠠ ᠪᠦᠷᠢᠨᠵᠢᠷᠭᠠᠯ᠂ ᠠᠷᠪᠠ ᠶ᠋ᠢᠨ ᠳᠠᠷᠤᠭ᠎ᠠ ᠲᠡᠮᠦᠷ ᠨᠠᠷ ᠲᠤ᠌ ᠤᠷᠠᠨ ᠮᠡᠬᠡᠯᠡᠯ ᠢ᠋ᠶ᠋ᠡᠷ ᠪᠢᠴᠢᠭ ᠭᠠᠷᠭᠠᠵᠤ ᠵᠠᠷᠯᠠᠭᠰᠠᠨ ᠦᠭᠡ᠂ ᠰᠢᠨᠡᠯᠡᠮ᠎ᠡ ᠶ᠋ᠢ ᠠᠯᠢ ᠬᠥᠮᠦᠨ ᠠᠮᠢᠳᠤ ᠪᠠᠷᠢᠵᠤ ᠢᠷᠡᠪᠡᠰᠦ ᠮᠥᠩᠭᠥ ᠲᠥᠭᠥᠷᠢᠭ ᠱᠠᠩᠨᠠᠶ᠎ᠠ᠂ ᠠᠯᠠᠵᠤ ᠲᠣᠯᠣᠭᠠᠢ ᠶ᠋ᠢ ᠨᠢ ᠠᠪᠴᠤ ᠢᠷᠡᠪᠡᠰᠦ ᠨᠢᠭᠡᠨ ᠮᠢᠩᠭᠠᠨ ᠲᠥᠭᠥᠷᠢᠭ ᠥᠭᠭᠦᠶ᠎ᠡ ᠭᠡᠬᠦᠯ᠎ᠡ ᠤᠷᠢᠳᠠ ᠨᠣᠶᠠᠨ ᠲᠡᠭᠦᠰᠠᠠᠮᠤᠭᠤᠯᠠᠩ ᠤ᠋ᠨ ᠴᠡᠷᠢᠭ ᠲᠦ᠍ ᠶᠠᠪᠤᠵᠤ ᠪᠠᠢᠭᠰᠠᠨ ᠡᠷᠬᠢᠮᠳᠠᠯᠠᠢ ᠳ᠋ᠤ᠌ ᠰᠠᠯᠠᠭᠠᠨ ᠳᠠᠷᠤᠭ᠎ᠠ ᠪᠥᠷᠢᠨᠵᠢᠷᠭᠠᠯ ᠠᠷᠭ᠎ᠠ ᠡᠭᠦᠰᠬᠡᠵᠦ᠂ ᠰᠢᠨᠡᠯᠡᠮ᠎ᠡ ᠶ᠋ᠢ ᠴᠢ ᠮᠠᠨᠠᠭ᠎ᠠ ᠮᠠᠨᠠᠵᠤ ᠪᠠᠢᠭᠠᠳ ᠫᠤᠤᠳᠠᠵᠤ ᠠᠯᠠᠪᠠᠰᠤ ᠲᠡᠭᠦᠨ ᠦ᠌ ᠡᠭᠦᠷᠴᠦ ᠪᠠᠢᠬᠤ ᠫᠤᠤ᠂ ᠤᠨᠤᠭᠰᠠᠨ ᠮᠣᠷᠢ ᠶ᠋ᠢ ᠴᠢᠮᠠᠶ᠋ᠢ ᠳ᠋ᠤ᠌ ᠥᠭᠭᠦᠶ᠎ᠡ ᠭᠡᠬᠦᠯᠡᠷ ᠡᠷᠬᠢᠮᠳᠠᠯᠠᠢ ᠰᠢᠨᠠᠯᠠᠮ᠎ᠠ ᠶ᠋ᠢ ᠤᠨᠲᠠᠵᠤ ᠪᠠᠢᠬᠤ ᠳ᠋ᠤ᠌ ᠭᠡᠨᠡᠳᠡᠭᠦᠯᠦᠨ ᠫᠤᠤᠳᠠᠵᠤ ᠬᠣᠣᠷᠯᠠᠪᠠ᠃ ᠴᠢᠩᠭᠢᠭᠡᠳ ᠮᠢᠨᠦ ᠪᠡᠶ᠎ᠡ ᠳᠥᠴᠢᠨ ᠨᠠᠢ᠍ᠮᠠᠨ ᠨᠠᠰᠤ ᠬᠦᠷᠦᠭᠡᠳ ᠤᠯᠠᠭᠠᠨ ᠪᠠᠷᠰ ᠵᠢᠯ ᠮᠢᠨᠦ ᠪᠡᠶ᠎ᠡ ᠯᠢᠶᠡᠨᠵᠠᠩ᠂ ᠫᠠᠢᠵᠠᠩ᠂ ᠱᡁᠢ᠍ᠵᠠᠩ ᠣᠯᠠᠨ ᠴᠡᠷᠢᠭ ᠦ᠋ᠳ ᠲᠡᠢ ᠵᠥᠪᠰᠢᠨ ᠬᠤᠷᠠᠯᠳᠤᠵᠤ ᠪᠥᠷᠢᠨᠵᠢᠷᠭᠠᠯ᠂ ᠡᠷᠬᠢᠮᠳᠠᠯᠠᠢ ᠨᠠᠷ ᠢ᠋ ᠪᠠᠢᠴᠠᠭᠠᠵᠤ ᠦᠨᠡᠨ ᠥᠴᠢᠭ ᠢ᠋ ᠠᠪᠤᠭᠠᠳ ᠤᠩᠰᠢᠵᠤ᠂ ᠰᠢᠨᠡᠯᠡᠮ᠎ᠡ ᠶ᠋ᠢ ᠠᠯᠠᠨ ᠬᠣᠣᠷᠯᠠᠭᠰᠠᠨ ᠪᠥᠷᠢᠨᠵᠢᠷᠭᠠᠯ᠂ ᠲᠡᠯᠭᠡᠷᠰᠠᠩ᠂ ᠦᠯᠵᠡᠢᠪᠠᠭᠠᠲᠤᠷ᠂ ᠨᠢᠮᠠᠷᠢᠨᠴᠢᠨ ᠨᠠᠷ ᠢ᠋ ᠳᠠᠷᠠᠭ᠎ᠠ ᠳᠠᠷᠠᠭ᠎ᠠ ᠪᠠᠷ ᠴᠡᠷᠢᠭ ᠦ᠋ᠨ ᠴᠠᠭᠠᠵᠠ ᠪᠠᠷ ᠰᠢᠢᠳᠬᠡᠭᠡᠳ᠂ ᠠᠷᠤ ᠬᠦᠷᠢᠶᠡᠨ ᠳ᠋ᠦ᠍ ᠰᠢᠨᠡᠯᠡᠮ᠎ᠡ ᠶ᠋ᠢᠨ ᠶᠠᠪᠤᠭᠤᠯᠤᠭᠰᠠᠨ᠂ ᠦᠦᠰᠢᠨ ᠬᠤᠰᠢᠭᠤᠨ ᠤ᠋ ᠲᠥᠪ ᠬᠣᠷᠢᠶᠠᠨ ᠤ᠋ ᠳᠠᠷᠤᠭ᠎ᠠ ᠶ᠋ᠢᠨ ᠠᠵᠢᠯ ᠢ᠋ ᠬᠢᠵᠦ ᠪᠠᠢᠭᠠᠳ ᠢᠷᠡᠭᠰᠡᠨ ᠮᠥᠩᠬᠡᠥ᠌ᠯᠵᠡᠢ ᠶ᠋ᠢ ᠰᠢᠨᠡᠯᠡᠮ᠎ᠡ ᠶ᠋ᠢᠨ ᠠᠷᠪᠠᠨ ᠬᠣᠶᠠᠳᠤᠭᠠᠷ ᠲᠤᠸᠠᠨ ᠤ᠋ ᠣᠷᠣᠨ ᠳ᠋ᠤ᠌ ᠲᠤᠸᠡᠨᠵᠠᠩ᠂ ᠨᠠᠮᠠᠶ᠋ᠢ ᠲᠤᠸᠠᠨ ᠹᠦ ᠪᠣᠯᠭᠠᠬᠤ ᠪᠠᠷ ᠵᠥᠪᠰᠢᠶᠡᠷᠡᠭᠰᠡᠨ ᠢ᠋ ᠳᠠᠭᠠᠵᠤ ᠡᠪ ᠬᠠᠮᠲᠤ ᠨᠠᠮ ᠤ᠋ᠨ ᠲᠥᠪ ᠬᠤᠷᠢᠶᠠᠨ᠎ᠠ ᠮᠡᠳᠡᠭᠦᠯᠪᠡ᠂᠂᠂᠂》 ᠭᠡᠵᠦ ᠪᠢᠴᠢᠵᠦ ᠪᠣᠢ᠃
(7) ᠰᠢᠨᠠᠯᠠᠮ᠎ᠠ ᠬᠣᠣᠷᠯᠠᠭᠳᠠᠭᠰᠠᠨ ᠤ᠋ ᠳᠠᠷᠠᠭ᠎ᠠ ᠦᠦᠰᠢᠨ ᠪᠡᠢᠯᠡ ᠨᠣᠶᠠᠨ ᠲᠡᠭᠦᠰᠠᠠᠮᠤᠭᠤᠯᠠᠩ ᠠ᠋ᠴᠠ ᠳᠡᠳ᠋ ᠲᠡᠷᠢᠭᠦᠨ ᠵᠠᠰᠠᠭ ᠸᠠᠩ ᠨᠣᠶᠠᠨ ᠳ᠋ᠤ᠌ ᠡᠷᠭᠦᠨ ᠪᠠᠷᠢᠭᠰᠠᠨ ᠪᠢᠴᠢᠭ ᠲᠣᠷ᠄
《᠁ ᠡᠨᠡ ᠬᠠᠪᠤᠷ ᠤ᠋ᠨ ᠲᠡᠷᠢᠭᠦᠨ ᠰᠠᠷ᠎ᠠ ᠶ᠋ᠢᠨ ᠰᠢᠨ᠎ᠡ ᠶ᠋ᠢᠨ ᠬᠣᠶᠠᠷ ᠲᠤ᠌ ᠬᠠᠷᠢᠶᠠᠲᠤ ᠬᠤᠰᠢᠭᠤᠨ ᠤ᠋ ᠴᠣᠬᠣᠮ ᠬᠦ᠌ ᠵᠢᠷᠤᠮᠲᠤ ᠠᠷᠠᠳ ᠡᠷᠬᠢᠮᠳᠠᠯᠠᠢ ᠨᠠᠷ ᠮᠠᠭᠤ ᠬᠤᠯᠠᠭᠠᠢ ᠦᠯᠵᠡᠢᠵᠢᠷᠭᠠᠯ ᠢ᠋ ᠠᠯᠠᠵᠤ ᠬᠤᠰᠢᠭᠤᠨ ᠤ᠋ ᠰᠠᠮᠠᠭᠤᠷᠠᠯ ᠢ᠋ ᠲᠣᠭᠲᠠᠨᠢᠭᠤᠯᠬᠤᠢ ᠪᠠᠷ ᠵᠠᠪᠳᠤᠬᠤ ᠶ᠋ᠢᠨ ᠵᠠᠭᠤᠷ᠎ᠠ᠂ ᠲᠡᠭᠦᠨ ᠦ᠌ ᠨᠠᠮ ᠤ᠋ᠨ ᠬᠥᠮᠦᠰ ᠲᠠᠢᠵᠢ ᠠᠷᠪᠢᠨᠪᠠᠶᠠᠷ(ᠰᠢᠨᠡᠯᠡᠮ᠎ᠡ ᠶ᠋ᠢᠨ ᠬᠦᠷᠭᠡᠨ᠂ ᠭᠤᠷᠪᠠᠳᠤᠭᠠᠷ ᠰᠤᠮᠤᠨ ᠤ᠋ ᠳᠠᠷᠤᠭ᠎ᠠ) ᠨᠠᠷ ᠤᠷᠢᠳ ᠢ᠋ᠶ᠋ᠠᠷ ᠵᠠᠪᠳᠤᠨ ᠬᠤᠯᠠᠭᠠᠢ ᠦᠯᠵᠡᠢᠵᠢᠷᠭᠠᠯ ᠢ᠋ ᠠᠯᠠᠭᠰᠠᠨ ᠵᠢᠷᠤᠮᠲᠤ ᠠᠷᠠᠳ ᠡᠷᠬᠢᠮᠳᠠᠯᠠᠢ ᠨᠠᠷ ᠤ᠋ᠨ ᠶᠢᠰᠦᠨ ᠬᠥᠮᠦᠨ ᠡᠴᠡ ᠮᠥᠨ ᠡᠷᠬᠢᠮᠳᠠᠯᠠᠢ᠂ ᠲᠡᠯᠭᠡᠷᠰᠠᠩ᠂ ᠪᠥᠷᠢᠨᠵᠢᠷᠭᠠᠯ ᠨᠠᠷ ᠤᠨ ᠭᠤᠷᠪᠠᠨ ᠬᠥᠮᠦᠨ ᠢ᠋ ᠠᠯᠠᠵᠤ ᠠᠮᠢ ᠲᠦᠯᠦᠷᠡᠭᠦᠯᠤᠨ ᠲᠤᠢᠯ ᠤ᠋ᠨ ᠡᠷᠡᠭᠦᠦ ᠦᠵᠡᠭᠦᠯᠪᠡ᠁》 ᠭᠡᠵᠦ ᠪᠢᠴᠢᠵᠦ ᠪᠠᠢᠨ᠎ᠠ᠃①
— — — —
① ᠶᠡᠬᠡ ᠵᠣᠣ ᠠᠢᠮᠠᠭ ᠤ᠋ᠨ ᠳᠠᠩᠰᠠ ᠡᠪᠬᠡᠮᠡᠯ ᠦ᠋ᠨ ᠰᠠᠩ ᠤ᠋ᠨ ᠤᠤᠯ ᠡᠬᠡ ᠡᠴᠡ ᠰᠡᠢᠷᠡᠭᠦᠯᠦᠭᠰᠡᠨ《ᠰᠢᠨᠡᠯᠡᠮ᠎ᠡ ᠶ᠋ᠢᠨ ᠬᠤᠪᠢᠰᠬᠠᠯᠲᠤ ᠬᠥᠳᠡᠯᠭᠡᠭᠡᠨ ᠦ᠌ ᠲᠤᠬᠠᠢ ᠮᠠᠲ᠋ᠧᠷᠢᠶᠠᠯ ᠤ᠋ᠨ ᠡᠮᠬᠢᠳᠬᠡᠯ》10 ᠳᠡᠪᠲᠡᠷ ᠡᠴᠡ ᠰᠡᠢᠷᠡᠭᠦᠯᠪᠡ᠃
(8) ᠴᠢᠮᠡᠳᠳᠣᠷᠵᠢ ᠨᠠᠰᠤᠲᠠᠨ1956 ᠣᠨ ᠤ᠋ ᠭᠠᠯᠠᠭᠤᠲᠤ ᠳ᠋ᠤ᠌ ᠨᠡᠢᠭᠡᠮ ᠦ᠋ᠨ ᠪᠠᠢᠴᠠᠭᠠᠯᠲᠠ ᠬᠢᠭᠰᠡᠨ ᠰᠠᠭᠤᠷᠢᠨ ᠳᠡᠭᠡᠷ᠎ᠡ《ᠦᠦᠰᠢᠨ ᠬᠤᠰᠢᠭᠤᠨ ᠳ᠋ᠤ᠌ ᠡᠭᠦᠰᠦᠭᠰᠡᠨ ᠹᠧᠣᠳᠠᠯ ᠢ᠋ ᠡᠰᠡᠷᠭᠦᠴᠡᠭᠰᠡᠨ ᠳᠤᠭᠤᠢᠯᠠᠩ ᠤ᠋ᠨ ᠬᠥᠳᠡᠯᠭᠡᠭᠡᠨ》 ᠭᠡᠬᠦ ᠲᠣᠮᠣ ᠥᠭᠦᠯᠡᠯ ᠳ᠋ᠡᠭᠡᠨ ᠰᠢᠨᠠᠯᠠᠮ᠎ᠠ ᠶ᠋ᠢᠨ ᠬᠣᠣᠷᠯᠠᠭᠳᠠᠭᠰᠠᠨ ᠲᠤᠬᠠᠢ《᠁ ᠦᠦᠰᠢᠨ ᠬᠤᠰᠢᠭᠤᠨ ᠤ᠋ ᠵᠠᠰᠠᠭ ᠲᠡᠭᠦᠰᠠᠠᠮᠤᠭᠤᠯᠠᠩ ᠬᠢᠭᠡᠳ ᠲᠡᠮᠡᠭᠡᠲᠦ ᠶ᠋ᠢᠨ ᠴᠡᠷᠢᠭ ᠦ᠋ᠨ ᠡᠷᠬᠡᠲᠡᠨ ᠵᠢᠩ ᠶᠤᠸᠠᠢ ᠰᠢᠦ ᠡᠴᠡ ᠰᠢᠨᠠᠯᠠᠮ᠎ᠠ ᠶ᠋ᠢᠨ ᠳᠣᠣᠷᠠᠬᠢ ᠮᠡᠲᠦ ᠬᠥᠮᠦᠰ ᠲᠡᠢ ᠨᠢᠭᠤᠴᠠ ᠪᠠᠷ ᠰᠦᠯᠪᠡᠭᠡᠯᠡᠵᠦ ᠰᠢᠨᠡᠯᠡᠮ᠎ᠡ ᠶ᠋ᠢ ᠬᠣᠣᠷᠯᠠᠬᠤ ᠪᠠᠷ ᠬᠤᠤᠪᠢᠯᠳᠤᠯᠭ᠎ᠠ ᠬᠢᠪᠡ᠃
ᠰᠢᠨᠡᠯᠡᠮ᠎ᠡ ᠶ᠋ᠢᠨ ᠰᠢᠳᠠᠷ ᠢᠲᠡᠭᠡᠯ ᠲᠡᠢ ᠭᠤᠷᠪᠠᠳᠤᠭᠠᠷ ᠰᠤᠮᠤᠨ ᠤ᠋ ᠬᠣᠶᠠᠳᠤᠭᠠᠷ ᠰᠠᠯᠠᠭ᠎ᠠ ᠶ᠋ᠢᠨ ᠳᠠᠷᠤᠭ᠎ᠠ ᠪᠥᠷᠢᠨᠵᠢᠷᠭᠠᠯ᠂ ᠪᠢᠴᠢᠭᠡᠴᠢ ᠪᠠᠢᠭᠰᠠᠨ ᠮᠥᠩᠬᠡᠥ᠌ᠯᠵᠠᠢ᠂ ᠲᠡᠯᠭᠡᠷᠰᠠᠩ᠂ ᠡᠷᠬᠢᠮᠳᠠᠯᠠᠢ᠂ ᡀᠠᠸᠠᠩᠨᠣᠷᠪᠤ ᠵᠡᠷᠭᠡ ᠬᠥᠮᠦᠨ ᠨᠢ ᠡᠨᠡ ᠬᠦ᠌ ᠬᠤᠤᠪᠢᠯᠳᠤᠯᠭ᠎ᠠ ᠳ᠋ᠤ᠌ ᠣᠷᠣᠯᠴᠠᠵᠠᠢ᠃ ᠴᠠᠭᠠᠨ ᠰᠠᠷ᠎ᠠ ᠶ᠋ᠢᠨ ᠰᠢᠨ᠎ᠡ ᠶ᠋ᠢᠨ ᠬᠣᠶᠠᠷ ᠤ᠋ᠨ ᠰᠥᠨᠢ ᠤᠷᠪᠠᠭᠴᠢ ᠡᠷᠬᠢᠮᠳᠠᠯᠠᠢ ᠬᠠᠷᠠᠭᠤᠯ ᠵᠣᠭᠰᠣᠵᠤ ᠪᠠᠢᠭ᠎ᠠ ᠦᠶ᠎ᠡ ᠳ᠋ᠦ᠍ ᠰᠠᠯᠠᠭᠠᠨ ᠳᠠᠷᠤᠭ᠎ᠠ ᠪᠦᠷᠢᠨᠵᠢᠷᠭᠠᠯ᠂ ᠰᠢᠨᠡᠯᠡᠮ᠎ᠡ ᠶ᠋ᠢᠨ ᠤᠨᠲᠠᠬᠤ ᠥᠷᠥᠭᠡᠨ ᠳ᠋ᠦ᠍ ᠴᠠᠭ ᠦᠵᠡᠬᠦ ᠪᠡᠷ ᠣᠷᠣᠵᠤ ᠭᠡᠨᠡᠳᠲᠡ ᠳ᠋ᠧᠩ ᠢ᠋ ᠨᠢ ᠤᠨᠲᠠᠷᠠᠭᠠᠮᠠᠭᠴᠠ ᠲᠡᠭᠦᠨ ᠢ᠋ ᠳᠠᠭᠠᠵᠤ ᠣᠷᠣᠭᠰᠠᠨ ᠡᠷᠬᠢᠮᠳᠠᠯᠠᠢ ᠬᠠᠷᠪᠤᠭᠰᠠᠨ ᠳ᠋ᠤ᠌ ᠰᠢᠨᠡᠯᠡᠮ᠎ᠡ ᠵᠠᠪᠰᠢᠶᠠᠨ ᠪᠤᠰᠤ ᠪᠠᠷ ᠪᠡᠶ᠎ᠡ ᠦᠷᠡᠭᠳᠡᠪᠡ᠃ ᠪᠢᠴᠢᠭᠡᠴᠢ ᠮᠥᠩᠬᠡᠥ᠌ᠯᠵᠠᠢ ᠰᠢᠨᠡᠯᠡᠮ᠎ᠡ ᠶ᠋ᠢᠨ ᠴᠡᠷᠢᠭ ᠦ᠋ᠨ ᠡᠷᠬᠡ ᠶ᠋ᠢ ᠪᠤᠯᠢᠶᠠᠬᠤ ᠪᠠᠷ ᠭᠣᠷᠢᠳᠠᠵᠤ ᠲᠡᠯᠭᠡᠷᠰᠠᠩ ᠵᠡᠷᠭᠡ ᠬᠥᠮᠦᠨ ᠲᠡᠢ ᠰᠦᠯᠪᠡᠭᠡᠯᠡᠵᠦ ᠡᠨᠡ ᠤᠳᠠᠭ᠎ᠠ ᠶ᠋ᠢᠨ ᠤᠪ ᠶᠠᠪᠤᠭᠤᠯᠭ᠎ᠠ ᠶ᠋ᠢ ᠤᠬᠠᠭᠠᠯᠠᠭᠰᠠᠨ ᠭᠡᠨ᠎ᠡ᠃ ᠲᠡᠯᠭᠡᠷᠰᠠᠩ ᠪᠣᠯ ᠰᠢᠨᠠᠯᠠᠮ᠎ᠠ ᠶ᠋ᠢᠨ ᠤᠷᠢᠳ ᠤ᠋ᠨ ᠥᠰᠢᠶᠡᠲᠡᠨ ᠶᠦᠮ᠃ ᠲᠡᠷᠡ ᠲᠡᠮᠡᠭᠡᠲᠦ ᠳ᠋ᠦ᠍ ᠬᠦᠷᠴᠦ ᠲᠡᠷᠰᠯᠡᠭᠦᠦ ᠴᠡᠷᠢᠭ ᠦ᠋ᠨ ᠡᠷᠬᠡᠲᠡᠨ ᠵᠢᠩ ᠶᠤᠸᠠᠢ ᠰᠢᠦ ᠲᠡᠢ ᠰᠦᠯᠪᠡᠭᠡᠯᠳᠦᠵᠦ ᠡᠷᠭᠢᠵᠦ ᠢᠷᠡᠭᠡᠳ ᠲᠡᠳᠡᠭᠡᠷ ᠬᠥᠮᠦᠰ ᠲᠡᠢ ᠬᠠᠮᠰᠠᠵᠤ ᠰᠢᠨᠠᠯᠠᠮ᠎ᠠ ᠶ᠋ᠢ ᠠᠯᠠᠭᠰᠠᠨ ᠶᠤᠮ᠃ ᠲᠡᠷᠡ ᠦᠶ᠎ᠡ ᠳ᠋ᠦ᠍ ᠲᠡᠮᠡᠭᠡᠲᠦ ᠶ᠋ᠢᠨ ᠲᠡᠷᠰᠯᠡᠭᠦᠴᠦᠳ ᠰᠢᠨᠠᠯᠠᠮ᠎ᠠ ᠶ᠋ᠢᠨ ᠲᠣᠯᠣᠭᠠᠢ ᠶ᠋ᠢ ᠨᠢ ᠠᠪᠬᠤ ᠪᠠᠷ ᠲᠤᠩᠬᠠᠭ ᠭᠠᠷᠭᠠᠭᠰᠠᠨ ᠭᠡᠨ᠎ᠡ᠃
ᠰᠢᠨᠡᠯᠡᠮ᠎ᠡ ᠬᠣᠣᠷᠯᠠᠭᠳᠠᠭᠰᠠᠨ ᠢ᠋ ᠲᠡᠭᠦᠨ ᠦ᠌ ᠨᠢᠭᠡᠳᠦᠭᠡᠷ ᠪᠠᠲ᠋ᠯᠢᠶᠤᠨ ᠤ᠋ ᠳᠠᠷᠤᠭ᠎ᠠ ᠡᠷᠳᠡᠨᠢ ᠰᠣᠨᠣᠰᠤᠭᠠᠳ ᠳᠣᠣᠷ᠎ᠠ ᠪᠠᠨ ᠪᠤᠴᠠᠨ ᠢᠷᠡᠵᠦ ᠰᠢᠨᠠᠯᠠᠮ᠎ᠠ ᠶ᠋ᠢ ᠬᠣᠣᠷᠯᠠᠬᠤ ᠤᠪ ᠶᠠᠪᠤᠭᠤᠯᠭ᠎ᠠ ᠳ᠋ᠤ᠌ ᠣᠷᠣᠯᠴᠠᠭᠰᠠᠨ ᠪᠦᠷᠢᠨᠵᠢᠷᠭᠠᠯ᠂ ᠡᠷᠬᠢᠮᠳᠠᠯᠠᠢ᠂ ᠳᠡᠯᠭᠡᠷᠰᠠᠩ᠂ ᡀᠠᠸᠠᠩᠨᠣᠷᠪᠤ ᠵᠡᠷᠭᠡ ᠬᠥᠮᠦᠰ ᠢ᠋ ᠪᠠᠷᠢᠪᠴᠢᠯᠠᠵᠤ ᠰᠢᠭᠦᠨ ᠠᠰᠠᠭᠤᠭᠰᠠᠨ ᠳ᠋ᠤ᠌ ᠲᠡᠳᠡ ᠨᠠᠷ᠄( ᠪᠢᠳᠡ ᠬᠡᠯᠡᠬᠦ ᠦᠭᠡ ᠠᠷᠪᠢᠨ ᠪᠠᠢᠨ᠎ᠠ᠁) ᠭᠡᠪᠡ᠃ ᠮᠥᠩᠬᠡᠡᠥᠢ᠍ᠯᠵᠠᠢ ᠡᠭᠦᠨ ᠢ᠋ ᠰᠣᠨᠣᠰᠤᠭᠠᠳ ᠲᠡᠭᠦᠨ ᠦ᠌ ᠤᠪ ᠶᠠᠪᠤᠭᠤᠯᠭ᠎ᠠ ᠢᠯᠡᠴᠢᠯᠡᠭᠳᠡᠬᠦ ᠡᠴᠡ ᠠᠶᠤᠵᠤ(ᠲᠠ ᠨᠠᠷ ᠬᠥᠮᠦᠨ ᠢ᠋ ᠠᠯᠠᠴᠢᠬᠠᠭᠠᠳ ᠪᠠᠰᠠ ᠬᠥᠮᠦᠨ ᠳ᠋ᠦ᠍ ᠬᠡᠷᠡᠭ ᠢ᠋ ᠡᠭᠦᠷᠭᠡᠯᠡᠭᠦᠯᠵᠦ ᠰᠢᠯᠲᠠᠭᠯᠠᠨᠠ ᠤᠤ) ᠭᠡᠵᠦ ᠬᠡᠯᠡᠭᠡᠳ ᠲᠡᠳᠡᠨᠦᠰ ᠢ᠋ ᠳᠣᠣᠷ᠎ᠠ ᠨᠢ ᠫᠤᠤᠳᠠᠵᠤ ᠠᠯᠠᠭᠤᠯᠪᠠ》 ᠭᠡᠵᠦ ᠪᠢᠴᠢᠵᠦ ᠪᠣᠢ᠃
(9) ᠬᠠᠩᠭᠢᠨ ᠬᠤᠰᠢᠭᠤᠨ ᠤ᠋ ᠬᠡᠦᠬᠡᠳ ᠦ᠋ᠨ ᠴᠡᠴᠡᠷᠯᠢᠭ ᠦ᠋ᠨ ᠪᠠᠭᠰᠢ ᠪᠠᠷ ᠠᠵᠢᠯᠯᠠᠵᠤ ᠪᠠᠢᠭ᠎ᠠ ᠪᠠᠨᠽᠠᠷ ᠤ᠋ᠨ ᠲᠥᠷᠥᠭᠰᠡᠨ ᠠᠪᠤ ᡀᠦᠩᠷᠤᠪ ᠨᠠᠰᠤᠲᠠᠨ(ᠨᠠᠰᠤ ᠪᠠᠷᠠᠵᠠᠢ) ᠤᠭ ᠲᠠᠭᠠᠨ ᠳᠣᠲᠣᠭᠠᠳᠤ ᠮᠣᠩᠭᠣᠯ ᠤ᠋ᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠨ ᠺᠣᠮᠢᠰᠰᠠᠷ ᠤ᠋ᠨ ᠲᠤᠰᠢᠶᠠᠯ ᠢ᠋ ᠡᠭᠦᠷᠭᠡᠯᠡᠵᠦ ᠶᠠᠪᠤᠭᠰᠠᠨ ᠬᠥᠮᠦᠨ᠂1984 ᠣᠨ ᠳ᠋ᠤ᠌ ᠰᠢᠨᠡᠯᠡᠮ᠎ᠡ ᠶ᠋ᠢᠨ ᠲᠤᠬᠠᠢ ᠠᠰᠠᠭᠤᠨ ᠰᠤᠷᠪᠤᠯᠵᠢᠯᠠᠭᠰᠠᠨ ᠬᠥᠮᠦᠰ ᠲᠦ᠍ ᠬᠡᠯᠡᠬᠦ ᠳ᠋ᠡᠭᠡᠨ᠄《ᠰᠢᠨᠠᠯᠠᠮ᠎ᠠ ᠶ᠋ᠢ ᠬᠣᠣᠷᠯᠠᠭᠰᠠᠨ ᠬᠥᠮᠦᠰ ᠢ᠋ ᠰᠢᠢᠳᠬᠡᠬᠦ ᠳ᠋ᠦ᠍ ᠪᠢ ᠪᠡᠶ᠎ᠡ ᠪᠡᠷ ᠢ᠋ᠶ᠋ᠡᠨ ᠣᠷᠣᠯᠴᠠᠵᠢ᠃ ᠰᠢᠨᠠᠯᠠᠮ᠎ᠠ ᠶ᠋ᠢ ᠬᠣᠣᠷᠯᠠᠬᠤ ᠳ᠋ᠤ᠌ ᠣᠷᠣᠯᠴᠠᠭᠰᠠᠨ ᠬᠥᠮᠦᠨ ᠪᠣᠯ ᠪᠦᠷᠢᠨᠵᠢᠷᠭᠠᠯ᠂ ᠡᠷᠬᠢᠮᠳᠠᠯᠠᠢ᠂ ᡀᠠᠸᠠᠩᠨᠣᠷᠪᠤ᠂ ᠪᠠᠲᠤᠳᠠᠯᠠᠢ᠂ ᠳᠡᠯᠭᠡᠷᠰᠠᠩ᠂ ᠦᠯᠵᠡᠢᠪᠠᠭᠠᠲᠤᠷ ᠨᠠᠷ ᠪᠣᠯᠤᠨ᠎ᠠ᠂ ᠮᠥᠩᠬᠡᠡᠥᠢ᠍ᠯᠵᠠᠢ ᠲᠤᠸᠠᠨᠵᠠᠩ ᠠᠷᠤ ᠲᠣᠬᠢᠭᠴᠢ ᠭᠡᠵᠦ ᠪᠢ ᠰᠣᠨᠣᠰᠤᠭᠰᠠᠨ ᠦᠭᠡᠢ᠁ 》 ᠭᠡᠵᠦ ᠶᠠᠷᠢᠵᠠᠢ(ᠰᠢᠩᠭᠡᠭᠡᠯᠲᠡ ᠰᠤᠷᠪᠤᠯᠵᠢᠯᠠᠭ᠎ᠠ)᠃
ᠡᠮᠬᠢᠳᠬᠡᠨ ᠨᠠᠢᠷᠠᠭᠤᠯᠤᠭᠴᠢ ᠶ᠋ᠢᠨ ᠦᠭᠡ
ᠮᠢᠨᠦ ᠪᠡᠶ᠎ᠡ ᠰᠢᠨᠠᠯᠠᠮ᠎ᠠ ᠬᠣᠣᠷᠯᠠᠭᠳᠠᠭᠰᠠᠨ ᠲᠤᠬᠠᠢ ᠪᠤᠭᠤᠷᠤᠯᠴᠤᠳ ᠤ᠋ᠨ ᠤᠯᠠᠮᠵᠢᠯᠠᠯ ᠶᠠᠷᠢᠶ᠎ᠠ ᠶ᠋ᠢ ᠰᠣᠨᠣᠰᠤᠭᠰᠠᠨ ᠪᠥᠭᠡᠳ ᠪᠠᠰᠠ ᠡᠯ᠎ᠡ ᠡᠲᠡᠭᠡᠳ ᠦ᠋ᠨ ᠬᠥᠮᠦᠰ ᠦ᠋ᠨ ᠪᠢᠴᠢᠭᠰᠡᠨ ᠨᠣᠮ ᠪᠢᠴᠢᠭ ᠲᠡᠦᠬᠡ ᠰᠤᠳᠤᠯᠤᠭᠴᠢᠳ ᠤ᠋ᠨ ᠵᠣᠬᠢᠶᠠᠯ ᠪᠦᠲᠦᠭᠡᠯ ᠦ᠋ᠳ ᠢ᠋ ᠴᠦ᠍ ᠤᠷᠪᠠᠭᠤᠯᠵᠤ ᠦᠵᠡᠯ᠎ᠡ᠃ ᠤᠴᠢᠷ ᠨᠢ ᠲᠡᠦᠬᠡ ᠪᠢᠴᠢᠵᠦ ᠪᠠᠢᠭ᠎ᠠ ᠬᠥᠮᠦᠨ ᠶᠡᠷᠦ ᠨᠢ ᠥᠩᠭᠡᠷᠡᠭᠰᠡᠨ ᠲᠡᠦᠬᠡ ᠶ᠋ᠢᠨ ᠤᠴᠢᠷ ᠲᠤ᠌ ᠲᠡᠦᠬᠡ ᠶ᠋ᠢᠨ ᠦᠨᠡᠨ ᠢ᠋ ᠪᠠᠷᠢᠮᠲᠠᠯᠠᠵᠤ᠂ ᠲᠡᠦᠬᠡ ᠪᠣᠯ ᠬᠠᠢᠷ᠎ᠠ ᠨᠠᠢᠷ ᠦᠭᠡᠢ ᠰᠢᠭᠦᠨ ᠲᠠᠰᠤᠯᠤᠭᠴᠢ ᠪᠠᠢᠬᠤ ᠶ᠋ᠢᠨ ᠤᠴᠢᠷ ᠲᠤ᠌ ᠪᠠᠢᠵᠤ ᠲᠠᠭᠠᠷᠠᠨ᠎ᠠ᠃ ᠰᠢᠨᠡᠯᠡᠮ᠎ᠡ ᠭᠡᠳᠡᠭ ᠡᠨᠡ ᠬᠦ᠌ ᠠᠯᠳᠠᠷ ᠨᠡᠷ᠎ᠡ ᠲᠡᠢ ᠠᠭᠤᠤ ᠶᠡᠬᠡ ᠬᠥᠮᠦᠨ ᠢ᠋ ᠬᠣᠣᠷᠯᠠᠭᠰᠠᠨ ᠬᠠᠮᠤᠭ ᠤ᠋ᠨ ᠶᠡᠬᠡ ᠭᠠᠳᠠᠭᠠᠳᠤ ᠠᠷᠤ ᠲᠣᠬᠢᠭᠴᠢ ᠨᠢ ᠦᠦᠰᠢᠨ ᠪᠡᠢᠯᠡ ᠨᠣᠶᠠᠨ ᠲᠡᠭᠦᠰᠠᠠᠮᠤᠭᠤᠯᠠᠩ ᠪᠣᠯᠤᠨ᠎ᠠ᠃ ᠢᠩᠭᠢᠪᠡᠯ ᠠᠷᠪᠠᠨ ᠬᠣᠶᠠᠳᠤᠭᠠᠷ ᠬᠣᠷᠢᠶᠠᠨ ᠤ᠋ ᠳᠣᠲᠣᠭᠠᠳᠤ ᠳ᠋ᠤ᠌ ᠮᠥᠩᠬᠡᠥ᠌ᠯᠵᠡᠢ ᠮᠥᠨ ᠡᠰᠡᠬᠦ ᠲᠤᠬᠠᠢ ᠣᠯᠠᠨ ᠵᠦᠢᠯ ᠦ᠋ᠨ ᠶᠠᠷᠢᠶ᠎ᠠ ᠪᠠᠢᠭ᠎ᠠ ᠶᠤᠮ ᠪᠠᠢᠨ᠎ᠠ᠃ ᠵᠢᠱ᠌ᠢᠶᠡᠯᠡᠪᠡᠯ ᠨᠢᠭᠡ ᠳ᠋ᠦ᠍᠂ ᠰᠢᠨᠡᠯᠡᠮ᠎ᠡ ᠮᠣᠩᠭᠣᠯ ᠤᠯᠤᠰ ᠤ᠋ᠨ ᠤᠯᠠᠭᠠᠨᠪᠠᠭᠠᠲᠤᠷ ᠲᠤ᠌ ᠶᠠᠪᠤᠵᠤ ᠫᠤᠤ ᠰᠤᠮᠤ ᠪᠠ ᠪᠤᠰᠤᠳ ᠲᠤᠰᠠᠯᠠᠮᠵᠢ ᠠᠪᠬᠤ ᠪᠠᠷ ᠶᠠᠪᠤᠬᠤ ᠳ᠋ᠠᠭᠠᠨ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠵᠢᠯᠣᠭᠣᠳᠬᠤ ᠡᠷᠬᠡ ᠶ᠋ᠢ ᠲᠦᠷ ᠴᠠᠭ ᠮᠥᠩᠬᠡᠥ᠌ᠯᠵᠡᠢ ᠲᠤᠸᠠᠨ ᠹᠦ ᠳ᠋ᠦ᠍ ᠲᠤᠰᠢᠶᠠᠵᠤ ᠨᠠᠢᠳᠠᠭᠠᠳ ᠶᠠᠪᠤᠬᠤ ᠤᠴᠢᠷ ᠲᠠᠢ᠂ ᠭᠡᠲᠡᠯ᠎ᠡ ᠰᠢᠨᠠᠯᠠᠮ᠎ᠠ ᠬᠠᠷᠢᠨ ᠢᠩᠭᠢᠭᠰᠡᠨ ᠦᠭᠡᠢ᠂ ᠨᠠᠰᠤ ᠪᠠᠷ ᠢ᠋ᠶ᠋ᠠᠨ ᠵᠠᠰᠠᠭ ᠵᠠᠰᠠᠯᠲᠠ ᠶ᠋ᠢᠨ ᠠᠯᠪᠠᠨ ᠠᠵᠢᠯ ᠢ᠋ ᠬᠢᠭᠡᠳ ᠢᠷᠡᠭᠰᠡᠨ᠂ ᠶᠡᠷᠦ ᠨᠢ ᠴᠡᠷᠢᠭ ᠳᠠᠢᠴᠢᠯᠠᠭᠰᠠᠨ ᠦᠭᠡᠢ ᠬᠤᠯᠤᠭᠠᠨ᠎ᠠ ᠴᠤ᠌ ᠠᠯᠠᠵᠤ ᠦᠵᠡᠭᠡ ᠦᠭᠡᠢ ᠨᠠᠰᠤᠵᠢᠭᠰᠠᠨ ᠠᠮᠪᠠᠨ ᠨᠠᠰᠤᠨᠪᠠᠲᠤ ᠳ᠋ᠤ᠌ ᠲᠤᠰᠢᠶᠠᠵᠤ ᠨᠠᠢᠳᠠᠭᠠᠳ᠂ ᠠᠯᠤᠰ ᠬᠣᠯᠠ ᠬᠠᠷᠢ ᠭᠦᠷᠦᠨ ᠦ᠌ ᠤᠯᠠᠭᠠᠨᠪᠠᠭᠠᠲᠤᠷ ᠲᠤ᠌ ᠶᠠᠪᠤᠬᠤ ᠪᠠᠷ ᠲᠥᠯᠥᠪᠯᠡᠵᠦ ᠪᠠᠢᠭᠰᠠᠨ ᠠ᠋ᠴᠠ ᠦᠵᠡᠪᠡᠯ ᠮᠥᠩᠬᠡᠥ᠌ᠯᠵᠡᠢ ᠲᠤᠬᠠᠢ ᠶ᠋ᠢᠨ ᠦᠶ᠎ᠡ ᠳ᠋ᠦ᠍ ᠰᠢᠨᠠᠯᠠᠮ᠎ᠠ ᠶ᠋ᠢᠨ ᠳᠣᠲᠣᠭᠠᠳᠤ ᠬᠥᠮᠦᠨ ᠪᠢᠰᠢ ᠪᠠᠢᠵᠤ ᠮᠡᠳᠡᠨ᠎ᠡ᠃ ᠬᠣᠶᠠᠷ ᠲᠤ᠌᠂ ᠰᠢᠨᠠᠯᠠᠮ᠎ᠠ ᠶ᠋ᠢ ᠭᠠᠷᠳᠠᠵᠤ ᠫᠤᠤᠳᠠᠭᠰᠠᠨ ᠡᠷᠬᠢᠮᠳᠠᠯᠠᠢ ᠶ᠋ᠢ ᠠᠯᠠᠬᠤ ᠳ᠋ᠤ᠌ ᠲᠡᠷᠡ᠄《ᠲᠠ ᠨᠠᠷ ᠨᠠᠮᠠᠶ᠋ᠢ ᠠᠯᠠᠵᠤ ᠪᠣᠯᠤᠨ᠎ᠠ᠂ ᠭᠡᠪᠡᠴᠦ ᠮᠢᠨᠦ ᠡᠷᠬᠢᠮ ᠬᠡᠯᠡᠬᠦ ᠬᠡᠳᠦᠨ ᠦᠭᠡ ᠪᠣᠢ᠁》 ᠭᠡᠵᠦ ᠬᠠᠰᠬᠢᠷᠴᠤ ᠪᠠᠢᠲᠠᠯ᠎ᠠ ᠮᠥᠩᠬᠡᠥ᠌ᠯᠵᠡᠢ ᠬᠠᠷᠢᠨ᠄《ᠲᠦᠷᠭᠡᠨ ᠠᠯᠠ!》 ᠭᠡᠵᠦ ᠳᠣᠣᠷ᠎ᠠ ᠨᠢ ᠫᠤᠤᠳᠠᠭᠤᠯᠵᠠᠢ᠃ ᠦᠨᠡᠨ ᠢ᠋ ᠬᠡᠯᠡᠪᠡᠯ ᠲᠡᠭᠦᠨ ᠦ᠌ ᠬᠡᠯᠡᠬᠦ ᠦᠭᠡ ᠶ᠋ᠢ ᠳᠠᠩ ᠳ᠋ᠤ᠌ ᠰᠠᠭᠠᠲᠠᠵᠤ ᠪᠠᠢᠭᠰᠠᠨ ᠨᠣᠶᠠᠳ ᠪᠣᠯᠤᠨ ᠪᠦᠬᠦ ᠴᠡᠷᠢᠭ ᠲᠦ᠍ ᠰᠣᠨᠣᠰᠬᠠᠪᠠᠯ ᠲᠠᠭᠠᠷᠠᠬᠤ ᠪᠢᠰᠢ ᠤᠤ? ᠭᠡᠲᠡᠯ᠎ᠡ ᠳᠠᠩ ᠤ᠋ᠨ ᠰᠢᠭᠦᠭᠴᠢ ᠶ᠋ᠢᠨ ᠰᠠᠭᠤᠳᠠᠯ ᠳ᠋ᠤ᠌ ᠰᠠᠭᠤᠵᠤ ᠪᠠᠢᠭ᠎ᠠ ᠮᠥᠩᠬᠡᠥ᠌ᠯᠵᠡᠢ ᠶᠠᠭᠤᠨ ᠳ᠋ᠤ᠌ ᠢᠩᠭᠢᠵᠦ ᠰᠠᠨᠳᠤᠷᠴᠤ ᠶᠠᠭᠠᠷᠠᠭᠰᠠᠨ ᠪᠣᠯ? ᠭᠤᠷᠪᠠ ᠳ᠋ᠤ᠌᠂ ᠰᠢᠨᠠᠯᠠᠮ᠎ᠠ ᠶ᠋ᠢ ᠬᠣᠣᠷᠯᠠᠬᠤ ᠶ᠋ᠢ ᠭᠠᠷᠲᠠᠭᠰᠠᠨ ᠪᠦᠷᠢᠨᠵᠢᠷᠭᠠᠯ᠂ ᠡᠷᠬᠢᠮᠳᠠᠯᠠᠢ ᠬᠣᠶᠠᠷ ᠢ᠋ ᠴᠠᠭᠠᠵᠠ ᠪᠠᠷ ᠬᠠᠷᠪᠤᠭᠰᠠᠨ ᠤ᠋ ᠳᠠᠷᠠᠭ᠎ᠠ ᠳᠡᠯᠭᠡᠷᠰᠠᠩ ᠢᠷᠡᠭᠰᠡᠨ ᠳ᠋ᠦ᠍ ᠲᠡᠭᠦᠨ ᠢ᠋ ᠪᠠᠷᠢᠵᠤ ᠳᠣᠣᠷ᠎ᠠ ᠨᠢ ᠳᠠᠩ ᠭᠠᠷᠭᠠᠵᠤ ᠰᠢᠭᠦᠨ ᠪᠠᠢᠴᠠᠭᠠᠬᠤ ᠭᠡᠬᠦ ᠳ᠋ᠦ᠍ ᠮᠥᠩᠬᠡᠥ᠌ᠯᠵᠡᠢ ᠡᠴᠡ ᠡᠨᠳᠡ ᠰᠢᠭᠦᠬᠦ ᠦᠭᠡᠢ ᠡᠮᠦᠨ᠎ᠡ ᠡᠷᠦᠬᠡ ᠳ᠋ᠦ᠍ ᠳᠠᠩ ᠲᠥᠬᠥᠭᠡᠷᠡᠵᠦ ᠵᠣᠳᠣᠵᠤ ᠪᠠᠢᠭᠠᠳ ᠥᠴᠢᠭ ᠢ᠋ ᠨᠢ ᠠᠪᠤᠶ᠎ᠠ ᠭᠡᠳ ᠲᠤᠰᠬᠠᠢ ᠬᠥᠮᠦᠨ ᠢ᠋ᠶ᠋ᠡᠷ ᠡᠮᠦᠨᠡᠰᠢ ᠲᠠᠭᠤᠵᠤ ᠵᠠᠮ ᠳ᠋ᠤᠨᠢ ᠳᠣᠬᠢᠵᠤ ᠫᠤᠤᠳᠠᠨ ᠠᠯᠠᠭᠤᠯᠴᠢᠬᠠᠵᠠᠢ᠃ ᠮᠥᠩᠬᠡᠥ᠌ᠯᠵᠡᠢ᠂ ᠳᠡᠯᠬᠡᠷᠰᠠᠩ ᠢ᠋ ᠥᠴᠢᠭ ᠠᠪᠬᠤ ᠪᠠᠢᠲᠤᠭᠠᠢ᠂ ᠰᠢᠭᠦᠬᠦ ᠳᠠᠩ ᠴᠦ᠍ ᠭᠠᠷᠭᠠᠳᠠᠭ ᠦᠭᠡᠢ ᠳ᠋ᠦ᠍ ᠤᠴᠢᠷ ᠲᠠᠢ ᠪᠢᠰᠢ ᠤᠤ? ᠳᠥᠷᠪᠡ ᠳ᠋ᠦ᠍᠂ ᠰᠢᠨᠡᠯᠡᠮ᠎ᠡ ᠬᠣᠣᠷᠯᠠᠭᠳᠠᠭᠰᠠᠨ ᠤ᠋ ᠳᠠᠷᠠᠭ᠎ᠠ ᠦᠦᠰᠢᠨ ᠪᠡᠢᠯᠡ ᠨᠣᠶᠠᠨ ᠲᠡᠭᠦᠰᠠᠠᠮᠤᠭᠤᠯᠠᠩ ᠲᠡᠮᠡᠭᠡᠲᠦ ᠬᠣᠲᠠ ᠠ᠋ᠴᠠ ᠵᠠᠰᠠᠭ ᠬᠤᠰᠢᠭᠤᠨ ᠤ᠋ ᠪᠠᠨᠳᠢᠳᠠ ᠶ᠋ᠢᠨ ᠳᠤᠭᠠᠩ ᠳᠡᠭᠡᠷ᠎ᠡ ᠢᠷᠡᠭᠡᠳ ᠴᠢᠭᠤᠯᠭᠠᠨ ᠳᠡᠳ᠋ ᠲᠡᠷᠢᠭᠦᠨ ᠬᠠᠩᠭᠢᠨ ᠸᠠᠩ ᠠᠯᠲᠠᠠᠧᠴᠢᠷ ᠲᠦ᠍ ᠡᠷᠭᠦᠨ ᠪᠠᠷᠢᠭᠰᠠᠨ ᠪᠢᠴᠢᠭ ᠲᠣᠷ᠄《᠁ ᠡᠨᠡ ᠬᠠᠪᠤᠷ ᠤ᠋ᠨ ᠲᠡᠷᠢᠭᠦᠨ ᠰᠠᠷ᠎ᠠ ᠶ᠋ᠢᠨ ᠰᠢᠨ᠎ᠡ ᠶ᠋ᠢᠨ ᠬᠣᠶᠠᠷ ᠲᠤ᠌ ᠬᠠᠷᠢᠶᠠᠲᠤ ᠬᠤᠰᠢᠭᠤᠨ ᠤ᠋ ᠴᠣᠬᠣᠮ ᠬᠦ᠌ ᠵᠢᠷᠤᠮᠲᠤ ᠠᠷᠠᠳ ᠡᠷᠬᠢᠮᠳᠠᠯᠠᠢ ᠨᠠᠷ ᠮᠠᠭᠤ ᠬᠤᠯᠠᠭᠠᠢ ᠥᠯᠵᠡᠢᠵᠢᠷᠭᠠᠯ ᠢ᠋ ᠠᠯᠠᠵᠤ ᠬᠤᠰᠢᠭᠤᠨ ᠤ᠋ ᠰᠠᠮᠠᠭᠤᠷᠠᠯ ᠢ᠋ ᠲᠣᠭᠲᠠᠨᠢᠭᠤᠯᠬᠤ ᠪᠠᠷ ᠵᠠᠪᠳᠤᠬᠤ ᠶ᠋ᠢᠨ ᠵᠠᠭᠤᠷ᠎ᠠ ᠲᠡᠭᠦᠨ ᠦ᠌ ᠨᠠᠮ ᠤ᠋ᠨ ᠬᠥᠮᠦᠰ ᠲᠠᠢᠵᠢ ᠠᠷᠪᠢᠨᠪᠠᠶᠠᠷ ᠨᠠᠷ ᠤᠷᠢᠳ ᠢ᠋ᠶ᠋ᠠᠷ ᠵᠠᠪᠳᠤᠨ ᠬᠤᠯᠠᠭᠠᠢ ᠥᠯᠵᠡᠢᠵᠢᠷᠭᠠᠯ ᠢ᠋ ᠠᠯᠠᠭᠰᠠᠨ ᠵᠢᠷᠤᠮᠲᠤ ᠠᠷᠠᠳ ᠡᠷᠬᠢᠮᠳᠠᠯᠠᠢ ᠨᠠᠷ ᠤ᠋ᠨ ᠶᠢᠰᠦᠨ ᠬᠥᠮᠦᠨ ᠡᠴᠡ ᠮᠥᠨ ᠡᠷᠬᠢᠮᠳᠠᠯᠠᠢ᠂ ᠳᠡᠯᠭᠡᠷᠰᠠᠩ᠂ ᠪᠦᠷᠢᠨᠵᠢᠷᠭᠠᠯ ᠨᠠᠷ ᠤ᠋ᠨ ᠭᠤᠷᠪᠠᠨ ᠬᠥᠮᠦᠨ ᠢ᠋ ᠠᠯᠠᠵᠤ ᠠᠮᠢ ᠲᠥᠯᠥᠷᠡᠭᠦᠯᠦᠨ ᠲᠤᠢᠯ ᠤ᠋ᠨ ᠡᠷᠡᠭᠦᠦ ᠦᠵᠡᠭᠦᠯᠪᠡ᠁》 ᠭᠡᠰᠡᠨ ᠡᠴᠡ ᠦᠵᠡᠪᠡᠯ ᠦᠦᠰᠢᠨ ᠨᠣᠶᠠᠨ ᠲᠡᠭᠦᠰᠠᠠᠮᠤᠭᠤᠯᠠᠩ᠂ ᠰᠢᠨᠠᠯᠠᠮ᠎ᠠ ᠶ᠋ᠢᠨ ᠬᠦᠷᠭᠡᠨ ᠭᠤᠷᠪᠠᠳᠤᠭᠠᠷ ᠰᠤᠮᠤᠨ ᠤ᠋ ᠳᠠᠷᠤᠭ᠎ᠠ ᠲᠠᠢᠵᠢ ᠠᠷᠪᠢᠨᠪᠠᠶᠠᠷ ᠲᠤ᠌ ᠲᠤᠢᠯ ᠢ᠋ᠶ᠋ᠠᠷ ᠬᠣᠷᠣᠰᠴᠤ ᠪᠠᠢᠭᠰᠠᠨ ᠠ᠋ᠴᠠ ᠪᠢᠰᠢ᠂ ᠲᠤᠸᠠᠨ ᠹᠦ ᠮᠥᠩᠬᠡᠥ᠌ᠯᠵᠡᠢ ᠶ᠋ᠢ ᠳᠤᠷᠠᠳᠤᠭᠰᠠᠨ ᠴᠤ᠌ ᠦᠭᠡᠢ ᠪᠠᠢᠨ᠎ᠠ᠃ ᠬᠠᠷᠢᠨ ᠲᠡᠭᠦᠰᠠᠠᠮᠤᠭᠤᠯᠠᠩ ᠤ᠋ᠨ ᠳᠤᠷᠠᠳᠤᠭᠰᠠᠨ ᠶᠢᠰᠦᠨ ᠬᠥᠮᠦᠨ ᠭᠡᠳᠡᠭ ᠲᠦ᠍ ᠡᠷᠬᠢᠮᠳᠠᠯᠠᠢ᠂ ᠪᠦᠷᠢᠨᠵᠢᠷᠭᠠᠯ᠂ ᠳᠡᠯᠭᠡᠷᠰᠠᠩ᠂ ᠥᠯᠵᠡᠢᠪᠠᠭᠠᠲᠤᠷ᠂ ᠨᠢᠮᠠᠷᠢᠨᠴᠢᠨ(ᠤᠷᠢᠳ ᠬᠣᠵᠢᠳ ᠴᠠᠭᠠᠵᠠ ᠪᠠᠷ ᠬᠠᠷᠪᠤᠵᠠᠢ)᠂ ᡀᠠᠸᠠᠩᠨᠣᠷᠪᠤ᠂ ᠪᠠᠲᠤᠳᠠᠯᠠᠢ( ᠰᠦᠬᠡ ᠪᠠᠷᠢᠭᠰᠠᠨ ᠬᠥᠮᠦᠨ) ᠠᠷᠪᠠ ᠶ᠋ᠢᠨ ᠳᠠᠷᠤᠭ᠎ᠠ ᠲᠡᠮᠦᠷ ᠨᠠᠷ ᠪᠠᠢᠵᠤ ᠦᠯᠡᠳᠡᠭᠰᠡᠨ ᠨᠢᠭᠡ ᠬᠥᠮᠦᠨ ᠴᠣᠬᠣᠮ ᠬᠡᠨ ᠪᠣᠯᠴᠢᠬᠠᠪᠠ? ᠮᠥᠩᠬᠡᠥ᠌ᠯᠵᠡᠢ ᠮᠥᠨ ᠤᠤ? ᠡᠨᠡ ᠪᠣᠯ ᠲᠡᠭᠦᠰᠠᠠᠮᠤᠭᠤᠯᠠᠩ ᠨᠣᠶᠠᠨ ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ ᠳᠡᠭᠡᠷ᠎ᠡ ᠤᠤᠯᠭᠠᠯᠠᠭᠳᠠᠭᠰᠠᠨ ᠠ᠋ᠴᠠ ᠡᠮᠦᠨ᠎ᠡ ᠴᠢᠭᠤᠯᠭᠠᠨ ᠳᠡᠳ᠋ ᠲᠡᠷᠢᠭᠦᠨ ᠠᠯᠲᠠᠠᠧᠴᠢᠷ ᠸᠠᠩ ᠳ᠋ᠤ᠌ ᠢᠯᠡᠭᠡᠭᠰᠡᠨ ᠪᠢᠴᠢᠭ ᠪᠣᠯᠤᠨ᠎ᠠ᠃ ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ ᠤ᠋ ᠳᠠᠷᠠᠭ᠎ᠠ ᠳᠠᠷᠤᠢ1930 ᠣᠨ ᠠ᠋ᠴᠠ ᠮᠥᠩᠬᠡᠥ᠌ᠯᠵᠡᠢ ᠲᠡᠢ ᠮᠠᠭᠤᠳᠠᠯᠴᠠᠵᠤ ᠳᠡᠭᠡᠭᠰᠢ ᠵᠠᠭᠠᠯᠳᠤᠭᠰᠠᠨ ᠪᠢᠴᠢᠭ ᠦ᠋ᠳ ᠪᠠᠢᠬᠤ ᠠ᠋ᠴᠠ ᠪᠢᠰᠢ᠂ ᠡᠭᠦᠨ ᠡᠴᠡ ᠡᠮᠦᠨ᠎ᠡ ᠮᠥᠩᠬᠡᠥ᠌ᠯᠵᠡᠢ ᠶ᠋ᠢᠨ ᠲᠤᠬᠠᠢ ᠳᠤᠷᠠᠳᠤᠭᠰᠠᠨ ᠪᠢᠴᠢᠭ ᠲᠡᠮᠳᠡᠭᠯᠡᠯ ᠶᠡᠷᠦ ᠦᠭᠡᠢ ᠰᠢᠭ ᠪᠠᠢᠨ᠎ᠠ᠃ ᠡᠢᠮᠦ ᠡᠴᠡ ᠲᠡᠷᠡ ᠲᠤᠬᠠᠢ ᠶ᠋ᠢᠨ ᠦᠶ᠎ᠡ ᠳ᠋ᠦ᠍ ᠰᠢᠨᠡᠯᠡᠮ᠎ᠡ ᠶ᠋ᠢᠨ ᠳᠣᠣᠷ᠎ᠠ ᠠᠵᠢᠯᠯᠠᠵᠤ ᠪᠠᠢᠭ᠎ᠠ ᠮᠥᠩᠬᠡᠥ᠌ᠯᠵᠡᠢ ᠶ᠋ᠢ ᠨᠢᠭᠤᠨ ᠬᠠᠮᠠᠭᠠᠯᠠᠭᠰᠠᠨ ᠭᠡᠵᠦ ᠲᠠᠭᠠᠮᠠᠭᠯᠠᠵᠤ ᠪᠣᠯᠤᠮᠠᠷ᠃ ᠲᠠᠪᠤ ᠳ᠋ᠤ᠌᠂ ᠡᠷᠳᠡᠮᠲᠡᠨ ᠴᠢᠮᠡᠳᠳᠣᠷᠵᠢ1956 ᠣᠨ ᠤ᠋ ᠵᠤᠨ ᠪᠢᠴᠢᠭᠰᠡᠨ ᠥᠭᠦᠯᠡᠯ ᠳ᠋ᠡᠭᠡᠨ ᠰᠢᠨᠡᠯᠡᠮ᠎ᠡ ᠶ᠋ᠢᠨ ᠬᠣᠣᠷᠯᠠᠭᠳᠠᠭᠰᠠᠨ ᠲᠤᠬᠠᠢ᠄《᠁ ᠦᠦᠰᠢᠨ ᠬᠤᠰᠢᠭᠤᠨ ᠤ᠋ ᠵᠠᠰᠠᠭ ᠲᠡᠭᠦᠰᠠᠠᠮᠤᠭᠤᠯᠠᠩ ᠬᠢᠭᠡᠳ ᠲᠡᠮᠡᠭᠡᠲᠦ ᠶ᠋ᠢᠨ ᠴᠡᠷᠢᠭ ᠦ᠋ᠨ ᠡᠷᠬᠡᠲᠡᠨ ᠵᠢᠩ ᠶᠤᠸᠠᠢ ᠰᠢᠦ ᠡᠴᠡ ᠰᠢᠨᠠᠯᠠᠮ᠎ᠠ ᠶ᠋ᠢᠨ ᠳᠣᠣᠷᠠᠬᠢ ᠮᠠᠭᠤ ᠬᠥᠮᠦᠰ ᠲᠠᠢ ᠨᠢᠭᠤᠴᠠ ᠪᠠᠷ ᠰᠦᠯᠪᠡᠭᠡᠯᠡᠵᠦ ᠰᠢᠨᠡᠯᠡᠮ᠎ᠡ ᠶ᠋ᠢ ᠬᠣᠣᠷᠯᠠᠬᠤ ᠪᠠᠷ ᠬᠤᠤᠪᠢᠯᠳᠤᠯᠭ᠎ᠠ ᠬᠢᠪᠡ᠃ ᠰᠢᠨᠠᠯᠠᠮ᠎ᠠ ᠶ᠋ᠢᠨ ᠰᠢᠳᠠᠷ ᠢᠲᠡᠭᠡᠯ ᠲᠡᠢ ᠭᠤᠷᠪᠠᠳᠤᠭᠠᠷ ᠰᠤᠮᠤᠨ ᠤ᠋ ᠬᠣᠶᠠᠳᠤᠭᠠᠷ ᠰᠠᠯᠠᠭᠠᠨ ᠳᠠᠷᠤᠭ᠎ᠠ ᠪᠥᠷᠢᠨᠵᠢᠷᠭᠠᠯ᠂ ᠪᠢᠴᠢᠭᠡᠴᠢ ᠪᠠᠢᠭᠰᠠᠨ ᠮᠥᠩᠬᠡᠥ᠌ᠯᠵᠡᠢ᠂ ᠲᠡᠯᠭᠡᠷᠰᠠᠩ᠂ ᠡᠷᠬᠢᠮᠳᠠᠯᠠᠢ᠂ ᠰᠸᠸᠠᠩᠨᠤᠷᠪᠤ(ᡀᠠᠸᠠᠩᠨᠣᠷᠪᠤ ᠶ᠋ᠢ ᠡᠨᠳᠡᠭᠦᠦ ᠪᠡᠷ ᠪᠢᠴᠢᠭᠰᠡᠨ ᠪᠣᠯᠤᠯᠲᠠᠢ— ᠰᠡᠢᠷᠡᠭᠦᠯᠦᠭᠴᠢ ᠡᠴᠡ) ᠵᠡᠷᠭᠡ ᠬᠥᠮᠦᠨ ᠨᠢ ᠡᠨᠡ ᠬᠦ᠌ ᠬᠤᠤᠪᠢᠯᠳᠤᠯᠭ᠎ᠠ ᠳ᠋ᠤ᠌ ᠣᠷᠣᠯᠴᠠᠵᠠᠢ᠁》 ᠭᠡᠵᠦ ᠪᠢᠴᠢᠵᠦ ᠪᠣᠢ᠃ ᠵᠢᠷᠭᠤᠭ᠎ᠠ ᠳ᠋ᠤ᠌᠂ ᠰᠢᠨᠠᠯᠠᠮ᠎ᠠ ᠬᠣᠣᠷᠯᠠᠭᠳᠠᠭᠰᠠᠨ ᠤ᠋ ᠳᠠᠷᠤᠢ ᠳ᠋ᠤ᠌ ᠮᠥᠩᠬᠡᠥ᠌ᠯᠵᠡᠢ ᠦᠤᠰᠢᠨᠵᠤᠤ ᠶ᠋ᠢᠨ ᠰᠦᠮ᠎ᠡ ᠳ᠋ᠦ᠍ ᠶᠠᠪᠤᠵᠤ ᠠᠪᠤᠷᠠᠯ ᠠᠰᠠᠭᠤᠭᠠᠳ ᠢᠷᠡᠬᠦ ᠳ᠋ᠡᠭᠡᠨ᠄ ᠴᠡᠷᠢᠭ ᠦ᠋ᠨ ᠫᠤᠤ ᠵᠡᠪᠰᠡᠭ ᠪᠤᠵᠠᠷ ᠪᠣᠯᠴᠢᠬᠠᠵᠠᠢ᠃ ᠴᠡᠷᠢᠭ ᠦ᠋ᠨ ᠫᠤᠤ ᠵᠡᠪᠰᠡᠭ ᠢ᠋ ᠪᠦᠭᠦᠳᠡ ᠶ᠋ᠢ ᠬᠤᠷᠢᠶᠠᠵᠤ ᠷᠠᠪᠨᠠᠢᠯᠠᠭᠤᠯᠬᠤ᠂ ᠴᠡᠷᠢᠭ ᠦ᠋ᠳ ᠢ᠋ ᠷᠠᠰᠢᠶᠠᠨ ᠢ᠋ᠶ᠋ᠠᠷ ᠨᠢᠭᠤᠷ ᠭᠠᠷ ᠢ᠋ ᠨᠢ ᠤᠬᠢᠶᠠᠯᠭᠠᠵᠤ ᠠᠷᠢᠭᠤᠨ ᠴᠡᠪᠡᠷ ᠪᠣᠯᠭᠠᠬᠤ ᠭᠡᠳᠡᠭ ᠦᠭᠡ ᠪᠣᠯ ᠮᠥᠩᠬᠡᠥ᠌ᠯᠵᠡᠢ ᠲᠤᠬᠠᠢ ᠶ᠋ᠢᠨ ᠦᠶ᠎ᠡ ᠳ᠋ᠦ᠍ ᠴᠡᠷᠢᠭ ᠦ᠋ᠨ ᠳᠣᠲᠣᠷ᠎ᠠ ᠭᠡᠨᠡᠳᠲᠡ ᠰᠠᠮᠠᠭᠤᠷᠠᠵᠤ ᠴᠡᠷᠢᠭ ᠦ᠋ᠨ ᠬᠤᠪᠢᠰᠤᠯ ᠭᠠᠷᠬᠤ ᠠ᠋ᠴᠠ ᠰᠡᠷᠭᠡᠢᠯᠡᠭᠰᠡᠨ ᠡᠪ ᠲᠡᠢ ᠰᠠᠢᠬᠠᠨ ᠲᠠᠭᠠᠷᠠᠭᠤᠯᠵᠤ ᠬᠡᠯᠡᠭᠰᠡᠨ ᠦᠭᠡ ᠪᠣᠯᠤᠨ᠎ᠠ᠃
ᠳᠡᠭᠡᠷᠡᠬᠢ ᠮᠡᠲᠦ ᠶ᠋ᠢᠨ ᠣᠯᠠᠨ ᠲᠠᠯ᠎ᠠ ᠶ᠋ᠢᠨ ᠬᠡᠯᠡᠯᠭᠡ ᠪᠢᠴᠢᠭᠯᠡᠯ ᠢ᠋ᠶ᠋ᠡᠷ ᠦᠵᠡᠪᠡᠯ ᠰᠢᠨᠡᠯᠡᠮ᠎ᠡ ᠶ᠋ᠢ ᠬᠣᠣᠷᠯᠠᠭᠰᠠᠨ ᠳᠣᠲᠣᠭᠠᠳᠤ ᠠᠷᠤ ᠲᠣᠬᠢᠭᠴᠢ ᠨᠢ ᠮᠥᠩᠬᠡᠦ᠌ᠯᠵᠡᠢ ᠪᠠᠢᠵᠤ ᠮᠠᠭᠠᠳ᠃ ᠭᠡᠪᠡᠴᠦ ᠲᠡᠦᠬᠡ ᠶ᠋ᠢᠨ ᠤᠴᠢᠷ ᠲᠤ᠌ ᠨᠢᠭᠡᠳᠦᠭᠡᠷ ᠨᠢ ᠭᠡᠷᠡᠴᠢ ᠪᠠᠷᠢᠮᠲᠠ ᠲᠣᠳᠣᠷᠬᠠᠢ ᠪᠠᠢᠬᠤ ᠬᠡᠷᠡᠭᠲᠡᠢ᠃ ᠲᠠᠭᠠᠮᠠᠭᠯᠠᠯ ᠢ᠋ᠶ᠋ᠠᠷ ᠤᠴᠢᠷ ᠶᠠᠪᠤᠳᠠᠯ ᠢ᠋ ᠮᠥᠩᠬᠡᠦ᠌ᠯᠵᠡᠢ ᠳ᠋ᠦ᠍ ᠡᠭᠦᠷᠭᠡᠵᠦ ᠪᠣᠯᠬᠤ ᠦᠭᠡᠢ᠃ ᠡᠭᠦᠨ ᠳ᠋ᠦ᠍ ᠬᠠᠮᠤᠭ ᠤ᠋ᠨ ᠢᠲᠡᠭᠡᠯ ᠲᠡᠢ᠂ ᠦᠨᠡᠮᠰᠢᠮᠡᠷ ᠭᠡᠷᠡᠴᠢ ᠪᠠᠷᠢᠮᠲᠠ ᠪᠣᠯ ᠭᠡᠰᠢᠭ᠌ᠳᠠᠯᠠᠢ ᠶ᠋ᠢᠨ ᠪᠢᠴᠢᠭᠰᠡᠨ ᠥᠪᠡᠷ ᠦ᠋ᠨ ᠥᠩᠭᠡᠷᠡᠯᠲᠡ ᠪᠣᠯᠤᠨ ᠦᠦᠰᠢᠨ ᠪᠡᠢᠯᠡ ᠨᠣᠶᠠᠨ ᠲᠡᠭᠦᠰᠠᠠᠮᠤᠭᠤᠯᠠᠩ ᠪᠠᠨᠳᠢᠳᠠ ᠶ᠋ᠢᠨ ᠳᠤᠭᠠᠩ ᠳᠡᠭᠡᠷ᠎ᠡ ᠢᠷᠡᠭᠰᠡᠨ ᠦ᠌ ᠳᠠᠷᠠᠭ᠎ᠠ ᠳᠡᠳ᠋ ᠲᠡᠷᠢᠭᠦᠨ ᠬᠠᠩᠭᠢᠨ ᠸᠠᠩ ᠠᠯᠲᠠᠠᠧᠴᠢᠷ ᠲᠦ᠍ ᠢᠯᠡᠭᠡᠭᠰᠡᠨ ᠡᠷᠭᠦᠯᠲᠡ᠂ ᠺᠣᠮᠢᠰᠰᠠᠷ ᡀᠥ᠋ᠩᠷᠤᠪ ᠤ᠋ᠨ ᠬᠡᠯᠡᠭᠰᠡᠨ ᠦᠭᠡ ᠭᠤᠷᠪᠠ ᠪᠣᠯᠤᠨ᠎ᠠ᠃ ᠪᠤᠰᠤᠳ ᠨᠢ ᠪᠦᠷ ᠠᠷᠠᠳ ᠤ᠋ᠨ ᠳᠤᠮᠳᠠᠬᠢ ᠤᠯᠠᠮᠵᠢᠯᠠᠯ ᠶᠠᠷᠢᠶᠠᠨ ᠠ᠋ᠴᠠ ᠡᠮᠬᠢᠳᠬᠡᠨ ᠲᠡᠮᠳᠡᠭᠯᠡᠭᠰᠡᠨ ᠵᠣᠬᠢᠶᠠᠯ ᠪᠣᠯᠬᠤ ᠲᠤᠯᠠ ᠵᠥᠪᠬᠡᠨ ᠬᠢᠨᠠᠯᠲᠠ ᠪᠣᠯᠬᠤ ᠮᠠᠲ᠋ᠧᠷᠢᠶᠠᠯ ᠭᠡᠵᠦ ᠦᠵᠡᠨ᠎ᠡ᠃
ᠴᠢᠩᠭᠢᠪᠡᠯ ᠡᠨᠡ ᠭᠤᠷᠪᠠᠨ ᠮᠠᠲ᠋ᠧᠷᠢᠶᠠᠯ(ᠰᠤᠷᠪᠤᠯᠵᠢᠯᠠᠭ᠎ᠠ) ᠪᠣᠯ ᠲᠡᠷᠡ ᠲᠤᠬᠠᠢ ᠶ᠋ᠢᠨ ᠴᠠᠭ ᠲᠤ᠌ ᠪᠢᠴᠢᠭᠰᠡᠨ ᠪᠤᠶᠤ ᠢᠯᠠᠩᠭᠤᠶ᠎ᠠ ᠭᠡᠰᠢᠭ᠌ᠳᠠᠯᠠᠢ(ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠦ᠋ᠨ ᠶᠠᠪᠤᠳᠠᠯ ᠤ᠋ᠨ ᠳᠠᠷᠤᠭ᠎ᠠ)᠂ ᡀᠥ᠋ᠩᠷᠤᠪ(ᠠᠷᠪᠠᠨ ᠬᠣᠶᠠᠳᠤᠭᠠᠷ ᠬᠣᠷᠢᠶᠠᠨ ᠤ᠋ ᠺᠣᠮᠢᠰᠰᠠᠷ) ᠨᠠᠷ ᠪᠣᠯ ᠰᠢᠨᠠᠯᠠᠮ᠎ᠠ ᠶ᠋ᠢ ᠬᠣᠣᠷᠯᠠᠬᠤ ᠳ᠋ᠤ᠌ ᠣᠷᠣᠯᠴᠠᠭᠰᠠᠨ ᠬᠥᠮᠦᠰ ᠢ᠋ ᠰᠢᠭᠦᠨ ᠰᠢᠢᠳᠬᠡᠬᠦ ᠳᠠᠩ ᠤ᠋ᠨ ᠲᠠᠯᠠᠪᠠᠢ ᠶ᠋ᠢᠨ ᠰᠢᠭᠦᠭᠴᠢ ᠨᠣᠶᠠᠨ ᠤ᠋ ᠰᠠᠭᠤᠳᠠᠯ ᠳ᠋ᠤ᠌ ᠰᠠᠭᠤᠵᠤ ᠪᠠᠢᠭᠰᠠᠨ ᠰᠢᠭᠦᠭᠴᠢᠳ ᠪᠣᠯᠤᠨ᠎ᠠ᠃ ᠡᠳᠡᠭᠡᠷ ᠮᠠᠲ᠋ᠧᠷᠢᠶᠠᠯ ᠪᠤᠶᠤ ᠰᠢᠭᠦᠭᠴᠢ ᠬᠥᠮᠦᠰ ᠮᠥᠩᠬᠡᠥ᠌ᠯᠵᠡᠢ ᠶ᠋ᠢ ᠠᠷᠤ ᠲᠣᠬᠢᠭᠴᠢ ᠪᠤᠶᠤ ᠡᠰᠡᠬᠦᠯ᠎ᠡ ᠳᠠᠯᠳᠠ ᠪᠠᠷ ᠬᠡᠯᠡᠵᠦ ᠴᠤᠬᠤᠢᠯᠭᠠᠭᠰᠠᠨ ᠵᠦᠢᠯ ᠦᠭᠡᠢ᠃ ᠬᠡᠰᠢᠭ᠌ᠳᠠᠯᠠᠢ᠂ ᡀᠦᠩᠷᠦᠪ ᠬᠣᠶᠠᠷ ᠮᠥᠩᠬᠡᠥ᠌ᠯᠵᠡᠢ ᠶ᠋ᠢ ᠥᠮᠥᠭᠯᠡᠬᠦ ᠤᠴᠢᠷ ᠦᠭᠡᠢ᠂ ᠨᠢᠭᠡ ᠳ᠋ᠦ᠍᠂ ᠬᠡᠰᠢᠭ᠌ᠳᠠᠯᠠᠢ ᠪᠣᠯ ᠨᠣᠮᠣᠬᠠᠨ ᠰᠢᠳᠤᠷᠭᠤ ᠬᠥᠮᠦᠨ᠂ ᠠᠷᠤ ᠲᠠᠯ᠎ᠠ ᠶ᠋ᠢᠨ ᠠᠵᠢᠯ ᠶᠠᠪᠤᠳᠠᠯ ᠴᠡᠷᠢᠭ ᠦ᠋ᠨ ᠠᠮᠢᠳᠤᠷᠠᠯ ᠢ᠋ ᠬᠠᠷᠠᠭᠠᠯᠵᠠᠵᠤ ᠲᠣᠬᠢᠷᠠᠭᠤᠯᠬᠤ ᠲᠠᠯ᠎ᠠ ᠪᠠᠷ ᠲᠣᠩ ᠴᠢᠳᠠᠪᠤᠷᠢᠲᠠᠢ ᠪᠥᠭᠡᠳ ᠲᠤᠬᠠᠢ ᠶ᠋ᠢᠨ ᠦᠶ᠎ᠡ ᠳ᠋ᠦ᠍ ᠦᠦᠰᠢᠨ ᠬᠤᠰᠢᠭᠤᠨ ᠤ᠋ ᠠᠯᠢᠪᠠ ᠣᠷᠣᠯᠭ᠎ᠠ ᠵᠠᠷᠤᠯᠭ᠎ᠠ ᠳ᠋ᠤ᠌ ᠭᠣᠣᠯ ᠭᠠᠷ ᠣᠷᠣᠵᠤ ᠬᠢᠳᠡᠭ ᠬᠥᠮᠦᠨ ᠪᠠᠢᠵᠠᠢ᠃ ᠬᠣᠶᠠᠷ ᠲᠤ᠌᠂ ᠬᠡᠰᠢᠭ᠌ᠳᠠᠯᠠᠢ ᠶ᠋ᠢ1956 ᠣᠨ ᠳ᠋ᠤ᠌ ᠥᠩᠭᠡᠷᠡᠯᠲᠡ ᠪᠡᠨ ᠪᠢᠴᠢᠬᠦ ᠦᠶᠡᠰ ᠮᠥᠩᠬᠡᠥ᠌ᠯᠵᠡᠢ ᠨᠢᠭᠡᠨᠲᠡ1949 ᠣᠨ ᠳ᠋ᠤ᠌ ᠨᠠᠰᠤ ᠪᠠᠷᠠᠴᠢᠬᠠᠭᠰᠠᠨ ᠲᠤᠯᠠ ᠬᠡᠷᠪᠡ ᠮᠥᠩᠬᠡᠥ᠌ᠯᠵᠡᠢ ᠠᠷᠤ ᠲᠣᠬᠢᠭᠴᠢ ᠪᠠᠢᠭᠰᠠᠨ ᠪᠣᠯ ᠬᠡᠰᠢᠭ᠌ᠳᠠᠯᠠᠢ᠂ ᠮᠥᠩᠬᠡᠥ᠌ᠯᠵᠡᠢ ᠶ᠋ᠢ ᠪᠢᠴᠢᠬᠦ ᠳ᠋ᠦ᠍ ᠶᠠᠭᠤᠨ ᠳ᠋ᠤ᠌ ᠲᠠᠲᠠᠭᠠᠯᠵᠠᠬᠤ ᠪᠣᠢ! ᡀᠦᠩᠷᠦᠪ ᠪᠣᠯ ᠬᠣᠷᠢᠶᠠᠨ ᠤ᠋ ᠺᠣᠮᠢᠰᠰᠠᠷ ᠪᠥᠭᠡᠳ ᠰᠢᠨᠠᠯᠠᠮ᠎ᠠ ᠲᠠᠢ ᠨᠠᠰᠤᠨ ᠲᠤᠷᠰᠢ ᠬᠠᠮᠲᠤ ᠠᠵᠢᠯᠯᠠᠵᠤ ᠰᠢᠨᠠᠯᠠᠮ᠎ᠠ ᠳ᠋ᠤ᠌ ᠲᠤᠩ ᠶᠡᠬᠡ ᠬᠠᠪᠰᠤᠷᠤᠯᠭ᠎ᠠ ᠪᠣᠯᠤᠭᠰᠠᠨ ᠨᠢᠭᠡᠨ ᠰᠠᠢᠨ ᠬᠥᠮᠦᠨ ᠶᠦᠮ᠃ ᠲᠡᠷᠡ ᠰᠡᠴᠡᠨ ᠰᠡᠷᠭᠦᠯᠡᠩ ᠪᠥᠭᠡᠳ ᠨᠢᠭᠡ ᠶ᠋ᠢ ᠰᠣᠨᠣᠰᠪᠠᠯ ᠬᠣᠶᠠᠷ ᠢ᠋ ᠮᠡᠳᠡᠳᠡᠭ ᠬᠥᠮᠦᠨ᠃ ᠬᠡᠷᠪᠡ ᠮᠥᠩᠬᠡᠥ᠌ᠯᠵᠡᠢ ᠠᠷᠤ ᠲᠣᠬᠢᠭᠴᠢ ᠪᠠᠢᠭᠰᠠᠨ ᠪᠣᠯ ᡀᠦᠩᠷᠦᠪ ᠺᠣᠮᠢᠰᠰᠠᠷ ᠥᠴᠦᠬᠡᠨ ᠴᠦ᠍ ᠠᠨᠢᠷ ᠴᠢᠮᠡᠭᠡ ᠰᠣᠨᠣᠰᠤᠭᠰᠠᠨ ᠦᠭᠡᠢ ᠪᠠᠢᠬᠤ ᠪᠣᠯᠤᠯᠴᠠᠭ᠎ᠠ ᠦᠭᠡᠢ ᠮᠥᠷᠲᠡᠭᠡᠨ ᠰᠣᠨᠣᠰᠤᠭᠰᠠᠨ ᠴᠤ᠌ ᠬᠡᠵᠢᠶ᠎ᠡ ᠬᠣᠢᠨᠠᠬᠢ 55 ᠵᠢᠯ ᠦ᠋ᠨ ᠳᠠᠷᠠᠭ᠎ᠠ1984 ᠣᠨ ᠤ᠋ ᠰᠤᠷᠪᠤᠯᠵᠢᠯᠠᠭ᠎ᠠ ᠳ᠋ᠤ᠌ ᠮᠥᠩᠬᠡᠥ᠌ᠯᠵᠡᠢ ᠶ᠋ᠢ ᠨᠢᠭᠤᠵᠤ ᠥᠮᠥᠭᠯᠡᠬᠦ ᠤᠴᠢᠷ ᠪᠠᠢᠨ᠎ᠠ ᠤᠤ⁈ ᠤᠴᠢᠷ ᠡᠢᠮᠦ ᠡᠴᠡ ᠰᠢᠨᠠᠯᠠᠮ᠎ᠠ ᠶ᠋ᠢ ᠬᠣᠣᠷᠯᠠᠬᠤ ᠬᠤᠤᠪᠢᠯᠳᠤᠯᠭ᠎ᠠ ᠳ᠋ᠤ᠌ ᠮᠥᠩᠬᠡᠥ᠌ᠯᠵᠡᠢ ᠳᠠᠯᠳᠠ ᠪᠠᠷ ᠣᠷᠣᠯᠴᠠᠭᠰᠠᠨ ᠭᠡᠬᠦ ᠬᠡᠯᠡᠯᠭᠡ ᠲᠡᠦᠬᠡ ᠶ᠋ᠢᠨ ᠬᠢᠨᠠᠯᠲᠠ ᠲᠣᠭᠲᠠᠭᠠᠯ ᠳ᠋ᠤ᠌ ᠪᠠᠲᠤᠯᠠᠭᠳᠠᠵᠤ ᠦᠯᠦ ᠴᠢᠳᠠᠨ᠎ᠠ᠃
ᠦᠰᠦᠭ ᠠᠮᠢᠯᠠᠭᠤᠯᠤᠭᠴᠢ᠄ ᠪᠠᠯ᠂ ᠴᠤᠯᠮᠤᠨᠭᠡᠷᠡᠯ᠂ ᠰᠠᠷᠠᠨᠲᠤᠶᠠᠭ᠎ᠠ᠂ ᠣᠶᠤᠨᠪᠠᠲᠤ
ᠬᠢᠨᠠᠭᠴᠢ᠄ ᠴᠤᠯᠮᠤᠨᠭᠡᠷᠡᠯ᠂ ᠣᠳᠬᠤᠨᠴᠡᠴᠡᠭ᠂ ᠠᠯᠲᠠᠨᠱᠠ᠂ ᠪᠠᠯ
