ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠶᠢᠰᠦ〕 Цаг төрийн үймээн – Д ᠂ Намдаг - Цаг төрийн үймээн ᠂ хоёрдугаар бүлэг -9 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠶᠢᠰᠦ〕 Цаг төрийн үймээн – Д ᠂ Намдаг - Цаг төрийн үймээн ᠂ хоёрдугаар бүлэг -9

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠶᠢᠰᠦ〕 Цаг төрийн үймээн – Д ᠂ Намдаг - Цаг төрийн үймээн ᠂ хоёрдугаар бүлэг -9

ᠠᠩᠭᠢᠯᠠᠯ:ᠲᠤᠭᠤᠵᠢ ᠷᠣᠮᠠᠨ
2025-11-14

108

ᠥᠰᠢᠶ᠎ᠡ ᠬᠣᠷᠣᠰᠤᠯ ᠤ᠋ᠨ ᠦᠷᠭᠦᠯᠵᠢᠯᠡᠯ


       ᠳ᠋ᠠᠨᠽᠠᠨ ᠬᠠᠷ᠎ᠠ ᠲᠠᠮᠠᠬᠢᠨ ᠤ᠋ ᠤᠲᠤᠭ᠎ᠠ ᠲᠠᠢ ᠬᠣᠯᠢᠯᠳᠤᠭᠰᠠᠨ ᠪᠦᠭᠴᠢᠮ ᠠᠭᠠᠷ ᠲᠤ ᠣᠷᠣᠵᠤ ᠢᠷᠡᠭᠰᠡᠭᠡᠷ ᠤᠤᠭᠤᠭᠰᠠᠨ ᠠᠷᠢᠬᠢᠨ ᠳ᠋ᠠᠭᠠᠨ ᠴᠣᠬᠢᠭᠳᠠᠨ ᠳ᠋ᠧᠩ ᠳ᠋ᠤᠩ ᠪᠣᠯᠵᠠᠢ᠃ ᠦᠵᠡᠭᠳᠡᠬᠦ ᠶᠠᠭᠤᠮ᠎ᠠ ᠪᠦᠷ ᠳᠡᠭᠡᠷ᠎ᠡ ᠳᠣᠣᠷ᠎ᠠ ᠣᠷᠣᠨ ᠮᠠᠨᠠᠷᠠᠵᠤ᠂ ᠶᠠᠮᠠᠷ ᠪᠣᠯᠪᠠᠴᠤ ᠬᠠᠮᠢᠭ᠎ᠠ ᠨᠢᠭᠡ ᠲᠡᠢ ᠤᠨᠠᠨ ᠨᠢᠳᠦ ᠠᠨᠢᠬᠤ ᠰᠠᠨ ᠭᠡᠬᠦ ᠡᠴᠡ ᠥᠭᠡᠷ᠎ᠡ ᠶᠠᠭᠤᠮ᠎ᠠ ᠪᠣᠳᠣᠬᠤ ᠪᠠᠨ ᠪᠠᠢᠯ᠎ᠠ᠃ ᠳᠠᠩᠵᠢᠶᠠᠳ ᠦᠵᠡᠰᠬᠦᠯᠡᠩᠲᠦ ᠳᠠᠭᠢᠨᠢ ᠶ᠋ᠢᠨ ᠢ᠋ᠶ᠋ᠡᠨ ᠡᠯᠢᠭᠡ ᠡᠴᠡ ᠲᠣᠯᠣᠭᠠᠢ ᠲᠡᠳᠡᠨ ᠥᠨᠳᠡᠢᠵᠦ᠄ 
       — ᠡᠨᠡ ᠮᠣᠩᠭᠣᠯ ᠢ᠋ ᠪᠠᠢᠰᠢᠩ ᠳ᠋ᠤ᠌ ᠣᠷᠣᠭᠤᠯᠤᠨ ᠴᠣᠣᠵᠢᠯᠠᠭᠠᠳ᠂ ᠮᠠᠷᠭᠠᠰᠢ ᠵᠣᠣ ᠴᠢ ᠮᠢᠨ ᠦ᠌ ᠬᠢᠨ ᠳ᠋ᠦ᠍ ᠬᠦᠷᠭᠡᠵᠦ ᠥᠭ ᠭᠡᠪᠡ᠃ ᠡᠨᠡ ᠲᠤᠬᠠᠢ ᠳ᠋ᠤ᠌ ᠳ᠋ᠠᠨᠽᠠᠨ ᠠᠶᠤᠨ ᠰᠣᠴᠢᠭᠰᠠᠨ ᠶᠠᠭᠤ ᠴᠦ᠍ ᠦᠭᠡᠢ᠂ ᠬᠠᠷᠢᠨ ᠳᠠᠩᠵᠢᠶᠠᠳ ᠤ᠋ᠨ ᠦᠭᠡ ᠪᠦᠷᠢ ᠶ᠋ᠢ ᠲᠣᠳᠣᠷᠬᠠᠢ ᠣᠢᠯᠠᠭᠠᠭᠰᠠᠨ ᠳ᠋ᠠᠭᠠᠨ《ᠪᠢ ᠴᠢᠨᠢ ᠶᠡᠷᠦ ᠰᠣᠭᠲᠣᠭ᠎ᠠ ᠦᠭᠡᠢ ᠪᠠᠢᠭ᠎ᠠ ᠶᠤᠮ ᠪᠠᠢᠨ᠎ᠠ ᠰᠢᠦ》 ᠭᠡᠵᠦ ᠪᠣᠳᠣᠪᠠ᠃ ᠭᠡᠲᠡᠯ᠎ᠡ ᠠᠷᠤ ᠳ᠋ᠤᠨᠢ ᠭᠤᠷᠪᠠᠨ ᠴᠢᠭᠢᠷᠠᠭ ᠡᠷ᠎ᠡ ᠣᠷᠣᠵᠤ ᠢᠷᠡᠭᠡᠳ ᠵᠣᠭᠰᠣᠵᠤ ᠪᠠᠢᠭᠰᠠᠨ ᠠᠵᠢ᠃ ᠲᠡᠳᠡᠨ ᠦ᠌ ᠨᠢᠭᠡᠨ ᠵᠡᠷᠭᠡ ᠭᠠᠷ ᠬᠥᠳᠡᠯᠦᠨ ᠪᠠᠷᠢᠨ ᠠᠪᠬᠤ ᠳ᠋ᠤ᠌ ᠳ᠋ᠠᠨᠽᠠᠨ ᠶᠠᠮᠠᠷ ᠴᠦ᠍ ᠡᠰᠡᠷᠭᠦᠴᠡᠯ ᠬᠢᠭᠰᠡᠨ ᠦᠭᠡᠢ᠃ ᠵᠥᠪᠬᠡᠨ《ᠵᠠ ᠣᠳᠣ ᠪᠠᠷᠢᠭᠳᠠᠯ᠎ᠠ!》 ᠭᠡᠵᠦ ᠪᠣᠳᠣᠨ ᠭᠠᠷ ᠤ᠋ᠨ ᠬᠢᠨᠢ ᠠᠶᠠᠰ ᠢ᠋ᠶ᠋ᠠᠷ ᠴᠢᠷᠦᠭᠳᠡᠨ ᠭᠠᠷᠪᠠ᠃  
       ᠨᠢᠭᠡ ᠪᠠᠢᠰᠢᠩ ᠤ᠋ᠨ ᠡᠮᠦᠨ᠎ᠡ ᠠᠪᠠᠴᠢᠭᠠᠳ ᠲᠦᠯᠬᠢᠨ ᠣᠷᠣᠭᠤᠯᠬᠤ ᠳ᠋ᠤᠨᠢ ᠳᠦᠷᠦᠭᠦᠯᠭᠡ ᠪᠡᠨ ᠬᠠᠷᠠᠨ ᠤᠨᠠᠭᠠᠳ᠂ ᠬᠠᠭᠠᠯᠭ᠎ᠠ ᠬᠠᠮᠬᠢᠭᠳᠠᠨ ᠬᠠᠷᠠᠩᠭᠤᠢ ᠪᠣᠯᠵᠤ᠂ ᠲᠦᠯᠬᠢᠭᠦᠷ ᠴᠣᠣᠵᠢ ᠱᠠᠵᠢᠭᠢᠨᠠᠬᠤ ᠶ᠋ᠢ ᠳᠠᠮ ᠲᠣᠮ ᠮᠡᠳᠡᠪᠡ᠃ ᠲᠡᠭᠡᠭᠡᠳ ᠮᠥᠨ ᠯᠡ ᠭᠤᠨᠢᠨ ᠭᠤᠲᠤᠭᠰᠠᠨ ᠵᠦᠢᠯ ᠦᠭᠡᠢ᠂《ᠠ ᠡᠵᠢ ᠮᠢᠨᠢ ᠠ᠋᠂ ᠣᠷᠣᠨ ᠨᠤᠲᠤᠭ ᠤ᠋ᠨ ᠮᠢᠨᠢ ᠯᠤᠤᠰ ᠰᠠᠪᠳᠠᠭ ᠤ᠋ᠳ ᠠ᠋᠂ ᠨᠠᠮᠠᠶ᠋ᠢ ᠪᠠᠨ ᠠᠪᠤᠷᠠ!》 ᠭᠡᠵᠦ ᠠᠮᠠᠨ ᠳᠣᠲᠣᠷ᠎ᠠ ᠪᠠᠨ ᠶᠣᠰᠣ ᠪᠣᠯᠭᠠᠨ ᠬᠡᠯᠡᠭᠡᠳ᠂ ᠨᠢᠳᠦ ᠪᠡᠨ ᠠᠨᠢᠪᠠ᠃ ᠢᠩᠭᠢᠬᠦ ᠳ᠋ᠦ᠍᠂ ᠳᠣᠣᠷᠠᠲᠤ ᠭᠠᠵᠠᠷ ᠨᠢ ᠦᠷᠭᠦᠯᠵᠢᠯᠡᠨ ᠳᠡᠭᠡᠷ᠎ᠡ ᠳᠣᠣᠷ᠎ᠠ ᠣᠷᠣᠨ ᠬᠥᠳᠡᠯᠬᠦ ᠠᠵᠢ᠃《ᠵᠠ ᠪᠢ ᠳᠦᠭᠦᠷᠦᠯ᠎ᠡ》 ᠭᠡᠵᠦ ᠰᠡᠳᠬᠢᠯ ᠳ᠋ᠦ᠍ᠨᠢ ᠪᠠᠭᠤᠬᠤ ᠪᠣᠯᠪᠠᠴᠤ ᠮᠥᠨ ᠠᠶᠤᠬᠤ ᠶᠠᠭᠤᠮ᠎ᠠ ᠪᠠᠢᠭᠰᠠᠨ ᠦᠭᠡᠢ᠃ ᠶᠠᠭᠤᠨ ᠳ᠋ᠤ᠌ ᠣᠷᠣᠭᠰᠠᠨ ᠢ᠋ᠶ᠋ᠠᠨ ᠠᠵᠢᠬᠤ ᠪᠠᠷ ᠠᠨᠢᠭᠰᠠᠨ ᠨᠢᠳᠦ ᠪᠡᠨ ᠠᠯᠪᠠᠲᠠᠨ ᠨᠡᠭᠡᠭᠡᠨ ᠬᠠᠷᠠᠬᠤ ᠳ᠋ᠤ᠌ ᠤᠷᠢᠳᠠ ᠨᠢ ᠪᠣᠣᠪᠣ᠂ ᠰᠢᠬᠢᠷ᠂ ᠲᠠᠩᠵᠤᠤᠷ᠂ ᠶᠡᠪᠧᠩ ᠦᠷᠭᠦᠯᠵᠢᠯᠡᠨ ᠬᠡᠪᠲᠡᠵᠦ ᠪᠠᠢᠭ᠎ᠠ ᠦᠵᠡᠭᠳᠡᠨ᠎ᠡ᠃《ᠡᠨᠡ ᠶᠠᠭᠠᠬᠢᠭᠰᠠᠨ ᠭᠠᠢᠬᠠᠯᠲᠠᠢ ᠪᠣᠢ?》 ᠭᠡᠵᠦ ᠠᠮᠠᠨ ᠳᠣᠲᠣᠷ᠎ᠠ ᠪᠠᠨ ᠬᠡᠯᠡᠭᠡᠳ ᠭᠠᠷ ᠲᠠᠭᠠᠨ ᠪᠠᠷᠢᠭᠳᠠᠭᠰᠠᠨ ᠢ᠋ ᠠᠪᠴᠤ ᠨᠢᠳᠦᠨ ᠳ᠋ᠡᠭᠡᠨ ᠲᠤᠯᠭᠠᠨ ᠦᠵᠡᠬᠦ ᠳ᠋ᠦ᠍ ᠦᠨᠡᠬᠡᠷ ᠨᠢᠭᠡ ᠪᠣᠷᠣ ᠶᠧᠪᠧᠩ ᠪᠠᠢᠯ᠎ᠠ᠃ ᠡᠢᠮᠦ ᠳ᠋ᠦ᠍ ᠳ᠋ᠠᠨᠽᠠᠨ ᠰᠠᠶᠢ ᠳᠦᠷᠦᠭᠦᠯᠭᠡ ᠪᠡᠨ ᠬᠠᠷᠠᠨ ᠤᠨᠠᠬᠤ ᠳ᠋ᠤ᠌ ᠸᠠᠳᠠᠩ ᠲᠠᠢ ᠶᠠᠭᠤᠮᠠᠨ ᠤ᠋ ᠪᠠᠨ ᠦᠰᠦᠷᠦᠭᠰᠡᠨ ᠢ᠋ ᠮᠡᠳᠡᠪᠡ᠃ ᠬᠣᠷᠢᠶᠠᠨ ᠠᠪᠬᠤ ᠭᠡᠬᠦ ᠳ᠋ᠦ᠍ ᠴᠥᠮ ᠠᠮᠢ ᠣᠷᠣᠭᠰᠠᠨ ᠶᠤᠮ ᠰᠢᠭ᠋ ᠨᠠᠭᠠᠰᠢ ᠴᠠᠭᠠᠰᠢ ᠥᠩᠬᠥᠷᠢᠨ ᠭᠠᠷ ᠠ᠋ᠴᠠ ᠮᠤᠯᠲᠤᠷᠠᠨ᠎ᠠ᠃ ᠣᠢᠭ᠎ᠠ ᠦᠭᠡᠢ ᠬᠥᠭᠡᠭᠡᠴᠡᠯᠳᠦᠭᠰᠡᠭᠡᠷ ᠪᠠᠢᠭᠠᠳ ᠡᠴᠦᠰ ᠲᠦ᠋ᠨᠢ ᠤᠨᠲᠠᠵᠤ ᠣᠷᠬᠢᠭᠰᠠᠨ ᠠᠵᠢ᠃  
       ᠰᠥᠨᠢ ᠳᠤᠮᠳᠠ ᠶ᠋ᠢᠨ ᠴᠠᠭ ᠪᠣᠯᠵᠤ᠂ ᠬᠠᠮᠢᠭ᠎ᠠ ᠨᠢᠭᠡ ᠲᠡᠢ ᠪᠠᠢᠭ᠎ᠠ ᠰᠦᠮ᠎ᠡ ᠶ᠋ᠢᠨ ᠲᠣᠮᠣ ᠬᠠᠷᠠᠩᠭ᠎ᠠ ᠴᠣᠬᠢᠭᠳᠠᠭᠰᠠᠨ ᠪᠥᠭᠡᠳ ᠲᠡᠭᠦᠨ ᠦ᠌ ᠰᠠᠢᠬᠠᠨ ᠠᠪᠢᠶ᠎ᠠ ᠪᠦᠬᠦ ᠬᠣᠲᠠ ᠶ᠋ᠢᠨ ᠳᠡᠭᠡᠭᠦᠷ ᠭᠠᠭᠴᠠᠭᠠᠷ ᠢ᠋ᠶ᠋ᠠᠨ ᠴᠢᠯᠥᠭᠡᠲᠡᠢ ᠴᠤᠤᠷᠢᠶᠠᠲᠤᠬᠤ ᠳ᠋ᠤ᠌ ᠳ᠋ᠠᠨᠽᠠᠨ ᠰᠡᠷᠡᠪᠡ᠃ 
       ᠳᠣᠲᠣᠷ᠎ᠠ ᠲᠤᠩ ᠠᠶᠠᠭᠦᠢ᠂ ᠲᠣᠯᠣᠭᠠᠢ ᠬᠠᠭᠠᠷᠠᠬᠤ ᠭᠡᠵᠦ ᠪᠠᠢᠭ᠎ᠠ ᠶᠤᠮ ᠰᠢᠭ᠋ ᠠᠩᠭᠠᠯᠵᠠᠨ ᠠᠢᠬᠤᠪᠲᠤᠷ ᠡᠪᠡᠳᠴᠦ ᠪᠠᠢᠯ᠎ᠠ᠃《ᠦᠭᠡᠢ ᠡᠨᠡ ᠴᠢᠨᠢ ᠪᠢ ᠬᠠᠮᠢᠭ᠎ᠠ ᠪᠠᠢᠭ᠎ᠠ ᠪᠢᠯᠡ》 ᠭᠡᠬᠦ ᠡᠴᠡ ᠲᠠᠰᠤᠯᠭ᠎ᠠ ᠤᠷᠤᠭᠤ ᠲᠦᠯᠬᠢᠭᠳᠡᠨ ᠤᠨᠠᠭᠰᠠᠨ ᠪᠠ ᠤᠷᠢᠳᠠ ᠨᠢ ᠪᠣᠣᠪᠣ ᠰᠢᠬᠢᠷ ᠦ᠋ᠨ ᠵᠦᠢᠯ ᠦᠷᠭᠦᠯᠵᠢᠯᠡᠨ ᠬᠡᠪᠲᠡᠵᠦ᠂ ᠬᠣᠷᠢᠶᠠᠨ ᠠᠪᠬᠤ ᠭᠡᠬᠦ ᠳ᠋ᠦ᠍ ᠪᠠᠷᠢᠭᠳᠠᠬᠤ ᠦᠭᠡᠢ ᠪᠠᠢᠭᠰᠠᠨ ᠵᠡᠷᠭᠡ ᠶᠠᠪᠤᠳᠠᠯ ᠤ᠋ᠳ ᠰᠠᠨᠠᠭᠠᠨ ᠳ᠋ᠤ᠌ ᠣᠷᠣᠪᠠ᠃ ᠲᠡᠭᠡᠭᠡᠳ ᠪᠣᠰᠴᠤ ᠲᠡᠮᠲᠡᠷᠢᠨ ᠦᠵᠡᠬᠦ ᠳ᠋ᠦ᠍ ᠪᠦᠭᠦᠳᠡ ᠶ᠋ᠢ ᠬᠣᠷᠢᠶᠠᠨ ᠸᠠᠳᠠᠩ ᠳ᠋ᠠᠭᠠᠨ ᠬᠢᠵᠦ ᠴᠢᠳᠠᠭᠰᠠᠨ ᠪᠠᠢᠯ᠎ᠠ᠃ ᠭᠡᠲᠡᠯ᠎ᠡ᠂ ᠳᠠᠩᠵᠢᠶᠠᠳ ᠤ᠋ᠨ《ᠵᠣᠣ ᠴᠢ ᠮᠢᠨ ᠦ᠌ ᠬᠢᠨ ᠳ᠋ᠦ᠍ ᠲᠤᠰᠢᠶᠠ!》 ᠭᠡᠵᠦ ᠪᠠᠢᠭᠰᠠᠨ ᠨᠢ ᠰᠠᠨᠠᠭᠠᠨ ᠳ᠋ᠤ᠌ ᠣᠷᠣᠯ᠎ᠠ᠃ ᠳᠠᠷᠤᠢ ᠠᠶᠤᠬᠤ᠂ ᠪᠤᠬᠢᠨᠢᠳᠤᠬᠤ᠂ ᠬᠣᠷᠣᠰᠬᠤ ᠴᠥᠮ ᠪᠣᠢ ᠪᠣᠯᠤᠨ ᠪᠣᠰᠤᠨ ᠬᠠᠷᠠᠢᠪᠠ᠃ ᠭᠡᠲᠡᠯ᠎ᠡ ᠲᠠᠰᠤᠯᠭ᠎ᠠ ᠲᠠᠭ ᠬᠠᠷᠠᠩᠭᠤᠢ᠃ ᠬᠠᠷᠠᠩᠭᠤᠢ ᠳᠣᠲᠣᠷ᠎ᠠ ᠠ᠋ᠴᠠ ᠰᠠᠯᠤᠨ ᠣᠳᠤᠭᠰᠠᠨ ᠨᠥᠬᠥᠷ ᠨᠢ᠄《ᠬᠠᠢ! ᠨᠢᠢ ᠪᠦ ᠫᠠ!》 ᠭᠡᠵᠦ ᠬᠡᠯᠡᠬᠦ ᠰᠢᠭ ᠪᠣᠯᠪᠠ᠃ ᠡᠢᠮᠦ ᠳ᠋ᠦ᠍ ᠳ᠋ᠠᠨᠽᠠᠨ ᠠᠶᠤᠨ ᠴᠡᠴᠡᠷᠡᠬᠦ ᠶ᠋ᠢ ᠬᠣᠢᠰᠢ ᠲᠠᠯᠪᠢᠨ ᠠᠮᠢ ᠭᠠᠷᠲᠠᠯ᠎ᠠ ᠲᠡᠮᠡᠴᠡᠯᠳᠦᠬᠦ ᠶ᠋ᠢ ᠰᠠᠨᠠᠪᠠ᠃ ᠭᠠᠮᠢᠩ ᠴᠠᠮᠴᠠᠨ ᠤ᠋ ᠪᠠᠷᠠᠭᠤᠨ ᠲᠠᠰᠢᠶᠠᠨ ᠳ᠋ᠠᠬᠢ ᠡᠪᠦᠷ ᠲᠡᠭᠡᠨ ᠭᠠᠷ ᠬᠢᠨ ᠲᠡᠮᠲᠡᠷᠢᠬᠦ ᠳ᠋ᠦ᠍᠂ ᠪᠠᠰᠠ ᠭᠠᠢᠬᠠᠯᠲᠠᠢ᠃ ᠬᠦᠨᠳᠦ ᠴᠢᠨᠠᠷ ᠤ᠋ᠨ ᠳᠤᠭᠤᠢ ᠬᠡᠯᠪᠡᠷᠢ ᠲᠡᠢ ᠶᠠᠭᠤᠮᠠᠰ ᠪᠠᠷᠢᠭᠳᠠᠪᠠ᠃ ᠡᠨᠡ ᠪᠣᠯ ᠶᠠᠩᠴᠢᠶᠠᠨ ᠫᠦ ᠵᠢᠩ ᠳᠡᠪᠡᠯ ᠬᠤᠪᠴᠠᠰᠤ ᠠᠪᠴᠤ ᠥᠭᠬᠦ ᠶ᠋ᠢᠨ ᠣᠷᠣᠨ ᠳ᠋ᠤ᠌ ᠡᠪᠦᠷ ᠲᠦ᠋ᠨᠢ ᠰᠠᠮ ᠬᠢᠭᠰᠡᠨ ᠠᠷᠪᠠ ᠭᠠᠷᠤᠢ ᠶᠠᠩᠴᠢᠶᠠᠨ ᠪᠠᠢᠯ᠎ᠠ᠃ ᠳ᠋ᠠᠨᠽᠠᠨ ᠤᠭ ᠬᠡᠷᠡᠭ ᠢ᠋ ᠮᠡᠳᠡᠬᠦ ᠲᠡᠢ ᠪᠡᠨ ᠵᠡᠷᠭᠡ᠂ ᠥᠪᠡᠷ ᠢ᠋ ᠪᠡᠨ ᠣᠷᠣ ᠲᠠᠰᠤ ᠭᠠᠷ ᠬᠣᠭᠣᠰᠣᠨ ᠭᠡᠵᠦ ᠪᠣᠳᠣᠨ ᠳᠠᠩᠵᠢᠶᠠᠳ ᠲᠤ ᠣᠷᠣᠵᠤ ᠢᠷᠡᠭᠰᠡᠨ ᠢ᠋ᠶ᠋ᠡᠨ ᠰᠠᠨᠠᠨ ᠭᠣᠣᠯ ᠬᠠᠷᠠᠯᠠᠪᠠ᠃ ᠲᠡᠭᠡᠭᠡᠳ ᠣᠳᠣ ᠶᠠᠭᠠᠬᠢᠳᠠᠭ ᠪᠢᠯᠡ? ᠭᠡᠬᠦ ᠡᠴᠡ ᠠᠯᠠᠯᠴᠠᠨ ᠲᠤᠯᠤᠯᠳᠤᠬᠤ ᠰᠠᠨᠠᠭᠠᠨ ᠳ᠋ᠤ᠌ ᠣᠷᠣᠨ ᠵᠣᠷᠢᠭ ᠲᠥᠷᠥᠪᠡ᠃ 
       ᠨᠥᠭᠦᠭᠡ ᠲᠠᠯ᠎ᠠ ᠶ᠋ᠢᠨ ᠢ᠋ᠶ᠋ᠡᠨ ᠡᠪᠦᠷ ᠢ᠋ ᠲᠡᠮᠲᠡᠷᠢᠬᠦ ᠳ᠋ᠦ᠍ ᠠᠯᠢ ᠨᠢᠭᠡᠨ ᠴᠠᠭ ᠲᠤ ᠬᠠᠢᠷᠴᠠᠭ ᠠ᠋ᠴᠠ ᠪᠠᠨ ᠰᠤᠭᠤᠷᠠᠨ ᠦᠯᠡᠳᠡᠭᠰᠡᠨ ᠬᠡᠳᠦᠨ ᠴᠦᠳᠡᠨᠴᠡ ᠪᠠᠷᠢᠭᠳᠠᠵᠠᠢ᠃ ᠲᠡᠭᠦᠨ ᠦ᠌ ᠨᠢᠭᠡ ᠶ᠋ᠢ ᠱᠠᠬᠠᠢ ᠶ᠋ᠢᠨ ᠢ᠋ᠶ᠋ᠡᠨ ᠣᠯᠠᠨ ᠳ᠋ᠤ᠌ ᠬᠠᠪᠢᠷᠤᠨ ᠠᠰᠠᠭᠠᠬᠤ ᠳ᠋ᠤ᠌ ᠠᠩᠬ᠎ᠠ ᠨᠥᠬᠥᠳ ᠲᠡᠢ ᠪᠡᠨ ᠢᠷᠡᠨ ᠰᠠᠭᠤᠵᠤ ᠪᠠᠢᠭᠰᠠᠨ ᠪᠠᠢᠰᠢᠩ ᠳ᠋ᠤ᠌ ᠪᠠᠢᠭ᠎ᠠ ᠠᠵᠢ᠃ 
       ᠲᠡᠷᠡ ᠴᠠᠭ ᠲᠤ ᠳ᠋ᠠᠨᠽᠠᠨ᠂ ᠬᠠᠨᠵᠤ ᠶ᠋ᠢ ᠴᠣᠬᠣᠮ ᠶᠠᠭᠤ ᠪᠠᠷ ᠬᠡᠷᠬᠢᠨ ᠬᠢᠭᠰᠡᠨ ᠢ᠋ ᠰᠣᠨᠢᠷᠬᠠᠨ ᠠᠵᠢᠭᠯᠠᠬᠤ ᠳ᠋ᠠᠭᠠᠨ ᠪᠥᠬᠡ ᠪᠠᠩᠵᠠ ᠨᠤᠭᠤᠳ ᠢ᠋ ᠳᠡᠷᠡᠯᠡᠭᠦᠯᠦᠨ ᠲᠠᠯᠪᠢᠭᠰᠠᠨ ᠤᠷᠲᠤ ᠴᠠᠷᠠᠰᠤᠨ ᠮᠣᠳᠣ ᠪᠠᠢᠭ᠎ᠠ ᠶ᠋ᠢ ᠦᠵᠡᠭᠰᠡᠨ ᠪᠥᠭᠡᠳ ᠲᠡᠭᠦᠨ ᠦ᠌ ᠶᠠᠰᠤ ᠴᠢᠨᠠᠷ ᠢ᠋ ᠶᠡᠬᠡᠳᠡ ᠭᠠᠢᠬᠠᠭᠰᠠᠨ ᠠᠵᠢ᠃ ᠣᠳᠣ ᠲᠡᠷᠡ ᠨᠢ ᠰᠠᠨᠠᠭᠠᠨ ᠳ᠋ᠤᠨᠢ ᠣᠷᠣᠨ ᠬᠠᠨᠵᠤ ᠶ᠋ᠢ ᠬᠡᠮᠬᠡᠴᠢᠵᠦ ᠥᠨᠥᠬᠢ ᠮᠣᠳᠣ ᠶ᠋ᠢ ᠰᠤᠭᠤᠯᠤᠨ ᠠᠪᠤᠪᠠ᠃ ᠲᠡᠭᠡᠭᠡᠳ ᠴᠠᠭᠠᠰᠤᠨ ᠪᠦᠷᠬᠦᠭᠡᠰᠦᠲᠦ ᠴᠣᠩᠬᠣ ᠶ᠋ᠢ ᠴᠥᠮᠥ ᠴᠣᠬᠢᠨ ᠱᠠᠭᠠᠢᠬᠤ ᠳ᠋ᠤ᠌ ᠲᠩᠷᠢ ᠳ᠋ᠦ᠍ ᠰᠠᠷᠠ ᠲᠠᠢ᠂ ᠡᠷᠭᠢᠨ ᠲᠣᠭᠣᠷᠢᠨ ᠤ᠋ ᠶᠠᠭᠤᠮᠠᠰ ᠲᠣᠳᠣᠬᠠᠨ ᠬᠠᠷᠠᠭᠳᠠᠨ᠎ᠠ᠃ ᠸᠠᠳᠠᠩ ᠲᠠᠢ ᠶᠠᠭᠤᠮ᠎ᠠ ᠪᠠᠨ ᠪᠠᠭᠯᠠᠵᠤ ᠨᠢᠷᠤᠭᠤᠨ ᠳ᠋ᠠᠭᠠᠨ ᠠᠪᠤᠨ ᠲᠤᠯᠤᠯᠳᠤᠬᠤ ᠰᠢᠲᠠᠮ ᠢ᠋ᠶ᠋ᠠᠨ ᠤᠷᠢᠳᠠ ᠪᠠᠨ ᠪᠠᠷᠢᠨ ᠴᠣᠩᠬᠣ ᠪᠠᠷ ᠦᠰᠦᠷᠦᠨ ᠭᠠᠷᠪᠠ᠃ ᠬᠠᠰᠢᠶᠠᠨ ᠳᠣᠲᠣᠷ᠎ᠠ ᠬᠡᠨ ᠴᠦ᠍ ᠦᠭᠡᠢ᠃ ᠣᠷᠣᠨ ᠪᠠᠢᠰᠢᠩ ᠶᠠᠭᠤᠲᠠᠢ ᠬᠦᠦᠲᠡᠢ ᠪᠡᠨ ᠨᠠᠮ ᠭᠦᠮ ᠦ᠋ᠨ ᠳᠣᠲᠣᠷ᠎ᠠ ᠨᠣᠢᠷᠰᠤᠵᠤ ᠪᠠᠢᠭ᠎ᠠ ᠮᠡᠲᠦ ᠠᠵᠢ᠃

          ᠦᠰᠦᠭ ᠠᠮᠢᠯᠠᠭᠤᠯᠤᠭᠰᠠᠨ ᠨᠢ᠄  ᠭᠠᠷᠮ᠎ᠠ