ᠮᠣᠩᠭᠣᠯ ᠢ᠋ᠶ᠋ᠠᠷ ᠢ᠋ᠶ᠋ᠠᠨ ᠶᠠᠷᠢᠪᠠᠯ ᠬᠡᠢ ᠮᠣᠷᠢ ᠰᠡᠷᠭᠦᠨ᠎ᠡ᠂ ᠬᠡᠰᠢᠭ ᠪᠤᠶᠠᠨ ᠳᠡᠯᠭᠡᠷᠡᠨ᠎ᠡ
ᠮᠣᠩᠭᠣᠯ ᠢ᠋ᠶ᠋ᠠᠷ ᠢ᠋ᠶ᠋ᠠᠨ ᠶᠠᠷᠢᠪᠠᠯ ᠬᠡᠢ ᠮᠣᠷᠢ ᠰᠡᠷᠭᠦᠨ᠎ᠡ᠂ ᠬᠡᠰᠢᠭ ᠪᠤᠶᠠᠨ ᠳᠡᠯᠭᠡᠷᠡᠨ᠎ᠡ
1. ᠴ · ᠤᠷᠠᠨᠴᠡᠴᠡᠭ
ᠥᠭᠡᠳᠡᠯᠡᠨ ᠳᠡᠭᠵᠢᠬᠦ ᠲᠠᠪᠢᠯᠠᠩ ᠵᠠ ᠠ᠋᠁
ᠮᠣᠩᠭᠣᠯ ᠦᠭᠡ ᠪᠡᠨ ᠬᠠᠮᠲᠤ ᠪᠠᠷ ᠬᠡᠯᠡᠶ᠎ᠡ
ᠮᠣᠩᠭᠣᠯ ᠦᠰᠦᠭ ᠢ᠋ᠶ᠋ᠡᠨ ᠬᠠᠮᠲᠤ ᠪᠠᠷ ᠪᠢᠴᠢᠶ᠎ᠡ
ᠮᠣᠩᠭᠣᠯ ᠬᠥᠮᠦᠨ ᠪᠦᠬᠦᠨ ᠬᠠᠮᠲᠤ ᠪᠠᠷ ᠬᠢᠶ᠎ᠡ!
2. ᠰᠣᠨᠢᠨᠴᠡᠴᠡᠭ ᠂
ᠥᠭᠡᠳᠡᠯᠡᠨ ᠳᠡᠭᠵᠢᠬᠦ ᠲᠠᠪᠢᠯᠠᠩ
ᠨᠠᠷᠠᠨ ᠰᠠᠷᠠᠨ ᠤ᠋ ᠥᠯᠵᠡᠢᠲᠦ ᠲᠤᠶᠠᠭ᠎ᠠ᠂
ᠠᠯᠲᠠᠨ ᠲᠣᠭᠣᠨᠣ ᠳᠡᠭᠡᠷ᠎ᠡ ᠰᠤᠨᠵᠢᠷᠠᠨᠠᠮ᠃
ᠨᠠᠨᠳᠢᠨ ᠰᠣᠶᠣᠯ ᠪᠣᠰᠤᠭ᠎ᠠ ᠦᠰᠦᠭ
ᠦᠶ᠎ᠡ ᠶ᠋ᠢᠨ ᠦᠶ᠎ᠡ ᠳ᠋ᠡᠭᠡᠨ ᠮᠥᠩᠬᠡᠷᠡᠨᠡᠮ!
3. ᠰᠢᠨ ᠴᠦᠨ
ᠲᠩᠷᠢ ᠶ᠋ᠢᠨ ᠬᠡᠯᠡ ᠶ᠋ᠢ ᠤᠯᠠᠮᠵᠢᠯᠠᠭᠰᠠᠨ
ᠳᠡᠯᠭᠡᠷ ᠰᠠᠢᠬᠠᠨ ᠮᠣᠩᠭᠣᠯ ᠦᠰᠦᠭ
ᠳᠡᠭᠡᠳᠦᠰ ᠦ᠋ᠨ ᠰᠣᠶᠣᠯ ᠢ᠋ ᠲᠡᠮᠳᠡᠭᠯᠡᠭᠰᠡᠨ
ᠳᠡᠯᠡᠬᠡᠢ ᠳ᠋ᠦ᠍ ᠭᠠᠭᠴᠠᠬᠠᠨ ᠪᠣᠰᠤᠭ᠎ᠠ ᠪᠢᠴᠢᠭ
4. ᠪᠠᠶᠠᠨ ᠬᠣᠷᠸ᠎ᠠ
ᠠᠭᠤᠯᠠ ᠶ᠋ᠢᠨ ᠴᠢᠮᠡᠭ ᠮᠣᠳᠣ
ᠤᠯᠤᠰ ᠤ᠋ᠨ ᠴᠢᠮᠡᠭ ᠡᠷᠳᠡᠮᠲᠡᠨ
5. ᠨᠠᠮᠵᠢᠯ
ᠮᠠᠨ ᠤ᠋ ᠤᠯᠤᠰ ᠤ᠋ᠨ《 ᠦᠨᠳᠦᠰᠦᠨ ᠬᠠᠤᠯᠢ》 ᠪᠣᠯᠤᠨ《 ᠦᠨᠳᠦᠰᠦᠲᠡᠨ ᠦ᠌ ᠭᠠᠵᠠᠷ ᠣᠷᠣᠨ ᠤ᠋ ᠥᠪᠡᠷᠲᠡᠭᠡᠨ ᠵᠠᠰᠠᠬᠤ ᠬᠠᠤᠯᠢ》᠂《 ᠤᠯᠤᠰ ᠤ᠋ᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠦ᠋ᠨ ᠬᠠᠤᠯᠢ》 ᠳ᠋ᠤ᠌ ᠄《 ᠡᠯ᠎ᠡ ᠦᠨᠳᠦᠰᠦᠲᠡᠨ ᠪᠦᠷ ᠥᠪᠡᠷ ᠦ᠋ᠨ ᠦᠭᠡ ᠬᠡᠯᠡ ᠦᠰᠦᠭ ᠪᠢᠴᠢᠭ ᠢ᠋ᠶ᠋ᠡᠨ ᠬᠡᠷᠡᠭᠯᠡᠬᠦ ᠪᠠ ᠬᠥᠭᠵᠢᠭᠦᠯᠬᠦ ᠡᠷᠬᠡ ᠴᠢᠯᠥᠭᠡ ᠲᠡᠢ》 ᠭᠡᠵᠦ ᠲᠣᠭᠲᠠᠭᠠᠭᠰᠠᠨ ᠪᠠᠢᠳᠠᠭ᠃ᠡᠢᠮᠦ ᠡᠴᠡ ᠡᠯ᠎ᠡ ᠦᠨᠳᠦᠰᠦᠲᠡᠨ ᠨᠦ᠍ᠭᠦᠳ ᠥᠪᠡᠷ ᠦ᠋ᠨ ᠦᠭᠡ ᠬᠡᠯᠡ ᠪᠡᠨ ᠶᠠᠷᠢᠵᠤ᠂ ᠦᠰᠦᠭ ᠪᠢᠴᠢᠭ ᠢ᠋ᠶ᠋ᠡᠨ ᠰᠤᠷᠴᠤ ᠬᠡᠷᠡᠭᠯᠡᠵᠦ ᠪᠠᠢᠬᠤ ᠨᠢ᠂《 ᠦᠨᠳᠦᠰᠦᠨ ᠬᠠᠤᠯᠢ》 ᠶ᠋ᠢ ᠦᠨᠡᠨᠴᠢ ᠪᠡᠷ ᠵᠢᠷᠤᠮᠯᠠᠵᠤ᠂ ᠲᠥᠷᠥ ᠶ᠋ᠢᠨ ᠬᠠᠤᠯᠢ ᠴᠠᠭᠠᠵᠠ ᠶ᠋ᠢ ᠰᠢᠳᠤᠷᠭᠤ ᠪᠠᠷ ᠰᠠᠬᠢᠨ ᠪᠣᠳᠠᠲᠠᠢ ᠪᠠᠷ ᠬᠡᠷᠡᠭᠵᠢᠭᠦᠯᠵᠦ ᠪᠠᠢᠭ᠎ᠠ ᠶᠠᠪᠤᠳᠠᠯ ᠶᠤᠮ᠃ ᠮᠠᠨ ᠤ᠋ ᠤᠯᠤᠰ ᠤ᠋ᠨ ᠪᠦᠬᠦᠢ ᠵᠠᠰᠠᠭ ᠵᠠᠬᠢᠷᠭᠠᠨ ᠤ᠋ ᠬᠠᠤᠯᠢ ᠴᠠᠭᠠᠵᠠ ᠂ ᠳᠦᠷᠢᠮ ᠲᠣᠭᠲᠠᠭᠠᠯ ᠪᠣᠯᠤᠨ ᠭᠠᠵᠠᠷ ᠣᠷᠣᠨ ᠤ᠋ ᠴᠢᠨᠠᠷ ᠲᠠᠢ ᠬᠠᠤᠯᠢ ᠳᠦᠷᠢᠮ ᠪᠦᠷ《 ᠦᠨᠳᠦᠰᠦᠨ ᠬᠠᠤᠯᠢ》 ᠶ᠋ᠢᠨ ᠲᠣᠭᠲᠠᠭᠠᠯ ᠢ᠋ ᠮᠥᠷᠳᠡᠵᠦ᠂ ᠲᠡᠭᠦᠨ ᠳ᠋ᠦ᠍ ᠲᠣᠭᠲᠠᠭᠠᠭᠰᠠᠨ ᠲᠣᠭᠲᠠᠭᠠᠯ ᠲᠠᠢ ᠵᠥᠷᠢᠴᠡᠯᠳᠦᠬᠦ ᠦᠭᠡᠢ ᠵᠢᠷᠤᠮᠯᠠᠬᠤ ᠶᠣᠰᠣᠲᠠᠢ᠃
6.ᠤᠤᠭᠠᠨᠵᠢᠳ
ᠤᠴᠠᠷᠠᠬᠤ ᠪᠣᠯᠭᠠᠨ ᠥᠨᠢᠳᠡ ᠶ᠋ᠢᠨ ᠪᠢᠰᠢ
ᠠᠭᠤᠯᠵᠠᠯᠲᠠ ᠪᠣᠯᠭᠠᠨ ᠦᠷᠭᠦᠯᠵᠢᠯᠡᠯ ᠲᠡᠢ ᠪᠢᠰᠢ
ᠬᠣᠷᠸ᠎ᠠ ᠭᠡᠵᠦ ᠬᠤᠪᠢᠷᠠᠵᠤ ᠤᠯᠠᠷᠢᠳᠠᠭ
ᠬᠣᠯᠪᠣᠭ᠎ᠠ ᠭᠡᠵᠦ ᠬᠠᠭᠠᠴᠠᠵᠤ ᠰᠠᠯᠳᠠᠭ᠃
7. ᠮᠥᠩᠭᠥᠨ
ᠬᠣᠯᠪᠣᠭ᠎ᠠ ᠦᠭᠡᠰ᠄
ᠵᠢᠷᠭᠠᠬᠤ— ᠨᠠᠷᠠ ᠵᠢᠷᠭᠠᠬᠤ᠂ ᠴᠡᠩᠭᠡᠵᠦ ᠵᠢᠷᠭᠠᠬᠤ᠂
ᠲᠠᠢᠯᠤᠭᠰᠠᠨ— ᠤᠳᠬ᠎ᠠ ᠲᠠᠢᠯᠤᠭᠰᠠᠨ᠂ ᠬᠣᠣᠷ ᠲᠠᠢᠯᠤᠭᠰᠠᠨ᠂ ᠭᠤᠲᠤᠯ ᠲᠠᠢᠯᠤᠭᠰᠠᠨ᠂
ᠬᠣᠩᠭᠣᠷ — ᠬᠣᠩᠭᠣᠷ ᠰᠠᠯᠬᠢᠨ᠂ ᠬᠣᠩᠭᠣᠷ ᠮᠣᠷᠢ᠂ ᠢᠨᠠᠭ ᠬᠣᠩᠭᠣᠷ᠂
ᠬᠠᠲᠤᠨ— ᠬᠠᠲᠤᠨ ᠭᠣᠣᠯ᠂ ᠡᠪᠡᠰᠦ ᠬᠠᠲᠤᠨ
ᠨᠠᠷᠠ— ᠨᠠᠷᠠ ᠰᠠᠷ᠎ᠠ᠂ ᠠᠷᠢᠬᠢ ᠨᠠᠷᠠ᠃
8. ᠭᠠᠸᠠ
ᠥᠨᠳᠥᠷ ᠲᠥᠷᠥ ᠶ᠋ᠢᠨ ᠮᠢᠨᠢ ᠰᠦᠯᠳᠡ ᠢᠪᠡᠭᠡᠵᠦ᠂
ᠥᠷᠭᠡᠨ ᠲᠦᠮᠡᠨ ᠦ᠌ ᠮᠢᠨᠢ ᠵᠠᠶᠠᠭ᠎ᠠ ᠲᠦᠰᠢᠵᠦ ᠂
ᠦᠨᠳᠦᠰᠦ ᠢᠵᠠᠭᠤᠷ ᠬᠡᠯᠡ ᠰᠣᠶᠣᠯ ᠢ᠋ᠶ᠋ᠠᠨ
ᠦᠷ᠎ᠡ ᠶ᠋ᠢᠨ ᠦᠷ᠎ᠡ ᠳ᠋ᠡᠭᠡᠨ ᠥᠪᠯᠡᠨ ᠪᠠᠳᠠᠷᠭᠠᠶᠠ — ᠳᠠᠭᠤᠨ ᠤ᠋ ᠦᠭᠡ
9. ᠮᠣᠩᠭᠣᠯ ᠰᠦᠨᠡᠰᠦ ᠄
ᠮᠣᠩᠭᠣᠯ ᠬᠥᠮᠦᠨ ᠦ᠌ ᠵᠢᠷᠦᠬᠡᠨ ᠳ᠋ᠦ᠍ ᠨᠠᠷᠠ ᠲᠠᠢ ᠪᠣᠯᠬᠣᠷ᠂
ᠮᠥᠩᠬᠡ ᠶᠢᠷᠲᠢᠨᠴᠦ ᠳ᠋ᠦ᠍ ᠳᠣᠭᠣᠯᠠᠩ ᠵᠠᠶᠠᠭ᠎ᠠ ᠲᠠᠢ ᠪᠠᠢᠵᠤ ᠪᠣᠯᠬᠤ ᠦᠭᠡᠢ᠃
ᠰᠡᠳᠬᠢᠯ ᠳ᠋ᠦ᠍ ᠨᠢ ᠰᠠᠷ᠎ᠠ ᠲᠠᠢ ᠪᠣᠯᠬᠣᠷ᠂
ᠰᠥᠨᠢ ᠶ᠋ᠢᠨ ᠬᠠᠷᠠᠩᠭᠤᠢ ᠳ᠋ᠤ᠌ ᠲᠥᠭᠡᠷᠢᠬᠦ ᠶᠣᠰᠣ ᠦᠭᠡᠢ᠃
ᠭᠡᠭᠡ ᠬᠡᠯᠡ ᠰᠣᠶᠣᠯ ᠢ᠋ᠶ᠋ᠠᠨ ᠠᠪᠤᠷᠠᠬᠤ ᠠᠵᠢᠯᠯᠠᠭ᠎ᠠ ᠶ᠋ᠢ ᠥᠨᠳᠥᠷᠯᠢᠭ ᠨᠤᠲᠤᠭ ᠤ᠋ᠨ ᠪᠣᠰᠤᠭ᠎ᠠ ᠦᠰᠦᠭᠲᠡᠨ ᠪᠦᠬᠦᠨ ᠠᠮᠢᠳᠤᠷᠠᠯ ᠤ᠋ᠨ ᠢ᠋ᠶ᠋ᠠᠨ ᠨᠢᠭᠡ ᠬᠡᠰᠡᠭ ᠠᠭᠤᠯᠭ᠎ᠠ ᠪᠣᠯᠭᠠᠨ᠂ ᠬᠡᠯᠡ ᠰᠣᠶᠣᠯ ᠤ᠋ᠨ ᠬᠠᠷᠢᠭᠤᠴᠠᠯᠭ᠎ᠠ ᠂ ᠨᠡᠢᠭᠡᠮ ᠦ᠋ᠨ ᠬᠠᠷᠢᠭᠤᠴᠠᠯᠭ᠎ᠠ᠂ ᠴᠠᠭ ᠦᠶ᠎ᠡ ᠶ᠋ᠢᠨ ᠬᠠᠷᠢᠭᠤᠴᠠᠯᠭ᠎ᠠ ᠪᠠᠨ ᠡᠭᠦᠷᠭᠡᠯᠡᠵᠦ ᠡᠷᠡᠯᠬᠡᠭᠯᠡᠨ ᠲᠡᠮᠡᠴᠡᠬᠦ ᠴᠠᠭ ᠦᠶ᠎ᠡ ᠪᠣᠯᠤᠭᠠᠳ ᠪᠠᠢᠨ᠎ᠠ᠃
10. ᠮᠡᠷᠭᠡᠨᠪᠢᠯᠢᠭ
ᠡᠷᠲᠡ ᠡᠴᠡ ᠠᠪᠤᠭᠠᠳ ᠡᠷᠡᠯᠬᠡᠭ ᠪᠠᠭᠠᠲᠤᠷᠯᠢᠭ ᠲᠡᠦᠬᠡ ᠲᠡᠢ ᠮᠣᠩᠭᠣᠯᠴᠤᠳ ᠮᠢᠨᠢ ᠪᠢᠳᠡ ᠪᠦᠭᠦᠳᠡᠭᠡᠷ ᠢ᠋ᠶ᠋ᠡᠨ ᠪᠢᠷ ᠪᠠᠷᠢᠵᠤ ᠮᠣᠩᠭᠣᠯ ᠦᠰᠦᠭ ᠢ᠋ᠶ᠋ᠡᠨ ᠪᠢᠴᠢᠵᠦ ᠲᠡᠮᠳᠡᠭᠯᠡᠶ᠎ᠡ!
11. ᠠᠯᠲᠠᠨᠴᠢᠮᠡᠭ
ᠭᠤᠷᠪᠠᠨ ᠪᠣᠢ
ᠬᠡᠨ ᠳ᠋ᠦ᠍ ᠡᠷᠳᠡᠮ ᠪᠣᠢ ᠪᠣᠯᠪᠠᠰᠤ ᠲᠡᠭᠦᠨ ᠳ᠋ᠦ᠍ ᠲᠤᠰᠠ ᠪᠣᠢ
ᠬᠡᠨ ᠳ᠋ᠦ᠍ ᠡᠶ᠎ᠡ ᠪᠣᠢ ᠪᠣᠯᠪᠠᠰᠤ ᠲᠡᠭᠦᠨ ᠳ᠋ᠦ᠍ ᠨᠥᠬᠥᠷ ᠪᠣᠢ
ᠬᠡᠨ ᠳ᠋ᠦ᠍ ᠡᠳ᠋ ᠪᠣᠯᠪᠠᠰᠤ ᠲᠡᠭᠦᠨ ᠳ᠋ᠦ᠍ ᠬᠠᠷᠠᠮ ᠪᠣᠢ
ᠭᠤᠷᠪᠠᠨ ᠰᠠᠢᠨ
ᠠᠳᠤᠭᠤ ᠮᠠᠯ ᠤ᠋ᠨ ᠲᠠᠷᠭᠤᠨ ᠨᠢ ᠰᠠᠢᠨ
ᠠᠬ᠎ᠠ ᠳᠡᠭᠦᠦ ᠶ᠋ᠢᠨ ᠣᠯᠠᠨ ᠨᠢ ᠰᠠᠢᠨ
ᠠᠭᠠᠰᠢ ᠵᠠᠩ ᠤ᠋ᠨ ᠡᠶᠡᠯᠳᠡᠭ ᠨᠢ ᠰᠠᠢᠨ
12. ᠦᠵᠢᠶᠡᠳ ᠂ ᠡᠷᠳᠡᠨᠢᠴᠡᠴᠡᠭ
ᠭᠤᠷᠪᠠᠨ ᠬᠡᠴᠡᠭᠦᠦ
ᠦᠶᠡᠷᠯᠡᠨ ᠱᠤᠤᠭᠢᠬᠤ ᠨᠢ ᠤᠰᠤ ᠬᠡᠴᠡᠭᠦᠦ
ᠳᠦᠷᠡᠯᠵᠡᠨ ᠠᠰᠠᠬᠤ ᠨᠢ ᠲᠦᠢᠮᠡᠷ ᠬᠡᠴᠡᠭᠦᠦ
ᠡᠷᠴᠢᠯᠡᠨ ᠬᠡᠢᠰᠬᠦ ᠨᠢ ᠰᠠᠯᠬᠢ ᠬᠡᠴᠡᠭᠦᠦ
ᠠᠷᠪᠠᠢ ᠶ᠋ᠢᠨ ᠭᠤᠯᠢᠷ ᠤᠰᠤ ᠳᠠᠭᠠᠭᠠᠳᠠᠭ
ᠠᠪᠤ ᠶ᠋ᠢᠨ ᠬᠦᠦ ᠦᠭᠡ ᠳᠠᠭᠠᠭᠠᠳᠠᠭ
13. ᠠᠯᠲᠠᠨᠨᠠᠪᠴᠢ
ᠬᠡᠳᠦᠢ ᠪᠦᠬᠦᠢ ᠶᠡᠬᠡ ᠦᠢᠯᠡ ᠪᠦᠭᠦᠳᠡ ᠶ᠋ᠢ ᠥᠨᠢ ᠤᠳᠠᠭᠠᠨ ᠰᠢᠨᠵᠢᠯᠡᠬᠦ ᠬᠡᠷᠡᠭᠲᠡᠢ᠂
ᠬᠡᠲᠦᠷᠬᠡᠶ᠎ᠡ ᠬᠠᠭᠠᠨ ᠬᠥᠮᠦᠨ ᠦ᠌ ᠦᠢᠯᠡ ᠢᠨᠤ ᠠᠭᠤᠯᠠ ᠮᠡᠲᠦ ᠪᠠᠲᠤ ᠪᠡᠬᠢ ᠬᠡᠷᠡᠭᠲᠡᠢ᠂
ᠬᠡᠨ ᠬᠡᠷᠡᠭ ᠥᠭᠦᠯᠡᠭᠰᠡᠨ ᠪᠦᠭᠦᠳᠡ ᠶ᠋ᠢ ᠦᠨᠡᠮᠰᠢᠬᠦ ᠪᠣᠯᠪᠠᠰᠤ ᠪᠣᠯᠣᠰᠢ ᠦᠭᠡᠢ
ᠬᠢᠨᠠᠵᠤ ᠡᠷᠲᠡᠨ ᠦ᠌ ᠡᠴᠢᠭᠡ ᠡᠪᠦᠭᠡ ᠬᠠᠭᠠᠳ ᠤ᠋ᠨ ᠰᠠᠢᠨ ᠵᠢᠷᠤᠮ ᠤ᠋ᠨ ᠶᠣᠰᠤᠭᠠᠢ ᠦᠢᠯᠡᠳᠬᠦ ᠬᠡᠷᠡᠭᠲᠡᠢ᠃
14. ᠠᠶᠣᠷᠽᠠᠨ᠎ᠠ ᠄
ᠮᠣᠩᠭᠣᠯ ᠦᠰᠦᠭ᠃
ᠮᠣᠩᠭᠣᠯ ᠲᠣᠮᠣ ᠭᠦᠷᠦᠨ ᠦ᠌ ᠮᠢᠨᠢ ᠲᠤᠯᠭᠠᠭᠤᠷᠢ ᠦᠰᠦᠭ
ᠮᠠᠨᠳᠤᠵᠤ ᠶᠠᠪᠤᠭᠰᠠᠨ ᠲᠥᠷᠥ ᠶ᠋ᠢᠨ ᠮᠢᠨᠢ ᠲᠠᠮᠠᠭ᠎ᠠ ᠶ᠋ᠢᠨ ᠦᠰᠦᠭ
ᠮᠢᠩᠭᠠᠨ ᠣᠨ ᠢ᠋ᠶ᠋ᠠᠷ ᠤᠯᠠᠮᠵᠢᠯᠠᠵᠤ ᠢᠷᠡᠭᠰᠡᠨ ᠰᠢᠳᠢᠲᠦ ᠦᠰᠦᠭ
ᠮᠠᠨ ᠤ᠋ ᠮᠣᠩᠭᠣᠯ ᠤ᠋ᠨ ᠴᠢᠰᠤᠨ ᠳ᠋ᠤ᠌ ᠰᠢᠩᠭᠡᠭᠰᠡᠨ ᠴᠢᠮᠥᠭᠡ ᠲᠡᠢ ᠦᠰᠦᠭ
ᠠᠯᠳᠠᠩᠬᠠᠨ ᠳᠡᠯᠡᠬᠡᠢ ᠳ᠋ᠦ᠍ ᠴᠤᠤᠷᠢᠶᠠᠳᠠᠵᠤ ᠶᠠᠪᠤᠭᠰᠠᠨ ᠦᠰᠦᠭ᠃
15. ᠰᠣᠨᠢᠨᠴᠡᠴᠡᠭ
ᠠᠮᠠᠨ ᠪᠡᠯᠭᠡ ᠬᠠᠮᠢᠭᠠᠰᠢ ᠪᠠᠨ ᠪᠣᠯ ᠠᠰᠢᠳᠠ ᠶ᠋ᠢᠨ ᠵᠠᠶᠠᠭ᠎ᠠ ᠲᠠᠢᠰᠢ ᠪᠠᠨ᠃
ᠪᠦᠬᠦ ᠶᠠᠭᠤᠮ᠎ᠠ ᠰᠠᠢᠬᠠᠨ ᠪᠣᠯᠤᠨ᠎ᠠ!
16. ᠮᠥᠩᠭᠥᠨ
ᠮᠣᠩᠭᠣᠯ ᠦᠰᠦᠭ᠂ ᠮᠣᠩᠭᠣᠯ ᠦᠰᠦᠭ
ᠮᠥᠩᠬᠡ ᠲᠩᠷᠢ ᠶ᠋ᠢᠨ ᠲᠤᠯᠭᠤᠷ ᠦᠰᠦᠭ᠃
( ᠲᠢᠺ ᠲᠣᠺ) ᠠ᠋ᠴᠠ ᠬᠠᠭᠤᠯᠪᠠ
ᠷ᠂ ᠴᠣᠢᠨᠣᠮ 1957 ᠣᠨ ᠤ᠋ ᠵᠤᠨ
ᠬᠣᠯᠠ ᠶ᠋ᠢᠨ ᠲᠡᠷᠡ ᠠᠯᠳᠠᠩᠬᠠᠨ ᠵᠤᠨ
ᠬᠣᠢᠳ ᠨᠤᠲᠤᠭ ᠤ᠋ᠨ ᠠᠩᠬᠢᠯᠤᠭᠤᠨ ᠰᠠᠯᠬᠢ
ᠬᠤᠷᠴᠠ ᠨᠠᠷᠠ ᠰᠢᠷᠦᠭᠦᠨ ᠪᠣᠷᠣᠭᠠᠨ ᠨᠢ
ᠬᠣᠷᠣᠮᠬᠠᠨ ᠵᠡᠭᠦᠳᠦᠯᠡᠭᠰᠡᠨ ᠵᠡᠭᠦᠳᠦ ᠶᠦᠮ ᠰᠢᠭ ᠰᠠᠨ ᠤᠤ?
17. ᠨᠠᠷᠨᠨᠲᠣᠭᠣᠰ᠂
ᠨᠢᠭᠡ ᠰᠡᠷᠢᠬᠦ ᠳ᠋ᠦ᠍ ᠡᠳᠦᠷ ᠪᠣᠯᠵᠤ᠂ ᠥᠷᠯᠥᠭᠡ ᠶ᠋ᠢᠨ ᠲᠤᠩᠭᠠᠯᠠᠭ ᠴᠢᠭᠢᠭ ᠲᠡᠢ ᠠᠭᠠᠷ ᠲᠤ᠌ ᠲᠤᠨᠤᠷᠠᠨ ᠪᠠᠢᠭ᠎ᠠ ᠲᠦᠳᠡᠭ ᠦ᠋ᠨ ᠤᠲᠤᠭ᠎ᠠ ᠬᠥᠬᠡ ᠴᠡᠩᠬᠡᠷ ᠬᠥᠰᠢᠭᠡ ᠮᠡᠲᠦ ᠡᠰᠢ ᠲᠠᠰᠢ ᠪᠠᠨ ᠨᠠᠮᠤᠭᠤᠬᠠᠨ ᠢ᠋ᠶ᠋ᠠᠷ ᠲᠣᠨᠣᠯᠵᠢᠨ ᠬᠠᠷᠠᠭᠳᠠᠨ᠎ᠠ᠃( ᠥᠷᠯᠥᠭᠡ)
18. ᠴᠢ᠊ · ᠤᠷᠠᠨᠴᠡᠴᠡᠭ
ᠪᠤᠭᠤᠷᠤᠯ ᠬᠣᠷᠸ᠎ᠠ ᠪᠤᠷᠤᠭᠤ ᠡᠷᠭᠢᠬᠦ ᠦᠭᠡᠢ
ᠪᠣᠳᠣᠯ ᠤ᠋ᠨ ᠰᠠᠢᠬᠠᠨ ᠳ᠋ᠤ᠌ ᠪᠤᠶᠠᠨ ᠢ᠋ᠶ᠋ᠠᠷ ᠳᠤᠨᠳᠠᠷᠠᠬᠤ ᠦᠭᠡᠢ
ᠢᠲᠡᠭᠡᠯ ᠦ᠋ᠨ ᠭᠡᠭᠡ ᠲᠡᠢ ᠣᠷᠴᠢᠯᠠᠩ ᠳ᠋ᠤ᠌
ᠬᠠᠢᠷ᠎ᠠ ᠪᠠᠷ ᠳᠦᠭᠦᠷᠡᠩ ᠠᠮᠢᠳᠤᠷᠠᠶ᠎ᠠ᠃
19. ᠴᠡᠴᠡᠭ
ᠦᠦᠷ ᠭᠡᠭᠡᠷᠡᠵᠦ ᠨᠠᠷᠠ ᠭᠠᠷᠬᠤ ᠴᠠᠭ ᠤᠳᠠᠬᠤ ᠦᠭᠡᠢ ᠰᠢᠦ!
20. ᠮᠥᠩᠭᠥᠨ
ᠪᠢ ᠰᠠᠨᠠᠬᠤ ᠮᠠᠷᠲᠠᠬᠤ ᠬᠣᠶᠠᠷ《 ᠲᠠᠮᠤ》 ᠳ᠋ᠤ᠌ ᠠᠮᠢᠳᠤᠷᠠᠳᠠᠭ
ᠰᠠᠨᠠᠭᠳᠠᠬᠤ ᠦᠭᠡᠢ ᠮᠠᠷᠲᠠᠭᠰᠠᠨ ᠢ᠋ᠶ᠋ᠠᠨ ᠰᠠᠨᠠᠬᠤ ᠭᠡᠵᠦ
ᠰᠠᠨᠠᠭᠳᠠᠭᠠᠳ ᠪᠣᠯᠬᠤ ᠦᠭᠡᠢ ᠶ᠋ᠢ ᠮᠠᠷᠲᠠᠬᠤ ᠭᠡᠵᠦ᠃
ᠪᠠᠪᠤᠤ ᠶ᠋ᠢᠨ ᡀᠬᠠᠪᠠᠰᠥ᠋ᠷᠦᠩ
21. ᠣᠳᠬᠠᠨᠰᠣ᠎ᠠ
ᠮᠣᠩᠭᠣᠯ ᠤ᠋ᠨ ᠥᠨᠳᠥᠷᠯᠢᠭ ᠲᠦ᠍ ᠰᠠᠢᠨ ᠡᠷ᠎ᠡ᠂ ᠰᠢᠯᠢᠳᠡᠭ ᠬᠡᠦᠬᠡᠨᠴᠦᠳ ᠰᠥᠨᠢ ᠶ᠋ᠢᠨ ᠣᠳᠣᠳ ᠮᠡᠲᠦ ᠪᠣᠯᠬᠤ ᠴᠠᠭ ᠯᠠᠪ ᠪᠠᠢᠨ᠎ᠠ᠁
22. ᠮᠣᠩᠭᠣᠯ ᠰᠦᠨᠡᠰᠦ ᠄
ᠮᠣᠩᠭᠣᠯ ᠢ᠋ᠶ᠋ᠠᠷ ᠶᠠᠷᠢᠳᠠᠭ ᠬᠥᠮᠦᠨ ᠦ᠌ ᠥᠩᠭᠡ ᠵᠢᠰᠦ ᠨᠢ ᠭᠣᠶᠣ᠂ ᠶᠠᠰᠤ ᠮᠡᠯᠵᠢᠳᠡᠭ ᠬᠥᠮᠦᠨ ᠦ᠌ ᠡᠷᠡᠦ ᠳᠥᠭᠥᠰᠢ ᠨᠢ ᠴᠢᠩᠭ᠎ᠠ ᠪᠠᠢᠳᠠᠭ ᠭᠡᠳᠡᠭ᠃ ᠶᠠᠭᠤ ᠴᠤ᠌ ᠭᠡᠰᠡᠨ ᠮᠢᠨᠦ ᠮᠣᠩᠭᠣᠯ ᠬᠡᠯᠡ ᠮᠣᠯᠣᠷ ᠡᠷᠳᠡᠨᠢ ᠪᠡᠷ ᠰᠣᠯᠢᠬᠤ ᠦᠭᠡᠢ ᠰᠢᠦ᠃ ᠮᠢᠨᠦ ᠮᠣᠩᠭᠣᠯ ᠲᠦᠮᠡᠨ ᠮᠥᠩᠬᠡ ᠲᠩᠷᠢ ᠶ᠋ᠢᠨ ᠰᠢᠲᠦᠭᠡᠨ ᠲᠡᠢ ᠶᠤᠮ ᠠ᠋᠃
23. ᠰᠣᠨᠢᠨᠴᠡᠴᠡᠭ ᠂
ᠴᠣᠯ ᠮᠣᠩᠭᠣᠯ ᠢ᠋ᠶ᠋ᠠᠷ ᠢ᠋ᠶ᠋ᠠᠨ ᠶᠠᠷᠢᠪᠠᠯ ᠴᠣᠬᠣᠮ ᠬᠡᠳᠦᠢ ᠰᠠᠢᠬᠠᠨ ᠪᠣᠢ!
ᠮᠣᠩᠭᠣᠯ ᠢ᠋ᠶ᠋ᠠᠷ ᠢ᠋ᠶ᠋ᠠᠨ ᠶᠠᠷᠢᠪᠠᠯ ᠬᠡᠢ ᠮᠣᠷᠢ ᠰᠡᠷᠭᠦᠨ᠎ᠡ᠂ ᠬᠡᠰᠢᠭ ᠪᠤᠶᠠᠨ ᠳᠡᠯᠭᠡᠷᠡᠨ᠎ᠡ!
ᠮᠣᠩᠭᠣᠯ ᠰᠣᠶᠣᠯ ᠂ ᠮᠥᠩᠬᠡ ᠰᠦᠯᠳᠡ ᠮᠠᠨᠳᠤᠲᠤᠭᠠᠢ! ᠴᠢᠷᠮᠠᠢ!
24. ᠬᠠᠢ ᠵᠢᠶᠦ᠋ᠨ
ᠶᠠᠪᠠᠭᠠᠨ ᠬᠥᠮᠦᠨ ᠡᠴᠡ ᠬᠣᠴᠣᠷᠪᠠᠯ ᠤᠨᠤᠭ᠎ᠠ ᠲᠠᠢ ᠪᠠᠢᠭᠠᠳ ᠶᠠᠭᠠᠬᠢᠬᠤ ᠪᠣᠢ
ᠶᠠᠪᠤᠭᠤᠯ ᠤ᠋ᠨ ᠦᠭᠡᠨ ᠳ᠋ᠦ᠍ ᠢᠲᠡᠭᠡᠪᠡᠯ ᠤᠬᠠᠭᠠᠨ ᠵᠠᠶᠠᠭᠠᠭᠠᠳ ᠶᠠᠭᠠᠬᠢᠨᠠᠮ᠃
25. ᠬᠠᠢ ᠵᠢᠶᠦ᠋ᠨ
ᠨᠢᠳᠦ ᠦᠭᠡᠢ ᠰᠢᠷᠭᠤᠯᠵᠢ ᠨᠦᠬᠡ ᠪᠡᠨ ᠣᠯᠤᠨ᠎ᠠ
ᠨᠢᠭᠦᠯ ᠪᠤᠶᠠᠨ ᠡᠵᠡᠨ ᠢ᠋ᠶ᠋ᠡᠨ ᠣᠯᠤᠨ᠎ᠠ᠃
ᠡᠪᠳᠡᠷᠡᠬᠦ ᠲᠥᠷᠥ ᠳ᠋ᠦ᠍ ᠲᠦᠰᠢᠮᠡᠯ ᠶᠠᠪᠤᠬᠤ ᠪᠠᠷ
ᠡᠮᠡᠭᠡᠯ ᠦ᠋ᠨ ᠫᠦᠰᠡᠨ ᠳ᠋ᠦ᠍ ᠴᠠᠪᠠᠤ ᠴᠢᠨᠠᠵᠤ ᠰᠠᠭᠤᠬᠤ᠃
26. ᠲᠠᠯᠠᠢᠨᠵᠠᠶᠠᠭᠡ
ᠠᠩᠭᠢᠷ ᠠᠭᠤᠷᠢᠭ ᠢ᠋ ᠡᠵᠢ ᠡᠴᠡ ᠬᠦᠷᠲᠡᠳᠡᠭ
ᠠ ᠦᠰᠦᠭ ᠢ᠋ ᠪᠠᠭᠰᠢ ᠠ᠋ᠴᠠ ᠰᠤᠷᠳᠠᠭ᠂
ᠠᠪᠤ ᠪᠠᠨ ᠪᠠᠢᠬᠤ ᠳ᠋ᠤ᠌ ᠬᠥᠮᠦᠨ ᠲᠠᠨᠢ
ᠠᠭᠲᠠ ᠪᠠᠨ ᠪᠠᠢᠬᠤ ᠳ᠋ᠤ᠌ ᠭᠠᠵᠠᠷ ᠦᠵᠡ᠂
ᠠᠰᠬ᠎ᠠ ᠬᠠᠳᠠᠨ ᠤ᠋ ᠴᠢᠯᠠᠭᠤ ᠬᠠᠲᠠᠭᠤ
ᠠᠪᠤ ᠡᠵᠢ ᠶ᠋ᠢᠨ ᠰᠤᠷᠭᠠᠯ ᠬᠠᠲᠠᠭᠤ᠂
ᠠᠢᠯ ᠠᠢᠮᠠᠭ ᠡᠶ᠎ᠡ ᠲᠡᠢ ᠨᠢ ᠰᠠᠢᠬᠠᠨ
ᠠᠬ᠎ᠠ ᠳᠡᠭᠦᠦ ᠨᠠᠢᠷ ᠲᠠᠢ ᠨᠢ ᠰᠠᠢᠬᠠᠨ᠃
27. ᠭᠠᠸᠠ
ᠡᠷᠳᠡᠮ ᠦ᠋ᠨ ᠳᠡᠭᠡᠳᠦ ᠡᠪ ᠡᠷᠬᠢᠮ ᠦ᠋ᠨ ᠳᠡᠭᠡᠳᠦ ᠡᠬᠡ
28. ᠦᠵᠢᠶᠡᠳ ᠡᠷᠳᠡᠨᠢᠴᠡᠴᠡᠭ
ᠪᠠᠷᠳᠠᠮ ᠦᠭᠡ ᠪᠡᠷ ᠰᠡᠴᠡᠨ ᠪᠣᠯᠳᠠᠭ ᠦᠭᠡᠢ
ᠪᠠᠯᠠᠮᠠᠳ ᠶᠠᠪᠤᠳᠠᠯ ᠢ᠋ᠶ᠋ᠠᠷ ᠪᠠᠭᠠᠲᠤᠷ ᠪᠣᠯᠳᠠᠭ ᠦᠭᠡᠢ
ᠳᠡᠪᠦᠷ᠎ᠡ ᠬᠣᠭᠣᠯᠠᠢ ᠪᠠᠷ ᠢ᠋ᠶ᠋ᠠᠨ ᠲᠠᠲᠠᠭᠤ
ᠳᠡᠪᠡᠯ ᠵᠠᠬ᠎ᠠ ᠪᠠᠷ ᠢ᠋ᠶ᠋ᠠᠨ ᠲᠠᠲᠠᠭᠤ
ᠠᠭᠤᠯᠠ ᠣᠷᠣᠢ ᠪᠠᠷ ᠢ᠋ᠶ᠋ᠠᠨ ᠲᠠᠲᠠᠭᠤ᠃
29. ᠮᠥᠩᠭᠥᠨ
ᠷ᠂ ᠴᠣᠢᠨᠣᠮ
ᠡᠵᠢ ᠳ᠋ᠡᠭᠡᠨ ᠠᠶᠤᠯᠭᠠᠵᠤ ᠬᠡᠯᠡᠭᠰᠡᠨ ᠦᠭᠡ ᠂ᠡᠵᠢ ᠠ᠋ ᠨᠠᠳᠠᠳᠤ ᠶᠠᠭᠤ ᠴᠤ᠌ ᠬᠡᠷᠡᠭ ᠦᠭᠡᠢ᠂
ᠡᠩᠬᠦᠷᠡᠢᠯᠡᠯ ᠴᠤ᠌ ᠬᠡᠷᠡᠭ ᠦᠭᠡᠢ᠂ᠵᠢᠮᠡᠯᠡᠯ ᠴᠦ᠍ ᠬᠡᠷᠡᠭ ᠦᠭᠡᠢ᠂
ᠡᠮ ᠳᠠᠩ ᠴᠤ᠌ ᠬᠡᠷᠡᠭ ᠦᠭᠡᠢ ᠂ᠬᠢᠲᠤᠭ᠎ᠠ ᠲᠤᠤᠬᠠᠢ ᠴᠤ᠌ ᠬᠡᠷᠡᠭ ᠦᠭᠡᠢ᠂
ᠡᠬᠡᠨᠡᠷ ᠶᠠᠮᠠᠷ ᠨᠢ ᠴᠤ᠌ ᠬᠡᠷᠡᠭ ᠦᠭᠡᠢ᠂ᠭᠠᠭᠴᠠᠬᠦ ᠴᠸᠷᠡᠩᠳᠤᠯᠮᠠ ᠬᠡᠷᠡᠭ ᠲᠡᠢ᠃
ᠠᠮᠢᠳᠤᠷᠠᠯ ᠴᠡᠩᠭᠡᠯ ᠨᠢ ᠣᠯᠳᠠᠬᠤ ᠦᠭᠡᠢ ᠪᠣᠯ ᠂ᠠᠳᠠᠭᠯᠠᠭᠠᠳ ᠪᠠᠷ᠎ᠠ ᠨᠢ ᠬᠡᠷᠡᠭ ᠲᠡᠢ᠃
ᠠᠮᠠᠷᠠᠭ ᠬᠠᠢᠷ᠎ᠠ ᠣᠯᠳᠠᠬᠤ ᠦᠭᠡᠢ ᠪᠣᠯ᠂ ᠠᠯᠠᠭ ᠨᠢᠳᠦ ᠨᠢ ᠬᠡᠷᠡᠭ ᠲᠡᠢ᠃
ᠠᠯᠲᠠ ᠪᠡᠶ᠎ᠡ ᠨᠢ ᠣᠯᠳᠠᠬᠤ ᠦᠭᠡᠢ ᠪᠣᠯ᠂ ᠵᠢᠷᠤᠭ ᠬᠥᠷᠥᠭ ᠨᠢ ᠬᠡᠷᠡᠭ ᠲᠡᠢ᠃
ᠠᠮᠢᠳᠤ ᠦᠬᠦᠭᠰᠡᠨ ᠰᠤᠷᠠᠭ ᠨᠢ ᠬᠡᠷᠡᠭ ᠲᠡᠢ᠃
ᠥᠭᠡᠷ᠎ᠡ ᠶᠠᠭᠤ ᠴᠤ᠌ ᠬᠡᠷᠡᠭ ᠦᠭᠡᠢ ᠡᠵᠢ ᠠ᠋
ᠦᠷᠦ ᠡᠪᠡᠳᠦᠭᠡᠴᠢ ᠳᠡ᠂ ᠨᠠᠮᠠᠶ᠋ᠢ ᠡᠵᠢ ᠠ᠋
ᠥᠷᠪᠥᠢᠲᠡᠯᠡ ᠬᠠᠷᠠᠩᠭᠤᠢ ᠰᠥᠨᠢ ᠪᠡᠷ
ᠬᠦᠦ ᠶ᠋ᠢ ᠴᠢᠨᠢ ᠭᠡᠳ ᠢᠷᠡᠳᠡᠭ ᠪᠠᠢᠭᠰᠠᠨ
ᠥᠨᠥᠴᠢᠨ ᠢᠨᠵᠠᠭ᠎ᠠ ᠰᠢᠭ᠋ ᠲᠡᠷᠡ ᠠᠮᠢᠲᠠᠨ ᠢ᠋
ᠦᠷᠦ ᠡᠪᠡᠳᠦᠭᠡᠴᠢ᠂ ᠬᠠᠢᠷᠠᠯᠠᠭᠠᠴᠢ ᠡᠵᠢ ᠮᠢᠨᠢ᠃
30.ᠳᠠᠯᠠᠨᠲᠠᠢ
ᠭᠡᠨᠡᠳᠲᠡ ᠰᠡᠷᠢᠬᠦᠯᠡᠷ ᠨᠢ ᠴᠡᠯᠮᠡᠭ ᠬᠥᠬᠡ ᠣᠭᠲᠠᠷᠭᠤᠢ ᠲᠣᠭᠣᠨᠣ ᠪᠠᠷ ᠮᠡᠯᠡᠢᠨ᠂ ᠪᠣᠷᠣ ᠡᠷᠢᠶᠡᠨ ᠰᠢᠪᠠᠭᠤᠳ ᠡᠨᠳᠡ ᠲᠡᠨᠳᠡ ᠡᠴᠡ ᠰᠠᠶᠢ ᠪᠣᠰᠴᠤ᠂ ᠢᠷᠠᠭᠤ ᠳᠠᠭᠤ ᠪᠠᠷ ᠪᠡᠶ᠎ᠡ ᠪᠡᠶ᠎ᠡ ᠪᠡᠨ ᠳᠠᠭᠤᠷᠢᠶᠠᠨ ᠡᠬᠢᠯᠡᠵᠦ᠂ ᠥᠷᠯᠥᠭᠡᠨ ᠦ᠌ ᠲᠤᠩᠭᠠᠯᠠᠭ ᠰᠡᠷᠢᠭᠦᠬᠡᠨ ᠠᠭᠠᠷ ᠲᠤ᠌ ᠰᠡᠯᠢᠨ ᠬᠥᠭᠡᠷᠴᠦ ᠵᠢᠷᠭᠢᠵᠦ ᠪᠠᠢᠪᠠ᠃( ᠥᠷᠯᠥᠭᠡ)
31. ᠨᠤᠮᠤᠴᠢᠨ ᠪᠢᠯᠢᠭ
ᠵᠤᠳ ᠪᠣᠯᠬᠤ ᠳ᠋ᠤ᠌ ᠨᠣᠬᠠᠢ ᠴᠠᠳᠤᠨ᠎ᠠ
ᠵᠣᠪᠠᠯᠠᠩ ᠪᠣᠯᠬᠤ ᠳ᠋ᠤ᠌ ᠨᠣᠶᠠᠳ ᠪᠠᠶᠠᠵᠢᠨ᠎ᠠ᠃
32. ᠴᠡᠴᠡᠭ
ᠵᠣᠪᠠᠯ ᠤ᠋ᠨ ᠬᠣᠢᠨ᠎ᠠ ᠂ᠵᠢᠷᠭᠠᠯ ᠢᠷᠡᠨ᠎ᠡ᠃
33. ᠤᠯᠠᠭᠠᠨᠴᠡᠴᠡᠭ
ᠡᠳᠦᠷ ᠦ᠋ᠨ ᠣᠳᠣ᠂ᠡᠪᠦᠯ ᠦ᠋ᠨ ᠴᠡᠴᠡᠭ᠃
34. ᠮᠥᠩᠭᠥᠨ
ᠮᠣᠩᠭᠣᠯᠴᠤᠳ ᠲᠤ᠌ ᠥᠷᠥᠭᠡᠯ ᠡᠴᠡ ᠢᠯᠭᠠᠭᠳᠠᠵᠤ ᠦᠯᠡᠳᠡᠵᠦ ᠪᠠᠢᠭ᠎ᠠ ᠨᠢ ᠣᠳᠣ ᠭᠠᠭᠴᠠ ᠰᠣᠶᠣᠯ ᠯᠠ ᠪᠠᠢᠨ᠎ᠠ᠃
ᠰᠣᠶᠣᠯ ᠢ᠋ᠶ᠋ᠠᠨ ᠠᠯᠳᠠᠬᠤ ᠳ᠋ᠤ᠌ ᠬᠦᠷᠪᠡᠯ ᠠᠯᠢᠪᠠ ᠪᠠᠨ ᠠᠯᠳᠠᠭᠰᠠᠨ ᠲᠠᠢ ᠠᠳᠠᠯᠢᠬᠠᠨ ᠶᠤᠮ᠃
— ᠭ ᠂ ᠰᠢᠷᠠᠪᠵᠠᠮᠰᠤ
36. ᠲᠣᠳᠣᠭᠡᠷᠡᠯ
ᠰᠤᠷᠤᠭᠰᠠᠨ ᠡᠷᠳᠡᠮ ᠢ᠋ᠶ᠋ᠡᠨ ᠰᠡᠯᠪᠢᠨ ᠶᠠᠪᠤ
ᠰᠤᠷᠤᠭ᠎ᠠ ᠦᠭᠡᠢ ᠡᠷᠳᠡᠮ ᠢ᠋ᠶ᠋ᠡᠨ ᠰᠢᠮᠳᠠᠨ ᠰᠤᠷ
ᠰᠤᠷᠤᠭᠰᠠᠨ ᠮᠠᠭᠤ ᠵᠠᠩ ᠢ᠋ᠶ᠋ᠠᠨ ᠦᠳᠲᠡᠷ ᠣᠷᠭᠢ
ᠰᠤᠤ ᠪᠢᠯᠢᠭᠲᠦ ᠶ᠋ᠢ ᠬᠦᠨᠳᠦᠯᠡᠨ ᠳᠠᠭ᠎ᠠ
ᠥᠪᠡᠷ ᠦ᠋ᠨ ᠪᠡᠶ᠎ᠡ ᠶ᠋ᠢ ᠶᠡᠬᠡ ᠳ᠋ᠦ᠍ ᠪᠦᠦ ᠪᠣᠳᠣ
ᠥᠷᠥᠭᠡᠯ ᠪᠤᠰᠤᠳ ᠢ᠋ ᠳᠣᠣᠷ᠎ᠠ ᠳ᠋ᠤ᠌ ᠪᠦᠦ ᠪᠠᠰᠤ᠃
37. ᠴ · ᠤᠷᠠᠨᠴᠡᠴᠡᠭ
ᠣᠨᠢᠰᠣᠭ᠎ᠠ
ᠠᠷᠤ ᠶ᠋ᠢᠨ ᠪᠡᠶ᠎ᠡ ᠪᠡᠷ ᠨᠤᠲᠤᠭ ᠲᠠᠢ
ᠬᠥᠬᠡ ᠮᠠᠩᠨᠤᠭ ᠳᠡᠭᠡᠷ᠎ᠡ ᠰᠢᠭᠢᠳᠬᠡᠭᠰᠡᠨ
ᠬᠦᠳᠡᠷ ᠮᠥᠩᠭᠥᠨ ᠲᠣᠪᠣᠷᠤᠤ ᠶ᠋ᠢ ᠬᠠᠷᠠᠬᠤ ᠳ᠋ᠤ᠌
ᠲᠣᠪ ᠲᠣᠳᠣᠷᠬᠠᠢ ᠦᠵᠡᠭᠳᠡᠪᠡᠴᠦ
ᠲᠣᠭᠠᠯᠠᠭᠠᠳ ᠬᠡᠵᠢᠶᠡᠳᠡ ᠪᠠᠷᠠᠰᠢ ᠦᠭᠡᠢ᠃
ᠶᠠᠭᠤ ᠪᠣᠢ? ᠬᠠᠷᠢᠭᠤᠯᠲᠠ ᠣᠳᠣ
38. ᠪᠠᠶᠠᠨᠬᠠᠩᠭᠠᠢ ᠄
ᠪᠣᠰᠤᠭ᠎ᠠ ᠦᠰᠦᠭ ᠲᠡᠢ᠂ ᠪᠣᠰᠤᠭ᠎ᠠ ᠨᠡᠷ᠎ᠡ ᠲᠡᠢ ᠡᠨᠡ ᠴᠢᠨᠢ ᠪᠢᠳᠡᠨ ᠦ᠌ ᠮᠣᠩᠭᠣᠯ ᠶᠤᠮ᠃
39. ᠭᠠᠸᠠ
ᠬᠥᠨᠳᠡᠯᠡᠨ ᠪᠢᠴᠢᠭᠳᠡᠭᠰᠡᠨ ᠰᠣᠶᠣᠯ ᠢ᠋ ᠪᠣᠰᠤᠭ᠎ᠠ ᠰᠡᠳᠬᠢᠬᠦᠢ ᠪᠡᠷ ᠲᠠᠨᠢᠵᠤ ᠰᠤᠷ
ᠪᠣᠰᠤᠭ᠎ᠠ ᠱᠤᠭᠤᠭᠳᠠᠭᠰᠠᠨ ᠲᠡᠦᠬᠡ ᠪᠡᠨ ᠬᠥᠨᠳᠡᠯᠡᠨ ᠢ᠋ᠶ᠋ᠡᠷ ᠤᠷᠠᠯᠠᠵᠤ ᠰᠤᠷ ᠃
ᠰᠤᠷ ᠠ᠋ ᠰᠤᠷ ᠂ᠰᠤᠷ ᠰᠢᠭ᠋ ᠰᠤᠨᠵᠤ ᠰᠤᠷ ᠂
ᠶᠠᠰᠤ ᠰᠢᠭ᠋ ᠬᠤᠭᠤᠷᠠᠵᠤ ᠰᠤᠷ᠂ ᠴᠢᠯᠠᠭᠤ ᠰᠢᠭ᠋ ᠤᠷᠭᠤᠵᠤ ᠰᠤᠷ᠂
ᠱᠠᠭᠠᠵᠠᠭᠠᠢ ᠰᠢᠭ᠋ ᠴᠤᠭᠯᠠᠷᠠᠵᠤ ᠰᠤᠷ᠂ ᠭᠠᠯ ᠰᠢᠭ᠋ ᠳᠦᠷᠡᠯᠵᠡᠵᠦ ᠰᠤᠷ᠂ ᠭᠣᠣᠯ ᠰᠢᠭ᠋ ᠢ᠋ᠶ᠋ᠡᠨ ᠦᠶᠡᠷᠯᠡᠵᠦ ᠰᠤᠷ᠃
40. ᠰᠣᠨᠢᠨᠴᠡᠴᠡᠭ ᠂
ᠦᠨᠳᠦᠰᠦᠲᠡᠨ ᠦ᠌ ᠪᠡᠨ ᠦᠭᠡ ᠬᠡᠯᠡ ᠦᠰᠦᠭ ᠪᠢᠴᠢᠭ ᠢ᠋ ᠬᠠᠢᠷᠠᠯᠠᠨ ᠬᠠᠮᠠᠭᠠᠯᠠᠵᠤ ᠬᠥᠭᠵᠢᠭᠦᠯᠦᠨ ᠪᠠᠳᠠᠷᠠᠭᠤᠯᠵᠤ ᠤᠯᠠᠮᠵᠢᠯᠠᠨ ᠤᠬᠠᠭᠤᠯᠵᠤ ᠶᠠᠪᠤᠬᠤ ᠪᠣᠯ ᠮᠣᠩᠭᠣᠯ ᠬᠥᠮᠦᠨ ᠦ᠌ ᠳᠠᠷᠬᠠᠨ ᠡᠭᠦᠷᠭᠡ ᠬᠠᠷᠢᠭᠤᠴᠠᠯᠭ᠎ᠠ ᠮᠥᠨ᠃
ᠰᠦᠨ ᠰᠠᠴᠤᠯᠢ ᠠ ᠬᠣᠯᠪᠣᠭᠠᠨ ᠤ᠋ ᠨᠠᠢᠵᠠ ᠨᠠᠷ ᠠ᠋ᠴᠠ᠂ ᠤᠤᠭᠠᠨᠵᠢᠳ ᠬᠢᠨᠠᠪᠠ᠃
