ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠳᠥᠷᠪᠡᠳᠦᠭᠡᠷ ᠪᠦᠯᠦᠭ᠂ ᠰᠢᠨᠠᠯᠠᠮ᠎ᠠ ᠪᠡᠶ᠎ᠡ ᠦᠷᠡᠭᠳᠡᠭᠰᠡᠨ 1 Шинэлам – 4-р бүлэг᠂ Шинэлам бие үрэгдсэн 1
ᠨᠢᠭᠡ᠂ᠰᠢᠨᠠᠯᠠᠮ᠎ᠠ ᠭᠡᠨᠡᠳᠲᠡ ᠬᠣᠣᠷᠯᠠᠭᠳᠠᠭᠰᠠᠨ ᠨᠢ
ᠰᠢᠨᠠᠯᠠᠮ᠎ᠠ ᠶ᠋ᠢᠨ ᠠᠯᠠᠭᠳᠠᠭᠰᠠᠨ ᠶᠠᠪᠤᠴᠠ ᠶ᠋ᠢᠨ ᠲᠤᠬᠠᠢ ᠦᠦᠰᠢᠨ ᠳ᠋ᠦ᠍ ᠠᠳᠠᠯᠢ ᠪᠤᠰᠤ ᠶ᠋ᠢᠨ ᠬᠡᠯᠡᠯᠭᠡ ᠥᠨᠥ ᠪᠣᠯᠲᠠᠯ᠎ᠠ ᠤᠯᠠᠮᠵᠢᠯᠠᠭᠳᠠᠨ ᠶᠠᠷᠢᠭᠳᠠᠵᠤ᠂ ᠵᠣᠬᠢᠶᠠᠯ᠂ ᠲᠡᠦᠬᠡ᠂ ᠳᠤᠷᠠᠳᠬᠠᠯ ᠲᠡᠮᠳᠡᠭᠯᠡᠯ ᠦ᠋ᠳ ᠲᠦ᠍ ᠮᠥᠨ ᠠᠳᠠᠯᠢ ᠪᠤᠰᠤ ᠪᠠᠷ ᠲᠡᠮᠳᠡᠭᠯᠡᠭᠳᠡᠵᠦ ᠪᠠᠢᠭ᠎ᠠ ᠶᠤᠮ᠃
ᠦᠦᠰᠢᠨ ᠨᠣᠶᠠᠨ ᠲᠡᠭᠦᠰᠡᠠᠮᠤᠭᠤᠯᠠᠩ ᠵᠣᠭᠣᠰ ᠮᠥᠩᠭᠥ ᠡᠷᠬᠡ ᠲᠤᠰᠢᠶᠠᠯ ᠢ᠋ᠶ᠋ᠠᠷ ᠥᠭᠶᠥᠭᠡ ᠪᠣᠯᠭᠠᠨ ᠰᠢᠨᠠᠯᠠᠮ᠎ᠠ ᠶ᠋ᠢ ᠬᠣᠣᠷᠯᠠᠭᠤᠯᠬᠤ ᠭᠡᠰᠡᠨ ᠴᠢᠮᠡᠭᠡ ᠶ᠋ᠢ ᠰᠢᠨᠠᠯᠠᠮ᠎ᠠ ᠣᠯᠵᠤ ᠮᠡᠳᠡᠪᠡ᠃ ᠡᠭᠦᠨ ᠳ᠋ᠦ᠍ ᠲᠡᠷᠡ᠄《ᠪᠢ ᠦᠦᠰᠢᠨ ᠬᠤᠰᠢᠭᠤᠨ ᠤ᠋ ᠠᠷᠠᠳ ᠲᠦᠮᠡᠨ ᠳ᠋ᠦ᠍ ᠮᠠᠭᠤ ᠬᠡᠷᠡᠭ ᠦᠢᠯᠡᠳᠦᠭᠰᠡᠨ ᠪᠣᠯ ᠲᠠᠨᠤᠰ ᠨᠠᠮᠠᠶ᠋ᠢ ᠠᠯᠠᠵᠤ ᠪᠣᠯᠤᠨ᠎ᠠ᠃ ᠮᠢᠨᠦ ᠬᠢᠭᠰᠡᠨ ᠶᠠᠪᠤᠳᠠᠯ ᠦᠦᠰᠢᠨ ᠬᠤᠰᠢᠭᠤᠨ ᠤ᠋ ᠠᠷᠠᠳ ᠲᠦᠮᠡᠨ ᠳ᠋ᠦ᠍ ᠠᠰᠢᠭᠲᠠᠢ ᠪᠠᠢᠪᠠᠯ ᠲᠠᠨᠤᠰ ᠨᠠᠮᠠᠶ᠋ᠢ ᠶᠠᠭᠤ ᠭᠡᠵᠦ ᠠᠯᠠᠬᠤ ᠪᠣᠢ⁈᠁》 ᠭᠡᠵᠦ ᠬᠡᠯᠡᠵᠦ ᠪᠠᠢᠪᠠ᠃
2 ᠰᠠᠷ᠎ᠠ ᠶ᠋ᠢᠨ6 ᠤ᠋ ᠡᠳᠦᠷ(ᠥᠭᠡᠯᠵᠢᠨ ᠰᠠᠷ᠎ᠠ ᠶ᠋ᠢᠨ ᠬᠣᠷᠢᠨ ᠳᠣᠯᠣᠭᠠᠨ)᠂ ᠰᠢᠨᠡᠯᠡᠮ᠎ᠡ ᠦᠦᠰᠢᠨ ᠬᠤᠰᠢᠭᠤᠨ ᠤ᠋ ᠠᠷᠠᠳ ᠤ᠋ᠨ ᠬᠤᠪᠢᠰᠬᠠᠯᠲᠤ ᠴᠡᠷᠢᠭ ᠲᠡᠭᠡᠨ ᠴᠢᠯᠥᠭᠡ ᠲᠠᠯᠪᠢᠵᠤ ᠭᠡᠷ ᠭᠡᠷ ᠲᠦ᠋ᠨᠢ ᠬᠠᠷᠢᠭᠤᠯᠵᠤ ᠰᠢᠨᠡᠯᠡᠭᠦᠯᠪᠡ᠃ ᠡᠭᠦᠨ ᠦ᠌ ᠬᠠᠮᠲᠤ ᠰᠤᠮᠤ ᠪᠦᠷᠢ ᠡᠴᠡ ᠨᠢᠭᠡ ᠰᠠᠯᠠᠭ᠎ᠠ ᠬᠥᠮᠦᠨ ᠦᠯᠡᠳᠡᠭᠡᠵᠦ ᠴᠡᠷᠢᠭ ᠦ᠋ᠨ ᠬᠣᠷᠢᠶ᠎ᠠ ᠶ᠋ᠢ ᠰᠠᠬᠢᠭᠤᠯᠵᠤ ᠳᠠᠢᠰᠤᠨ ᠤ᠋ ᠭᠡᠨᠡᠳᠲᠡ ᠶ᠋ᠢᠨ ᠳᠠᠭᠠᠷᠢᠯᠲᠠ ᠪᠠ ᠰᠠᠨᠠᠭᠠᠨ ᠠ᠋ᠴᠠ ᠭᠠᠳᠠᠭᠤᠷ ᠬᠡᠷᠡᠭ ᠭᠠᠷᠬᠤ ᠠ᠋ᠴᠠ ᠰᠡᠷᠭᠡᠢᠯᠡᠪᠡ᠃ ᠪᠤᠰᠤᠳ ᠴᠡᠷᠢᠭ ᠦ᠋ᠳ ᠲᠦ᠍ ᠴᠥᠮ ᠳᠣᠯᠣᠭ᠎ᠠ ᠬᠣᠨᠣᠭ ᠤ᠋ᠨ ᠴᠢᠯᠥᠭᠡ ᠥᠭᠴᠦ ᠭᠡᠷ ᠭᠡᠷ ᠲᠦ᠋ᠨᠢ ᠬᠠᠷᠢᠭᠤᠯᠵᠤ ᠴᠠᠭᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠳ᠋ᠤ᠌ ᠣᠰᠣᠯᠳᠠᠯ ᠦᠭᠡᠢ ᠴᠤᠭᠯᠠᠷᠠᠨ ᠢᠷᠡᠬᠦ ᠪᠡᠷ ᠲᠣᠭᠲᠠᠭᠠᠨ ᠵᠠᠷᠯᠠᠵᠠᠢ᠃ ᠰᠢᠨᠠᠯᠠᠮ᠎ᠠ ᠦᠦᠰᠢᠨ ᠬᠤᠰᠢᠭᠤᠨ ᠤ᠋ ᠠᠷᠠᠳ ᠤ᠋ᠨ ᠬᠤᠪᠢᠰᠬᠠᠯᠲᠤ ᠴᠡᠷᠢᠭ ᠦ᠋ᠨ ᠠᠷᠪᠠᠨ ᠬᠣᠶᠠᠳᠤᠭᠠᠷ ᠬᠣᠷᠢᠶᠠᠨ ᠤ᠋ ᠪᠤᠰᠤᠳ ᠴᠥᠭᠡᠨ ᠬᠡᠳᠦᠨ ᠠᠵᠢᠯᠯᠠᠭᠴᠢ ᠲᠠᠢ ᠬᠠᠮᠲᠤ ᠦᠯᠡᠳᠡᠭᠰᠡᠨ ᠴᠡᠷᠢᠭ ᠲᠡᠢ ᠪᠡᠨ ᠤᠯᠠᠭᠠᠨᠲᠣᠯᠣᠭᠠᠢ ᠶ᠋ᠢᠨ ᠵᠡᠭᠦᠨ ᠬᠣᠢᠨ᠎ᠠ ᠪᠠᠢᠭ᠎ᠠ ᠳᠣᠩᠷᠣᠪ ᠭᠡᠳᠡᠭ ᠡᠷᠦᠬᠡ ᠶ᠋ᠢᠨ ᠳ᠋ᠦ᠍ ᠰᠢᠨᠡᠯᠡᠬᠦ ᠪᠡᠷ ᠪᠣᠯᠵᠤ ᠲᠡᠨᠳᠡ ᠬᠦᠷᠴᠦ ᠣᠴᠢᠪᠠ᠃
2 ᠰᠠᠷ᠎ᠠ ᠶ᠋ᠢᠨ10 ᠤ᠋ ᠡᠳᠦᠷ(ᠰᠢᠷᠠᠭᠴᠢᠨ ᠮᠣᠭᠠᠢ ᠵᠢᠯ ᠦ᠋ᠨ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ) ᠰᠢᠨᠡᠯᠡᠮ᠎ᠡ ᠭᠤᠷᠪᠠᠳᠤᠭᠠᠷ ᠰᠤᠮᠤᠨ ᠤ᠋ ᠬᠡᠰᠡᠭ ᠪᠠᠢᠯᠳᠤᠭᠴᠢᠳ ᠲᠠᠢ ᠬᠠᠮᠲᠤ ᠳᠣᠩᠷᠣᠪ ᠤ᠋ᠨ ᠭᠡᠷ ᠲᠦ᠍ ᠰᠢᠨᠡᠯᠡᠪᠡ᠃ ᠪᠤᠰᠤᠳ ᠰᠤᠮᠤᠨ ᠠ᠋ᠴᠠ ᠦᠯᠡᠳᠡᠭᠰᠡᠨ ᠪᠠᠢᠯᠳᠤᠭᠴᠢᠳ ᠨᠢ ᠳᠣᠩᠷᠣᠪ ᠤ᠋ᠨ ᠣᠢᠷᠠᠯᠴᠠᠭ᠎ᠠ ᠪᠠᠢᠭ᠎ᠠ ᠡᠷᠦᠬᠡ ᠨᠦ᠍ᠭᠦᠳ ᠢ᠋ᠶ᠋ᠡᠷ ᠰᠢᠨᠠᠯᠠᠪᠠ᠃ ᠪᠦᠷᠢᠨᠵᠢᠷᠭᠠᠯ ᠪᠣᠯ ᠦᠦᠰᠢᠨ ᠨᠣᠶᠠᠨ ᠲᠡᠭᠦᠰᠠᠠᠮᠤᠭᠤᠯᠠᠩ ᠤ᠋ᠨ ᠭᠠᠷ ᠬᠥᠯ ᠪᠣᠯᠬᠤ ᠪᠥᠭᠡᠳ ᠦᠦᠰᠢᠨ ᠬᠤᠰᠢᠭᠤᠨ ᠤ᠋ ᠠᠷᠠᠳ ᠤ᠋ᠨ ᠬᠤᠪᠢᠰᠬᠠᠯᠲᠤ ᠴᠡᠷᠢᠭ ᠲᠦ᠍ ᠰᠢᠷᠭᠤᠯᠠᠨ ᠣᠷᠣᠵᠤ ᠢᠷᠡᠭᠡᠳ ᠢᠳᠡᠪᠬᠢᠲᠡᠢ ᠪᠡᠷ ᠣᠪᠯᠠᠨ ᠠᠭᠠᠰᠢᠯᠠᠵᠤ ᠪᠠᠢᠭᠠᠳ ᠴᠡᠷᠢᠭ ᠦ᠋ᠨ ᠬᠣᠷᠢᠶᠠᠨ ᠤ᠋ ᠱᠠᠲ᠋ᠠᠪ ᠤ᠋ᠨ ᠰᠡᠷᠭᠡᠢᠯᠡᠨ ᠬᠠᠮᠠᠭᠠᠯᠠᠬᠤ ᠰᠠᠯᠠᠭᠠᠨ ᠳᠠᠷᠤᠭ᠎ᠠ ᠶ᠋ᠢᠨ ᠲᠤᠰᠢᠶᠠᠯ ᠢ᠋ ᠡᠭᠦᠷᠭᠡᠯᠡᠪᠡ᠃ ᠲᠡᠷᠡ ᠲᠡᠭᠦᠰᠠᠠᠮᠤᠭᠤᠯᠠᠩ ᠤ᠋ᠨ ᠨᠢᠭᠤᠴᠠ ᠵᠠᠬᠢᠶ᠎ᠠ ᠪᠠᠷ ᠰᠢᠨᠠᠯᠠᠮ᠎ᠠ ᠶ᠋ᠢ ᠬᠣᠣᠷᠯᠠᠵᠤ ᠠᠰᠢᠭ ᠡᠷᠬᠡ ᠣᠯᠬᠤ ᠶ᠋ᠢᠨ ᠲᠥᠯᠥᠭᠡ ᠴᠡᠷᠢᠭ ᠠᠩᠭᠢ ᠴᠢᠯᠥᠭᠡ ᠲᠠᠯᠪᠢᠭᠰᠠᠨ ᠲᠣᠬᠢᠶᠠᠯ ᠢ᠋ ᠠᠰᠢᠭᠯᠠᠨ ᠲᠡᠭᠦᠨ ᠦ᠌ ᠬᠠᠨᠢ ᠬᠠᠮᠰᠠᠭᠠᠲᠠᠨ ᠡᠷᠬᠢᠮᠳᠠᠯᠠᠢ᠂ ᠳᠡᠯᠭᠡᠷᠰᠠᠩ ᠨᠠᠷ ᠲᠠᠢ ᠨᠢᠭᠤᠴᠠ ᠪᠠᠷ ᠵᠥᠪᠳᠡᠨ ᠤᠬᠠᠭᠠᠯᠠᠵᠤ᠂ ᠰᠢᠨᠡᠯᠡᠮ᠎ᠡ ᠶ᠋ᠢ ᠬᠡᠷᠬᠢᠨ ᠬᠣᠣᠷᠯᠠᠬᠤ ᠲᠤᠬᠠᠢ ᠠᠷᠭ᠎ᠠ ᠶᠠᠪᠤᠴᠠ ᠪᠠᠨ ᠲᠣᠭᠲᠠᠭᠠᠵᠠᠢ᠃ ᠢᠩᠭᠢᠭᠡᠳ ᠪᠦᠷᠢᠨᠵᠢᠷᠭᠠᠯ ᠡᠷᠬᠢᠮᠳᠠᠯᠠᠢ ᠳ᠋ᠤ᠌᠄《ᠴᠢ ᠮᠠᠨᠠᠭ᠎ᠠ ᠮᠠᠨᠠᠵᠤ ᠪᠠᠢᠭᠠᠳ ᠰᠢᠨᠠᠯᠠᠮ᠎ᠠ ᠶ᠋ᠢ ᠫᠤᠤᠳᠠᠵᠤ ᠠᠯᠠᠪᠠᠯ ᠲᠡᠭᠦᠨ ᠦ᠌ ᠡᠭᠦᠷᠴᠦ ᠪᠠᠢᠭ᠎ᠠ ᠫᠤᠤ᠂ ᠤᠨᠤᠭᠰᠠᠨ ᠮᠣᠷᠢ ᠲᠠᠢ ᠨᠢ ᠬᠠᠮᠲᠤ ᠴᠥᠮ ᠴᠢᠮ᠎ᠠ ᠳ᠋ᠤ᠌ ᠥᠭᠭᠦᠶ᠎ᠡ》 ᠭᠡᠵᠦ ᠠᠮᠠᠯᠠᠪᠠ᠃ ᠪᠦᠷᠢᠨᠵᠢᠷᠭᠠᠯ ᠡᠷᠬᠢᠮᠳᠠᠯᠠᠢ ᠨᠠᠷ ᠰᠢᠨ᠎ᠡ ᠶ᠋ᠢᠨ ᠨᠢᠭᠡᠨ ᠦ᠌ ᠰᠥᠨᠢ ᠰᠢᠨᠡᠯᠡᠮ᠎ᠡ ᠶ᠋ᠢ ᠬᠣᠣᠷᠯᠠᠬᠤ ᠭᠡᠰᠡᠨ ᠪᠣᠯᠪᠠᠴᠤ᠂ ᠰᠢᠨᠡᠯᠡᠮ᠎ᠡ ᠪᠠ ᠬᠤᠪᠢᠰᠬᠠᠯᠲᠤ ᠴᠡᠷᠢᠭ ᠲᠦ᠍ ᠴᠠᠭᠠᠨ ᠰᠠᠷ᠎ᠠ ᠶ᠋ᠢᠨ ᠰᠢᠨ᠎ᠡ ᠶ᠋ᠢᠨ ᠪᠠᠶᠠᠷ ᠬᠦᠷᠭᠡᠬᠦ ᠪᠡᠷ ᠢᠷᠡᠭᠰᠡᠨ ᠬᠥᠮᠦᠨ ᠲᠤᠢᠯ ᠤ᠋ᠨ ᠣᠯᠠᠨ ᠪᠥᠭᠡᠳ ᠰᠥᠨᠢ ᠳᠦᠯᠢ ᠥᠩᠭᠡᠷᠡᠲᠡᠯ᠎ᠡ ᠲᠠᠰᠤᠷᠠᠭᠰᠠᠨ ᠦᠭᠡᠢ ᠲᠤᠯᠠ ᠭᠠᠷ ᠬᠥᠳᠡᠯᠵᠦ ᠴᠢᠳᠠᠭᠰᠠᠨ ᠦᠭᠡᠢ᠃ 2 ᠰᠠᠷ᠎ᠠ ᠶ᠋ᠢᠨ11 ᠦ᠌ ᠰᠥᠨᠢ(ᠴᠠᠭᠠᠨ ᠰᠠᠷ᠎ᠠ ᠶ᠋ᠢᠨ ᠰᠢᠨ᠎ᠡ ᠶ᠋ᠢᠨ ᠬᠣᠶᠠᠷ) ᠪᠦᠷᠢᠨᠵᠢᠷᠭᠠᠯ ᠠ᠋ᠴᠠ ᠡᠷᠬᠢᠮᠳᠠᠯᠠᠢ᠂ ᡀᠠᠸᠠᠩᠨᠣᠷᠪᠤ ᠵᠡᠷᠭᠡ ᠬᠥᠮᠦᠨ ᠢ᠋ ᠳᠠᠭᠤᠳᠠᠨ ᠠᠪᠠᠴᠢᠵᠤ᠂ ᠡᠷᠬᠢᠮᠳᠠᠯᠠᠢ ᠳ᠋ᠤ᠌ ᠨᠢᠭᠡ ᠭᠠᠷ ᠫᠤᠤ ᠥᠭᠴᠦ᠂ ᡀᠠᠸᠠᠩᠨᠣᠷᠪᠤ ᠳ᠋ᠤ᠌ ᠨᠢᠭᠡ ᠰᠦᠬᠡ ᠥᠭᠴᠦ᠂ 《ᠡᠷᠬᠢᠮᠳᠠᠯᠠᠢ ᠤᠷᠢᠳ ᠢ᠋ᠶ᠋ᠠᠷ ᠫᠤᠤᠳᠠ! ᠬᠡᠷᠪᠡ ᠫᠤᠤᠳᠠᠭᠠᠳ ᠦᠬᠦᠭᠰᠡᠨ ᠦᠭᠡᠢ ᠪᠣᠯ ᡀᠠᠸᠠᠩᠨᠤᠷᠪᠤ ᠰᠦᠬᠡ ᠪᠡᠷ ᠴᠠᠪᠴᠢ》 ᠭᠡᠵᠦ ᠨᠢᠭᠤᠴᠠ ᠪᠠᠷ ᠳᠠᠭᠠᠭᠠᠯᠭᠠᠪᠠ᠃ ᠡᠨᠡ ᠰᠥᠨᠢ ᠰᠢᠨᠠᠯᠠᠮ᠎ᠠ ᠮᠥᠨ ᠲᠣᠩᠷᠤᠪ ᠤ᠋ᠨ ᠶᠡᠬᠡ ᠭᠡᠷ ᠲᠦ᠋ᠨᠢ ᠬᠣᠨᠣᠪᠠ᠃ ᠡᠨᠡ ᠶᠡᠬᠡ ᠭᠡᠷ ᠲᠦ᠍ ᠰᠢᠨᠠᠯᠠᠮ᠎ᠠ᠂ ᠮᠥᠩᠬᠡᠥ᠌ᠯᠵᠡᠢ᠂ ᠪᠢᠴᠢᠭᠡᠴᠢ ᠨᠠᠢᠷᠠᠯᠲᠤ ᠭᠤᠷᠪᠠᠭᠤᠯᠠ ᠪᠠᠢᠭᠰᠠᠨ ᠪᠥᠭᠡᠳ ᠰᠢᠨᠠᠯᠠᠮ᠎ᠠ ᠬᠠᠨᠵᠤᠨ ᠤ᠋ ᠬᠣᠭᠣᠯᠠᠢ ᠪᠠᠷ ᠤᠨᠲᠠᠵᠤ᠂ ᠮᠥᠩᠬᠡᠥ᠌ᠯᠵᠡᠢ ᠴᠣᠩᠬᠣᠨ ᠤ᠋ ᠤᠭ ᠢ᠋ᠶ᠋ᠠᠷ ᠤᠨᠲᠠᠵᠤ᠂ ᠲᠡᠷᠡ ᠬᠣᠶᠠᠭᠤᠯᠠ ᠶ᠋ᠢᠨ ᠳᠤᠮᠳᠠᠭᠤᠷ ᠪᠢᠴᠢᠭᠡᠴᠢ ᠨᠠᠢᠷᠠᠯᠲᠤ ᠤᠨᠲᠠᠵᠤ ᠪᠠᠢᠪᠠ᠃ ᠡᠨᠡ ᠦᠳᠡᠰᠢ ᠶ᠋ᠢᠨ ᠮᠠᠨᠠᠭ᠎ᠠ ᠳᠠᠭᠠᠭᠠᠴᠢᠯᠠᠭᠰᠠᠨ ᠵᠢᠵᠢᠭᠦᠷ ᠪᠣᠯ ᠰᠠᠯᠠᠭᠠᠨ ᠳᠠᠷᠤᠭ᠎ᠠ ᠪᠦᠷᠢᠨᠵᠢᠷᠭᠠᠯ᠂ ᠰᠢᠨᠡᠯᠡᠮ᠎ᠡ ᠶ᠋ᠢᠨ ᠬᠣᠨᠣᠵᠤ ᠪᠠᠢᠭ᠎ᠠ ᠶᠡᠬᠡ ᠭᠡᠷ ᠦ᠋ᠨ ᠮᠠᠨᠠᠭ᠎ᠠ ᠪᠣᠯ ᠡᠷᠬᠢᠮᠳᠠᠯᠠᠢ ᠪᠠᠢᠵᠠᠢ᠃ ᠰᠢᠨᠠᠯᠠᠮ᠎ᠠ ᠶ᠋ᠢᠨ ᠬᠣᠨᠣᠵᠤ ᠪᠠᠢᠭ᠎ᠠ ᠶᠡᠬᠡ ᠭᠡᠷ ᠲᠦ᠍ ᠰᠥᠨᠢ ᠲᠤᠷᠰᠢ ᠳ᠋ᠧᠩ ᠠᠰᠠᠭᠠᠳᠠᠭ ᠪᠠᠢᠭᠰᠠᠨ ᠪᠥᠭᠡᠳ ᠠᠪᠳᠠᠷ᠎ᠠ ᠳᠡᠭᠡᠷ᠎ᠡ ᠴᠡᠷᠢᠭ ᠦ᠋ᠨ ᠬᠡᠷᠡᠭᠯᠡᠬᠦ ᠳᠠᠪᠬᠤᠷ ᠰᠡᠷᠢᠭᠦᠯᠭᠡᠲᠦ ᠴᠠᠭ ᠲᠠᠯᠪᠢᠵᠤ ᠪᠠᠢᠳᠠᠭ ᠲᠤᠯᠠ ᠰᠥᠨᠢ ᠶ᠋ᠢᠨ ᠮᠠᠨᠠᠭ᠎ᠠ ᠰᠣᠯᠢᠬᠤ ᠪᠣᠯᠭᠠᠨ ᠡᠨᠡ ᠴᠠᠭ ᠢ᠋ ᠦᠵᠡᠵᠦ ᠪᠠᠷᠢᠮᠵᠢᠶ᠎ᠠ ᠪᠣᠯᠭᠠᠳᠠᠭ ᠪᠠᠢᠪᠠ᠃ ᠲᠤᠰ ᠰᠥᠨᠢ ᠶ᠋ᠢᠨ ᠰᠥᠨᠢ ᠳᠦᠯᠢ ᠥᠩᠭᠡᠷᠡᠭᠰᠡᠨ ᠦ᠌ ᠳᠠᠷᠠᠭ᠎ᠠ ᠵᠢᠵᠢᠭᠦᠷ ᠪᠦᠷᠢᠨᠵᠢᠷᠭᠠᠯ ᠶᠡᠬᠡ ᠭᠡᠷ ᠲᠦ᠍ ᠣᠷᠣᠵᠤ ᠢᠷᠡᠭᠡᠳ ᠬᠥᠰᠡᠷ ᠲᠦ᠍ ᠵᠣᠭᠰᠣᠨ ᠴᠠᠭ ᠦᠵᠡᠬᠦ ᠳ᠋ᠦ᠍ ᠡᠷᠬᠢᠮᠳᠠᠯᠠᠢ ᠭᠡᠨᠡᠳᠲᠡ ᠭᠠᠳᠠᠨ᠎ᠠ ᠠ᠋ᠴᠠ ᠣᠷᠣᠵᠤ ᠢᠷᠡᠪᠡ᠃ ᠲᠡᠷᠡ ᠪᠦᠷᠢᠨᠵᠢᠷᠭᠠᠯ ᠤ᠋ᠨ ᠠᠷᠤ ᠳ᠋ᠤ᠌ ᠳᠠᠯᠳᠠᠯᠠᠨ ᠵᠣᠭᠰᠣᠵᠤ ᠪᠠᠢᠭᠠᠳ ᠬᠠᠨᠵᠤᠨ ᠳᠡᠭᠡᠷ᠎ᠡ ᠤᠨᠲᠠᠵᠤ ᠪᠠᠢᠭᠰᠠᠨ ᠰᠢᠨᠡᠯᠡᠮ᠎ᠡ ᠶ᠋ᠢᠨ ᠲᠣᠯᠣᠭᠠᠢ ᠵᠦᠭ ᠨᠢᠭᠡ ᠫᠤᠤᠳᠠᠭᠠᠳ ᠶᠠᠭᠠᠷᠠᠤ ᠰᠠᠨᠳᠤᠷᠤᠤ ᠳ᠋ᠧᠩ ᠤᠨᠲᠠᠷᠠᠭᠠᠮᠠᠭᠴᠠ ᠬᠣᠶᠠᠭᠤᠯᠠ ᠭᠠᠷᠴᠤ ᠶᠠᠪᠤᠪᠠ᠃ ᠮᠥᠩᠬᠡᠥ᠌ᠯᠵᠡᠢ᠂ ᠨᠠᠢᠷᠠᠯᠲᠤ ᠬᠣᠶᠠᠭᠤᠯᠠ ᠫᠤᠤ ᠶ᠋ᠢᠨ ᠳᠠᠭᠤᠨ ᠢ᠋ᠶ᠋ᠠᠷ ᠰᠣᠴᠢᠨ ᠪᠣᠰᠴᠤ ᠳ᠋ᠧᠩ ᠠᠰᠠᠭᠠᠨ ᠦᠵᠡᠭᠰᠡᠨ ᠴᠢᠨᠢ ᠰᠢᠨᠡᠯᠡᠮ᠎ᠡ ᠫᠤᠤ ᠶ᠋ᠢᠨ ᠰᠤᠮᠤᠨ ᠳ᠋ᠤ᠌ ᠣᠨᠣᠭᠳᠠᠨ ᠨᠠᠰᠤ ᠪᠠᠷᠠᠭᠠᠳ᠂ ᠤᠯᠠᠭᠠᠨ ᠴᠢᠰᠤ ᠨᠢ ᠬᠠᠨᠵᠤ ᠳᠦᠭᠦᠷᠡᠩ ᠤᠷᠤᠰᠴᠤ ᠪᠠᠢᠪᠠ᠃ ᠣᠷᠳᠣᠰ ᠤ᠋ᠨ ᠠᠷᠠᠳ ᠲᠦᠮᠡᠨ ᠦ᠌ ᠦᠨᠡᠨᠴᠢ ᠰᠢᠳᠤᠷᠭᠤ ᠬᠥᠪᠡᠭᠦᠨ᠂ ᠭᠠᠷᠮᠠᠭᠠᠢ ᠬᠤᠪᠢᠰᠬᠠᠯᠲᠤ ᠪᠠᠢᠯᠳᠤᠭᠴᠢ ᠰᠢᠨᠠᠯᠠᠮ᠎ᠠ ᠨᠠᠰᠤ ᠨᠥᠭᠴᠢᠪᠡ᠃
ᠮᠥᠩᠬᠡᠥ᠌ᠯᠵᠡᠢ᠂ ᠨᠠᠢᠷᠠᠯᠲᠤ ᠬᠣᠶᠠᠭᠤᠯᠠ ᠰᠢᠨᠡᠯᠡᠮ᠎ᠡ ᠨᠠᠰᠤ ᠪᠠᠷᠠᠭᠰᠠᠨ ᠢ᠋ ᠦᠵᠡᠭᠡᠳ ᠶᠡᠬᠡᠳᠡ ᠰᠣᠴᠢᠨ ᠰᠠᠨᠳᠤᠷᠴᠤ᠂ ᠤᠨᠲᠠᠵᠤ ᠪᠠᠢᠭᠰᠠᠨ ᠴᠡᠷᠢᠭ ᠦ᠋ᠳ ᠢ᠋ᠶ᠋ᠡᠨ ᠳᠠᠭᠤᠳᠠᠨ ᠪᠤᠰᠬᠠᠵᠤ᠂ ᠭᠠᠳᠠᠨ᠎ᠠ ᠠ᠋ᠴᠠ ᠳᠠᠢᠰᠤᠨ ᠢᠷᠡᠵᠦ ᠠᠯᠠᠭᠰᠠᠨ ᠪᠣᠯᠵᠣᠰᠢ ᠦᠭᠡᠢ ᠭᠡᠮᠡᠨ ᠪᠠᠢᠯᠳᠤᠬᠤ ᠪᠠᠷ ᠪᠡᠯᠡᠳᠬᠡᠭᠦᠯᠪᠡ᠃ ᠢᠩᠭᠢᠭᠡᠳ ᠲᠡᠳᠡ ᠨᠠᠷ ᠰᠢᠨᠠᠯᠠᠮ᠎ᠠ ᠶ᠋ᠢᠨ ᠱᠠᠷᠢᠯ ᠢ᠋ ᠳᠠᠮᠨᠠᠨ ᠲᠤᠰ ᠡᠷᠦᠬᠡ ᠶ᠋ᠢᠨ ᠠᠷᠤ ᠬᠦᠷᠢᠶᠡᠨ ᠳ᠋ᠡᠬᠢ ᠲᠣᠬᠢᠷᠠᠮᠵᠢᠲᠠᠢ ᠭᠠᠵᠠᠷ ᠲᠦᠷ ᠴᠠᠭ ᠬᠠᠳᠠᠭᠠᠯᠠᠨ ᠲᠠᠯᠪᠢᠵᠤ ᠲᠤᠰᠬᠠᠢ ᠬᠥᠮᠦᠨ ᠢ᠋ᠶ᠋ᠡᠷ ᠰᠠᠬᠢᠨ ᠮᠠᠨᠠᠭᠤᠯᠪᠠ᠃ ᠡᠨᠡ ᠦᠶᠡᠰ ᠨᠢᠭᠡᠨᠲᠡ ᠲᠩᠷᠢ ᠭᠡᠭᠡᠷᠡᠵᠦ ᠦᠦᠷ ᠴᠠᠢᠪᠠ᠃《ᠭᠡᠮ ᠲᠡᠢ ᠬᠥᠮᠦᠨ ᠭᠡᠭᠡᠨ ᠤᠬᠠᠭᠠᠨ ᠲᠠᠢ》 ᠭᠡᠳᠡᠭ ᠢ᠋ᠶ᠋ᠡᠷ ᠪᠦᠷᠢᠨᠵᠢᠷᠭᠠᠯ ᠵᠡᠷᠭᠡ ᠶ᠋ᠢᠨ ᠬᠥᠮᠦᠰ ᠠᠯᠢ ᠪᠣᠯᠬᠤ ᠪᠠᠷ ᠠᠶᠤᠨ ᠰᠠᠨᠳᠤᠷᠴᠤ ᠪᠠᠢᠭ᠎ᠠ ᠪᠠᠢᠳᠠᠯ ᠢ᠋ᠶ᠋ᠠᠨ ᠳᠠᠷᠤᠵᠤ᠄《ᠲᠤᠸᠠᠨᠵᠠᠩ ᠪᠠᠭᠰᠢ(ᠰᠢᠨᠡᠯᠡᠮ᠎ᠡ ᠶ᠋ᠢ ᠬᠡᠯᠡᠵᠦ ᠪᠣᠢ) ᠶ᠋ᠢ ᠪᠠᠷᠤᠭ ᠭᠠᠳᠠᠨ᠎ᠠ ᠠ᠋ᠴᠠ ᠬᠥᠮᠦᠨ ᠢᠷᠡᠵᠦ ᠠᠯᠠᠭᠰᠠᠨ ᠶᠤᠮ ᠪᠠᠢᠨ᠎ᠠ》 ᠭᠡᠵᠦ ᠬᠡᠯᠡᠵᠦ ᠪᠠᠢᠪᠠ᠃ ᠡᠭᠦᠨ ᠳ᠋ᠦ᠍ ᠮᠥᠩᠬᠡᠦ᠌ᠯᠵᠡᠢ ᠴᠡᠷᠢᠭ ᠭᠠᠷᠭᠠᠨ ᠭᠠᠳᠠᠭᠤᠷ ᠮᠥᠷ ᠮᠥᠷᠳᠡᠭᠦᠯᠦᠭᠰᠡᠨ ᠳ᠋ᠦ᠍ ᠭᠠᠳᠠᠨ᠎ᠠ ᠠ᠋ᠴᠠ ᠢᠷᠡᠭᠰᠡᠨ ᠳᠠᠢᠰᠤᠨ ᠤ᠋ ᠮᠥᠷ ᠦᠭᠡᠢ ᠮᠥᠷᠲᠡᠭᠡᠨ ᠪᠠᠰᠠ ᠭᠠᠳᠠᠭᠰᠢ ᠶᠠᠪᠤᠭᠰᠠᠨ ᠬᠥᠮᠦᠨ ᠦ᠌ ᠮᠥᠷ ᠴᠦ᠍ ᠦᠭᠡᠢ ᠪᠠᠢᠪᠠ᠃ ᠡᠨᠡ ᠦᠶᠡᠰ ᠪᠢᠴᠢᠭᠡᠴᠢ ᠨᠠᠢᠷᠠᠯᠲᠤ ᠶᠡᠬᠡ ᠭᠡᠷ ᠲᠦ᠍ ᠰᠢᠨᠠᠯᠠᠮ᠎ᠠ ᠶ᠋ᠢᠨ ᠤᠷᠤᠰᠤᠭᠰᠠᠨ ᠴᠢᠰᠤ ᠶ᠋ᠢ ᠡᠯᠡᠰᠦ ᠰᠢᠷᠣᠢ ᠬᠢᠵᠦ ᠴᠡᠪᠡᠷᠯᠡᠵᠦ ᠪᠠᠢᠬᠤ ᠳ᠋ᠠᠭᠠᠨ ᠬᠥᠰᠡᠷ ᠡᠴᠡ ᠨᠢᠭᠡᠨ ᠯᠢᠶᠡᠨᠵᠤᠤ ᠫᠤᠤ ᠶ᠋ᠢᠨ ᠬᠣᠩᠬᠢᠶ᠎ᠠ ᠶ᠋ᠢ ᠣᠯᠵᠤ ᠠᠪᠤᠪᠠ᠃ ᠲᠡᠷᠡ ᠦᠶᠡᠰ ᠲᠦ᠍ ᠦᠦᠰᠢᠨ ᠬᠤᠰᠢᠭᠤᠨ ᠤ᠋ ᠠᠷᠠᠳ ᠤ᠋ᠨ ᠬᠤᠪᠢᠰᠬᠠᠯᠲᠤ ᠴᠡᠷᠢᠭ ᠲᠦ᠍ ᠯᠡ ᠡᠢᠮᠦ ᠯᠢᠶᠡᠨᠵᠤᠤ ᠫᠤᠤ ᠲᠠᠢ ᠪᠠᠢᠵᠠᠢ᠃ ᠣᠢᠷ᠎ᠠ ᠣᠷᠴᠢᠮ ᠤ᠋ᠨ ᠴᠡᠷᠢᠭ ᠲᠦ᠍ ᠡᠢᠮᠦ ᠯᠢᠶᠡᠨᠵᠣᠣ ᠫᠤᠤ ᠰᠤᠮᠤ ᠪᠠᠢᠭᠰᠠᠨ ᠦᠭᠡᠢ ᠶᠦᠮ᠃ ᠢᠩᠭᠢᠭᠡᠳ ᠮᠥᠩᠬᠡᠦ᠌ᠯᠵᠡᠢ ᠲᠡᠳᠡ ᠨᠠᠷ ᠮᠠᠨ ᠤ᠋ ᠳᠣᠲᠣᠷ᠎ᠠ ᠶ᠋ᠢᠨ ᠬᠥᠮᠦᠰ ᠰᠢᠨᠡᠯᠡᠮ᠎ᠡ ᠶ᠋ᠢ ᠬᠣᠣᠷᠯᠠᠪᠠ ᠭᠡᠵᠦ ᠮᠡᠳᠡᠭᠰᠡᠨ ᠪᠠᠢᠨ᠎ᠠ᠃
ᠰᠢᠨᠠᠯᠠᠮ᠎ᠠ ᠠᠯᠠᠭᠳᠠᠭᠰᠠᠨ ᠤ᠋ ᠳᠠᠷᠠᠭ᠎ᠠ ᠮᠥᠩᠬᠡᠦ᠌ᠯᠵᠡᠢ᠂ ᠨᠠᠰᠤᠨᠪᠠᠲᠤ ᠠᠮᠪᠠᠨ ᠲᠠᠢ ᠵᠥᠪᠳᠡᠯᠴᠡᠨ ᠶᠠᠷᠢᠯᠴᠠᠵᠤ ᠪᠦᠬᠦ ᠬᠣᠷᠢᠶᠠᠨ ᠤ᠋ ᠳᠥᠷᠪᠡᠨ ᠰᠤᠮᠤᠨ ᠤ᠋ ᠴᠡᠷᠢᠭ ᠢ᠋ ᠪᠦᠷᠢᠳᠬᠡᠨ ᠴᠤᠭᠯᠠᠭᠤᠯᠬᠤ ᠪᠠᠷ ᠳᠠᠭᠤᠳᠠᠭᠤᠯᠬᠤ ᠶ᠋ᠢᠨ ᠬᠠᠮᠲᠤ ᠡᠨᠡ ᠬᠡᠷᠡᠭ ᠢ᠋ ᠢᠯᠡᠷᠡᠭᠦᠯᠬᠦ ᠠᠷᠭ᠎ᠠ ᠪᠠᠨ ᠲᠣᠭᠲᠠᠭᠠᠪᠠ᠃ ᠢᠩᠭᠢᠭᠡᠳ ᠮᠥᠩᠬᠡᠦ᠌ᠯᠵᠡᠢ ᠥᠪᠡᠷ ᠦ᠋ᠨ ᠪᠡᠶ᠎ᠡ ᠪᠡᠷ ᠢ᠋ᠶ᠋ᠡᠨ ᠦᠦᠰᠢᠨᠵᠦᠦ ᠶ᠋ᠢᠨ ᠰᠦᠮ᠎ᠡ ᠳ᠋ᠦ᠍ ᠣᠴᠢᠵᠤ ᠦᠦᠰᠢᠨᠵᠦᠦ ᠶ᠋ᠢᠨ ᠭᠡᠭᠡᠨ ᠯᠠᠮᠠ ᠠ᠋ᠴᠠ《ᠰᠢᠨᠡᠯᠡᠮ᠎ᠡ ᠶ᠋ᠢᠨ ᠬᠣᠣᠷᠯᠠᠭᠳᠠᠭᠰᠠᠨ ᠴᠣᠬᠣᠮ ᠶᠠᠭᠤᠨ ᠠ᠋ᠴᠠ ᠪᠣᠯᠤᠭᠰᠠᠨ ᠲᠤᠬᠠᠢ》 ᠠᠪᠤᠷᠠᠯ ᠰᠤᠨᠳᠠᠭ ᠠᠰᠠᠭᠤᠯᠭᠠᠵᠤ ᠱᠤ᠌ ᠲᠥᠯᠭᠡ ᠦᠵᠡᠭᠦᠯᠬᠦ ᠪᠡᠷ ᠶᠠᠪᠤᠪᠠ᠃ ᠲᠡᠷᠡ ᠦᠦᠰᠢᠨᠵᠦᠦ ᠰᠦᠮ᠎ᠡ ᠳ᠋ᠦ᠍ ᠣᠴᠢᠭᠠᠳ ᠪᠤᠴᠠᠵᠤ ᠢᠷᠡᠮᠡᠭᠴᠡ᠄《ᠮᠠᠨ ᠤ᠋ ᠲᠤᠸᠠᠨᠵᠠᠩ ᠪᠠᠭᠰᠢ ᠶ᠋ᠢᠨ ᠠᠮᠢ ᠪᠡᠶ᠎ᠡ ᠬᠣᠣᠷᠯᠠᠭᠳᠠᠳᠠᠭ ᠤᠴᠢᠷ ᠪᠣᠯ᠂ ᠮᠠᠨ ᠤ᠋ ᠬᠣᠰᠢᠭᠤ ᠴᠡᠷᠢᠭ ᠦ᠋ᠨ ᠬᠣᠷᠢᠶ᠎ᠠ ᠪᠤᠵᠠᠷ ᠪᠣᠯᠤᠭᠰᠠᠨ ᠠ᠋ᠴᠠ ᠭᠡᠵᠦ ᠭᠡᠭᠡᠨ ᠯᠠᠮᠠ ᠠ᠋ᠴᠠ ᠲᠥᠯᠭᠡ ᠪᠠᠭᠤᠯᠭᠠᠪᠠ᠃ ᠡᠳᠦᠭᠡ ᠪᠣᠭᠳᠠ ᠭᠡᠭᠡᠨ ᠡᠴᠡ ᠪᠢᠳᠡᠨ ᠢ᠋ ᠪᠦᠬᠦ ᠴᠡᠷᠢᠭ ᠪᠦᠬᠦ ᠫᠤᠤ ᠵᠡᠪᠰᠡᠭ ᠢ᠋ᠶ᠋ᠡᠨ ᠨᠢᠭᠡ ᠳᠣᠣᠷ᠎ᠠ ᠴᠤᠭᠯᠠᠭᠤᠯᠤᠨ ᠨᠣᠮ ᠭᠦᠷᠢᠮ ᠬᠢᠵᠦ ᠴᠡᠷᠢᠭ ᠪᠣᠯᠤᠨ ᠵᠡᠪᠰᠡᠭ ᠢ᠋ᠶ᠋ᠡᠨ ᠠᠷᠢᠭᠤᠳᠬᠠᠬᠤ ᠬᠡᠷᠡᠭᠲᠡᠢ ᠭᠡᠨ᠎ᠡ᠃ ᠡᠢᠮᠦ ᠳ᠋ᠦ᠍ ᠪᠢ ᠦᠦᠰᠢᠨᠵᠦᠦ ᠶ᠋ᠢᠨ ᠰᠦᠮ᠎ᠡ ᠡᠴᠡ ᠨᠣᠮ ᠭᠦᠷᠢᠮ ᠤᠩᠰᠢᠬᠤ ᠯᠠᠮᠠ ᠵᠠᠯᠠᠪᠠ》 ᠭᠡᠵᠦ ᠪᠦᠬᠦ ᠴᠡᠷᠢᠭ ᠦ᠋ᠨ ᠳᠠᠷᠤᠭ᠎ᠠ ᠪᠠᠢᠯᠳᠤᠭᠴᠢ ᠨᠠᠷ ᠲᠠᠭᠠᠨ ᠵᠠᠷᠯᠠᠨ ᠬᠡᠯᠡᠪᠡ᠃
ᠴᠠᠭᠠᠨ ᠰᠠᠷ᠎ᠠ ᠶ᠋ᠢᠨ ᠰᠢᠨ᠎ᠡ ᠶ᠋ᠢᠨ ᠳᠣᠯᠣᠭᠠᠨ ᠳ᠋ᠤ᠌ ᠦᠦᠰᠢᠨᠵᠤᠤ ᠶ᠋ᠢᠨ ᠰᠦᠮ᠎ᠡ ᠡᠴᠡ ᠯᠠᠮᠠ ᠨᠠᠷ ᠬᠦᠷᠦᠯᠴᠡᠨ ᠢᠷᠡᠵᠦ ᠳᠣᠩᠷᠣᠪ ᠤ᠋ᠨ ᠭᠡᠷ ᠲᠦ᠍ ᠭᠦᠷᠢᠮ ᠨᠣᠮ ᠤᠩᠰᠢᠵᠤ《ᠠᠷᠢᠭᠤᠳᠬᠠᠨ ᠴᠡᠪᠡᠷᠯᠡᠵᠦ》 ᠡᠬᠢᠯᠡᠪᠡ᠃ ᠮᠥᠩᠬᠡᠥ᠌ᠯᠵᠡᠢ᠂ ᠨᠠᠰᠤᠨᠪᠠᠲᠤ ᠠᠮᠪᠠᠨ ᠪᠣᠯᠤᠨ ᠤᠯᠤᠰ ᠲᠥᠷᠥ ᠶ᠋ᠢᠨ ᠭᠡᠰᠢᠭᠦᠨ ᡀᠦᠩᠷᠥᠪ ᠵᠡᠷᠭᠡ ᠶ᠋ᠢᠨ ᠬᠥᠮᠦᠰ ᠲᠡᠢ ᠵᠥᠪᠳᠡᠨ ᠪᠦᠬᠦ ᠬᠣᠷᠢᠶᠠᠨ ᠤ᠋ ᠳᠥᠷᠪᠡᠨ ᠰᠤᠮᠤᠨ ᠤ᠋ ᠴᠡᠷᠢᠭ ᠢ᠋ᠶ᠋ᠡᠨ ᠴᠤᠭᠯᠠᠭᠤᠯᠤᠨ ᠯᠠᠮᠠ ᠨᠠᠷ ᠠ᠋ᠴᠠ ᠭᠦᠷᠢᠮ ᠨᠣᠮ ᠤᠩᠰᠢᠵᠤ《ᠠᠷᠢᠭᠤᠳᠬᠠᠨ ᠴᠡᠪᠡᠷᠯᠡᠬᠦ》 ᠳ᠋ᠦ᠍ ᠣᠷᠣᠯᠴᠠᠭᠤᠯᠪᠠ᠃ ᠮᠥᠩᠬᠡᠥ᠌ᠯᠵᠡᠢ ᠤᠷᠢᠳ ᠢ᠋ᠶ᠋ᠠᠷ ᠭᠤᠷᠪᠠᠳᠤᠭᠠᠷ ᠰᠤᠮᠤᠨ ᠤ᠋ ᠪᠦᠬᠦ ᠳᠠᠷᠤᠭ᠎ᠠ ᠪᠠᠢᠯᠳᠤᠭᠴᠢᠳ ᠤ᠋ᠨ ᠫᠤᠤ ᠶ᠋ᠢ ᠰᠤᠯᠠᠯᠠᠨ ᠠᠪᠴᠤ ᠲᠡᠳᠡᠨ ᠢ᠋《ᠨᠣᠮ ᠤ᠋ᠨ ᠷᠠᠰᠢᠶᠠᠨ ᠤ᠋ ᠤᠰᠤ》 ᠪᠠᠷ ᠨᠢᠭᠤᠷ ᠭᠠᠷ ᠢ᠋ ᠨᠢ ᠤᠬᠢᠶᠠᠯᠭᠠᠬᠤ ᠪᠠᠷ《ᠠᠷᠢᠭᠤᠳᠬᠠᠨ ᠴᠡᠪᠡᠷᠯᠡᠬᠦ》 ᠳ᠋ᠦ᠍ ᠪᠡᠯᠡᠳᠬᠡᠵᠦ ᠨᠢᠭᠡ ᠭᠡᠷ ᠲᠦ᠍ ᠬᠣᠷᠢᠪᠠ᠃ ᠡᠭᠦᠨ ᠦ᠌ ᠬᠠᠮᠲᠤ ᠤᠯᠤᠰ ᠲᠥᠷᠥ ᠶ᠋ᠢᠨ ᠭᠡᠰᠢᠭᠦᠨ ᡀᠦᠩᠷᠥᠪ ᠲᠦ᠍ ᠪᠠᠭ᠎ᠠ ᠫᠤᠤ ᠥᠭᠴᠦ ᠭᠤᠷᠪᠠᠳᠤᠭᠠᠷ ᠰᠤᠮᠤᠨ ᠤ᠋ ᠫᠤᠤ ᠵᠡᠪᠰᠡᠭ ᠢ᠋《ᠬᠡᠨ ᠬᠥᠮᠦᠨ ᠢᠷᠡᠭᠰᠡᠨ ᠴᠦ᠍ ᠥᠭᠴᠦ ᠪᠣᠯᠬᠤ ᠦᠭᠡᠢ》 ᠭᠡᠮᠡᠨ ᠵᠠᠷᠯᠢᠭᠳᠠᠨ ᠲᠡᠳᠡᠭᠡᠷ ᠣᠪᠤᠭᠠᠯᠠᠲᠠᠢ ᠫᠤᠤ ᠵᠡᠪᠰᠡᠭ ᠢ᠋ ᠮᠠᠨᠠᠭᠤᠯᠪᠠ᠃ ᠡᠭᠦᠨ ᠦ᠌ ᠬᠠᠮᠲᠤ ᠪᠤᠰᠤᠳ ᠭᠤᠷᠪᠠᠨ ᠰᠤᠮᠤᠨ ᠤ᠋ ᠴᠡᠷᠢᠭ ᠦ᠋ᠨ ᠫᠤᠤ ᠶ᠋ᠢ ᠴᠦ᠍ ᠬᠣᠷᠢᠶᠠᠨ ᠠᠪᠴᠤ ᠨᠢᠭᠡᠨ ᠭᠠᠵᠠᠷ ᠣᠪᠣᠭᠠᠯᠠᠨ ᠲᠠᠯᠪᠢᠪᠠ᠃ ᠢᠩᠭᠢᠭᠡᠳ ᠮᠥᠩᠬᠡᠥ᠌ᠯᠵᠡᠢ ᠵᠠᠷᠯᠢᠭ ᠪᠠᠭᠤᠯᠭᠠᠨ ᠭᠤᠷᠪᠠᠳᠤᠭᠠᠷ ᠰᠤᠮᠤᠨ ᠠ᠋ᠴᠠ ᠬᠡᠷᠡᠭ ᠭᠠᠷᠤᠭᠰᠠᠨ ᠰᠥᠨᠢ ᠶ᠋ᠢᠨ ᠵᠢᠵᠢᠭᠦᠷ ᠪᠠᠢᠭᠰᠠᠨ ᠪᠦᠷᠢᠨᠵᠢᠷᠭᠠᠯ ᠪᠣᠯᠤᠨ ᠲᠡᠷᠡ ᠰᠥᠨᠢ ᠶ᠋ᠢᠨ ᠮᠠᠨᠠᠭᠠᠨ ᠳ᠋ᠤ᠌ ᠭᠠᠷᠤᠭᠰᠠᠨ ᠬᠥᠮᠦᠰ ᠢ᠋ ᠴᠥᠮ ᠨᠢᠭᠡ ᠨᠢᠭᠡ ᠪᠡᠷ ᠨᠡᠬᠡᠮᠵᠢᠯᠡᠨ ᠪᠠᠷᠢᠪᠴᠢᠯᠠᠪᠠ᠃
ᠪᠦᠷᠢᠨᠵᠢᠷᠭᠠᠯ ᠪᠠᠷᠢᠪᠴᠢᠯᠠᠭᠳᠠᠭᠰᠠᠨ ᠤ᠋ ᠳᠠᠷᠠᠭ᠎ᠠ᠄《ᠦᠦᠰᠢᠨ ᠬᠤᠰᠢᠭᠤᠨ ᠤ᠋ ᠨᠣᠶᠠᠨ ᠲᠡᠭᠦᠰᠠᠠᠮᠤᠭᠤᠯᠠᠩ ᠤ᠋ᠨ ᠵᠠᠬᠢᠶ᠎ᠠ ᠪᠠᠷ ᠡᠷᠬᠢᠮᠳᠠᠯᠠᠢ᠂ ᡀᠠᠸᠠᠩᠨᠣᠷᠪᠤ᠂ ᠪᠠᠲᠤᠳᠠᠯᠠᠢ ᠪᠢᠳᠡ ᠳᠥᠷᠪᠡᠭᠦᠯᠡ ᠨᠡᠢᠯᠡᠵᠦ ᠰᠢᠨᠡᠯᠡᠮ᠎ᠡ ᠶ᠋ᠢ ᠬᠣᠣᠷᠯᠠᠬᠤ ᠪᠠᠷ ᠲᠥᠯᠥᠪᠯᠡᠪᠡ᠃ ᠪᠢᠳᠡ ᠰᠢᠨ᠎ᠡ ᠶ᠋ᠢᠨ ᠨᠢᠭᠡᠨ ᠦ᠌ ᠰᠥᠨᠢ ᠬᠥᠳᠡᠯᠬᠦ ᠪᠡᠷ ᠲᠥᠯᠥᠪᠯᠡᠵᠦ ᠪᠠᠢᠭᠰᠠᠨ ᠪᠣᠯᠪᠠᠴᠤ ᠲᠤᠰ ᠡᠳᠦᠷ ᠰᠢᠨᠠᠯᠠᠮ᠎ᠠ ᠳ᠋ᠤ᠌ ᠰᠢᠨ᠎ᠡ ᠪᠠᠷᠢᠬᠤ ᠪᠠᠷ ᠢᠷᠡᠭᠰᠡᠨ ᠭᠡᠢᠴᠢᠨ ᠵᠣᠴᠢᠨ ᠠᠷᠪᠢᠨ ᠲᠤᠯᠠ ᠰᠥᠨᠢ ᠣᠷᠣᠢ ᠪᠣᠯᠲᠠᠯ᠎ᠠ ᠨᠠᠷᠭᠢᠨ ᠨᠠᠢᠷᠯᠠᠵᠤ ᠪᠢᠳᠡ ᠵᠠᠪᠳᠤᠬᠤ ᠦᠭᠡᠢ ᠪᠣᠯᠪᠠ᠃ ᠰᠢᠨ᠎ᠡ ᠶ᠋ᠢᠨ ᠬᠣᠶᠠᠷ ᠤ᠋ᠨ ᠰᠥᠨᠢ ᠶ᠋ᠢᠨ ᠭᠦᠨ ᠳ᠋ᠦ᠍ ᠮᠠᠨᠠᠭ᠎ᠠ ᠰᠣᠯᠢᠬᠤ ᠴᠠᠭ ᠦᠵᠡᠬᠦ ᠪᠡᠷ ᠪᠢ ᠲᠦᠷᠦᠭᠦᠯᠡᠨ ᠰᠢᠨᠠᠯᠠᠮ᠎ᠠ ᠶ᠋ᠢᠨ ᠤᠨᠲᠠᠭᠰᠠᠨ ᠪᠠᠢᠰᠢᠩ ᠳ᠋ᠤ᠌ ᠣᠷᠣᠬᠤ ᠳ᠋ᠤ᠌ ᠡᠷᠬᠢᠮᠳᠠᠯᠠᠢ ᠬᠣᠢᠨ᠎ᠠ ᠠ᠋ᠴᠠ ᠳᠠᠭᠠᠨ ᠣᠷᠣᠵᠤ ᠢᠷᠡᠭᠡᠳ ᠫᠤᠤᠳᠠᠵᠤ᠂ ᠡᠰᠡ ᠦᠬᠦᠪᠡᠰᠦ ᡀᠠᠸᠠᠩᠨᠣᠷᠪᠤ᠂ ᠪᠠᠲᠤᠳᠠᠯᠠᠢ ᠬᠣᠶᠠᠭᠤᠯᠠ ᠰᠦᠬᠡ ᠪᠠᠷᠢᠵᠤ ᠣᠷᠣᠭᠠᠳ ᠴᠠᠪᠴᠢᠵᠤ ᠠᠯᠠᠬᠤ ᠪᠠᠷ ᠪᠠᠵᠠᠭᠠᠨ ᠲᠥᠯᠥᠪᠯᠡᠪᠡ᠃ ᠮᠥᠨ ᠡᠨᠡ ᠶᠣᠰᠣᠭᠠᠷ ᠬᠢᠪᠡ》 ᠭᠡᠵᠦ ᠥᠴᠢᠭᠯᠡᠨ ᠲᠤᠰᠢᠶᠠᠪᠠ᠃ ᡀᠠᠸᠠᠩᠨᠣᠷᠪᠤ ᠴᠦ᠍᠄《ᠡᠷᠬᠢᠮᠳᠠᠯᠠᠢ᠂ ᠰᠢᠨᠡᠯᠡᠮ᠎ᠡ ᠶ᠋ᠢ ᠫᠤᠤᠳᠠᠵᠤ ᠳ᠋ᠧᠩ ᠢ᠋ ᠨᠢ ᠤᠨᠲᠠᠷᠠᠭᠠᠭᠰᠠᠨ ᠤ᠋ ᠳᠠᠷᠠᠭ᠎ᠠ ᠪᠠᠲᠤᠳᠠᠯᠠᠢ ᠪᠢᠳᠡ ᠬᠣᠶᠠᠭᠤᠯᠠ ᠴᠣᠩᠬᠣᠨ ᠭᠠᠳᠠᠨ᠎ᠠ ᠬᠦᠯᠢᠶᠡᠵᠦ ᠪᠠᠢᠲᠠᠯ᠎ᠠ ᠮᠥᠩᠬᠡᠥ᠌ᠯᠵᠡᠢ᠂ ᠨᠠᠢᠷᠠᠯᠲᠤ ᠬᠣᠶᠠᠭᠤᠯᠠ ᠳ᠋ᠧᠩ ᠠᠰᠠᠭᠠᠨ ᠪᠠᠢᠬᠤ ᠲᠣᠬᠢᠶᠠᠯ ᠢ᠋ᠶ᠋ᠠᠷ ᠪᠢᠳᠡ ᠬᠣᠶᠠᠭᠤᠯᠠ ᠴᠣᠩᠬᠣᠨ ᠴᠣᠭᠣᠷᠬᠠᠢ ᠪᠠᠷ ᠳᠣᠲᠣᠭᠰᠢ ᠱᠠᠭᠠᠢᠨ ᠬᠠᠷᠠᠵᠤ᠂ ᠰᠢᠨᠠᠯᠠᠮ᠎ᠠ ᠶ᠋ᠢᠨ ᠯᠠᠪᠲᠠᠢ ᠦᠬᠦᠭᠰᠡᠨ ᠢ᠋ ᠣᠯᠵᠤ ᠦᠵᠡᠭᠡᠳ ᠪᠠᠢᠰᠢᠩ ᠳ᠋ᠤ᠌ ᠣᠷᠣᠭᠰᠠᠨ ᠦᠭᠡᠢ ᠪᠡᠷ ᠪᠤᠴᠠᠨ ᠶᠠᠪᠤᠪᠠ》 ᠭᠡᠵᠦ ᠥᠴᠢᠭᠯᠡᠪᠡ᠃ ᠴᠡᠷᠢᠭ ᠦ᠋ᠳ ᠪᠦᠷᠢᠨᠵᠢᠷᠭᠠᠯ ᠤ᠋ᠨ ᠬᠤᠪᠴᠠᠰᠤ ᠶ᠋ᠢ ᠨᠡᠩᠵᠢᠬᠦ ᠳ᠋ᠦ᠍ ᠦᠦᠰᠢᠨ ᠨᠣᠶᠠᠨ ᠲᠡᠭᠦᠰᠠᠠᠮᠤᠭᠤᠯᠠᠩ ᠠ᠋ᠴᠠ ᠲᠡᠭᠦᠨ ᠳ᠋ᠦ᠍ ᠥᠭᠭᠦᠭᠰᠡᠨ ᠨᠢᠭᠡ ᠬᠤᠪᠢ ᠵᠠᠬᠢᠳᠠᠯ ᠭᠠᠷᠴᠤ ᠢᠷᠡᠪᠡ᠃ ᠲᠡᠷᠡ ᠵᠠᠬᠢᠳᠠᠯ ᠳ᠋ᠤ᠌ ᠪᠢᠴᠢᠭᠰᠡᠨ ᠦᠭᠡ ᠶ᠋ᠢᠨ ᠶᠡᠬᠡ ᠲᠥᠯᠥᠪ ᠢᠨᠦ᠄ ᠴᠢ ᠬᠡᠷᠪᠡ ᠰᠢᠨᠠᠯᠠᠮ᠎ᠠ ᠶ᠋ᠢ ᠠᠯᠠᠵᠤ ᠴᠢᠳᠠᠪᠠᠯ ᠴᠢᠮᠠᠲᠤ ᠦᠦᠰᠢᠨ ᠬᠤᠰᠢᠭᠤᠨ ᠤ᠋ ᠴᠡᠷᠢᠭ ᠢ᠋ ᠵᠠᠬᠢᠷᠬᠤ ᠡᠷᠬᠡ ᠲᠤᠰᠢᠶᠠᠯ ᠣᠯᠭᠣᠬᠤ ᠪᠠᠷ ᠪᠠᠷᠠᠬᠤ ᠦᠭᠡᠢ ᠪᠠᠰᠠ ᠨᠢᠭᠡ ᠮᠢᠩᠭᠠᠨ ᠴᠠᠭᠠᠨ ᠮᠥᠩᠭᠥᠨ ᠲᠥᠭᠥᠷᠢᠭ ᠥᠭᠭᠦᠨ᠎ᠡ ᠭᠡᠰᠡᠨ ᠲᠠᠮᠠᠭ᠎ᠠ ᠲᠠᠢ ᠵᠠᠬᠢᠳᠠᠯ ᠪᠠᠢᠪᠠ᠃ ᠮᠥᠩᠬᠡᠡᠥᠢ᠍ᠯᠵᠠᠢ ᠲᠡᠭᠦᠨ ᠢ᠋ ᠰᠢᠭᠦᠨ ᠠᠰᠠᠭᠤᠬᠤ ᠳ᠋ᠤ᠌ ᠪᠦᠷᠢᠨᠵᠢᠷᠭᠠᠯ᠄《ᠡᠨᠡ ᠵᠠᠬᠢᠳᠠᠯ ᠢ᠋ ᠪᠣᠯ ᠤᠷᠢᠳᠤ ᠡᠪᠦᠯ ᠲᠡᠮᠡᠭᠡᠲᠦ ᠶ᠋ᠢᠨ ᠪᠠᠶᠠᠨ ᠠᠷᠠᠯᠵᠢᠶᠠᠴᠢᠨ ᠬᠢᠲᠠᠳ ᠱᠠᠩ ᠽᠦᠩ ᠮᠢ ᠭᠡᠳᠡᠭ ᠬᠥᠮᠦᠨ ᠨᠠᠳᠠ ᠳ᠋ᠤ᠌ ᠪᠡᠶ᠎ᠡ ᠪᠡᠷ ᠢ᠋ᠶ᠋ᠡᠨ ᠠᠪᠴᠢᠷᠠᠵᠤ ᠥᠭᠪᠡ》 ᠭᠡᠵᠦ ᠥᠴᠢᠭᠯᠡᠨ ᠲᠤᠰᠢᠶᠠᠪᠠ᠃ ᠡᠨᠡ ᠱᠠᠩ ᠽᠦᠩ ᠮᠢ ᠭᠡᠳᠡᠭ ᠪᠣᠯ ᠲᠡᠮᠡᠭᠡᠲᠦ ᠬᠣᠲᠠ ᠳ᠋ᠠᠭᠠᠨ ᠨᠡᠯᠢᠶᠡᠳ ᠪᠠᠶᠠᠨ ᠬᠥᠮᠦᠨ ᠪᠣᠯᠬᠤ ᠪᠠᠷ ᠪᠠᠷᠠᠬᠤ ᠦᠭᠡᠢ ᠪᠠᠰᠠ ᠦᠦᠰᠢᠨ ᠬᠣᠰᠢᠭᠤ ᠵᠡᠷᠭᠡ ᠮᠣᠩᠭᠣᠯ ᠭᠠᠵᠠᠷ ᠢ᠋ᠶ᠋ᠠᠷ ᠮᠠᠯ ᠰᠦᠷᠦᠭ ᠠᠷᠪᠢᠨ ᠲᠠᠢ ᠪᠥᠭᠡᠳ ᠵᠢᠩ ᠶᠤᠸᠠᠢ ᠰᠢᠦ ᠶ᠋ᠢᠨ ᠰᠢᠳᠠᠷ ᠳᠠᠭᠠᠯᠲᠠ ᠹᠦᠭᠤᠸᠠᠨ ᠲᠤᠰᠢᠶᠠᠯ ᠲᠠᠢ ᠬᠥᠮᠦᠨ ᠪᠠᠢᠭᠰᠠᠨ ᠶᠤᠮ᠃ ᠮᠥᠩᠭᠡᠡᠥᠢ᠍ᠯᠵᠠᠢ ᠵᠡᠷᠭᠡ ᠬᠥᠮᠦᠰ ᠰᠢᠨᠡᠯᠡᠮ᠎ᠡ ᠶ᠋ᠢ ᠠᠯᠠᠬᠤ ᠳ᠋ᠤ᠌ ᠣᠷᠣᠯᠴᠠᠭᠰᠠᠨ ᠬᠥᠮᠦᠰ ᠢ᠋ ᠨᠢᠭᠡ ᠨᠢᠭᠡ ᠪᠡᠷ ᠰᠢᠭᠦᠨ ᠠᠰᠠᠭᠤᠭᠠᠳ᠂ ᠰᠢᠨᠠᠯᠠᠮ᠎ᠠ ᠶ᠋ᠢ ᠠᠯᠠᠭᠰᠠᠨ ᠶᠠᠪᠤᠳᠠᠯ ᠪᠣᠯ ᠦᠦᠰᠢᠨ ᠨᠣᠶᠠᠨ ᠲᠡᠭᠦᠰᠡᠠᠮᠤᠭᠤᠯᠠᠩ ᠤ᠋ᠨ ᠲᠣᠬᠢᠯᠭᠠ ᠪᠠᠷ ᠬᠢᠭᠰᠡᠨ ᠨᠢᠭᠡᠨ ᠤᠳᠠᠭᠠᠨ ᠤ᠋ ᠨᠢᠭᠤᠴᠠ ᠬᠣᠣᠷᠯᠠᠯᠲᠠ ᠠᠵᠢᠯᠯᠠᠭ᠎ᠠ ᠮᠥᠨ᠃ ᠪᠣᠳᠠᠲᠠᠢ ᠬᠣᠣᠷᠯᠠᠬᠤ ᠶᠠᠪᠤᠴᠠ ᠳ᠋ᠤ᠌ ᠳᠡᠯᠭᠡᠷᠰᠠᠩ ᠠᠷᠤ ᠲᠣᠬᠢᠭᠴᠢ ᠪᠣᠯᠵᠤ᠂ ᠪᠦᠷᠢᠨᠵᠢᠷᠭᠠᠯ ᠪᠣᠳᠠᠲᠠᠢ ᠭᠠᠷᠳᠠᠨ ᠡᠷᠬᠢᠮᠳᠠᠯᠠᠢ᠂ ᡀᠠᠸᠠᠩᠨᠤᠷᠪᠤ᠂ ᠪᠠᠲᠤᠳᠠᠯᠠᠢ ᠭᠤᠷᠪᠠᠭᠤᠯᠠ ᠶ᠋ᠢ ᠲᠠᠲᠠᠵᠤ ᠬᠢᠭᠰᠡᠨ ᠨᠢᠭᠡ ᠤᠳᠠᠭᠠᠨ ᠤ᠋ ᠲᠥᠯᠥᠪᠯᠡᠭᠡ ᠲᠡᠢ ᠪᠥᠭᠡᠳ ᠵᠣᠬᠢᠶᠠᠨ ᠪᠠᠢᠭᠤᠯᠤᠯᠲᠠ ᠲᠠᠢ ᠬᠣᠣᠷᠯᠠᠬᠤ ᠠᠵᠢᠯᠯᠠᠭ᠎ᠠ ᠮᠥᠨ ᠭᠡᠵᠦ ᠳ᠋ᠦᠩ ᠭᠠᠷᠭᠠᠪᠠ᠃ ᠢᠩᠭᠢᠭᠡᠳ ᠲᠡᠳᠡᠨ ᠦ᠌ ᠥᠴᠢᠭ ᠢ᠋ ᠨᠢᠭᠡ ᠨᠢᠭᠡ ᠪᠡᠷ ᠲᠡᠮᠳᠡᠭᠯᠡᠨ ᠠᠪᠴᠤ ᠥᠴᠢᠭ ᠲᠣᠭᠲᠠᠭᠠᠨ ᠬᠠᠷ᠎ᠠ ᠪᠡᠬᠡ ᠪᠡᠷ ᠬᠤᠷᠤᠭᠤ ᠳᠠᠷᠤᠭᠤᠯᠪᠠ᠃ ᠡᠨᠡ ᠤᠳᠠᠭ᠎ᠠ ᠶ᠋ᠢᠨ ᠥᠴᠢᠭ ᠲᠣᠭᠲᠠᠭᠠᠬᠤ ᠳ᠋ᠤ᠌ ᠣᠷᠣᠯᠴᠠᠭᠰᠠᠳ ᠪᠣᠯ ᠦᠦᠰᠢᠨ ᠬᠤᠰᠢᠭᠤᠨ ᠤ᠋ ᠠᠷᠠᠳ ᠤ᠋ᠨ ᠬᠤᠪᠢᠰᠬᠠᠯᠲᠤ ᠴᠡᠷᠢᠭ ᠦ᠋ᠨ ᠲᠤᠸᠠᠨ ᠤ᠋ ᠳᠡᠳ᠋ ᠬᠣᠷᠢᠶᠠᠨ ᠳᠠᠷᠤᠭ᠎ᠠ ᠮᠥᠩᠬᠡᠡᠥᠢ᠍ᠯᠵᠠᠢ᠂ ᠭᠡᠰᠢᠭ᠌ᠳᠠᠯᠠᠢ᠂ ᠤᠯᠤᠰ ᠲᠥᠷᠥ ᠶ᠋ᠢᠨ ᠭᠡᠰᠢᠭᠦᠨ ᡀᠦᠩᠷᠤᠪ ᠪᠠ ᠡᠯ᠎ᠡ ᠰᠤᠮᠤᠨ ᠤ᠋ ᠰᠤᠮᠤᠨ ᠳᠠᠷᠤᠭ᠎ᠠ ᠨᠠᠷ ᠪᠣᠯᠤᠨ᠎ᠠ᠃ ᠡᠳᠡᠭᠡᠷ ᠬᠣᠣᠷᠯᠠᠭᠴᠢᠳ ᠢ᠋ ᠰᠢᠭᠦᠨ ᠥᠴᠢᠭᠯᠡᠬᠦ ᠶᠠᠪᠤᠳᠠᠯ ᠢ᠋ ᠳᠣᠩᠷᠣᠪ ᠤ᠋ᠨ ᠭᠡᠷ ᠦ᠋ᠨ ᠡᠮᠦᠨᠡᠬᠢ ᠪᠤᠷᠭᠠᠰᠤᠨ ᠳᠥᠭᠥᠮ ᠳ᠋ᠦ᠍ ᠬᠢᠭᠰᠡᠨ ᠪᠥᠭᠡᠳ ᠪᠦᠬᠦ ᠬᠣᠷᠢᠶᠠᠨ ᠤ᠋ ᠳᠠᠷᠤᠭ᠎ᠠ ᠪᠠᠢᠯᠳᠤᠭᠴᠢᠳ ᠴᠥᠮ ᠣᠷᠣᠯᠴᠠᠨ ᠴᠢᠬᠢ ᠪᠡᠷ ᠢ᠋ᠶ᠋ᠡᠨ ᠰᠣᠨᠣᠰᠴᠤ ᠨᠢᠳᠦ ᠪᠡᠷ ᠢ᠋ᠶ᠋ᠡᠨ ᠦᠵᠡᠪᠡ᠃ ᠮᠥᠩᠬᠡᠥ᠌ᠯᠵᠡᠢ ᠡᠴᠡ ᠰᠢᠨᠠᠯᠠᠮ᠎ᠠ ᠶ᠋ᠢ ᠬᠣᠣᠷᠯᠠᠬᠤ ᠬᠤᠤᠪᠢᠯᠳᠤᠯᠭ᠎ᠠ ᠳ᠋ᠤ᠌ ᠣᠷᠣᠯᠴᠠᠭᠰᠠᠨ ᠠᠵᠢᠯᠯᠠᠭ᠎ᠠ ᠶ᠋ᠢ ᠦᠨᠳᠦᠰᠦᠯᠡᠨ ᠰᠢᠨᠠᠯᠠᠮ᠎ᠠ ᠶ᠋ᠢ ᠰᠢᠭᠤᠳ ᠭᠠᠷᠳᠠᠨ ᠬᠣᠣᠷᠯᠠᠭᠰᠠᠨ ᠪᠦᠷᠢᠨᠵᠢᠷᠭᠠᠯ᠂ ᠡᠷᠬᠢᠮᠳᠠᠯᠠᠢ ᠨᠠᠷ ᠢ᠋ ᠲᠤᠰ ᠴᠠᠭᠠᠨ ᠰᠠᠷ᠎ᠠ ᠶ᠋ᠢᠨ ᠰᠢᠨ᠎ᠡ ᠶ᠋ᠢᠨ ᠶᠢᠰᠦᠨ᠎ᠡ ᠫᠤᠤᠳᠠᠨ ᠠᠯᠠᠪᠠ᠃ ᠬᠣᠣᠷᠯᠠᠬᠤ ᠬᠤᠤᠪᠢᠯᠳᠤᠯᠭ᠎ᠠ ᠳ᠋ᠤ᠌ ᠣᠷᠣᠯᠴᠠᠵᠤ ᠪᠡᠯᠡᠳᠬᠡᠯ ᠬᠢᠭᠰᠡᠨ ᠪᠣᠯᠪᠠᠴᠤ ᠲᠤᠬᠠᠢ ᠶ᠋ᠢᠨ ᠦᠶ᠎ᠡ ᠳ᠋ᠦ᠍ ᠭᠠᠷ ᠬᠥᠳᠡᠯᠦᠭᠰᠡᠨ ᠦᠭᠡᠢ ᡀᠠᠸᠠᠩᠨᠣᠷᠪᠤ᠂ ᠪᠠᠲᠤᠳᠠᠯᠠᠢ ᠬᠣᠶᠠᠭᠤᠯᠠ ᠶ᠋ᠢ ᠨᠠᠶᠠᠨ ᠵᠢᠩ ᠦ᠋ᠨ ᠲᠡᠮᠦᠷ ᠭᠢᠨᠵᠢ ᠪᠡᠷ ᠭᠢᠨᠵᠢᠯᠡᠪᠡ᠃ ᠡᠭᠦᠨ ᠦ᠌ ᠳᠠᠷᠠᠭ᠎ᠠ ᠳᠡᠮᠡᠢ ᠤᠳᠠᠭᠰᠠᠨ ᠦᠭᠡᠢ ᠳᠡᠯᠭᠡᠷᠰᠠᠩ(ᠲᠤᠬᠠᠢ ᠶ᠋ᠢᠨ ᠦᠶ᠎ᠡ ᠳ᠋ᠦ᠍ ᠳᠡᠯᠭᠡᠷᠰᠠᠩ᠂ ᠬᠥᠬᠡᠨᠠᠭᠤᠷ ᠤ᠋ᠨ ᠣᠲᠣᠭᠠᠲᠤ ᠳ᠋ᠠᠬᠢ ᠭᠡᠷ ᠲᠡᠭᠡᠨ ᠪᠠᠢᠵᠠᠢ) ᠶᠠᠮᠠᠷ ᠴᠤ᠌ ᠠᠵᠢᠭ ᠮᠡᠳᠡᠭᠰᠡᠨ ᠦᠭᠡᠢ ᠪᠡᠷ ᠴᠡᠷᠢᠭ ᠦ᠋ᠨ ᠬᠣᠷᠢᠶᠠᠨ ᠤ᠋ ᠱᠠᠲ᠋ᠠᠪ ᠤ᠋ᠨ ᠭᠠᠵᠠᠷ ᠬᠡᠬᠦᠯᠵᠡᠨ ᠢᠷᠡᠵᠦ ᠰᠢᠨᠡᠯᠡᠮ᠎ᠡ ᠶ᠋ᠢᠨ ᠰᠠᠭᠤᠵᠤ ᠥᠩᠭᠡᠷᠡᠭᠰᠡᠨ ᠪᠠᠢᠰᠢᠩ ᠳ᠋ᠤ᠌ ᠣᠷᠣᠵᠤ ᠢᠷᠡᠬᠦ ᠳ᠋ᠦ᠍ ᠠᠷᠠᠳ ᠤ᠋ᠨ ᠬᠤᠪᠢᠰᠬᠠᠯᠲᠤ ᠴᠡᠷᠢᠭ ᠦ᠋ᠨ ᠬᠢᠨ ᠲᠡᠭᠦᠨ ᠢ᠋ ᠪᠠᠷᠢᠵᠤ ᠠᠪᠤᠭᠠᠳ ᠳᠡᠮᠡᠢ ᠶᠠᠭᠤᠮ᠎ᠠ ᠠᠰᠠᠭᠤᠯ ᠦᠭᠡᠢ ᠪᠡᠷ ᠫᠤᠤᠳᠠᠨ ᠠᠯᠠᠪᠠ᠃ ᠢᠩᠭᠢᠵᠦ ᠰᠢᠨᠠᠯᠠᠮ᠎ᠠ ᠶ᠋ᠢ ᠬᠣᠣᠷᠯᠠᠭᠰᠠᠨ ᠶᠠᠪᠤᠳᠠᠯ ᠢ᠋ ᠠᠩᠬ᠎ᠠ ᠠᠯᠬᠤᠮ ᠴᠠᠭᠠᠳᠬᠠᠨ ᠰᠢᠢᠳᠬᠡᠵᠦ ᠰᠢᠢᠳᠪᠦᠷᠢᠯᠡᠪᠡ᠃
ᠰᠢᠨᠠᠯᠠᠮ᠎ᠠ ᠶ᠋ᠢ ᠬᠣᠣᠷᠯᠠᠭᠰᠠᠨ ᠥᠰᠢᠶᠡᠲᠡᠨ ᠳᠠᠢᠰᠤᠨ ᠳᠣᠲᠣᠭᠠᠳᠤ ᠶ᠋ᠢᠨ ᠵᠠᠯᠢᠬᠠᠢ ᠨᠠᠷ ᠢ᠋ ᠨᠢᠭᠡ ᠨᠢᠭᠡ ᠪᠡᠷ ᠪᠠᠷᠢᠪᠴᠢᠯᠠᠵᠤ ᠠᠩᠬ᠎ᠠ ᠠᠯᠬᠤᠮ ᠰᠢᠢᠳᠬᠡᠵᠦ ᠪᠠᠷᠠᠭᠰᠠᠨ ᠳᠠᠷᠠᠭ᠎ᠠ ᠰᠢᠨᠡᠯᠡᠮ᠎ᠡ ᠶ᠋ᠢ ᠭᠠᠰᠢᠭᠤᠳᠠᠨ ᠣᠷᠣᠰᠢᠭᠤᠯᠪᠠ᠃ ᠳᠡᠳ᠋ ᠬᠣᠷᠢᠶᠠᠨ ᠳᠠᠷᠤᠭ᠎ᠠ ᠮᠥᠩᠬᠡᠥ᠌ᠯᠵᠡᠢ ᠵᠡᠷᠭᠡ ᠦᠦᠰᠢᠨ ᠬᠤᠰᠢᠭᠤᠨ ᠤ᠋ ᠨᠠᠮ ᠵᠠᠰᠠᠭ ᠤ᠋ᠨ ᠬᠠᠷᠢᠭᠤᠴᠠᠯᠭᠠᠲᠠᠨ ᠪᠣᠯᠤᠨ ᠳᠠᠷᠤᠭ᠎ᠠ ᠪᠠᠢᠯᠳᠤᠭᠴᠢᠳ ᠴᠥᠮ ᠰᠢᠨᠠᠯᠠᠮ᠎ᠠ ᠶ᠋ᠢ ᠭᠠᠰᠢᠭᠤᠳᠠᠬᠤ ᠳ᠋ᠤ᠌ ᠣᠷᠣᠯᠴᠠᠨ ᠱᠠᠷᠢᠯ ᠢ᠋ ᠣᠷᠣᠰᠢᠭᠤᠯᠪᠠ᠃
ᠰᠢᠨᠡᠯᠡᠮ᠎ᠡ ᠶ᠋ᠢᠨ ᠳᠡᠭᠦᠦ ᠯᠠᠮᠠ ᠰᠥᠷᠬᠥᠮ ᠪᠣᠯᠤᠨ ᠰᠢᠨᠡᠯᠡᠮ᠎ᠡ ᠶ᠋ᠢᠨ ᠬᠥᠪᠡᠭᠦᠨ ᠭᠦᠩᠭ᠎ᠠ ᠨᠠᠷ ᠴᠤ᠌ ᠬᠦᠷᠦᠯᠴᠡᠨ ᠢᠷᠡᠵᠦ ᠣᠯᠠᠨ ᠲᠠᠢ ᠬᠠᠮᠲᠤ ᠰᠢᠨᠡᠯᠡᠮ᠎ᠡ ᠶ᠋ᠢ ᠭᠠᠰᠢᠭᠤᠳᠠᠨ ᠣᠷᠣᠰᠢᠭᠤᠯᠤᠭᠰᠠᠨ ᠪᠥᠭᠡᠳ ᠰᠥᠷᠬᠥᠮ ᠵᠡᠷᠭᠡ ᠰᠢᠨᠠᠯᠠᠮ᠎ᠠ ᠶ᠋ᠢᠨ ᠲᠥᠷᠥᠯ ᠲᠥᠷᠥᠭᠰᠡᠳ ᠦ᠋ᠨ ᠰᠠᠨᠠᠯ ᠢ᠋ᠶ᠋ᠠᠷ ᠲᠤᠬᠠᠢ ᠶ᠋ᠢᠨ ᠦᠶ᠎ᠡ ᠶ᠋ᠢᠨ ᠪᠣᠳᠠᠲᠤ ᠪᠠᠢᠳᠠᠯ ᠲᠠᠢ ᠤᠶᠠᠯᠳᠤᠭᠤᠯᠤᠨ᠂ ᠰᠢᠨᠡᠯᠡᠮ᠎ᠡ ᠶ᠋ᠢᠨ ᠱᠠᠷᠢᠯ ᠢ᠋ ᠰᠢᠷ᠎ᠠ ᠶ᠋ᠢᠨ ᠱᠠᠰᠢᠨ ᠤ᠋ ᠵᠠᠩ ᠦᠢᠯᠡ ᠶᠣᠰᠣᠭᠠᠷ ᠭᠠᠵᠠᠷ ᠰᠠᠴᠤᠯᠠᠨ ᠪᠤᠮᠪᠠᠯᠠᠨ ᠣᠷᠣᠰᠢᠭᠤᠯᠵᠤ ᠰᠦᠨᠡᠰᠦ ᠭᠡᠲᠦᠯᠭᠡᠬᠦ ᠨᠠᠢ᠍ᠮᠠᠨ ᠮᠣᠷᠢ᠂ ᠥᠩᠭᠡᠷᠡᠭᠰᠡᠨ ᠬᠥᠮᠦᠨ ᠳ᠋ᠦ᠍ ᠪᠤᠶᠠᠨ ᠦᠢᠯᠡᠳᠬᠦ ᠪᠠᠷᠢᠴᠠ ᠪᠠ ᠴᠠᠪ ᠮᠠᠨᠵᠠ ᠵᠡᠷᠭᠡ ᠶ᠋ᠢᠨ ᠰᠦᠢᠳᠬᠡᠯ ᠢ᠋ ᠴᠦ᠍ ᠬᠤᠰᠢᠭᠤᠨ ᠤ᠋ ᠠᠵᠤ ᠠᠬᠤᠢ ᠶ᠋ᠢᠨ ᠣᠷᠣᠯᠭ᠎ᠠ ᠠ᠋ᠴᠠ ᠭᠠᠷᠭᠠᠨ ᠬᠠᠷᠠᠭᠠᠯᠵᠠᠯ ᠦᠵᠡᠭᠦᠯᠦᠨ ᠬᠦᠨᠳᠦᠳᠬᠡᠪᠡ᠃
2 ᠰᠠᠷ᠎ᠠ ᠶ᠋ᠢᠨ ᠳᠤᠮᠳᠠᠴᠢ(ᠪᠢᠯᠢᠭ ᠦ᠋ᠨ ᠤᠯᠠᠷᠢᠯ ᠤ᠋ᠨ ᠴᠠᠭᠠᠨ ᠰᠠᠷ᠎ᠠ ᠶ᠋ᠢᠨ ᠬᠣᠷᠢᠳ) ᠢ᠋ᠶ᠋ᠠᠷ ᠬᠤᠰᠢᠭᠤᠨ ᠤ᠋ ᠬᠠᠭᠤᠴᠢᠨ ᠵᠠᠩᠰᠢᠯ ᠢ᠋ᠶ᠋ᠠᠷ ᠬᠤᠰᠢᠭᠤᠨ ᠤ᠋ ᠴᠠᠭᠠᠨ ᠰᠠᠷ᠎ᠠ ᠶ᠋ᠢᠨ ᠲᠠᠮᠠᠭ᠎ᠠ ᠶ᠋ᠢᠨ ᠪᠦᠷᠢᠳᠬᠡᠯ ᠦ᠋ᠨ ᠬᠤᠷᠠᠯ ᠬᠢᠪᠡ᠃ ᠴᠢᠩ ᠦ᠋ᠨ ᠲᠥᠷᠥ ᠶ᠋ᠢᠨ ᠵᠠᠩᠰᠢᠯ ᠢ᠋ᠶ᠋ᠠᠷ ᠪᠣᠯ ᠬᠤᠰᠢᠭᠤᠨ ᠤ᠋ ᠵᠠᠰᠠᠭ ᠠ᠋ᠴᠠ ᠡᠬᠢᠯᠡᠨ ᠬᠤᠰᠢᠭᠤᠨ ᠤ᠋ ᠴᠡᠷᠢᠭ ᠵᠠᠰᠠᠭ ᠤ᠋ᠨ ᠶᠡᠬᠡ ᠪᠠᠭ᠎ᠠ ᠨᠣᠶᠠᠳ ᠴᠤᠭᠯᠠᠷᠠᠨ᠂ ᠥᠩᠭᠡᠷᠡᠭᠰᠡᠨ ᠵᠢᠯ ᠦ᠋ᠨ ᠯᠡ ᠰᠠᠷ᠎ᠠ(ᠥᠭᠡᠯᠵᠢᠨ ᠰᠠᠷ᠎ᠠ) ᠶ᠋ᠢᠨ ᠪᠢᠲᠡᠭᠦᠮᠵᠢᠯᠡᠭᠰᠡᠨ ᠬᠤᠰᠢᠭᠤᠨ ᠤ᠋ ᠵᠠᠰᠠᠭ ᠲᠠᠮᠠᠭ᠎ᠠ ᠶ᠋ᠢᠨ ᠡᠮᠦᠨ᠎ᠡ ᠬᠦᠵᠢ ᠵᠤᠯᠠ ᠠᠰᠠᠭᠠᠨ ᠲᠠᠮᠠᠭ᠎ᠠ ᠪᠠᠨ ᠨᠡᠭᠡᠭᠡᠨ ᠮᠥᠷᠭᠥᠵᠦ ᠨᠠᠢᠷᠯᠠᠨ ᠴᠡᠩᠭᠡᠯᠳᠦᠳᠡᠭ ᠪᠠᠢᠪᠠ᠃ ᠲᠤᠬᠠᠢ ᠶ᠋ᠢᠨ ᠦᠶ᠎ᠡ ᠳ᠋ᠦ᠍ ᠬᠣᠰᠢᠭᠤ ᠨᠣᠶᠠᠨ ᠵᠠᠰᠠᠭ ᠲᠠᠮᠠᠭ᠎ᠠ ᠲᠠᠢ ᠪᠠᠨ ᠲᠡᠮᠡᠭᠡᠲᠦ ᠬᠣᠲᠠ ᠳ᠋ᠤ᠌ ᠪᠠᠢᠭᠰᠠᠨ ᠲᠤᠯᠠ᠂ ᠡᠯ᠎ᠡ ᠨᠤᠲᠤᠭ᠂ ᠭᠠᠴᠠᠭ᠎ᠠ ᠪᠠ ᠡᠭᠦᠷ ᠦ᠋ᠨ ᠲᠥᠯᠥᠭᠡᠯᠡᠭᠴᠢ᠂ ᠬᠤᠰᠢᠭᠤᠨ ᠤ᠋ ᠬᠠᠭᠤᠴᠢᠨ ᠵᠣᠬᠢᠶᠠᠨ ᠪᠠᠢᠭᠤᠯᠤᠯᠲᠠ ᠶ᠋ᠢᠨ ᠲᠤᠰᠠᠯᠠᠭᠴᠢ᠂ ᠠᠮᠪᠠᠨ᠂ ᠮᠡᠢᠷᠡᠨ᠂ ᠵᠠᠩᠭᠢ᠂ ᠬᠠᠷᠢᠶᠠᠨ ᠵᠠᠯᠠᠨ ᠵᠡᠷᠭᠡ ᠬᠥᠮᠦᠰ ᠴᠤᠭᠯᠠᠷᠠᠨ ᠪᠦᠬᠦ ᠬᠤᠰᠢᠭᠤᠨ ᠤ᠋ ᠬᠤᠷᠠᠯ ᠬᠢᠵᠦ ᠨᠢᠭᠡᠨ ᠵᠢᠯ ᠦ᠋ᠨ ᠠᠵᠢᠯ ᠤ᠋ᠨ ᠲᠥᠰᠥᠪ ᠢ᠋ᠶ᠋ᠡᠨ ᠶᠠᠷᠢᠯᠴᠠᠪᠠ᠃ ᠡᠨᠡ ᠤᠳᠠᠭᠠᠨ ᠤ᠋ ᠬᠤᠷᠠᠯ ᠳᠡᠭᠡᠷ᠎ᠡ ᠦᠦᠰᠢᠨ ᠬᠤᠰᠢᠭᠤᠨ ᠤ᠋ ᠬᠠᠮᠤᠭ ᠤ᠋ᠨ ᠶᠡᠬᠡ ᠠᠰᠠᠭᠤᠳᠠᠯ ᠪᠣᠯ ᠳᠠᠷᠤᠢ ᠰᠢᠨᠡᠯᠡᠮ᠎ᠡ ᠶ᠋ᠢᠨ ᠨᠠᠰᠤ ᠨᠥᠭᠴᠢᠭᠰᠡᠨ ᠪᠠ ᠦᠦᠰᠢᠨ ᠬᠤᠰᠢᠭᠤᠨ ᠤ᠋ ᠠᠷᠠᠳ ᠤ᠋ᠨ ᠬᠤᠪᠢᠰᠬᠠᠯᠲᠤ ᠴᠡᠷᠢᠭ ᠢ᠋ ᠶᠠᠮᠠᠷ ᠬᠥᠮᠦᠨ ᠳᠠᠢᠴᠢᠯᠠᠬᠤ ᠶᠠᠪᠤᠳᠠᠯ ᠪᠣᠯᠤᠨ᠎ᠠ᠃ ᠣᠯᠠᠨ ᠢ᠋ᠶ᠋ᠠᠷ ᠢ᠋ᠶ᠋ᠠᠨ ᠰᠢᠨᠠᠯᠠᠮ᠎ᠠ ᠶ᠋ᠢᠨ ᠬᠣᠣᠷᠯᠠᠭᠳᠠᠭᠰᠠᠨ ᠢ᠋ ᠴᠠᠭᠠᠳᠬᠠᠨ ᠢᠯᠡᠷᠡᠭᠦᠯᠦᠭᠰᠡᠨ ᠲᠤᠬᠠᠢ ᠨᠢᠭᠲᠠᠯᠠᠨ ᠶᠠᠷᠢᠯᠴᠠᠵᠤ᠂ ᠮᠥᠩᠬᠡᠥ᠌ᠯᠵᠡᠢ ᠡᠴᠡ ᠰᠢᠨᠠᠯᠠᠮ᠎ᠠ ᠠᠮᠢᠳᠤ ᠪᠠᠢᠬᠤ ᠳ᠋ᠠᠭᠠᠨ ᠨᠠᠰᠤᠨᠪᠠᠲᠤ ᠠᠮᠪᠠᠨ ᠢ᠋ᠶ᠋ᠠᠷ ᠴᠡᠷᠢᠭ ᠳᠠᠢᠴᠢᠯᠠᠭᠤᠯᠬᠤ ᠭᠡᠵᠦ ᠪᠠᠢᠭᠰᠠᠨ ᠢ᠋ ᠣᠯᠠᠨ ᠳ᠋ᠤ᠌ ᠶᠠᠷᠢᠵᠤ ᠥᠭᠪᠡ᠃ ᠡᠭᠦᠨ ᠳ᠋ᠦ᠍ ᠨᠠᠰᠤᠨᠪᠠᠲᠤ ᠠᠮᠪᠠᠨ᠄《ᠪᠢ ᠨᠢᠭᠡ ᠨᠠᠰᠤᠨ ᠳ᠋ᠠᠭᠠᠨ ᠴᠡᠷᠢᠭ ᠳᠠᠢᠴᠢᠯᠠᠵᠤ ᠲᠡᠢᠨ ᠪᠠᠢᠯᠳᠤᠭᠠᠨ ᠬᠢᠬᠦ ᠪᠠᠢᠲᠤᠭᠠᠢ ᠬᠣᠷᠣᠬᠠᠢ ᠰᠢᠪᠠᠵᠢ ᠴᠦ᠍ ᠠᠯᠠᠵᠤ ᠦᠵᠡᠭᠡ ᠦᠭᠡᠢ ᠶᠦᠮ᠃ ᠣᠳᠣ ᠶ᠋ᠢᠨ ᠮᠠᠨ ᠤ᠋ ᠬᠤᠰᠢᠭᠤᠨ ᠤ᠋ ᠪᠠᠢᠳᠠᠯ ᠢ᠋ᠶ᠋ᠠᠷ ᠠᠪᠤᠭᠠᠳ ᠬᠡᠯᠡᠪᠡᠯ ᠴᠡᠷᠢᠭ ᠳᠠᠢᠴᠢᠯᠠᠬᠤ ᠪᠣᠯ ᠲᠤᠢᠯ ᠤ᠋ᠨ ᠴᠢᠬᠤᠯᠠ ᠠᠰᠠᠭᠤᠳᠠᠯ ᠮᠥᠨ᠃ ᠡᠢᠮᠦ ᠡᠴᠡ ᠮᠠᠨ ᠤ᠋ ᠳᠡᠳ᠋ ᠬᠣᠷᠢᠶᠠᠨ ᠳᠠᠷᠤᠭ᠎ᠠ ᠮᠥᠩᠬᠡᠥ᠌ᠯᠵᠡᠢ ᠡᠨᠡ ᠬᠦ᠌ ᠬᠦᠨᠳᠦ ᠡᠭᠦᠷᠭᠡ ᠶ᠋ᠢ ᠬᠢᠵᠦ ᠴᠢᠳᠠᠨ᠎ᠠ》 ᠭᠡᠵᠦ ᠮᠠᠷᠭᠤᠨ ᠬᠡᠯᠡᠪᠡ᠃ ᠡᠭᠦᠨ ᠳ᠋ᠦ᠍ ᠮᠥᠩᠬᠡᠥ᠌ᠯᠵᠡᠢ ᠡᠨᠡ ᠬᠦ᠌ ᠲᠤᠰᠢᠶᠠᠯ ᠢ᠋ ᠡᠭᠦᠷᠭᠡᠯᠡᠵᠦ ᠴᠢᠳᠠᠬᠤ ᠦᠭᠡᠢ ᠭᠡᠵᠦ ᠨᠡᠯᠢᠶᠡᠳ ᠲᠦᠯᠬᠢᠭᠰᠡᠨ ᠪᠣᠯᠪᠠᠴᠤ ᠪᠣᠯᠤᠭᠰᠠᠨ ᠦᠭᠡᠢ᠂ ᠣᠯᠠᠨ ᠢ᠋ᠶ᠋ᠠᠷ ᠢ᠋ᠶ᠋ᠠᠨ ᠮᠥᠩᠬᠡᠥ᠌ᠯᠵᠡᠢ ᠶ᠋ᠢ ᠬᠣᠷᠢᠶᠠᠨ ᠳᠠᠷᠤᠭ᠎ᠠ ᠪᠠᠷ ᠡᠷᠭᠦᠮᠵᠢᠯᠡᠪᠡ᠃①
— — — —
① ᠰᠢᠨᠠᠯᠠᠮ᠎ᠠ ᠶ᠋ᠢᠨ ᠬᠣᠣᠷᠯᠠᠭᠳᠠᠭᠰᠠᠨ ᠢ᠋ ᠵᠠᠷᠢᠮ ᠵᠣᠬᠢᠶᠠᠯ ᠳ᠋ᠤ᠌1930 ᠣᠨ ᠤ᠋1 ᠰᠠᠷ᠎ᠠ ᠶ᠋ᠢᠨ31 ᠦ᠌ ᠡᠳᠦᠷ ᠭᠡᠵᠦ ᠪᠢᠴᠢᠵᠦ ᠪᠣᠢ᠂ ᠪᠠᠰᠠ ᠵᠠᠷᠢᠮ ᠨᠢ1928 ᠣᠨ ᠭᠡᠵᠦ ᠴᠦ᠍ ᠪᠣᠢ᠂ ᠶᠠᠩ ᠰᠠᠴᠤᠷᠠᠯᠲᠤ ᠶ᠋ᠢᠨ ᠪᠢᠴᠢᠭᠰᠡᠨ1929 ᠣᠨ ᠤ᠋2 ᠰᠠᠷ᠎ᠠ ᠶ᠋ᠢᠨ11 ᠦ᠌ ᠰᠥᠨᠢ ᠳᠦᠯᠢ ᠭᠡᠬᠦ ᠨᠢ ᠦᠨᠡᠨ ᠪᠠᠢᠳᠠᠯ ᠲᠠᠢ ᠨᠡᠢᠴᠡᠨ᠎ᠡ᠃
ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠣᠶᠤᠨᠪᠠᠲᠤ᠂ ᠪᠠᠯ ᠂ ᠴᠤᠯᠮᠤᠨᠭᠡᠷᠡᠯ
ᠬᠢᠨᠠᠭᠴᠢ᠄ ᠣᠳᠬᠣᠨᠴᠡᠴᠡᠭ᠂ ᠠᠯᠲᠠᠨᠱᠠ᠂ ᠴᠤᠯᠮᠤᠨᠭᠡᠷᠡᠯ᠂ ᠪᠠᠯ
