ᠪᠣᠰᠤᠭ᠎ᠠ ᠶ᠋ᠢᠨ ᠪᠣᠰᠤᠭ᠎ᠠ-ᠭᠦᠩᠭᠠᠷBosoogiin bosoo– GüngarБосоогийн босоо– Гүнгар
ᠪᠣᠰᠤᠭ᠎ᠠ ᠶ᠋ᠢᠨ ᠪᠣᠰᠤᠭ᠎ᠠ
ᠵᠣᠬᠢᠶᠠᠭᠴᠢ᠄ ᠭᠦᠩᠭᠠᠷ
ᠤᠶᠠᠩᠭᠠᠯᠠᠭᠴᠢ᠄ ᠰᠡᠳᠮᠠᠨᠢ
ᠥᠷᠭᠡᠨ ᠲᠠᠯ᠎ᠠ ᠶ᠋ᠢᠨ ᠥᠷᠥᠴᠡᠨ ᠡᠴᠡ
ᠥᠨᠳᠡᠢᠵᠦ ᠰᠦᠨᠳᠡᠷᠯᠡᠭᠰᠡᠨ ᠬᠠᠳᠠ ᠨᠢ ᠪᠣᠰᠤᠭ᠎ᠠ
ᠡᠪᠴᠢᠭᠦᠦ ᠴᠡᠭᠡᠵᠢᠨ ᠦ᠌ ᠲᠣᠯᠲᠣ ᠡᠴᠡ
ᠣᠨᠳᠣᠷᠴᠤ ᠯᠤᠭᠰᠢᠬᠤ ᠴᠢᠰᠤ ᠨᠢ ᠪᠣᠰᠤᠭ᠎ᠠ
ᠮᠣᠩᠭᠣᠯ ᠭᠡᠷ ᠦ᠋ᠨ ᠲᠣᠭᠣᠨᠣᠨ ᠡᠴᠡ
ᠰᠤᠪᠤᠷᠠᠵᠤ ᠭᠠᠷᠬᠤ ᠤᠲᠤᠭ᠎ᠠ ᠨᠢ ᠪᠣᠰᠤᠭ᠎ᠠ
ᠮᠣᠩᠭᠣᠯ ᠬᠦᠦ ᠶ᠋ᠢᠨ ᠣᠩᠭᠣᠨ ᠪᠣᠳᠣᠯ ᠡᠴᠡ
ᠬᠦᠰᠡᠯ ᠵᠢᠭᠦᠷᠯᠡᠭᠰᠡᠨ ᠵᠣᠷᠢᠭ ᠨᠢ ᠪᠣᠰᠤᠭ᠎ᠠ
ᠡᠵᠢ ᠶ᠋ᠢᠨ ᠬᠠᠢᠷ᠎ᠠ ᠭᠦᠨ ᠰᠢᠩᠭᠡᠭᠰᠡᠨ ᠡᠴᠡ
ᠮᠦᠰᠦᠴᠢᠯᠡᠨ ᠰᠡᠷᠵᠢᠮᠯᠡᠬᠦ ᠰᠠᠴᠤᠯᠢ ᠨᠢ ᠪᠣᠰᠤᠭ᠎ᠠ
ᠢᠰᠡᠭᠡᠢ ᠴᠠᠭᠠᠨ ᠭᠡᠷ ᠢ᠋ᠶ᠋ᠡᠨ ᠭᠡᠢᠭᠦᠯᠦᠭᠰᠡᠨ ᠡᠴᠡ
ᠮᠥᠩᠬᠡ ᠵᠤᠯᠠ ᠶ᠋ᠢᠨ ᠭᠡᠷᠡᠯ ᠨᠢ ᠪᠣᠰᠤᠭ᠎ᠠ
ᠠᠷᠭᠠᠯ ᠤ᠋ᠨ ᠭᠠᠯ ᠢ᠋ᠶ᠋ᠠᠷ ᠦᠷᠡᠰ ᠢ᠋ᠶ᠋ᠡᠨ ᠳᠤᠯᠠᠭᠠᠯᠠᠭᠰᠠᠨ ᠡᠴᠡ
ᠡᠵᠢ ᠶ᠋ᠢᠨ ᠡᠨᠡᠷᠢᠯ ᠥᠨᠢᠳᠡ ᠪᠣᠰᠤᠭ᠎ᠠ
ᠠᠭᠲᠠ ᠶ᠋ᠢᠨ ᠨᠢᠷᠤᠭᠤᠨ ᠳᠡᠭᠡᠷ᠎ᠡ ᠬᠦᠦ ᠪᠡᠨ ᠬᠠᠲᠠᠭᠤᠵᠢᠭᠤᠯᠤᠭᠰᠠᠨ ᠡᠴᠡ
ᠠᠪᠤ ᠶ᠋ᠢᠨ ᠠᠴᠢ ᠶᠠᠭᠤᠨ ᠡᠴᠡ ᠴᠤ᠌ ᠪᠣᠰᠤᠭ᠎ᠠ
ᠡᠬᠡ ᠳᠡᠯᠡᠬᠡᠢ ᠪᠡᠨ ᠨᠢᠭᠡᠳᠬᠡᠬᠦ ᠶ᠋ᠢ ᠵᠣᠷᠢᠭᠰᠠᠨ
ᠡᠵᠡᠨ ᠴᠢᠩᠭᠢᠰ ᠦ᠋ᠨ ᠪᠣᠳᠣᠯᠭ᠎ᠠ ᠨᠢ ᠪᠣᠰᠤᠭ᠎ᠠ
ᠡᠷᠭᠦᠨ᠎ᠡ ᠬᠤᠨ ᠡᠴᠡ ᠳᠣᠮᠣᠭ ᠲᠠᠢ ᠶ᠋ᠢᠨ ᠤᠴᠢᠷ
ᠡᠷᠡᠯᠬᠡᠭ ᠮᠣᠩᠭᠣᠯ ᠤ᠋ᠨ ᠲᠡᠦᠬᠡ ᠨᠢ ᠪᠣᠰᠤᠭ᠎ᠠ
ᠮᠣᠩᠭᠣᠯ ᠬᠥᠮᠦᠨ ᠦ᠌ ᠦᠰᠦᠭ ᠨᠢ ᠪᠣᠰᠤᠭ᠎ᠠ
ᠮᠠᠨᠳᠤᠯ ᠬᠤᠷᠤᠢᠯᠠᠭᠰᠠᠨ ᠪᠤᠶᠠᠨ ᠨᠢ ᠪᠣᠰᠤᠭ᠎ᠠ
ᠦᠦᠷ ᠢ᠋ᠶ᠋ᠡᠨ ᠦᠳᠡᠭᠰᠡᠨ ᠨᠠᠷᠠ ᠨᠢ ᠪᠣᠰᠤᠭ᠎ᠠ
ᠥᠷᠥᠴᠡᠨ ᠳ᠋ᠡᠭᠡᠨ ᠪᠦᠪᠡᠢᠯᠡᠭᠰᠡᠨ ᠪᠠᠢᠭᠠᠯᠢ ᠨᠢ ᠪᠣᠰᠤᠭ᠎ᠠ ᠠ᠋!
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
ᠬᠢᠨᠠᠭᠴᠢ᠄ ᠭᠦᠩᠭᠠᠷ
