ᠥᠯᠵᠡᠢ ᠣᠷᠣᠰᠢᠯÖlzii orshilӨлзий оршил
ᠥᠯᠵᠡᠢ ᠣᠷᠣᠰᠢᠯ
ᠠᠴᠢ ᠲᠡᠭᠦᠰ ᠯᠠᠮᠠ ᠨᠠᠷ ᠤ᠋ᠨ ᠥᠯᠵᠡᠢ ᠬᠤᠲᠤᠭ ᠤᠷᠤᠰᠢ ᠃
ᠠᠳᠢᠰᠲᠢᠳ ᠢ᠋ ᠰᠣᠶᠣᠷᠬᠠᠬᠤᠢ ᠶ᠋ᠢᠨ ᠥᠯᠵᠡᠢ ᠬᠤᠲᠤᠭ ᠤᠷᠤᠰᠢ᠃
ᠢᠳᠠᠮ ᠮᠠᠨᠳᠠᠯ ᠲᠡᠭᠷᠢᠰ ᠦ᠋ᠨ ᠥᠯᠵᠡᠢ ᠬᠤᠲᠤᠭ ᠤᠷᠤᠰᠢ᠃
ᠢᠯᠡ ᠰᠢᠳᠢ ᠪᠦᠲᠦᠭᠡᠯᠴᠢ ᠶ᠋ᠢᠨ ᠥᠯᠵᠡᠢ ᠬᠤᠲᠤᠭ ᠣᠷᠣᠰᠢ᠃
ᠶᠡᠷᠦ ᠡᠬᠡ ᠷᠠᠭᠢᠨᠢᠰ ᠤ᠋ᠨ ᠥᠯᠵᠡᠢ ᠬᠤᠲᠤᠭ ᠤᠷᠤᠰᠢ᠃
ᠶᠡᠬᠡ ᠵᠢᠷᠭᠠᠯ ᠪᠠᠳᠠᠷᠠᠩᠭᠤᠢ ᠶ᠋ᠢᠨ ᠥᠯᠵᠡᠢ ᠬᠤᠲᠤᠭ ᠤᠷᠤᠰᠢ᠃
ᠬᠠᠮᠤᠭ ᠨᠣᠮ ᠤ᠋ᠨ ᠰᠠᠬᠢᠭᠤᠯᠰᠤᠨ ᠥᠯᠵᠡᠢ ᠬᠤᠲᠤᠭ ᠤᠷᠤᠰᠢ᠃
ᠬᠠᠷᠰᠢ ᠵᠡᠳᠬᠡᠷ ᠠᠮᠤᠷᠯᠢᠬᠤᠢ ᠥᠯᠵᠡᠢ ᠬᠤᠲᠤᠭ ᠤᠷᠤᠰᠢ᠃
ᠣᠷᠣᠨ ᠲᠡᠭᠷᠢ ᠭᠠᠵᠠᠷ ᠤᠰᠤ ᠶ᠋ᠢᠨ ᠥᠯᠵᠡᠢ ᠬᠤᠲᠤᠭ ᠤᠷᠤᠰᠢ᠃
ᠣᠯᠵᠠ ᠠᠯᠳᠠᠷ ᠨᠠᠰᠤᠨ ᠴᠣᠭ ᠤ᠋ᠨ ᠥᠯᠵᠡᠢ ᠬᠤᠲᠤᠭ ᠤᠷᠤᠰᠢ᠃
ᠲᠠᠩᠭᠠᠷᠢᠭᠲᠤ ᠶᠤᠭᠠᠽᠠᠷᠢ ᠶ᠋ᠢᠨ ᠥᠯᠵᠡᠢ ᠬᠤᠲᠤᠭ ᠤᠷᠤᠰᠢ᠃
ᠲᠠᠷᠨᠢ ᠶ᠋ᠢᠨ ᠱᠠᠷᠢᠳ ᠳᠡᠯᠭᠡᠷᠡᠬᠦᠢ ᠶ᠋ᠢᠨ ᠥᠯᠵᠡᠢ ᠬᠤᠲᠤᠭ ᠣᠷᠣᠰᠢ᠃
ᠬᠦᠰᠡᠬᠦᠨ ᠦ᠌ ᠣᠯᠵᠠ ᠵᠤᠨ ᠤ᠋ ᠳᠠᠯᠠᠢ ᠮᠡᠲᠦ ᠠᠷᠪᠢᠳᠤᠨ᠃
ᠭᠡᠮ ᠦ᠋ᠳ ᠦᠭᠡᠢ ᠣᠪᠣᠭ ᠦᠷ᠎ᠡ ᠶ᠋ᠢᠨ ᠮᠥᠷ ᠨᠢ ᠦᠯᠦ ᠲᠠᠰᠤᠷᠠᠨ᠃
ᠡᠳᠦᠷ ᠰᠥᠨᠢ ᠪᠣᠭᠳᠠ ᠯᠠᠮᠠ ᠶ᠋ᠢᠨ ᠨᠣᠮ ᠤ᠋ᠳ ᠢ᠋ᠶ᠋ᠠᠷ ᠨᠥᠭᠴᠢᠶᠡᠨ᠃
ᠪᠦᠷᠢᠨ ᠲᠡᠭᠦᠰ ᠴᠣᠭᠳᠤᠷ ᠠᠬᠤᠢ ᠶ᠋ᠢᠨ ᠥᠯᠵᠡᠢ ᠬᠤᠲᠤᠭ ᠤᠷᠤᠰᠢ᠃
ᠡᠰᠷᠦᠨ ᠬᠢᠭᠡᠳ ᠬᠤᠷᠮᠤᠰᠲᠠ ᠰᠠᠬᠢᠭᠤᠯᠰᠤᠨ ᠠᠳᠢᠰ ᠢ᠋ᠶ᠋ᠠᠷ ᠃
ᠲᠤᠰᠠ ᠬᠢᠭᠴᠢ ᠲᠡᠭᠷᠢᠰ ᠦ᠋ᠨ ᠥᠯᠵᠡᠢ ᠬᠤᠲᠤᠭ ᠤᠷᠤᠰᠢ᠃
ᠰᠠᠢᠨ ᠤ᠋ ᠠᠮᠤᠷ ᠰᠠᠨᠠᠯ ᠬᠡᠷᠡᠭ ᠰᠡᠳᠬᠢᠯᠴᠢᠯᠡᠨ ᠪᠦᠲᠦᠭᠡᠳ᠃
ᠡᠯᠭᠦᠷ ᠨᠠᠰᠤᠨ ᠠᠮᠤᠷ ᠵᠢᠷᠭᠠᠯ ᠲᠡᠭᠦᠰᠬᠦᠶᠡ ᠪᠣᠯᠲᠤᠭᠠᠢ ᠅ ᠃ ᠅
ᠦᠰᠦᠭ ᠠᠮᠢᠯᠠᠭᠤᠯᠤᠭᠴᠢ᠄ ᠲᠡᠭᠰᠢᠮᠥ᠋ᠩᠬᠡ
ᠬᠢᠨᠠᠭᠴᠢ᠄ ᠮᠣᠩᠭᠣᠯᠵᠠᠶᠠᠭ᠎ᠠ
