ᠥᠪ ᠰᠣᠶᠣᠯ ᠮᠢᠨᠢ ᠮᠥᠩᠬᠡ ᠣᠷᠣᠰᠢᠬᠤ ᠪᠣᠯᠲᠤᠭᠠᠢ!ᠪᠤᠤᠬᠢᠶ᠎ᠠ 20251116 ᠪᠤᠤᠬᠢᠶ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠪ ᠰᠣᠶᠣᠯ ᠮᠢᠨᠢ ᠮᠥᠩᠬᠡ ᠣᠷᠣᠰᠢᠬᠤ ᠪᠣᠯᠲᠤᠭᠠᠢ!ᠪᠤᠤᠬᠢᠶ᠎ᠠ 20251116

ᠥᠪ ᠰᠣᠶᠣᠯ ᠮᠢᠨᠢ ᠮᠥᠩᠬᠡ ᠣᠷᠣᠰᠢᠬᠤ ᠪᠣᠯᠲᠤᠭᠠᠢ!ᠪᠤᠤᠬᠢᠶ᠎ᠠ 20251116

ᠠᠩᠭᠢᠯᠠᠯ:ᠪᠤᠤᠬᠢᠶ᠎ᠠ
2025-11-16

250

ᠥᠪ ᠰᠣᠶᠣᠯ ᠮᠢᠨᠢ ᠮᠥᠩᠬᠡ ᠣᠷᠣᠰᠢᠬᠤ ᠪᠣᠯᠲᠤᠭᠠᠢ!


1. ᠰᠡᠷᠭᠦᠯᠡᠩ 
ᠳᠠᠯᠤ ᠶ᠋ᠢᠨ ᠮᠢᠬ᠎ᠠ ᠶ᠋ᠢ ᠳᠠᠶᠠᠭᠠᠷ ᠢ᠋ᠶ᠋ᠠᠨ᠃
ᠰᠡᠭᠡᠷ ᠦ᠋ᠨ ᠮᠢᠬ᠎ᠠ ᠶ᠋ᠢ ᠰᠡᠮᠡᠯᠵᠦ ᠢᠳᠡᠳᠡᠭ᠃
ᠰᠡᠳᠬᠢᠯ ᠦ᠋ᠨ ᠦᠭᠡ ᠶ᠋ᠢ ᠰᠢᠪᠡᠨᠡᠵᠦ ᠶᠠᠷᠢᠳᠠᠭ᠃
ᠰᠠᠪᠠ ᠶ᠋ᠢ ᠬᠣᠭᠣᠰᠣᠨ ᠪᠤᠴᠠᠭᠠᠳᠠᠭ ᠦᠭᠡᠢ᠃
ᠭᠡᠷ ᠳᠣᠲᠣᠷ᠎ᠠ ᠪᠠᠨ ᠢᠰᠬᠡᠷᠳᠡᠭ ᠦᠭᠡᠢ᠃ 
ᠭᠡᠷᠭᠡᠢ ᠬᠣᠢᠮᠣᠷ ᠲᠤ᠌ ᠰᠠᠭᠤᠳᠠᠭ ᠦᠭᠡᠢ᠃
ᠰᠢᠨᠡ ᠲᠤᠯᠵᠤ ᠰᠠᠭᠤᠳᠠᠭ ᠦᠭᠡᠢ᠃
ᠰᠢᠪᠬᠠᠷᠤᠤ ᠬᠥᠮᠦᠨ ᠳ᠋ᠦ᠍ ᠥᠭᠳᠡᠭ ᠦᠭᠡᠢ᠃
2. ᠰᠡᠷᠭᠦᠯᠡᠩ 
ᠠᠭᠲᠠ ᠶ᠋ᠢᠨ ᠰᠠᠢᠨ ᠢ᠋ ᠤᠨᠤᠨ ᠪᠠᠢᠵᠤ ᠮᠡᠳᠡᠨ᠎ᠡ᠃
ᠠᠨᠳᠠ ᠶ᠋ᠢᠨ ᠰᠠᠢᠨ ᠢ᠋ ᠨᠥᠬᠥᠷᠯᠡᠨ ᠪᠠᠢᠵᠤ ᠮᠡᠳᠡᠨ᠎ᠡ᠃
ᠠᠭᠲᠠ ᠠᠯᠳᠠᠪᠠᠯ ᠪᠠᠷᠢᠵᠤ ᠪᠣᠯᠤᠨ᠎ᠠ᠂
ᠠᠮᠠ ᠠᠯᠳᠠᠪᠠᠯ ᠪᠠᠷᠢᠵᠤ ᠪᠣᠯᠬᠤ ᠦᠭᠡᠢ᠃
ᠮᠣᠭᠠᠢ ᠶ᠋ᠢᠨ ᠡᠷᠢᠶᠡᠨ ᠭᠠᠳᠠᠨ᠎ᠠ ᠪᠠᠨ᠂
ᠬᠥᠮᠦᠨ ᠦ᠌ ᠡᠷᠢᠶᠡᠨ ᠳᠣᠲᠣᠷ᠎ᠠ ᠪᠠᠨ
3. ᠲᠡᠯᠭᠡᠷᠴᠡᠴᠡᠭ
ᠠᠮᠢᠳᠤ ᠬᠥᠮᠦᠨ ᠡᠴᠡ ᠰᠡᠭᠦᠳᠡᠷ ᠰᠠᠯᠳᠠᠭ ᠦᠭᠡᠢ
ᠠᠯᠲᠠᠨ ᠦᠨᠳᠦᠰᠦᠲᠡᠨ ᠡᠴᠡ ᠬᠡᠯᠡ ᠰᠠᠯᠳᠠᠭ ᠦᠭᠡᠢ
ᠲᠤᠭᠤᠷᠠᠢᠲᠤ ᠮᠠᠯ ᠠ᠋ᠴᠠ ᠪᠤᠶᠠᠨ ᠰᠠᠯᠳᠠᠭ ᠦᠭᠡᠢ
ᠲᠤᠭᠤᠷᠭᠠᠲᠤ ᠭᠡᠷ ᠡᠴᠡ ᠲᠡᠦᠬᠡ ᠰᠠᠯᠳᠠᠭ ᠦᠭᠡᠢ
4. ᠵᠡᠭᠦᠨᠭᠠᠷ ᠮᠥᠩᠬᠡᠴᠡᠴᠡᠭ
ᠰᠡᠭᠰᠡᠭᠡᠷ ᠪᠣᠯᠪᠠᠴᠤ ᠡᠵᠢ ᠰᠠᠢᠬᠠᠨ
ᠰᠡᠮᠡᠬᠡᠷ ᠪᠣᠯᠪᠠᠴᠤ ᠭᠡᠷ ᠮᠢᠨᠢ ᠰᠠᠢᠬᠠᠨ᠃
ᠮᠤᠷᠤᠢ ᠴᠤ᠌ ᠵᠠᠮ ᠰᠠᠢᠬᠠᠨ
ᠮᠠᠭᠤᠬᠠᠢ ᠴᠤ᠌ ᠡᠵᠢ ᠰᠠᠢᠬᠠᠨ
5. ᠨᠠᠴᠢᠨ
ᠭᠠᠵᠠᠷ ᠪᠣᠯᠭᠠᠨ ᠳ᠋ᠤ᠌ ᠰᠦ ᠪᠠᠢᠳᠠᠭ ᠴᠤ᠌ 
ᠭᠠᠭᠴᠠ ᠯᠠ ᠮᠣᠩᠭᠣᠯ ᠳ᠋ᠤ᠌ ᠥᠷᠥᠮ᠎ᠡ ᠰᠠᠭᠤᠳᠠᠭ
6. ᠰᠡᠷᠭᠦᠯᠡᠩ 
ᠵᠣᠭᠣᠰ ᠲᠠᠢ ᠬᠥᠮᠦᠨ ᠳ᠋ᠦ᠍ ᠵᠢᠷᠣᠭ᠎ᠠ ᠶᠠᠮᠤᠨ᠂
ᠵᠣᠭᠣᠰ ᠦᠭᠡᠢ ᠬᠥᠮᠦᠨ ᠳ᠋ᠦ᠍ ᠵᠣᠭᠰᠣᠭ᠎ᠠ ᠶᠠᠮᠤᠨ᠂
ᠰᠢᠪᠡᠷᠡᠭᠡ ᠪᠣᠷᠣᠭ᠎ᠠ ᠬᠤᠪᠴᠠᠰᠤ ᠪᠠᠷᠠᠳᠠᠭ᠂
ᠰᠢᠪᠡᠨᠡᠭᠡ ᠬᠥᠮᠦᠨ ᠬᠥᠮᠦᠨ ᠪᠠᠷᠠᠳᠠᠭ᠃
ᠠᠭᠤᠯᠠ ᠦᠵᠡᠭᠡ ᠦᠭᠡᠢ ᠬᠣᠷᠮᠣᠢ ᠱᠤᠭᠤᠬᠤ᠂
ᠤᠰᠤ ᠦᠵᠡᠭᠡ ᠦᠭᠡᠢ ᠭᠤᠲᠤᠯ ᠲᠠᠢᠯᠬᠤ᠃
7. ᠰᠡᠷᠭᠦᠯᠡᠩ 
ᠬᠥᠮᠦᠨ ᠬᠥᠮᠦᠨ ᠦ᠌ ᠵᠠᠩ᠂
ᠭᠦᠵᠡᠭᠡ ᠭᠦᠵᠡᠭᠡᠨ ᠦ᠌ ᠪᠤᠯᠤᠩ᠃
ᠶᠡᠬᠡ ᠰᠠᠨᠠᠭ᠎ᠠ ᠪᠡᠶ᠎ᠡ ᠳ᠋ᠦ᠍ ᠵᠣᠬᠢᠬᠤ ᠦᠭᠡᠢ᠂
ᠢᠰᠡᠭᠡᠢ ᠬᠠᠪᠲᠠᠭ᠎ᠠ ᠲᠠᠰᠢᠶᠠᠨ ᠳ᠋ᠤ᠌ ᠵᠣᠬᠢᠬᠤ ᠦᠭᠡᠢ᠃
8. ᠰᠡᠷᠭᠦᠯᠡᠩ 
ᠭᠠᠯ ᠥᠭᠡᠳᠡ ᠪᠡᠨ
ᠤᠰᠤ ᠤᠷᠤᠭᠤ ᠪᠠᠨ
ᠡᠬᠡ ᠨᠢ ᠬᠡᠭᠡᠷ ᠠᠯᠠᠭ ᠪᠣᠯ
ᠤᠨᠠᠭ᠎ᠠ ᠨᠢ ᠰᠢᠭᠢᠷ᠎ᠡ ᠠᠯᠠᠭ᠃
ᠡᠬᠢ ᠨᠢ ᠪᠤᠯᠠᠩᠭᠢᠷ ᠲᠠᠢ ᠪᠣᠯ
ᠠᠳᠠᠭ ᠨᠢ ᠪᠠᠰᠠ ᠪᠤᠯᠠᠩᠭᠢᠷ ᠲᠠᠢ᠃
ᠯᠠᠮᠠ ᠯᠠᠮᠠ ᠶ᠋ᠢᠨ ᠨᠣᠮ ᠨᠢ ᠠᠳᠠᠯᠢ ᠦᠭᠡᠢ᠂
ᠯᠠᠩᠲᠤᠤ ᠵᠡᠭᠡᠲᠦᠦ ᠶ᠋ᠢᠨ ᠲᠤᠰᠤᠯᠲᠠ ᠨᠢ ᠠᠳᠠᠯᠢ ᠦᠭᠡᠢ᠃
ᠥᠩᠭᠡᠷᠡᠭᠰᠡᠨ ᠪᠣᠷᠣᠭᠠᠨ ᠤ᠋ ᠠᠷᠤ ᠠ᠋ᠴᠠ ᠴᠤᠪᠠ ᠨᠥᠮᠥᠷᠬᠦ᠃
9. ᠨᠠᠴᠢᠨ
ᠤᠯᠤᠰ ᠪᠣᠯᠭᠠᠨ ᠬᠡᠯᠡ ᠪᠠᠢᠳᠠᠭ ᠴᠤ᠌ 
ᠣᠨᠴᠠ ᠯᠠ ᠮᠣᠩᠭᠣᠯ ᠳ᠋ᠤ᠌ ᠪᠣᠰᠤᠭ᠎ᠠ ᠪᠢᠴᠢᠭᠳᠡᠳᠡᠭ
10. ᠲᠡᠯᠭᠡᠷᠴᠡᠴᠡᠭ
ᠪᠣᠳᠣᠯ ᠤ᠋ᠨ ᠰᠠᠢᠬᠠᠨ ᠳ᠋ᠤ᠌ ᠥᠪᠡᠷ ᠢ᠋ᠶ᠋ᠡᠨ ᠪᠡᠶᠡᠰᠦᠨ᠎ᠡ
ᠦᠭᠡ ᠶ᠋ᠢᠨ ᠰᠠᠢᠬᠠᠨ ᠳ᠋ᠤ᠌ ᠬᠥᠮᠦᠨ ᠪᠡᠶᠡᠰᠦᠨ᠎ᠡ
ᠦᠢᠯᠡ ᠶ᠋ᠢᠨ ᠰᠠᠢᠬᠠᠨ ᠳ᠋ᠤ᠌ ᠬᠣᠷᠸ᠎ᠠ ᠪᠡᠶᠡᠰᠦᠨ᠎ᠡ
11. ᠲᠡᠷᠡᠪᠢᠰᠢ
ᠠᠬ᠎ᠠ ᠳᠡᠭᠦᠦ ᠠᠳᠠᠯᠢ ᠦᠭᠡᠢ
ᠠᠷᠪᠠᠨ ᠬᠤᠷᠤᠭᠤ ᠲᠡᠭᠰᠢ ᠦᠭᠡᠢ᠂
ᠮᠠᠭᠤ ᠬᠥᠮᠦᠨ ᠳ᠋ᠦ᠍ ᠦᠭᠡ ᠪᠦᠦ ᠲᠠᠨᠢᠭᠤᠯ
ᠰᠣᠬᠣᠷ ᠦᠬᠡᠷ ᠲᠦ᠍ ᠤᠰᠤ ᠪᠦᠦ ᠲᠠᠨᠢᠭᠤᠯ
12. ᠲᠡᠯᠭᠡᠷᠴᠡᠴᠡᠭ
ᠳᠠᠪᠤᠰᠤ ᠶ᠋ᠢ ᠬᠢᠪᠡᠯ ᠠᠭᠤᠰᠲᠠᠯ᠎ᠠ
ᠠᠵᠢᠯ ᠢ᠋ ᠬᠢᠪᠡᠯ ᠳᠠᠭᠤᠰᠲᠠᠯ᠎ᠠ
13. ᠰᠡᠷᠭᠦᠯᠡᠩ 
ᠮᠢᠬ᠎ᠠ ᠮᠠᠩᠨᠤᠭ ᠪᠣᠯᠵᠤ᠂ ᠮᠠᠨ ᠤ᠋ ᠪᠠᠶᠠᠨ ᠴᠢᠳᠬᠥᠷ ᠪᠣᠯᠪᠠ᠃
ᠰᠠᠨᠳᠤᠷᠤᠭᠰᠠᠨ ᠨᠣᠬᠠᠢ ᠬᠡᠷᠡᠮ ᠬᠠᠷᠠᠢᠬᠤ᠂
ᠭᠠᠷᠤᠭᠰᠠᠨ ᠪᠡᠶ᠎ᠡ ᠨᠢ ᠭᠠᠩ ᠰᠢᠭ᠋᠂
ᠲᠥᠷᠥᠭᠰᠡᠨ ᠪᠡᠶ᠎ᠡ ᠨᠢ ᠲᠡᠮᠦᠷ ᠰᠢᠭ᠂
ᠰᠢᠷ᠎ᠠ ᠡᠳᠦᠷ ᠪᠣᠷᠣ ᠬᠣᠨᠣᠭ᠂
ᠬᠡᠳᠦᠢ ᠵᠢᠷᠭᠠᠯ ᠲᠠᠢ ᠪᠠᠢᠭᠰᠠᠨ ᠴᠤ᠌ ᠣᠷᠣᠨ ᠳ᠋ᠤ᠌ ᠪᠠᠨ ᠪᠤᠤ ᠳᠠᠭᠤᠯᠠ!
ᠬᠡᠳᠦᠢ ᠵᠣᠪᠠᠯᠠᠩ ᠲᠠᠢ ᠪᠠᠢᠭᠰᠠᠨ ᠴᠤ᠌ ᠣᠷᠣᠨ ᠳ᠋ᠤ᠌ ᠪᠠᠨ ᠪᠤᠤ ᠤᠬᠢᠯᠠ!
14. ᠮᠠᠨᠤ ᠴᠢᠯᠠᠭᠤ
ᠠᠢᠯ ᠠᠢᠯ ᠤ᠋ᠨ ᠠᠮᠢ ᠨᠢ ᠨᠢᠭᠡ
ᠠᠴᠢᠶ᠎ᠠ ᠲᠠᠢ ᠲᠡᠮᠡᠭᠡᠨ ᠦ᠌ ᠬᠣᠮ ᠨᠢ ᠨᠢᠭᠡ
16. ᠮᠠᠨᠤ ᠴᠢᠯᠠᠭᠤ
ᠠ ᠦᠰᠦᠭ ᠡᠷᠳᠡᠮ ᠦ᠋ᠨ ᠳᠡᠭᠡᠳᠦ
ᠠᠪᠤ ᠡᠵᠢ ᠬᠥᠮᠦᠨ ᠦ᠌ ᠳᠡᠭᠡᠳᠦ
ᠠ ᠦᠰᠦᠭ ᠡᠷᠳᠡᠮ ᠦ᠋ᠨ ᠳᠡᠭᠡᠳᠦ
ᠠᠶᠠᠭ᠎ᠠ ᠴᠠᠢ ᠢᠳᠡᠭᠡᠨ ᠦ᠌ ᠳᠡᠭᠡᠵᠢ
17. ᠲᠡᠷᠡᠪᠢᠰᠢ ᠂
ᠵᠠᠯᠠᠭᠤ ᠬᠥᠮᠦᠨ ᠦ᠌ ᠵᠠᠮ ᠤ᠋ᠨ ᠬᠦᠵᠦᠭᠦᠦ ᠤᠷᠲᠤ
ᠵᠠᠯᠠᠬᠤ ᠶ᠋ᠢᠨ ᠭᠠᠳᠠᠨ᠎ᠠ ᠠᠷᠭᠠᠯ ᠦᠭᠡᠢ
ᠵᠠᠯᠭᠢᠳᠠᠭ ᠤ᠋ᠨ ᠭᠡᠷ ᠲᠦ᠍ ᠬᠣᠭᠣᠯᠠ ᠦᠭᠡᠢ
18. ᠮᠠᠨᠤ ᠴᠢᠯᠠᠭᠤ
ᠠ ᠦᠰᠦᠭ ᠢ᠋ ᠲᠠᠨᠢᠬᠤ ᠦᠭᠡᠢ
ᠠᠷᠪᠠ ᠶ᠋ᠢᠨ ᠲᠣᠭ᠎ᠠ ᠶ᠋ᠢ ᠮᠡᠳᠡᠬᠦ ᠦᠭᠡᠢ
19. ᠮᠠᠨᠤ ᠴᠢᠯᠠᠭᠤ
ᠠ ᠭᠡᠵᠦ ᠡᠷᠳᠡᠮ ᠰᠤᠷᠳᠠᠭ
ᠠᠪᠤ ᠭᠡᠵᠦ ᠬᠡᠯᠡᠨ ᠳ᠋ᠦ᠍ ᠣᠷᠣᠳᠠᠭ
20ᠲᠡᠷᠡᠪᠢᠰᠢ
ᠤᠤᠭᠤᠵᠤ ᠢᠳᠡᠬᠦ ᠳ᠋ᠡᠭᠡᠨ ᠤᠷᠭ᠎ᠠ ᠶ᠋ᠢᠨ ᠮᠣᠷᠢ ᠰᠢᠭ᠋
ᠣᠷᠣᠭᠰᠢ ᠠᠯᠬᠤᠬᠤ ᠳ᠋ᠠᠭᠠᠨ ᠤᠷᠭᠤᠭ᠎ᠠ ᠬᠠᠳᠠ
ᠶᠠᠬᠢᠷ ᠦᠭᠡ ᠴᠡᠭᠡᠵᠢᠨ ᠳ᠋ᠦ᠍
ᠶᠠᠷᠳᠠᠢ ᠮᠣᠳᠣ ᠠᠭᠤᠯᠠᠨ ᠳ᠋ᠤ᠌
21ᠳᠡᠯᠭᠡᠷᠴᠡᠴᠡᠭ
ᠨᠣᠬᠠᠢ ᠬᠤᠴᠠᠬᠤ ᠪᠠᠷ ᠢ᠋ᠶ᠋ᠠᠨ ᠬᠤᠴᠠ
ᠲᠡᠮᠡᠭᠡ ᠶᠠᠪᠤᠬᠤ ᠪᠠᠷ ᠶᠠᠪᠤ!
22 ᠲᠡᠷᠡᠪᠢᠰᠢ
ᠬᠡᠭᠡᠷ᠎ᠡ ᠶ᠋ᠢᠨ ᠦᠭᠡ ᠴᠡᠭᠡᠵᠢᠨ ᠳ᠋ᠦ᠍
ᠬᠡᠲᠡ ᠬᠢᠲᠤᠭ᠎ᠠ ᠲᠠᠰᠢᠶᠠᠨ ᠳ᠋ᠤ᠌
23 ᠮᠠᠨᠤ ᠴᠢᠯᠠᠭᠤ
ᠠᠢᠪᠤᠷ ᠰᠠᠢᠪᠤᠷ ᠶᠠᠪᠤᠪᠠᠯ ᠠᠮᠢ ᠪᠡᠶ᠎ᠡ ᠶ᠋ᠢᠨ ᠭᠤᠲᠤᠮᠰᠢᠭ
24 ᠰᠡᠷᠭᠦᠯᠡᠩ
ᠡᠮᠡᠭᠡᠯ ᠡᠴᠡ ᠥᠨᠳᠥᠷ ᠳᠠᠪᠠᠭ᠎ᠠ ᠶ᠋ᠢ ᠳᠠᠪᠠᠭ᠎ᠠ ᠦᠭᠡᠢ᠂
ᠡᠬᠡᠨᠡᠷ ᠡᠴᠡ ᠨᠢ ᠥᠭᠡᠷ᠎ᠡ ᠬᠥᠮᠦᠨ ᠢ᠋ ᠦᠵᠡᠭᠡ ᠦᠭᠡᠢ᠃
ᠰᠤᠷᠤᠭᠰᠠᠨ ᠭᠠᠵᠠᠷ ᠤ᠋ᠨ ᠰᠢᠷᠣᠢ ᠬᠣᠭ ᠤᠯᠠ ᠪᠣᠯᠬᠤ᠃
ᠡᠬᠡ ᠶ᠋ᠢᠨ ᠰᠠᠨᠠᠭ᠎ᠠ ᠦᠷ᠎ᠡ ᠳ᠋ᠦ᠍
ᠦᠷ᠎ᠡ ᠶ᠋ᠢᠨ ᠰᠠᠨᠠᠭ᠎ᠠ ᠠᠭᠤᠯᠠᠨ ᠳ᠋ᠤ᠌᠃
ᠠᠭᠤᠯᠠ ᠶ᠋ᠢᠨ ᠴᠠᠭᠠᠨ᠎ᠠ ᠠᠭᠤᠯᠠ᠂
ᠤᠰᠤᠨ ᠤ᠋ ᠴᠠᠭᠠᠨ᠎ᠠ ᠤᠰᠤ᠃
ᠵᠤᠯᠠᠢ ᠵᠤᠯᠠᠢ ᠪᠠᠨ ᠭᠢᠰᠬᠢᠵᠦ ᠲᠥᠷᠥᠭᠰᠡᠨ ᠠᠬ᠎ᠠ ᠳᠡᠭᠦᠦ ᠨᠠᠷ
25 
ᠮᠣᠩᠭᠣᠯᠴᠤᠳ ᠤ᠋ᠨ ᠶᠣᠰᠣ ᠵᠠᠩᠰᠢᠯ ᠳ᠋ᠤ᠌ ᠳᠡᠪᠡᠯ ᠡᠮᠦᠰᠬᠦ ᠳ᠋ᠡᠭᠡᠨ ᠤᠷᠢᠳᠠᠪᠡᠷ ᠪᠠᠷᠠᠭᠤᠨ ᠭᠠᠷ ᠢ᠋ᠶ᠋ᠠᠨ ᠬᠠᠨᠴᠤᠢᠯᠠᠵᠤ ᠡᠮᠦᠰᠳᠡᠭ ᠭᠡᠳᠡᠭ᠃
26. ᠰᠡᠷᠭᠦᠯᠡᠩ 
ᠲᠩᠷᠢ ᠶ᠋ᠢᠨ ᠰᠠᠯᠬᠢᠨ ᠲᠡᠭᠰᠢ ᠦᠭᠡᠢ᠂
ᠲᠥᠷᠥᠭᠰᠡᠨ ᠪᠡᠶ᠎ᠡ ᠮᠢᠨᠢ ᠮᠥᠩᠬᠡ ᠪᠤᠰᠤ᠃
ᠠᠭᠤᠯᠠ ᠦᠵᠡᠬᠦ ᠨᠢᠳᠦ ᠦᠭᠡᠢ᠂ᠠᠭᠤᠰᠬᠢ ᠳᠠᠭᠠᠭᠠᠬᠤ ᠰᠢᠳᠦ ᠦᠭᠡᠢ᠃
ᠠᠷᠠᠳ ᠲᠦᠮᠡᠨ ᠦ᠌ ᠲᠥᠯᠥᠭᠡ ᠠᠷᠠᠯ ᠤ᠋ᠨ ᠱᠠᠷ ᠮᠡᠲᠦ ᠵᠢᠳᠬᠦ᠂
ᠠᠲᠠᠭᠠᠲᠠᠨ ᠳᠠᠢᠰᠤᠨ ᠳ᠋ᠤ᠌ ᠠᠷᠰᠯᠠᠨ ᠪᠠᠷᠰ ᠮᠡᠲᠦ ᠬᠠᠨᠳᠤ᠃
ᠣᠯᠠᠨ ᠫᠤᠤ ᠶ᠋ᠢᠨ ᠳᠠᠭᠤᠨ ᠳ᠋ᠤ᠌᠂ ᠣᠭᠣᠨᠣ ᠶ᠋ᠢᠨ ᠲᠣᠯᠣᠭᠠᠢ ᠡᠷᠭᠢᠪᠡ ᠭᠡᠭᠴᠢ᠃
27. ᠲᠡᠯᠭᠡᠷᠴᠡᠴᠡᠭ
ᠠᠯᠠᠭ ᠪᠢᠷᠠᠭᠤ
ᠠᠷᠤ ᠥᠭᠡᠳᠡ ᠪᠡᠨ ᠡᠷᠭᠦᠭᠡᠳ
ᠠᠷᠤ ᠪᠠᠨ ᠳᠣᠯᠢᠶᠠᠨ᠎ᠠ
ᠳᠠᠯᠤ ᠪᠠᠨ ᠳᠣᠯᠢᠶᠠᠨ᠎ᠠ
28. ᠤᠷᠠᠨᠴᠡᠴᠡᠭ 
ᠥᠭᠡᠳᠡ ᠪᠡᠨ ᠬᠠᠶᠠᠭᠰᠠᠨ ᠴᠢᠯᠠᠭᠤ᠂
ᠥᠪᠡᠷ ᠦ᠋ᠨ ᠲᠣᠯᠣᠭᠠᠢ ᠳᠡᠭᠡᠷ᠎ᠡ᠃
ᠥᠷᠢ ᠦᠭᠡᠢ ᠪᠣᠯ ᠪᠠᠶᠠᠨ᠂
ᠡᠪᠡᠳᠴᠢᠨ ᠦᠭᠡᠢ ᠪᠣᠯ ᠵᠢᠷᠭᠠᠯ᠃
ᠬᠥᠮᠦᠨ ᠬᠥᠮᠦᠨ ᠦ᠌ ᠬᠦᠴᠦᠨ ᠳ᠋ᠦ᠍᠂
ᠵᠢᠭᠠᠰᠤ ᠤᠰᠤᠨ ᠤ᠋ ᠬᠦᠴᠦᠨ ᠳ᠋ᠦ᠍᠃
29. ᠮᠠᠨᠤ ᠴᠢᠯᠠᠭᠤ
ᠠᠢᠯ ᠠᠢᠮᠠᠭ ᠤ᠋ᠨ ᠠᠮᠢ ᠨᠢ ᠨᠢᠭᠡ
ᠠᠳᠤᠭᠤ ᠮᠠᠯ ᠤ᠋ᠨ ᠪᠡᠯᠴᠢᠭᠡᠷ ᠨᠢ ᠨᠢᠭᠡ
ᠠᠢᠯ ᠠᠢᠮᠠᠭ ᠤ᠋ᠨ ᠰᠡᠳᠬᠢᠯ ᠨᠢ ᠨᠢᠭᠡ
ᠰᠠᠭᠠᠬᠠᠯᠲᠠ ᠠᠢᠯ ᠤ᠋ᠨ ᠰᠠᠨᠠᠭ᠎ᠠ ᠨᠢ ᠨᠢᠭᠡ
30. ᠠᠮᠤᠷ 
ᠠᠷᠠᠳ ᠲᠦᠮᠡᠨ ᠦ᠌ ᠲᠥᠯᠥᠭᠡ ᠠᠷᠠᠯ ᠤ᠋ᠨ ᠱᠠᠷ ᠰᠢᠭ᠋ ᠵᠢᠳᠬᠦᠵᠦ ᠶᠠᠪᠤ!
ᠠᠲᠠᠭᠠᠲᠠᠨ ᠳᠠᠢᠰᠤᠨ ᠳ᠋ᠤ᠌ ᠬᠠᠨᠳᠤᠬᠤ ᠳ᠋ᠠᠭᠠᠨ ᠠᠷᠰᠯᠠᠨ ᠪᠠᠷᠰ ᠪᠠᠢ!
31.ᠠᠮᠤᠷ ᠠᠷᠠᠳ ᠲᠦᠮᠡᠨ ᠦ᠌ ᠲᠥᠯᠥᠭᠡ ᠠᠷᠠᠯ ᠤ᠋ᠨ ᠱᠠᠷ ᠰᠢᠭ᠋ ᠵᠢᠳᠬᠦᠵᠦ ᠶᠠᠪᠤ᠂ᠠᠲᠠᠭᠠᠲᠠᠨ ᠳᠠᠢᠰᠤᠨ ᠳ᠋ᠤ᠌ ᠬᠠᠨᠳᠤᠬᠤ ᠳ᠋ᠠᠭᠠᠨ ᠠᠷᠰᠯᠠᠨ ᠪᠠᠷᠰ ᠪᠠᠢᠬᠤ ᠬᠡᠷᠡᠭᠲᠡᠢ᠃
32. ᠲᠡᠷᠡᠪᠢᠰᠢ 
ᠴᠤᠪᠤᠵᠤ ᠶᠠᠪᠤᠭᠰᠠᠨ ᠪᠠᠷᠰ ᠠ᠋ᠴᠠ ᠴᠤᠭᠯᠠᠷᠠᠵᠤ ᠰᠠᠭᠤᠭᠰᠠᠨ ᠱᠠᠭᠠᠵᠠᠭᠠᠢ ᠳᠡᠭᠡᠷ᠎ᠡ᠂
ᠪᠠᠷᠰ ᠤ᠋ᠨ ᠠᠭᠤᠷ ᠢ᠋ ᠪᠠᠮᠪᠠᠷ ᠲᠤ᠌ ᠪᠠᠭᠰᠢ ᠶ᠋ᠢᠨ ᠠᠭᠤᠷ ᠢ᠋ ᠱᠠᠪᠢ ᠳ᠋ᠤ᠌᠂
33. ᠰᠡᠷᠭᠦᠯᠡᠩ 
ᠠᠭᠤᠷ ᠪᠡᠶ᠎ᠡ ᠶ᠋ᠢ ᠵᠣᠪᠠᠭᠠᠨ᠎ᠠ᠂ ᠠᠭᠤᠯᠠ ᠮᠣᠷᠢ ᠶ᠋ᠢ ᠵᠣᠪᠠᠭᠠᠨ᠎ᠠ᠃
ᠠᠭᠤᠷ ᠣᠮᠣᠭ ᠶᠡᠬᠡᠳᠪᠡᠯ ᠳᠣᠷᠣᠢᠲᠠᠬᠤ ᠶ᠋ᠢᠨ ᠲᠡᠮᠳᠡᠭ᠂
ᠠᠷᠢᠬᠢ ᠲᠠᠮᠠᠬᠢᠨ ᠳ᠋ᠤ᠌ ᠰᠢᠨᠤᠪᠠᠯ ᠦᠭᠡᠢᠷᠡᠬᠦ ᠶ᠋ᠢᠨ ᠲᠡᠮᠳᠡᠭ᠃
ᠬᠡᠭᠡᠷ᠎ᠡ ᠶ᠋ᠢᠨ ᠭᠠᠯᠠᠭᠤ ᠨᠢᠰᠦᠭᠡᠳ ᠬᠦᠷᠬᠦ ᠦᠭᠡᠢ ᠭᠠᠵᠠᠷ ᠠ᠋ᠴᠠ ᠬᠥᠮᠦᠨ ᠦ᠌ ᠬᠦᠦ ᠡᠷᠳᠡᠨᠢ ᠡᠪᠦᠷᠲᠦᠯᠡᠭᠡᠳ ᠢᠷᠡᠨ᠎ᠡ᠃
ᠰᠠᠨᠠᠭ᠎ᠠ ᠬᠦᠷᠦᠭᠰᠡᠨ ᠭᠠᠵᠠᠷ ᠵᠠᠶᠠᠭ᠎ᠠ ᠬᠦᠷᠦᠨ᠎ᠡ᠃
34. ᠲᠡᠯᠭᠡᠷᠴᠡᠴᠡᠭ
ᠬᠤᠷ ᠳᠡᠯ ᠲᠡᠢ ᠪᠣᠷᠣ ᠮᠣᠷᠢ
ᠬᠤᠷᠳᠤᠨ ᠶᠠᠪᠤᠳᠠᠯ ᠲᠠᠢ ᠬᠣᠯᠠ ᠮᠣᠷᠢ
ᠬᠤᠷᠳᠤᠨ ᠶᠠᠪᠤᠳᠠᠯ ᠲᠠᠢ ᠬᠣᠯᠠ ᠮᠣᠷᠢ
ᠬᠤᠷ ᠳᠡᠯ ᠲᠡᠢ ᠪᠣᠷᠣ ᠮᠣᠷᠢ
35. ᠤᠳᠪᠠᠯᠠ
《ᠬᠠᠭᠤᠴᠢᠨ ᠬᠦᠦ》 ᠶ᠋ᠢᠨ ᠬᠡᠰᠡᠭ ᠪᠠᠳᠠᠭ ᠬᠥᠳᠡᠭᠡ ᠶ᠋ᠢᠨ ᠪᠠᠢᠳᠠᠯ ᠱᠠᠯᠳᠠᠷ ᠪᠤᠯᠳᠠᠷ᠂ ᠴᠠᠭ ᠤ᠋ᠨ ᠪᠠᠢᠳᠠᠯ ᠣᠷᠣᠭ᠎ᠠ ᠪᠣᠰᠬᠠᠭ᠎ᠠ
36. ᠤᠳᠪᠠᠯᠠ
1972 ᠣᠨ ᠳ᠋ᠤ᠌ ᠷ᠂ ᠴᠣᠢᠨᠣᠮ ᠭᠤᠸᠠᠢ 《ᠨᠠᠮᠠᠶ᠋ᠢ ᠶᠠᠮᠠᠷ ᠶᠠᠪᠤᠭᠰᠠᠨ ᠢ᠋ ᠶᠠᠭ ᠯᠠ ᠲᠡᠷᠡ ᠡᠳᠦᠷ ᠦ᠋ᠳ ᠢ᠋ ᠮᠢᠨᠢ᠂ ᠨᠠᠢᠷᠠᠭ ᠰᠢᠯᠦᠭ ᠲᠡᠢ ᠮᠢᠨᠢ ᠰᠡᠳᠬᠢᠯ ᠳ᠋ᠡᠭᠡᠨ ᠡᠭᠦᠷᠢᠳᠡ ᠬᠠᠳᠠᠭᠠᠯᠠᠭᠠᠷᠠᠢ᠃ ᠨᠠᠢᠷᠠᠭᠴᠢ ᠶ᠋ᠢᠨ ᠲᠣᠭᠣᠷ᠎ᠠ ᠶ᠋ᠢ ᠣᠷᠬᠢᠵᠤ ᠨᠠᠢᠵᠠ ᠶ᠋ᠢᠨ ᠶᠣᠰᠣ ᠶ᠋ᠢ ᠣᠭᠣᠷᠴᠤ᠂ ᠨᠠᠮ ᠬᠥᠮᠬᠡᠨ ᠪᠤᠯᠤᠩ ᠳ᠋ᠤ᠌ ᠨᠠᠷᠠᠯᠠᠬᠤ ᠴᠠᠭ ᠮᠢᠨᠢ ᠪᠣᠯᠤᠯ᠎ᠠ》 ᠭᠡᠵᠦ ᠭᠡᠷᠢᠶᠡᠰᠦᠯᠡᠪᠡ᠃
37. ᠮᠠᠨᠤ ᠴᠢᠯᠠᠭᠤ
ᠠᠢᠯ ᠡᠷᠦᠬᠡ ᠪᠡᠨ ᠪᠤᠰᠬᠠᠬᠤ ᠳ᠋ᠤ᠌ ᠠᠵᠢᠯ ᠬᠥᠳᠡᠯᠮᠦᠷᠢ ᠬᠡᠷᠡᠭᠲᠡᠢ᠂
ᠠᠵᠤ ᠠᠮᠢᠳᠤᠷᠠᠯ ᠢ᠋ᠶ᠋ᠠᠨ ᠳᠡᠭᠵᠢᠷᠡᠭᠦᠯᠬᠦ ᠳ᠋ᠦ᠍ ᠠᠷᠠᠭ᠎ᠠ ᠤᠬᠠᠭᠠᠨ ᠬᠡᠷᠡᠭᠲᠡᠢ ᠠᠢᠯ ᠠ᠋ᠴᠠ ᠡᠷᠢᠬᠦ ᠪᠡᠷ ᠠᠪᠳᠠᠷ᠎ᠠ ᠠ᠋ᠴᠠ ᠪᠠᠨ ᠡᠷᠢ
38. ᠲᠡᠷᠡᠪᠢᠰᠢ ᠂
ᠰᠠᠢᠨ ᠬᠥᠮᠦᠨ ᠦ᠌ ᠨᠢᠭᠤᠷ ᠢ᠋ ᠮᠠᠭᠤ ᠬᠥᠮᠦᠨ ᠪᠠᠷᠢᠨ᠎ᠠ᠂
ᠰᠠᠢᠬᠠᠨ ᠰᠦᠮ᠎ᠡ ᠶ᠋ᠢᠨ ᠨᠢᠭᠤᠷ ᠢ᠋ ᠱᠠᠭᠠᠵᠠᠭᠠᠢ ᠰᠢᠪᠠᠭᠤ ᠪᠠᠷᠢᠨ᠎ᠠ᠂
ᠬᠡᠯᠡᠪᠡᠯ ᠦᠭᠡ ᠭᠢᠰᠬᠢᠪᠡᠯ ᠭᠠᠵᠠᠷ᠃
39. ᠮᠠᠨᠤ ᠴᠢᠯᠠᠭᠤ
ᠠᠢᠯ ᠤ᠋ᠨ ᠠᠬᠠᠮᠠᠳ ᠠᠢᠯ ᠤ᠋ᠨ ᠲᠦᠷᠦᠭᠦᠦ ᠠᠢᠯ ᠤ᠋ᠨ ᠪᠠᠷ᠎ᠠ ᠬᠠᠷᠠᠭᠠᠳ ᠦᠭᠡᠢ ᠠᠶᠠᠭᠠᠨ ᠤ᠋ ᠠᠮᠠᠰᠠᠷ ᠵᠠᠭᠤᠭᠠᠳ ᠦᠭᠡᠢ ᠠᠢᠯ ᠤ᠋ᠨ ᠪᠣᠯᠠᠢ ᠠᠮᠢᠲᠠᠨ ᠤ᠋ ᠰᠢᠪᠰᠢᠭ ᠠᠢᠯ ᠤ᠋ᠨ ᠬᠣᠪ ᠢ᠋ ᠠᠪᠠᠭᠠᠢ ᠵᠥᠭᠡᠭᠡᠵᠦ ᠠᠢᠮᠠᠭ ᠤ᠋ᠨ ᠬᠣᠪ ᠢ᠋ ᠪᠠᠳᠢᠷᠴᠢᠨ ᠵᠥᠭᠡᠭᠡᠳᠡᠭ ᠠᠢᠯ ᠤ᠋ᠨ ᠭᠡᠷ ᠲᠦ᠍ ᠨᠠᠮᠤᠷ ᠥᠪᠡᠷ ᠦ᠋ᠨ ᠭᠡᠷ ᠲᠦ᠍ ᠬᠠᠪᠤᠷ
40. ᠲᠡᠯᠭᠡᠷᠴᠡᠴᠡᠭ
ᠲᠠᠯ᠎ᠠ ᠳᠡᠭᠡᠷ᠎ᠡ ᠪᠠᠢᠭ᠎ᠠ ᠲᠠᠪᠤᠨ ᠲᠠᠷᠭᠤᠨ ᠲᠠᠷᠪᠠᠭ᠎ᠠ ᠶ᠋ᠢ
ᠲᠠᠷᠭᠤᠨ ᠲᠠᠪᠤᠨ ᠲᠠᠷᠪᠠᠭ᠎ᠠ ᠭᠡᠵᠦ ᠬᠡᠯᠡᠬᠦ ᠦᠭᠡᠢ
ᠥᠭᠡᠷ᠎ᠡ ᠶᠠᠮᠠᠷ ᠲᠠᠪᠤᠨ ᠲᠠᠷᠭᠤᠨ ᠲᠠᠷᠪᠠᠭ᠎ᠠ ᠶ᠋ᠢ
ᠲᠠᠷᠭᠤᠨ ᠲᠠᠪᠤᠨ ᠲᠠᠷᠪᠠᠭ᠎ᠠ ᠭᠡᠵᠦ ᠬᠡᠯᠡᠬᠦ ᠪᠣᠢ
41. ᠤᠳᠪᠠᠯᠠ
ᠷ᠂ ᠴᠣᠢᠨᠣᠮ ᠪᠢᠴᠢᠬᠠᠨ ᠰᠤᠷᠭᠠᠯ(ᠨᠢᠭᠡ)
ᠲᠤᠩᠭᠠᠵᠤ ᠪᠣᠳᠣᠭ᠎ᠠ ᠦᠭᠡᠢ ᠶᠠᠭᠤᠬᠠᠨ ᠳ᠋ᠤ᠌ ᠴᠤ᠌ ᠭᠡᠰᠡᠨ
ᠲᠤᠢᠯ ᠤ᠋ᠨ ᠳ᠋ᠦᠩᠨᠡᠯᠲᠡ ᠪᠢᠲᠡᠭᠡᠢ ᠬᠢ!
ᠲᠤᠰ ᠲᠠᠭᠠᠨ ᠥᠪᠡᠷ ᠢ᠋ᠶ᠋ᠡᠨ ᠲᠣᠯᠣᠭᠠᠢ ᠲᠠᠢ ᠶ᠋ᠢᠨ ᠤᠴᠠᠷ
ᠳᠤᠯᠠᠭᠠᠷᠠᠭᠰᠠᠨ ᠶᠠᠭᠤᠮᠠᠨ ᠳ᠋ᠤ᠌᠂ ᠰᠡᠭᠦᠯ ᠳ᠋ᠦ᠍ᠨᠢ ᠳᠤᠤᠭᠠᠷ᠃
ᠬᠥᠮᠦᠨ ᠦ᠌ ᠠᠮᠢᠳᠤᠷᠠᠯ ᠳ᠋ᠤ᠌ ᠴᠤᠬᠠᠭ ᠮᠥᠷᠲᠡᠭᠡᠨ᠂ ᠬᠡᠦᠬᠡᠳ ᠲᠦ᠍ ᠬᠡᠯᠡᠳᠡᠭ ᠦᠭᠡᠢ ᠰᠤᠷᠭᠠᠯ ᠭᠡᠵᠦ ᠪᠣᠢ!
42. ᠤᠳᠪᠠᠯᠠ
ᠬᠦᠢ ᠶᠢᠷᠲᠢᠨᠴᠦ ᠳ᠋ᠦ᠍ ᠡᠯᠪᠡᠭ ᠮᠥᠷᠲᠡᠭᠡᠨ ᠬᠡᠦᠬᠡᠨ ᠳ᠋ᠦ᠍ ᠬᠡᠯᠡᠳᠡᠭ ᠦᠭᠡᠢ ᠦᠭᠡ ᠭᠡᠵᠦ ᠪᠣᠢ!
ᠥᠨᠥ ᠦᠳᠡᠰᠢ ᠭᠣᠯᠣᠭᠰᠠᠨ ᠬᠣᠭᠣᠯᠠ᠂ ᠥᠷᠯᠥᠭᠡ ᠪᠣᠰᠬᠤ ᠳ᠋ᠤ᠌ ᠡᠷᠳᠡᠨᠢ ᠪᠣᠯᠳᠠᠭ᠂ ᠥᠰᠬᠦ ᠴᠠᠭ ᠲᠤ᠌ ᠬᠠᠢᠬᠤᠷᠤᠭ᠎ᠠ ᠦᠭᠡᠢ ᠢᠨᠠᠭ᠂ ᠥᠲᠡᠯᠬᠦ ᠶ᠋ᠢᠨ ᠦᠶ᠎ᠡ ᠳ᠋ᠦ᠍ ᠪᠤᠷᠬᠠᠨ ᠭᠡᠭᠳᠡᠳᠡᠭ!
43. ᠲᠡᠷᠡᠪᠢᠰᠢ ᠂
ᠪᠠᠷᠳᠠᠮ ᠦᠭᠡ ᠣᠯᠵᠠ ᠥᠬᠡᠢ᠂
ᠪᠠᠩᠵᠠᠯ ᠳᠤᠯᠠᠭᠠᠨ ᠦᠭᠡᠢ᠃
ᠬᠥᠮᠦᠨ ᠬᠥᠮᠦᠨ ᠠᠳᠠᠯᠢ ᠦᠭᠡᠢ᠂
ᠬᠦᠯᠦᠭ ᠪᠦᠬᠦᠨ ᠵᠢᠷᠣᠭ᠎ᠠ ᠦᠭᠡᠢ᠃
44. ᠰᠡᠷᠭᠦᠯᠡᠩ 
ᠬᠥᠮᠦᠨ ᠥᠭᠡᠳᠡ ᠪᠡᠨ᠂
ᠤᠰᠤ ᠤᠷᠤᠭᠤ ᠪᠠᠨ᠃
ᠵᠢᠷᠣᠭ᠎ᠠ ᠮᠣᠷᠢ ᠬᠠᠪᠤᠷ ᠲᠠᠭᠠᠨ᠂
ᠭᠠᠩᠭᠠᠩ ᠬᠥᠮᠦᠨ ᠨᠠᠮᠤᠷ ᠲᠠᠭᠠᠨ᠃
ᠤᠰᠤ ᠪᠠᠨ ᠮᠠᠭᠤ ᠭᠡᠳ ᠶᠠᠭᠤ ᠪᠠᠨ ᠤᠤᠭᠤᠬᠤ ᠪᠣᠢ⁈
ᠤᠷᠤᠭ ᠢ᠋ᠶ᠋ᠠᠨ ᠮᠠᠭᠤ ᠭᠡᠳ ᠬᠠᠮᠢᠭ᠎ᠠ ᠪᠠᠨ ᠪᠠᠭᠤᠬᠤ ᠪᠣᠢ⁈
ᠠᠮᠢᠳᠤ ᠶᠠᠪᠤᠪᠠᠯ ᠠᠯᠲᠠᠨ ᠠᠶᠠᠭᠠᠨ ᠠ᠋ᠴᠠ ᠤᠰᠤ ᠤᠤᠭᠤᠨ᠎ᠠ᠃
ᠠᠯᠲᠠ ᠶ᠋ᠢ ᠨᠢ ᠠᠪᠤᠭᠠᠳ ᠠᠪᠳᠠᠷ᠎ᠠ ᠶ᠋ᠢ ᠨᠢ ᠬᠠᠶᠠᠬᠤ᠃
45. ᠪᠣᠷᠣᠨᠤᠳ᠂ ᠴᠢᠮᠡᠭ  
ᠶᠢᠷᠲᠢᠨᠴᠦ ᠶ᠋ᠢᠨ ᠭᠤᠷᠪᠠᠨ ᠨᠢᠭᠡ ᠠᠳᠤᠭᠤ ᠮᠠᠯ ᠤ᠋ᠨ ᠪᠡᠯᠴᠢᠭᠡᠷ ᠨᠢ ᠨᠢᠭᠡ᠂
ᠠᠬ᠎ᠠ ᠳᠡᠭᠦᠦ ᠰᠠᠳᠤᠨ ᠤ᠋ ᠰᠡᠳᠬᠢᠯ ᠨᠢ ᠨᠢᠭᠡ᠂
ᠠᠢᠷᠠᠭ ᠰᠦ ᠶ᠋ᠢᠨ ᠬᠥᠷᠥᠩᠭᠡ ᠨᠢ ᠨᠢᠭᠡ᠃
46. ᠲᠡᠯᠭᠡᠷᠴᠡᠴᠡᠭ
ᠡᠷᠡᠬᠡᠢ ᠮᠡᠷᠭᠡᠨ
ᠡᠷᠳᠡᠨᠢ ᠪᠢᠯᠢᠭ
ᠣᠯᠠᠨ ᠠ᠋ᠴᠠ ᠥᠨᠳᠥᠷ
ᠠᠷᠢᠭᠤᠨ ᠢᠳᠠᠮ
ᠰᠢᠭᠡᠵᠡᠢ ᠳᠠᠷᠬᠠᠨ
ᠰᠢᠷᠡᠭᠡᠨ ᠳᠣᠣᠭᠤᠷ ᠭᠡᠳᠡᠭᠡ ᠭᠡᠳᠡᠭᠡ᠃
47. ᠤᠷᠠᠨᠴᠡᠴᠡᠭ 
ᠠᠶᠠᠭᠠᠨ ᠤ᠋ ᠠᠯᠠᠭ ᠠ᠋ᠴᠠ
ᠠᠳᠤᠭᠤᠨ ᠤ᠋ ᠠᠯᠠᠭ ᠰᠠᠢᠬᠠᠨ᠃
ᠬᠥᠮᠦᠨ ᠦ᠌ ᠡᠷᠢᠶᠡᠨ ᠳᠣᠲᠣᠷ᠎ᠠ ᠪᠠᠨ᠂
ᠮᠣᠭᠠᠢ ᠶ᠋ᠢᠨ ᠡᠷᠢᠶᠡᠨ ᠭᠠᠳᠠᠨ᠎ᠠ ᠪᠠᠨ᠂
ᠨᠣᠮ ᠢ᠋ ᠨᠢ ᠰᠤᠷᠬᠤ ᠦᠭᠡᠢ ᠴᠦ᠍᠂
ᠨᠣᠮᠣᠬᠠᠨ ᠢ᠋ ᠨᠢ ᠰᠤᠷ᠂
ᠭᠠᠵᠠᠷ ᠲᠤ᠌ ᠬᠦᠷᠬᠦ ᠦᠭᠡᠢ ᠭᠠᠷ ᠢ᠋ᠶ᠋ᠠᠨ
ᠲᠡᠭᠷᠢ ᠥᠭᠡᠳᠡ ᠰᠠᠷᠪᠠᠢᠬᠤ᠃
48. ᠰᠡᠷᠭᠦᠯᠡᠩ 
ᠡᠷᠬᠡ ᠶ᠋ᠢ ᠰᠤᠷᠬᠤ ᠪᠠᠷ ᠪᠡᠷᠬᠡ ᠶ᠋ᠢ ᠰᠤᠷ᠃
ᠦᠨᠡᠨ ᠦᠭᠡ ᠬᠡᠯᠡᠭᠰᠡᠨ ᠬᠥᠮᠦᠨ ᠳ᠋ᠦ᠍ ᠨᠣᠶᠠᠨ ᠥᠰᠢᠶ᠎ᠡ ᠲᠡᠢ
ᠥᠨᠳᠥᠷ ᠮᠣᠳᠣ ᠪᠠᠷᠢᠭᠰᠠᠨ ᠬᠥᠮᠦᠨ ᠳ᠋ᠦ᠍ ᠨᠣᠬᠠᠢ ᠥᠰᠢᠶ᠎ᠡ ᠲᠡᠢ
ᠰᠠᠢᠨ ᠬᠥᠮᠦᠨ ᠦ᠌ ᠦᠷ᠎ᠡ᠂
ᠰᠥᠳᠥ ᠭᠡᠭᠦᠨ ᠦ᠌ ᠤᠨᠠᠭ᠎ᠠ᠃
ᠠᠷᠪᠠᠨ ᠲᠠᠪᠤᠨ ᠤ᠋ ᠰᠠᠷᠠ ᠨᠢᠭᠡ ᠰᠠᠢᠬᠠᠨ᠂
ᠠᠲᠠᠷ ᠲᠠᠯ᠎ᠠ ᠶ᠋ᠢᠨ ᠴᠡᠴᠡᠭ ᠨᠢᠭᠡ ᠰᠠᠢᠬᠠᠨ᠂
ᠠᠪᠤ ᠡᠵᠢ ᠶ᠋ᠢᠨ ᠰᠤᠷᠭᠠᠯ ᠨᠢᠭᠡ ᠰᠠᠢᠬᠠᠨ᠃