ᠡᠵᠢ ᠳ᠋ᠡᠭᠡᠨ-ᠠᠮᠤᠭᠤᠯᠠᠩЭэждээ-амгалан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠳ᠋ᠡᠭᠡᠨ-ᠠᠮᠤᠭᠤᠯᠠᠩЭэждээ-амгалан

ᠡᠵᠢ ᠳ᠋ᠡᠭᠡᠨ-ᠠᠮᠤᠭᠤᠯᠠᠩЭэждээ-амгалан

2022-10-22

579

ᠡᠵᠢ ᠳ᠋ᠡᠭᠡᠨ

    ᠠᠮᠤᠭᠤᠯᠠᠩ
ᠡᠵᠢ ᠠ᠋
ᠬᠦᠦ ᠴᠢᠨᠢ ᠲᠠᠨ ᠳ᠋ᠠᠭᠠᠨ ᠰᠢᠯᠦᠭ ᠪᠢᠴᠢᠵᠦ ᠰᠠᠭᠤᠨ᠎ᠠ
ᠡᠷᠡᠬᠡᠢ ‍ᠶ᠋ᠢᠨ ᠴᠢᠨᠡᠭᠡᠨ ᠦᠷ᠎ᠡ ᠎ᠪᠡᠨ
ᠡᠷ᠎ᠡ ‍ᠶ᠋ᠢᠨ ᠴᠡᠭᠡᠯ ‍ᠳᠦ ᠬᠦᠷᠭᠡᠭᠰᠡᠨ
ᠡᠨᠡᠷᠢᠯ ‍ᠦᠨ ᠠᠮᠢᠳᠤ ᠪᠤᠷᠬᠠᠨ
ᠡᠵᠢ ᠲᠠᠨ ‍ᠤ ᠎ᠪᠠᠨ ᠠᠴᠢ ‍ᠶ᠋ᠢ
ᠡᠷᠭᠢᠴᠡᠭᠦᠯᠦᠨ ᠰᠠᠨᠠᠵᠤ ᠪᠢᠴᠢᠪᠡᠯ
ᠡᠷᠢᠶᠡᠨ ᠴᠠᠭᠠᠰᠤ ᠪᠠᠭᠲᠠᠬᠤ ᠦᠭᠡᠢ ᠶᠤᠮ
ᠶᠠᠷᠢᠭᠠᠳ ᠰᠠᠭᠤᠬᠤ ᠎ᠪᠠᠷ ᠢᠷᠠᠭᠤ ᠦᠭᠡ ᠬᠣᠪᠤᠷᠳᠠᠬᠤ ᠶᠣᠮ
ᠶᠠᠲᠤᠭ᠎ᠠ ᠡᠭᠡᠰᠢᠭᠯᠡᠭᠦᠯᠦᠨ ᠲᠠᠭᠤᠯᠠᠬᠤ ᠎ᠪᠠᠷ
ᠳᠡᠯᠡᠬᠡᠢ ᠪᠠᠭᠲᠠᠵᠤ ᠪᠢ ᠬᠠᠶ᠋ᠢᠯᠠᠬᠤ ᠶᠣᠮ
ᠬᠦᠷᠡᠩ ᠴᠢᠯᠠᠭᠤᠨ ‍ᠤ ᠡᠮᠲᠡᠷᠬᠡᠢ
ᠬᠥᠬᠡ ᠡᠭᠦᠯᠡᠨ ‍ᠦ ᠰᠡᠮᠡᠷᠬᠡᠢ ‍ᠶ᠋ᠢ
ᠰᠡᠳᠬᠢᠯ ᠳ᠋ᠡᠭᠡᠨ ᠲᠡᠭᠡᠭᠡᠵᠦ
ᠬᠦᠦ ᠨᠢ ᠲᠠᠨ ᠳ᠋ᠠᠭᠠᠨ ᠰᠢᠯᠦᠭ ᠪᠢᠴᠢᠵᠦ ᠰᠠᠭᠤᠨ᠎ᠠ
ᠪᠣᠷ ᠪᠣᠷ ᠪᠣᠷᠤᠭᠠᠨ ‍ᠢᠶ᠋ᠠᠷ
ᠨᠠᠮ᠎ᠠ ‍ᠶ᠋ᠢ ᠎ᠪᠡᠨ ᠰᠠᠨᠠᠭᠠᠳ ᠪᠠᠶ᠋ᠢᠨ᠎ᠠ ‍ᠤᠤ
ᠪᠤᠴᠠᠬᠤ ᠰᠢᠪᠠᠭᠤᠳ ‍ᠤᠨ ᠭᠠᠩᠨᠠᠭ᠎ᠠ ᠎ᠪᠠᠷ
ᠪᠣᠳᠤᠯ ᠨᠢ ᠬᠢᠷᠠᠭᠤᠳᠠᠭᠠᠳ ᠪᠠᠶ᠋ᠢᠨ᠎ᠠ ‍ᠤᠤ
ᠰᠡᠷ ᠰᠡᠷ ᠰᠠᠯᠬᠢᠨ ‍ᠢᠶ᠋ᠠᠷ
ᠰᠠᠨᠠᠭ᠎ᠠ ᠨᠢ ᠬᠣᠭᠤᠰᠤᠷᠠᠭᠠᠳ ᠪᠠᠶ᠋ᠢᠨ᠎ᠠ ‍ᠤᠤ
ᠰᠡᠭᠰᠡᠭᠡᠷ ᠬᠦᠦ ᠎ᠪᠡᠨ ᠪᠣᠳᠣᠬᠤ ᠎ᠪᠠᠷ
ᠴᠠᠢ ᠎ᠪᠠᠨ ᠮᠠᠷᠲᠠᠭᠠᠳ ᠪᠠᠶ᠋ᠢᠨ᠎ᠠ ‍ᠤᠤ