ᠮᠥᠩᠬᠡ ᠲᠩᠷᠢ ᠶ᠋ᠢᠨ ᠬᠦᠴᠦᠨ ᠳ᠋ᠦ᠍ᠷMönkh tengeriin khüchindМөнх тэнгэрийн хүчинд
《ᠮᠥᠩᠬᠡ ᠲᠩᠷᠢ ᠶ᠋ᠢᠨ ᠬᠦᠴᠦᠨ ᠳ᠋ᠦ᠍ᠷ》
1. ᠨᠤᠮᠤᠴᠢᠨ ᠪᠢᠯᠢᠭ
ᠣᠷᠭᠢᠯ ᠳ᠋ᠤᠷ ᠭᠠᠷᠬᠤᠢ ᠣᠮᠣᠭ ᠵᠣᠷᠢᠭ ᠪᠠᠢᠪᠠᠰᠤ
ᠣᠷᠴᠢᠯᠠᠩ ᠳᠡᠯᠡᠬᠡᠢ ᠳ᠋ᠦ᠍ᠷ ᠪᠡᠷᠬᠡ ᠶᠠᠪᠤᠳᠠᠯ ᠠᠯᠠᠭ᠎ᠠ᠃
2. ᠬᠠᠢ ᠵᠢᠶᠦ᠋ᠨ
ᠬᠡᠯᠡᠬᠦ ᠦᠭᠡ ᠶ᠋ᠢ ᠡᠵᠡᠨ ᠳ᠋ᠦ᠍ ᠨᠢ
ᠲᠠᠯᠪᠢᠬᠤ ᠮᠣᠷᠢ ᠶ᠋ᠢ ᠢᠵᠢᠯᠢ ᠳ᠋ᠦ᠍ ᠨᠢ᠃
3. ᠦᠵᠢᠶᠡᠳ ᠡᠷᠳᠡᠨᠢᠴᠡᠴᠡᠭ
ᠡᠬᠢᠯᠡᠵᠦ ᠭᠢᠰᠬᠢᠭᠰᠡᠨ ᠨᠤᠲᠤᠭ ᠤ᠋ᠨ ᠮᠢᠨᠢ ᠰᠢᠷᠣᠢ ᠨᠠᠳᠠ ᠳ᠋ᠠᠭᠠᠨ ᠡᠬᠡᠯᠢᠲᠡᠶ᠋ᠢᠬᠢᠨ
ᠡᠭᠡᠰᠢᠭ ᠢᠷᠠᠭᠤ ᠨᠤᠲᠤᠭ ᠤ᠋ᠨ ᠮᠢᠨᠢ ᠠᠶᠠᠯᠭᠤ ᠨᠠᠳᠠ ᠳ᠋ᠠᠭᠠᠨ ᠲᠣᠳᠣᠬᠠᠨ᠃
4. ᠣᠶᠤᠨᠬᠤᠸᠠᠷ
ᠵᠠᠯᠠᠭᠤ ᠬᠥᠮᠦᠨ ᠵᠠᠪ ᠦᠭᠡᠢ ᠨᠢ ᠰᠠᠢᠬᠠᠨ
ᠽᠠᠨᠳᠠᠨ ᠮᠣᠳᠣ ᠶᠠᠷ ᠦᠭᠡᠢ ᠨᠢ ᠰᠠᠢᠬᠠᠨ᠃
5. ᠭᠠᠩᠰᠥ᠋ᠬᠡ
ᠨᠠᠭᠤᠨᠪᠢᠯᠢᠭ᠌ ᠪᠠᠭᠰᠢ ᠶ᠋ᠢᠨ ᠠᠮᠢ ᠰᠤᠪᠢᠯᠠᠯ ᠤ᠋ᠨ ᠥᠭᠦᠯᠡᠮᠵᠢ ᠭᠡᠬᠦ ᠨᠣᠮ ᠳ᠋ᠠᠬᠢ ᠡᠷᠡᠭᠦᠯ ᠮᠡᠨᠳᠦ ᠶ᠋ᠢᠨ ᠪᠠᠷᠢᠮᠵᠢᠶ᠎ᠠ
(1) ᠴᠣᠭ ᠵᠢᠪᠬᠤᠭ᠎ᠠ ᠲᠡᠭᠦᠯᠳᠡᠷ ᠡᠳᠦᠷ ᠳᠣᠳᠣᠮ ᠤ᠋ᠨ ᠠᠵᠢᠯ ᠢ᠋ᠶ᠋ᠠᠨ ᠰᠢᠰᠲ᠋ᠧᠮ ᠲᠡᠢ ᠪᠡᠶᠡᠯᠡᠭᠦᠯᠵᠦ ᠴᠢᠳᠠᠬᠤ ᠪᠠ ᠠᠵᠢᠯ ᠠᠮᠢᠳᠤᠷᠠᠯ ᠤ᠋ᠨ ᠳᠠᠷᠤᠭᠠᠰᠤ ᠳ᠋ᠤ᠌ ᠪᠤᠬᠢᠨᠢᠳᠤᠬᠤ ᠦᠭᠡᠢ ᠨᠤᠭᠤᠷᠠᠬᠤ ᠦᠭᠡᠢ᠃
(2) ᠶᠠᠮᠠᠷᠴᠤ ᠬᠡᠷᠡᠭ ᠤᠴᠢᠷ ᠲᠤ᠌ ᠪᠦᠷ ᠤᠷᠮ᠎ᠠ ᠰᠡᠳᠬᠢᠯᠭᠡ ᠲᠡᠢ ᠪᠡᠷ ᠬᠠᠨᠳᠤᠬᠤ᠂ ᠲᠠᠨᠢᠯᠲᠠ ᠰᠢᠳᠤᠷᠭᠤ᠂ ᠬᠠᠷᠢᠭᠤᠴᠠᠯᠭ᠎ᠠ ᠡᠭᠦᠷᠭᠡᠯᠡᠬᠦ ᠵᠣᠷᠢᠭ ᠲᠠᠢ᠂ ᠪᠠᠭ᠎ᠠ ᠤᠴᠢᠷ ᠲᠤ᠌ ᠪᠣᠳᠣᠯᠭ᠎ᠠ ᠵᠠᠩᠭᠢᠷᠠᠬᠤ ᠦᠭᠡᠢ᠃
(3) ᠠᠵᠢᠯᠯᠠᠵᠤ ᠠᠮᠠᠷᠠᠬᠤ ᠪᠠᠨ ᠵᠣᠬᠢᠴᠠᠭᠤᠯᠵᠤ ᠴᠢᠳᠠᠬᠤ᠂ ᠤᠨᠲᠠᠬᠤ ᠨᠣᠢᠷ ᠰᠠᠢᠨ᠃
(4) ᠨᠡᠢᠭᠡᠮ ᠦ᠋ᠨ ᠣᠷᠴᠢᠨ ᠲᠣᠭᠣᠷᠢᠨ ᠤ᠋ ᠬᠤᠪᠢᠷᠠᠯᠲᠠ ᠶ᠋ᠢ ᠳᠠᠭᠠᠨ᠂ ᠪᠡᠶ᠎ᠡ ᠰᠡᠳᠬᠢᠯ ᠢ᠋ᠶ᠋ᠡᠨ ᠲᠣᠬᠢᠷᠠᠭᠤᠯᠤᠨ ᠠᠶᠠᠲᠠᠢ ᠨᠢᠭᠡᠳᠴᠦ ᠴᠢᠳᠠᠬᠤ ᠴᠢᠳᠠᠪᠤᠷᠢ ᠲᠠᠢ᠃
(5) ᠶᠡᠷᠦ ᠶ᠋ᠢᠨ ᠴᠠᠭ ᠲᠤ᠌ ᠲᠠᠭᠰᠢᠭᠤᠷ ᠲᠣᠮᠣᠭ᠎ᠠ ᠪᠣᠯᠤᠨ ᠬᠠᠯᠳᠠᠪᠤᠷᠢᠲᠤ ᠡᠪᠡᠳᠴᠢᠨ ᠢ᠋ ᠡᠰᠡᠷᠭᠦᠴᠡᠬᠦ ᠴᠢᠳᠠᠪᠤᠷᠢ ᠰᠠᠢᠨ᠃
(6) ᠪᠡᠶ᠎ᠡ ᠶ᠋ᠢᠨ ᠬᠦᠨᠳᠦ ᠵᠣᠬᠢᠮᠵᠢᠲᠠᠢ᠂ ᠪᠡᠶ᠎ᠡ ᠪᠢᠯᠳᠠᠷ ᠲᠡᠭᠰᠢ᠃
(7) ᠨᠢᠳᠦ ᠬᠤᠷᠴᠠ᠂ ᠤᠬᠠᠭᠠᠨ ᠰᠠᠷᠠᠯ ᠰᠣᠷᠭᠣᠭ᠃
(8) ᠰᠢᠳᠦᠨ ᠦ᠌ ᠤᠷᠭᠤᠯᠲᠠ ᠲᠡᠭᠰᠢ᠂ ᠢᠳᠡᠭᠳᠡᠯ ᠦᠭᠡᠢ᠃
(9) ᠭᠡᠵᠢᠭᠡ ᠦᠰᠦ ᠭᠢᠯᠠᠭᠠᠷ ᠥᠩᠭᠡ ᠲᠡᠢ᠂ ᠲᠣᠯᠣᠭᠠᠢ ᠶ᠋ᠢᠨ ᠬᠠᠭ ᠴᠥᠭᠡᠨ᠃
(10) ᠪᠤᠯᠴᠢᠩ ᠮᠢᠬ᠎ᠠ
6.ᠳᠠᠯᠠᠨᠲᠠᠢ
ᠬᠥᠬᠡ ᠠᠭᠠᠷ ᠢ᠋ ᠪᠦᠷᠬᠦᠭᠰᠡᠨ ᠬᠠᠷ᠎ᠠ ᠡᠭᠦᠯᠡ ᠬᠡᠰᠡᠭ ᠬᠡᠰᠡᠭ ᠢ᠋ᠶ᠋ᠡᠷ ᠡᠮᠦᠨᠡᠰᠢ ᠪᠡᠨ ᠨᠡᠭᠦᠵᠦ᠂ ᠬᠥᠳᠡᠭᠡ ᠨᠤᠲᠤᠭ ᠤ᠋ᠨ ᠵᠡᠭᠦᠨ ᠵᠠᠬ᠎ᠠ ᠠ᠋ᠴᠠ᠃ ᠠᠯᠲᠠᠨ ᠲᠤᠶᠠᠭ᠎ᠠ ᠰᠠᠴᠤᠷᠠᠭᠠᠳ ᠬᠥᠷᠥᠰᠥᠲᠦ ᠭᠠᠵᠠᠷ ᠴᠡᠴᠡᠭ ᠬᠤᠸᠠᠷ ᠪᠤᠯᠪᠠᠷᠠᠢ ᠴᠣᠮᠣᠷᠯᠢᠭ ᠢ᠋ᠶ᠋ᠠᠨ ᠳᠡᠯᠭᠡᠨ ᠮᠦᠰᠢᠶᠡᠵᠦ ᠬᠣᠯᠠ ᠶ᠋ᠢᠨ ᠥᠨᠳᠥᠷ᠂ ᠣᠭᠲᠠᠷᠭᠤᠢ ᠳ᠋ᠤ᠌ ᠬᠤᠨ ᠭᠠᠯᠠᠭᠤ ᠭᠣᠩᠭᠣᠷ ᠭᠠᠩᠭᠠᠷ ᠳᠣᠩᠭᠣᠳᠤᠨ ᠨᠢᠰᠦᠨ᠎ᠡ᠃ ᠨᠠᠷᠠᠨ ᠮᠠᠨᠳᠤᠪᠠ᠃( ᠥᠷ ᠤ᠋ᠨ ᠭᠡᠭᠡ )
7.ᠵᠢᠷᠠᠨᠲᠠᠢ
ᠭᠡᠭᠡ ᠰᠢᠬᠠᠬᠤ ᠦᠶ᠎ᠡ ᠳ᠋ᠦ᠍᠂ ᠦᠷ ᠦ᠋ᠨ ᠵᠢᠪᠠᠷ ᠡᠪᠡᠰᠦᠲᠦ ᠲᠠᠯ᠎ᠠ ᠶ᠋ᠢ ᠦᠯᠢᠶᠡᠵᠦ᠂ ᠴᠡᠩᠬᠡᠷ ᠥᠩᠭᠡᠲᠡᠢ ᠨᠢᠮᠭᠡᠨ ᠡᠭᠦᠯᠡᠰ ᠠᠭᠤᠯᠠ ᠶ᠋ᠢᠨ ᠣᠷᠣᠢ ᠪᠠᠷ ᠨᠡᠭᠦᠵᠦ᠂ ᠦᠷ ᠦ᠋ᠨ ᠬᠦᠢᠲᠡᠨ ᠦ᠌ ᠪᠣᠯᠵᠣᠮᠣᠷ ᠰᠢᠪᠠᠤᠬᠠᠢ ᠤ᠋ᠳ ᠥᠭᠡᠳᠡ ᠪᠡᠨ ᠤᠷᠤᠭᠤ ᠪᠠᠨ ᠨᠢᠰᠦᠯᠴᠡᠨ᠂ ᠵᠡᠭᠦᠨ ᠵᠦᠭ ᠲᠤᠶᠠᠭᠠᠷᠠᠬᠤ ᠦᠶ᠎ᠡ ᠳ᠋ᠦ᠍ ᠰᠠᠢ ᠡᠬᠢᠯᠡᠨ ᠳᠣᠩᠭᠣᠳᠤᠯᠴᠠᠨᠠ᠃( ᠥᠷ ᠤ᠋ᠨ ᠭᠡᠭᠡ )
8. ᠴᠠᠬᠠᠷ ᠪᠠᠲᠤ
ᠬᠥᠮᠦᠨ ᠢ᠋ ᠬᠥᠮᠦᠨ ᠬᠦᠴᠦᠷᠡᠬᠦ ᠦᠭᠡᠢ ᠦᠢᠯᠡ ᠶ᠋ᠢᠨ ᠦᠷ᠎ᠡ ᠬᠦᠴᠦᠷᠡᠨᠡ᠂
ᠠᠳᠠᠪᠠᠰᠢ ᠪᠠᠶᠠᠨ ᠥᠪ ᠰᠣᠶᠣᠯ ᠠᠰᠢᠳᠠ ᠳᠡᠭᠡᠳᠦᠯᠡᠬᠦ ᠦᠨᠡᠲᠦ ᠡᠷᠳᠡᠨᠢ
ᠠᠮᠢᠨ ᠬᠡᠯᠡ ᠪᠡᠨ ᠬᠠᠢᠷᠠᠯᠠᠶ᠎ᠠ!
9.ᠤᠤᠭᠠᠨᠵᠢᠳ
ᠨᠣᠮᠢᠨ ᠬᠥᠬᠡ ᠣᠭᠲᠠᠷᠭᠤᠢ ᠳ᠋ᠤ᠌ ᠰᠡᠮᠡᠵᠡᠨ ᠴᠠᠭᠠᠨ ᠡᠭᠦᠯᠡ ᠰᠠᠷᠠᠨ ᠤ᠋ ᠨᠠᠭᠠᠭᠤᠷ ᠨᠡᠭᠦᠵᠦ᠂ ᠦᠷ ᠦ᠋ᠨ ᠬᠢᠷᠠᠭ᠎ᠠ ᠶ᠋ᠢᠨ ᠡᠮᠦᠨᠡᠬᠢ ᠥᠷᠯᠥᠭᠡ ᠶ᠋ᠢᠨ ᠲᠤᠩᠭᠠᠯᠠᠭ ᠠᠮᠢᠰᠬᠤᠯ ᠡᠪᠡᠰᠦᠨ ᠨᠠᠮᠠᠭᠠᠨ ᠳᠡᠭᠡᠭᠦᠷ ᠦᠶ᠎ᠡ ᠦᠶ᠎ᠡ ᠦᠢᠮᠡᠷᠡᠨᠡ᠃( ᠥᠷ ᠤ᠋ᠨ ᠭᠡᠭᠡ )
10. ᠭᠠᠸᠠ
ᠰᠠᠢᠨ ᠤ᠋ ᠦᠢᠯᠡ ᠳᠡᠯᠭᠡᠷᠡᠬᠦ ᠪᠣᠯᠲᠤᠭᠠᠢ
ᠭᠠᠰᠢᠭᠤᠨ ᠢ᠋ ᠢᠳᠡᠬᠦ ᠦᠭᠡᠢ ᠪᠣᠯ ᠠᠮᠲᠠ ᠶ᠋ᠢ ᠮᠡᠳᠡᠬᠦ ᠦᠭᠡᠢ
ᠭᠠᠰᠠᠯᠠᠩ ᠢ᠋ ᠡᠳ᠋ᠯᠡᠬᠦ ᠦᠭᠡᠢ ᠪᠣᠯ ᠵᠢᠷᠭᠠᠯ ᠢ᠋ ᠮᠡᠳᠡᠬᠦ ᠦᠭᠡᠢ
11. ᠤᠶᠤᠠᠭᠡᠷᠡᠯ
ᠳᠠᠶᠠᠭᠠᠷ ᠰᠠᠢᠨ ᠪᠠᠢᠨ᠎ᠠ᠂ ᠪᠠᠶᠠᠷᠯᠠᠬᠤ
12. ᠴᠡᠴᠡᠭ
ᠥᠪᠡᠷ ᠢ᠋ ᠪᠡᠨ ᠡᠪᠡᠳᠴᠦ ᠪᠠᠢᠨ᠎ᠠ ᠭᠡᠪᠡᠯ ᠠᠮᠢᠳᠤ ᠪᠠᠢᠬᠤ ᠶ᠋ᠢᠨ ᠢᠯᠡᠷᠡᠯ᠂
ᠥᠷᠥᠭᠡᠯ ᠦ᠋ᠨ ᠡᠪᠡᠳᠴᠦ ᠪᠠᠢᠬᠤ ᠶ᠋ᠢ ᠮᠡᠳᠡᠷᠡᠪᠡᠯ ᠬᠥᠮᠦᠨ ᠪᠠᠢᠬᠤ ᠶ᠋ᠢᠨ ᠰᠢᠨᠵᠢ᠃
13. ᠰᠣᠨᠢᠨᠴᠡᠴᠡᠭ᠂
ᠴᠢ ᠮᠢᠨᠢ ᠮᠣᠩᠭᠣᠯ ᠶᠤᠮ ᠪᠣᠯ ᠪᠣᠰᠤᠭ᠎ᠠ ᠦᠰᠦᠭ ᠢ᠋ᠶ᠋ᠡᠨ ᠪᠢᠴᠢᠵᠦ ᠶᠠᠪᠤᠭᠠᠷᠠᠢ!
ᠥᠪ ᠰᠣᠶᠣᠯ ᠢ᠋ᠶ᠋ᠠᠨ ᠳᠡᠭᠡᠳᠦᠯᠡᠵᠦ ᠶᠠᠪᠤᠭᠠᠷᠠᠢ!
14. ᠠᠶᠣᠷᠽᠠᠨ᠎ᠠ ᠄
ᠮᠣᠩᠭᠣᠯ ᠬᠡᠯᠡ ᠰᠣᠶᠣᠯ ᠳ᠋ᠠᠭᠠᠨ ᠬᠠᠢᠷᠠᠲᠠᠢ ᠮᠠᠨ ᠤ᠋ ᠬᠡᠨ ᠰᠠᠢᠨ ᠪᠠᠢᠨ᠎ᠠ ᠤᠤ!
15. ᠬᠡᠷᠡᠢᠳ ᠨᠠᠷᠠᠰᠤ
ᠪᠠᠷᠰ ᠤ᠋ᠨ ᠰᠡᠭᠦᠯ ᠪᠣᠯᠬᠤ ᠪᠠᠷ ᠪᠠᠲᠠᠭᠠᠨ᠎ᠠ ᠶ᠋ᠢᠨ ᠲᠣᠯᠣᠭᠠᠢ ᠪᠣᠯ
ᠬᠥᠮᠦᠨ ᠡᠷᠬᠡ ᠪᠡᠷ ᠲᠣᠰᠣ ᠤᠤᠭᠤᠬᠤ ᠪᠠᠷ᠂
ᠥᠪᠡᠷ ᠦ᠋ᠨ ᠡᠷᠬᠡ ᠪᠡᠷ ᠤᠰᠤ ᠤᠤᠭᠤ ᠭᠡᠭᠴᠢ ᠪᠡᠷ ᠡᠷᠬᠡ ᠴᠢᠯᠥᠭᠡ ᠪᠣᠯ ᠵᠣᠯ ᠵᠢᠷᠭᠠᠯ ᠤ᠋ᠨ ᠡᠬᠢ᠃
16. ᠬᠠᠰᠠᠠᠭᠣᠯᠠ
ᠵᠦᠭ ᠮᠡᠳᠡᠬᠦ ᠦᠭᠡᠢ ᠬᠥᠮᠦᠨ ᠲᠡᠢ ᠵᠠᠮ ᠪᠢᠲᠡᠭᠡᠢ ᠪᠤᠯᠢᠶᠠᠯᠳᠤ᠂
ᠵᠥᠪ ᠮᠡᠳᠡᠬᠦ ᠦᠭᠡᠢ ᠬᠥᠮᠦᠨ ᠲᠡᠢ ᠶᠣᠰᠣ ᠪᠢᠲᠡᠭᠡᠢ ᠪᠤᠯᠢᠶᠠᠯᠳᠤ!
17. ᠰ᠂ ᠨᠠᠷᠠᠨᠲᠤᠶᠠᠭ᠎ᠠ
ᠪᠠᠢᠭᠠᠯᠢ ᠶ᠋ᠢᠨ ᠭᠤᠷᠪᠠᠨ ᠷᠠᠰᠢᠶᠠᠨ᠄ ᠪᠣᠷᠣᠭᠠᠨ᠂ᠴᠠᠰᠤ᠂ᠰᠢᠭᠦᠳᠡᠷᠢ᠃
ᠮᠣᠩᠭᠣᠯ ᠰᠣᠶᠣᠯ ᠳ᠋ᠤ᠌ ᠪᠠᠨ ᠬᠠᠢᠷᠠᠲᠠᠢ ᠭᠡᠳᠡᠭ ᠦᠭᠡ ᠶᠠᠷᠢᠬᠤ ᠳ᠋ᠤ᠌ ᠠᠮᠠᠷ᠂
《ᠮᠣᠩᠭᠣᠯ》 ᠭᠡᠳᠡᠭ ᠭᠠᠭᠴᠠ ᠦᠰᠦᠭ ᠢ᠋ ᠪᠢᠴᠢᠬᠦ ᠳ᠋ᠦ᠍ ᠮᠠᠨᠠᠢᠬᠢᠨ ᠶᠡᠬᠡ ᠲᠠᠮᠢᠷᠳᠠᠵᠤ ᠪᠠᠢᠨ᠎ᠠ᠃
18. ᠮᠡᠷᠭᠡᠨᠪᠢᠯᠢᠭ
ᠦᠷ᠎ᠡ ᠶ᠋ᠢᠨ ᠬᠠᠶᠠᠭ᠎ᠠ ᠭᠡᠭᠡᠷᠡᠬᠦ ᠳ᠋ᠦ᠍᠂ ᠬᠥᠮᠥᠰᠬᠡ ᠮᠡᠲᠦ ᠰᠠᠷ᠎ᠠ ᠳᠠᠯᠳᠠ ᠣᠷᠣᠭᠠᠳ ᠳᠡᠷᠭᠡᠳᠡᠭᠦᠷ ᠨᠠᠮᠤᠷ ᠤ᠋ᠨ ᠬᠢᠷᠠᠭᠤ ᠭᠢᠯᠲᠦᠭᠡᠨᠡᠵᠦ᠂ ᠲᠡᠷᠲᠡᠭᠡ ᠠᠭᠤᠯᠠ ᠶ᠋ᠢᠨ ᠣᠷᠣᠢ ᠡᠷᠪᠡᠢᠨ ᠰᠡᠷᠪᠡᠢᠨ ᠦᠵᠡᠭᠳᠡᠨ᠎ᠡ᠃( ᠥᠷ ᠤ᠋ᠨ ᠭᠡᠭᠡ )
19. ᠠ᠊᠂ ᠰᠠᠷᠠᠨᠭᠡᠷᠡᠯ
ᠮᠣᠩᠭᠣᠯ ᠯᠠ ᠶᠤᠮ ᠪᠣᠯ ᠮᠣᠩᠭᠣᠯ ᠢ᠋ᠶ᠋ᠠᠷ ᠢ᠋ᠶ᠋ᠠᠨ ᠶᠠᠷᠢᠵᠤ ᠪᠢᠴᠢᠬᠦ ᠨᠢ ᠲᠩᠷᠢ ᠶ᠋ᠢᠨ ᠵᠦᠢ᠃ ᠪᠤᠰᠤᠳ ᠤ᠋ᠨ ᠬᠡᠯᠡ ᠪᠡᠷ ᠭᠠᠩᠭᠠᠷᠠᠵᠤ᠂ ᠥᠪᠡᠷ ᠦ᠋ᠨ ᠬᠡᠯᠡ ᠪᠡᠨ ᠭᠣᠯᠣᠭᠰᠠᠳ ᠪᠣᠯ ᠪᠤᠷᠬᠠᠨ ᠤ᠋ ᠶᠣᠰᠣ ᠶ᠋ᠢ ᠵᠥᠷᠢᠴᠡᠭᠰᠡᠳ ᠪᠣᠯᠤᠨ᠎ᠠ᠃
20. ᠠᠶᠣᠷᠽᠠᠨ᠎ᠠ
ᠪᠢ ᠮᠣᠩᠭᠣᠯ ᠬᠥᠮᠦᠨ ᠭᠡᠵᠦ ᠬᠡᠯᠡᠬᠦ ᠳ᠋ᠡᠭᠡᠨ᠂ ᠮᠣᠩᠭᠣᠯ ᠤ᠋ᠨ ᠲᠥᠯᠥᠭᠡ ᠴᠣᠬᠢᠯᠠᠬᠤ ᠵᠢᠷᠦᠬᠡ ᠲᠡᠢ ᠪᠠᠢᠬᠤ ᠬᠡᠷᠡᠭᠲᠡᠢ᠃
21. ᠮᠥᠩᠭᠥᠨ
ᠷ᠂ ᠴᠣᠢᠨᠣᠮ
ᠴᠢᠬᠢ ᠪᠡᠨ ᠮᠤᠰᠬᠢᠭᠤᠯᠤᠭᠰᠠᠨ ᠷᠠᠳᠢᠣ᠋ ᠴᠢᠪ ᠴᠢᠮᠡᠭᠡ ᠦᠭᠡᠢ ᠲᠣᠬᠣᠢᠨᠠ᠂
ᠴᠢᠭᠢᠭᠲᠦ ᠪᠠᠢᠰᠢᠩ ᠤ᠋ᠨ ᠬᠠᠭᠠᠯᠭᠠᠨ ᠳ᠋ᠤ᠌ ᠴᠣᠣᠵᠢᠨ ᠤ᠋ ᠥᠨᠴᠥᠭ ᠴᠤᠬᠤᠢᠨ᠎ᠠ᠃
ᠴᠡᠩᠬᠡᠷᠯᠡᠵᠦ ᠪᠠᠢᠭ᠎ᠠ ᠠᠭᠠᠷ ᠲᠤ᠌ ᠥᠷᠭᠡᠰᠦᠲᠦ ᠲᠣᠣᠷ ᠤ᠋ᠨ ᠮᠢᠨᠢ ᠳᠡᠭᠡᠭᠦᠷ
ᠴᠸᠪᠡᠯᠰᠦ᠋ᠷᠦᠩ ᠦ᠋ᠨ ᠳᠠᠭᠤᠤ ᠥᠨᠳᠥᠷ ᠠᠪᠤᠨ ᠴᠤᠢᠯᠨᠠ᠁
22. ᠦᠵᠢᠶᠡᠳ ᠡᠷᠳᠡᠨᠢᠴᠡᠴᠡᠭ
ᠨᠠᠮᠪᠤᠭᠠ ᠬᠥᠬᠦᠦᠷ ᠢ᠋ᠶ᠋ᠡᠨ ᠪᠢᠯᠬᠠᠭᠤᠯᠳᠠᠭ
ᠨᠡᠭᠦᠳᠡᠯ ᠦ᠋ᠨ ᠰᠢᠪᠠᠭᠤ ᠭᠠᠩᠭᠠᠨᠠᠯᠳᠤᠳᠠᠭ
ᠨᠠᠭᠤᠷ ᠲᠤ᠌ ᠬᠥᠭ ᠨᠡᠮᠡᠳᠡᠭ
ᠤᠷᠠᠩᠬᠠᠢ ᠰᠡᠬᠡᠷᠬᠡᠢ ᠪᠡᠨ ᠨᠥᠬᠥᠳᠡᠭ
ᠤᠷᠬᠠᠭ ᠠᠷᠬᠠᠭ ᠢ᠋ᠶ᠋ᠠᠨ ᠡᠳᠡᠭᠡᠭᠡᠳᠡᠭ
ᠠᠭᠤᠳᠠᠮ ᠪᠠᠭᠲᠠᠭᠠᠮᠵᠢᠲᠠᠢ ᠶᠠᠪᠤᠴᠠᠭᠠᠳᠠᠭ᠃
23. ᠰᠣᠨᠢᠨᠴᠡᠴᠡᠭ᠂
ᠪᠢ ᠲᠥᠷᠥᠯᠬᠢ ᠬᠡᠯᠡ— ᠡᠬᠡ ᠬᠡᠯᠡ ᠳ᠋ᠡᠭᠡᠨ ᠬᠠᠢᠷᠠᠲᠠᠢ᠃ᠡᠬᠡ ᠬᠡᠯᠡ ᠮᠢᠨᠢ ᠮᠠᠨᠳᠤᠲᠤᠭᠠᠢ!
ᠪᠢ ᠥᠰᠬᠦ ᠨᠠᠰᠤᠨ ᠠ᠋ᠴᠠ ᠪᠠᠨ ᠥᠲᠡᠯᠬᠦ ᠨᠠᠰᠤ ᠪᠠᠨ ᠬᠦᠷᠲᠡᠯ᠎ᠡ ᠡᠬᠡ ᠬᠡᠯᠡ ᠪᠡᠨ ᠰᠤᠷᠴᠤ ᠶᠠᠪᠤᠯ᠎ᠠ᠂ ᠡᠵᠡᠮᠰᠢᠵᠦ ᠶᠠᠪᠤᠯ᠎ᠠ᠂ ᠡᠭᠡᠰᠢᠭᠯᠡᠵᠦ ᠶᠠᠪᠤᠯ᠎ᠠ᠂ ᠵᠢᠭᠠᠵᠤ ᠶᠠᠪᠤᠯ᠎ᠠ᠂ ᠭᠠᠢᠬᠠᠭᠤᠯᠵᠤ ᠶᠠᠪᠤᠯ᠎ᠠ!
24. ᠭᠠᠯᠵᠤᠳ ᠣᠶᠤᠨ
ᠮᠣᠩᠭᠣᠯ ᠢ᠋ᠶ᠋ᠠᠷ ᠢ᠋ᠶ᠋ᠠᠨ ᠶᠠᠷᠢᠯᠴᠠᠳᠠᠭ ᠭᠡᠷ ᠪᠦᠯᠢ᠂ ᠮᠣᠩᠭᠣᠯ ᠳ᠋ᠤ᠌ ᠪᠠᠨ ᠬᠠᠢᠷᠠᠲᠠᠢ ᠪᠠᠭᠰᠢ ᠬᠣᠶᠠᠷ ᠯᠠ ᠡᠬᠡ ᠬᠡᠯᠡᠨ ᠦ᠌ ᠰᠤᠷᠭᠠᠯᠲᠠ ᠶ᠋ᠢᠨ ᠲᠣᠭᠣᠨᠣ ᠶ᠋ᠢ ᠲᠤᠯᠬᠤ ᠬᠣᠣᠰ ᠪᠠᠭᠠᠨ᠎ᠠ ᠪᠣᠯᠤᠨ᠎ᠠ᠃
25. ᠮᠥᠩᠭᠥᠨ
ᠭᠤᠷᠮᠤᠰᠤᠯᠠᠵᠤ ᠬᠠᠷᠪᠤᠭᠰᠠᠨ ᠰᠤᠮᠤ ᠨᠢ ᠣᠭᠲᠠᠷᠭᠤᠢ ᠶ᠋ᠢ ᠵᠦᠰᠦᠭᠡᠳ
ᠭᠤᠷᠠᠪᠴᠢ ᠲᠤᠯᠭᠠᠭᠤᠷᠢ ᠶ᠋ᠢᠨ ᠰᠢᠬᠠᠯᠲᠠ ᠳ᠋ᠤ᠌ ᠬᠦᠴᠦᠨ ᠬᠤᠷᠠᠮᠳᠤᠭᠠᠳ
ᠭᠤᠨᠠᠨ ᠦᠬᠡᠷ ᠦ᠋ᠨ ᠡᠪᠡᠷ ᠢ᠋ᠶ᠋ᠡᠷ ᠡᠷᠴᠢᠲᠦ ᠠᠷᠠᠯ ᠪᠣᠯᠭᠠᠭᠰᠠᠨ
ᠬᠠᠨᠳᠠᠭᠠᠢ ᠶ᠋ᠢᠨ ᠡᠪᠡᠷᠲᠦ ᠡᠷᠳᠡᠨᠢ ᠶ᠋ᠢᠨ ᠡᠯᠢᠭᠡᠲᠦ ᠨᠤᠮᠤ ᠶᠤᠮ
ᠱᠠᠭᠠᠳᠠᠭ ᠴᠠᠭᠠᠨ ᠰᠤᠮᠤ ᠪᠠᠨ ᠣᠨᠢᠯᠠᠵᠤ ᠵᠣᠭᠰᠣᠬᠤ ᠳ᠋ᠤ᠌
ᠰᠠᠭᠠᠳᠠᠭ ᠬᠣᠷᠣᠮᠰᠠᠭ᠎ᠠ ᠨᠢ ᠴᠦ᠍ ᠨᠠᠳᠠ ᠳ᠋ᠤ᠌ ᠪᠠᠨ᠃
26. ᠴᠢᠮᠡᠭ
ᠡᠨᠡ ᠪᠣᠯ ᠲᠩᠷᠢ ᠶ᠋ᠢᠨ ᠨᠤᠮᠤ᠂ ᠭᠠᠵᠠᠷ ᠤ᠋ᠨ ᠰᠤᠮᠤ
ᠡᠨᠡ ᠪᠣᠯ ᠲᠡᠭᠡ ᠶ᠋ᠢᠨ ᠡᠪᠡᠷ ᠡᠯᠢᠭᠡᠲᠦ ᠨᠤᠮᠤ ᠶᠤᠮ
(ᠡᠯᠢᠭᠡᠲᠦ ᠨᠤᠮᠤ) ᠭᠡᠬᠦ ᠳᠠᠭᠤᠤ ᠶ᠋ᠢᠨ ᠰᠢᠯᠦᠭ᠃
27. ᠴᠢ᠊᠂ ᠤᠷᠠᠨᠴᠡᠴᠡᠭ
ᠣᠨᠢᠰᠣᠭ᠎ᠠ᠄
(1) ᠠᠪᠳᠠᠷ᠎ᠠ ᠪᠠᠷ ᠳᠦᠭᠦᠷᠡᠩ ᠠᠷᠵᠠᠭᠠᠷ ᠴᠠᠭᠠᠨ ᠠᠭᠠᠷᠤᠤᠯ ᠤᠯᠠᠭᠠᠨ ᠬᠣᠩᠬᠣᠷ ᠲᠤ᠌ ᠴᠠᠭᠠᠨ ᠠᠳᠤᠭᠤ᠃
(2) ᠡᠮᠡᠭᠡ ᠡᠵᠢ ᠨᠢ ᠡᠪᠡᠳᠬᠦ ᠳ᠋ᠦ᠍ ᠲᠠᠪᠤᠨ ᠬᠡᠦᠬᠡᠳ ᠨᠢ ᠰᠠᠨᠳᠤᠷᠪᠠ᠂ᠨᠠᠭᠠᠴᠤ ᠪᠠᠭᠰᠢ ᠪᠠᠨ ᠵᠠᠯᠠᠵᠤ
ᠵᠡᠭᠦᠦ ᠪᠡᠷ ᠬᠠᠳᠬᠤᠭᠠᠳ ᠡᠳᠡᠭᠡᠪᠡ᠃
(3) ᠡᠷᠡᠮᠡᠭ ᠴᠠᠭᠠᠭᠴᠢ ᠭᠡᠭᠦᠦ ᠡᠴᠡ ᠡᠷ᠎ᠡ ᠬᠠᠷ᠎ᠠ ᠤᠨᠠᠭ᠎ᠠ ᠭᠠᠷᠤᠨ᠎ᠠ ᠡᠭᠦᠨ ᠢ᠋ ᠤᠨᠤᠭᠰᠠᠨ ᠬᠥᠮᠦᠨ ᠪᠠᠭᠤᠵᠤ ᠪᠤᠲᠠ ᠮᠥ
ᠬᠠᠷᠢ᠃
ᠬᠠᠷᠢᠭᠤᠯᠲᠠ᠄1᠂ ᠰᠢᠳᠦ᠂2᠂ ᠰᠢᠲᠦ ᠰᠢᠭᠢᠴᠢᠯᠡᠬᠦ᠂3᠂ ᠰᠣᠭᠲᠣᠭᠤ ᠬᠥᠮᠦᠨ᠂
28.ᠤᠤᠭᠠᠨᠵᠢᠳ
ᠲᠩᠷᠢ ᠶ᠋ᠢᠨ ᠵᠡᠭᠦᠨ ᠬᠠᠶᠠᠭ᠎ᠠ ᠠ᠋ᠴᠠ ᠰᠦᠨ ᠴᠠᠭᠠᠨ ᠭᠡᠭᠡ ᠣᠷᠣᠵᠤ᠂ ᠬᠥᠳᠡᠭᠡ ᠨᠤᠲᠤᠭ ᠰᠥᠨᠢ ᠶ᠋ᠢᠨ ᠪᠠᠢᠳᠠᠯ ᠠ᠋ᠴᠠ ᠤᠯᠠᠮ ᠤᠯᠠᠮ ᠢ᠋ᠶ᠋ᠠᠷ ᠢᠯᠡᠷᠡᠯ᠎ᠡ᠃( ᠥᠷ ᠤ᠋ᠨ ᠭᠡᠭᠡ )
29. ᠭᠠᠸᠠ
ᠬᠥᠮᠦᠨ ᠲᠥᠷᠥᠯᠬᠢᠲᠡᠨ ᠦ᠌ ᠠᠰᠢᠭᠲᠠᠢ ᠦᠢᠯᠡᠰ ᠦ᠋ᠨ ᠳᠣᠲᠣᠷ᠎ᠠ ᠲᠡᠷᠢᠭᠦᠨ ᠴᠢᠬᠤᠯᠠ ᠨᠢ ᠰᠤᠷᠭᠠᠨ ᠬᠥᠮᠦᠵᠢᠯ ᠮᠥᠨ— ᠷᠦᠰᠰᠦ᠋
ᠵᠢᠩᠬᠢᠨᠢ ᠬᠥᠮᠦᠵᠢᠯ ᠪᠣᠯ ᠠᠮᠠᠨ ᠪᠣᠯᠪᠠᠰᠤᠷᠠᠯ ᠪᠢᠰᠢ᠂ ᠠᠵᠢᠯ ᠪᠡᠶᠡᠯᠡᠯ ᠳ᠋ᠦ᠍ ᠪᠣᠢ — ᠷᠦᠰᠰᠦ᠋
30. ᠬᠣᠪᠢᠰᠬᠠᠯᠮ᠎ᠠ
ᠦᠷ ᠦ᠋ᠨ ᠭᠡᠭᠡ ᠭᠡᠢᠵᠦ᠂ ᠥᠳᠬᠡᠨ ᠡᠭᠦᠯᠡᠰ ᠨᠢᠮᠭᠡᠷᠡᠵᠦ᠂ ᠳᠣᠭᠰᠢᠨ ᠰᠠᠯᠬᠢᠨ ᠤ᠋ ᠡᠷᠴᠢ ᠰᠤᠯᠠᠷᠠᠨ᠂ ᠰᠢᠷᠦᠭᠦᠨ ᠪᠣᠷᠣᠭᠠᠨ ᠨᠠᠮᠵᠢᠵᠤ᠂ ᠰᠢᠷ᠎ᠠ ᠭᠡᠭᠡ ᠣᠷᠣᠪᠠ᠃( ᠥᠷ ᠤ᠋ᠨ ᠭᠡᠭᠡ )
31. ᠦᠵᠢᠶᠡᠳ ᠡᠷᠳᠡᠨᠢᠴᠡᠴᠡᠭ
ᠲᠠᠷᠭᠤ ᠳᠡᠪᠡᠭᠡᠷ ᠠᠪᠬᠤᠭᠤᠯᠳᠠᠭ
ᠲᠡᠪᠡᠭᠡᠯᠡᠵᠦ ᠴᠢᠭᠲᠠᠯᠠᠵᠤ ᠲᠣᠷᠭᠣᠳᠠᠭ
ᠳᠡᠪᠬᠡ ᠢᠰᠬᠦᠯᠵᠦ ᠨᠠᠭᠠᠳᠳᠠᠭ
ᠪᠦᠯᠢᠭᠦᠷ ᠢ᠋ᠶ᠋ᠡᠷ ᠪᠦᠯᠢᠳᠡᠭ
ᠪᠦᠰᠡ ᠪᠡᠨ ᠪᠦᠰᠡᠯᠡᠳᠡᠭ
ᠪᠦᠰᠡᠯᠡᠭᠦᠷ ᠦ᠋ᠨ ᠬᠢᠯᠭᠠᠰᠤ ᠶ᠋ᠢ ᠲᠡᠭᠦᠳᠡᠭᠯᠡᠳᠡᠭ᠃
32. ᠮᠥᠩᠭᠥᠨ
ᠠᠩᠭᠢᠷ ᠰᠢᠭ᠋ ᠨᠢᠰᠬᠦ ᠳᠠᠭᠤᠨ ᠤ᠋ ᠮᠢᠩᠭᠠᠨ ᠮᠧᠲ᠋ᠷ ᠡᠴᠡ ᠰᠢᠭᠦᠷᠡᠬᠦ
ᠷᠠᠳᠢᠣ᠋ ᠬᠡᠮᠡᠬᠦ ᠰᠢᠳᠢᠲᠡᠨ ᠴᠣᠣᠵᠢᠨ ᠤ᠋ ᠴᠠᠭᠠᠨ᠎ᠠ ᠦᠭᠡᠢ᠃
ᠠᠶᠤᠤᠯᠢᠬᠠᠢ ᠵᠢᠷᠦᠬᠡ ᠳᠠᠪᠴᠢᠳᠠᠭᠰᠠᠨ ᠮᠢᠨᠦ ᠨᠢᠭᠡᠨ ᠰᠡᠳᠬᠢᠯ
ᠠᠶ᠎ᠠ ᠳᠠᠭᠤᠤ ᠪᠠᠷ ᠴᠠᠩᠭᠠᠵᠤ ᠡᠩᠭᠡᠷ ᠢ᠋ᠶ᠋ᠡᠨ ᠮᠠᠭᠠᠵᠢᠨ ᠭᠠᠩᠰᠠᠷᠠᠨ᠎ᠠ᠃ ( ᠷ᠂ ᠴᠣᠢᠨᠣᠮ)
33. ᠠᠵᠠᠵᠠᠶᠠᠭ᠎ᠠ
ᠦᠬᠡᠷ ᠦ᠋ᠨ ᠨᠠᠰᠤ ᠵᠢᠯ ᠦ᠋ᠨ ᠨᠡᠷᠡᠢᠳᠦᠯ
ᠨᠢᠭᠡ᠂ ᠲᠤᠰ ᠵᠢᠯ ᠦ᠋ᠨ ᠲᠥᠯ ᠢ᠋ ᠲᠤᠭᠤᠯ ᠭᠡᠨ᠎ᠡ᠂
ᠬᠣᠶᠠᠷ᠂ ᠬᠣᠶᠠᠷ ᠨᠠᠰᠤ ᠲᠠᠢ ᠶ᠋ᠢ ᠪᠢᠷᠠᠭᠤ ᠭᠡᠨ᠎ᠡ᠂
ᠭᠤᠷᠪᠠ᠂ ᠭᠤᠷᠪᠠᠨ ᠨᠠᠰᠤ ᠲᠠᠢ ᠡᠷ᠎ᠡ ᠦᠬᠡᠷ ᠢ᠋ ᠰᠢᠳᠦᠯᠡᠩ᠂ ᠪᠠᠰᠠ ᠭᠤᠨᠠᠨ ᠦᠬᠡᠷ(ᠭᠤᠨ᠎ᠠ) ᠭᠡᠵᠦ ᠡᠮ᠎ᠡ ᠦᠬᠡᠷ ᠢ᠋ ᠭᠤᠨᠵᠢ ᠭᠡᠳᠡᠭ᠂
ᠳᠥᠷᠪᠡ᠂ ᠳᠥᠷᠪᠡᠨ ᠨᠠᠰᠤ ᠲᠠᠢ ᠡᠷ᠎ᠡ ᠦᠬᠡᠷ ᠢ᠋ ᠳᠥᠨ᠎ᠡ ᠭᠡᠵᠦ᠂ ᠡᠮ᠎ᠡ ᠦᠬᠡᠷ ᠢ᠋ ᠳᠥᠨᠵᠢ ᠭᠡᠳᠡᠭ᠂
ᠲᠠᠪᠤ᠂ ᠲᠠᠪᠤᠨ ᠨᠠᠰᠤ ᠲᠠᠢ ᠶ᠋ᠢ ᠬᠢᠵᠠᠯᠠᠩ ᠭᠡᠨ᠎ᠡ᠂
ᠵᠢᠷᠭᠤᠭ᠎ᠠ᠂ ᠵᠢᠷᠭᠤᠭᠠᠨ ᠨᠠᠰᠤ ᠲᠠᠢ ᠶ᠋ᠢ ᠰᠣᠶᠣᠭᠠᠯᠠᠩ ᠭᠡᠨ᠎ᠡ᠂
ᠳᠣᠯᠣᠭ᠎ᠠ᠂ ᠳᠣᠯᠣᠭᠠᠨ ᠨᠠᠰᠤ ᠲᠠᠢ ᠡᠷ᠎ᠡ ᠦᠬᠡᠷ ᠢ᠋ ᠰᠣᠩᠬᠤ ᠪᠤᠶᠤ ᠪᠦᠳᠦᠭᠦᠨ ᠡᠷ᠎ᠡ ᠦᠬᠡᠷ ᠭᠡᠵᠦ ᠡᠮ᠎ᠡ ᠦᠬᠡᠷ ᠢ᠋ ᠪᠦᠳᠦᠭᠦᠨ ᠦᠨᠢᠶ᠎ᠡ ᠭᠡᠨ᠎ᠡ᠂
ᠨᠠᠢ᠍ᠮᠠ᠂ ᠬᠠᠪᠤᠷ ᠵᠤᠨ ᠲᠥᠯᠯᠡᠭᠰᠡᠨ ᠡᠬᠡ ᠮᠠᠯ ᠤ᠋ᠨ ᠰᠦ ᠨᠢ ᠨᠠᠮᠤᠷ ᠪᠣᠯᠬᠤ ᠳ᠋ᠤ᠌ ᠥᠳᠬᠡᠨ ᠪᠣᠯᠳᠠᠭ ᠪᠣᠯᠬᠣᠷ ᠬᠤᠰᠠᠷᠠᠩ ᠦᠨᠢᠶ᠎ᠡ ᠭᠡᠳᠡᠭ᠃
ᠶᠢᠰᠦ᠂ ᠲᠥᠯ ᠢ᠋ᠶ᠋ᠡᠨ ᠠᠯᠳᠠᠭᠰᠠᠨ ᠴᠤ᠌ ᠰᠦ ᠪᠡᠨ ᠰᠠᠭᠠᠯᠭᠠᠳᠠᠭ ᠦᠨᠢᠶ᠎ᠡ ᠶ᠋ᠢ ᠬᠠᠢᠳᠠᠭ ᠦᠨᠢᠶ᠎ᠡ ᠭᠡᠳᠡᠭ᠃(ᠮᠠᠨ ᠤ᠋ ᠨᠤᠲᠤᠭ ᠤ᠋ᠨ ᠨᠡᠷᠡᠢᠳᠦᠯ)
34. ᠣᠳᠬᠠᠨᠰᠣ᠎ᠠ
ᠦᠷ ᠦ᠋ᠨ ᠭᠡᠭᠡ ᠣᠷᠣᠵᠤ ᠬᠠᠷᠢ ᠬᠣᠯᠠ ᠶ᠋ᠢᠨ ᠮᠢᠩᠭ᠎ᠠ ᠲᠦᠮᠡᠨ ᠣᠳᠣᠨ ᠮᠡᠴᠢᠳ ᠣᠭᠲᠠᠷᠭᠤᠢ ᠠ᠋ᠴᠠ ᠠᠩᠭᠢᠵᠢᠷᠠᠵᠤ᠂ ᠥᠩᠭᠡᠲᠦ ᠴᠣᠯᠮᠣᠨ ᠠᠯᠤᠰ ᠤ᠋ᠨ ᠠᠭᠠᠷ ᠲᠤ᠌ ᠨᠢᠭᠤᠭᠳᠠᠪᠠ᠃( ᠥᠷ ᠤ᠋ᠨ ᠭᠡᠭᠡ )
35. ᠨᠠᠷᠨᠨᠲᠣᠭᠣᠰ
ᠦᠷ ᠴᠠᠢᠵᠤ᠂ ᠲᠣᠭᠣᠨᠣ ᠪᠠᠷ ᠴᠠᠭᠠᠨ ᠭᠡᠭᠡ ᠲᠣᠰᠣᠨ᠂ ᠭᠡᠷ ᠳᠣᠲᠣᠷ᠎ᠠ ᠰᠠᠷᠠᠭᠤᠯ ᠲᠠᠲᠠᠭᠰᠠᠭᠠᠷ ᠡᠳᠦᠷ ᠪᠣᠯᠤᠯ᠎ᠠ᠃( ᠥᠷ ᠤ᠋ᠨ ᠭᠡᠭᠡ )
36. ᠰᠡᠴᠡᠨᠪᠠᠭᠠᠳᠤᠷ
ᠳᠠᠶᠠᠭᠠᠷ ᠢ᠋ᠶ᠋ᠠᠨ ᠰᠠᠢᠨ ᠪᠠᠢᠨ᠎ᠠ ᠤᠤ?ᠬᠣᠶᠠᠷ ᠰᠣᠷᠢᠯᠲᠠ ᠪᠠᠨ ᠡᠳᠦᠷ ᠪᠣᠯᠭᠠᠨ ᠴᠢᠷᠮᠠᠢᠨ ᠪᠢᠴᠢᠵᠦ ᠪᠠᠢᠶ᠎ᠠ ᠬᠠᠮᠲᠤ ᠪᠠᠷ
ᠴᠢᠷᠮᠠᠢᠶ᠎ᠠ!
37. ᠰᠣᠶᠣᠯᠲᠤ
ᠠᠬ᠎ᠠ ᠶ᠋ᠢᠨ ᠦᠭᠡ ᠶ᠋ᠢ ᠬᠣᠭᠣᠯᠠ ᠲᠠᠢ ᠪᠠᠨ ᠢᠳᠡᠵᠦ᠂ ᠠᠯᠤᠰ ᠤ᠋ᠨ ᠰᠠᠨᠠᠭ᠎ᠠ ᠶ᠋ᠢ ᠬᠣᠷᠮᠣᠢ ᠲᠠᠢ ᠪᠠᠨ ᠬᠤᠳᠬᠤᠵᠤ ᠦᠯᠦ ᠪᠣᠯᠬᠤ᠃(《ᠪᠦᠯᠵᠢᠭᠡᠠ ᠬᠠᠲᠤᠨ》 ᠭᠡᠬᠦ ᠷᠣᠮᠠᠨ ᠤ᠋ ᠰᠣᠳᠣᠨ ᠬᠡᠯᠡᠯᠭᠡ)
38. ᠴᠢ᠂ ᠤᠷᠠᠨᠴᠡᠴᠡᠭ
ᠣᠨᠢᠰᠣᠭ᠎ᠠ᠄
(1) ᠰᠡᠮᠡᠰᠡᠭᠡᠷ ᠢ᠋ᠶ᠋ᠡᠨ ᠡᠭᠦᠷᠦᠭᠡᠳ ᠰᠡᠷᠲᠡᠭᠡᠷ ᠢ᠋ᠶ᠋ᠡᠨ ᠳᠠᠭᠠᠭᠤᠯᠤᠭᠠᠳ ᠲᠠᠯ᠎ᠠ ᠶ᠋ᠢᠨ ᠠᠳᠤᠭᠤ ᠶ᠋ᠢ ᠳᠡᠰ ᠬᠤᠷᠢᠶᠠᠨ᠎ᠠ᠂
(2) ᠶᠡᠬᠡ ᠰᠢᠷᠭ᠎ᠠ ᠪᠠᠨ ᠤᠨᠤᠭᠠᠳ ᠪᠠᠭ᠎ᠠ ᠰᠢᠷᠭ᠎ᠠ ᠪᠠᠨ ᠬᠥᠲᠥᠯᠦᠭᠡᠳ ᠲᠠᠯ᠎ᠠ ᠶ᠋ᠢᠨ ᠠᠳᠤᠭᠤ ᠶ᠋ᠢ ᠳᠡᠰ ᠬᠤᠷᠢᠶᠠᠨ᠎ᠠ᠂
(3) ᠣᠴᠢᠬᠤ ᠳ᠋ᠠᠭᠠᠨ ᠬᠤᠰᠠᠷᠠᠩ ᠢᠷᠡᠬᠦ ᠳ᠋ᠡᠭᠡᠨ ᠬᠡᠭᠡᠯ ᠲᠡᠢ᠃
ᠬᠠᠷᠢᠭᠤᠯᠲᠠ᠄ᠠᠷᠭᠠᠯ ᠲᠡᠭᠦᠬᠦ
39. ᠪᠠᠶᠠᠨᠬᠠᠩᠭᠠᠢ
(1) ᠡᠩ ᠦᠭᠡᠢ ᠬᠣᠷᠸ᠎ᠠ ᠬᠡᠨ ᠨᠢᠭᠡᠨ ᠢ᠋ᠶ᠋ᠡᠷ ᠳᠤᠲᠠᠬᠤ ᠦᠭᠡᠢ ᠴᠦ᠍᠂ᠡᠯᠢᠭᠡᠨ ᠮᠣᠩᠭᠣᠯ ᠴᠢᠨᠢ ᠭᠠᠭᠴᠠ ᠴᠢᠮ᠎ᠠ ᠪᠠᠷ ᠳᠤᠲᠠᠨ᠎ᠠ᠂
ᠡᠨᠡ ᠳᠡᠯᠡᠬᠡᠢ ᠡᠯᠳᠡᠪ ᠬᠡᠯᠡ ᠪᠡᠷ ᠳᠤᠲᠠᠬᠤ ᠦᠭᠡᠢ ᠴᠦ᠍᠂ ᠡᠩᠬᠦᠷᠡᠢ ᠦᠷᠡᠰ ᠴᠢᠨᠢ ᠡᠬᠡ ᠬᠡᠯᠡ ᠪᠡᠷ ᠳᠤᠲᠠᠨ᠎ᠠ᠃
(2) ᠣᠨ ᠤ᠋ ᠬᠦᠷᠳᠦᠨ ᠳ᠋ᠦ᠍ ᠲᠡᠦᠬᠡ ᠮᠢᠨᠢ ᠪᠣᠰᠤᠭ᠎ᠠ᠂ᠣᠯᠠᠨ ᠤ᠋ ᠮᠡᠯᠮᠡᠢ ᠳ᠋ᠦ᠍ ᠦᠰᠦᠭ ᠮᠢᠨᠢ ᠪᠣᠰᠤᠭ᠎ᠠ᠃
40. ᠠᠯᠲᠠᠨᠴᠢᠮᠡᠭ
ᠭᠤᠷᠪᠠᠨ ᠲᠡᠭᠰᠢ ᠦᠭᠡᠢ
ᠲᠩᠷᠢ ᠶ᠋ᠢᠨ ᠰᠠᠯᠬᠢᠨ ᠲᠡᠭᠰᠢ ᠦᠭᠡᠢ
ᠲᠥᠷᠥᠭᠰᠡᠨ ᠪᠡᠶ᠎ᠡ ᠮᠥᠩᠬᠡ ᠦᠭᠡᠢ
ᠲᠡᠷᠭᠡᠯ ᠰᠠᠷᠠᠨ ᠬᠡᠪ ᠢ᠋ᠶ᠋ᠡᠷ ᠦᠭᠡᠢ
ᠭᠤᠷᠪᠠᠨ ᠲᠣᠯᠢ
ᠵᠢᠰᠦ ᠭᠡᠳᠡᠭ ᠳᠦᠷᠢ ᠶ᠋ᠢᠨ ᠲᠣᠯᠢ
ᠵᠢᠷᠦᠬᠡ ᠭᠡᠳᠡᠭ ᠰᠡᠳᠬᠢᠯ ᠦ᠋ᠨ ᠲᠣᠯᠢ
ᠵᠡᠭᠦᠳᠦ ᠭᠡᠳᠡᠭ ᠪᠣᠳᠣᠯ ᠤ᠋ᠨ ᠲᠣᠯᠢ
41. ᠮᠥᠩᠭᠥᠨ
ᠷ᠂ ᠴᠣᠢᠨᠣᠮ
ᠭᠠᠩᠰᠠᠷᠠᠭᠰᠠᠨ ᠵᠢᠷᠦᠬᠡᠨ ᠳ᠋ᠦ᠍ ᠮᠢᠨᠢ ᠢᠷᠠᠭᠤᠬᠠᠨ ᠦᠨᠡᠨ ᠢ᠋ ᠶᠠᠷᠢᠬᠤ
ᠭᠠᠭᠴᠠᠬᠠᠨ ᠳᠠᠭᠤᠤ ᠶ᠋ᠢ ᠪᠢ ᠲᠠᠨ ᠠ᠋ᠴᠠ ᠴᠢᠩᠨᠠᠶᠠ ᠭᠡᠰᠡᠨ ᠶᠤᠮ᠃
ᠠᠭᠤᠯᠠ᠂ ᠤᠰᠤ᠂ ᠲᠠᠯ᠎ᠠ᠂ ᠲᠠ ᠪᠢᠳᠡᠨ ᠢ᠋ ᠵᠠᠭᠠᠭᠯᠠᠵᠤ
ᠤᠷᠠᠯᠢᠭ ᠰᠣᠶᠣᠯ ᠤ᠋ᠨ ᠬᠠᠭᠠᠴᠠᠯ ᠢ᠋ᠶ᠋ᠠᠷ ᠤᠢᠳᠬᠠᠷᠲᠤ ᠵᠢᠷᠦᠬᠡᠨ ᠤᠬᠢᠯᠠᠵᠤ ᠪᠠᠢᠨ᠎ᠠ᠃
42. ᠦᠵᠢᠶᠡᠳ ᠡᠷᠳᠡᠨᠢᠴᠡᠴᠡᠭ
ᠰᠠᠮᠠᠭᠤᠨ ᠬᠥᠮᠦᠨ ᠲᠡᠢ ᠪᠦᠦ ᠬᠠᠨᠢᠯᠠ
ᠰᠠᠨᠠᠭᠰᠠᠨ ᠪᠦᠬᠦᠨ ᠢ᠋ ᠪᠦᠦ ᠢᠳᠡ
43. ᠰᠡᠴᠡᠨᠪᠠᠭᠠᠳᠤᠷ
ᠵᠦᠭᠡᠷ ᠰᠠᠭᠤᠬᠤ ᠪᠠᠷ ᠢ᠋ᠶ᠋ᠠᠨ ᠵᠦᠯᠭᠦᠵᠦ ᠰᠠᠭᠤᠶ᠎ᠠ ᠡᠳᠦᠷ ᠪᠣᠯᠭᠠᠨ ᠬᠣᠶᠠᠷ ᠰᠣᠷᠢᠯᠲᠠ ᠪᠠᠨ ᠪᠢᠴᠢᠶ᠎ᠡ
ᠰᠦᠨ ᠰᠠᠴᠤᠯᠢ ᠠ ᠬᠣᠯᠪᠣᠭᠠᠨ ᠤ᠋ ᠨᠠᠢᠵᠠ ᠨᠠᠷ ᠠ᠋ᠴᠠ᠂ ᠤᠤᠭᠠᠨᠵᠢᠳ ᠬᠢᠨᠠᠪᠠ᠃
