ᠰᠢᠯᠤ-ᠬᠠᠰᠡᠷᠳᠡᠨᠢShil-KhaserdenШил-Хасэрдэн
ᠰᠢᠯᠤ
ᠬᠠᠰᠡᠷᠳᠡᠨᠢ ᠳᠠᠭᠤᠯᠠᠨ᠎ᠠ
ᠬᠣᠷᠴᠢᠨ ᠠᠷᠠᠳ ᠤ᠋ᠨ ᠳᠠᠭᠤᠤ
ᠲᠥᠷᠥᠭᠡᠳ ᠯᠡ ᠲᠡᠭᠡᠭᠰᠡᠨ ᠬᠦᠢ ᠭᠠᠵᠠᠷ ᠢ᠋ ᠴᠢᠨᠢ ᠬᠡᠯᠡᠪᠡᠯ ᠠ᠋ ᠬᠦᠢ
ᠲᠦᠰᠢᠶᠡᠲᠦ ᠶ᠋ᠢᠨ ᠬᠣᠰᠢᠭᠤ ᠥᠪᠥᠷᠵᠢᠯᠠᠭ᠎ᠠ ᠶ᠋ᠢᠨ ᠠᠢᠯ ᠶᠤᠮ ᠠ᠋ ᠬᠦᠢ
ᠲᠦᠪᠡᠭᠳᠡᠭᠡᠳ ᠯᠡ ᠵᠠᠶᠠᠭᠠᠭᠠᠳ ᠲᠡᠭᠡᠭᠰᠡᠨ ᠭᠠᠵᠠᠷ ᠢ᠋ ᠴᠢᠨᠢ ᠬᠡᠯᠡᠪᠡᠯ ᠠ᠋ ᠠ ᠰᠢᠯᠦ ᠠ᠋
ᠬᠢᠵᠠᠭᠠᠷ ᠤ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ᠂ ᠬᠠᠢᠷᠬᠠᠨ ᠰᠦᠢ ᠵᠢᠩ ᠦ᠋ᠨ ᠪᠠᠶᠠᠨ ᠳᠡᠭᠡᠷ᠎ᠡ ᠠ᠋ ᠬᠦᠢ
ᠤᠤᠭᠤᠭᠠᠳ ᠯᠠ ᠲᠡᠭᠡᠭᠰᠡᠨ ᠤᠰᠤ ᠶ᠋ᠢ ᠴᠢᠨᠢ ᠬᠡᠯᠡᠪᠡᠯ ᠠ᠋ ᠬᠦᠢ
ᠤᠷᠳᠤᠭᠤᠷ ᠴᠢᠨᠢ ᠤᠷᠤᠰᠴᠤ ᠯᠠ ᠪᠠᠢᠬᠤ ᠬᠤᠤᠯᠢᠨ ᠭᠣᠣᠯ ᠤ᠋ᠨ ᠤᠰᠤ ᠶᠤᠮ ᠠ᠋ ᠬᠦᠢ
ᠤᠴᠠᠷᠠᠭᠠᠳ ᠯᠠ ᠵᠠᠶᠠᠭᠠᠭᠠᠳ ᠲᠡᠭᠡᠭᠰᠡᠨ ᠭᠠᠵᠠᠷ ᠢ᠋ ᠴᠢᠨᠢ ᠬᠡᠯᠡᠪᠡᠯ ᠠ᠋ ᠠ ᠰᠢᠯᠦ ᠠ᠋
ᠡᠲᠡᠭᠡᠳ ᠦ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ᠂ ᠡᠪᠯᠢᠭ ᠰᠦᠢ ᠵᠢᠩ ᠦ᠋ᠨ ᠪᠠᠶᠠᠨ ᠳᠡᠭᠡᠷ᠎ᠡ ᠠ᠋ ᠬᠦᠢ
ᠰᠢᠯᠤ ᠭᠡᠳᠡᠭ ᠥᠬᠢᠨ ᠪᠣᠯ ᠲᠦᠰᠢᠶᠡᠲᠦ ᠶ᠋ᠢᠨ ᠬᠣᠰᠢᠭᠤ ᠥᠪᠥᠷᠵᠢᠯᠠᠭ᠎ᠠ ᠶ᠋ᠢᠨ ᠠᠢᠯ ᠤ᠋ᠨ ᠥᠬᠢᠨ ᠶᠦ᠍ᠮ ᠠ᠋᠂ ᠠᠪᠤ ᠪᠣᠯᠤᠨ ᠮᠥᠮᠥ ᠨᠢ ᠠᠩᠭ᠎ᠠ ᠪᠠᠭ᠎ᠠ ᠰᠢᠯᠤ ᠪᠠᠨ ᠬᠦᠰᠡᠵᠦ ᠪᠠᠢᠭᠠᠳ ᠣᠯᠤᠭᠰᠠᠨ ᠬᠥᠮᠦᠨ ᠦ᠌ ᠭᠠᠭᠴᠠᠬᠠᠨ ᠥᠬᠢᠨ ᠶᠦᠮ ᠪᠣᠯᠬᠣᠷ ᠵᠠᠪᠠᠯ ᠪᠠᠰᠠ ᠨᠢᠭᠡ ᠬᠥᠮᠦᠨ ᠦ᠌ ᠭᠠᠭᠴᠠᠬᠠᠨ ᠬᠦᠦ ᠲᠡᠢ ᠭᠡᠷ ᠲᠦ᠍ ᠥᠭᠭᠦᠶ᠎ᠡ᠃ ᠢᠩᠭᠢᠪᠡᠯ ᠬᠥᠮᠦᠨ ᠪᠠᠰᠠ ᠰᠠᠨᠠᠵᠤ ᠪᠣᠳᠣᠬᠤ ᠨᠢ ᠢᠯᠡᠭᠦᠦ ᠶᠦ᠍ᠮ ᠠ᠋ ᠭᠡᠵᠦ ᠪᠣᠳᠣᠭᠰᠠᠨ ᠢ᠋ᠶ᠋ᠠᠷ ᠢ᠋ᠶ᠋ᠠᠨ ᠬᠣᠯᠠ ᠭᠠᠵᠠᠷ ᠪᠣᠯᠪᠠᠴᠤ ᠬᠣᠯᠠ ᠭᠡᠵᠦ ᠪᠣᠳᠣᠭᠰᠠᠨ ᠦᠭᠡᠢ ᠬᠢᠵᠠᠭᠠᠷ ᠤ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌ ᠬᠠᠢᠷᠬᠠᠨ ᠥᠬᠢᠨ ᠰᠢᠯᠦ ᠪᠡᠨ ᠬᠤᠷᠢᠮᠯᠠᠵᠤ ᠥᠭᠬᠦ ᠪᠡᠷ ᠲᠣᠭᠲᠠᠪᠠ᠃ ᠢᠩᠭᠢᠭᠡᠳ ᠬᠤᠷᠢᠮ ᠤ᠋ᠨ ᠡᠳᠦᠷ ᠨᠢ ᠭᠠᠷᠤᠭᠰᠠᠨ ᠤ᠋ ᠰᠡᠭᠦᠯᠡᠷ ᠬᠥᠭᠰᠢᠷᠡᠭᠡ ᠪᠣᠯᠤᠭᠰᠠᠨ ᠠᠪᠤ ᠨᠢ ᠬᠡᠦᠬᠡᠨ ᠢ᠋ᠶ᠋ᠡᠨ ᠦᠵᠡᠭᠡᠳ ᠲᠡᠰᠬᠡᠯ ᠦᠭᠡᠢ ᠳᠠᠭᠤᠯᠠᠴᠢᠬᠠᠵᠠᠢ ᠭᠡᠨ᠎ᠡ
ᠠᠩᠭ᠎ᠠ ᠪᠠᠭ᠎ᠠ ᠰᠢᠯᠤ ᠶ᠋ᠢ ᠪᠡᠨ ᠠᠷᠪᠠ ᠶᠢᠰᠦᠨ ᠨᠠᠰᠤᠯᠠᠲᠠᠯ᠎ᠠ ᠨᠢ ᠠ᠋ ᠬᠦᠢ
ᠠᠯᠤᠰ ᠤ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌ ᠠᠪᠠᠴᠢᠵᠤ ᠥᠭᠬᠦ ᠪᠡᠷ ᠢ᠋ᠶ᠋ᠡᠨ ᠲᠣᠭᠲᠠᠪᠠ ᠬᠦᠢ
ᠠᠩᠭ᠎ᠠ ᠪᠠᠭ᠎ᠠ ᠰᠢᠯᠤ ᠶ᠋ᠢ ᠪᠡᠨ ᠠᠪᠠᠴᠢᠭᠠᠳ ᠦᠬᠦᠭᠰᠡᠨ ᠦ᠌ ᠰᠡᠭᠦᠯᠡᠷ ᠠ᠋ ᠠ ᠰᠢᠯᠤ ᠠ᠋
ᠠᠭᠰᠢᠷᠠᠭ᠎ᠠ ᠪᠣᠯᠤᠭᠰᠠᠨ ᠠᠪᠤ ᠨᠢ᠂ ᠬᠡᠨ ᠢ᠋ ᠪᠡᠨ ᠦᠵᠡᠭᠡᠳ ᠰᠠᠭᠤᠬᠤ ᠶᠤᠮ ᠳᠠ ᠬᠦᠢ
ᠬᠡᠦᠬᠡᠨ ᠪᠠᠭ᠎ᠠ ᠰᠢᠯᠤ ᠶ᠋ᠢ ᠪᠡᠨ ᠠᠷᠪᠠ ᠶᠢᠰᠦᠨ ᠨᠠᠰᠤᠯᠠᠲᠠᠯ᠎ᠠ ᠨᠢ ᠠ᠋ ᠬᠦᠢ
ᠬᠢᠵᠠᠭᠠᠷ ᠤ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌ ᠬᠦᠷᠭᠡᠵᠦ ᠥᠭᠬᠦ ᠪᠡᠷ ᠢ᠋ᠶ᠋ᠡᠨ ᠲᠣᠭᠲᠠᠭᠰᠠᠨ ᠶᠤᠮ ᠠ᠋ ᠬᠦᠢ
ᠬᠠᠢᠷᠠᠲᠠᠢ ᠥᠬᠢᠨ ᠰᠢᠯᠦ ᠶ᠋ᠢ ᠪᠡᠨ ᠬᠤᠷᠢᠮᠯᠠᠭᠠᠳ ᠥᠭᠭᠦᠭᠰᠡᠨ ᠦ᠌ ᠰᠡᠭᠦᠯᠡᠷ ᠠ᠋᠂ ᠠ ᠰᠢᠯᠦ ᠠ᠋
ᠬᠥᠭᠰᠢᠷᠡᠭᠡ ᠪᠣᠯᠤᠭᠰᠠᠨ ᠮᠥᠮᠥ ᠴᠢᠨᠢ ᠳᠡ ᠬᠡᠨ ᠢ᠋ᠶ᠋ᠡᠨ ᠦᠵᠡᠭᠡᠳ ᠰᠠᠭᠤᠬᠤ ᠶᠤᠮ ᠳᠠ ᠬᠦᠢ
ᠬᠤᠷᠢᠮ ᠤ᠋ᠨ ᠡᠳᠦᠷ ᠨᠢ ᠭᠠᠷᠴᠢᠬᠠᠭᠰᠠᠨ ᠶᠤᠮ ᠲᠤᠯᠠ ᠳᠡᠮᠡᠢ ᠬᠡᠳᠦᠨ ᠡᠳᠦᠷ ᠪᠣᠯᠤᠭᠰᠠᠨ ᠦᠭᠡᠢ᠂ ᠬᠤᠷᠢᠮ ᠤ᠋ᠨ ᠬᠢᠨᠢ ᠭᠣᠣᠯ ᠡᠳᠦᠷ ᠨᠢ ᠲᠤᠯᠴᠢᠬᠠᠵᠠᠢ ᠰᠢᠦ᠂ ᠮᠡᠴᠡᠭᠡᠭᠡᠳ( ᠲᠡᠭᠡᠭᠡᠳ) ᠮᠥᠮᠥ ᠨᠢ ᠥᠬᠢᠨ ᠢ᠋ᠶ᠋ᠡᠨ ᠰᠤᠷᠭᠠᠭᠠᠳ ᠬᠡᠯᠡᠴᠢᠬᠡᠵᠡᠢ ᠭᠡᠨ᠎ᠡ
ᠠᠭᠲᠠ ᠬᠦᠯᠦᠭ ᠮᠣᠷᠢ ᠶᠤᠭᠠᠨ ᠤᠨᠤᠬᠤ ᠪᠠᠷ ᠲᠥᠷᠥᠭᠰᠡᠨ ᠪᠣᠯ ᠬᠦᠢ
ᠠᠪᠤ ᠶ᠋ᠢᠨ ᠨᠤᠲᠤᠭ ᠠᠳᠠᠯ ᠭᠡᠷ ᠲᠦ᠍ ᠪᠡᠨ ᠳᠠᠩᠵᠢᠶᠠᠳ ᠪᠢᠰᠢ ᠤᠤ ᠳᠠ ᠠᠩᠭ᠎ᠠ ᠮᠢᠨᠢ ᠠ᠋ ᠬᠦᠢ
ᠠᠯᠲᠠ ᠯᠠ ᠥᠨᠳᠥᠷ ᠠᠷᠤ ᠶ᠋ᠢᠨ ᠦᠰᠦ ᠶ᠋ᠢ ᠪᠡᠨ ᠠᠪᠤᠭᠠᠳ ᠯᠠ ᠳᠦᠷᠦᠴᠢᠬᠡᠭᠰᠡᠨ ᠲᠤᠯᠠᠳᠠ ᠪᠠᠨ ᠠ ᠰᠢᠯᠦ ᠠ᠋
ᠠᠯᠤᠰ ᠤ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌ ᠠᠩᠭ᠎ᠠ ᠪᠠᠨ ᠴᠢᠮ᠎ᠠ ᠶ᠋ᠢ ᠬᠦᠷᠭᠡᠨ᠎ᠡ ᠰᠢᠦ ᠬᠦᠢ
ᠦᠷᠢᠶ᠎ᠡ ᠬᠦᠯᠦᠭ ᠮᠣᠷᠢ ᠶᠤᠭᠠᠨ ᠤᠨᠤᠬᠤ ᠪᠠᠷ ᠢ᠋ᠶ᠋ᠠᠨ ᠲᠥᠷᠥᠭᠰᠡᠨ ᠪᠣᠯ ᠬᠦᠢ
ᠡᠴᠢᠭᠡ ᠶ᠋ᠢᠨ ᠨᠤᠲᠤᠭ ᠡᠷᠦᠬᠡ ᠯᠡ ᠭᠡᠷ ᠲᠦ᠍ ᠪᠡᠨ ᠳᠠᠩᠵᠢᠶᠠᠳ ᠪᠢᠰᠢ ᠤᠤ ᠳᠠ ᠠᠩᠭ᠎ᠠ ᠮᠢᠨᠢ ᠠ᠋ ᠬᠦᠢ
ᠥᠨᠳᠥᠷ ᠠᠷᠢᠭᠤᠨ ᠦᠰᠦ ᠶ᠋ᠢ ᠪᠡᠨ ᠪᠠᠷᠢᠭᠠᠳ ᠯᠠ ᠳᠦᠷᠦᠴᠢᠬᠡᠭᠰᠡᠨ ᠲᠤᠯᠠᠳᠠ ᠪᠠᠨ ᠠ ᠰᠢᠯᠦ ᠠ᠋
ᠡᠲᠡᠭᠡᠳ ᠦ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌ ᠥᠬᠢᠨ ᠢ᠋ᠶ᠋ᠡᠨ ᠴᠢᠮ᠎ᠠ ᠶ᠋ᠢ ᠬᠦᠷᠭᠡᠨ᠎ᠡ ᠰᠢᠦ ᠬᠦᠢ
ᠬᠠᠢᠴᠢᠨ ᠤ᠋ ᠪᠠᠷᠢᠭᠤᠯ ᠭᠡᠳᠡᠭ ᠴᠢᠨᠢ ᠬᠠᠪᠲᠠᠭᠠᠢ ᠶᠤᠮ ᠰᠢᠦ᠂ ᠠ ᠰᠢᠯᠦ ᠠ᠋ ᠬᠦᠢ
ᠬᠠᠳᠠᠮ ᠡᠢ ᠶ᠋ᠢᠨ ᠰᠤᠷᠭᠠᠯ ᠭᠡᠳᠡᠭ ᠴᠢᠨᠢ ᠬᠠᠷᠠᠲᠠᠢ ᠠ᠋ᠴᠠ ᠬᠠᠷᠠᠲᠠᠢ ᠰᠢᠦ ᠬᠦᠢ
ᠬᠢᠵᠠᠭᠠᠷ ᠤ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌ ᠬᠦᠷᠦᠭᠡᠳ ᠣᠴᠢᠭᠰᠠᠨ ᠤ᠋ ᠰᠡᠭᠦᠯᠡᠷ ᠠ᠋ ᠠᠩᠭ᠎ᠠ ᠮᠢᠨᠢ ᠠ᠋
ᠬᠠᠳᠠᠮ ᠤ᠋ᠨ ᠭᠠᠵᠠᠷ ᠤ᠋ᠨ ᠵᠠᠩ ᠠᠭᠠᠰᠢ ᠶ᠋ᠢ ᠨᠢ ᠳᠠᠭᠠᠵᠤ ᠯᠠ ᠶᠠᠪᠤ ᠳᠠ ᠠ ᠰᠢᠯᠦ ᠠ᠋ ᠬᠦᠢ
ᠲᠡᠪᠡᠨᠡ ᠶ᠋ᠢᠨ ᠰᠦᠪᠡ ᠭᠡᠳᠡᠭ ᠴᠢᠨᠢ ᠤᠷᠲᠤ ᠳᠥᠷᠪᠡᠯᠵᠢᠨ ᠪᠢᠰᠢ ᠤᠤ ᠳᠠ ᠬᠦᠢ
ᠲᠥᠷᠥᠭᠰᠡᠨ ᠡᠢ ᠶ᠋ᠢᠨ ᠰᠤᠷᠭᠠᠯ ᠤ᠋ᠨ ᠦᠭᠡ ᠵᠥᠪ ᠵᠥᠭᠡᠯᠡᠬᠡᠨ ᠪᠢᠰᠢ ᠤᠤ ᠳᠠ ᠬᠦᠢ
ᠲᠥᠪ ᠦ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌ ᠬᠦᠷᠦᠭᠡᠳ ᠣᠴᠢᠭᠰᠠᠨ ᠤ᠋ ᠰᠡᠭᠦᠯᠡᠷ ᠠ᠋ ᠠᠩᠭ᠎ᠠ ᠮᠢᠨᠢ ᠠ᠋
ᠲᠡᠨᠳᠡᠬᠢ ᠶ᠋ᠢᠨ ᠭᠠᠵᠠᠷ ᠤ᠋ᠨ ᠵᠠᠩ ᠠᠭᠠᠰᠢ ᠶ᠋ᠢ ᠨᠢ ᠳᠠᠭᠠᠭᠠᠵᠤ ᠶᠠᠪᠤ ᠳᠠ ᠠᠩᠭ᠎ᠠ ᠮᠢᠨᠢ ᠴᠢ ᠬᠦᠢ
ᠮᠥᠮᠥ ᠨᠢ ᠥᠬᠢᠨ ᠢ᠋ᠶ᠋ᠡᠨ ᠢᠩᠭᠢᠵᠦ ᠰᠤᠷᠭᠠᠵᠤ ᠬᠡᠯᠡᠭᠰᠡᠨ ᠳ᠋ᠦ᠍ ᠥᠬᠢᠨ ᠨᠢ ᠮᠥᠮᠥ ᠶ᠋ᠢᠨ ᠢ᠋ᠶ᠋ᠡᠨ ᠡᠰᠡᠷᠭᠦ ᠡᠴᠡ ᠨᠢ ᠳᠠᠭᠤᠯᠠᠴᠢᠬᠠᠵᠠᠢ ᠭᠡᠨ᠎ᠡ
ᠬᠠᠢᠴᠢᠨ ᠤ᠋ ᠬᠢᠨᠢ ᠪᠠᠷᠢᠭᠤᠯ ᠭᠡᠳᠡᠭ ᠴᠢᠨᠢ ᠬᠠᠪᠲᠠᠭᠠᠢ ᠶ᠋ᠢ ᠵᠠᠷᠤᠵᠤ ᠥᠩᠭᠡᠷᠡᠵᠡᠢ ᠬᠦᠢ
ᠬᠠᠳᠠᠮ ᠡᠢ ᠶ᠋ᠢᠨ ᠰᠤᠷᠭᠠᠯ ᠭᠡᠳᠡᠭ ᠴᠢᠨᠢ ᠬᠠᠷᠠᠲᠠᠢ ᠭᠡᠰᠡᠨ ᠢ᠋ ᠰᠣᠨᠣᠰᠴᠠᠢ ᠬᠦᠢ
ᠬᠣᠪᠢᠨ ᠤ᠋ ᠨᠤᠲᠤᠭ ᠥᠪᠥᠷᠵᠢᠯᠠᠭ᠎ᠠ ᠶ᠋ᠢᠨ ᠠᠢᠯ ᠳ᠋ᠤ᠌ ᠥᠬᠢᠨ ᠢ᠋ ᠴᠢᠨᠢ ᠠᠪᠬᠤ ᠬᠥᠮᠦᠨ ᠦᠭᠡᠢ ᠤᠤ ᠳᠠ ᠠ ᠮᠥᠮᠥ ᠠ᠋
ᠬᠢᠵᠠᠭᠠᠷ ᠤ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌ ᠥᠬᠢᠨ ᠢ᠋ᠶ᠋ᠡᠨ ᠨᠠᠮ᠎ᠠ ᠶ᠋ᠢ ᠬᠦᠷᠭᠡᠴᠢᠬᠡᠨᠡ ᠤᠤ ᠳᠠ ᠬᠦᠢ
ᠲᠡᠪᠡᠨᠡ ᠶ᠋ᠢᠨ ᠬᠢᠨᠢ ᠰᠦᠪᠡ ᠭᠡᠳᠡᠭ ᠨᠢ ᠲᠥᠭᠥᠷᠢᠭ ᠢ᠋ ᠵᠠᠷᠤᠵᠤ ᠥᠩᠭᠡᠷᠡᠵᠡᠢ
ᠲᠥᠷᠥᠭᠰᠡᠨ ᠡᠢ ᠶ᠋ᠢᠨ ᠰᠤᠷᠭᠠᠯ ᠦᠭᠡ ᠵᠥᠪ ᠵᠥᠭᠡᠯᠡᠨ ᠢ᠋ ᠮᠡᠳᠡᠵᠦ ᠪᠠᠢᠨ᠎ᠠ ᠰᠢᠦ ᠬᠦᠢ
ᠲᠥᠷᠥᠭᠰᠡᠨ ᠨᠤᠲᠤᠭ ᠥᠪᠥᠷᠵᠢᠯᠠᠭ᠎ᠠ ᠠᠢᠯ ᠳ᠋ᠤ᠌ ᠪᠠᠨ ᠥᠬᠢᠨ ᠢ᠋ ᠴᠢᠨᠢ ᠠᠪᠬᠤ ᠬᠥᠮᠦᠨ ᠦᠭᠡᠢ ᠤᠤ ᠳᠠ ᠠ ᠮᠥᠮᠥ ᠠ᠋
ᠲᠥᠪ ᠦ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌ ᠥᠬᠢᠨ ᠢ᠋ᠶ᠋ᠡᠨ ᠨᠠᠮ᠎ᠠ ᠶ᠋ᠢ ᠬᠦᠷᠭᠡᠴᠢᠬᠡᠨᠡ ᠤᠤ ᠳᠠ ᠬᠦᠢ
ᠰᠢᠯᠦ᠂ ᠡᠵᠢ ᠶ᠋ᠢᠨ ᠢ᠋ᠶ᠋ᠡᠨ ᠡᠰᠡᠷᠭᠦ ᠡᠴᠡ ᠨᠢ ᠢᠩᠭᠢᠵᠦ ᠬᠡᠯᠡᠭᠰᠡᠨ ᠳ᠋ᠦ᠍ ᠬᠤᠷᠢᠮ ᠳᠡᠭᠡᠷ᠎ᠡ ᠣᠴᠢᠭᠰᠠᠨ᠂ ᠣᠯᠠᠨ ᠬᠥᠮᠦᠨ ᠦ᠌ ᠳᠤᠮᠳᠠ ᠠ᠋ᠴᠠ ᠨᠢᠭᠡᠨ ᠥᠲᠡᠯᠦᠭᠰᠡᠨ ᠨᠠᠰᠤᠲᠠᠢ ᠡᠵᠢ ᠭᠠᠷᠴᠤ ᠢᠷᠡᠭᠡᠳ ᠬᠡᠯᠡᠵᠦ ᠪᠠᠢᠨ᠎ᠠ᠂ ᠠᠩᠭ᠎ᠠ ᠠ᠋᠂ ᠴᠢ ᠲᠡᠭᠡᠵᠦ ᠬᠡᠯᠡᠭᠡᠳ ᠲᠠᠭᠠᠷᠠᠨ᠎ᠠ ᠤᠤ ᠳᠠ᠂ ᠤᠯᠠᠮ ᠢᠯᠡᠭᠦᠦ ᠮᠥᠮᠥ ᠪᠣᠯᠣᠳ ᠠᠪᠤ ᠶ᠋ᠢᠨ ᠢ᠋ᠶ᠋ᠡᠨ ᠰᠡᠳᠬᠢᠯ ᠢ᠋ ᠵᠣᠪᠠᠭᠠᠭᠠᠳ ᠯᠠ ᠪᠠᠢᠭᠠᠳ ᠪᠣᠯᠬᠤ ᠦᠭᠡᠢ ᠶᠦᠮ ᠰᠢᠦ ᠭᠡᠳ ᠰᠢᠯᠦ ᠶ᠋ᠢ ᠰᠤᠷᠭᠠᠵᠤ ᠬᠡᠯᠡᠴᠢᠬᠡᠵᠡᠢ ᠭᠡᠨ᠎ᠡ
ᠬᠠᠷᠴᠠᠭᠠᠢ ᠭᠡᠳᠡᠭ ᠰᠢᠪᠠᠭᠤ ᠴᠢᠨᠢ ᠬᠠᠮᠤᠭ ᠠ᠋ᠴᠠ ᠳᠡᠭᠡᠭᠦᠷ ᠨᠢᠰᠪᠡᠴᠦ ᠬᠦᠢ
ᠬᠠᠷᠠᠯᠠᠭᠠᠳ ᠭᠠᠷᠬᠤ ᠰᠡᠭᠦᠳᠡᠷ ᠨᠢ ᠭᠠᠵᠠᠷ ᠠ᠋ᠴᠠ ᠪᠠᠨ ᠰᠠᠯᠤᠨ᠎ᠠ ᠤᠤ ᠳᠠ ᠬᠦᠢ
ᠬᠠᠢᠷᠠᠬᠠᠨ ᠥᠬᠢᠨ ᠰᠢᠯᠦ ᠴᠢᠮ᠎ᠠ ᠶ᠋ᠢ ᠪᠡᠨ ᠬᠣᠯᠠ ᠭᠠᠵᠠᠷ ᠥᠭᠪᠡᠯ ᠠ᠋᠂ ᠠ ᠰᠢᠯᠦ ᠠ᠋
ᠬᠥᠭᠰᠢᠷᠡᠭᠡ ᠪᠣᠯᠤᠭᠰᠠᠨ ᠠᠪᠤ ᠴᠢᠨᠢ ᠪᠣᠳᠣᠵᠤ ᠰᠠᠨᠠᠬᠤ ᠪᠠᠨ ᠪᠠᠢᠴᠢᠬᠠᠨᠠ ᠤᠤ ᠳᠠ ᠬᠦᠢ
ᠡᠲᠡᠯᠡ ᠭᠡᠳᠡᠭ ᠰᠢᠪᠠᠭᠤ ᠴᠢᠨᠢ ᠡᠭᠦᠯᠡᠨ ᠡᠴᠡ ᠪᠡᠨ ᠳᠡᠭᠡᠭᠦᠷ ᠨᠢᠰᠪᠡᠴᠦ ᠬᠦᠢ
ᠥᠪᠡᠷ ᠦ᠋ᠨ ᠪᠠᠶᠠᠨ ᠤ᠋ ᠰᠡᠭᠦᠳᠡᠷ ᠨᠢ ᠬᠦᠢ ᠭᠠᠵᠠᠷ ᠠ᠋ᠴᠠ ᠪᠠᠨ ᠰᠠᠯᠤᠨ᠎ᠠ ᠤᠤ ᠳᠠ ᠬᠦᠢ
ᠥᠪᠡᠷ ᠦ᠋ᠨ ᠥᠬᠢᠨ ᠰᠢᠯᠦ ᠴᠢᠮ᠎ᠠ ᠶ᠋ᠢ ᠪᠡᠨ ᠡᠲᠡᠭᠡᠳ ᠦ᠋ᠨ ᠬᠣᠯᠠ ᠥᠭᠪᠡᠴᠦ ᠠ᠋᠂ ᠠ ᠰᠢᠯᠦ ᠠ᠋
ᠦᠳᠡᠯᠦᠭᠡ ᠪᠣᠯᠤᠭᠰᠠᠨ ᠮᠥᠮᠥ ᠴᠢᠨᠢ ᠪᠣᠳᠣᠵᠤ ᠰᠠᠨᠠᠬᠤ ᠪᠠᠨ ᠪᠠᠢᠨ᠎ᠠ ᠤᠤ ᠳᠠ ᠬᠦᠢ
ᠠᠯᠠᠭ ᠦᠨᠢᠶ᠎ᠡ ᠨᠢ ᠲᠤᠭᠤᠯ ᠠ᠋ᠴᠠ ᠪᠠᠨ ᠰᠠᠯᠪᠠᠯ ᠠ᠋ ᠬᠦᠢ
ᠠᠷᠤ ᠶ᠋ᠢᠨ ᠬᠠᠰᠢᠶ᠎ᠠ ᠪᠠᠨ ᠲᠣᠭᠣᠷᠢᠵᠤ ᠪᠠᠢᠭᠠᠳ ᠬᠦᠩᠭᠢᠨᠡᠲᠡᠯ᠎ᠡ ᠪᠡᠨ ᠮᠥᠭᠡᠷᠡᠬᠦ ᠶᠦ᠍ᠮ ᠰᠢᠦ ᠬᠦᠢ
ᠠᠩᠭ᠎ᠠ ᠪᠠᠭ᠎ᠠ ᠰᠢᠯᠦ ᠴᠢᠮ᠎ᠠ ᠶ᠋ᠢ ᠪᠡᠨ ᠠᠪᠠᠴᠢᠵᠤ ᠦᠭᠭᠦᠭᠰᠡᠨ ᠦ᠌ ᠰᠡᠭᠦᠯᠡᠷ ᠠ᠋᠂ ᠠ ᠰᠢᠯᠦ ᠠ᠋
ᠠᠭᠰᠢᠷᠠᠭ᠎ᠠ ᠪᠣᠯᠤᠭᠰᠠᠨ ᠠᠪᠤ ᠴᠢᠨᠢ ᠠᠩᠭ᠎ᠠ ᠪᠠᠨ ᠰᠠᠨᠠᠪᠠᠯ ᠤᠬᠢᠯᠠᠬᠤ ᠶᠤᠮ ᠰᠢᠦ ᠬᠦᠢ
ᠬᠦᠷᠡᠭᠴᠢ ᠦᠨᠢᠶ᠎ᠡ ᠨᠢ ᠲᠤᠭᠤᠯ ᠠ᠋ᠴᠠ ᠪᠠᠨ ᠰᠠᠯᠪᠠᠯ ᠠ᠋ ᠬᠦᠢ
ᠬᠦᠷᠢᠶᠡᠨ ᠡᠭᠦᠳᠡ ᠶ᠋ᠢ ᠪᠡᠨ ᠲᠣᠭᠣᠷᠢᠵᠤ ᠪᠠᠢᠭᠠᠳ ᠬᠦᠩᠭᠢᠨᠡᠲᠡᠯ᠎ᠡ ᠪᠡᠨ ᠮᠥᠭᠡᠷᠡᠬᠦ ᠶᠦ᠍ᠮ ᠰᠢᠦ ᠬᠦᠢ
ᠬᠠᠢᠷᠬᠠᠨ ᠥᠬᠢᠨ ᠰᠢᠯᠦ ᠴᠢᠮ᠎ᠠ ᠪᠠᠨ ᠬᠤᠷᠢᠮᠯᠠᠭᠤᠯᠤᠭᠠᠳ ᠦᠭᠭᠦᠭᠰᠡᠨ ᠦ᠌ ᠰᠡᠭᠦᠯᠡᠷ ᠠ᠋᠂ ᠠ ᠰᠢᠯᠦ ᠠ᠋
ᠬᠥᠭᠰᠢᠷᠡᠭᠡ ᠪᠣᠯᠤᠭᠰᠠᠨ ᠮᠥᠮᠥ ᠴᠢᠨᠢ ᠬᠡᠦᠬᠡᠨ ᠢ᠋ᠶ᠋ᠡᠨ ᠰᠠᠨᠠᠪᠠᠯ ᠤᠬᠢᠯᠠᠬᠤ ᠶᠤᠮ ᠰᠢᠦ ᠬᠦᠢ
ᠡᠨᠡ ᠨᠠᠰᠤᠲᠠᠢ ᠡᠵᠢ᠂ ᠰᠢᠯᠦ ᠶ᠋ᠢ ᠢᠩᠭᠢᠵᠦ ᠰᠤᠷᠭᠠᠵᠤ ᠬᠡᠯᠡᠭᠰᠡᠨ ᠳ᠋ᠦ᠍᠂ ᠰᠢᠯᠦ ᠡᠰᠡᠷᠭᠦ ᠡᠴᠡ ᠨᠢ ᠤᠬᠢᠯᠠᠵᠤ ᠪᠠᠢᠭᠠᠳ ᠳᠠᠭᠤᠯᠠᠴᠢᠬᠠᠵᠠᠢ ᠭᠡᠨ᠎ᠡ᠂
ᠬᠠᠳᠠᠨ ᠳᠡᠭᠡᠷ᠎ᠡ ᠪᠡᠨ ᠬᠠᠷᠪᠤᠭᠰᠠᠨ ᠰᠤᠮᠤ ᠶ᠋ᠢ ᠪᠡᠨ ᠬᠠᠷᠠᠭᠠᠳ ᠣᠯᠬᠤ ᠳ᠋ᠤ᠌ ᠪᠡᠷᠬᠡᠲᠡᠢ ᠰᠢᠦ ᠬᠦᠢ
ᠬᠢᠵᠠᠭᠠᠷ ᠤ᠋ᠨ ᠬᠣᠯᠠ ᠵᠠᠶᠠᠭᠠᠭᠰᠠᠨ ᠪᠢ ᠳᠡ ᠬᠤᠪᠢ ᠪᠠᠷ ᠢ᠋ᠶ᠋ᠠᠨ ᠢᠷᠡᠬᠦ ᠳ᠋ᠦ᠍ ᠬᠦᠴᠢᠷᠲᠡᠢ ᠰᠢᠦ ᠬᠦᠢ
ᠬᠠᠢᠷᠠᠯᠠᠭᠠᠳ ᠰᠠᠨᠠᠭᠰᠠᠨ ᠠᠪᠤ ᠮᠢᠨᠢ ᠳᠡ ᠬᠣᠯᠠ ᠭᠠᠵᠠᠷ ᠥᠭᠭᠦᠭᠰᠡᠨ ᠦᠭᠡᠢ ᠪᠣᠯ᠂ ᠠ ᠬᠠ ᠬᠦᠢ
ᠬᠡᠳᠦᠨ ᠡᠳᠦᠷ ᠢ᠋ᠶ᠋ᠡᠨ ᠥᠩᠭᠡᠷᠡᠭᠡᠳ ᠲᠡᠭᠡᠪᠡᠯ ᠬᠤᠪᠢ ᠪᠠᠷ ᠢ᠋ᠶ᠋ᠠᠨ ᠢᠷᠡᠭᠡᠳ ᠦᠵᠡᠭᠡᠳ ᠶᠠᠪᠤᠬᠤ ᠦᠭᠡᠢ ᠤᠤ ᠳᠠ ᠬᠦᠢ
ᠠᠭᠤᠯᠠᠨ ᠳᠡᠭᠡᠷ᠎ᠡ ᠪᠡᠨ ᠬᠠᠷᠪᠤᠭᠰᠠᠨ ᠰᠤᠮᠤ ᠶ᠋ᠢ ᠪᠡᠨ ᠡᠷᠢᠭᠡᠳ ᠣᠯᠬᠤ ᠳ᠋ᠤᠷ ᠪᠡᠷᠬᠡᠲᠡᠢ ᠰᠢᠦ ᠬᠦᠢ
ᠡᠲᠡᠭᠡᠳ ᠦ᠋ᠨ ᠬᠣᠯᠠ ᠵᠠᠶᠠᠭᠠᠭᠰᠠᠨ ᠪᠢ ᠳᠡ ᠥᠪᠡᠷ ᠢ᠋ᠶ᠋ᠡᠨ ᠢᠷᠡᠬᠦ ᠳ᠋ᠦ᠍ ᠬᠦᠴᠢᠷᠲᠡᠢ ᠰᠢᠦ ᠬᠦᠢ
ᠡᠴᠢᠭᠡ ᠶ᠋ᠢᠨ ᠨᠤᠲᠤᠭ ᠥᠪᠡᠷ ᠦ᠋ᠨ ᠭᠡᠷ ᠡᠴᠡ ᠪᠡᠨ ᠣᠢᠷᠠᠬᠠᠨ ᠠᠢᠯ ᠳ᠋ᠤ᠌ ᠥᠭᠭᠦᠭᠰᠡᠨ ᠪᠣᠯ ᠠ ᠬᠠ ᠬᠦᠢ
ᠶᠢᠰᠦ ᠠᠷᠪᠠ ᠬᠣᠨᠣᠯ᠎ᠠ ᠭᠡᠪᠡᠯ ᠥᠪᠡᠷ ᠢ᠋ᠶ᠋ᠡᠨ ᠢᠷᠡᠭᠡᠳ ᠦᠵᠡᠭᠡᠳ ᠶᠠᠪᠤᠬᠤ ᠦᠭᠡᠢ ᠤᠤ ᠳᠠ ᠬᠦᠢ
ᠠᠩᠭ᠎ᠠ ᠪᠠᠭ᠎ᠠ ᠰᠢᠯᠦ ᠨᠢ ᠬᠡᠯᠡᠵᠦ ᠪᠠᠷᠠᠭᠠᠳ ᠤᠬᠢᠯᠠᠭᠠᠳ ᠯᠠ ᠪᠠᠢᠬᠤ ᠪᠣᠯᠬᠤ ᠯᠠᠢ( ᠪᠣᠯᠬᠣᠷ)᠂ ᠠᠭᠰᠢᠷᠠᠭ᠎ᠠ ᠪᠣᠯᠤᠭᠰᠠᠨ ᠮᠥᠮᠥ ᠨᠢ ᠠᠩᠭ᠎ᠠ ᠪᠠᠨ ᠦᠵᠡᠭᠡᠳ ᠲᠡᠰᠦᠨ᠎ᠡ ᠤᠤ ᠳᠠ᠂ ᠦᠷ᠎ᠡ ᠤᠤ ᠳᠠ ᠵᠢᠷᠦᠬᠡ᠂ ᠦᠵᠡᠬᠦ ᠨᠢᠳᠦᠨ ᠦ᠌ ᠴᠡᠴᠡᠭᠡᠢ᠂ ᠦᠨᠦᠷᠲᠦᠬᠦ ᠬᠠᠮᠠᠷ ᠤ᠋ᠨ ᠵᠢᠭᠠᠷ᠂ ᠠᠩᠭ᠎ᠠ ᠪᠠᠭ᠎ᠠ ᠦᠷ᠎ᠡ ᠠᠶᠤᠤᠯᠢᠬᠠᠢ ᠴᠡᠭᠡᠵᠢᠨ ᠦ᠌ ᠵᠢᠷᠦᠬᠡ᠂ ᠠᠩᠬᠢᠯᠬᠤ ᠬᠠᠮᠠᠷ ᠤ᠋ᠨ ᠵᠢᠭᠠᠷ ᠭᠡᠵᠡᠢ᠃ ᠠᠰᠲᠠᠭᠠᠨ ᠬᠥᠮᠦᠨ ᠦ᠌ ᠠᠳᠠᠯᠢ ᠠᠷᠪᠠ ᠲᠠᠪᠤ ᠪᠠᠷ ᠪᠠᠢᠨ᠎ᠠ ᠤᠤ ᠳᠠ ᠠᠭᠰᠢᠷᠠᠲᠠᠯ᠎ᠠ ᠪᠠᠨ ᠶᠠᠪᠤᠭᠠᠳ ᠣᠯᠤᠭᠠᠳ ᠲᠡᠭᠡᠭᠰᠡᠨ ᠠᠩᠭ᠎ᠠ ᠦᠷ᠎ᠡ ᠮᠢᠨᠢ ᠭᠠᠭᠴᠠᠬᠠᠨ ᠶᠤᠮ ᠰᠢᠦ ᠭᠡᠳ ᠬᠠᠨᠵᠤᠨ ᠳᠡᠭᠡᠷ᠎ᠡ ᠪᠡᠨ ᠭᠦᠶᠦᠵᠦ ᠭᠠᠷᠤᠭᠠᠳ ᠠᠩᠭ᠎ᠠ ᠶ᠋ᠢᠨ ᠢ᠋ᠶ᠋ᠡᠨ ᠭᠠᠷ ᠠ᠋ᠴᠠ ᠨᠢ ᠠᠳᠬᠤᠴᠢᠬᠠᠭᠠᠳ ᠤᠬᠢᠯᠠᠵᠤ ᠪᠠᠢᠭᠠᠳ ᠳᠠᠭᠤᠯᠠᠴᠢᠬᠠᠵᠠᠢ ᠭᠡᠨ᠎ᠡ
ᠠᠯᠲᠠᠨ ᠪᠠᠭᠤᠤ ᠴᠢᠨᠢ ᠠᠩᠭ᠎ᠠ ᠰᠢᠯᠦ ᠶ᠋ᠢᠨ ᠭᠠᠷ ᠳᠣᠲᠣᠷ᠎ᠠ ᠬᠦᠢ
ᠠᠪᠤ ᠶ᠋ᠢᠨ ᠴᠢᠨᠢ ᠰᠤᠷᠭᠠᠯ ᠦᠭᠡ ᠠᠩᠭ᠎ᠠ ᠴᠢᠨᠦ ᠴᠡᠭᠡᠵᠢᠨ ᠳ᠋ᠦ᠍ ᠠ᠋ ᠬᠦᠢ
ᠠᠯᠠᠭ ᠬᠣᠶᠠᠷ ᠨᠢᠳᠦᠨ ᠡᠴᠡ ᠪᠡᠨ ᠠᠰᠬᠠᠷᠠᠭᠤᠯᠬᠤ ᠪᠠᠨ ᠠᠶᠠᠳᠤᠭᠠᠴᠢ ᠳᠠ ᠠᠩᠭ᠎ᠠ ᠮᠢᠨᠢ ᠠ᠋
ᠠᠷᠪᠠᠨ ᠲᠠᠪᠤ ᠶ᠋ᠢ ᠪᠡᠨ ᠬᠣᠨᠣᠭᠰᠠᠨ ᠤ᠋ ᠰᠡᠭᠦᠯᠡᠷ ᠠᠪᠤ ᠴᠢᠨᠢ ᠵᠢᠭᠡᠯᠡᠬᠦ ᠪᠡᠷ ᠣᠴᠢᠬᠤ ᠶᠤᠮ ᠠ᠋ ᠬᠦᠢ
ᠮᠥᠩᠭᠥᠨ ᠪᠠᠭᠤᠤ ᠴᠢᠨᠢ ᠮᠥᠨᠥᠬᠡᠨ( ᠮᠥᠨ ᠬᠦ) ᠰᠢᠯᠦ ᠶ᠋ᠢᠨ ᠭᠠᠷ ᠳᠣᠲᠣᠷ᠎ᠠ ᠠ᠋ ᠬᠦᠢ
ᠮᠥᠮᠥ ᠶ᠋ᠢᠨ ᠴᠢᠨᠢ ᠰᠤᠷᠭᠠᠯ ᠦᠭᠡ ᠮᠢᠨᠦ ᠥᠬᠢᠨ ᠦ᠌ ᠴᠡᠭᠡᠵᠢᠨ ᠳ᠋ᠦ᠍ ᠪᠢᠵᠡ ᠬᠦᠢ
ᠮᠡᠯᠮᠡᠷᠡᠲᠡᠯᠡ ᠪᠡᠨ ᠤᠬᠢᠯᠠᠭᠠᠳ ᠪᠠᠢᠬᠤ ᠪᠠᠨ ᠪᠠᠢᠴᠢᠬ᠎ᠠ ᠳᠠ ᠠ ᠰᠢᠯᠦ ᠠ᠋᠂ ᠠ ᠬᠠ ᠬᠦᠢ
ᠮᠥᠨ ᠬᠡᠳᠦᠨ ᠬᠣᠨᠣᠭ ᠢ᠋ᠶ᠋ᠠᠨ ᠥᠩᠭᠡᠷᠡᠭᠰᠡᠨ ᠦ᠌ ᠰᠡᠭᠦᠯᠡᠷ ᠮᠥᠮᠥ ᠨᠢ ᠵᠢᠭᠡᠯᠡᠬᠦ ᠪᠡᠷ ᠣᠴᠢᠶ᠎ᠠ ᠬᠦᠢ
ᠮᠥᠮᠥ ᠨᠢ ᠥᠬᠢᠨ ᠳ᠋ᠦ᠍ ᠪᠡᠨ ᠢᠩᠭᠢᠵᠦ ᠬᠡᠯᠡᠵᠦ ᠪᠠᠢᠲᠠᠯ᠎ᠠ ᠡᠦᠲᠦ ᠨᠢᠭᠡᠨᠲᠡ ᠥᠬᠢᠨ ᠢ᠋ᠶ᠋ᠡᠨ ᠬᠦᠷᠭᠡᠵᠦ ᠶᠠᠪᠤᠬᠤ ᠴᠠᠭ ᠨᠢ ᠪᠠᠰᠠ ᠲᠤᠯᠤᠭᠠᠳ ᠢᠷᠡᠴᠢᠬᠡᠭᠰᠡᠨ ᠶᠦᠮ ᠰᠢᠦ᠂ ᠲᠡᠭᠡᠭᠡᠳ ᠬᠥᠭᠰᠢᠨ ᠵᠠᠯᠠᠭᠤ ᠪᠦᠭᠦᠳᠡᠭᠡᠷ ᠢ᠋ᠶ᠋ᠡᠨ ᠬᠡᠦᠬᠡᠨ ᠢ᠋ᠶ᠋ᠡᠨ ᠬᠦᠷᠭᠡᠵᠦ ᠶᠠᠪᠤᠬᠤ ᠪᠠᠷ ᠢ᠋ᠶ᠋ᠠᠨ ᠪᠡᠯᠡᠳᠬᠡᠵᠡᠭᠡᠪᠡ᠃
ᠬᠦᠷᠳᠦᠲᠦ ᠶᠡᠬᠡ ᠲᠡᠷᠭᠡ ᠴᠢᠨᠢ ᠳᠡ ᠬᠦᠷᠢᠶᠡᠨ ᠦ᠌ ᠪᠡᠨ ᠳᠤᠮᠳᠠ ᠨᠢ ᠠ᠋ ᠬᠦᠢ
ᠥᠷᠭᠡᠨ ᠣᠯᠠᠨ ᠯᠣᠣᠪᠠᠨᠴᠤᠳ( ᠭᠡᠯᠢᠭᠴᠢᠳ) ᠨᠢ ᠬᠦᠷᠳᠦᠲᠦ ᠲᠡᠷᠭᠡᠨ ᠦ᠌ ᠪᠡᠨ ᠵᠠᠬ᠎ᠠ ᠳ᠋ᠤ᠌ ᠨᠢ ᠰᠢᠦ ᠬᠦᠢ
ᠬᠡᠦᠬᠡᠨ ᠰᠢᠯᠦ ᠪᠡᠨ ᠬᠦᠷᠭᠡᠬᠦ ᠬᠥᠮᠦᠰ ᠴᠢᠨᠢ ᠬᠦᠷᠢᠶᠡᠨ ᠦ᠌ ᠪᠡᠨ ᠳᠤᠮᠳᠠ ᠪᠠᠨ ᠦᠢᠮᠡᠨ᠎ᠡ ᠰᠢᠦ᠂ ᠠ ᠬᠠ ᠬᠦᠢ
ᠬᠥᠭᠰᠢᠷᠡᠭᠡ ᠪᠣᠯᠤᠭᠰᠠᠨ ᠠᠪᠤ ᠨᠢ ᠬᠦᠵᠦᠭᠦᠨ ᠡᠴᠡ ᠨᠢ ᠲᠡᠪᠡᠷᠢᠭᠡᠳ ᠤᠬᠢᠯᠠᠵᠤ ᠪᠠᠢᠨ᠎ᠠ ᠰᠢᠦ ᠬᠦᠢ
ᠠᠷᠠᠯᠲᠤ ᠶᠡᠬᠡ ᠲᠡᠷᠭᠡ ᠴᠢᠨᠢ ᠳᠡ ᠠᠳᠠᠯ ᠤ᠋ᠨ ᠬᠣᠷᠢᠶᠠᠨ ᠤ᠋ ᠪᠠᠨ ᠳᠤᠮᠳᠠ ᠨᠢ ᠠ᠋ ᠬᠦᠢ
ᠠᠭᠰᠢᠷᠠᠭ᠎ᠠ ᠨᠠᠰᠤᠲᠠᠢ ᠯᠤᠤ ᠪᠠᠨ ᠽᠢ ᠨᠢ ᠠᠷᠠᠯᠲᠤ ᠲᠡᠷᠭᠡᠨ ᠦ᠌ ᠪᠡᠨ ᠵᠠᠬ᠎ᠠ ᠳ᠋ᠤ᠌ ᠨᠢ ᠰᠢᠦ ᠬᠦᠢ
ᠠᠩᠭ᠎ᠠ ᠰᠢᠯᠦ ᠪᠡᠨ ᠬᠦᠷᠭᠡᠬᠦ ᠤᠯᠤᠰ ᠴᠢᠨᠢ ᠠᠢᠯ ᠤ᠋ᠨ ᠢ᠋ᠶ᠋ᠠᠨ ᠳᠤᠮᠳᠠ ᠪᠠᠨ ᠦᠢᠮᠡᠨ᠎ᠡ ᠰᠢᠦ᠂ ᠠ ᠬᠠ ᠬᠦᠢ
ᠠᠭᠰᠢᠷᠠᠭ᠎ᠠ ᠪᠣᠯᠤᠭᠰᠠᠨ ᠮᠥᠮᠥ ᠨᠢ ᠠᠩᠭ᠎ᠠ ᠪᠠᠨ ᠲᠡᠪᠡᠷᠢᠭᠡᠳ ᠤᠬᠢᠯᠠᠵᠤ ᠪᠠᠢᠨ᠎ᠠ ᠰᠢᠦ ᠬᠦᠢ
ᠥᠬᠢᠨ ᠨᠢ ᠬᠡᠳᠦᠢ ᠤᠬᠢᠯᠠᠯ᠎ᠠ ᠭᠡᠳ ᠬᠦᠷᠭᠡᠵᠦ ᠶᠠᠪᠤᠬᠤ ᠴᠠᠭ ᠨᠢ ᠲᠤᠯᠴᠢᠬᠠᠭᠰᠠᠨ ᠶᠤᠮ ᠴᠢᠨᠢ ᠶᠠᠪᠤᠬᠤ ᠦᠭᠡᠢ ᠪᠡᠷ ᠪᠠᠰᠠ ᠪᠣᠯᠤᠨ᠎ᠠ ᠤᠤ ᠳᠠ᠂ ᠲᠡᠭᠡᠭᠡᠳ ᠠᠭᠰᠢᠷᠠᠭᠰᠠᠨ ᠵᠠᠯᠠᠭᠤ ᠪᠦᠭᠦᠳᠡᠭᠡᠷ ᠢ᠋ᠶ᠋ᠡᠨ ᠠᠩᠭ᠎ᠠ ᠪᠠᠭ᠎ᠠ ᠰᠢᠯᠦ ᠪᠡᠨ ᠠᠷᠠᠯᠲᠤ ᠲᠡᠷᠭᠡᠨ ᠦ᠌ ᠪᠡᠨ ᠳᠤᠮᠳᠠ ᠨᠢ ᠰᠠᠭᠤᠯᠭᠠᠭᠠᠳ ᠪᠦᠭᠦᠳᠡᠭᠡᠷ ᠢ᠋ᠶ᠋ᠡᠨ ᠬᠦᠷᠭᠡᠭᠡᠳ ᠭᠠᠷᠤᠭᠠᠳ ᠶᠠᠪᠤᠯ᠎ᠠ ᠰᠢᠦ ᠃
ᠬᠡᠦᠬᠡᠨ ᠰᠢᠯᠦ ᠪᠡᠨ ᠬᠦᠷᠭᠡᠬᠦ ᠤᠯᠤᠰ ᠴᠢᠨᠢ ᠬᠦᠷᠳᠦᠲᠦ ᠲᠡᠷᠭᠡᠨ ᠳ᠋ᠦ᠍ ᠪᠡᠨ ᠰᠠᠭᠤᠯᠴᠠᠯᠠ ᠬᠦᠢ
ᠦᠬᠡᠷ ᠲᠡᠷᠭᠡ ᠦᠳᠡᠩ ᠴᠧ ᠨᠢ ᠬᠦᠷᠳᠦ ᠪᠡᠷ ᠢ᠋ᠶ᠋ᠡᠨ ᠡᠷᠭᠢᠭᠡᠳ ᠭᠠᠷᠤᠯ᠎ᠠ ᠶᠠ ᠬᠦᠢ
ᠬᠥᠯᠦᠭᠡᠳ ᠲᠡᠭᠡᠭᠰᠡᠨ ᠳᠥᠷᠪᠡᠨ ᠤᠨᠤᠭ᠎ᠠ ᠨᠢ ᠬᠥᠯ ᠢ᠋ᠶ᠋ᠡᠨ ᠲᠡᠩᠨᠡᠭᠦᠯᠦᠭᠡᠳ ᠵᠢᠷᠣᠭᠠᠯᠠᠯᠠ ᠠ ᠬᠠ ᠬᠦᠢ
ᠬᠥᠭᠰᠢᠨ ᠵᠠᠯᠠᠭᠤ ᠪᠦᠭᠦᠳᠡᠭᠡᠷ ᠢ᠋ᠶ᠋ᠡᠨ ᠬᠡᠦᠬᠡᠨ ᠢ᠋ᠶ᠋ᠡᠨ ᠬᠦᠷᠭᠡᠭᠡᠳ ᠶᠠᠪᠤᠯ᠎ᠠ ᠰᠢᠦ ᠬᠦᠢ
ᠠᠩᠭ᠎ᠠ ᠰᠢᠯᠦ ᠪᠡᠨ ᠬᠦᠷᠭᠡᠬᠦ ᠤᠯᠤᠰ ᠴᠢᠨᠢ ᠠᠷᠠᠯᠲᠤ ᠲᠡᠷᠭᠡᠨ ᠳᠡᠭᠡᠷ᠎ᠡ ᠪᠡᠨ ᠰᠠᠭᠤᠯᠴᠠᠯᠠ ᠬᠦᠢ
ᠠᠷᠠᠯᠲᠤ ᠶᠡᠬᠡ ᠲᠡᠷᠭᠡ ᠨᠢ ᠠᠷᠠᠯ ᠢ᠋ᠶ᠋ᠠᠷ ᠢ᠋ᠶ᠋ᠠᠨ ᠡᠷᠭᠢᠭᠡᠳ ᠭᠠᠷᠤᠯ᠎ᠠ ᠶᠠ ᠬᠦᠢ
ᠠᠯᠠᠭ ᠵᠢᠷᠣᠭ᠎ᠠ ᠰᠢᠦᠸᠠᠢ ᠯᠢ ᠪᠡᠨ ᠬᠥᠯᠦᠭᠡᠳ ᠠᠯᠤᠰ ᠲᠡᠭᠷᠢ ᠳ᠋ᠦ᠍ ᠪᠡᠨ ᠵᠢᠷᠣᠭᠠᠯᠠᠯᠠ ᠠ ᠬᠠ ᠬᠦᠢ ᠲᠡᠢᠰᠢ
ᠠᠭᠰᠢᠷᠠᠭᠰᠠᠨ ᠵᠠᠯᠠᠭᠤ ᠪᠦᠭᠦᠳᠡᠭᠡᠷ ᠢ᠋ᠶ᠋ᠡᠨ ᠠᠩᠭ᠎ᠠ ᠪᠠᠨ ᠬᠦᠷᠭᠡᠭᠡᠳ ᠶᠠᠪᠤᠯ᠎ᠠ ᠰᠢᠦ ᠬᠦᠢ
ᠬᠥᠭᠰᠢᠨ ᠵᠠᠯᠠᠭᠤ ᠪᠦᠭᠦᠳᠡᠭᠡᠷ ᠢ᠋ᠶ᠋ᠡᠨ ᠬᠡᠦᠬᠡᠨ ᠢ᠋ᠶ᠋ᠡᠨ ᠬᠦᠷᠭᠡᠵᠦ ᠣᠴᠢᠭᠰᠠᠨ ᠤ᠋ ᠳᠠᠷᠠᠭ᠎ᠠ ᠬᠦᠷᠭᠡᠨ ᠪᠣᠯᠤᠭᠰᠠᠨ ᠰᠦᠢ ᠵᠢᠩ ᠪᠣᠯᠤᠨ ᠰᠢᠯᠦ ᠲᠡᠢ ᠪᠡᠨ ᠬᠣᠶᠠᠭᠤᠯᠠ ᠶ᠋ᠢ ᠬᠥᠬᠡ ᠲᠡᠭᠷᠢ ᠪᠤᠷᠬᠠᠨ ᠳ᠋ᠤ᠌ ᠨᠢ ᠬᠠᠮᠲᠤ ᠪᠠᠷ ᠬᠣᠶᠠᠭᠤᠯᠠ ᠶ᠋ᠢ ᠮᠥᠷᠭᠥᠭᠦᠯᠴᠢᠬᠡᠭᠰᠡᠨ ᠶᠦᠮ ᠠ᠋᠃
ᠬᠥᠯᠲᠦ ᠶᠡᠬᠡ ᠰᠢᠷᠡᠭᠡ ᠶ᠋ᠢ ᠪᠡᠨ ᠬᠦᠷᠢᠶᠡᠨ ᠦ᠌ ᠪᠡᠨ ᠳᠤᠮᠳᠠ ᠨᠢ ᠲᠠᠯᠪᠢᠯ᠎ᠠ ᠬᠦᠢ
ᠬᠦᠵᠢ ᠪᠣᠯᠤᠨ ᠵᠤᠯᠠ ᠲᠠᠢ ᠪᠠᠨ ᠬᠣᠶᠠᠭᠤᠯᠠ ᠶ᠋ᠢ ᠲᠡᠭᠦᠨ ᠦ᠌ ᠪᠡᠨ ᠳᠡᠭᠡᠷ᠎ᠡ ᠨᠢ ᠠᠰᠠᠭᠠᠯᠠ ᠶᠠ ᠬᠦᠢ
ᠬᠦᠷᠭᠡᠨ ᠪᠣᠯᠤᠭᠰᠠᠨ ᠰᠦᠢ ᠵᠢᠩ ᠪᠣᠯᠤᠨ ᠰᠢᠯᠦ ᠲᠡᠢ ᠨᠢ ᠬᠣᠶᠠᠭᠤᠯᠠ ᠶ᠋ᠢ ᠪᠡᠨ ᠠ ᠬᠠ ᠬᠦᠢ
ᠬᠥᠬᠡ ᠲᠡᠭᠷᠢ ᠪᠤᠷᠬᠠᠨ ᠳ᠋ᠤ᠌ ᠨᠢ ᠲᠤᠰᠬᠠᠢᠯᠠᠨ ᠬᠣᠶᠠᠭᠤᠯᠠ ᠶ᠋ᠢ ᠮᠥᠷᠭᠥᠭᠦᠯᠪᠡ ᠬᠦᠢ
ᠦ ᠮᠦ᠍ ᠽᠢ ᠲᠠᠨ ᠰᠢᠷᠡᠭᠡ ᠶ᠋ᠢ ᠪᠡᠨ ᠡᠭᠦᠳᠡᠨ ᠦ᠌ ᠪᠡᠨ ᠡᠮᠦᠨᠡᠲᠡᠢ ᠨᠢ ᠲᠠᠯᠪᠢᠯ᠎ᠠ ᠬᠦᠢ
ᠦᠨᠦᠷ ᠰᠠᠢᠲᠠᠢ ᠪᠤᠤ ᠰᠢᠶᠠᠩ ᠬᠦᠵᠢ ᠶ᠋ᠢ ᠪᠡᠨ ᠲᠡᠭᠦᠨ ᠦ᠌ ᠪᠡᠨ ᠳᠡᠭᠡᠷ᠎ᠡ ᠨᠢ ᠠᠰᠠᠭᠠᠯᠠ ᠳᠠ ᠬᠦᠢ
ᠦᠷ᠎ᠡ ᠪᠠᠭ᠎ᠠ ᠰᠦᠢ ᠵᠢᠩ ᠶᠦᠮ ᠠ᠋ ᠰᠢᠯᠦ ᠲᠡᠢ ᠨᠢ ᠬᠣᠶᠠᠭᠤᠯᠠ ᠶ᠋ᠢ ᠪᠡᠨ᠂ ᠠ ᠬᠠ ᠬᠦᠢ᠂
ᠡᠴᠢᠭᠡ ᠲᠡᠭᠷᠢ ᠪᠤᠷᠬᠠᠨ ᠳ᠋ᠤ᠌ ᠨᠢ ᠴᠣᠭ ᠲᠤ᠌ ᠨᠢ ᠬᠣᠶᠠᠭᠤᠯᠠ ᠶ᠋ᠢ ᠮᠥᠷᠭᠥᠭᠦᠯᠪᠡ ᠬᠦᠢ
ᠥᠲᠡᠯᠦᠭᠰᠡᠨ ᠵᠠᠯᠠᠭᠤ ᠪᠦᠭᠦᠳᠡᠭᠡᠷ ᠢ᠋ᠶ᠋ᠡᠨ ᠡᠪᠯᠢᠭ ᠪᠠᠭ᠎ᠠ ᠰᠢᠯᠦ ᠪᠣᠯᠤᠨ ᠰᠦᠢ ᠵᠢᠩ ᠲᠡᠢ ᠬᠣᠶᠠᠭᠤᠯᠠ ᠶ᠋ᠢ ᠡᠴᠢᠭᠡ ᠲᠡᠭᠷᠢ ᠪᠤᠷᠬᠠᠨ ᠳ᠋ᠤ᠌ ᠨᠢ ᠮᠥᠷᠭᠥᠭᠦᠯᠦᠭᠰᠡᠨ ᠦ᠌ ᠰᠡᠭᠦᠯᠡᠷ ᠠ᠋᠂ ᠦᠳᠡᠯᠦᠭᠡ ᠪᠣᠯᠤᠭᠰᠠᠨ ᠮᠥᠮᠥ ᠨᠢ ᠡᠭᠰᠢᠵᠦ ᠪᠦᠭᠰᠢᠵᠦ ᠣᠷᠣᠵᠤ ᠢᠷᠡᠭᠡᠳ ᠤᠬᠢᠯᠠᠵᠤ ᠪᠠᠢᠭᠠᠳ ᠥᠪᠡᠷ ᠦ᠋ᠨ ᠥᠬᠢᠨ ᠰᠢᠯᠦ ᠪᠡᠨ ᠬᠤᠳᠠᠭᠠᠢ ᠳ᠋ᠤ᠌ ᠪᠠᠨ ᠲᠤᠰᠢᠶᠠᠵᠤ ᠦᠭᠴᠢᠬᠡᠵᠡᠢ ᠭᠡᠨ᠎ᠡ᠃
ᠠᠯᠠᠭ ᠦᠨᠢᠶ᠎ᠡ ᠶ᠋ᠢ ᠴᠢᠨᠢ ᠠᠷᠤ ᠶ᠋ᠢᠨ ᠬᠠᠰᠢᠶᠠᠨ ᠳ᠋ᠤ᠌ ᠴᠢᠨᠢ ᠲᠠᠯᠪᠢᠵᠤ ᠥᠭᠭᠦᠯ᠎ᠡ ᠬᠦᠢ
ᠠᠯᠳᠠᠭᠠᠳ ᠭᠠᠷᠭᠠᠨ᠎ᠠ ᠤᠤ ᠬᠣᠷᠢᠭᠠᠳ ᠠᠪᠤᠨ᠎ᠠ ᠤᠤ ᠬᠤᠳᠠᠭᠠᠢ ᠥᠪᠡᠷ ᠢ᠋ᠶ᠋ᠡᠨ ᠮᠡᠳᠡᠬᠦ ᠦᠭᠡᠢ ᠤᠤ ᠬᠦᠢ
ᠠᠩᠭ᠎ᠠ ᠪᠠᠭ᠎ᠠ ᠰᠢᠯᠦ ᠶ᠋ᠢ ᠪᠡᠨ ᠠᠪᠴᠢᠷᠠᠭᠠᠳ ᠥᠭᠭᠦᠯ᠎ᠡ᠂ ᠠ ᠬᠤᠳᠠᠭᠠᠢ᠂ ᠠ ᠬᠠ ᠬᠦᠢ
ᠠᠩᠭ᠎ᠠ ᠪᠠᠨ ᠬᠢᠨ᠎ᠡ ᠤᠤ ᠠᠯᠪᠠᠲᠤ ᠪᠠᠨ ᠬᠢᠨ᠎ᠡ ᠤᠤ ᠬᠤᠳᠠᠭᠠᠢ ᠥᠪᠡᠷ ᠢ᠋ᠶ᠋ᠡᠨ ᠮᠡᠳᠡᠬᠦ ᠦᠭᠡᠢ ᠤᠤ ᠬᠦᠢ
ᠬᠦᠷᠡᠭᠴᠢ ᠦᠨᠢᠶ᠎ᠡ ᠶ᠋ᠢ ᠴᠢᠨᠢ ᠬᠦᠷᠢᠶᠡᠨ ᠦ᠌ ᠴᠢᠨᠢ ᠳᠤᠮᠳᠠ ᠨᠢ ᠲᠠᠯᠪᠢᠵᠤ ᠥᠭᠭᠦᠯ᠎ᠡ ᠬᠦᠢ
ᠬᠣᠷᠢᠭᠠᠳ ᠠᠪᠤᠨ᠎ᠠ ᠤᠤ ᠠᠯᠳᠠᠭᠠᠳ ᠭᠠᠷᠭᠠᠨ᠎ᠠ ᠤᠤ᠂ ᠬᠤᠳᠠᠭᠠᠢ ᠥᠪᠡᠷ ᠢ᠋ᠶ᠋ᠡᠨ ᠮᠡᠳᠡᠬᠦ ᠦᠭᠡᠢ ᠤᠤ ᠬᠦᠢ
ᠬᠠᠢᠷᠠᠲᠠᠢ ᠥᠬᠢᠨ ᠰᠢᠯᠦ ᠶ᠋ᠢ ᠪᠡᠨ ᠬᠦᠷᠭᠡᠭᠡᠳ ᠢᠷᠡᠯ᠎ᠡ᠂ ᠠ ᠬᠤᠳᠠᠭᠠᠢ᠂ ᠠ ᠬᠠ ᠬᠦᠢ
ᠬᠡᠦᠬᠡᠨ ᠢ᠋ᠶ᠋ᠡᠨ ᠬᠢᠨ᠎ᠡ ᠤᠤ ᠬᠥᠪᠡᠭᠦᠨ ᠢ᠋ᠶ᠋ᠡᠨ ᠬᠢᠨ᠎ᠡ ᠤᠤ ᠬᠤᠳᠠᠭᠠᠢ ᠥᠪᠡᠷ ᠢ᠋ᠶ᠋ᠡᠨ ᠮᠡᠳᠡᠬᠦ ᠦᠭᠡᠢ ᠤᠤ ᠬᠦᠢ
ᠰᠢᠯᠦ ᠶ᠋ᠢᠨ ᠮᠥᠮᠥ ᠨᠢ ᠥᠬᠢᠨ ᠢ᠋ᠶ᠋ᠡᠨ ᠲᠤᠰᠢᠶᠠᠵᠤ ᠥᠭᠬᠦ ᠳ᠋ᠦ᠍ ᠬᠤᠳᠠᠭᠠᠢ ᠨᠢ ᠲᠤᠰᠢᠶᠠᠵᠤ ᠠᠪᠬᠤ ᠶ᠋ᠢᠨ ᠬᠠᠮᠲᠤ ᠳᠠᠭᠤᠯᠠᠴᠢᠬᠠᠵᠠᠢ ᠭᠡᠨ᠎ᠡ
ᠠᠯᠠᠭ ᠦᠨᠢᠶ᠎ᠡ ᠶ᠋ᠢ ᠮᠢᠨᠢ ᠠᠷᠤ ᠶ᠋ᠢᠨ ᠬᠠᠰᠢᠶᠠᠨ ᠳ᠋ᠤ᠌ ᠲᠠᠯᠪᠢᠴᠢᠬ᠎ᠠ ᠠ᠋ ᠬᠦᠢ
ᠠᠩᠭ᠎ᠠ ᠪᠠᠭ᠎ᠠ ᠰᠢᠯᠦ᠍ ᠶ᠋ᠢ ᠪᠡᠨ ᠠᠪᠴᠢᠷᠠᠭᠠᠳ ᠥᠭᠴᠡᠢ ᠠ ᠬᠤᠳᠠᠭᠠᠢ ᠬᠦᠢ
ᠠᠮᠠᠳᠠᠭᠠᠳ ᠬᠡᠯᠡᠬᠦ ᠬᠡᠳᠦᠨ ᠦᠭᠡᠨ ᠳ᠋ᠦ᠍ ᠠᠭᠠᠰᠢ ᠯᠠ ᠦᠭᠡᠢ ᠪᠡᠷ ᠭᠠᠷᠪᠠᠯ ᠠ᠋᠂ ᠠ ᠬᠤᠳᠠᠭᠠᠢ ᠠ᠋
ᠠᠭᠰᠢᠷᠠᠲᠠᠯ᠎ᠠ ᠪᠠᠨ ᠠᠶᠠᠭᠠᠨ ᠳᠡᠭᠡᠵᠢ ᠪᠡᠨ ᠲᠠᠯᠪᠢᠭᠤᠯᠬᠤ ᠠᠩᠭ᠎ᠠ ᠰᠢᠯᠦ ᠮᠢᠨᠢ ᠭᠠᠭᠴᠠᠬᠠᠨ ᠰᠢᠦ ᠬᠦᠢ
ᠠᠰᠲᠠᠭᠠᠨ ᠬᠥᠮᠦᠨ ᠦ᠌ ᠪᠡᠨ ᠠᠳᠠᠯᠢᠬᠠᠨ ᠠᠷᠪᠠ ᠲᠠᠪᠤ ᠪᠠᠷ ᠪᠠᠢᠨ᠎ᠠ ᠤᠤ ᠳᠠ ᠬᠦᠢ
ᠠᠭᠰᠢᠷᠠᠲᠠᠯ᠎ᠠ ᠪᠠᠨ ᠶᠠᠪᠤᠭᠠᠳ ᠯᠠ ᠣᠯᠤᠭᠰᠠᠨ ᠠᠩᠭ᠎ᠠ ᠰᠢᠯᠦ ᠮᠢᠨᠢ ᠭᠠᠭᠴᠠᠬᠠᠨ ᠰᠢᠦ
ᠠᠯᠠᠭ ᠬᠣᠶᠠᠷ ᠨᠢᠳᠦᠨ ᠡᠴᠡ ᠪᠡᠨ ᠠᠰᠬᠠᠷᠠᠭᠤᠯᠬᠤ ᠪᠠᠨ ᠠᠶᠠᠳᠤᠭᠠᠴᠢ ᠳᠠ ᠠ ᠬᠤᠳᠠᠭᠠᠢ
ᠠᠰ ᠤ᠋ᠨ ᠬᠦᠦ ᠰᠦᠢ ᠵᠢᠩ ᠡᠴᠡ ᠶᠠᠭᠠᠬᠢᠪᠠᠴᠤ ᠳᠤᠲᠠᠭᠤ ᠪᠣᠳᠣᠬᠤ ᠦᠭᠡᠢ ᠶᠦ᠍ᠮ ᠠ᠋ ᠬᠦᠢ
ᠬᠦᠷᠡᠭᠴᠢ ᠦᠨᠢᠶ᠎ᠡ ᠶ᠋ᠢ ᠮᠢᠨᠢ ᠬᠦᠷᠢᠶᠡᠨ ᠦ᠌ ᠮᠢᠨᠢ ᠳᠤᠮᠳᠠ ᠨᠢ ᠲᠠᠯᠪᠢᠴᠢᠬ᠎ᠠ ᠠ᠋ ᠬᠦᠢ
ᠬᠠᠢᠷᠠᠨ ᠪᠡᠷᠢ ᠰᠢᠯᠦ ᠶ᠋ᠢ ᠮᠢᠨᠢ ᠬᠦᠷᠭᠡᠭᠡᠳ ᠢᠷᠡᠪᠡ ᠤᠤ᠂ ᠠ ᠬᠤᠳᠠᠭᠠᠢ ᠬᠦᠢ
ᠬᠡᠯᠡᠭᠡᠳ ᠯᠡ ᠵᠠᠬᠢᠬᠤ ᠬᠡᠳᠦᠨ ᠦᠭᠡᠨ ᠳ᠋ᠦ᠍ ᠬᠡᠨᠲᠡᠭᠯᠡᠵᠦ ᠠᠭᠠᠰᠢᠯᠠᠬᠤ ᠦᠭᠡᠢ ᠪᠣᠯᠪᠠᠯ ᠠ᠋᠂ ᠠ ᠬᠤᠳᠠᠭᠠᠢ
ᠬᠥᠭᠰᠢᠷᠡᠲᠡᠯ᠎ᠡ ᠪᠡᠨ ᠠᠶᠠᠭᠠᠨ ᠳᠡᠭᠡᠵᠢ ᠪᠡᠨ ᠪᠠᠷᠢᠭᠤᠯᠬᠤ ᠬᠡᠦᠬᠡᠨ ᠦᠷ᠎ᠡ ᠮᠢᠨᠢ ᠭᠠᠭᠴᠠᠬᠠᠨ ᠰᠢᠦ ᠬᠦᠢ
ᠬᠥᠮᠦᠨ ᠬᠥᠮᠦᠨ ᠦ᠌ ᠪᠡᠨ ᠠᠳᠠᠯᠢᠬᠠᠨ ᠶᠢᠰᠦ ᠠᠷᠪᠠ ᠪᠠᠷ ᠪᠠᠢᠨ᠎ᠠ ᠤᠤ ᠳᠠ ᠬᠦᠢ
ᠬᠦᠰᠡᠵᠦ ᠪᠠᠢᠭᠠᠳ ᠣᠯᠤᠭᠠᠳ ᠲᠡᠭᠡᠭᠰᠡᠨ ᠬᠡᠦᠬᠡᠨ ᠦᠷ᠎ᠡ ᠮᠢᠨᠢ ᠭᠠᠭᠴᠠᠬᠠᠨ ᠰᠢᠦ ᠬᠦᠢ
ᠬᠠᠷᠠᠬᠤ ᠬᠣᠶᠠᠷ ᠨᠢᠳᠦᠨ ᠡᠴᠡ ᠪᠡᠨ ᠳᠤᠰᠤᠯᠠᠭᠤᠯᠬᠤ ᠪᠠᠨ ᠠᠶᠠᠳᠤᠭᠠᠴᠢ ᠳᠠ ᠠ ᠬᠤᠳᠠᠭᠠᠢ
ᠬᠣᠪᠢᠨ ᠤ᠋ ᠬᠦᠦ ᠰᠦᠢ ᠵᠢᠩ ᠡᠴᠡ ᠪᠡᠨ ᠶᠠᠭᠠᠬᠢᠪᠠᠴᠤ ᠳᠤᠲᠠᠭᠤ ᠪᠣᠳᠣᠬᠤ ᠦᠭᠡᠢ ᠰᠢᠦ ᠬᠦᠢ
ᠬᠡᠦᠬᠡᠨ ᠢ᠋ᠶ᠋ᠡᠨ ᠬᠦᠷᠭᠡᠵᠦ ᠢᠷᠡᠭᠰᠡᠨ ᠬᠥᠭᠰᠢᠨ ᠵᠠᠯᠠᠭᠤ ᠪᠦᠭᠦᠳᠡᠭᠡᠷ ᠢ᠋ᠶ᠋ᠡᠨ ᠵᠠᠮ ᠨᠢ ᠬᠣᠯᠠ ᠶᠤᠮ ᠪᠣᠯᠬᠣᠷ ᠡᠷᠭᠢᠯᠲᠡ ᠲᠡᠢ ᠪᠡᠨ ᠨᠢᠭᠡ ᠯᠡ ᠢᠷᠡᠴᠢᠬᠡᠭᠰᠡᠨ ᠶᠦᠮ ᠪᠠᠢᠨ᠎ᠠ ᠰᠢᠦ᠂ ᠡᠷᠭᠢᠯᠲᠡ ᠮᠠᠷᠭᠢᠯᠲᠠ ᠨᠢ ᠥᠩᠭᠡᠷᠡᠭᠡᠳ᠂ ᠣᠳᠣ ᠨᠢᠭᠡᠨᠲᠡ ᠣᠯᠠᠨ ᠪᠦᠭᠦᠳᠡᠭᠡᠷ ᠢ᠋ᠶ᠋ᠡᠨ ᠶᠠᠪᠤᠬᠤ ᠪᠠᠷ ᠢ᠋ᠶ᠋ᠠᠨ ᠰᠢᠭᠤᠳᠴᠠᠢ᠃ ᠶᠠᠪᠤᠬᠤ ᠭᠡᠳ ᠲᠡᠷᠭᠡ ᠮᠠᠷᠭᠠ ᠪᠠᠨ ᠬᠥᠯᠦᠭᠰᠡᠨ ᠦ᠌ ᠳᠠᠷᠠᠭ᠎ᠠ ᠦᠳᠡᠯᠦᠭᠡ ᠪᠣᠯᠤᠭᠰᠠᠨ ᠮᠥᠮᠥ ᠨᠢ ᠥᠬᠢᠨ ᠢ᠋ᠶ᠋ᠡᠨ ᠬᠠᠶᠠᠭᠠᠳ ᠶᠠᠪᠤᠬᠤ ᠭᠡᠵᠦ ᠪᠠᠢᠬᠤ ᠶᠤᠮ ᠪᠣᠯᠬᠣᠷ ᠲᠡᠰᠬᠡᠯ ᠦᠭᠡᠢ ᠤᠬᠢᠯᠠᠵᠤ ᠪᠠᠢᠭᠠᠳ ᠳᠠᠭᠤᠯᠠᠴᠢᠬᠠᠵᠠᠢ ᠭᠡᠨ᠎ᠡ
ᠠᠪᠤ ᠶ᠋ᠢᠨ ᠢ᠋ᠶ᠋ᠡᠨ ᠨᠤᠲᠤᠭ ᠲᠤ᠌ ᠪᠠᠨ ᠪᠠᠢᠬᠤ ᠶ᠋ᠢᠨ ᠦᠶ᠎ᠡ ᠳ᠋ᠦ᠍ ᠪᠡᠨ ᠠᠩᠭ᠎ᠠ ᠮᠢᠨᠢ ᠠ᠋ ᠬᠦᠢ
ᠠ᠋ᠠᠷᠪᠠᠨ ᠥᠩᠭᠡ ᠶ᠋ᠢᠨ ᠲᠣᠷᠭᠠᠨ ᠤᠲᠠᠰᠤᠨ ᠤ᠋ ᠥᠩᠭᠡ ᠶ᠋ᠢ ᠨᠢ ᠢᠯᠭᠠᠵᠤ ᠰᠠᠭᠤᠭᠰᠠᠨ ᠶᠤᠮ ᠠ᠋ ᠬᠦᠢ
ᠠᠯᠤᠰ ᠤ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌ ᠠᠪᠴᠢᠷᠠᠭᠠᠳ ᠯᠠ ᠥᠭᠴᠡᠢ ᠠᠩᠭ᠎ᠠ ᠪᠠᠨ ᠠ᠋᠂ ᠠ ᠬᠠ ᠬᠦᠢ
ᠠᠳᠠᠯ ᠪᠣᠯᠤᠨ ᠠᠮᠢᠳᠤᠷᠠᠯ ᠤ᠋ᠨ ᠢ᠋ᠶ᠋ᠠᠨ ᠠᠯᠢ ᠲᠥᠬᠥᠭᠡ ᠶ᠋ᠢ ᠴᠦ᠍ ᠣᠯᠤᠨ᠎ᠠ ᠤᠤ ᠳᠠ ᠬᠦᠢ
ᠡᠴᠢᠭᠡ ᠶ᠋ᠢᠨ ᠨᠤᠲᠤᠭ ᠲᠤ᠌ ᠪᠠᠨ ᠪᠠᠢᠬᠤ ᠶ᠋ᠢᠨ ᠢ᠋ᠶ᠋ᠡᠨ ᠦᠶ᠎ᠡ ᠳ᠋ᠦ᠍ ᠥᠬᠢᠨ ᠮᠢᠨᠢ ᠠ᠋ ᠬᠦᠢ
ᠥᠩᠭᠡ ᠪᠦᠷᠢ ᠶ᠋ᠢᠨ ᠲᠣᠷᠭᠠᠨ ᠤᠲᠠᠰᠤᠨ ᠤ᠋ ᠥᠩᠭᠡ ᠶ᠋ᠢ ᠨᠢ ᠬᠣᠯᠪᠣᠭᠠᠳ ᠯᠠ ᠰᠠᠭᠤᠭᠰᠠᠨ ᠶᠤᠮ ᠠ᠋ ᠬᠦᠢ
ᠡᠲᠡᠭᠡᠳ ᠦ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌ ᠬᠠᠶᠠᠭᠠᠳ ᠶᠠᠪᠤᠨ᠎ᠠ ᠥᠬᠢᠨ ᠢ᠋ᠶ᠋ᠡᠨ ᠠ᠋᠂ ᠠ ᠬᠠ ᠬᠦᠢ
ᠡᠷᠦᠬᠡ ᠪᠣᠯᠤᠨ ᠠᠮᠢᠳᠤᠷᠠᠯ ᠤ᠋ᠨ ᠬᠢᠨᠢ ᠠᠯᠢ ᠯᠠ ᠲᠥᠬᠥᠭᠡ ᠶ᠋ᠢ ᠨᠢ ᠣᠯᠤᠨ᠎ᠠ ᠤᠤ ᠳᠠ ᠬᠦᠢ
ᠰᠢᠯᠦ ᠶ᠋ᠢᠨ ᠮᠥᠮᠥ ᠨᠢ ᠠ᠋᠂ ᠢᠩᠭᠢᠵᠦ ᠬᠡᠯᠡᠭᠡᠳ ᠤᠬᠢᠯᠠᠬᠤᠯᠠᠷ ᠬᠤᠳᠠᠭᠠᠢ ᠨᠢ ᠬᠦᠷᠭᠡᠵᠦ ᠭᠠᠷᠴᠤ ᠢᠷᠡᠭᠡᠳ ᠬᠡᠯᠡᠵᠦ ᠪᠠᠢᠨ᠎ᠠ
ᠲᠥᠷᠥᠯ ᠲᠥᠷᠥᠯ ᠳ᠋ᠦ᠍ ᠪᠡᠨ ᠶᠠᠪᠤᠭᠠᠳ ᠲᠥᠷᠥᠭᠰᠡᠨ ᠪᠣᠯᠤᠨ᠎ᠠ ᠤᠤ ᠳᠠ ᠠ ᠬᠤᠳᠠᠭᠠᠢ ᠬᠦᠢ
ᠲᠥᠷᠥᠭᠰᠡᠨ ᠦᠷ᠎ᠡ ᠰᠦᠢ ᠵᠢᠩ ᠡᠴᠡ ᠪᠡᠨ ᠶᠠᠭᠠᠬᠢᠪᠠᠴᠤ ᠳᠤᠲᠠᠭᠤ ᠪᠣᠳᠣᠬᠤ ᠦᠭᠡᠢ ᠶᠦ᠍ᠮ ᠠ᠋ ᠬᠦᠢ
ᠲᠤᠨᠤᠷᠠᠲᠠᠯ᠎ᠠ ᠪᠠᠨ ᠤᠬᠢᠯᠠᠭᠠᠳ ᠪᠠᠢᠬᠤ ᠪᠠᠨ ᠪᠠᠢᠴᠢᠬ᠎ᠠ ᠳᠠ ᠠ ᠬᠤᠳᠠᠭᠠᠢ ᠠ᠋ ᠠ ᠬᠠ ᠬᠦᠢ
ᠲᠠᠪᠤ ᠠᠷᠪᠠ ᠬᠣᠨᠣᠭᠰᠠᠨ ᠤ᠋ ᠰᠡᠭᠦᠯᠡᠷ ᠬᠦᠷᠭᠡᠨ ᠲᠡᠢ ᠴᠢᠨᠢ ᠬᠣᠶᠠᠭᠤᠯᠠ ᠶ᠋ᠢ ᠶᠠᠪᠤᠭᠤᠯᠵᠤ ᠥᠭᠭᠦᠶ᠎ᠡ ᠳᠡ ᠬᠦᠢ
ᠦᠶ᠎ᠡ ᠦᠶ᠎ᠡ ᠳ᠋ᠦ᠍ ᠪᠡᠨ ᠶᠠᠪᠤᠭᠠᠳ ᠦᠷ᠎ᠡ ᠪᠣᠯᠤᠭᠠᠳ ᠯᠠ ᠵᠠᠶᠠᠭᠠᠨ᠎ᠠ ᠤᠤ ᠳᠠ ᠬᠦᠢ
ᠥᠪᠡᠷ ᠦ᠋ᠨ ᠬᠦᠦ ᠰᠦᠢ ᠵᠢᠩ ᠡᠴᠡ ᠪᠡᠨ ᠶᠠᠭᠠᠬᠢᠪᠠᠴᠤ ᠯᠠ ᠳᠤᠲᠠᠭᠤ ᠪᠣᠳᠣᠬᠤ ᠦᠭᠡᠢ ᠶᠦ᠍ᠮ ᠠ᠋ ᠬᠦᠢ
ᠡᠷᠢᠶᠡᠨ ᠠᠯᠠᠭ ᠨᠢᠳᠦᠨ ᠡᠴᠡ ᠪᠡᠨ ᠬᠦᠢ ᠲᠣᠰᠣᠯᠠᠭᠤᠯᠬᠤ ᠪᠠᠨ ᠠᠶᠠᠳᠤᠭᠠᠴᠢ ᠳᠠ ᠠ ᠬᠤᠳᠠᠭᠠᠢ
ᠶᠢᠰᠦ ᠠᠷᠪᠠ ᠬᠣᠨᠣᠭᠰᠠᠨ ᠤ᠋ ᠰᠡᠭᠦᠯᠡᠷ ᠥᠬᠢᠨ ᠪᠣᠯᠣᠳ ᠬᠦᠷᠭᠡᠨ ᠢ᠋ ᠴᠢᠨᠢ ᠶᠠᠪᠤᠭᠤᠯᠵᠤ ᠥᠭᠭᠦᠶ᠎ᠡ ᠬᠦᠢ
ᠵᠠ᠂ ᠢᠩᠭᠢᠭᠡᠳ ᠠᠭᠰᠢᠷᠠᠭᠰᠠᠨ ᠵᠠᠯᠠᠭᠤ ᠪᠦᠭᠦᠳᠡᠭᠡᠷ ᠢ᠋ᠶ᠋ᠡᠨ ᠠᠩᠭ᠎ᠠ ᠪᠠᠭ᠎ᠠ ᠰᠢᠯᠦ ᠶ᠋ᠢ ᠪᠡᠨ ᠠᠯᠤᠰ ᠤ᠋ᠨ ᠬᠣᠯᠠ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌ ᠬᠦᠷᠭᠡᠵᠦ ᠠᠪᠠᠴᠢᠵᠤ ᠥᠭᠭᠦᠭᠰᠡᠨ ᠦ᠌ ᠰᠡᠭᠦᠯᠡᠷ ᠡᠷᠭᠢᠭᠡᠳ ᠠᠳᠠᠯ ᠭᠡᠷ ᠲᠦ᠍ ᠪᠡᠨ ᠢᠷᠡᠵᠡᠭᠡᠵᠡᠢ᠃
ᠦᠰᠦᠭ ᠠᠮᠢᠯᠠᠭᠤᠯᠤᠭᠰᠠᠨ ᠨᠢ᠄ ᠭᠠᠸᠠ
ᠦᠰᠦᠭ ᠬᠠᠲᠠᠭᠰᠠᠨ ᠨᠢ᠄ ᠭᠠᠸᠠ
ᠬᠥᠳᠡᠯᠭᠡᠭᠡᠨᠲᠦ ᠵᠢᠷᠤᠭ ᠤ᠋ᠨ ᠰᠡᠭᠦᠳᠡᠷ ᠢ᠋ ᠥᠪᠥᠷ ᠮᠣᠩᠭᠣᠯ ᠤ᠋ᠨ ᠵᠢᠷᠤᠭᠲᠤ ᠰᠡᠳᠬᠦᠯ ᠡᠴᠡ ᠬᠠᠭᠤᠯᠪᠠ᠂
ᠬᠢᠨᠠᠭᠴᠢ ᠄ ᠢᠷᠡᠭᠡᠳᠦᠢ
