ᠭᠦᠢᠯᠢᠴᠢ ᠬᠠᠭᠠᠨGüjliči haanГүйличи хаан
ᠭᠦᠢᠯᠢᠴᠢ ᠬᠠᠭᠠᠨ
ᠭᠦᠢᠯᠢᠴᠢ ᠬᠠᠭᠠᠨ(1379— 1407)
ᠡᠮᠬᠢᠳᠬᠡᠭᠰᠡᠨ ᠨᠢ ᠄ ᠴᠢ᠊ · ᠤᠷᠠᠨᠴᠡᠴᠡᠭ
① ᠭᠦᠢᠯᠢᠴᠢ ᠣᠢᠷᠠᠳ ᠤ᠋ᠨ② ᠥᠭᠡᠴᠢ ᠬᠠᠰᠢᠬ᠎ᠠ ᠶ᠋ᠢ ᠭᠦᠢᠯᠢᠴᠢ ᠬᠠᠭᠠᠨ ᠭᠡᠳᠡᠭ᠂ ᠭᠦᠢᠯᠢᠴᠢ ᠶ᠋ᠢᠨ ᠲᠤᠬᠠᠢ ᠠᠳᠠᠯᠢ ᠪᠤᠰᠤ ᠬᠡᠯᠡᠯᠭᠡ ᠪᠣᠢ᠃ 1379③ᠣᠨ ᠳ᠋ᠤ᠌ ᠲᠥᠷᠥᠭᠰᠡᠨ᠂ ᠰᠠᠭᠤᠷᠢᠨ ᠭᠠᠷᠬᠤ ᠳ᠋ᠤ᠌ ᠪᠠᠨ25 ᠨᠠᠰᠤᠲᠠᠢ ᠪᠠᠢᠪᠠ᠃《ᠮᠢᠩ ᠤᠯᠤᠰ ᠤ᠋ᠨ ᠮᠠᠭᠠᠳ ᠬᠠᠤᠯᠢ》 ᠳ᠋ᠠᠬᠢ ᠶᠦᠩ ᠯᠧ ᠶ᠋ᠢᠨ ᠲᠠᠪᠤᠳᠤᠭᠠᠷ ᠣᠨ ᠤ᠋ ᠭᠤᠷᠪᠠᠳᠤᠭᠠᠷ ᠰᠠᠷ᠎ᠠ ᠶ᠋ᠢᠨ ᠬᠥᠬᠡ ᠨᠣᠬᠠᠢ ᠡᠳᠦᠷ ᠦ᠋ᠨ ᠲᠡᠮᠳᠡᠭᠯᠡᠯ ᠢ᠋ ᠡᠰᠢ ᠲᠠᠲᠠᠵᠤ ᠭᠦᠢᠯᠢᠴᠢ ᠶ᠋ᠢᠨ ᠰᠠᠭᠤᠷᠢᠨ ᠭᠠᠵᠠᠷ ᠢ᠋ ᠭᠠᠨᠰᠦ᠂ ᠨᠢᠩᠰᠢᠶᠠ ᠶ᠋ᠢᠨ ᠭᠠᠳᠠᠨ᠎ᠠ ᠭᠡᠵᠦ ᠨᠤᠲᠠᠯᠠᠵᠠᠢ᠃
ᠶᠤᠸᠠᠨ ᠤᠯᠤᠰ ᠤ᠋ᠨ ᠦᠶ᠎ᠡ ᠳ᠋ᠦ᠍ ᠥᠭᠡᠳᠡᠢ ᠶ᠋ᠢᠨ ᠬᠣᠢᠴᠢ ᠦᠶ᠎ᠡ ᠶ᠋ᠢᠨ ᠸᠠᠩ ᠨᠠᠷ ᠤ᠋ᠨ ᠭᠣᠯᠣᠮᠲᠠ ᠰᠠᠭᠤᠷᠢᠰᠢᠯ ᠣᠷᠣᠨ ᠨᠢ ᠾᠧ ᠰᠢ ᠶ᠋ᠢᠨ ᠬᠣᠩᠭᠢᠯ ᠣᠷᠴᠢᠮ ᠪᠠᠢᠭᠰᠠᠨ ᠢ᠋ᠶ᠋ᠠᠷ ᠭᠦᠢᠯᠢᠴᠢ ᠥᠭᠡᠳᠡᠢ ᠶ᠋ᠢᠨ ᠬᠣᠢᠴᠢᠰ ᠪᠣᠯᠬᠤ ᠪᠣᠯᠤᠯᠴᠠᠭ᠎ᠠ ᠲᠤᠩ ᠶᠡᠬᠡ᠃ ᠤᠮᠠᠷᠠᠲᠤ ᠤᠯᠤᠰ ᠤ᠋ᠨ ᠦᠶ᠎ᠡ ᠳ᠋ᠦ᠍ ᠭᠦᠢᠯᠢᠴᠢ ᠥᠭᠡᠳᠡᠢ ᠶ᠋ᠢᠨ ᠬᠣᠢᠴᠢ ᠦᠶ᠎ᠡ ᠳ᠋ᠦ᠍ ᠪᠠᠢᠭᠤᠯᠤᠭᠳᠠᠭᠰᠠᠨ ᠬᠠᠭᠤᠴᠢᠨ ᠨᠡᠢᠰᠯᠡᠯ ᠬᠠᠷᠠᠬᠣᠷᠣᠮ ᠢ᠋ ᠡᠵᠡᠯᠡᠨ ᠠᠪᠴᠤ ᠵᠡᠭᠦᠨ ᠬᠡᠰᠡᠭ ᠦ᠋ᠨ ᠹᠧᠣᠳᠠᠯ ᠡᠵᠡᠳ ᠠᠷᠤᠬᠲᠠᠢ ᠭᠦᠨᠲᠡᠮᠦᠷ ᠲᠡᠢ ᠬᠣᠯᠪᠣᠭᠠᠯᠠᠨ ᠣᠢᠷᠠᠳ ᠤ᠋ᠳ ᠲᠠᠢ ᠡᠰᠡᠷᠭᠦᠴᠡᠯᠳᠦᠵᠦ ᠪᠠᠢᠭᠰᠠᠨ ᠨᠢ ᠮᠥᠨ ᠵᠦᠢ ᠶᠣᠰᠣᠨ ᠤ᠋ ᠶᠠᠪᠤᠳᠠᠯ ᠪᠣᠯᠬᠤ ᠶᠤᠮ᠃ 1403 ᠠ᠋ᠴᠠ ᠡᠮᠦᠨᠡᠭᠦᠷ ᠭᠦᠨᠲᠡᠮᠦᠷ ᠨᠠᠰᠤ ᠪᠠᠷᠠᠵᠤ ᠪᠣᠶᠠᠨᠰᠢᠷᠢ1408 ᠣᠨ ᠳ᠋ᠤ᠌ ᠰᠠᠶᠢ ᠰᠠᠭᠤᠷᠢ ᠵᠠᠯᠭᠠᠮᠵᠢᠯᠠᠭᠰᠠᠨ ᠲᠤᠯᠠ ᠡᠨᠡ ᠬᠣᠭᠣᠷᠣᠨᠳᠣᠬᠢ ᠲᠠᠪᠤᠨ ᠣᠨ ᠪᠣᠯ ᠳᠠᠷᠤᠢ ᠭᠦᠢᠯᠢᠴᠢ ᠶ᠋ᠢᠨ ᠰᠠᠭᠤᠷᠢᠨ ᠳ᠋ᠤ᠌ ᠰᠠᠭᠤᠭᠰᠠᠨ ᠬᠤᠭᠤᠴᠠᠭ᠎ᠠ ᠪᠣᠯᠤᠨ᠎ᠠ᠃ ᠭᠦᠢᠯᠢᠴᠢ ᠪᠠᠲᠤᠯᠠ ᠴᠢᠩᠰᠠᠩ ᠢ᠋ ᠠᠯᠠᠵᠤ᠂ ᠣᠢᠷᠠᠳ ᠤ᠋ᠳ ᠲᠠᠢ ᠡᠰᠡᠷᠭᠦᠴᠡᠯᠳᠦᠭᠰᠡᠨ ᠶᠠᠪᠤᠳᠠᠯ ᠨᠢ ᠲᠡᠭᠦᠨ ᠦ᠌ ᠣᠢᠷᠠᠳ ᠬᠥᠮᠦᠨ ᠪᠢᠰᠢ ᠪᠣᠯᠬᠤ ᠳ᠋ᠤ᠌ ᠨᠢ ᠪᠠᠲᠤᠲᠠᠢ ᠪᠠᠷᠢᠮᠲᠠ ᠪᠣᠯᠤᠭᠰᠠᠨ ᠪᠠᠢᠨ᠎ᠠ᠃
ᠬᠠᠭᠠᠨ④1402 ᠣᠨ ᠳ᠋ᠤ᠌ ᠨᠠᠰᠤ ᠪᠠᠷᠠᠭᠰᠠᠨ ᠤ᠋ ᠳᠠᠷᠠᠭ᠎ᠠ ᠥᠭᠡᠴᠢ ᠬᠠᠰᠢᠬ᠎ᠠ ᠬᠠᠷᠠᠭᠴᠢᠨ ᠬᠣᠨᠢᠨ ᠵᠢᠯ1403 ᠣᠨ ᠳ᠋ᠤ᠌ ᠴᠢᠩᠭᠢᠰ ᠦ᠋ᠨ ᠠᠯᠲᠠᠨ ᠤᠷᠤᠭ ᠤ᠋ᠨ ᠲᠥᠪ ᠤᠳᠤᠮᠰᠢᠯ ᠤ᠋ᠨ ᠬᠠᠭᠠᠨ ᠡᠷᠬᠡ ᠶ᠋ᠢ ᠪᠤᠯᠢᠶᠠᠵᠤ ᠬᠠᠭᠠᠨ ᠰᠠᠭᠤᠭᠠᠳ《ᠭᠦᠢᠯᠢᠴᠢ ᠬᠠᠭᠠᠨ》 ᠭᠡᠵᠦ ᠠᠯᠳᠠᠷᠰᠢᠭᠰᠠᠨ⑤ ᠪᠣᠯᠪᠠᠴᠤ ᠬᠠᠭᠠᠨ ᠤ᠋ ᠴᠣᠯᠠ ᠪᠠᠨ ᠡᠷᠭᠦᠮᠵᠢᠯᠡᠭᠰᠡᠨ ᠦᠭᠡᠢ᠂ ᠬᠠᠷᠠᠬᠣᠷᠣᠮ ᠢ᠋ᠶ᠋ᠠᠷ ᠲᠥᠪ ᠪᠣᠯᠭᠠᠵᠤ《ᠰᠠᠭᠤᠷᠢᠨ᠎ᠠ ᠰᠠᠭᠤᠵᠤ ᠪᠠᠢᠬᠤ ᠬᠤᠭᠤᠴᠠᠭᠠᠨ ᠳ᠋ᠤ᠌ ᠲᠠᠮᠢᠷ ᠭᠣᠣᠯ ᠤ᠋ᠨ ᠬᠥᠪᠡᠭᠡᠨ ᠳ᠋ᠦ᠍ ᠣᠢᠷᠠᠳ ᠴᠡᠷᠢᠭ ᠦ᠋ᠳ ᠲᠡᠢ ᠶᠡᠬᠡ ᠲᠡᠢᠨ ᠬᠢᠭᠰᠡᠨ᠃ ᠡᠭᠦᠨ ᠡᠴᠡ ᠣᠢᠷᠠᠳ ᠪᠣᠯᠤᠨ ᠲᠠᠲ᠋ᠠᠷ ᠤ᠋ᠨ ᠬᠠᠷᠢᠴᠠᠭ᠎ᠠ ᠡᠪᠳᠡᠷᠡᠵᠦ᠂ ᠭᠦᠢᠯᠢᠴᠢ ᠵᠡᠭᠦᠨ ᠮᠣᠩᠭᠣᠯ ᠬᠢᠭᠡᠳ ᠣᠢᠷᠠᠳ ᠮᠣᠩᠭᠣᠯ ᠤ᠋ᠨ ᠹᠧᠣᠳᠠᠯ ᠤ᠋ᠨ ᠡᠵᠡᠳ ᠦ᠋ᠨ ᠨᠡᠢᠲᠡ ᠶ᠋ᠢᠨ ᠡᠭᠳᠡᠭᠦᠴᠡᠯ ᠢ᠋ ᠣᠯᠵᠠᠢ》⑥ᠡᠨᠡ ᠨᠢ ᠭᠦᠢᠯᠢᠴᠢ ᠶ᠋ᠢᠨ ᠣᠢᠷᠠᠳ ᠤᠳᠤᠮ ᠲᠠᠢ ᠪᠢᠰᠢ ᠶ᠋ᠢ ᠤᠯᠠᠮ ᠨᠢᠭᠡ ᠠᠯᠬᠤᠮ ᠲᠣᠳᠣᠷᠬᠠᠢᠯᠠᠵᠠᠢ᠃
ᠭᠦᠢᠯᠢᠴᠢ ᠪᠣᠯᠤᠨ ᠮᠢᠩ ᠤᠯᠤᠰ ᠡᠪ ᠨᠢᠭᠡᠳᠦᠯ ᠢ᠋ ᠬᠦᠰᠡᠮᠵᠢᠯᠡᠵᠦ ᠪᠠᠷᠠᠭᠤᠨ ᠭᠠᠷᠤᠨ ᠴᠢᠩᠰᠠᠩ ᠲᠦᠰᠢᠮᠡᠯ ᠲᠠᠢᠰᠢ ᠮᠠᠷᠠᠭᠰᠠᠳ ᠲᠠᠢᠹᠦ᠋ ᠲᠦᠰᠢᠮᠡᠯ ᠵᠡᠭᠦᠨ ᠭᠠᠷᠤᠨ ᠴᠢᠩᠰᠠᠩ ᠶᠢᠰᠤᠨᠳᠠᠢ ᠬᠢᠭᠡᠳ ᠴᠡᠷᠢᠭ ᠦ᠋ᠨ ᠶᠠᠪᠤᠳᠠᠯ ᠤ᠋ᠨ ᠬᠦᠷᠢᠶᠡᠯᠡᠩ ᠦ᠋ᠨ ᠬᠡᠷᠡᠭ ᠮᠡᠳᠡᠭᠴᠢ ᠲᠦᠰᠢᠮᠡᠯ ᠠᠷᠤᠭᠲᠠᠢ ᠵᠡᠷᠭᠡ ᠬᠥᠮᠦᠰ ᠲᠡᠢ ᠢᠯᠴᠢ ᠢᠯᠡᠭᠡᠵᠦ ᠬᠠᠷᠢᠯᠴᠠᠨ ᠭᠦᠶᠦᠯᠭᠡᠬᠦ ᠰᠠᠨᠠᠭ᠎ᠠ ᠪᠠᠨ ᠳᠠᠮᠵᠢᠭᠤᠯᠵᠠᠢ⑦ ᠶᠦᠩ ᠯᠧ ᠶ᠋ᠢᠨ ᠬᠣᠶᠠᠳᠤᠭᠠᠷ ᠭᠤᠷᠪᠠᠳᠤᠭᠠᠷ ᠣᠨ ᠤ᠋ ᠬᠣᠭᠣᠷᠣᠨᠳᠣ ᠭᠦᠢᠯᠢᠴᠢ ᠬᠠᠮᠢᠯ ᠵᠡᠷᠭᠡ ᠭᠠᠵᠠᠷ ᠢ᠋ ᠡᠷᠬᠡᠰᠢᠶᠡᠨ ᠠᠪᠬᠤ ᠶ᠋ᠢᠨ ᠲᠥᠯᠥᠭᠡ ᠮᠢᠩ ᠦ᠋ᠨ ᠡᠪ ᠨᠠᠢᠷᠠᠮᠳᠤᠯᠲᠠᠢ ᠪᠠᠢᠯᠴᠠᠭᠰᠠᠨ ᠵᠦᠩ ᠱᠦᠨ ᠸᠠᠩ ᠡᠩᠬᠡᠲᠡᠮᠦᠷ ᠢ᠋ ᠬᠣᠣᠷᠯᠠᠵᠠᠢ⑧
1408 ᠣᠨ ᠳ᠋ᠤ᠌(ᠶᠦᠩ ᠯᠧ ᠶ᠋ᠢᠨ ᠲᠠᠪᠤᠳᠤᠭᠠᠷ ᠣᠨ) 《ᠭᠦᠢᠯᠢᠴᠢ ᠬᠡᠳᠦᠨᠲᠡ ᠬᠥᠮᠦᠨ ᠲᠣᠮᠢᠯᠠᠨ ᠬᠠᠮᠢᠯ ᠳ᠋ᠤᠷ ᠮᠣᠷᠢᠨ ᠠᠷᠠᠯᠵᠢᠶ᠎ᠠ ᠶᠠᠪᠤᠭᠤᠯᠤᠭᠰᠠᠨ》⑨ ᠪᠥᠭᠡᠳ ᠡᠩᠭᠡᠲᠡᠮᠦᠷ ᠦ᠋ᠨ ᠡᠬᠡᠨᠡᠷ ᠴᠤ᠌ ᠭᠦᠢᠯᠢᠴᠢ ᠶ᠋ᠢ ᠲᠦᠰᠢᠬᠦ ᠪᠡᠷ ᠢᠷᠡᠵᠡᠢ᠂ ᠡᠭᠦᠨ ᠡᠴᠡ ᠭᠣᠪᠢ ᠶ᠋ᠢᠨ ᠠᠷᠤ ᠳ᠋ᠠᠬᠢ ᠭᠦᠢᠯᠢᠴᠢ ᠪᠣᠯᠤᠨ ᠭᠣᠪᠢ ᠶ᠋ᠢᠨ ᠡᠮᠦᠨᠡᠬᠢ ᠬᠠᠮᠢᠯ ᠬᠠᠷᠢᠴᠠᠭ᠎ᠠ ᠨᠢᠭᠲᠠ ᠪᠣᠯᠵᠠᠢ᠃ ᠮᠢᠩ ᠤᠯᠤᠰ ᠤ᠋ᠨ ᠴᠸᠩᠽᠦ ᠬᠠᠭᠠᠨ ᠨᠢᠩᠰᠢᠶᠠ ᠳ᠋ᠠᠬᠢ ᠴᠡᠷᠢᠭ ᠦ᠋ᠨ ᠶᠡᠷᠦᠩᠬᠡᠢ ᠨᠣᠶᠠᠳ ᠵᠠᠩᠵᠤᠨ ᠢ᠋ ᠬᠦᠨᠳᠦᠳᠬᠡᠨ ᠵᠣᠴᠢᠯᠠᠵᠤ ᠬᠦᠷᠭᠡᠵᠦ ᠥᠭᠭᠦᠭᠲᠦᠨ ᠭᠡᠵᠦ ᠱᠠᠭᠠᠷᠳᠠᠬᠤ ᠪᠠᠷ ᠪᠠᠷᠠᠬᠤ ᠦᠭᠡᠢ ᠨᠢᠭᠤᠴᠠ ᠵᠠᠬᠢᠶ᠎ᠠ ᠥᠭᠴᠦ ᠪᠠᠢᠪᠠ᠃
ᠶᠤᠸᠠᠨ ᠤᠯᠤᠰ ᠤ᠋ᠨ ᠦᠶ᠎ᠡ ᠳ᠋ᠦ᠍ ᠬᠠᠭᠠᠨ ᠡᠷᠬᠡ ᠶ᠋ᠢ ᠪᠣᠷᠵᠢᠭᠢᠨ ᠣᠪᠣᠭᠲᠠᠨ ᠠ᠋ᠴᠠ ᠪᠤᠰᠤ ᠬᠥᠮᠦᠨ ᠪᠠᠷᠢᠵᠤ ᠦᠯᠦ ᠪᠣᠯᠬᠤ ᠤᠯᠠᠮᠵᠢᠯᠠᠯᠲᠤ ᠵᠢᠷᠤᠮ ᠬᠠᠲᠠᠭᠤ ᠵᠢᠷᠤᠮᠯᠠᠭᠳᠠᠳᠠᠭ ᠪᠠᠢᠭᠰᠠᠨ ᠲᠤᠯᠠ ᠬᠡᠳᠦᠢᠪᠡᠷ ᠬᠠᠭᠠᠨ ᠰᠠᠭᠤᠭᠰᠠᠨ ᠪᠣᠯᠪᠠᠴᠤ ᠤᠯᠠᠮᠵᠢᠯᠠᠯᠲᠤ ᠶᠣᠰᠣ ᠵᠢᠷᠤᠮ ᠤ᠋ᠨ ᠬᠢᠵᠠᠭᠠᠷᠯᠠᠯ ᠪᠠ ᠨᠥᠯᠥᠭᠡᠯᠡᠯ ᠡᠴᠡ ᠪᠣᠯᠵᠤ ᠬᠠᠭᠠᠨ ᠣᠷᠣ ᠳ᠋ᠤ᠌ ᠤᠳᠠᠭᠠᠨ ᠰᠠᠭᠤᠵᠤ ᠴᠢᠳᠠᠭᠰᠠᠨ ᠦᠭᠡᠢ ᠡᠭᠦᠨ ᠦ᠌ ᠪᠣᠳᠠᠲᠤ ᠵᠢᠱ᠌ᠢᠶ᠎ᠡ ᠪᠣᠯᠤᠨ᠎ᠠ
1407 ᠣᠨ ᠤᠯᠠᠭᠠᠴᠢᠨ ᠭᠠᠬᠠᠢ ᠵᠢᠯ ᠲᠥᠪ ᠠᠽᠢᠶ᠎ᠠ ᠶ᠋ᠢᠨ ᠲᠡᠮᠦᠷ ᠬᠠᠭᠠᠨᠲᠤ ᠤᠯᠤᠰ ᠤ᠋ᠨ ᠨᠡᠢᠰᠯᠡᠯ ᠰᠠᠮᠠᠷᠺᠠᠨᠳ᠋ ᠠ᠋ᠴᠠ ᠠᠯᠲᠠᠨ ᠤᠷᠤᠭ ᠤ᠋ᠨ ᠦᠯᠵᠡᠢᠲᠡᠮᠦᠷ ᠪᠣᠶᠠᠨᠰᠢᠷᠢ ᠮᠣᠩᠭᠣᠯ ᠤ᠋ᠨ ᠨᠤᠲᠤᠭ ᠲᠤ᠌ ᠪᠤᠴᠠᠵᠤ ᠢᠷᠡᠩᠭᠦᠲᠡ ᠭᠦᠢᠯᠢᠴᠢ ᠬᠠᠭᠠᠨ ᠤ᠋ ᠨᠣᠶᠠᠷᠬᠠᠯ ᠲᠡᠷᠡ ᠳᠠᠷᠤᠢ ᠨᠤᠷᠠᠨ ᠰᠤᠢᠷᠠᠵᠠᠢ᠃
1408 ᠣᠨ ᠲᠠᠲ᠋ᠠᠷ ᠠᠢᠮᠠᠭ ᠤ᠋ᠨ ᠠᠰᠤᠳ ᠪᠦᠯᠦᠭ ᠦ᠋ᠨ ᠲᠣᠮᠣ ᠹᠧᠣᠳᠠᠯ ᠤ᠋ᠨ ᠡᠵᠡᠨ᠂ ᠴᠡᠷᠢᠭ ᠦ᠋ᠨ ᠶᠠᠪᠤᠳᠠᠯ ᠤ᠋ᠨ ᠬᠦᠷᠢᠶᠡᠯᠡᠩ ᠦ᠋ᠨ ᠬᠡᠷᠡᠭ ᠮᠡᠳᠡᠭᠴᠢ ᠠᠷᠤᠭᠲᠠᠢ ᠲᠡᠢᠰᠢ ᠶ᠋ᠢᠨ ᠬᠦᠴᠦᠨ ᠪᠤᠵᠠᠭᠠᠢᠷᠠᠨ᠂ ᠬᠠᠮᠤᠭ ᠤ᠋ᠨ ᠳᠡᠭᠡᠳᠦ ᠨᠣᠶᠠᠷᠬᠠᠬᠤ ᠡᠷᠬᠡ ᠪᠤᠯᠢᠶᠠᠯᠳᠤᠨ ᠭᠦᠢᠯᠢᠴᠢ ᠲᠡᠢ ᠠᠯᠠᠯᠳᠤᠭᠠᠨ ᠲᠡᠮᠡᠴᠡᠭᠡᠨ ᠪᠣᠯᠪᠠ᠃ ᠡᠨᠡ ᠲᠡᠮᠡᠴᠡᠭᠡᠨ ᠳ᠋ᠦ᠍ ᠭᠦᠢᠯᠢᠴᠢ ᠢᠯᠠᠭᠳᠠᠵᠤ ᠠᠢᠮᠠᠭ ᠣᠯᠠᠨ ᠢ᠋ᠶ᠋ᠠᠨ ᠳᠠᠭᠠᠭᠤᠯᠤᠨ ᠤᠤᠯ ᠤ᠋ᠨ ᠰᠠᠭᠤᠷᠢᠨ ᠭᠠᠵᠠᠷ ᠵᠦᠭ ᠢ᠋ᠶ᠋ᠡᠨ ᠤᠬᠤᠷᠢᠵᠤ ᠭᠠᠨᠰᠦ ᠨᠢᠩᠰᠢᠶᠠ ᠶ᠋ᠢᠨ ᠬᠢᠵᠠᠭᠠᠷ ᠠ᠋ᠴᠠ ᠭᠠᠳᠠᠨ᠎ᠠ ᠶ᠋ᠢᠨ ᠤᠮᠠᠷᠠᠰᠢ ᠠᠯᠲᠠᠢ ᠨᠢᠷᠤᠭᠤ᠂ ᠵᠠᠪᠬᠠᠨ ᠭᠣᠣᠯ ᠤᠷᠤᠭᠤ ᠡᠭᠡᠵᠦ ᠶᠠᠪᠤᠵᠠᠢ᠃
ᠭᠦᠢᠯᠢᠴᠢ ᠡᠴᠦᠰ ᠲᠦ᠍ ᠠᠷᠤᠭᠲᠠᠢ ᠶ᠋ᠢᠨ ᠳᠡᠮᠵᠢᠵᠦ ᠠᠭᠰᠠᠨ ᠬᠤᠪᠢᠯᠠᠢ ᠶ᠋ᠢᠨ ᠬᠣᠢᠴᠢᠰ ᠪᠣᠶᠠᠨᠰᠢᠷᠢ ᠳ᠋ᠤ᠌ ᠡᠷᠬᠡ ᠰᠠᠭᠤᠷᠢ ᠪᠠᠨ ᠪᠤᠯᠢᠶᠠᠭᠳᠠᠵᠠᠢ᠃
1403 —1407 ᠣᠨ ᠬᠦᠷᠲᠡᠯ᠎ᠡ5 ᠵᠢᠯ ᠬᠠᠭᠠᠨ ᠰᠢᠷᠡᠭᠡᠨ ᠳ᠋ᠦ᠍ ᠰᠠᠭᠤᠭᠠᠳ ᠨᠠᠰᠤᠨ ᠡᠴᠦᠰᠯᠡᠵᠡᠢ᠃
ᠵᠡᠭᠦᠯᠲᠡ ᠲᠠᠢᠯᠪᠤᠷᠢ᠄
①《ᠮᠣᠩᠭᠣᠯ ᠤ᠋ᠨ ᠦᠶ᠎ᠡ ᠤᠯᠠᠷᠢᠯ ᠤ᠋ᠨ ᠪᠢᠴᠢᠭ》 ᠲᠦ᠍
② ᠵᠢᠩᠬᠢᠨᠢ ᠠᠯᠲᠠᠨ ᠤᠷᠤᠭᠲᠠᠨ ᠤ᠋ ᠦᠷ᠎ᠡ᠂ ᠥᠭᠡᠳᠡᠢ ᠶ᠋ᠢᠨ ᠬᠣᠢᠴᠢᠰ ᠭᠡᠵᠦ ᠦᠵᠡᠵᠦ ᠪᠣᠯᠤᠨ᠎ᠠ ᠭᠡᠮᠡᠨ《ᠤᠮᠠᠷᠠᠲᠤ ᠶᠤᠸᠠᠨ ᠤ᠋ ᠲᠡᠦᠬᠡ》 ᠳ᠋ᠦ᠍ ᠲᠡᠮᠳᠡᠭᠯᠡᠵᠡᠢ᠃
③《ᠤᠮᠠᠷᠠᠲᠤ ᠶᠤᠸᠠᠨ ᠤ᠋ ᠲᠡᠦᠬᠡ》64 ᠨᠢᠭᠤᠷ ᠲᠤ᠌
④《ᠮᠢᠩ ᠤᠯᠤᠰ ᠤ᠋ᠨ ᠲᠡᠦᠬᠡ》1402 ᠲᠤ᠌ ᠭᠦᠢᠯᠢᠴᠢ ᠭᠦᠨᠲᠡᠮᠦᠷ ᠢ᠋ ᠠᠯᠠᠵᠤ ᠥᠪᠡᠷ ᠢ᠋ᠶ᠋ᠡᠨ ᠬᠠᠭᠠᠨ ᠣᠷᠣ ᠰᠠᠭᠤᠪᠠ ᠭᠡᠵᠡᠢ᠃
⑤《ᠮᠣᠩᠭᠣᠯ ᠤ᠋ᠨ ᠦᠶ᠎ᠡ ᠤᠯᠠᠷᠢᠯ ᠤ᠋ᠨ ᠪᠢᠴᠢᠭ》 ᠲᠦ᠍
⑥ᠠᠯᠲᠠᠨ ᠣᠷᠭᠢᠯ ᠨᠠᠷ ᠤ᠋ᠨ《ᠳᠥᠷᠪᠡᠨ ᠣᠢᠷᠠᠳ ᠤ᠋ᠨ ᠬᠣᠯᠪᠣᠭ᠎ᠠ》
⑦《ᠮᠢᠩ ᠤᠯᠤᠰ ᠤ᠋ᠨ ᠮᠠᠭᠠᠳ ᠬᠠᠤᠯᠢ》 ᠶ᠋ᠢᠨ16 ᠳ᠋ᠤᠭᠠᠷ ᠪᠣᠳᠢ᠂ ᠶᠦᠩ ᠯᠧ ᠶ᠋ᠢᠨ ᠲᠡᠷᠢᠭᠦᠨ ᠣᠨ ᠤ᠋ ᠬᠣᠶᠠᠳᠤᠭᠠᠷ ᠰᠠᠷ᠎ᠠ ᠶ᠋ᠢᠨ ᠰᠢᠷᠠᠭᠴᠢᠨ ᠬᠣᠨᠢ ᠵᠤᠷᠪᠤᠰ
⑧《ᠮᠢᠩ ᠤᠯᠤᠰ ᠤ᠋ᠨ ᠲᠡᠦᠬᠡ》328 ᠪᠣᠳᠢ《ᠬᠠᠮᠢᠯ ᠬᠠᠷᠠᠭᠤᠯ ᠤ᠋ᠨ ᠨᠠᠮᠲᠠᠷ》《ᠮᠢᠩ ᠲᠠᠢᠽᠦᠢ᠍ᠩ ᠦ᠋ᠨ ᠮᠠᠭᠠᠳ ᠬᠠᠤᠯᠢ ᠶ᠋ᠢᠨ34 ᠪᠣᠳᠢ ᠶᠦᠩ ᠯᠧ ᠶ᠋ᠢᠨ ᠭᠤᠷᠪᠠᠳᠤᠭᠠᠷ ᠣᠨ ᠤ᠋ ᠭᠤᠷᠪᠠᠳᠤᠭᠠᠷ ᠰᠠᠷ᠎ᠠ ᠶ᠋ᠢᠨ ᠰᠢᠷᠠᠭᠴᠢᠨ ᠭᠠᠬᠠᠢ ᠵᠤᠷᠪᠤᠰ᠃
⑨《ᠮᠢᠩ ᠲᠠᠢᠽᠦᠢ᠍ᠩ ᠦ᠋ᠨ ᠮᠠᠭᠠᠳ ᠬᠠᠤᠯᠢ》 ᠶ᠋ᠢᠨ50 ᠳ᠋ᠤᠭᠠᠷ ᠪᠣᠳᠢ ᠶᠦᠩ ᠯᠧ ᠶ᠋ᠢᠨ ᠲᠠᠪᠤᠳᠤᠭᠠᠷ ᠣᠨ ᠤ᠋ ᠵᠢᠷᠭᠤᠭᠠᠳᠤᠭᠠᠷ ᠰᠠᠷ᠎ᠠ ᠶ᠋ᠢᠨ ᠰᠢᠷ᠎ᠠ ᠬᠤᠯᠤᠭᠠᠨ᠎ᠠ ᠵᠤᠷᠪᠤᠰ᠃
ᠢᠷᠡᠯᠲᠡ᠄《ᠮᠣᠩᠭᠣᠯ ᠤ᠋ᠨ ᠦᠶ᠎ᠡ ᠤᠯᠠᠷᠢᠯ ᠤ᠋ᠨ ᠪᠢᠴᠢᠭ》《ᠤᠮᠠᠷᠠᠲᠤ ᠶᠤᠸᠠᠨ ᠤ᠋ ᠲᠡᠦᠬᠡ》 ᠭᠡᠬᠦ ᠨᠣᠮ ᠤ᠋ᠳ ᠠ᠋ᠴᠠ ᠡᠮᠬᠢᠳᠬᠡᠨ ᠨᠠᠢᠷᠠᠭᠤᠯᠵᠤ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ
