ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ ᠨᠠᠷ ᠨᠠᠢᠷᠠᠭᠤᠯᠵᠤ ᠬᠥᠬᠡᠯᠤᠤ ᠮᠣᠩᠭᠣᠯᠴᠢᠯᠠᠪᠠ –ᠨᠢᠭᠡᠳᠦᠭᠡᠷ ᠪᠣᠲᠢ-3 Идээ ундааны жинхэнэ товч– Хүсэхүй нар найруулж Хөхлуу монголчлов – Нэгдүгээр боть-3
ᠵᠢᠷᠮᠦᠰᠦᠯᠡᠭᠰᠡᠳ ᠦ᠋ᠨ ᠢᠳᠡᠭᠡᠨ ᠤᠮᠳᠠᠭᠠᠨ ᠤ᠋ ᠴᠡᠭᠡᠷᠯᠡᠯ
ᠵᠢᠷᠤᠭ ᠬᠣᠶᠠᠷ᠂ ᠵᠢᠷᠮᠦᠰᠦᠯᠡᠭᠰᠡᠳ ᠦᠨ ᠴᠡᠭᠡᠷᠯᠡᠯ

ᠵᠢᠷᠤᠭ ᠭᠤᠷᠪᠠ᠂ ᠵᠢᠷᠮᠦᠰᠦᠯᠡᠭᠰᠡᠳ ᠢᠨᠦ ᠬᠠᠰ ᠲᠠᠨ᠎ᠠ ᠶᠢ ᠰᠣᠨᠢᠷᠬᠠᠪᠠᠰᠤ ᠵᠣᠬᠢᠮᠤᠢ

ᠵᠢᠷᠤᠭ ᠳᠥᠷᠪᠡ᠂ ᠵᠢᠷᠮᠦᠰᠦᠯᠡᠭᠰᠡᠳ ᠢᠨᠦ ᠮᠥᠷᠭᠥ ᠵᠢᠭᠠᠰᠤ ᠪᠠ ᠲᠣᠭᠣᠰ ᠰᠢᠪᠠᠭᠤ ᠶᠢ ᠰᠣᠨᠢᠷᠬᠠᠪᠠᠰᠤ ᠵᠣᠬᠢᠮᠤᠢ

ᠵᠢᠷᠤᠭ ᠲᠠᠪᠤ᠂ ᠵᠢᠷᠮᠦᠰᠦᠯᠡᠭᠰᠡᠳ ᠢᠨᠦ ᠬᠠᠷᠴᠠᠭᠠᠢ ᠪᠠ ᠵᠢᠷᠣᠭ᠎ᠠ ᠲᠠᠢᠭ᠎ᠠ ᠶᠢ ᠰᠣᠨᠢᠷᠬᠠᠪᠠᠰᠤ ᠵᠣᠬᠢᠮᠤᠢ

ᠵᠢᠷᠮᠦᠰᠦᠯᠡᠭᠰᠡᠳ ᠦ᠋ᠨ ᠢᠳᠡᠭᠡᠨ ᠤᠮᠳᠠᠭᠠᠨ ᠤ᠋ ᠴᠡᠭᠡᠷᠯᠡᠯ ᠡᠷᠲᠡ ᠤᠷᠢᠳᠤ ᠶ᠋ᠢᠨ ᠪᠣᠭᠳᠠ ᠡᠷᠳᠡᠮᠲᠡᠨ ᠡᠴᠡ ᠵᠢᠷᠮᠦᠰᠦᠯᠡᠭᠰᠡᠳ ᠲᠣᠷ ᠬᠡᠪᠡᠯᠢ ᠳ᠋ᠡᠬᠢ ᠬᠥᠮᠦᠵᠢᠯ ᠦ᠋ᠨ ᠲᠤᠬᠠᠢ ᠱᠠᠭᠠᠷᠳᠠᠯᠭ᠎ᠠ ᠶ᠋ᠢ ᠳᠤᠷᠠᠳᠤᠭᠰᠠᠨ ᠪᠥᠯᠥᠭᠡ᠃ ᠡᠷᠲᠡᠨ ᠦ᠌ ᠦᠶ᠎ᠡ ᠳ᠋ᠦ᠍ᠷ ᠡᠬᠡᠨᠡᠷ ᠬᠥᠮᠦᠨ ᠵᠢᠷᠮᠦᠰᠦᠯᠡᠪᠡᠰᠦ ᠬᠠᠪᠢᠷᠭᠠᠳᠠᠨ ᠬᠡᠪᠲᠡᠬᠦ ᠦᠭᠡᠢ᠂ ᠬᠥᠪᠡᠭᠡ ᠵᠠᠬ᠎ᠠ ᠪᠠᠷ ᠰᠠᠭᠤᠬᠤ ᠦᠭᠡᠢ᠂ ᠤᠳᠠᠲᠠᠯ᠎ᠠ ᠬᠦᠴᠦᠯᠡᠨ ᠵᠣᠭᠰᠣᠬᠤ ᠦᠭᠡᠢ ᠂ᠬᠠᠴᠢᠨ ᠮᠠᠭᠤᠬᠠᠢ ᠦᠨᠦᠷᠲᠡᠢ ᠶ᠋ᠢ ᠢᠳᠡᠬᠦ ᠦᠭᠡᠢ᠂ ᠵᠥᠪ ᠬᠡᠷᠴᠢᠵᠦ ᠣᠭᠲᠣᠯᠤᠭᠰᠠᠨ ᠪᠤᠰᠤ ᠶ᠋ᠢ ᠢᠳᠡᠬᠦ ᠦᠭᠡᠢ᠂ ᠰᠠᠳᠤᠷ ᠰᠠᠮᠠᠭᠤᠨ ᠳᠠᠭᠤᠨ ᠴᠢᠮᠡᠭᠡ ᠶ᠋ᠢ ᠰᠣᠨᠣᠰᠬᠤ ᠦᠭᠡᠢ᠂ ᠰᠥᠨᠢ ᠦᠳᠡᠰᠢ ᠳ᠋ᠡᠭᠡᠨ ᠰᠣᠬᠣᠷ ᠮᠡᠷᠭᠡᠳ ᠢ᠋ᠶ᠋ᠡᠷ ᠳᠠᠭᠤᠤ ᠰᠢᠯᠦᠭ ᠢ᠋ ᠰᠢᠯᠦᠭᠯᠡᠨ ᠥᠭᠦᠯᠡᠭᠦᠯᠦᠨᠡ᠃ ᠶᠠᠪᠤᠳᠠᠯ ᠮᠥᠷ ᠢᠨᠦ ᠵᠦᠢ ᠵᠣᠬᠢᠰ ᠢ᠋ ᠣᠯᠤᠭᠰᠠᠨ ᠤᠴᠢᠷ ᠠ᠋ᠴᠠ ᠬᠥᠩᠭᠡᠵᠢᠭᠰᠡᠨ ᠦ᠌ ᠬᠣᠢᠨ᠎ᠠ ᠬᠡᠦᠬᠡᠳ ᠢᠨᠦ ᠥᠩᠭᠡ ᠵᠢᠰᠦ ᠪᠡᠷ ᠲᠥᠪ ᠬᠡᠭᠡᠨᠴᠢᠷ᠂ ᠠᠪᠢᠶᠠᠰ ᠪᠢᠯᠢᠭ ᠢᠨᠦ ᠣᠯᠠᠨ ᠠ᠋ᠴᠠ ᠬᠡᠲᠦᠢᠳᠦᠮᠦᠢ᠃ ᠲᠡᠢᠮᠦ ᠶ᠋ᠢᠨ ᠲᠤᠯᠠ ᠡᠷᠲᠡᠨ ᠦ᠌ ᠲᠡᠢ ᠷᠧᠨ ᠣᠪᠣᠭᠲᠠᠨ ᠠ᠋ᠴᠠ ᠸᠸᠨ ᠸᠠᠩ ᠢ᠋ ᠲᠦᠷᠦᠭᠰᠡᠨᠡ᠂ ᠰᠡᠴᠡᠨ ᠰᠡᠷᠭᠦᠯᠡᠩ᠂ ᠨᠢᠭᠡ ᠶ᠋ᠢ ᠰᠣᠨᠣᠰᠪᠠᠰᠤ ᠵᠠᠭᠤᠨ ᠢ᠋ ᠲᠥᠰᠥᠪᠯᠡᠬᠦ ᠢᠨᠦ ᠴᠥᠮ ᠡᠬᠡ ᠶ᠋ᠢᠨ ᠬᠡᠪᠡᠯᠢ ᠶ᠋ᠢᠨ ᠬᠥᠮᠦᠵᠢᠭᠦᠯᠦᠯ ᠡᠴᠡ ᠪᠣᠯᠤᠭᠰᠠᠨ ᠠᠵᠤᠭᠤ᠃ ᠡᠷᠲᠡᠨ ᠦ᠌ ᠪᠣᠭᠳᠠ ᠡᠷᠳᠡᠮᠲᠡᠨ ᠦ᠌ ᠣᠯᠠᠩᠬᠢ ᠠᠨᠤ ᠬᠡᠪᠡᠯᠢ ᠶ᠋ᠢᠨ ᠬᠥᠮᠦᠵᠢᠯ ᠢ᠋ ᠡᠷᠬᠢᠮᠯᠡᠬᠦ ᠲᠤᠯᠠ ᠵᠢᠷᠮᠦᠰᠦᠯᠡᠪᠡᠰᠦ ᠬᠥᠮᠦᠨ ᠦᠬᠦᠭᠰᠡᠨ ᠦ᠌ ᠭᠠᠰᠢᠭᠤᠳᠠᠯ ᠪᠡᠯᠪᠡᠰᠦᠷᠡᠯ ᠦ᠋ᠨ ᠪᠠᠢᠳᠠᠯ ᠬᠢᠭᠡᠳ ᠡᠯᠡᠩᠬᠡᠢ ᠪᠡᠶᠡᠲᠦ ᠡᠷᠡᠮᠳᠡᠭ ᠵᠡᠷᠡᠮᠳᠡᠭ ᠡᠪ ᠠᠨᠠᠢᠬᠠᠨ ᠢ᠋ ᠦᠵᠡᠵᠦ ᠬᠠᠷᠠᠬᠤ ᠶ᠋ᠢ ᠳᠡᠮᠡᠢ ᠯᠡ ᠴᠡᠭᠡᠷᠯᠡᠵᠦ᠂ ᠬᠠᠷᠢᠨ ᠮᠡᠷᠭᠡᠳ ᠡᠷᠳᠡᠮᠲᠡᠨ ᠪᠠ ᠪᠠᠶᠠᠷ ᠪᠡᠯᠭᠡᠲᠦ ᠰᠠᠢᠨ ᠰᠠᠢᠬᠠᠨ ᠶᠠᠪᠤᠳᠠᠯ ᠢ᠋ ᠠᠵᠢᠵᠤ ᠬᠠᠷᠠᠬᠤ ᠶ᠋ᠢ ᠡᠷᠬᠢᠮᠯᠡᠳᠡᠭ ᠶᠦ᠍ᠮ ᠰᠠᠨ᠃ ᠲᠡᠭᠦᠨᠴᠢᠯᠡᠨ ᠬᠡᠦᠬᠡᠳ ᠢ᠋ᠶ᠋ᠡᠨ ᠣᠶᠤᠨ ᠤᠬᠠᠭᠠᠨ ᠲᠡᠭᠦᠰᠬᠦᠢ ᠶ᠋ᠢ ᠬᠦᠰᠡᠪᠡᠰᠦ ᠡᠬᠡ ᠨᠢ ᠮᠥᠷᠭᠥ ᠵᠢᠭᠠᠰᠤ ᠪᠤᠶᠤ ᠲᠣᠭᠣᠰ ᠰᠢᠪᠠᠭᠤ ᠵᠡᠷᠭᠡ ᠶ᠋ᠢ ᠪᠠᠬᠠᠳᠤᠨ ᠰᠣᠨᠢᠷᠬᠠᠪᠠᠰᠤ ᠰᠠᠢᠨ᠃ ᠬᠡᠦᠬᠡᠳ ᠢ᠋ᠶ᠋ᠡᠨ ᠭᠤᠸ᠎ᠠ ᠦᠵᠡᠰᠬᠦᠯᠡᠩ ᠪᠣᠯᠵᠤ ᠲᠦᠷᠦᠰᠦᠭᠡᠢ ᠭᠡᠮᠡᠨ ᠬᠦᠰᠡᠪᠡᠰᠦ᠂ ᠥᠩᠭᠡᠲᠦ ᠲᠠᠨ᠎ᠠ ᠭᠣᠢᠳᠠ ᠬᠠᠰ ᠢ᠋ ᠰᠣᠨᠢᠷᠬᠠ᠂ ᠬᠡᠦᠬᠡᠳ ᠢ᠋ᠶ᠋ᠡᠨ ᠢᠳᠡᠷ ᠡᠷᠡᠯᠬᠡᠭ ᠪᠣᠯᠵᠤ ᠲᠦᠷᠦᠰᠦᠭᠡᠢ ᠭᠡᠮᠡᠨ ᠬᠦᠰᠡᠭᠴᠢᠳ ᠢᠨᠦ ᠵᠢᠭᠦᠷ ᠢ᠋ᠶ᠋ᠡᠨ ᠳᠡᠯᠭᠡᠵᠦ᠂ ᠬᠠᠯᠢᠨ ᠨᠢᠰᠦᠭᠴᠢ ᠬᠠᠷᠴᠠᠭᠠᠢ ᠪᠣᠯᠤᠨ ᠵᠢᠭᠢᠲᠡᠯᠡ ᠳᠠᠪᠬᠢᠭ᠎ᠠ ᠵᠢᠷᠣᠭ᠎ᠠ ᠲᠠᠢᠭ᠎ᠠ ᠶ᠋ᠢ ᠰᠣᠨᠢᠷᠬᠠᠲᠤᠭᠠᠢ ᠬᠡᠮᠡᠪᠡ᠃ ᠡᠨᠡ ᠮᠡᠲᠦ ᠰᠠᠢᠨ ᠮᠠᠭᠤ ᠶ᠋ᠢᠨ ᠨᠥᠯᠥᠭᠡ ᠪᠡᠷ ᠬᠡᠪᠡᠯᠢ ᠶ᠋ᠢᠨ ᠬᠥᠮᠦᠵᠢᠭᠦᠯᠦᠯ ᠳ᠋ᠦ᠍ ᠬᠠᠮᠢᠶ᠎ᠠ ᠪᠦᠬᠦᠢ ᠠᠲᠠᠯ᠎ᠠ ᠨᠡᠩ ᠴᠦ᠍ ᠢᠳᠡᠭᠡᠨ ᠤᠮᠳᠠᠭᠠᠨ ᠤ᠋ ᠲᠠᠯ᠎ᠠ ᠪᠠᠷ ᠠᠩᠬᠠᠷᠤᠯ ᠴᠡᠭᠡᠷᠯᠡᠯ ᠢ᠋ ᠬᠢᠴᠢᠶᠡᠬᠦ ᠦᠭᠡᠢ ᠪᠠᠢᠵᠤ ᠪᠣᠯᠤᠮᠤᠢ ᠤᠤ?
ᠵᠢᠷᠮᠦᠰᠦᠯᠡᠭᠰᠡᠳ ᠦ᠋ᠨ ᠴᠡᠭᠡᠷᠯᠡᠬᠦ ᠵᠦᠢᠯ
ᠲᠠᠤᠯᠠᠢ ᠶ᠋ᠢᠨ ᠮᠢᠬ᠎ᠠ ᠶ᠋ᠢ ᠢᠳᠡᠪᠡᠰᠦ ᠬᠡᠦᠬᠡᠳ ᠠᠨᠤ ᠳᠠᠭᠤᠨ ᠦᠭᠡᠢ ᠪᠥᠭᠡᠳ ᠤᠷᠤᠭᠤᠯ ᠰᠡᠲᠡᠷᠬᠡᠢ ᠪᠣᠯᠤᠮᠤᠢ᠃
ᠢᠮᠠᠭ᠎ᠠ ᠶ᠋ᠢᠨ ᠮᠢᠬ᠎ᠠ ᠶ᠋ᠢ ᠢᠳᠡᠪᠡᠰᠦ ᠬᠡᠦᠬᠡᠳ ᠢᠨᠦ ᠡᠪᠡᠳᠴᠢᠯᠡᠬᠦ ᠦᠯᠡᠮᠵᠢ᠃
ᠲᠠᠬᠢᠶᠠᠨ ᠥᠨᠳᠡᠭᠡ ᠪᠠ ᠬᠠᠲᠠᠭᠠᠭᠰᠠᠨ ᠵᠢᠭᠠᠰᠤ ᠢᠳᠡᠪᠡᠰᠦ ᠬᠡᠦᠬᠡᠳ ᠢᠨᠦ ᠶᠠᠷ᠎ᠠ ᠰᠢᠷᠬ᠎ᠠ ᠦᠯᠡᠮᠵᠢ᠃
ᠢᠯᠠᠮ᠎ᠠ ᠶ᠋ᠢᠨ ᠮᠣᠳᠣᠨ ᠤ᠋ ᠦᠷ᠎ᠡ ᠪᠠ ᠨᠤᠭᠤᠰᠤᠨ ᠥᠨᠳᠡᠭᠡ ᠶ᠋ᠢ ᠢᠳᠡᠪᠡᠰᠦ ᠬᠡᠦᠬᠡᠳ ᠢᠨᠦ ᠲᠣᠩᠭᠣᠷᠠᠭᠤ ᠪᠠᠷ ᠲᠥᠷᠥᠮᠦᠢ᠃
ᠪᠢᠯᠵᠤᠤᠬᠠᠢ ᠶ᠋ᠢᠨ ᠮᠢᠬ᠎ᠠ ᠶ᠋ᠢ ᠢᠳᠡᠵᠦ ᠠᠷᠢᠬᠢ ᠤᠤᠭᠤᠪᠠᠰᠤ ᠬᠡᠦᠬᠡᠳ ᠢᠨᠦ ᠰᠡᠳᠬᠢᠯ ᠰᠠᠨᠠᠭ᠎ᠠ ᠳ᠋ᠤᠷ ᠰᠠᠳᠤᠷ ᠰᠠᠮᠠᠭᠤᠨ ᠪᠣᠯᠵᠤ᠂ ᠢᠴᠢᠭᠦᠷᠢ ᠰᠤᠨᠵᠢᠭᠤᠷᠢ ᠶ᠋ᠢ ᠮᠡᠳᠡᠬᠦ ᠦᠭᠡᠢ ᠪᠣᠯᠤᠮᠤᠢ᠃
ᠲᠠᠬᠢᠶᠠᠨ ᠮᠢᠬ᠎ᠠ ᠪᠠ ᠰᠢᠯᠦᠬᠡᠢ ᠲᠤᠲᠤᠷᠭ᠎ᠠ ᠶ᠋ᠢᠨ ᠪᠤᠳᠠᠭ᠎ᠠ ᠢᠳᠡᠪᠡᠰᠦ ᠬᠡᠦᠬᠡᠳ ᠢᠨᠦ ᠬᠠᠪᠲᠠᠭᠠᠢ ᠴᠠᠭᠠᠨ ᠬᠣᠷᠣᠬᠠᠢ ᠲᠠᠢ ᠪᠣᠯᠤᠮᠤᠢ᠃
ᠪᠢᠯᠵᠤᠤᠬᠠᠢ ᠶ᠋ᠢᠨ ᠮᠢᠬ᠎ᠠ ᠪᠣᠯᠤᠨ ᠪᠤᠷᠴᠠᠭ ᠤ᠋ᠨ ᠡᠭᠡᠳᠡᠩ ᠢ᠋ ᠢᠳᠡᠵᠦ ᠤᠤᠭᠤᠪᠠᠰᠤ ᠬᠡᠦᠬᠡᠳ ᠦ᠋ᠨ ᠨᠢᠭᠤᠷ ᠴᠢᠷᠠᠢ ᠠᠨᠤ ᠪᠦᠳᠡᠭᠢ ᠪᠠᠷᠠᠭᠠᠨ ᠥᠩᠭᠡ ᠲᠡᠢ ᠪᠣᠯᠤᠮᠤᠢ᠃
ᠶᠠᠰᠤᠲᠤ ᠮᠡᠯᠡᠬᠡᠢ ᠶ᠋ᠢᠨ ᠮᠢᠬ᠎ᠠ ᠶ᠋ᠢ ᠢᠳᠡᠪᠡᠰᠦ ᠬᠡᠦᠬᠡᠳ ᠦ᠋ᠨ ᠬᠦᠵᠦᠭᠦᠦ ᠢᠨᠦ ᠠᠭᠵᠠᠢᠵᠤ ᠪᠣᠭᠣᠨᠢ ᠪᠣᠯᠤᠮᠤᠢ᠃
ᠡᠯᠵᠢᠭᠡ ᠶ᠋ᠢᠨ ᠮᠢᠬ᠎ᠠ ᠶ᠋ᠢ ᠢᠳᠡᠪᠡᠰᠦ ᠬᠥᠩᠭᠡᠵᠢᠬᠦ ᠰᠠᠷ᠎ᠠ ᠶ᠋ᠢ ᠤᠷᠲᠤᠳᠬᠠᠮᠤᠢ᠃
ᠮᠥᠰᠥᠨ ᠡᠭᠡᠳᠡᠩ ᠢ᠋ ᠢᠳᠡᠪᠡᠰᠦ ᠤᠷᠤᠭ ᠲᠣᠭᠲᠠᠬᠤ ᠦᠭᠡᠢ ᠪᠣᠯᠤᠮᠤᠢ᠃
ᠯᠠᠭᠤᠰᠠ ᠶ᠋ᠢᠨ ᠮᠢᠬ᠎ᠠ ᠶ᠋ᠢ ᠢᠳᠡᠪᠡᠰᠦ ᠬᠥᠩᠭᠡᠵᠢᠬᠦᠶᠡ ᠪᠡᠷᠬᠡ ᠪᠣᠯᠤᠮᠤᠢ᠃
ᠦᠰᠦᠭ ᠠᠮᠢᠯᠠᠭᠤᠯᠤᠭᠰᠠᠨ ᠨᠢ ᠄ ᠭᠠᠸᠠ
