ᠮᠣᠩᠭᠣᠯ ᠬᠥᠮᠦᠨ ᠦ᠌ ᠵᠢᠷᠦᠬᠡᠨ ᠦ᠌ ᠪᠢᠴᠢᠭᠡᠰᠦ ᠰᠢᠯᠦᠭ-ᠲ ∙ ᠭᠠᠯᠰᠠᠩMongol khümüünii zürkhnii bichees shüleg-T.GalsanМонгол хүмүүний зүрхний бичээс шүлэг-Т.Галсан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠥᠮᠦᠨ ᠦ᠌ ᠵᠢᠷᠦᠬᠡᠨ ᠦ᠌ ᠪᠢᠴᠢᠭᠡᠰᠦ ᠰᠢᠯᠦᠭ-ᠲ ∙ ᠭᠠᠯᠰᠠᠩMongol khümüünii zürkhnii bichees shüleg-T.GalsanМонгол хүмүүний зүрхний бичээс шүлэг-Т.Галсан

ᠮᠣᠩᠭᠣᠯ ᠬᠥᠮᠦᠨ ᠦ᠌ ᠵᠢᠷᠦᠬᠡᠨ ᠦ᠌ ᠪᠢᠴᠢᠭᠡᠰᠦ ᠰᠢᠯᠦᠭ-ᠲ ∙ ᠭᠠᠯᠰᠠᠩMongol khümüünii zürkhnii bichees shüleg-T.GalsanМонгол хүмүүний зүрхний бичээс шүлэг-Т.Галсан

2025-11-17

2674

ᠮᠣᠩᠭᠣᠯ ᠬᠥᠮᠦᠨ ᠦ᠌ ᠵᠢᠷᠦᠬᠡᠨ ᠦ᠌ ᠪᠢᠴᠢᠭᠡᠰᠦ


        ᠲᠠᠩᠭᠤᠳ ᠤ᠋ᠨ ᠲ᠂ ᠭᠠᠯᠰᠠᠩ 

ᠪᠢ— ᠲᠠᠪᠤᠨ ᠬᠠᠨ᠎ᠠ ᠲᠠᠢ ᠭᠡᠷ ᠲᠦ᠍ ᠲᠥᠷᠥᠵᠡᠢ 
ᠪᠢ— ᠲᠠᠪᠤᠨ ᠲᠢᠪ ᠲᠡᠢ ᠳᠡᠯᠡᠬᠡᠢ ᠳ᠋ᠦ᠍ ᠲᠥᠷᠥᠵᠡᠢ 
ᠪᠢ— ᠪᠤᠭᠤᠷᠤᠯ ᠲᠡᠦᠬᠡ ᠲᠡᠢ ᠮᠣᠩᠭᠣᠯ ᠳ᠋ᠤ᠌ ᠲᠥᠷᠥᠵᠡᠢ 
ᠪᠢ— ᠪᠤᠷᠬᠠᠳ ᠮᠡᠨᠳᠦᠯᠡᠳᠡᠭ ᠳᠣᠷᠣᠨ᠎ᠠ ᠳ᠋ᠤ᠌ ᠲᠥᠷᠥᠵᠡᠢ 

ᠪᠣᠢᠲᠣᠭ ᠤ᠋ᠨ ᠮᠢᠨᠢ ᠬᠤᠩᠬ᠎ᠠ᠄ ᠨᠠᠮ᠎ᠠ ᠶ᠋ᠢ ᠬᠥᠯ ᠳ᠋ᠦ᠍ ᠣᠷᠣᠭᠤᠯᠤᠭᠰᠠᠨ 
ᠪᠣᠲᠣᠭᠣᠨ ᠪᠤᠢᠯᠠᠭᠠᠨ᠄ ᠨᠠᠮ᠎ᠠ ᠶ᠋ᠢ ᠬᠡᠯᠡ ᠳ᠋ᠦ᠍ ᠣᠷᠣᠭᠤᠯᠤᠭᠰᠠᠨ 
ᠤᠤᠬᠠᠢ᠂ ᠬᠢᠩᠭᠤᠤ᠄ ᠨᠠᠳᠠ ᠳ᠋ᠤ᠌ ᠵᠢᠭᠦᠷ ᠤᠷᠭᠤᠭᠤᠯᠤᠭᠰᠠᠨ 
ᠤᠷᠲᠤ ᠶ᠋ᠢᠨ ᠳᠠᠭᠤᠤ ᠨᠠᠳᠠ ᠳ᠋ᠤ᠌ ᠤᠬᠠᠭᠠᠨ ᠴᠠᠷᠠᠭᠠᠯᠠᠭᠰᠠᠨ 
ᠢᠱ᠌ᠢ᠁ ᠴᠢᠮᠡᠭᠡ ᠦᠭᠡᠢ

ᠡᠪᠳᠡᠷᠡᠪᠡᠰᠦ ᠪᠢᠳᠡ᠄ ᠬᠤᠪᠢᠶᠠᠬᠤ ᠶ᠋ᠢᠨ ᠬᠦᠷᠳᠦ ᠪᠣᠯᠤᠭᠠᠳ ᠳᠠᠭᠤᠰᠤᠨ᠎ᠠ ᠰᠢᠦ
ᠡᠪᠯᠡᠪᠡᠰᠦ ᠪᠢᠳᠡ᠄ ᠦᠷᠡᠵᠢᠭᠦᠯᠬᠦ ᠶ᠋ᠢᠨ ᠬᠦᠷᠳᠦ ᠪᠣᠯᠵᠤ ᠮᠠᠨᠳᠤᠨ᠎ᠠ ᠰᠢᠦ
ᠡᠨᠡ ᠪᠣᠯ ᠮᠢᠨᠦ᠄ ᠵᠢᠷᠦᠬᠡᠨ ᠦ᠌ ᠪᠢᠴᠢᠭᠡᠰᠦ ᠠ᠋!
ᠡᠪᠯᠡᠭᠰᠡᠨ ᠴᠠᠭ ᠲᠠᠭᠠᠨ᠄ ᠮᠣᠩᠭᠣᠯᠴᠤᠳ ᠬᠦᠴᠦᠲᠡᠢ

ᠠᠪᠳᠠᠷ᠎ᠠ ᠳᠣᠲᠣᠷ᠎ᠠ ᠪᠠᠨ ᠰᠤᠳᠤᠷ ᠮᠢᠨᠢ ᠪᠠᠭᠲᠠᠳᠠᠭ
ᠠᠲᠠᠨ ᠤ᠋ ᠪᠠᠨ ᠨᠢᠷᠤᠭᠤᠨ ᠳ᠋ᠤ᠌ ᠭᠡᠷ ᠮᠢᠨᠢ ᠪᠠᠭᠲᠠᠳᠠᠭ
ᠦᠷᠭᠦᠭᠡᠨ ᠲᠣᠭᠣᠨᠣ ᠪᠠᠷ ᠮᠢᠨᠢ ᠨᠠᠷᠠᠨ ᠪᠠᠭᠲᠠᠳᠠᠭ
ᠦᠩᠬᠦᠯᠴᠡᠭ ᠳᠣᠲᠣᠷ᠎ᠠ ᠮᠢᠨᠢ ᠣᠷᠴᠢᠯᠠᠩ ᠣᠷᠴᠢᠳᠠᠭ ᠠ᠋!

ᠪᠢ— ᠳᠡᠭᠡᠷ᠎ᠡ ᠪᠡᠨ ᠨᠠᠷᠠ ᠲᠠᠢ ᠲᠩᠷᠢ ᠶ᠋ᠢᠨ ᠡᠵᠡᠨ
ᠪᠢ— ᠳᠡᠭᠡᠭᠰᠢ ᠪᠡᠨ ᠬᠤᠳᠠᠷᠭ᠎ᠠ ᠲᠠᠢ ᠪᠤᠶᠠᠨ ᠤ᠋ ᠡᠵᠡᠨ
ᠪᠢ— ᠳᠡᠯᠡᠬᠡᠢ ᠶ᠋ᠢᠨ ᠬᠡᠪ ᠲᠡᠢ ᠭᠡᠷ ᠦ᠋ᠨ ᠡᠵᠡᠨ
ᠪᠢ— ᠳᠡᠭᠡᠳᠦᠰ ᠡᠴᠡ ᠵᠠᠷᠯᠢᠭ ᠲᠠᠢ ᠮᠣᠩᠭᠣᠯ ᠤ᠋ᠨ ᠡᠵᠡᠨ!
ᠢᠱ᠌ᠢ᠁ ᠴᠢᠮᠡᠭᠡ ᠦᠭᠡᠢ

ᠡᠪᠳᠡᠷᠡᠪᠡᠰᠦ ᠪᠢᠳᠡ ᠴᠢᠩ ᠭᠦᠷᠦᠨ ᠦ᠌ ᠪᠣᠱᠣᠭᠠᠨ ᠤ᠋ ᠪᠣᠭᠣᠯ ᠪᠣᠯᠤᠭᠠᠳ ᠳᠠᠭᠤᠰᠤᠨ᠎ᠠ ᠰᠢᠦ
ᠡᠪᠯᠡᠪᠡᠰᠦ ᠪᠢᠳᠡ ᠴᠢᠩᠭᠢᠰ ᠪᠣᠭᠳᠠ ᠶ᠋ᠢᠨ ᠭᠦᠷᠦᠨ ᠪᠦᠷᠢᠨ ᠪᠣᠯᠵᠤ ᠮᠠᠨᠳᠤᠨ᠎ᠠ ᠰᠢᠦ
ᠡᠨᠡ ᠪᠣᠯ ᠪᠢᠳᠡᠨ ᠦ᠌ ᠵᠢᠷᠦᠬᠡᠨ ᠦ᠌ ᠪᠢᠴᠢᠭᠡᠰᠦ ᠠ᠋!
ᠡᠪᠯᠡᠭᠰᠡᠨ ᠴᠠᠭ ᠲᠤ᠌ ᠴᠥᠭᠡᠬᠡᠨ ᠮᠣᠩᠭᠣᠯ ᠣᠯᠠᠨ ᠤ᠋ ᠣᠯᠠᠨ ᠠ᠋ᠴᠠ ᠳᠤᠲᠠᠬᠤ ᠦᠭᠡᠢ᠃

      ᠦᠰᠦᠭ ᠠᠮᠢᠯᠠᠭᠤᠯᠤᠭᠴᠢ᠄ ᠠᠯᠲᠠᠨᠴᠢᠮᠡᠭ
      ᠦᠰᠦᠭ ᠬᠠᠳᠠᠭᠴᠢ᠄ ᠠᠯᠲᠠᠨᠴᠢᠮᠡᠭ
      ᠬᠢᠨᠠᠭᠴᠢ᠄ ᠭᠦᠩᠭᠠᠷ