ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠨᠠᠢ᠍ᠮᠠ〕 Цаг төрийн үймээн – Д ᠂ Намдаг - Цаг төрийн үймээн ᠂ хоёрдугаар бүлэг -8 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠨᠠᠢ᠍ᠮᠠ〕 Цаг төрийн үймээн – Д ᠂ Намдаг - Цаг төрийн үймээн ᠂ хоёрдугаар бүлэг -8

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠨᠠᠢ᠍ᠮᠠ〕 Цаг төрийн үймээн – Д ᠂ Намдаг - Цаг төрийн үймээн ᠂ хоёрдугаар бүлэг -8

ᠠᠩᠭᠢᠯᠠᠯ:ᠲᠤᠭᠤᠵᠢ ᠷᠣᠮᠠᠨ
2025-11-11

192

ᠴᠢᠳᠬᠥᠷ ᠱᠤᠯᠤᠮᠤᠰ ᠬᠣᠶᠠᠷ

   
       ᠳ᠋ᠠᠨᠽᠡᠨ ᠨᠥᠬᠥᠷ ᠦ᠋ᠨ ᠢ᠋ᠶ᠋ᠡᠨ ᠦᠯᠡᠳᠡᠭᠡᠭᠰᠡᠨ ᠸᠠᠳᠠᠩ ᠲᠠᠢ ᠶᠠᠭᠤᠮ᠎ᠠ ᠶ᠋ᠢ ᠮᠥᠷᠦᠨ ᠳᠡᠭᠡᠷ᠎ᠡ ᠪᠡᠨ ᠬᠠᠶᠠᠨ ᠪᠠᠷᠠᠭᠤᠨ ᠲᠠᠢᠰᠢ ᠬᠠᠨᠳᠤᠪᠠ᠃ ᠬᠠᠭᠤᠴᠢᠨ ᠶᠠᠪᠤᠵᠤ ᠪᠠᠢᠭᠰᠠᠨ ᠲᠠᠨᠢᠯ ᠭᠠᠵᠠᠷ ᠤ᠋ᠳ ᠨᠢᠳᠦᠨ ᠳ᠋ᠦ᠍ᠨᠢ ᠲᠣᠰᠴᠤ ᠡᠬᠢᠯᠡᠵᠡᠢ᠃ ᠴᠠᠭᠠᠰᠢ ᠵᠢᠭᠠᠬᠠᠨ ᠶᠠᠪᠤᠮᠠᠭᠴᠠ ᠠᠩᠬ᠎ᠠ ᠨᠥᠬᠥᠳ ᠲᠡᠢ ᠪᠡᠨ ᠢᠷᠡᠨ ᠬᠦᠨᠳᠦᠯᠡᠭᠳᠡᠨ ᠵᠣᠴᠢᠯᠠᠭᠳᠠᠵᠤ ᠪᠠᠢᠭᠰᠠᠨ ᠴᠠᠭᠠᠨᠳᠠᠯᠠᠢ ᠶ᠋ᠢᠨ ᠫᠦᠰᠡ ᠶ᠋ᠢᠨ ᠠᠰᠠᠷᠲᠤ ᠲᠣᠮᠣ ᠬᠠᠭᠠᠯᠭ᠎ᠠ ᠲᠡᠷᠡ ᠳᠦᠷᠢ ᠪᠡᠷ ᠢ᠋ᠶ᠋ᠡᠨ ᠳᠠᠭᠠᠷᠢᠯᠳᠤᠯ᠎ᠠ᠃ ᠣᠳᠣ ᠣᠷᠬᠢᠭᠳᠠᠭᠰᠠᠨ ᠶᠠᠭᠤᠮᠠᠰ ᠰᠡᠳᠬᠢᠯ ᠳ᠋ᠦ᠍ ᠪᠠᠭᠤᠬᠤ ᠠᠵᠢ᠃ ᠭᠡᠪᠡᠴᠦ ᠬᠦᠷᠡᠯ ᠦ᠋ᠨ 《ᠪᠦᠬᠦ ᠮᠠᠭᠤ ᠶᠠᠭᠤᠮ᠎ᠠ ᠴᠢᠳᠬᠥᠷ ᠦ᠋ᠨ ᠬᠠᠷ᠎ᠠ ᠳᠠᠩᠵᠢᠶᠠᠳ ᠠ᠋ᠴᠠ ᠪᠣᠯᠪᠠ》 ᠭᠡᠵᠦ ᠬᠡᠯᠡᠳᠡᠭ ᠪᠠᠢᠭᠰᠠᠨ ᠨᠢ ᠰᠠᠨᠠᠭᠠᠨ ᠳ᠋ᠤ᠌ ᠣᠷᠣᠯ᠎ᠠ᠃ ᠲᠡᠭᠡᠭᠡᠳ ᠤᠷᠤᠭᠰᠢ ᠭᠢᠰᠬᠢᠯᠲᠡ ᠤᠳᠠᠭᠠᠰᠢᠷᠠᠨ ᠪᠣᠳᠣᠵᠤ ᠦᠵᠡᠬᠦ ᠳ᠋ᠦ᠍ ᠬᠦᠷᠡᠯ ᠦ᠋ᠨ ᠦᠭᠡ ᠪᠠᠷᠢᠮᠲᠠ ᠲᠠᠢ ᠪᠢᠰᠢ᠂ ᠵᠥᠪᠬᠡᠨ ᠬᠠᠷ᠎ᠠ ᠰᠠᠨᠠᠭ᠎ᠠ ᠪᠣᠯᠬᠤ ᠠ᠋ᠴᠠ ᠭᠠᠳᠠᠨ᠎ᠠ᠂ ᠡᠬᠡ᠂ ᠡᠭᠡᠴᠢ ᠨᠠᠷ ᠲᠤ᠌ ᠵᠣᠷᠢᠭᠤᠯᠤᠨ ᠠᠪᠤᠭᠰᠠᠨ ᠳᠡᠪᠡᠯ ᠦ᠋ᠨ ᠥᠩᠭᠡ᠂ ᠯᠤᠤᠵᠠᠨ ᠭᠤᠲᠤᠯ᠂ ᠥᠨᠥᠬᠢ ᠨᠢᠭᠡᠨ ᠡᠮᠡᠭᠲᠡᠢ ᠳ᠋ᠦ᠍ ᠠᠪᠤᠭᠰᠠᠨ ᠬᠤᠪᠠ ᠨᠤᠭᠤᠳ᠂ ᠠᠯᠲᠠᠨ ᠰᠢᠷᠠᠮᠠᠯ ᠡᠭᠡᠮᠦᠭ᠂ ᠥᠪᠡᠷ ᠲᠡᠭᠡᠨ ᠠᠪᠤᠭᠰᠠᠨ ᠭᠠᠩᠰᠠ᠁ ᠴᠥᠮ ᠨᠢᠳᠦᠨ ᠳ᠋ᠦ᠍ ᠲᠣᠰᠣᠨ ᠰᠡᠳᠬᠢᠯ ᠪᠤᠯᠢᠶᠠᠨ᠎ᠠ᠃ ᠭᠡᠲᠡᠯ᠎ᠡ ᠬᠦᠷᠡᠯ ᠳᠣᠷᠵᠢ ᠬᠣᠶᠠᠷ ᠤ᠋ᠨ ᠶᠠᠭᠤᠮ᠎ᠠ ᠶ᠋ᠢ ᠭᠡᠷ ᠣᠷᠣᠨ ᠳ᠋ᠤᠨᠢ ᠬᠦᠷᠭᠡᠵᠦ ᠥᠭᠪᠡᠯ ᠲᠡᠷᠡ ᠠᠷᠤ ᠭᠡᠷ ᠦ᠋ᠨ ᠬᠥᠮᠦᠰ ᠲᠡᠢ ᠠᠭᠤᠯᠵᠠᠵᠤ ᠪᠣᠯᠤᠮᠠᠷ ᠠᠵᠢ᠃ ᠡᠨᠡᠴᠢᠯᠡᠨ ᠳ᠋ᠠᠨᠽᠡᠨ ᠮᠠᠰᠢ ᠣᠯᠠᠨ ᠥᠩᠭᠡ ᠶ᠋ᠢᠨ ᠶᠠᠭᠤᠮ᠎ᠠ ᠪᠣᠳᠣᠯ᠎ᠠ᠃ ᠪᠣᠳᠣᠬᠤ ᠳᠣᠳᠣᠮ ᠡᠳ᠋ ᠬᠣᠭᠰᠢᠯ ᠤ᠋ᠨ ᠵᠦᠢᠯᠡᠰ ᠰᠡᠳᠬᠢᠯ ᠪᠤᠯᠢᠶᠠᠨ᠎ᠠ᠃ ᠭᠡᠲᠡᠯ᠎ᠡ ᠪᠦᠷ ᠬᠠᠮᠤᠭ ᠤ᠋ᠨ ᠴᠢᠬᠤᠯᠠ ᠨᠢ ᠪᠦᠬᠦ ᠶᠠᠭᠤᠮ᠎ᠠ ᠪᠠᠨ ᠠᠪᠬᠤ ᠭᠡᠬᠦ ᠨᠢ ᠠᠯᠢ ᠨᠢᠭᠡᠨ ᠳᠠᠭᠠᠷᠢᠯᠳᠤᠭᠰᠠᠨ ᠠᠶᠠᠨᠴᠢᠳ ᠲᠤ ᠦᠨ᠎ᠡ ᠬᠥᠯᠥᠰᠥ ᠲᠥᠯᠥᠨ ᠣᠷᠣᠨ ᠨᠤᠲᠤᠭ ᠲᠠᠭᠠᠨ ᠠᠮᠠᠷᠬᠠᠨ ᠬᠦᠷᠦᠮᠡᠷ ᠪᠣᠳᠣᠭᠳᠠᠵᠠᠢ᠃  
       ᠣᠷᠣᠬᠤ ᠶ᠋ᠢ ᠪᠦᠷᠢᠮᠦᠰᠦᠨ ᠰᠢᠢᠳᠴᠦ ᠶᠡᠬᠡ ᠬᠠᠭᠠᠯᠭ᠎ᠠ ᠶ᠋ᠢᠨ ᠡᠮᠦᠨ᠎ᠡ ᠢᠷᠡᠬᠦ ᠳ᠋ᠦ᠍ ᠲᠣᠮᠣ ᠠᠰᠠᠷ ᠤ᠋ᠨ ᠬᠠᠭᠠᠯᠭ᠎ᠠ ᠨᠡᠭᠡᠭᠡᠯᠲᠡ ᠲᠡᠢ᠂ ᠥᠨᠳᠥᠷ ᠬᠡᠷᠡᠮ ᠬᠠᠰᠢᠶᠠᠨ ᠤ᠋ ᠳᠣᠲᠣᠷᠠᠬᠢ ᠳᠥᠷᠪᠡᠯᠵᠢᠨ ᠴᠢᠯᠥᠭᠡ ᠨᠠᠮ ᠭᠦᠮ《ᠡᠨᠳᠡ ᠬᠡᠨ ᠴᠦ᠍ ᠣᠷᠣᠵᠤ ᠪᠣᠯᠤᠨ᠎ᠠ᠂ ᠭᠠᠭᠴᠠᠬᠠᠨ ᠦᠢᠮᠡᠭᠡᠨ ᠱᠤᠤᠭᠢᠶᠠᠨ ᠢ᠋ ᠯᠡ ᠪᠢᠲᠡᠭᠡᠢ ᠳᠡᠭᠳᠡᠭᠡ!》 ᠭᠡᠰᠡᠨ ᠰᠢᠭ ᠪᠠᠢᠯ᠎ᠠ᠃ ᠳ᠋ᠠᠨᠽᠡᠨ ᠳᠠᠩᠵᠢᠶᠠᠳ ᠤ᠋ᠨ ᠬᠠᠮᠢᠭ᠎ᠠ ᠨᠢ ᠰᠠᠭᠤᠳᠠᠭ ᠢ᠋ ᠲᠣᠳᠣᠷᠬᠠᠢ ᠮᠡᠳᠡᠨ᠎ᠡ᠃ ᠪᠠᠢᠰᠢᠩ ᠤᠷᠤᠭᠤ ᠨᠢ ᠰᠢᠭᠤᠳ ᠴᠢᠭᠯᠡᠨ ᠣᠴᠢᠭᠠᠳ ᠡᠬᠢᠨ ᠦ᠌ ᠬᠠᠭᠠᠯᠭ᠎ᠠ ᠶ᠋ᠢ ᠨᠡᠭᠡᠭᠡᠬᠦ ᠳ᠋ᠦ᠍᠂ ᠡᠷᠲᠡ ᠤᠷᠢᠳᠤ ᠶ᠋ᠢᠨ ᠢ᠋ᠶ᠋ᠡᠨ ᠪᠠᠢᠭᠰᠠᠨ ᠬᠡᠪ ᠢ᠋ᠶ᠋ᠡᠷ᠂ ᠭᠠᠭᠴᠠᠬᠠᠨ ᠡᠨᠳᠡ ᠬᠡᠨ ᠴᠦ᠍ ᠦᠭᠡᠢ᠃ ᠬᠣᠶᠠᠳᠠᠬᠢ ᠬᠠᠭᠠᠯᠭ᠎ᠠ ᠶ᠋ᠢ ᠲᠠᠲᠠᠬᠤ ᠳ᠋ᠤ᠌ ᠪᠠᠰᠠ ᠯᠠ ᠥᠭᠡᠷᠡᠴᠢᠯᠡᠭᠳᠡᠭᠰᠡᠨ ᠶᠠᠭᠤᠮ᠎ᠠ ᠠᠯᠠᠭ᠎ᠠ᠃ ᠳᠠᠩᠵᠢᠶᠠᠳ ᠤ᠋ᠨ ᠥᠷᠥᠭᠡᠨ ᠦ᠌ ᠡᠮᠦᠨ᠎ᠡ ᠢᠷᠡᠨ ᠲᠦᠷ ᠵᠣᠭᠰᠣᠬᠤ ᠳ᠋ᠤ᠌ ᠬᠠᠷ᠎ᠠ ᠲᠠᠮᠠᠬᠢᠨ ᠤ᠋ ᠬᠡᠩᠰᠢᠭᠦᠦ ᠲᠡᠢ ᠦᠨᠦᠷ ᠬᠠᠩᠬᠤᠯᠤᠨ ᠵᠢᠭᠤᠲᠠᠮᠠᠷ ᠪᠠᠢᠪᠠᠴᠤ ᠱᠤᠳᠤᠷᠭᠤ ᠬᠥᠭᠵᠢᠮ ᠨᠠᠷᠢᠨ ᠬᠥᠭ ᠳᠡᠭᠡᠷ᠎ᠡ ᠪᠡᠨ ᠳ᠋ᠠᠩ ᠶᠠᠩ ᠴᠤᠤᠷᠢᠶᠠᠳᠠᠨ ᠰᠡᠳᠬᠢᠯ ᠪᠠᠶᠠᠰᠬᠠᠵᠤ ᠪᠠᠰᠠ ᠵᠢᠭᠠᠬᠠᠨ ᠵᠣᠭᠰᠣᠨ ᠴᠢᠩᠨᠠᠭᠤᠰᠢᠲᠠᠢ ᠰᠠᠨᠠᠭᠳᠠᠵᠠᠢ᠃ 
       ᠬᠥᠭᠵᠢᠮ ᠦ᠋ᠨ ᠬᠠᠵᠠᠭᠤ ᠪᠠᠷ ᠡᠮᠡᠭᠲᠡᠢ ᠬᠥᠮᠦᠨ ᠦ᠌ ᠬᠡᠭᠡᠨᠴᠢᠷᠬᠡᠨ ᠬᠣᠭᠣᠯᠠᠢ ᠭᠠᠩᠭᠠᠩ ᠡᠭᠡᠰᠢᠭᠯᠡᠵᠦ ᠡᠬᠢᠯᠡᠯ᠎ᠡ᠃ ᠳ᠋ᠠᠨᠽᠡᠨ ᠥᠪᠡᠷ ᠦ᠋ᠨ ᠡᠷᠬᠡ ᠦᠭᠡᠢ ᠠᠮᠢᠰᠬᠤᠯ ᠬᠣᠷᠢᠶᠠᠨ ᠴᠢᠩᠨᠠᠪᠠ᠃ ᠡᠨᠡ ᠦᠶ᠎ᠡ ᠳ᠋ᠦ᠍ ᠪᠡᠶ᠎ᠡ ᠶ᠋ᠢᠨ ᠬᠢᠨᠢ ᠪᠠᠢᠳᠠᠯ ᠲᠤᠩ ᠪᠠᠵᠠᠭᠠᠬᠤ ᠦᠭᠡᠢ ᠨᠢᠳᠦ ᠨᠢ ᠬᠦᠴᠦᠲᠡᠢ ᠪᠡᠷ ᠡᠷᠢᠶᠡᠯᠵᠢᠯᠡᠨ᠂ ᠳᠣᠲᠣᠷ᠎ᠠ ᠨᠢ ᠮᠠᠭᠤᠬᠠᠢ ᠪᠠᠷ ᠪᠦᠷᠵᠢᠢᠵᠦ ᠤᠬᠠᠭᠠᠨ ᠰᠠᠨᠠᠭ᠎ᠠ ᠨᠢ ᠣᠷᠣᠨ ᠭᠠᠷᠤᠨ ᠦᠢᠮᠡᠨ᠎ᠡ᠃ ᠭᠡᠪᠡᠴᠦ ᠳ᠋ᠠᠨᠽᠡᠨ ᠥᠪᠡᠷ ᠢ᠋ ᠪᠡᠨ ᠳ᠋ᠠᠨ ᠶᠡᠬᠡ ᠰᠣᠭᠲᠣᠭ᠎ᠠ ᠦᠭᠡᠢ ᠭᠡᠵᠦ ᠪᠣᠳᠣᠨ᠎ᠠ᠃ ᠬᠠᠭᠠᠯᠭ᠎ᠠ ᠶ᠋ᠢ ᠵᠥᠭᠡᠯᠡᠨ ᠲᠡᠳᠡᠨ ᠬᠥᠯ ᠦ᠋ᠨ ᠥᠯᠮᠡᠢ ᠶ᠋ᠢ ᠪᠣᠱᠣᠭ᠎ᠠ ᠳᠠᠪᠠᠭᠤᠯᠪᠠ᠃ ᠬᠠᠮᠤᠭ ᠤ᠋ᠨ ᠲᠦᠷᠦᠭᠦᠨ ᠵᠢᠷᠤᠭ ᠤ᠋ᠨ ᠬᠤᠸᠠᠷ ᠰᠢᠭ᠋ ᠦᠵᠡᠰᠬᠦᠯᠡᠩᠲᠦ ᠬᠡᠦᠬᠡᠨ ᠦ᠌ ᠨᠠᠷᠢᠬᠠᠨ ᠴᠠᠭᠠᠨ ᠭᠠᠷ ᠱᠤᠳᠤᠷᠭᠤ ᠬᠥᠭᠵᠢᠮ ᠦ᠋ᠨ ᠤᠷᠲᠤ ᠡᠰᠢᠨ ᠳᠡᠭᠡᠷ᠎ᠡ ᠨᠠᠬᠢᠯᠵᠠᠵᠤ ᠦᠵᠡᠭᠳᠡᠭᠡᠳ ᠳᠠᠷᠠᠭ᠎ᠠ ᠨᠢ ᠴᠡᠩᠬᠡᠷ ᠬᠥᠬᠡ ᠤᠲᠤᠭ᠎ᠠ ᠳᠡᠭᠡᠷ᠎ᠡ ᠨᠢ ᠲᠤᠨᠤᠷᠠᠨ ᠡᠷᠭᠢᠯᠳᠦᠵᠦ ᠪᠠᠢᠭ᠎ᠠ ᠨᠢ ᠠᠵᠢᠭᠯᠠᠭᠳᠠᠪᠠ᠃ ᠢᠩᠭᠢᠬᠦ ᠳ᠋ᠦ᠍ ᠲᠡᠷᠡ ᠬᠡᠦᠬᠡᠨ ᠡᠭᠦᠯᠡᠨ ᠳᠤᠮᠳᠠ ᠵᠠᠯᠠᠷᠠᠨ ᠶᠠᠪᠤᠭ᠎ᠠ ᠲᠩᠷᠢ ᠶ᠋ᠢᠨ ᠳᠠᠭᠢᠨᠢ ᠶ᠋ᠢ ᠰᠠᠨᠠᠭᠳᠠᠭᠤᠯᠪᠠ᠃  
       ᠡᠨᠡ ᠲᠩᠷᠢ ᠶ᠋ᠢᠨ ᠳᠠᠭᠢᠨᠢ ᠶ᠋ᠢᠨ ᠨᠥᠭᠦᠭᠡ ᠲᠠᠯ᠎ᠠ ᠳ᠋ᠤ᠌ ᠡᠪᠦᠭᠡᠨ ᠳᠠᠩᠵᠢᠶᠠᠳ ᠬᠠᠷ᠎ᠠ ᠲᠠᠮᠠᠬᠢ ᠲᠡᠳᠡᠨ ᠬᠡᠪᠲᠡᠵᠦ᠂ ᠤᠷᠢᠳᠤ ᠲᠠᠯ᠎ᠠ ᠳ᠋ᠤ᠌ ᠵᠠᠷᠤᠴᠠ ᠬᠦᠦ ᠠᠰᠠᠭᠠᠰᠤᠲᠠᠢ ᠳ᠋ᠧᠩ ᠢ᠋ ᠭᠠᠩᠰᠠᠨ ᠳ᠋ᠤᠨᠢ ᠪᠠᠷᠢᠵᠤ ᠱᠣᠮᠪᠣᠢᠨ ᠰᠠᠭᠤᠵᠤ ᠪᠠᠢᠨ᠎ᠠ᠃ 
       ᠬᠡᠦᠬᠡᠨ ᠳ᠋ᠠᠨᠽᠡᠨ ᠢ᠋ ᠬᠠᠷᠠᠬᠤ ᠲᠠᠢ ᠪᠠᠨ ᠵᠡᠷᠭᠡ《ᠲᠩᠷᠢ》 ᠭᠡᠵᠦ ᠤᠤᠬᠢᠯᠬᠢᠯᠠᠨ ᠬᠥᠭᠵᠢᠮ ᠢ᠋ᠶ᠋ᠡᠨ ᠠᠯᠳᠠᠪᠠ᠃ ᠵᠠᠷᠤᠴᠠ ᠬᠦᠦ ᠪᠠᠰᠠ ᠡᠷᠭᠢᠨ ᠬᠠᠷᠠᠩᠭᠤᠲᠠ ᠪᠠᠨ《ᠠᠶ᠎ᠠ》 ᠭᠡᠳ ᠪᠣᠰᠤᠨ ᠬᠠᠷᠠᠢᠪᠠ᠃  
       ᠳ᠋ᠠᠨᠽᠡᠨ ᠲᠡᠳᠡᠨ ᠦ᠌ ᠰᠣᠴᠢᠬᠤ ᠶ᠋ᠢᠨ ᠤᠴᠢᠷ ᠢ᠋ ᠡᠰᠡ ᠣᠢᠯᠠᠭᠠᠪᠠ᠃ ᠥᠪᠡᠷ ᠦ᠋ᠨ ᠴᠡᠷᠢᠭ ᠬᠤᠪᠴᠠᠰᠤ ᠶ᠋ᠢᠨ ᠲᠠᠮᠲᠤᠭ ᠲᠣᠯᠣᠭᠠᠢ ᠶ᠋ᠢᠨ ᠦᠰᠦ ᠵᠦᠭ ᠪᠦᠷᠢ ᠤᠷᠤᠭᠤ ᠪᠠᠨ ᠪᠤᠷᠴᠠᠭᠯᠠᠨ ᠤᠨᠵᠢᠭᠰᠠᠨ ᠬᠢᠭᠡᠳ ᠴᠢᠷᠠᠢ ᠶ᠋ᠢᠨ ᠥᠩᠭᠡ ᠬᠦᠷᠡᠯ ᠲᠣᠭᠣᠭ᠎ᠠ ᠰᠢᠭ᠋ ᠪᠣᠯᠤᠭᠰᠠᠨ ᠢ᠋ ᠮᠡᠳᠡᠬᠦ ᠪᠣᠯᠪᠠᠴᠤ ᠪᠤᠰᠤᠳ ᠤ᠋ᠨ ᠨᠢᠳᠦᠨ ᠳ᠋ᠦ᠍ ᠠᠶᠤᠨ ᠰᠣᠴᠢᠬᠤᠢᠴᠠ ᠦᠵᠡᠭᠳᠡᠨ᠎ᠡ ᠭᠡᠵᠦ ᠬᠠᠷᠠᠬᠠᠨ ᠪᠣᠳᠣᠭ᠎ᠠ ᠦᠭᠡᠢ ᠪᠢᠯᠡ᠃ ᠲᠡᠭᠦᠨ ᠦ᠌ ᠪᠡᠨ ᠳᠡᠭᠡᠷ᠎ᠡ ᠣᠳᠣ ᠱᠠᠯ ᠰᠣᠭᠲᠣᠭᠤ᠂ ᠬᠣᠶᠠᠷ ᠨᠢᠳᠦ ᠴᠠᠪᠴᠢᠯᠭ᠎ᠠ ᠦᠭᠡᠢ ᠬᠠᠷᠠᠭᠰᠠᠨ ᠪᠦᠬᠦᠨ ᠤᠷᠤᠭᠤ ᠪᠠᠨ ᠬᠠᠮᠠᠷ ᠱᠤᠤᠬᠢᠲᠤᠨᠠᠭᠤᠯᠤᠨ ᠭᠥᠯᠢᠷᠡᠨ᠎ᠡ᠃ ᠶᠡᠷᠦ ᠡᠢᠮᠦ ᠬᠥᠮᠦᠨ ᠳᠠᠩᠵᠢᠶᠠᠳ ᠳᠡᠭᠡᠷ᠎ᠡ ᠣᠷᠣᠬᠤ ᠪᠠᠢᠲᠤᠭᠠᠢ ᠬᠠᠰᠢᠶᠠᠨ ᠤ᠋ ᠬᠠᠭᠠᠯᠭ᠎ᠠ ᠪᠠᠷ ᠱᠠᠭᠠᠢᠵᠤ ᠪᠠᠢᠭᠰᠠᠨ ᠤᠳᠠᠭ᠎ᠠ ᠦᠭᠡᠢ ᠪᠠᠢᠯ᠎ᠠ᠃  
       ᠳᠠᠩᠵᠢᠶᠠᠳ ᠠᠮᠠᠨ ᠳ᠋ᠠᠬᠢ ᠬᠠᠷ᠎ᠠ ᠲᠠᠮᠠᠬᠢ ᠶ᠋ᠢᠨ ᠢ᠋ᠶ᠋ᠡᠨ ᠤᠲᠤᠭ᠎ᠠ ᠶ᠋ᠢ ᠠᠭᠠᠷ ᠲᠤ ᠬᠦᠪᠦᠷᠡᠯᠳᠦᠭᠦᠯᠦᠨ᠂ ᠥᠯᠥᠩ ᠪᠤᠭᠤᠷᠤᠯ ᠲᠣᠯᠣᠭᠠᠢ ᠪᠠᠨ ᠠᠯᠭᠤᠷ ᠬᠥᠳᠡᠯᠭᠡᠨ ᠳ᠋ᠠᠨᠽᠡᠨ ᠢ᠋ ᠬᠠᠷᠠᠭᠰᠠᠨ ᠢ᠋ᠶ᠋ᠠᠨ ᠮᠥᠨ ᠯᠡ ᠰᠣᠴᠢᠪᠠ᠃ ᠨᠣᠢᠷᠮᠤᠭ ᠨᠢᠳᠦ ᠪᠡᠨ ᠴᠠᠪᠴᠢᠯᠠᠨ ᠵᠠᠷᠪᠠᠢᠯᠭᠠᠵᠤ᠂ ᠦᠭᠡ ᠳᠠᠭᠤ ᠦᠭᠡᠢ ᠰᠢᠷᠲᠡᠬᠦ ᠳ᠋ᠦ᠍ᠨᠢ ᠳ᠋ᠠᠨᠽᠡᠨ ᠲᠡᠭᠦᠨ ᠢ᠋ ᠲᠠᠨᠢᠭ᠎ᠠ ᠦᠭᠡᠢ ᠪᠠᠢᠬᠤ ᠶ᠋ᠢ ᠮᠡᠳᠡᠪᠡ᠃  
       — ᠳᠠᠩᠵᠢᠶᠠᠳ ᠠ᠋᠂ ᠪᠢ ᠲᠠᠨ ᠤ᠋ ᠵᠢᠩ ᠢ᠋ ᠲᠡᠭᠡᠭᠡᠵᠦ ᠢᠷᠡᠭᠰᠡᠨ ᠭᠤᠷᠪᠠᠨ ᠮᠣᠩᠭᠣᠯ ᠤ᠋ᠨ ᠨᠢᠭᠡ ᠨᠢ ᠰᠢᠦ ᠳᠡ ᠭᠡᠵᠦ ᠮᠣᠩᠭᠣᠯ ᠢ᠋ᠶ᠋ᠠᠷ ᠬᠡᠯᠡᠬᠦ ᠳ᠋ᠦ᠍ ᠳᠠᠩᠵᠢᠶᠠᠳ ᠬᠡᠦᠬᠡᠨ ᠤᠷᠤᠭᠤ  ᠬᠠᠷᠠᠭᠰᠠᠨ ᠢ᠋ᠶ᠋ᠠᠨ ᠮᠣᠩᠭᠣᠯ ᠬᠡᠯᠡ ᠮᠡᠳᠡᠳᠡᠭ ᠢ᠋ᠶ᠋ᠡᠨ ᠭᠠᠢᠬᠠᠭᠤᠯᠬᠤ ᠭᠡᠵᠦ ᠪᠠᠢᠭ᠎ᠠ ᠶᠤᠮ ᠰᠢᠭ᠋᠂  
       — ᠲᠡᠢᠮᠦ ᠠ᠋ ᠭᠡᠵᠦ ᠦᠭᠡ ᠪᠡᠨ ᠡᠬᠢᠯᠡᠭᠡᠳ ᠪᠤᠰᠤᠳ ᠴᠢᠨᠢ ᠬᠠᠮᠢᠭ᠎ᠠ ᠪᠣᠢ? ᠭᠡᠬᠦ ᠳ᠋ᠡᠭᠡᠨ ᠵᠡᠪᠡᠷᠲᠦ ᠨᠢᠳᠦᠨ ᠦ᠌ ᠬᠢᠨᠢ ᠴᠠᠭᠠᠨ᠎ᠠ ᠵᠠᠨᠤᠯ ᠬᠣᠷᠣᠰᠤᠯ ᠰᠢᠩᠭᠡᠭᠰᠡᠨ ᠢ᠋ ᠨᠢ ᠳ᠋ᠠᠨᠽᠡᠨ ᠮᠡᠳᠡᠪᠡ᠃  
       — ᠮᠠᠨ ᠤ᠋ ᠨᠥᠬᠥᠳ ᠤᠤ?  ᠭᠡᠰᠡᠨ ᠢ᠋ᠶ᠋ᠡᠨ ᠳ᠋ᠠᠨᠽᠡᠨ ᠲᠦᠭᠳᠡᠷᠡᠨ ᠡᠨᠳᠡ! ᠦᠭᠡᠢ ᠠ᠋ ᠲᠡᠨᠳᠡ᠂ ᠪᠢᠰᠢ ᠠ᠋᠂ ᠨᠥᠭᠦᠭᠡ ᠭᠠᠮᠢᠩ ᠤ᠋ᠳ ᠲᠠᠢ ᠪᠠᠨ ᠭᠡᠵᠦ ᠪᠣᠳᠠᠯᠢᠪᠠ᠃ 
       ᠳᠠᠩᠵᠢᠶᠠᠳ ᠬᠤᠳᠠᠯ ᠬᠡᠯᠡᠵᠦ ᠪᠠᠢᠭ᠎ᠠ ᠶ᠋ᠢ ᠨᠢ ᠮᠡᠳᠡᠪᠡ᠃ 
       — ᠠᠢ ᠲᠡᠷᠡ ᠭᠠᠮᠢᠩ ᠤ᠋ᠳ ᠶᠠᠭᠠᠬᠢᠭᠰᠠᠨ ᠮᠠᠭᠤ᠃ ᠪᠢ ᠲᠠ ᠨᠠᠷ ᠤ᠋ᠨ ᠬᠣᠢᠨ᠎ᠠ ᠠ᠋ᠴᠠ ᠲᠠᠩᠳᠠ ᠵᠣᠪᠠᠨ᠎ᠠ ᠰᠢᠦ᠂ ᠣᠳᠣ ᠲᠠ ᠨᠠᠷ ᠲᠤ ᠶᠠᠭᠤ ᠬᠡᠷᠡᠭᠲᠡᠢ ?   
       — ᠪᠢᠳᠡᠨ ᠳ᠋ᠦ᠍ ᠪᠢᠳᠡᠨ ᠦ᠌ ᠶᠠᠭᠤᠮ᠎ᠠ ᠬᠡᠷᠡᠭᠲᠡᠢ!  
       — ᠶᠠᠮᠠᠷ ᠶᠠᠭᠤᠮ᠎ᠠ ᠭᠡᠵᠦ ᠭᠠᠢᠬᠠᠭᠰᠠᠨ ᠴᠢᠷᠠᠢ ᠭᠠᠷᠭᠠᠪᠠ᠃ 
       — ᠶᠠᠭᠠᠬᠢᠭ᠎ᠠ ᠪᠣᠢ ᠳᠠ᠂ ᠳᠠᠩᠵᠢᠶᠠᠳ ᠠ᠋᠂ ᠪᠢᠳᠡᠨ ᠦ᠌ ᠳᠡᠪᠡᠯ ᠬᠤᠪᠴᠠᠰᠤ ᠡᠨᠡ ᠲᠡᠷᠡ᠃  
       — ᠠᠢ ᠲᠡᠷᠡ ᠤᠤ? ᠪᠠᠢᠨ᠎ᠠ᠂ ᠪᠠᠢᠨ᠎ᠠ ᠬᠡᠵᠢᠶ᠎ᠡ ᠠᠪᠤᠨ᠎ᠠ?  
       — ᠣᠳᠣ᠂ ᠳᠠᠩᠵᠢᠶᠠᠳ ᠠ᠋ ᠭᠡᠵᠦ ᠪᠠᠶᠠᠷᠯᠠᠨ ᠤᠷᠤᠭᠰᠢ ᠠᠯᠬᠤᠬᠤ ᠳ᠋ᠤ᠌᠂ ᠳᠠᠩᠵᠢᠶᠠᠳ ᠵᠢᠪᠡᠭᠦᠴᠡᠨ ᠬᠣᠢᠰᠢ ᠭᠡᠳᠡᠢᠵᠦ᠄  
       — ᠲᠡᠮᠡᠭᠡ ᠦᠭᠡᠢ ᠶᠠᠭᠠᠬᠢᠵᠤ ᠠᠪᠠᠴᠢᠨ᠎ᠠ? 
       — ᠲᠡᠷᠡ ᠶᠠᠭᠠᠬᠢᠬᠤᠪ ᠳᠠᠩᠵᠢᠶᠠᠳ ᠠ᠋᠂ ᠪᠢ ᠡᠭᠦᠷᠦᠨ᠎ᠡ᠂ ᠢᠩᠭᠢᠭᠡᠳ ᠰᠢᠦ ᠭᠡᠳ ᠳᠠᠯᠤ ᠮᠥᠷᠥ ᠤᠷᠤᠭᠤ ᠪᠠᠨ ᠵᠢᠭᠠᠭᠰᠠᠨ ᠳ᠋ᠤ᠌ ᠳᠠᠩᠵᠢᠶᠠᠳ ᠲᠡᠰᠬᠡᠯ ᠦᠭᠡᠢ ᠢᠨᠢᠶᠡᠳᠦ ᠠᠯᠳᠠᠪᠠ᠃ ᠭᠡᠲᠡᠯ᠎ᠡ ᠲᠡᠷᠡ ᠢᠨᠢᠶᠡᠳᠦ ᠨᠢ ᠭᠥᠬᠡᠭᠦᠯᠦᠨ ᠬᠠᠨᠢᠶᠠᠯᠭᠠᠬᠤ ᠪᠣᠯᠤᠨ ᠬᠤᠪᠢᠷᠠᠪᠠ᠃ ᠪᠥᠭᠡᠷᠡᠩᠬᠡᠢ ᠪᠣᠯᠤᠭᠰᠠᠨ ᠨᠢᠷᠤᠭᠤ ᠨᠢ ᠠᠭᠤᠷᠯᠠᠭᠰᠠᠨ ᠮᠤᠤᠷ ᠤ᠋ᠨ ᠬᠢ ᠰᠢᠭ ᠪᠣᠯᠤᠨ ᠪᠥᠭ ᠪᠥᠭ ᠬᠥᠳᠡᠯᠵᠦ ᠡᠬᠢᠯᠡᠭᠰᠡᠨ ᠢ᠋ᠶ᠋ᠡᠨ᠂ ᠴᠢᠷᠠᠢ ᠬᠥᠬᠡᠷᠡᠨ ᠬᠠᠵᠠᠭᠤᠯᠳᠠᠨ ᠤᠨᠠᠪᠠ᠃ ᠡᠨᠡ ᠳᠠᠷᠤᠢ ᠬᠡᠦᠬᠡᠨ ᠵᠠᠷᠤᠴᠠ ᠬᠣᠶᠠᠷ ᠰᠠᠨᠳᠤᠷᠤᠨ ᠲᠣᠯᠣᠭᠠᠢ ᠲᠦᠷᠦᠭᠦᠦ ᠶ᠋ᠢ ᠨᠢ ᠲᠦᠰᠢᠨ ᠠᠪᠴᠤ ᠴᠡᠭᠡᠵᠢ ᠶ᠋ᠢ ᠨᠢ ᠪᠠᠷᠢᠯᠠᠩᠭᠤᠲᠠ ᠪᠠᠨ ᠪᠠᠢᠨ ᠪᠠᠢᠨ ᠫᠠᠳ ᠫᠠᠳ ᠪᠠᠭᠤᠯᠭᠠᠨ ᠴᠣᠬᠢᠯᠠᠨ᠎ᠠ᠃ ᠢᠩᠭᠢᠪᠡᠯ ᠳᠠᠩᠵᠢᠶᠠᠳ ᠰᠡᠷᠭᠦᠳᠡᠭ ᠪᠠᠢᠵᠠᠢ᠃ ᠨᠢᠭᠡ ᠦᠶ᠎ᠡ ᠪᠦᠷ ᠦᠬᠦᠬᠦ ᠰᠢᠭ ᠲᠠᠭ ᠴᠢᠭ ᠪᠣᠯᠤᠭᠰᠠᠨ ᠢ᠋ᠶ᠋ᠠᠨ ᠠᠷᠠᠢᠬᠠᠨ ᠥᠨᠳᠡᠢᠵᠦ ᠵᠠᠷᠤᠴᠠ ᠬᠦᠦ ᠳ᠋ᠦ᠍ ᠬᠡᠳᠦᠨ ᠬᠥᠮᠦᠨ ᠦ᠌ ᠨᠡᠷ᠎ᠡ ᠳᠤᠷᠠᠳᠤᠨ ᠳᠠᠭᠤᠳᠠᠨ ᠢᠷᠡᠭᠦᠯᠬᠦ ᠪᠡᠷ ᠭᠠᠷᠭᠠᠪᠠ᠃ ᠡᠨᠡ ᠶᠠᠪᠤᠳᠠᠯ ᠢ᠋ ᠳ᠋ᠠᠨᠽᠡᠨ ᠶᠡᠷᠦ ᠠᠩᠬᠠᠷᠤᠭᠰᠠᠨ ᠵᠦᠢᠯ ᠦᠭᠡᠢ ᠵᠥᠪᠬᠡᠨ ᠳᠠᠩᠵᠢᠶᠠᠳ ᠤ᠋ᠨ ᠠᠮᠢ ᠮᠡᠨᠳᠦ ᠰᠡᠷᠭᠦᠭᠰᠡᠨ ᠲᠤᠬᠠᠢ ᠯᠠ ᠪᠠᠶᠠᠷᠯᠠᠨ᠎ᠠ᠃ ᠨᠥᠭᠦᠭᠡ ᠲᠠᠯ᠎ᠠ ᠪᠠᠷ ᠬᠡᠦᠬᠡᠨ᠂ ᠳᠠᠩᠵᠢᠶᠠᠳ ᠤ᠋ᠨ ᠠᠮᠠ ᠬᠠᠮᠠᠷ ᠠ᠋ᠴᠠ ᠭᠠᠷᠤᠭᠰᠠᠨ ᠡᠯᠳᠡᠪ ᠪᠣᠬᠢᠷ ᠢ᠋ ᠡᠷᠡᠭᠡ ᠴᠡᠭᠡᠷ ᠦᠭᠡᠢ ᠴᠡᠪᠡᠷᠯᠡᠨ ᠰᠤᠪᠢᠯᠠᠭᠰᠠᠨ ᠳ᠋ᠤ᠌ ᠪᠠᠶᠠᠷᠯᠠᠨ᠎ᠠ᠃ ᠲᠡᠭᠡᠭᠡᠳ ᠬᠡᠦᠬᠡᠨ ᠢ᠋ ᠠᠵᠢᠭᠯᠠᠬᠤ ᠳ᠋ᠤ᠌ ᠦᠨᠡᠬᠡᠷ ᠵᠢᠷᠤᠭ ᠤ᠋ᠨ ᠬᠤᠸᠠᠷ᠂ ᠡᠷᠬᠡᠲᠡᠨ ᠪᠦᠬᠦᠨ ᠨᠢ ᠲᠤᠩ ᠪᠤᠯᠪᠠᠷᠠᠢ ᠶᠡᠷᠦ ᠳ᠋ᠡᠭᠡᠨ ᠯᠡ ᠶ᠋ᠢᠨ ᠲᠣᠰᠣ ᠪᠠᠷ ᠴᠢᠳᠬᠤᠭᠤᠷᠳᠠᠨ ᠬᠢᠭᠳᠡᠭᠰᠡᠨ ᠰᠢᠭ ᠦᠵᠡᠭᠳᠡᠬᠦ ᠪᠥᠭᠡᠳ ᠳᠠᠩᠵᠢᠶᠠᠳ ᠤ᠋ᠨ ᠬᠦᠵᠦᠭᠦᠦ ᠰᠡᠭᠡᠷ ᠢ᠋ ᠢᠯᠢᠨ ᠲᠠᠭᠠᠯᠠᠵᠤ《ᠠᠩ᠂ ᠥᠩ》 ᠨᠠᠭᠠᠯᠢᠩᠬᠠᠢᠳᠠᠬᠤ ᠨᠢ ᠶᠠᠭᠤ ᠶᠠᠭᠤ ᠦᠭᠡᠢ ᠬᠠᠵᠠᠭᠤ ᠬᠠᠪᠢᠷᠭᠠᠨ ᠠ᠋ᠴᠠ ᠬᠠᠢᠯᠵᠤ ᠪᠠᠢᠨ᠎ᠠ ᠤᠤ? ᠭᠡᠮᠡᠷ ᠪᠠᠢᠬᠤ ᠠᠵᠢ᠃ 
       ᠬᠡᠦᠬᠡᠨ ᠳ᠋ᠠᠨᠽᠡᠨ ᠢ᠋ ᠬᠠᠷᠢᠭᠤ ᠠᠵᠢᠯ᠎ᠠ᠃ ᠬᠥᠮᠦᠨ ᠭᠡᠵᠦ ᠦᠵᠡᠬᠦ ᠶ᠋ᠢᠨ ᠣᠷᠣᠨ ᠳ᠋ᠤ᠌ ᠵᠢᠭᠰᠢᠨ ᠵᠢᠪᠡᠭᠦᠴᠡᠵᠦ᠂ ᠶᠠᠩᠬᠠᠨ ᠶᠠᠭᠠᠨ ᠠᠯᠴᠢᠭᠤᠷ ᠢ᠋ᠶ᠋ᠠᠷ ᠢ᠋ᠶ᠋ᠠᠨ ᠠᠮᠠ ᠬᠠᠮᠠᠷ ᠢ᠋ᠶ᠋ᠠᠨ ᠲᠠᠭᠯᠠᠵᠤ᠂ ᠳᠠᠩᠵᠢᠶᠠᠳ ᠲᠠᠭᠠᠨ ᠦᠳᠡᠰᠢ ᠶ᠋ᠢᠨ ᠭᠠᠯᠠᠭᠤᠨ ᠤ᠋ ᠬᠣᠩᠭᠣᠷ ᠠᠪᠢᠶ᠎ᠠ ᠪᠠᠷ᠄ 
       — ᠮᠢᠨᠦ ᠤᠬᠠᠭᠠᠲᠠᠨ ᠰᠠᠢᠬᠠᠨ ᠪᠤᠭᠤᠷᠤᠯ ᠠ᠋᠂ ᠳᠠ ᠶᠠᠨ ᠪᠢᠲᠡᠭᠡᠢ ᠲᠡᠳᠡ᠂ ᠡᠨᠡ ᠯᠠᠪ ᠴᠢᠨᠦ ᠠᠮᠢ ᠶ᠋ᠢ ᠠᠪᠬᠤ ᠮᠠᠭᠠᠳ᠃ ᠠᠶ᠎ᠠ᠂ ᠪᠢ ᠴᠢᠮ᠎ᠠ ᠠ᠋ᠴᠠ ᠪᠠᠨ ᠰᠠᠯᠪᠠᠯ ᠭᠠᠭᠴᠠᠭᠠᠷ ᠢ᠋ᠶ᠋ᠠᠨ ᠭᠠᠵᠠᠷ ᠳᠡᠯᠡᠬᠡᠢ ᠳ᠋ᠦ᠍ ᠠᠮᠢᠳᠤ ᠶᠠᠪᠤᠬᠤ ᠶ᠋ᠢᠨ ᠬᠡᠷᠡᠭ ᠳᠠᠩᠴᠤ ᠦᠭᠡᠢ ᠪᠣᠯᠤᠨ᠎ᠠ ᠭᠡᠵᠦ ᠰᠢᠯᠦᠨ ᠪᠥᠮᠪᠥᠭᠡ᠂ ᠭᠠᠷ ᠤ᠋ᠨ ᠠᠯᠠᠭᠠᠨ ᠳ᠋ᠤ᠌ ᠪᠥᠮᠪᠥᠷᠢᠬᠦ ᠮᠡᠲᠦ ᠬᠡᠯᠡᠭᠰᠡᠨ ᠳ᠋ᠦ᠍᠂ ᠳ᠋ᠠᠨᠽᠡᠨ ᠲᠡᠳᠡᠨ ᠦ᠌ ᠢᠨᠠᠭ ᠠᠮᠠᠷᠠᠭ ᠤ᠋ᠨ ᠶᠠᠪᠤᠳᠠᠯᠲᠠᠨ ᠪᠣᠯᠬᠤ ᠶ᠋ᠢ ᠰᠠᠶᠢ ᠮᠡᠳᠡᠨ ᠣᠢ ᠭᠤᠲᠤᠪᠠ᠃  
       ᠳᠠᠩᠵᠢᠶᠠᠳ ᠬᠡᠦᠬᠡᠨ ᠢ᠋᠂  
       — ᠠᠢ ᠮᠧᠢ ᠬᠤᠸᠠᠷ ᠠ᠋! ᠭᠡᠵᠦ ᠳᠠᠭᠤᠳᠠᠭᠠᠳ᠄ ᠴᠢ ᠪᠢᠲᠡᠭᠡᠢ ᠵᠣᠪᠠ! ᠪᠢ ᠳᠡ ᠶᠠᠨ ᠲᠠᠲᠠᠬᠤ ᠦᠭᠡᠢ ᠪᠣᠯ ᠬᠠᠷᠢᠨ ᠨᠢᠭᠡ ᠡᠳᠦᠷ ᠦ᠋ᠨ ᠴᠦ᠍ ᠠᠮᠢ ᠦᠭᠡᠢ᠂ ᠬᠡᠷᠪᠡ ᠲᠠᠲᠠᠵᠤ ᠪᠠᠢᠪᠠᠯ ᠵᠠᠭᠤ ᠨᠠᠰᠤᠯᠠᠬᠤ ᠴᠦ᠍ ᠶᠠᠭᠤ ᠮᠠᠭᠠᠳ ᠭᠡᠵᠦ ᠲᠡᠩᠬᠡᠯ ᠠᠯᠲᠠᠨ ᠰᠤᠯᠠᠷᠠᠭᠰᠠᠨ ᠬᠡᠯᠡ ᠪᠡᠷ ᠬᠡᠯᠡᠭᠡᠳ ᠬᠡᠦᠬᠡᠨ ᠦ᠌ ᠴᠡᠭᠡᠵᠢᠨ ᠳ᠋ᠡᠬᠢ ᠬᠣᠶᠠᠷ ᠬᠥᠭᠡᠷᠦᠬᠦᠨ ᠲᠥᠮᠪᠥᠭᠡᠷ ᠬᠥᠬᠥᠨ ᠳ᠋ᠦ᠍ᠨᠢ ᠲᠣᠯᠣᠭᠠᠢ ᠥᠭᠭᠦᠨ ᠨᠢᠳᠦ ᠪᠡᠨ ᠠᠨᠢᠪᠠ᠃ ᠳ᠋ᠠᠨᠽᠡᠨ᠄《ᠮᠧᠢ ᠬᠤᠸᠠᠷ》 ᠨᠡᠷ᠎ᠡ ᠶ᠋ᠢ ᠰᠣᠨᠣᠰᠬᠤ ᠲᠠᠢ ᠪᠠᠨ ᠵᠡᠷᠭᠡ《ᠮᠧᠢ ᠬᠤᠸᠠᠷ》 ᠭᠡᠳᠡᠭ ᠳᠠᠭᠤᠤ ᠶ᠋ᠢ ᠰᠠᠨᠠᠭᠰᠠᠨ ᠪᠥᠭᠡᠳ᠂ ᠬᠡᠷᠪᠡ ᠲᠡᠷᠡ ᠳᠠᠭᠤᠤ ᠶ᠋ᠢᠨ ᠮᠧᠢ ᠬᠤᠸᠠᠷ᠂ ᠡᠨᠡ ᠮᠧᠢ ᠬᠤᠸᠠᠷ ᠰᠢᠭ᠋ ᠪᠣᠯ ᠬᠠᠷᠢᠨ ᠱᠠᠯ ᠳᠡᠮᠡᠢ ᠮᠧᠢ ᠬᠤᠸᠠᠷ ᠪᠠᠢᠬᠤ ᠨᠢ ᠳᠡ ᠭᠡᠵᠦ ᠪᠣᠳᠣᠪᠠ᠃ ᠭᠡᠲᠡᠯ᠎ᠡ ᠬᠡᠦᠬᠡᠨ ᠳᠠᠩᠵᠢᠶᠠᠳ ᠢ᠋ ᠠᠩ ᠥᠩ ᠪᠣᠯᠤᠨ ᠢᠯᠢᠨ ᠲᠠᠭᠠᠯᠠᠬᠤ ᠶ᠋ᠢᠨ ᠣᠷᠣᠨ ᠳ᠋ᠤ᠌ ᠲᠦᠷᠦᠭᠦᠨ ᠳ᠋ᠠᠨᠽᠡᠨ ᠢ᠋ ᠠᠵᠢᠭᠰᠠᠨ ᠰᠢᠭ᠋ ᠢ᠋ᠶ᠋ᠡᠨ ᠵᠢᠪᠡᠭᠦᠷᠡᠨ ᠳᠡᠭᠡᠷ᠎ᠡ ᠡᠴᠡ ᠨᠢ ᠰᠢᠷᠳᠡᠬᠦ ᠠᠵᠢ᠃ ᠡᠢᠮᠦ ᠳ᠋ᠦ᠍ ᠳ᠋ᠠᠨᠽᠡᠨ᠄ 
     《ᠠᠢ ᠬᠥᠭᠡᠷᠦᠬᠦᠢ ᠡᠨᠡ ᠬᠡᠦᠬᠡᠨ ᠴᠣᠬᠣᠮ ᠶᠠᠳᠠᠭᠤ ᠬᠣᠭᠣᠰᠣᠨ ᠪᠣᠯᠤᠭᠠᠳ ᠠᠪᠤ᠂ ᠡᠵᠢ᠂ ᠠᠬ᠎ᠠ ᠳᠡᠭᠦᠦ ᠨᠠᠷ ᠢ᠋ᠶ᠋ᠠᠨ ᠲᠡᠵᠢᠭᠡᠬᠦ ᠶ᠋ᠢᠨ ᠡᠷᠬᠡᠨ ᠳ᠋ᠦ᠍ ᠳᠠᠩᠵᠢᠶᠠᠳ ᠢ᠋ ᠲᠡᠢᠨᠬᠦ ᠢᠯᠢᠨ ᠲᠠᠭᠠᠯᠠᠭᠰᠠᠨ ᠬᠡᠷᠡᠭ ᠪᠠᠢᠵᠤ ᠰᠢᠦ》 ᠭᠡᠵᠦ ᠪᠣᠳᠣᠨ ᠦᠷᠦ ᠡᠪᠡᠳᠬᠦ ᠰᠡᠳᠬᠢᠯ ᠲᠥᠷᠥᠪᠡ᠃  
       ᠢᠩᠭᠢᠬᠦ ᠳ᠋ᠦ᠍ ᠬᠡᠦᠬᠡᠨ᠂ ᠡᠪᠦᠭᠡᠨ ᠳᠠᠩᠵᠢᠶᠠᠳ ᠢ᠋ ᠵᠢᠭᠰᠢᠨ ᠵᠢᠪᠡᠭᠦᠴᠡᠭᠰᠡᠨ ᠨᠢ ᠦᠨᠡᠨ ᠲᠡᠢ ᠪᠥᠭᠡᠳ《ᠴᠢ ᠡᠳᠦᠢ ᠪᠣᠯᠲᠠᠯ᠎ᠠ ᠪᠠᠨ ᠦᠬᠦᠵᠦ ᠥᠭᠳᠡᠭ ᠦᠭᠡᠢ ᠶᠠᠭᠠᠬᠢᠭᠰᠠᠨ ᠪᠥᠬᠡ ᠠᠮᠢᠲᠠᠢ ᠪᠣᠢ?》 ᠭᠡᠵᠦ ᠪᠣᠳᠣᠨ ᠴᠢᠩ ᠰᠡᠳᠬᠢᠯ ᠡᠴᠡ ᠪᠡᠨ ᠪᠣᠳᠣᠭᠰᠠᠨ ᠠᠵᠢ᠃ ᠭᠡᠪᠡᠴᠦ ᠡᠨᠡ ᠬᠡᠦᠬᠡᠨ ᠦ᠌ ᠠᠮᠢᠳᠤᠷᠠᠯ ᠳ᠋ᠠᠨᠽᠡᠨ ᠢ᠋ ᠲᠠᠭᠠᠪᠤᠷᠢᠯᠠᠭᠰᠠᠨ ᠲᠠᠢ ᠬᠡᠷᠬᠢᠪᠡᠴᠦ ᠦᠯᠦ ᠬᠠᠪᠢᠳᠠᠨ᠎ᠠ᠃ ᠶᠠᠭᠤᠨ ᠳ᠋ᠤ᠌ ᠭᠡᠪᠡᠯ᠄ ᠡᠨᠡ ᠬᠡᠦᠬᠡᠨ ᠡᠪᠦᠭᠡᠨ ᠳᠠᠩᠵᠢᠶᠠᠳ ᠲᠠᠢ ᠬᠤᠪᠢ ᠨᠡᠢᠯᠡᠭᠦᠯᠦᠨ ᠬᠣᠷᠰᠢᠶᠠᠯᠠᠭᠰᠠᠨ ᠵᠠᠯᠠᠭᠤ ᠡᠷ᠎ᠡ ᠸᠠᠩ ᠬᠠᠢ ᠲᠤᠤ ᠶ᠋ᠢᠨ ᠲᠥᠷᠥᠭᠰᠡᠨ ᠳᠡᠭᠦᠦ ᠪᠥᠭᠡᠳ ᠳᠠᠩᠵᠢᠶᠠᠳ ᠤ᠋ᠨ ᠬᠡᠳᠦᠨ ᠳᠠᠪᠬᠤᠷ ᠭᠠᠩ ᠥᠷᠭᠡᠰᠦᠲᠡᠢ ᠴᠣᠣᠵᠢ ᠪᠠᠷ ᠴᠣᠣᠵᠢᠯᠠᠭᠳᠠᠭᠰᠠᠨ ᠵᠠᠭᠤᠨ ᠲᠦᠮᠡᠨ ᠶᠠᠩᠴᠢᠶᠠᠨ ᠢ᠋ ᠠᠬ᠎ᠠ ᠶ᠋ᠢᠨ ᠭᠠᠷ ᠲᠤ ᠣᠷᠣᠭᠤᠯᠬᠤ ᠶᠡᠬᠡ ᠵᠣᠷᠢᠯᠭ᠎ᠠ ᠶ᠋ᠢ ᠡᠮᠦᠨ᠎ᠡ ᠪᠡᠨ ᠲᠠᠯᠪᠢᠵᠠᠢ᠃ ᠭᠡᠪᠡᠴᠦ ᠬᠡᠦᠬᠡᠨ ᠡᠷᠬᠡ ᠵᠢᠷᠭᠠᠯ ᠭᠡᠭᠴᠢ ᠶ᠋ᠢ ᠳᠤᠷ᠎ᠠ ᠵᠣᠷᠢᠭ ᠢ᠋ᠶ᠋ᠠᠷ ᠢ᠋ᠶ᠋ᠠᠨ ᠡᠳ᠋ᠯᠡᠭᠴᠢ ᠪᠢᠰᠢ᠂ ᠬᠠᠷᠢᠨ ᠵᠣᠪᠠᠯᠠᠩ! ᠵᠣᠪᠠᠯᠠᠩ ᠢ᠋ᠶ᠋ᠠᠷ ᠯᠠ ᠡᠷᠬᠡ ᠵᠢᠷᠭᠠᠯ ᠭᠡᠭᠴᠢ ᠶ᠋ᠢ ᠡᠷᠢᠭᠴᠢ᠂ ᠲᠤᠬᠠᠢᠯᠠᠪᠠᠯ᠄ ᠠᠷᠪᠠᠨ ᠳᠣᠯᠣᠭᠠᠨ ᠨᠠᠰᠤ ᠪᠠᠨ ᠳᠥᠩᠭᠡᠵᠦ ᠬᠦᠷᠦᠮᠡᠭᠴᠡ ᠤᠭ ᠤ᠋ᠨ ᠦᠵᠡᠰᠬᠦᠯᠡᠩ ᠭᠤᠸ᠎ᠠ ᠴᠢᠷᠠᠢ ᠨᠢ ᠥᠨᠳᠥᠷ ᠵᠠᠶᠠᠭᠠᠲᠠᠨ ᠪᠣᠯᠭᠠᠨ ᠤ᠋ ᠵᠢᠷᠦᠬᠡ ᠶ᠋ᠢ ᠣᠪᠣᠯᠵᠠᠭᠤᠯᠬᠤ ᠪᠣᠯᠤᠭᠰᠠᠨ ᠨᠢᠭᠡ ᠪᠠᠶᠠᠷ ᠪᠠᠢᠪᠠᠴᠤ ᠲᠥᠷᠥᠭᠰᠡᠨ ᠠᠬ᠎ᠠ ᠨᠢ ᠪᠠᠷᠰ ᠤ᠋ᠨ ᠠᠳᠠᠯᠢ ᠰᠢᠷᠦᠭᠦᠨ ᠭᠠᠷ ᠢ᠋ᠶ᠋ᠠᠷ ᠢ᠋ᠶ᠋ᠠᠨ ᠠᠳᠬᠤᠨ ᠠᠪᠴᠤ᠂ ᠤᠪ ᠮᠡᠬᠡ ᠪᠣᠯᠭᠠᠨ ᠢ᠋ ᠰᠤᠷᠭᠠᠭᠰᠠᠨ ᠨᠢ ᠲᠤᠩ ᠪᠠᠭ᠎ᠠ ᠪᠢᠰᠢ᠂ ᠶᠠᠮᠠᠷ ᠴᠦ᠍ ᠬᠠᠲᠠᠭᠤ ᠥᠷᠭᠡᠰᠦᠲᠡᠢ ᠴᠣᠣᠵᠢ ᠶ᠋ᠢ ᠭᠠᠷ ᠬᠤᠷᠤᠭᠤ ᠣᠷᠣᠭᠤᠯᠤᠨ ᠲᠠᠢᠯᠵᠤ ᠴᠢᠳᠠᠨ᠎ᠠ᠃ ᠡᠰᠡ ᠳᠡᠢᠯᠪᠡᠯ ᠪᠦᠬᠦ ᠪᠡᠶ᠎ᠡ ᠪᠡᠨ ᠰᠢᠷᠭᠤᠭᠤᠯᠤᠨ ᠣᠷᠣᠭᠤᠯᠵᠤ ᠳᠡᠢᠯᠬᠦ ᠣᠨᠴᠠᠭᠠᠢ ᠴᠢᠳᠠᠯ ᠢ᠋ ᠣᠯᠤᠭᠰᠠᠨ ᠠᠵᠢ᠃ ᠭᠡᠪᠡᠴᠦ ᠥᠪᠡᠷ ᠦ᠋ᠨ ᠬᠢᠨᠢ ᠣᠶᠤᠨ ᠤᠬᠠᠭᠠᠨ ᠰᠡᠷᠭᠦᠯᠡᠩ ᠪᠣᠯᠤᠭᠠᠳ ᠦᠵᠡᠰᠬᠦᠯᠡᠩ ᠭᠤᠸ᠎ᠠ ᠲᠡᠭᠦᠯᠳᠡᠷ ᠦ᠋ᠨ ᠢ᠋ᠶ᠋ᠡᠨ ᠳᠡᠭᠡᠷ᠎ᠡ ᠤᠶᠠᠩᠭᠠᠭᠤᠯᠤᠨ ᠳᠠᠭᠤᠯᠠᠬᠤ ᠬᠣᠭᠣᠯᠠᠢ ᠶ᠋ᠢᠨ ᠰᠠᠢᠬᠠᠨ ᠪᠦᠷᠢᠳᠦᠮᠡᠯ ᠪᠢᠰᠢ ᠪᠠᠢᠭᠰᠠᠨ ᠪᠣᠯ ᠠᠬ᠎ᠠ ᠶ᠋ᠢᠨ ᠬᠢᠨᠢ ᠲᠡᠷᠡ ᠵᠢᠭᠠᠨ ᠰᠤᠷᠭᠠᠭᠰᠠᠨ ᠤᠪ ᠮᠡᠬᠡ ᠶ᠋ᠢᠨ ᠵᠦᠢᠯ ᠶᠠᠭᠤ ᠴᠦ᠍ ᠪᠣᠯᠬᠤ ᠦᠭᠡᠢ ᠪᠠᠢᠭᠰᠠᠨ ᠪᠣᠢ ᠵ᠎ᠠ᠃ ᠲᠡᠭᠡᠭᠡᠳ ᠬᠡᠦᠬᠡᠨ ᠡᠪᠦᠭᠡᠨ ᠳᠠᠩᠵᠢᠶᠠᠳ ᠤ᠋ᠨ ᠠᠯᠢ ᠬᠡᠳᠦᠢᠨᠡᠢ ᠤᠨᠲᠠᠷᠠᠨ ᠵᠠᠮᠬᠠᠷᠠᠭᠰᠠᠨ ᠵᠠᠯᠠᠭᠤ ᠨᠠᠰᠤᠨ ᠤ᠋ ᠬᠢᠨᠢ ᠲᠠᠴᠢᠶᠠᠯ ᠤ᠋ᠨ ᠭᠠᠯ ᠢ᠋ ᠢᠯᠪᠢᠳᠡᠨ ᠰᠡᠷᠭᠦᠭᠡᠵᠦ ᠡᠯᠢᠭᠡ ᠵᠢᠷᠦᠬᠡᠨ ᠳ᠋ᠦ᠍ᠨᠢ ᠠᠮᠢᠨ ᠰᠤᠳᠠᠰᠤ ᠪᠣᠯᠤᠨ ᠰᠢᠩᠭᠡᠵᠡᠢ᠃ ᠭᠡᠯ᠎ᠡ ᠴᠦ᠍ ᠬᠡᠦᠬᠡᠨ ᠠᠷᠢᠭᠤᠨ ᠲᠤᠩᠭᠠᠯᠠᠭ ᠪᠡᠶ᠎ᠡ ᠪᠡᠨ ᠬᠡᠨ ᠡᠴᠡ ᠴᠦ᠍ ᠢᠯᠡᠭᠦᠦ ᠲᠡᠢ ᠡᠷᠬᠢᠮᠯᠡᠬᠦ ᠲᠤᠯᠠ ᠠᠷᠠᠰᠤ ᠰᠡᠷᠡᠰᠦ ᠪᠣᠯᠤᠭᠰᠠᠨ ᠳᠠᠩᠵᠢᠶᠠᠳ ᠤ᠋ᠨ ᠪᠡᠶ᠎ᠡ ᠶ᠋ᠢ ᠡᠯᠢᠭᠡᠨ ᠪᠡᠶ᠎ᠡ ᠪᠡᠷ ᠢ᠋ᠶ᠋ᠡᠨ ᠳᠤᠯᠠᠭᠠᠴᠠᠭᠤᠯᠤᠭᠰᠠᠨ ᠤᠳᠠᠭ᠎ᠠ ᠨᠢᠭᠡ ᠴᠦ᠍ ᠦᠭᠡᠢ᠂ ᠵᠥᠪᠬᠡᠨ ᠲᠣᠯᠣᠭᠠᠢ ᠲᠦᠷᠦᠭᠦᠦ ᠶ᠋ᠢ ᠨᠢ ᠴᠡᠭᠡᠵᠢᠨ ᠳ᠋ᠡᠭᠡᠨ ᠠᠪᠠᠴᠢᠨ᠄ 
       — ᠠᠢ ᠳᠠᠩᠵᠢᠶᠠᠳ ᠴᠢ ᠮᠢᠨᠦ ᠵᠢᠷᠦᠬᠡ ᠶ᠋ᠢ ᠴᠢᠩᠨᠠ ᠠ᠋! ᠭᠠᠭᠴᠠᠬᠠᠨ ᠴᠢᠮ᠎ᠠ ᠳ᠋ᠠᠭᠠᠨ ᠯᠠ ᠭᠡᠵᠦ ᠪᠠᠢᠭ᠎ᠠ ᠪᠢᠵᠡ ᠳᠡ ᠭᠡᠵᠦ ᠤᠷᠠᠨ ᠭᠣᠶᠣᠮᠰᠣᠭ ᠢ᠋ᠶ᠋ᠠᠷ ᠢᠨᠢᠶᠡᠬᠦ᠂ ᠡᠰᠡ ᠪᠣᠯ ᠢᠨᠠᠭ ᠤ᠋ᠨ ᠬᠠᠯᠠᠭᠤᠨ ᠳ᠋ᠤ᠌ ᠰᠣᠭᠲᠣᠭᠤᠷᠠᠬᠤ ᠪᠠᠢᠳᠠᠯ ᠢ᠋ᠶ᠋ᠠᠷ ᠲᠤᠩᠭᠠᠯᠠᠭ ᠬᠠᠷ᠎ᠠ ᠨᠢᠳᠦ ᠪᠡᠨ ᠲᠠᠯᠮᠢᠶᠠᠳᠤᠭᠤᠯᠤᠨ᠂  
       — ᠠᠶ᠎ᠠ᠂ ᠮᠢᠨᠦ ᠰᠠᠢᠬᠠᠨ ᠪᠤᠭᠤᠷᠤᠯ ᠠ᠋! ᠶᠣᠰᠣᠲᠠᠢ ᠮᠢᠨᠦ ᠦᠵᠡᠰᠬᠦᠯᠡᠩᠲᠦ ᠪᠦᠷᠭᠦᠳ ᠰᠢᠭ ᠰᠠᠢᠬᠠᠨ ᠪᠤᠭᠤᠷᠤᠯ ᠲᠣᠯᠣᠭᠠᠢ ᠴᠢᠨᠢ ᠨᠠᠳᠠ ᠳ᠋ᠤ᠌ ᠦᠷᠭᠦᠯᠵᠢ ᠲᠢᠶᠠᠨ ᠱᠠᠨ— 《ᠲᠩᠷᠢ ᠠᠭᠤᠯᠠ》— ᠶ᠋ᠢ ᠪᠣᠳᠣᠭᠳᠠᠭᠤᠯᠤᠨ᠎ᠠ ᠭᠡᠵᠦ ᠪᠡᠭᠡᠵᠢᠩ ᠬᠡᠯᠡᠨ ᠦ᠌ ᠭᠣᠶᠣᠮᠰᠣᠭ ᠠᠶᠠᠯᠭᠤ ᠪᠠᠷ ᠥᠭᠦᠯᠡᠨ ᠬᠡᠯᠡ ᠬᠠᠵᠠᠨ ᠰᠥᠨᠢ ᠶ᠋ᠢᠨ ᠭᠠᠯᠠᠭᠤᠨ ᠤ᠋ ᠠᠪᠢᠶ᠎ᠠ ᠳ᠋ᠤ᠌ ᠬᠤᠪᠢᠯᠤᠨ ᠬᠠᠩᠭᠢᠨᠠᠭᠤᠯᠤᠨ᠎ᠠ᠃ ᠠᠷᠢᠬᠢ ᠪᠣᠯ ᠠᠮᠠᠨ ᠳ᠋ᠤ᠌ ᠣᠷᠣᠭᠰᠠᠭᠠᠷ ᠪᠦᠬᠦ ᠮᠡᠳᠡᠷᠡᠯ ᠦ᠋ᠨ ᠰᠦᠪᠡ ᠰᠤᠳᠠᠰᠤ ᠪᠣᠯᠭᠠᠨ ᠢ᠋ᠶ᠋ᠠᠷ ᠳᠠᠮᠵᠢᠨ ᠣᠶᠤᠨ ᠤᠬᠠᠭᠠᠨ ᠢ᠋ ᠰᠣᠭᠲᠣᠭᠠᠳᠠᠭ ᠪᠢᠯᠡ᠃ ᠭᠡᠲᠡᠯ᠎ᠡ ᠬᠥᠮᠦᠨ ᠬᠥᠮᠦᠨ ᠦ᠌ ᠪᠡᠨ ᠰᠡᠳᠬᠢᠬᠦᠢ ᠶ᠋ᠢ ᠲᠡᠢᠨᠬᠦ ᠰᠣᠭᠲᠣᠭᠠᠬᠤ ᠨᠢ ᠶᠠᠭᠠᠬᠢᠯ᠎ᠠ ᠭᠡᠵᠦ ᠲᠡᠢᠮᠦ ᠠᠮᠤᠷ ᠪᠠᠢᠬᠤ ᠪᠣᠢ ᠳᠠ᠃ ᠥᠷᠯᠥᠭᠡ ᠪᠦᠷᠢ ᠬᠡᠦᠬᠡᠨ ᠭᠠᠷ ᠨᠢᠭᠤᠷ ᠢ᠋ᠶ᠋ᠠᠨ ᠤᠬᠢᠶᠠᠭᠰᠠᠨ ᠤ᠋ ᠪᠠᠨ ᠳᠠᠷᠠᠭ᠎ᠠ᠂ ᠶᠠᠫᠣᠨ ᠤ᠋ ᠠᠷᠠᠰᠤᠨ ᠤ᠋ ᠥᠩᠭᠡ ᠴᠢᠨᠠᠷ ᠬᠣᠶᠠᠷ ᠢ᠋ ᠶᠠᠭᠤᠲᠠᠢ ᠴᠦ᠍ ᠵᠦᠢᠷᠯᠡᠰᠢ ᠦᠭᠡᠢ ᠵᠥᠭᠡᠯᠡᠷᠡᠭᠦᠯᠳᠡᠭ ᠢ᠋ᠶ᠋ᠡᠷ ᠢ᠋ᠶ᠋ᠡᠨ ᠳᠡᠯᠡᠬᠡᠢ ᠳ᠋ᠦ᠍ ᠠᠯᠳᠠᠷᠰᠢᠭᠰᠠᠨ ᠴᠠᠰᠤ ᠴᠠᠭᠠᠨ ᠲᠣᠰᠣ ᠳᠦᠷᠭᠢᠭᠡᠳ᠂ ᠳᠡᠭᠡᠷ᠎ᠡ ᠡᠴᠡ ᠨᠢ ᠠᠮᠧᠷᠢᠺᠠ ᠶ᠋ᠢᠨ ᠬᠣᠯᠠᠨᠳ᠋ ᠬᠣᠲᠠ ᠶ᠋ᠢᠨ ᠺᠢᠨᠣ᠋ ᠵᠥᠴᠦᠭᠡᠴᠢᠳ ᠦ᠋ᠨ ᠬᠡᠷᠡᠭᠯᠡᠳᠡᠭ ᠨᠢᠭᠤᠷ ᠤ᠋ᠨ ᠪᠣᠳᠣᠭ ᠢ᠋ᠶ᠋ᠠᠷ ᠤᠷᠤᠭᠤᠯ ᠬᠥᠮᠥᠰᠬᠡ ᠬᠠᠴᠠᠷ ᠢ᠋ᠶ᠋ᠠᠨ ᠵᠠᠰᠠᠭᠠᠳ᠂ ᠪᠠᠰᠠ ᠳᠡᠭᠡᠷ᠎ᠡ ᠡᠴᠡ ᠨᠢ ᠹᠠᠷᠠᠨᠼᠢ ᠶ᠋ᠢᠨ ᠶᠠᠯᠢᠮ ᠦᠭᠡᠢ ᠶᠠᠭᠠᠪᠲᠤᠷ ᠥᠩᠭᠡ ᠶ᠋ᠢᠨ ᠦᠨᠦᠷ ᠰᠠᠢᠬᠠᠨ ᠲᠠᠢ ᠣ ᠪᠠᠷ ᠲᠡᠭᠰᠢᠯᠡᠨ ᠲᠥᠷᠥᠯᠬᠢ ᠶ᠋ᠢᠨ ᠥᠩᠭᠡ ᠦᠵᠡᠰᠬᠦᠯᠡᠩ ᠰᠢᠭ ᠪᠣᠯᠭᠠᠨ᠎ᠠ᠃ ᠭᠡᠯ᠎ᠡ ᠴᠦ᠍ ᠠᠷᠠᠴᠢᠯᠠᠭᠠᠨ ᠤ᠋ ᠠᠵᠢᠯ ᠡᠭᠦᠪᠡᠷ ᠳᠠᠭᠤᠰᠬᠤ ᠦᠭᠡᠢ᠃ ᠪᠦᠬᠦ ᠬᠤᠪᠴᠠᠰᠤᠨ ᠳ᠋ᠠᠭᠠᠨ ᠳᠡᠭᠡᠳᠦ ᠴᠢᠨᠠᠷ ᠤ᠋ᠨ ᠦᠨᠦᠷᠲᠦ ᠤᠰᠤ ᠰᠠᠴᠤᠨ ᠰᠢᠩᠭᠡᠭᠡᠵᠦ᠂ ᠭᠠᠷ᠂ ᠬᠦᠵᠦᠭᠦᠦ ᠬᠣᠭᠣᠯᠠᠢ ᠡᠨᠡ ᠲᠡᠷᠡ ᠤᠷᠤᠭᠤ ᠪᠠᠨ ᠡᠯᠳᠡᠪ ᠬᠠᠯᠳᠠᠪᠤᠷᠢᠲᠤ ᠡᠪᠡᠳᠴᠢᠨ ᠦ᠌ ᠨᠢᠶᠠᠨ ᠠ᠋ᠴᠠ ᠬᠠᠮᠠᠭᠠᠯᠠᠬᠤ ᠢᠰᠬᠦᠯᠡᠩᠳᠡᠭᠦᠦ ᠦᠨᠦᠷᠲᠦ ᠨᠤᠨᠲᠠᠭ ᠡᠮ ᠰᠠᠴᠤᠭᠠᠳ ᠰᠠᠶᠢ ᠳᠠᠭᠤᠰᠴᠤ ᠰᠠᠨᠠᠭ᠎ᠠ ᠠᠯᠲᠠᠨ ᠭᠡᠷ ᠡᠴᠡ ᠭᠠᠷᠤᠨ᠎ᠠ᠃ ᠣᠷᠣᠢ ᠪᠤᠴᠠᠨ ᠢᠷᠡᠮᠡᠭᠴᠡ ᠪᠡᠨ ᠬᠠᠷ᠎ᠠ ᠲᠠᠮᠠᠬᠢᠨ ᠤ᠋ ᠦᠨᠦᠷ ᠰᠢᠩᠭᠡᠭᠰᠡᠨ ᠪᠠᠢᠬᠤ ᠠ᠋ᠴᠠ ᠪᠣᠯᠭᠣᠮᠵᠢᠯᠠᠨ ᠪᠦᠬᠦ ᠡᠮᠦᠰᠦᠭᠰᠡᠨ ᠢ᠋ᠶ᠋ᠡᠨ ᠲᠠᠢᠯᠤᠨ ᠡᠷᠡᠭᠦᠯ ᠠᠭᠠᠷ ᠲᠤ ᠡᠯᠭᠦᠭᠡᠳ᠂ ᠥᠪᠡᠷ ᠦ᠋ᠨ ᠢ᠋ᠶ᠋ᠡᠨ ᠪᠡᠶ᠎ᠡ ᠶ᠋ᠢ ᠣᠩᠭᠣᠴᠠ ᠲᠠᠢ ᠬᠠᠯᠠᠭᠤᠨ ᠤᠰᠤᠨ ᠳ᠋ᠤ᠌ ᠣᠷᠣᠭᠤᠯᠤᠨ᠎ᠠ᠃ 
       ᠠᠢ ᠳᠠ᠂ ᠡᠨᠡ ᠶᠠᠪᠤᠳᠠᠯ ᠤ᠋ᠨ ᠵᠠᠬ᠎ᠠ ᠰᠡᠵᠢᠭᠦᠷ ᠢ᠋ ᠡᠪᠦᠭᠡᠨ ᠳᠠᠩᠵᠢᠶᠠᠳ ᠮᠡᠳᠡᠪᠡᠯ ᠴᠣᠬᠣᠮ ᠲᠡᠷᠡ ᠳᠣᠣᠷ᠎ᠠ ᠪᠠᠨ᠄《ᠬᠠᠶ᠎ᠠ᠂ ᠴᠢ ᠬᠥᠮᠦᠨ ᠪᠢᠰᠢ᠂ ᠦᠨᠡᠭᠡᠨ ᠱᠤᠯᠤᠮ ᠪᠠᠢᠨ᠎ᠠ ᠰᠢᠦ》 ᠭᠡᠵᠦ ᠳᠠᠭᠤ ᠠᠯᠲᠠᠨ ᠬᠥᠭᠡᠭᠡᠨ ᠭᠠᠷᠭᠠᠭᠠᠳ᠂ ᠮᠥᠩᠭᠥ ᠶᠠᠩᠴᠢᠶᠠᠨ ᠤ᠋ ᠠᠪᠳᠠᠷ᠎ᠠ ᠶ᠋ᠢ ᠪᠠᠢᠲᠤᠭᠠᠢ᠂ ᠬᠠᠰᠢᠶ᠎ᠠ ᠪᠠᠢᠰᠢᠩ ᠴᠥᠮ ᠢ᠋ ᠬᠡᠳᠦᠨ ᠳᠠᠪᠬᠤᠷ ᠴᠣᠣᠵᠢ ᠪᠠᠷ ᠴᠣᠣᠵᠢᠯᠠᠬᠤ ᠪᠣᠢ ᠵ᠎ᠠ᠃ ᠭᠡᠲᠡᠯ᠎ᠡ ᠬᠡᠦᠬᠡᠨ ᠦᠨᠡᠬᠡᠷ ᠦᠨᠡᠭᠡᠨ ᠱᠤᠯᠤᠮᠤᠰ᠃ ᠡᠷᠯᠢᠭ ᠦ᠋ᠨ ᠡᠯᠴᠢ ᠶ᠋ᠢ ᠪᠣᠯᠪᠠᠴᠤ ᠢᠯᠢᠨ ᠲᠠᠭᠠᠯᠠᠬᠤ ᠪᠠᠷ ᠬᠠᠭᠤᠷᠤᠨ ᠪᠤᠴᠠᠭᠠᠬᠤ ᠲᠡᠢᠮᠦ ᠠᠢᠬᠤᠪᠲᠤᠷ ᠴᠢᠳᠠᠯ ᠢ᠋ᠶ᠋ᠠᠷ ᠳᠠᠩᠵᠢᠶᠠᠳ ᠢ᠋ ᠪᠦᠷᠢᠨ ᠰᠣᠭᠲᠣᠭᠠᠭᠰᠠᠨ ᠠᠵᠢ᠃ 
       ᠥᠷᠯᠥᠭᠡ ᠣᠷᠣᠵᠤ ᠢᠷᠡᠬᠦ ᠪᠦᠷᠢ ᠳ᠋ᠦ᠍ᠨᠢ ᠳᠠᠩᠵᠢᠶᠠᠳ᠄ 
       — ᠠᠢ ᠮᠢᠨᠦ ᠦᠵᠡᠰᠬᠦᠯᠡᠩᠲᠦ ᠭᠤᠸ᠎ᠠ ᠴᠡᠴᠡᠭ ᠠ᠋! ᠦᠨᠡᠨᠬᠦ ᠬᠤᠪᠢ ᠵᠠᠶᠠᠭᠠᠨ ᠤ᠋ ᠮᠢᠨᠢ ᠬᠠᠢᠷᠠᠲᠠᠢ ᠳᠠᠭᠢᠨᠢ ᠠ᠋! ᠪᠢ ᠴᠢᠨᠦ ᠡᠨᠳᠡ ᠡᠴᠡ ᠨᠢᠭᠡ ᠮᠥᠴᠡ ᠶ᠋ᠢᠨ ᠲᠡᠳᠦᠢ ᠪᠣᠯᠪᠠᠴᠤ ᠰᠠᠯᠵᠤ ᠴᠢᠳᠠᠬᠤ ᠦᠭᠡᠢ ᠪᠣᠯᠤᠭᠰᠠᠨ ᠤ᠋ ᠤᠴᠢᠷ ᠢ᠋ ᠮᠡᠳᠡᠵᠦ ᠪᠠᠢᠨ᠎ᠠ᠃ ᠡᠨᠡ ᠪᠣᠯ ᠣᠳᠣ ᠶᠠᠭᠠᠬᠢᠶ᠎ᠠ ᠭᠡᠬᠦ ᠪᠣᠢ᠂ ᠡᠷᠲᠡᠨ ᠦ᠌ ᠬᠤᠪᠢ ᠢᠷᠦᠭᠡᠯ ᠰᠢᠦ ᠭᠡᠵᠦ ᠤᠭᠲᠤᠨ᠎ᠠ᠃ ᠬᠠᠷᠢᠭᠤ ᠳ᠋ᠤᠨᠢ ᠬᠡᠦᠬᠡᠨ ᠪᠡᠶ᠎ᠡ ᠪᠡᠨ ᠰᠠᠯᠬᠢᠨ ᠳ᠋ᠤ᠌ ᠭᠠᠩᠬᠤᠭᠤᠯᠬᠤ ᠮᠡᠲᠦ ᠬᠥᠳᠡᠯᠭᠡᠭᠡᠨ ᠭᠢᠰᠬᠢᠯᠡᠵᠦ ᠣᠴᠢᠨ ᠬᠦᠵᠦᠭᠦᠦ ᠪᠡᠷ ᠨᠢ ᠲᠡᠪᠡᠷᠢᠨ ᠲᠣᠯᠣᠭᠠᠢ ᠨᠡᠢᠯᠡᠭᠦᠯᠵᠦ ᠠᠪᠤᠭᠠᠳ᠄ ᠠᠢ ᠮᠢᠨᠦ ᠪᠤᠭᠤᠷᠤᠯ᠂ ᠦᠨᠡᠬᠡᠷ ᠦᠵᠡᠰᠬᠦᠯᠡᠩ ᠲᠡᠭᠦᠯᠳᠡᠷ ᠡᠪᠦᠭᠡᠨ ᠪᠦᠷᠭᠦᠳ ᠭᠡᠬᠦ ᠪᠣᠯᠪᠠᠴᠤ ᠳᠣᠲᠣᠷ᠎ᠠ ᠪᠠᠨ᠄《ᠡᠨᠡ ᠮᠠᠭᠤᠬᠠᠢ ᠡᠪᠦᠭᠡᠨ ᠴᠢᠳᠬᠥᠷ ᠥᠨᠥᠳᠥᠷ ᠪᠠᠰᠠ ᠯᠠ ᠠᠮᠢᠳᠤ᠂ ᠪᠠᠰᠠ ᠯᠠ ᠡᠷᠡᠭᠦᠯ᠂ ᠬᠡᠵᠢᠶ᠎ᠡ ᠴᠢ ᠡᠨᠡ ᠶᠢᠷᠲᠢᠨᠴᠦ ᠡᠴᠡ ᠲᠣᠨᠢᠯᠬᠤ ᠶᠤᠮ ᠪᠣᠯ?》 ᠭᠡᠵᠦ ᠪᠣᠳᠣᠨ ᠭᠣᠣᠯ ᠬᠠᠷᠠᠯᠠᠨ᠎ᠠ᠃ 

         ᠦᠰᠦᠭ ᠠᠮᠢᠯᠠᠭᠤᠯᠤᠭᠰᠠᠨ ᠨᠢ᠄ ᠳᠠᠪᠰᠢᠯᠲᠦ