ᠮᠣᠩᠭᠣᠯ ᠬᠠᠷᠠᠴᠠ- ᠥᠯᠵᠡᠢMongol kharts-ÖlziiМонгол харц-Өлзий ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠠᠷᠠᠴᠠ- ᠥᠯᠵᠡᠢMongol kharts-ÖlziiМонгол харц-Өлзий

ᠮᠣᠩᠭᠣᠯ ᠬᠠᠷᠠᠴᠠ- ᠥᠯᠵᠡᠢMongol kharts-ÖlziiМонгол харц-Өлзий

2025-11-10

398

ᠮᠣᠩᠭᠣᠯ ᠬᠠᠷᠠᠴᠠ

   ᠵᠣᠬᠢᠶᠠᠭᠴᠢ᠄ ᠥᠯᠵᠡᠢ 
ᠲᠦᠮᠡᠨ ᠦ᠌ ᠳᠤᠮᠳᠠ ᠠ᠋ᠴᠠ ᠡᠭᠡᠯᠢᠲᠡᠢ ᠬᠠᠷᠠᠭᠳᠠᠳᠠᠭ 
— ᠮᠠᠨ ᠤ᠋ ᠮᠣᠩᠭᠣᠯ ᠬᠠᠷᠠᠴᠠ 
ᠲᠥᠭᠡᠷᠢᠭᠰᠡᠨ ᠬᠥᠮᠦᠨ ᠳ᠋ᠦ᠍ ᠲᠤᠰᠠ ᠬᠦᠷᠭᠡᠳᠡᠭ 
—ᠮᠠᠨ ᠤ᠋ ᠮᠣᠩᠭᠣᠯ ᠵᠠᠩ 
ᠥᠷᠥᠭᠡᠯ ᠢ᠋ ᠥᠪᠡᠷ ᠡᠴᠡ ᠪᠡᠨ ᠢᠯᠡᠭᠦᠦ ᠰᠠᠨᠠᠳᠠᠭ 
—ᠮᠠᠨ ᠤ᠋ ᠮᠣᠩᠭᠣᠯ ᠰᠡᠳᠬᠢᠯ 
ᠦᠨᠡᠨ ᠦ᠌ ᠲᠥᠯᠥᠭᠡ ᠠᠮᠢ ᠪᠠᠨ ᠬᠥᠭᠡᠭᠡᠳᠡᠭ 
—ᠮᠠᠨ ᠤ᠋ ᠮᠣᠩᠭᠣᠯ ᠵᠣᠷᠢᠭ 
ᠬᠠᠷᠠᠬᠤ ᠠ᠋ᠴᠠ ᠬᠠᠮᠤᠭ ᠠ᠋ᠴᠠ ᠬᠠᠯᠠᠭᠤᠬᠠᠨ 
—ᠮᠠᠨ ᠤ᠋ ᠮᠣᠩᠭᠣᠯ ᠵᠢᠰᠦ
ᠬᠠᠵᠠᠢᠬᠤ ᠳ᠋ᠤ᠌ ᠨᠢ ᠲᠦᠰᠢᠵᠦ ᠲᠤᠯᠳᠠᠭ
—ᠮᠠᠨ ᠤ᠋ ᠮᠣᠩᠭᠣᠯ  ᠠᠷᠠᠨᠰᠢᠨ 
ᠪᠦᠳᠦᠷᠢᠬᠦ ᠳ᠋ᠦ᠍ ᠨᠢ ᠪᠤᠰᠬᠠᠵᠤ ᠥᠭᠳᠡᠭ
—ᠮᠠᠨ ᠤ᠋ ᠮᠣᠩᠭᠣᠯ ᠵᠠᠩᠰᠢᠯ
ᠪᠦᠬᠦᠨ ᠦ᠌ ᠳᠤᠮᠳᠠ ᠠ᠋ᠴᠠ ᠬᠠᠮᠤᠭ ᠤ᠋ᠨ ᠳᠣᠲᠣᠨᠣ
—ᠮᠠᠨ ᠤ᠋ ᠮᠣᠩᠭᠣᠯ ᠳᠦᠷᠢ
ᠠᠯᠤᠰ ᠤ᠋ᠨ ᠵᠣᠴᠢᠨ ᠢ᠋ᠶ᠋ᠠᠨ ᠬᠠᠳᠠᠭ ᠢ᠋ᠶ᠋ᠠᠷ ᠤᠭᠲᠤᠳᠠᠭ
—ᠮᠠᠨ ᠤ᠋ ᠮᠣᠩᠭᠣᠯ ᠶᠣᠰᠣ
ᠠᠨᠳᠠ ᠶ᠋ᠢᠨ ᠵᠢᠷᠤᠮ ᠢ᠋ ᠴᠢᠰᠤ ᠪᠠᠷ ᠲᠠᠨᠢᠭᠤᠯᠳᠠᠭ
—ᠮᠠᠨ ᠤ᠋ ᠮᠣᠩᠭᠣᠯ ᠵᠢᠷᠤᠮ
ᠠᠶᠠᠯᠭᠤ ᠳᠠᠭᠤᠨ ᠢ᠋ᠶ᠋ᠠᠷ ᠢ᠋ᠶ᠋ᠠᠨ ᠰᠡᠳᠬᠢᠯ ᠢ᠋ᠶ᠋ᠡᠨ ᠢᠯᠡᠳᠬᠡᠳᠡᠭ
—ᠮᠠᠨ ᠤ᠋ ᠮᠣᠩᠭᠣᠯ ᠨᠠᠢᠷ
ᠠᠭᠲᠠ ᠬᠦᠯᠦᠭ ᠢ᠋ᠶ᠋ᠡᠨ ᠠᠮᠢ ᠲᠠᠢ ᠪᠠᠨ ᠬᠣᠯᠪᠣᠳᠠᠭ
—ᠮᠠᠨ ᠤ᠋ ᠮᠣᠩᠭᠣᠯ ᠠᠮᠢᠳᠤᠷᠠᠯ
ᠳᠠᠨᠠᠨ ᠴᠠᠭᠠᠨ ᠭᠡᠷ ᠲᠦ᠍ ᠪᠡᠨ ᠵᠢᠷᠭᠠᠳᠠᠭ
—ᠮᠠᠨ ᠤ᠋ ᠮᠣᠩᠭᠣᠯ ᠬᠥᠳᠡᠭᠡ
ᠲᠠᠯ᠎ᠠ ᠶ᠋ᠢᠨ ᠭᠦᠨ ᠳ᠋ᠦ᠍ ᠬᠢᠯᠢ ᠪᠡᠨ ᠬᠠᠮᠠᠭᠠᠯᠠᠳᠠᠭ
—ᠮᠠᠨ ᠤ᠋ ᠮᠣᠩᠭᠣᠯ ᠵᠢᠳᠬᠦᠯ
ᠰᠦᠷᠦᠭ ᠦ᠋ᠨ ᠢ᠋ᠶ᠋ᠡᠨ ᠠᠭᠤᠵᠢᠮ ᠳ᠋ᠤ᠌ ᠰᠡᠳᠬᠢᠯ ᠪᠠᠶᠠᠰᠳᠠᠭ
—ᠮᠠᠨ ᠤ᠋ ᠮᠣᠩᠭᠣᠯ ᠵᠠᠶᠠᠭ᠎ᠠ
ᠰᠥᠨᠢ ᠶ᠋ᠢᠨ ᠣᠳᠣ ᠪᠠᠷ ᠨᠠᠢᠵᠠ ᠪᠠᠨ ᠪᠣᠯᠭᠠᠳᠠᠭ
—ᠮᠠᠨ ᠤ᠋ ᠮᠣᠩᠭᠣᠯ ᠪᠠᠶᠠᠰᠤᠯ
ᠦᠰᠦᠭ ᠠᠮᠢᠯᠠᠭᠤᠯᠤᠭᠰᠠᠨ ᠨᠢ᠄  ᠴᠢ᠊ · ᠤᠷᠠᠨᠴᠡᠴᠡᠭ