ᠰᠣᠷᠭᠣᠭ ᠰᠠᠢᠬᠠᠨ ᠮᠣᠩᠭᠣᠯ ᠬᠡᠯᠡ ᠰᠣᠳᠣ ᠦᠨᠳᠦᠰᠦᠲᠡᠨ ᠦ᠌ ᠮᠢᠨᠢ ᠳᠠᠷᠬᠠᠨ ᠬᠡᠯᠡ ᠪᠤᠤᠬᠢᠶ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠣᠷᠭᠣᠭ ᠰᠠᠢᠬᠠᠨ ᠮᠣᠩᠭᠣᠯ ᠬᠡᠯᠡ ᠰᠣᠳᠣ ᠦᠨᠳᠦᠰᠦᠲᠡᠨ ᠦ᠌ ᠮᠢᠨᠢ ᠳᠠᠷᠬᠠᠨ ᠬᠡᠯᠡ

ᠰᠣᠷᠭᠣᠭ ᠰᠠᠢᠬᠠᠨ ᠮᠣᠩᠭᠣᠯ ᠬᠡᠯᠡ ᠰᠣᠳᠣ ᠦᠨᠳᠦᠰᠦᠲᠡᠨ ᠦ᠌ ᠮᠢᠨᠢ ᠳᠠᠷᠬᠠᠨ ᠬᠡᠯᠡ

ᠠᠩᠭᠢᠯᠠᠯ:ᠪᠤᠤᠬᠢᠶ᠎ᠠ
2025-11-10

253

ᠰᠣᠷᠭᠣᠭ ᠰᠠᠢᠬᠠᠨ ᠮᠣᠩᠭᠣᠯ ᠬᠡᠯᠡ ᠰᠣᠳᠣ ᠦᠨᠳᠦᠰᠦᠲᠡᠨ ᠦ᠌ ᠮᠢᠨᠢ ᠳᠠᠷᠬᠠᠨ ᠬᠡᠯᠡ


1. ᠨᠠᠷᠠᠩᠭᠤᠸ᠎ᠠ 
ᠲᠥᠷᠥᠬᠦ ᠳ᠋ᠦ᠍ ᠪᠡᠨ ᠮᠣᠩᠭᠣᠯ ᠪᠣᠯᠬᠤ ᠶ᠋ᠢ ᠮᠥᠩᠬᠡ ᠲᠡᠭᠷᠢ ᠶ᠋ᠢᠨ ᠰᠤᠳᠤᠷ ᠮᠡᠳᠡᠨ᠎ᠡ᠃
ᠲᠡᠭᠦᠨ ᠦ᠌ ᠳᠠᠷᠠᠭ᠎ᠠ ᠬᠡᠨ ᠪᠣᠯᠬᠤ ᠶ᠋ᠢ ᠮᠥᠷᠦᠨ ᠳᠡᠭᠡᠷᠡᠬᠢ ᠲᠣᠯᠣᠭᠠᠢ ᠮᠡᠳᠡᠨ᠎ᠡ᠃
2. ᠰᠢᠵᠢᠷᠮᠠᠨᠲᠤᠯ᠎ᠠ 
ᠲᠥᠷᠥᠬᠦ ᠳ᠋ᠦ᠍ ᠪᠡᠨ ᠮᠣᠩᠭᠣᠯ ᠪᠣᠯᠬᠤ ᠶ᠋ᠢ ᠮᠥᠩᠬᠡ ᠲᠩᠷᠢ ᠶ᠋ᠢᠨ ᠰᠤᠳᠤᠷ ᠮᠡᠳᠡᠨ᠎ᠡ᠃
ᠲᠡᠭᠦᠨ ᠦ᠌ ᠳᠠᠷᠠᠭ᠎ᠠ ᠬᠡᠨ ᠪᠣᠯᠬᠤ ᠶ᠋ᠢ ᠮᠥᠷᠦᠨ ᠳᠡᠭᠡᠷᠡᠬᠢ ᠲᠣᠯᠣᠭᠠᠢ ᠮᠡᠳᠡᠨ᠎ᠡ᠃
3. ᠴᠢᠮᠡᠭ 
ᠲᠥᠷᠬᠦ ᠳ᠋ᠡᠭᠡᠨ ᠮᠣᠩᠭᠣᠯ ᠪᠣᠯᠬᠤ ᠶ᠋ᠢ ᠮᠥᠩᠬᠡ ᠲᠩᠷᠢ ᠶ᠋ᠢᠨ ᠰᠤᠳᠤᠷ ᠮᠡᠳᠡᠨ᠎ᠡ᠃
ᠲᠡᠭᠦᠨ ᠦ᠌ ᠳᠠᠷᠠᠭ᠎ᠠ ᠬᠡᠨ ᠪᠣᠯᠬᠤ ᠶ᠋ᠢ ᠮᠥᠷᠡᠨ ᠳᠡᠭᠡᠷᠡᠬᠢ ᠲᠣᠯᠣᠭᠠᠢ ᠮᠡᠳᠡᠨ᠎ᠡ᠃
4. ᠣᠶᠤᠨᠴᠢᠮᠡᠭ 
ᠳᠡᠭᠡᠳᠦ ᠶ᠋ᠢᠨ ᠰᠠᠢᠬᠠᠨ ᠡᠵᠡᠨ ᠪᠣᠭᠳᠠ 
ᠳᠤᠷᠠᠰᠬᠤ ᠶ᠋ᠢᠨ ᠰᠠᠢᠬᠠᠨ ᠡᠬᠡ ᠣᠷᠣᠨ 
ᠠᠴᠢᠯᠠᠬᠤ ᠶ᠋ᠢᠨ ᠰᠠᠢᠬᠠᠨ ᠬᠣᠶᠠᠷ ᠪᠤᠭᠤᠷᠠᠯ 
ᠬᠥᠮᠦᠨ ᠦ᠌ ᠰᠠᠢᠬᠠᠨ ᠮᠣᠩᠭᠣᠯ ᠲᠦᠮᠡᠨ 
ᠠᠶᠠᠯᠭᠤ ᠶ᠋ᠢᠨ ᠰᠠᠢᠬᠠᠨ ᠮᠣᠷᠢᠨ ᠬᠤᠭᠤᠷ 
ᠬᠦᠰᠡᠯ ᠦ᠋ᠨ ᠰᠠᠢᠬᠠᠨ ᠮᠣᠩᠭᠣᠯ ᠰᠣᠶᠣᠯ 
ᠬᠠᠨᠢᠯᠠᠬᠤ ᠶ᠋ᠢᠨ ᠰᠠᠢᠬᠠᠨ ᠮᠣᠩᠭᠣᠯ ᠠᠨᠳᠠ 
ᠬᠠᠢᠷᠠᠯᠠᠬᠤ ᠶ᠋ᠢᠨ ᠰᠠᠢᠬᠠᠨ ᠮᠣᠩᠭᠣᠯ ᠦᠭᠡᠰ ᠃
5. ᠮᠡᠷᠭᠡᠨᠪᠢᠯᠢᠭ
ᠠᠷᠢᠭᠤᠨ ᠴᠡᠪᠡᠷ ᠰᠡᠳᠬᠢᠯ ᠦ᠋ᠨ ᠤᠭ ᠠ᠋ᠴᠠ ᠡᠭᠦᠰᠦᠭᠰᠡᠨ ᠬᠦᠰᠡᠯ ᠡᠷᠡᠮᠡᠯᠵᠡᠯ ᠪᠣᠯ ᠪᠡᠶᠡᠯᠡᠭᠳᠡᠭᠰᠡᠨ ᠥᠬᠡᠢ᠂
ᠵᠣᠷᠢᠯᠭ᠎ᠠ ᠳ᠋ᠠᠭᠠᠨ ᠬᠦᠷᠴᠦ ᠴᠢᠳᠠᠭᠰᠠᠨ ᠦᠭᠡᠢ ᠴᠦ᠍ ᠭᠡᠰᠡᠨ ᠡᠴᠦᠰ ᠲᠦ᠍ ᠪᠡᠨ ᠮᠠᠰᠢ ᠶᠡᠬᠡ ᠰᠠᠢᠨ ᠲᠠᠯ᠎ᠠ ᠶ᠋ᠢ ᠠᠪᠴᠢᠷᠠᠳᠠᠭ᠃
6. ᠰᠢᠵᠢᠷᠮᠠᠨᠲᠤᠯ᠎ᠠ
ᠠᠷᠢᠭᠤᠨ ᠴᠡᠪᠡᠷ ᠰᠡᠳᠬᠢᠯ ᠦ᠋ᠨ ᠤᠭ ᠠ᠋ᠴᠠ ᠡᠭᠦᠰᠦᠭᠰᠡᠨ ᠬᠦᠰᠡᠯ ᠡᠷᠡᠮᠡᠯᠵᠡᠯ ᠪᠣᠯ ᠪᠡᠶᠡᠯᠡᠭᠳᠡᠭᠰᠡᠨ ᠥᠬᠡᠢ ᠂
ᠵᠣᠷᠢᠯᠭ᠎ᠠ ᠳ᠋ᠠᠭᠠᠨ ᠬᠦᠷᠴᠦ ᠴᠢᠳᠠᠭᠰᠠᠨ ᠦᠭᠡᠢ ᠴᠦ᠍ ᠭᠡᠰᠡᠨ ᠡᠴᠦᠰ ᠲᠦ᠍ ᠪᠡᠨ ᠮᠠᠰᠢ ᠶᠡᠬᠡ ᠰᠠᠢᠨ ᠲᠠᠯ᠎ᠠ ᠶ᠋ᠢ ᠠᠪᠴᠢᠷᠠᠳᠠᠭ᠃
7. ᠰᠢᠵᠢᠷᠮᠠᠨᠲᠤᠯ᠎ᠠ
ᠡᠵᠢ ᠶ᠋ᠢᠨ ᠮᠢᠨᠢ ᠴᠡᠩᠬᠡᠷ ᠠᠯᠴᠢᠭᠤᠷ ᠡᠨᠡᠷᠢᠯ ᠰᠢᠩᠭᠡᠭᠰᠡᠨ ᠬᠠᠳᠠᠭ ᠤᠤ ᠳᠠ
ᠡᠷᠬᠡ ᠬᠣᠩᠭᠣᠷ ᠬᠦᠦ ᠶ᠋ᠢᠨ ᠴᠢᠨᠢ ᠡᠷᠢᠯ ᠦ᠋ᠨ ᠴᠡᠩᠬᠡᠷ ᠬᠦᠰᠡᠯ ᠪᠠᠢᠨ᠎ᠠ
ᠰᠠᠯᠤᠭᠠᠳ ᠠᠯᠤᠰ ᠮᠣᠷᠳᠠᠬᠤ ᠳ᠋ᠤ᠌ ᠮᠢᠨᠢ ᠰᠠᠷᠠᠪᠴᠢᠯᠠᠭᠠᠳ ᠬᠣᠴᠣᠷᠤᠭᠰᠠᠨ ᠡᠵᠢ ᠮᠢᠨᠢ
ᠰᠠᠢᠬᠠᠨ ᠴᠡᠩᠬᠡᠷ ᠠᠯᠴᠢᠭᠤᠷ ᠨᠢ ᠨᠠᠮ᠎ᠠ ᠶ᠋ᠢ ᠳᠠᠯᠠᠯᠤᠭᠠᠳ ᠡᠷᠭᠢᠭᠡ ᠤᠤ
ᠡᠵᠢ ᠶ᠋ᠢᠨ ᠮᠢᠨᠢ ᠴᠡᠩᠬᠡᠷ ᠠᠯᠴᠢᠭᠤᠷ ᠡᠨᠡᠷᠢᠯ ᠰᠢᠩᠭᠡᠭᠰᠡᠨ ᠬᠠᠳᠠᠭ ᠤᠤ ᠳᠠ
ᠡᠷᠬᠡ ᠬᠣᠩᠭᠣᠷ ᠬᠦᠦ ᠶ᠋ᠢᠨ ᠴᠢᠨᠢ ᠡᠷᠢᠯ ᠦ᠋ᠨ ᠴᠡᠩᠬᠡᠷ ᠬᠦᠰᠡᠯ ᠪᠠᠢᠨ᠎ᠠ
8. ᠡᠣᠶᠤᠨ
ᠬᠡᠷᠪᠡ ᠴᠢ ᠥᠪᠡᠷ ᠢ᠋ᠶ᠋ᠡᠨ ᠥᠪᠡᠷ ᠢ᠋ ᠪᠡᠨ ᠠᠯᠪᠠᠳᠠᠵᠤ ᠥᠪᠡᠷ ᠲᠦ᠍ ᠪᠡᠨ ᠱᠠᠭᠠᠷᠳᠠᠯᠭ᠎ᠠ ᠲᠠᠯᠪᠢᠬᠤ ᠦᠭᠡᠢ ᠶᠦᠮ ᠪᠣᠯ ᠵᠠᠭᠤᠨ ᠪᠠᠭᠰᠢ ᠪᠠᠢᠭᠠᠳ ᠴᠤ᠌ ᠲᠤᠰᠠ ᠪᠣᠯᠵᠤ ᠴᠢᠳᠠᠬᠤ ᠦᠭᠡᠢ᠃
9. ᠵᠢᠷᠠᠨᠲᠠᠢ
ᠦᠯᠡᠮᠵᠢ ᠶ᠋ᠢᠨ ᠰᠠᠢᠬᠠᠨ ᠬᠣᠷᠸ᠎ᠠ ᠳ᠋ᠤ᠌ ᠲᠡᠭᠡᠭᠡᠵᠦ ᠲᠥᠷᠥᠭᠦᠯᠦᠭᠰᠡᠨ ᠡᠵᠢ ᠪᠡᠨ
ᠦᠰᠦ ᠮᠢᠨᠢ ᠪᠤᠭᠤᠷᠤᠯ ᠪᠣᠯᠬᠤ ᠳ᠋ᠤ᠌ ᠦᠶ᠎ᠡ ᠦᠶ᠎ᠡ ᠯᠡ ᠪᠣᠳᠣᠬᠤ ᠶᠤᠮ
ᠦᠷ ᠦ᠋ᠨ ᠴᠠᠭᠠᠨ ᠭᠡᠭᠡ ᠲᠡᠢ ᠤᠷᠢᠲᠠᠵᠤ ᠵᠣᠯᠭᠠᠬᠤ ᠡᠩᠭᠡᠷ ᠲᠦ᠍
ᠦᠯᠡᠳᠡᠭᠡᠳ ᠬᠣᠴᠣᠷᠤᠭᠰᠠᠨ ᠡᠵᠢ ᠪᠡᠨ ᠪᠠᠢᠨ ᠪᠠᠢᠨ ᠰᠠᠨᠠᠬᠤ ᠶᠤᠮ᠃
10. ᠣᠶᠤᠨᠴᠢᠮᠡᠭ
ᠮᠥᠩᠭᠥ ᠰᠢᠭ ᠴᠠᠢᠯᠭᠠᠨ ᠰᠡᠳᠬᠢᠯ ᠲᠡᠢ
ᠮᠥᠷᠡᠨ ᠰᠢᠭ ᠳᠡᠯᠭᠡᠷ ᠮᠡᠳᠡᠯᠭᠡ ᠲᠡᠢ
ᠮᠥᠴᠢᠷ ᠰᠢᠭ ᠠᠷᠢᠭᠤᠨ ᠬᠦᠰᠡᠯᠡᠩ ᠲᠡᠢ
ᠮᠥᠩᠬᠡᠲᠡ ᠮᠠᠨᠳᠤᠬᠤ ᠮᠣᠩᠭᠣᠯᠴᠤᠳ
ᠲᠦᠮᠡ ᠪᠤᠮᠠᠨ ᠡᠷᠳᠡᠨᠢ ᠶ᠋ᠢᠨ ᠣᠨᠢᠰᠣ ᠶ᠋ᠢ
ᠲᠥᠷᠥᠯᠬᠢ ᠬᠡᠯᠡ ᠪᠡᠷ ᠢ᠋ᠶ᠋ᠡᠨ ᠨᠡᠭᠡᠭᠡᠭᠰᠡᠨ ᠶᠦᠮ
ᠲᠡᠦᠬᠡ ᠱᠠᠰᠲᠢᠷ ᠤ᠋ᠨ ᠠᠯᠲᠠᠨ ᠲᠣᠪᠴᠢᠶ᠎ᠠ ᠶ᠋ᠢ
ᠲᠥᠷᠥᠯᠬᠢ ᠬᠡᠯᠡ ᠪᠡᠷ ᠢ᠋ᠶ᠋ᠡᠨ ᠪᠢᠴᠢᠭᠯᠡᠭᠰᠡᠨ ᠶᠦᠮ᠃
11. ᠡᠣᠶᠤᠨ
ᠥᠰᠬᠦ ᠶ᠋ᠢᠨ ᠴᠠᠭ ᠲᠤ᠌ ᠰᠢᠬᠢᠷ ᠰᠢᠭ ᠦᠭᠡ ᠶ᠋ᠢ
ᠥᠲᠡᠯᠬᠦ ᠶ᠋ᠢᠨ ᠴᠠᠭ ᠲᠤ᠌ ᠲᠠᠶᠠᠭ ᠰᠢᠭ᠋ ᠦᠭᠡ ᠶ᠋ᠢ
ᠥᠯᠥᠰᠬᠦ ᠶ᠋ᠢᠨ ᠴᠠᠭ ᠲᠤ᠌ ᠬᠣᠭᠣᠯᠠ ᠰᠢᠭ᠋ ᠦᠭᠡ ᠶ᠋ᠢ
ᠡᠪᠡᠳᠬᠦ ᠶ᠋ᠢᠨ ᠴᠠᠭ ᠲᠤ᠌ ᠡᠮ ᠰᠢᠭ ᠦᠭᠡ ᠶ᠋ᠢ
ᠠᠯᠤᠰ ᠶᠠᠪᠤᠬᠤ ᠳ᠋ᠤ᠌ ᠤᠨᠤᠭ᠎ᠠ ᠰᠢᠭ᠋ ᠦᠭᠡ ᠶ᠋ᠢ
ᠠᠶᠤᠬᠤ ᠶ᠋ᠢᠨ ᠴᠠᠭ ᠲᠤ᠌ ᠵᠡᠪᠰᠡᠭ ᠰᠢᠭ ᠦᠭᠡ ᠶ᠋ᠢ
ᠶᠠᠳᠠᠷᠠᠬᠤ ᠶ᠋ᠢᠨ ᠴᠠᠭ ᠲᠤ᠌ ᠶᠠᠩᠴᠢᠶᠠᠨ ᠰᠢᠭ᠋ ᠦᠭᠡ ᠶ᠋ᠢ
ᠶᠠᠮᠪᠠᠯᠠᠬᠤ ᠶ᠋ᠢᠨ ᠴᠠᠭ ᠲᠤ᠌ ᠲᠡᠷᠭᠡ ᠰᠢᠭ ᠦᠭᠡ ᠶ᠋ᠢ
ᠳᠡᠪᠡᠯ ᠣᠯᠳᠠᠬᠤ ᠳ᠋ᠤ᠌ ᠬᠥᠨᠵᠢᠯᠡ ᠪᠣᠯᠬᠤ ᠦᠭᠡ ᠶ᠋ᠢ
ᠡᠨᠡ ᠭᠠᠭᠴᠠ ᠨᠠᠰᠤᠨ ᠳ᠋ᠤ᠌ ᠮᠢᠨᠢ ᠡᠵᠢ ᠠᠪᠤ ᠬᠡᠯᠡᠳᠡᠭ ᠶᠦᠮ ᠪᠠᠢᠨ᠎ᠠ
ᠡᠷ᠎ᠡ ᠭᠠᠭᠴᠠ ᠪᠠᠶᠠᠨ ᠳ᠋ᠤ᠌ ᠮᠢᠨᠢ ᠬᠠᠷᠢᠨ ᠡᠬᠡᠨᠡᠷ ᠬᠥᠮᠦᠨ ᠬᠡᠯᠡᠳᠡᠭ ᠶᠦᠮ ᠪᠠᠢᠨ᠎ᠠ᠃
12.ᠠᠯᠲᠠᠨᠴᠢᠮᠡᠭ
ᠢᠩᠭᠡᠨ ᠬᠠᠪᠲᠠᠭᠠᠢ ᠶ᠋ᠢᠨ ᠰᠦ ᠪᠡᠷ ᠴᠠᠢ ᠰᠦᠯᠡᠵᠦ ᠤᠤᠭᠤᠯᠭᠠᠭ᠎ᠠ ᠦᠭᠡᠢ ᠪᠣᠯᠬᠣᠷ
ᠡᠵᠢ ᠶ᠋ᠢᠨ ᠢ᠋ᠶ᠋ᠡᠨ ᠠᠴᠢ ᠶ᠋ᠢ ᠪᠢ ᠶᠠᠭᠤ ᠪᠠᠷ ᠴᠦ᠍ ᠬᠠᠷᠢᠭᠤᠯᠤᠭᠰᠠᠨ ᠭᠡᠬᠦᠪ ᠳᠧ
ᠦᠷ ᠦ᠋ᠨ ᠴᠠᠭᠠᠨ ᠭᠡᠭᠡ ᠲᠡᠢ ᠤᠷᠢᠲᠠᠵᠤ ᠵᠣᠯᠭᠠᠬᠤ ᠡᠩᠭᠡᠷ ᠲᠦ᠍
ᠦᠯᠡᠳᠡᠵᠦ ᠬᠣᠴᠣᠷᠤᠭᠰᠠᠨ ᠡᠵᠢ ᠪᠡᠨ ᠪᠠᠢᠨ ᠪᠠᠢᠨ ᠰᠠᠨᠠᠬᠤ ᠶᠤᠮ᠃
13. ᠰᠢᠵᠢᠷᠮᠠᠨᠲᠤᠯ᠎ᠠ
ᠳᠣᠷᠣᠨ᠎ᠠ ᠶ᠋ᠢᠨ ᠲᠠᠯ᠎ᠠ ᠶ᠋ᠢᠨ ᠭᠦᠨ ᠡᠴᠡ ᠤᠶᠠᠩᠭᠠᠷᠠᠭᠰᠠᠨ
ᠳᠣᠯᠣᠭᠠᠨ ᠪᠤᠷᠬᠠᠨ ᠡᠭᠡᠰᠢᠭ ᠶᠦᠮ ᠮᠢᠨᠦ ᠮᠣᠩᠭᠣᠯ ᠬᠡᠯᠡ
ᠲᠣᠭᠣᠨᠣᠲᠤ ᠭᠡᠷ ᠦ᠋ᠨ ᠬᠣᠢᠮᠣᠷ ᠲᠤ᠌ ᠳᠡᠭᠡᠳᠦᠯᠡᠭᠰᠡᠨ
ᠳᠣᠮᠣᠭ ᠲᠡᠦᠬᠡ ᠶ᠋ᠢᠨ ᠥᠪ ᠶᠦᠮ ᠮᠢᠨᠦ ᠮᠣᠩᠭᠣᠯ ᠬᠡᠯᠡ
ᠣᠷᠴᠢᠯᠠᠩ ᠬᠣᠷᠸ᠎ᠠ ᠶ᠋ᠢ ᠪᠦᠪᠡᠢᠯᠡᠨ ᠤᠶᠠᠰᠬᠠᠭᠰᠠᠨ
ᠤᠶᠠᠨ ᠲᠤᠩᠭᠠᠯᠠᠭ ᠠᠶᠠᠯᠭᠤ ᠶᠤᠮ ᠮᠢᠨᠦ ᠮᠣᠩᠭᠣᠯ ᠬᠡᠯᠡ
ᠣᠯᠠᠨ ᠵᠠᠭᠤᠨ ᠢ᠋ᠶ᠋ᠠᠷ ᠣᠴᠢᠯᠠᠨ ᠪᠠᠳᠠᠷᠠᠭᠰᠠᠨ
ᠤᠳᠤᠮ ᠤ᠋ᠨ ᠣᠶᠤᠨ ᠴᠠᠬᠢᠭᠤᠷ ᠶᠤᠮ ᠮᠢᠨᠦ ᠮᠣᠩᠭᠣᠯ ᠬᠡᠯᠡ᠃
14.ᠡᠷᠳᠡᠨᠢᠴᠡᠴᠡᠭ
ᠰᠣᠷᠭᠣᠭ ᠰᠠᠢᠬᠠᠨ ᠮᠣᠩᠭᠣᠯ ᠬᠡᠯᠡ
ᠰᠣᠳᠣ ᠦᠨᠳᠦᠰᠦᠲᠡᠨ ᠦ᠌ ᠮᠢᠨᠢ ᠳᠠᠷᠬᠠᠨ ᠬᠡᠯᠡ ᠠ᠋
ᠰᠣᠶᠣᠯ ᠤ᠋ᠨ ᠬᠦᠷᠢᠶᠡᠯᠡᠩ ᠳ᠋ᠦ᠍ ᠳᠤᠷᠠᠰᠬᠠᠯ ᠲᠠᠢ ᠬᠡᠯᠡ
ᠰᠣᠩᠭᠣᠳᠠᠭ ᠵᠣᠬᠢᠶᠠᠯ ᠤ᠋ᠨ ᠥᠪ ᠲᠡᠢ ᠬᠡᠯᠡ ᠠ᠋
ᠡᠯᠪᠡᠭ ᠢ᠋ᠶ᠋ᠡᠨ ᠳᠡᠯᠡᠬᠡᠢ ᠳ᠋ᠦ᠍ ᠭᠠᠢᠬᠠᠭᠤᠯᠤᠭᠰᠠᠨ
ᠡᠷᠳᠡᠮ ᠢ᠋ᠶ᠋ᠡᠨ ᠳᠠᠶᠠᠩ ᠳ᠋ᠤ᠌ ᠲᠦᠭᠡᠭᠡᠭᠰᠡᠨ
ᠡᠪᠯᠡᠭᠦᠯᠵᠦ ᠣᠷᠴᠢᠭᠤᠯᠬᠤ ᠳ᠋ᠤ᠌ ᠪᠠᠭᠲᠠᠭᠠᠮᠵᠢᠲᠠᠢ
ᠡᠭᠡᠰᠢᠭᠯᠡᠵᠦ ᠤᠶᠠᠩᠭᠠᠯᠠᠬᠤ ᠳ᠋ᠤ᠌ ᠨᠠᠢᠷᠠᠮᠵᠢᠲᠠᠢ᠃
15. ᠤᠤᠭᠠᠨᠵᠢᠳ
ᠡᠮ ᠦ᠋ᠨ ᠴᠡᠴᠡᠭᠡᠰ ᠦ᠋ᠨ ᠰᠢᠭᠦᠳᠡᠷᠢ ᠳ᠋ᠦ᠍ ᠳᠠᠷᠠᠰᠤ ᠨᠡᠷᠡᠵᠦ ᠲᠠᠢᠯᠠᠭ᠎ᠠ ᠦᠭᠡᠢ ᠪᠣᠯᠬᠣᠷ
ᠡᠬᠡ ᠦᠷᠡᠰ ᠦ᠋ᠨ ᠥᠷᠢ ᠶ᠋ᠢ ᠪᠢ ᠶᠠᠭᠤ ᠪᠠᠷ ᠲᠥᠯᠥᠭᠰᠡᠨ ᠭᠡᠬᠦᠪ ᠳᠧ
ᠦᠷ ᠦ᠋ᠨ ᠴᠠᠭᠠᠨ ᠭᠡᠭᠡ ᠲᠡᠢ ᠤᠷᠢᠲᠠᠵᠤ ᠵᠣᠯᠭᠠᠬᠤ ᠡᠩᠭᠡᠷ ᠲᠦ᠍
ᠦᠯᠡᠳᠡᠵᠦ ᠬᠣᠴᠣᠷᠤᠭᠰᠠᠨ ᠡᠵᠢ ᠪᠡᠨ ᠪᠠᠢᠨ ᠪᠠᠢᠨ ᠰᠠᠨᠠᠬᠤ ᠶᠤᠮ᠃
16. ᠣᠶᠤᠨᠴᠢᠮᠡᠭ
ᠢᠷᠠᠭᠤ ᠨᠠᠢᠷᠠᠭ ᠤ᠋ᠨ ᠦᠨᠡᠲᠦ ᠬᠥᠷᠥᠩᠭᠡ
ᠢᠮᠠᠭᠲᠠ ᠰᠤᠷᠤᠯᠴᠠᠬᠤ ᠰᠠᠭᠤᠷᠢ ᠬᠢᠴᠢᠶᠡᠯ
ᠢᠯᠭᠤᠮ ᠰᠠᠢᠬᠠᠨ ᠮᠣᠩᠭᠣᠯ ᠬᠡᠯᠡ
ᠢᠯᠠᠭᠤᠭᠰᠠᠨ ᠮᠠᠨ ᠤ᠋ ᠲᠥᠷᠥᠯᠬᠢ ᠬᠡᠯᠡ ᠠ᠋
ᠪᠠᠳᠠᠷᠠᠮ᠎ᠠ ᠰᠠᠢᠬᠠᠨ ᠮᠣᠩᠭᠣᠯ ᠬᠡᠯᠡ ᠪᠡᠨ
ᠪᠠᠶᠠᠯᠢᠭᠵᠢᠭᠤᠯᠵᠤ ᠬᠥᠭᠵᠢᠭᠦᠯᠬᠦ ᠨᠢ ᠪᠢᠳᠡᠨ ᠦ᠌ ᠡᠭᠦᠷᠭᠡ
ᠪᠠᠬ᠎ᠠ ᠶ᠋ᠢ ᠲᠠᠲᠠᠭᠰᠠᠨ ᠲᠥᠷᠥᠯᠬᠢ ᠬᠡᠯᠡ ᠪᠡᠨ
ᠪᠠᠷᠢᠮᠲᠠᠯᠠᠵᠤ ᠬᠠᠮᠠᠭᠠᠯᠠᠬᠤ ᠨᠢ ᠮᠠᠨ ᠤ᠋ ᠡᠷᠬᠡ᠃
17. ᠣᠶᠤᠨ
ᠴᠢᠬᠢᠨ ᠦ᠌ ᠴᠢᠮᠡᠭ ᠪᠣᠯᠤᠭᠰᠠᠨ ᠠᠶᠠᠯᠭᠤ ᠰᠠᠢᠬᠠᠨ ᠮᠣᠩᠭᠣᠯ ᠬᠡᠯᠡ
ᠴᠢᠩ ᠵᠣᠷᠢᠭᠲᠤ ᠡᠪᠦᠭᠡᠳ ᠳᠡᠭᠡᠳᠦᠰ ᠦ᠋ᠨ ᠮᠢᠨᠢ ᠥᠪ ᠶᠡᠬᠡ ᠡᠷᠳᠡᠨᠢ
ᠰᠣᠨᠣᠰᠬᠤ ᠪᠦᠷᠢ ᠢᠷᠠᠭᠤ ᠪᠠᠶᠠᠯᠢᠭ ᠢ᠋ ᠨᠢ ᠭᠠᠢᠬᠠᠨ ᠪᠡᠶᠡᠰᠴᠦ
ᠰᠤᠤᠲᠤ ᠶᠡᠬᠡ ᠪᠢᠯᠢᠭᠲᠦ ᠲᠦᠮᠡᠨ ᠶᠦ᠍ᠭᠡᠨ ᠪᠢᠰᠢᠷᠡᠨ ᠮᠠᠭᠲᠠᠮᠤ ᠪᠢ!
18. ᠰᠢᠵᠢᠷᠮᠠᠨᠲᠤᠯ᠎ᠠ
ᠬᠠᠯᠠᠭᠤᠨ ᠡᠯᠢᠭᠡᠨ ᠳ᠋ᠦ᠍ ᠠᠰᠢᠳᠠ ᠰᠢᠩᠭᠡᠭᠰᠡᠨ
ᠬᠠᠲᠤᠨ ᠤᠬᠠᠭᠠᠨ ᠤ᠋ ᠰᠤᠷᠭᠠᠯ ᠶᠤᠮ ᠮᠢᠨᠦ ᠮᠣᠩᠭᠣᠯ ᠬᠡᠯᠡ
ᠬᠠᠨ ᠲᠩᠷᠢ ᠶ᠋ᠢᠨ ᠢᠪᠡᠭᠡᠯ ᠳ᠋ᠦ᠍ ᠵᠠᠯᠠᠭᠰᠠᠨ
ᠬᠠᠭᠠᠨ ᠤ᠋ ᠨᠡᠭᠦᠳᠡᠯ ᠦ᠋ᠨ ᠵᠢᠯᠣᠭᠣ ᠶᠤᠮ ᠮᠢᠨᠦ ᠮᠣᠩᠭᠣᠯ ᠬᠡᠯᠡ᠃
19. ᠡᠣᠶᠤᠨ
ᠤᠷᠢᠳᠤ ᠶ᠋ᠢᠨ ᠪᠡᠷᠬᠡ ᠴᠠᠭ ᠲᠤ᠌ ᠤᠯᠤᠰ ᠮᠣᠩᠭᠣᠯ ᠤ᠋ᠨ ᠬᠡᠳᠦ ᠵᠠᠶᠠᠭ᠎ᠠ ᠶ᠋ᠢ ᠤᠢᠳᠬᠠᠷᠯᠠᠨ ᠪᠣᠳᠣᠬᠤ ᠳ᠋ᠤ᠌ ᠤᠷᠮ᠎ᠠ ᠵᠣᠷᠢᠭ ᠢ᠋ ᠮᠢᠨᠢ ᠰᠡᠷᠭᠦᠭᠡᠭᠰᠡᠨ ᠥᠭᠡᠳᠡᠯᠡᠨ ᠳᠡᠭᠵᠢᠬᠦ ᠶ᠋ᠢᠨ ᠲᠡᠭᠦᠰ ᠬᠤᠪᠢ ᠲᠠᠢ ᠳ᠋ᠤ᠌ ᠠᠨᠤ ᠢᠲᠡᠭᠡᠭᠦᠯᠦᠭᠰᠡᠨ ᠥᠷᠨᠢᠨ ᠮᠠᠨᠳᠤᠬᠤ ᠶ᠋ᠢᠨ ᠰᠢᠨᠵᠢ ᠪᠦᠷᠢᠳᠦᠭᠰᠡᠨ ᠡᠪᠦᠭᠡᠳ ᠦ᠋ᠨ ᠮᠢᠨᠢ ᠬᠡᠯᠡ!
20. ᠯᠣᠭᠯᠣ
ᠲᠩᠷᠢ ᠭᠠᠵᠠᠷ ᠤ᠋ᠨ ᠳᠤᠮᠳᠠ ᠪᠣᠰᠤᠭ᠎ᠠ ᠶᠠᠪᠤᠭᠰᠠᠨ ᠮᠣᠩᠭᠣᠯ ᠲᠡᠦᠬᠡ ᠶ᠋ᠢᠨ ᠤᠷᠲᠤ ᠠᠶᠠᠨ ᠳ᠋ᠤ᠌ ᠬᠡᠢᠮᠣᠷᠢ ᠡᠷᠭᠦᠭᠰᠡᠨ ᠰᠣᠶᠣᠯ᠃
21. ᠣᠶᠤᠨᠴᠢᠮᠡᠭ
ᠠᠭᠤᠯᠠ ᠤᠰᠤ ᠨᠢ ᠬᠥᠬᠡᠷᠡᠨ ᠲᠤᠨᠤᠯᠵᠠᠭᠰᠠᠨ
ᠠᠭᠤᠳᠠᠮ ᠲᠠᠯ᠎ᠠ ᠨᠢ ᠬᠠᠯᠢᠭᠤᠷᠠᠨ ᠨᠣᠭᠣᠭᠠᠷᠠᠭᠰᠠᠨ
ᠨᠣᠭᠣᠭᠠᠨ ᠣᠢ ᠳ᠋ᠤᠨᠢ ᠬᠥᠬᠥᠭᠡ ᠳᠣᠩᠭᠣᠳᠤᠭᠰᠠᠨ
ᠨᠣᠮᠢᠨ ᠨᠠᠭᠤᠷ ᠲᠤᠨᠢ ᠠᠩᠭᠢᠷ ᠱᠤᠮᠪᠠᠭᠰᠠᠨ
ᠵᠡᠷᠭᠡᠴᠡᠭᠡ ᠬᠠᠳᠠ ᠨᠢ ᠰᠡᠬᠦᠢᠨ ᠰᠦᠨᠳᠡᠷᠯᠡᠭᠰᠡᠨ
ᠵᠢᠭᠦᠷᠲᠡᠨ ᠰᠢᠪᠠᠭᠤᠳ ᠵᠢᠷᠭᠢᠨ ᠳᠣᠩᠭᠣᠳᠤᠭᠰᠠᠨ
ᠮᠠᠨ ᠤ᠋ ᠴᠠᠬᠠᠷ ᠨᠠᠢ᠍ᠮᠠᠨ ᠬᠣᠰᠢᠭᠤ ᠴᠢᠨᠢ ᠶᠠᠭᠠᠬᠢᠭᠰᠠᠨ ᠰᠠᠢᠬᠠᠨ ᠣᠷᠣᠨ ᠶᠤᠮ ᠳᠧ ᠬᠦ᠃
22. ᠡᠷᠳᠡᠨᠢᠴᠡᠴᠡᠭ
ᠳᠠᠪᠤᠰᠤ ᠶ᠋ᠢ ᠠᠢᠯ ᠠ᠋ᠴᠠ ᠵᠢᠭᠡᠯᠡᠳᠡᠭ ᠦᠭᠡᠢ
ᠳᠠᠯᠤ ᠶ᠋ᠢ ᠭᠠᠭᠴᠠᠭᠠᠷ ᠢᠳᠡᠳᠡᠭ ᠦᠭᠡᠢ
ᠳᠠᠪᠬᠤᠷ ᠬᠥᠮᠦᠨ ᠳᠡᠭᠡᠰᠦᠨ ᠳᠡᠭᠡᠷ᠎ᠡ ᠠᠯᠬᠤᠳᠠᠭ ᠦᠭᠡᠢ᠃
23. ᠰᠢᠵᠢᠷᠮᠠᠨᠲᠤᠯ᠎ᠠ
ᠥᠭᠦᠯᠡᠬᠦ ᠶ᠋ᠢᠨ ᠢᠷᠠᠭᠤ ᠰᠣᠨᠣᠰᠬᠤᠯᠠᠩ ᠮᠣᠩᠭᠣᠯ ᠬᠡᠯᠡ ᠪᠡᠨ
ᠦᠶ᠎ᠡ ᠶ᠋ᠢᠨ ᠦᠶ᠎ᠡ ᠳ᠋ᠡᠭᠡᠨ ᠪᠢᠳᠡ ᠨᠠᠷ ᠳᠠᠭᠤᠯᠠᠵᠤ ᠯᠠ ᠶᠠᠪᠤᠨ᠎ᠠ ᠳᠠ
ᠥᠷᠨᠢᠬᠦ ᠶ᠋ᠢᠨ ᠠᠭᠤᠤ ᠪᠠᠶᠠᠰᠬᠤᠯᠠᠩ ᠮᠣᠩᠭᠣᠯ ᠬᠡᠯᠡ ᠪᠡᠨ
ᠠᠮᠢᠨ ᠵᠢᠷᠦᠬᠡ ᠰᠢᠭ ᠢ᠋ᠶ᠋ᠡᠨ ᠬᠠᠢᠷᠠᠯᠠᠵᠤ ᠶᠠᠪᠤᠨ᠎ᠠ ᠳᠠ᠃
24. ᠣᠶᠤᠨ
ᠥᠰᠬᠦ ᠡᠴᠡ ᠰᠤᠷᠤᠭᠰᠠᠨ ᠲᠥᠷᠥᠯᠬᠢ ᠬᠡᠯᠡ ᠮᠠᠷᠲᠠᠵᠤ ᠪᠣᠯᠣᠰᠢ ᠦᠭᠡᠢ ᠰᠣᠶᠣᠯ
ᠦᠬᠦᠲᠡᠯ᠎ᠡ ᠣᠷᠣᠰᠢᠬᠤ ᠲᠥᠷᠥᠯᠬᠢ ᠨᠤᠲᠤᠭ ᠰᠠᠯᠵᠤ ᠪᠣᠯᠣᠰᠢ ᠦᠭᠡᠢ ᠣᠷᠣᠨ᠃
25. ᠰᠢᠵᠢᠷᠮᠠᠨᠲᠤᠯ᠎ᠠ
ᠰᠠᠭᠠᠷᠠᠯ ᠮᠣᠷᠢᠨ ᠤ᠋ ᠵᠢᠰᠦ ᠰᠣᠯᠢᠭᠳᠠᠬᠤ ᠦᠭᠡᠢ
ᠰᠢᠷ᠎ᠠ ᠠᠯᠲᠠᠨ ᠤ᠋ ᠥᠩᠭᠡ ᠬᠤᠪᠢᠷᠠᠬᠤ ᠦᠭᠡᠢ
ᠲᠣᠯᠣᠭᠠᠢ ᠬᠠᠭᠠᠷᠠᠪᠠᠴᠤ ᠲᠣᠭᠣᠷᠴᠣᠭ ᠳᠣᠲᠣᠷ᠎ᠠ ᠪᠠᠨ
ᠲᠣᠬᠣᠢ ᠬᠤᠭᠤᠷᠠᠪᠠᠴᠤ ᠬᠠᠨᠴᠤᠢ ᠳᠣᠲᠣᠷ᠎ᠠ ᠪᠠᠨ
ᠶᠠᠩᠭᠢᠷᠴᠠᠭ ᠡᠮᠡᠭᠡᠯ ᠳ᠋ᠦ᠍ ᠲᠣᠬᠣᠮ ᠦᠭᠡᠢ
ᠶᠠᠭᠠᠷᠠᠮᠠᠲᠠᠭᠠᠢ ᠬᠥᠮᠦᠨ ᠳ᠋ᠦ᠍ ᠪᠦᠲᠦᠮᠵᠢ ᠦᠭᠡᠢ᠃
26. ᠡᠣᠶᠤᠨ
ᠰᠢᠨ᠎ᠡ ᠨᠢᠭᠡᠨ ᠰᠠᠷ᠎ᠠ ᠶ᠋ᠢᠨ ᠡᠬᠢᠯᠡᠯ—ᠠᠯᠢᠪᠠ ᠪᠦᠬᠦᠨ ᠰᠠᠢᠨ ᠰᠠᠢᠬᠠᠨ ᠵᠦᠭ ᠂
ᠰᠠᠢᠨ ᠰᠠᠨᠠᠭᠠᠨ ᠠ᠋ᠴᠠ ᠰᠦ ᠳᠤᠰᠤᠯᠠᠵᠤ ᠰᠠᠢᠨ ᠦᠭᠡᠨ ᠡᠴᠡ ᠢᠨᠢᠶᠡᠳᠦ ᠲᠣᠳᠣᠷᠠᠵᠤ
ᠰᠠᠢᠬᠠᠨ ᠢᠷᠦᠭᠡᠯ ᠡᠴᠡ ᠪᠣᠳᠣᠯ ᠰᠠᠷᠠᠭᠤᠯᠵᠢᠵᠤ ᠢᠲᠡᠭᠡᠯ ᠪᠢᠰᠢᠷᠡᠯ ᠡᠴᠡ ᠦᠨᠡᠨ ᠪᠦᠬᠦᠨ ᠤᠷᠭᠤᠨ᠎ᠠ᠃
27. ᠣᠶᠤᠨᠴᠢᠮᠡᠭ
ᠬᠡᠦᠬᠡᠳ ᠲᠦ᠍ ᠪᠢᠳᠡ ᠪᠥᠮᠪᠥᠷᠴᠡᠭ ᠢ᠋ᠶ᠋ᠡᠨ ᠥᠭᠭᠦᠶ᠎ᠡ᠃
ᠥᠭᠡᠳᠡᠯᠡᠬᠦ ᠶ᠋ᠢᠨ ᠴᠠᠭ ᠲᠤ᠌ ᠥᠪᠡᠷ ᠦ᠋ᠨ ᠴᠢᠨᠢ ᠴᠢᠨᠠᠷ ᠲᠠᠨᠢᠭᠳᠠᠨ᠎ᠠ᠂
ᠦᠳᠡᠯᠡᠬᠦ ᠶ᠋ᠢᠨ ᠴᠠᠭ ᠲᠤ᠌ ᠬᠡᠦᠬᠡᠳ ᠦ᠋ᠨ ᠴᠢᠨᠢ ᠴᠢᠨᠠᠷ ᠲᠠᠨᠢᠬᠲᠠᠨᠠ᠎ᠠ᠂
ᠡᠪᠡᠳᠬᠦ ᠶ᠋ᠢᠨ ᠴᠠᠭ ᠲᠤ᠌ ᠬᠠᠨᠢ ᠶ᠋ᠢᠨ ᠴᠢᠨᠢ ᠴᠢᠨᠠᠷ ᠲᠠᠨᠢᠭᠳᠠᠨ᠎ᠠ᠂
ᠤᠷᠤᠭᠤᠳᠠᠬᠤ ᠶ᠋ᠢᠨ ᠴᠠᠭ ᠲᠤ᠌ ᠨᠠᠢᠵᠠ ᠶ᠋ᠢᠨ ᠴᠢᠨᠢ ᠴᠢᠨᠠᠷ ᠲᠠᠨᠢᠭᠳᠠᠨ᠎ᠠ᠃
28. ᠳᠠᠯᠠᠨᠲᠠᠢ
ᠤᠴᠠᠷᠠᠯ ᠪᠦᠬᠦᠨ ᠤᠳᠬ᠎ᠠ ᠲᠠᠢ᠂ᠪᠤᠷᠬᠠᠨ ᠴᠢᠮ᠎ᠠ ᠶ᠋ᠢ ᠬᠡᠨ ᠨᠢᠭᠡᠨ ᠬᠥᠮᠦᠨ ᠲᠡᠢ ᠵᠦᠭᠡᠷ ᠤᠴᠠᠷᠠᠭᠤᠯᠤᠭᠰᠠᠨ ᠪᠢᠰᠢ᠂ ᠴᠢᠮ᠎ᠠ ᠶ᠋ᠢ ᠲᠤᠰᠠᠯᠠᠬᠤ᠂ ᠴᠢᠮ᠎ᠠ ᠶ᠋ᠢ ᠬᠠᠢᠷᠠᠯᠠᠬᠤ᠂ ᠮᠠᠭᠠᠳ ᠦᠭᠡᠢ ᠴᠢᠮ᠎ᠠ ᠶ᠋ᠢ ᠥᠭᠡᠷᠡᠴᠢᠯᠡᠬᠦ᠂ ᠥᠪᠡᠷ ᠢ᠋ ᠴᠢᠨᠢ ᠲᠠᠨᠢᠭᠤᠯᠬᠤ᠂ ᠴᠢᠮ᠎ᠠ ᠶ᠋ᠢ ᠥᠭᠡᠳᠡ ᠲᠠᠲᠠᠬᠤ᠂ ᠢᠪᠡᠭᠡᠨ ᠲᠡᠳᠬᠦᠬᠦ ᠬᠥᠮᠦᠰ ᠢ᠋ ᠢᠯᠡᠭᠡᠭᠰᠡᠨ᠃
29. ᠰᠢᠵᠢᠷᠮᠠᠨᠲᠤᠯ᠎ᠠ
ᠪᠠᠩᠵᠠᠯ ᠡᠮᠦᠰᠦᠭᠰᠡᠨ ᠢ᠋ᠶ᠋ᠡᠷ ᠳᠤᠯᠠᠭᠠᠨ ᠪᠣᠯᠳᠠᠭ ᠦᠭᠡᠢ
ᠪᠠᠷᠳᠠᠮ ᠬᠡᠯᠡᠭᠰᠡᠨ ᠢ᠋ᠶ᠋ᠡᠷ ᠪᠠᠭᠠᠲᠤᠷ ᠪᠣᠯᠳᠠᠭ ᠦᠭᠡᠢ
ᠰᠦᠮᠪᠦᠷ ᠠᠭᠤᠯᠠ ᠶ᠋ᠢ ᠰᠥᠭᠥᠮ ᠢ᠋ᠶ᠋ᠡᠷ ᠬᠡᠮᠵᠢᠵᠦ
ᠰᠦᠨ ᠳᠠᠯᠠᠢ ᠶ᠋ᠢ ᠰᠢᠨᠠᠭ᠎ᠠ ᠪᠠᠷ ᠶᠠᠨᠳᠠᠬᠤ᠃
30. ᠡᠣᠶᠤᠨ
ᠤᠷᠲᠤ ᠴᠠᠭᠠᠨ ᠲᠤᠭᠤᠷᠭ᠎ᠠ ᠲᠠᠢ
ᠤᠷᠠᠨ ᠲᠠᠩᠨᠠᠢ ᠬᠠᠶᠠᠭᠠᠪᠴᠢ ᠲᠠᠢ
ᠳᠠᠯᠠᠨ ᠴᠠᠭᠠᠨ ᠳᠡᠭᠡᠪᠦᠷ ᠲᠡᠢ
ᠳᠠᠷᠬᠠᠨ ᠰᠢᠷᠢᠮᠡᠯ ᠡᠭᠦᠳᠡ ᠲᠡᠢ
ᠡᠨᠡ ᠰᠠᠢᠬᠠᠨ ᠦᠷᠭᠦᠭᠡᠨ ᠳ᠋ᠦ᠍
ᠡᠭᠦᠷᠢᠳᠡ ᠶ᠋ᠢᠨ ᠵᠢᠷᠭᠠᠯ ᠪᠠᠳᠠᠷᠠᠵᠤ
ᠰᠠᠢᠨ ᠪᠦᠬᠦᠨ ᠣᠷᠣᠩᠨᠠᠵᠤ ᠰᠠᠭᠠᠷ ᠪᠦᠬᠦᠨ ᠵᠠᠢᠯᠠᠵᠤ
ᠡᠭᠦᠷᠢᠳᠡ ᠮᠥᠩᠬᠡ ᠵᠢᠷᠭᠠᠬᠤ ᠶ᠋ᠢᠨ ᠥᠯᠵᠡᠢ ᠲᠡᠢ ᠢᠷᠦᠭᠡᠯ ᠳᠡᠪᠰᠢᠭᠦᠯᠦᠶ᠎ᠡ !
31. ᠰᠢᠵᠢᠷᠮᠠᠨᠲᠤᠯ᠎ᠠ
ᠬᠦᠷᠬᠦ ᠶ᠋ᠢᠨ ᠵᠦᠭ ᠬᠦᠯᠦᠭ ᠢ᠋ᠶ᠋ᠡᠨ ᠬᠤᠷᠳᠤᠯᠠ
ᠬᠦᠰᠡᠬᠦ ᠶ᠋ᠢᠨ ᠵᠦᠭ ᠪᠢᠯᠢᠭ ᠢ᠋ᠶ᠋ᠡᠨ ᠬᠤᠷᠴᠠᠯᠠ
ᠠᠯᠤᠰ ᠤ᠋ᠨ ᠤᠰᠤ ᠤᠮᠳᠠ ᠳᠠᠷᠤᠬᠤ ᠦᠭᠡᠢ
ᠴᠢᠬᠢᠨ ᠳ᠋ᠦ᠍ ᠨᠢ ᠬᠣᠩᠬᠣ ᠵᠡᠭᠦᠯᠭᠡᠬᠦ
ᠠᠯᠳᠠᠭᠰᠠᠨ ᠵᠢᠭᠠᠰᠤ ᠶᠡᠬᠡ ᠬᠠᠷᠠᠭᠳᠠᠨ᠎ᠠ᠃
32. ᠣᠶᠤᠨᠴᠢᠮᠡᠭ
ᠠᠯᠲᠠᠨ ᠰᠢᠷᠭᠠᠯ ᠡᠯᠡᠰᠦ ᠮᠢᠨᠢ ᠠᠪᠤ ᠡᠵᠢ ᠶ᠋ᠢᠨ ᠨᠤᠲᠤᠭ
ᠠᠷᠠᠳ ᠲᠦᠮᠡᠨ ᠪᠢᠳᠡᠨ ᠦ᠌ ᠠᠰᠢᠳᠠ ᠶ᠋ᠢᠨ ᠵᠠᠶᠠᠭᠠᠭᠰᠠᠨᠨ ᠣᠷᠣᠨ
ᠡᠷᠲᠡ ᠳᠡᠭᠡᠳᠦᠰ ᠡᠪᠦᠭᠡᠳ ᠦ᠋ᠨ ᠮᠢᠨᠢ ᠶᠠᠰᠤ ᠪᠠᠨ ᠣᠷᠣᠰᠢᠭᠤᠯᠤᠭᠰᠠᠨ ᠰᠢᠷᠣᠢ
ᠡᠬᠡ ᠣᠷᠣᠨᠴᠢ ᠪᠠᠭᠠᠲᠤᠷ ᠤ᠋ᠳ ᠤ᠋ᠨ ᠴᠢᠰᠤ ᠪᠠᠨ ᠰᠢᠩᠭᠡᠭᠡᠭᠰᠡᠨ ᠭᠠᠵᠠᠷ
ᠬᠠᠪᠤᠷ ᠤ᠋ᠨ ᠳᠤᠯᠠᠭᠠᠨ ᠨᠠᠷᠠᠨ ᠳ᠋ᠤ᠌ ᠠᠷᠭᠠᠯ ᠢ᠋ᠶ᠋ᠠᠨ ᠲᠡᠭᠦᠳᠡᠭ ᠬᠣᠩᠬᠣᠷ ᠤ᠋ᠳ ᠮᠢᠨᠢ
ᠨᠠᠮᠤᠷ ᠤ᠋ᠨ ᠲᠤᠩᠭᠠᠯᠠᠭ ᠰᠠᠷᠠᠨ ᠳ᠋ᠤ᠌ ᠡᠪᠡᠰᠦ ᠪᠡᠨ ᠵᠥᠭᠡᠭᠡᠳᠡᠭ ᠵᠠᠮ ᠤ᠋ᠳ ᠮᠢᠨᠢ
ᠬᠦᠢᠲᠡᠨ ᠡᠪᠦᠯ ᠦ᠋ᠨ ᠰᠢᠭᠤᠷᠭᠠᠨ ᠳ᠋ᠤ᠌ ᠨᠥᠮᠥᠷᠢ ᠳ᠋ᠦ᠍ ᠨᠢ ᠳᠤᠯᠠᠭᠠᠴᠠᠳᠠᠭ ᠮᠠᠩᠬ᠎ᠠ ᠨᠤᠭᠤᠳ ᠮᠢᠨᠢ
ᠬᠥᠭᠵᠢᠯᠲᠦ ᠵᠤᠨ ᠤ᠋ ᠬᠠᠯᠠᠭᠤᠨ ᠰᠡᠭᠦᠳᠡᠢ ᠳ᠋ᠦ᠍ᠨᠢ ᠳᠠᠭᠤᠯᠠᠳᠠᠭ ᠮᠣᠳᠣ ᠨᠤᠭᠤᠳ ᠮᠢᠨᠢ
ᠬᠠᠳᠠᠨ ᠵᠣᠷᠢᠭᠲᠤ ᠯᠢᠭᠳᠡᠨ ᠦ᠌ ᠬᠠᠯᠠᠭᠤᠨ ᠳ᠋ᠤ᠌ ᠴᠢᠰᠤ ᠪᠠᠷ ᠢ᠋ᠶ᠋ᠠᠨ ᠬᠠᠮᠠᠭᠠᠯᠠᠭᠰᠠᠨ ᠬᠠᠢᠷᠠᠲᠤ ᠥᠯᠥᠭᠡᠢ ᠨᠤᠲᠤᠭ ᠢ᠋ᠶ᠋ᠠᠨ
ᠬᠠᠷᠭᠢᠰ ᠳᠠᠢᠰᠤᠨ ᠢ᠋ᠶ᠋ᠠᠷ ᠭᠢᠰᠬᠢᠭᠦᠯᠬᠦ ᠦᠭᠡᠢ ᠡᠬᠡ ᠣᠷᠣᠨᠴᠢ ᠪᠠᠭᠠᠲᠤᠷ ᠤ᠋ᠳ ᠤ᠋ᠨ ᠮᠢᠨᠢ
ᠡᠯᠢᠭᠡ ᠴᠡᠭᠡᠵᠢ ᠪᠡᠷ ᠢ᠋ᠶ᠋ᠡᠨ ᠬᠠᠯᠠᠬᠠᠯᠠᠭᠰᠠᠨ ᠡᠭᠡᠯᠢᠲᠡᠢ ᠰᠠᠢᠬᠠᠨ ᠨᠤᠲᠤᠭ ᠲᠤ᠌ ᠪᠠᠨ ᠡᠵᠡᠷᠬᠡᠭ ᠳᠠᠷᠤᠯᠠᠯ ᠢ᠋ ᠪᠠᠢᠯᠭᠠᠬᠤ ᠦᠭᠡᠢ᠃
33. ᠡᠷᠳᠡᠮᠲᠦ
ᠰᠢᠨ᠎ᠡ ᠰᠠᠷ᠎ᠠ ᠶ᠋ᠢᠨ ᠰᠢᠨ᠎ᠡ ᠡᠳᠦᠷ ᠦ᠋ᠨ ᠠᠮᠤᠷ ᠠᠮᠤᠭᠤᠯᠠᠩ ᠠᠢᠯᠠᠳᠬᠠᠶ᠎ᠠ!
ᠪᠤᠤᠬᠢᠶ᠎ᠠ ᠠᠵᠢᠯᠯᠠᠭ᠎ᠠ ᠳ᠋ᠠᠭᠠᠨ ᠢᠳᠡᠪᠬᠢᠲᠡᠢ ᠣᠷᠣᠯᠴᠠᠵᠤ ᠮᠣᠩᠭᠣᠯ ᠪᠢᠴᠢᠭ ᠢ᠋ᠶ᠋ᠡᠨ ᠰᠠᠢᠲᠤᠷ ᠪᠢᠴᠢᠵᠡᠭᠡᠶ᠎ᠡ!
34. ᠤᠤᠭᠠᠨᠵᠢᠳ
ᠪᠢ ᠬᠥᠳᠡᠭᠡᠨ ᠦ᠌ ᠬᠡᠦᠬᠡᠳ ᠪᠣᠯᠤᠭᠰᠠᠨ ᠳ᠋ᠤ᠌ ᠪᠠᠨ ᠬᠢᠵᠠᠭᠠᠷ ᠦᠭᠡᠢ ᠣᠮᠣᠭᠰᠢᠳᠠᠭ᠂ ᠰᠣᠶᠣᠯ ᠠ᠋ᠴᠠ ᠪᠠᠨ ᠣᠢᠷᠠᠬᠠᠨ ᠨᠤᠲᠤᠭ ᠪᠡᠯᠴᠢᠭᠡᠷ ᠲᠡᠢ᠂ ᠬᠢᠵᠠᠭᠠᠯᠠᠰᠢ ᠦᠭᠡᠢ ᠥᠪ ᠬᠥᠷᠥᠩᠭᠡ ᠲᠡᠢ᠂ ᠮᠣᠷᠢᠨ ᠤ᠋ ᠬᠠᠩᠬᠤᠯ ᠨᠢᠷᠤᠭᠤᠨ ᠳᠡᠭᠡᠷ᠎ᠡ ᠦᠨᠡᠨ ᠢ᠋ ᠲᠤᠭᠤᠯᠤᠭᠰᠠᠨ ᠡᠪᠦᠭᠡᠳ ᠳᠡᠭᠡᠳᠦᠰ ᠲᠡᠢ᠂ ᠭᠡᠬᠦ ᠳ᠋ᠦ᠍ ᠪᠡᠨ ᠣᠳᠣ ᠶ᠋ᠢᠨ ᠪᠠᠢᠳᠠᠭ ᠲᠤ᠌ ᠬᠣᠭᠣᠰᠣᠨ ᠶᠠᠷᠢᠬᠤ ᠠ᠋ᠴᠠ ᠥᠭᠡᠷ᠎ᠡ ᠶᠠᠭᠤ ᠴᠣ ᠴᠢᠳᠠᠬᠤ ᠦᠭᠡᠢ᠃
35.ᠨᠤᠮᠤᠴᠢᠨ ᠪᠢᠯᠢᠭ
ᠥᠪᠡᠷ ᠨᠤᠲᠤᠭ ᠲᠤ᠌ ᠪᠠᠢᠬᠤ ᠳ᠋ᠠᠭᠠᠨ
ᠬᠥᠮᠦᠨ ᠦ᠌ ᠬᠥᠮᠦᠨ ᠢ᠋ ᠬᠠᠢᠷᠠᠯᠠᠭᠠᠷᠠᠢ᠂
ᠬᠥᠮᠦᠨ ᠦ᠌ ᠨᠤᠲᠤᠭ ᠲᠤ᠌ ᠪᠠᠢᠬᠤ ᠳ᠋ᠠᠭᠠᠨ
ᠨᠤᠲᠤᠭ ᠤ᠋ᠨ ᠢ᠋ᠶ᠋ᠠᠨ ᠠᠯᠳᠠᠷ ᠢ᠋ ᠬᠠᠢᠷᠠᠯᠠᠭᠠᠷᠠᠢ!
36. ᠰᠡᠴᠡᠨᠪᠠᠭᠠᠲᠤᠷ
ᠲᠠᠰᠤᠷᠬᠠᠢ ᠦᠭᠡ ᠶ᠋ᠢ ᠶᠠᠷᠢᠬᠤ ᠦᠭᠡᠢ᠂
ᠲᠡᠰᠦᠷᠬᠡᠢ ᠵᠠᠮ ᠢ᠋ᠶ᠋ᠠᠷ ᠶᠠᠪᠤᠬᠤ ᠦᠭᠡᠢ᠂
ᠬᠣᠯᠠ ᠶ᠋ᠢ ᠬᠠᠷᠠᠪᠠᠯ ᠴᠡᠭᠡᠵᠢ ᠠᠭᠤᠳᠠᠮ᠂
ᠬᠣᠯᠠ ᠶ᠋ᠢ ᠪᠣᠳᠣᠪᠠᠯ ᠢᠷᠡᠭᠡᠳᠦᠢ ᠰᠠᠷᠠᠭᠤᠯ᠂
ᠬᠤᠯᠠᠴᠢᠷ ᠶᠠᠪᠤᠬᠤ ᠨᠢ ᠳᠡᠭᠡᠷ᠎ᠡ ᠳᠡᠰ ᠦ᠋ᠨ ᠬᠥᠮᠦᠨ᠂
ᠬᠣᠵᠢᠮ ᠢ᠋ᠶ᠋ᠠᠨ ᠪᠣᠳᠣᠬᠤ ᠨᠢ ᠳᠣᠲᠣᠷ ᠤᠬᠠᠭᠠᠨ ᠲᠠᠢ ᠬᠥᠮᠦᠨ᠃
37. ᠰᠢᠵᠢᠷᠮᠠᠨᠲᠤᠯ᠎ᠠ
ᠲᠥᠷᠥ ᠶ᠋ᠢᠨ ᠬᠡᠯᠬᠢᠶ᠎ᠡ ᠡᠷᠳᠡᠮ ᠮᠡᠳᠡᠯᠭᠡ
ᠲᠥᠷᠥᠯ ᠦ᠋ᠨ ᠬᠡᠯᠬᠢᠶ᠎ᠡ ᠡᠴᠢᠭᠡ ᠡᠬᠡ
ᠭᠠᠰᠢᠭᠤᠨ ᠢ᠋ ᠢᠳᠡᠪᠡᠯ ᠠᠮᠲᠠᠲᠠᠢ ᠶ᠋ᠢ ᠮᠡᠳᠡᠨ᠎ᠡ
ᠭᠠᠰᠠᠯᠠᠩ ᠢ᠋ ᠠᠮᠰᠠᠪᠠᠯ ᠵᠢᠷᠭᠠᠯ ᠢ᠋ ᠮᠡᠳᠡᠨ᠎ᠡ
ᠵᠥᠪ ᠦᠭᠡᠨ ᠳ᠋ᠦ᠍ ᠰᠤᠮᠤ ᠬᠠᠷᠢᠭᠤ ᠦᠭᠡᠢ᠃
38. ᠡᠣᠶᠤᠨ
ᠠᠮᠢᠳᠤᠷᠠᠯ ᠭᠡᠵᠦ ᠠᠬᠢᠭᠠᠳ ᠢᠷᠡᠬᠦ ᠦᠭᠡᠢ ᠪᠣᠯᠬᠣᠷ ᠥᠨᠥᠳᠥᠷ ᠢ᠋ᠶ᠋ᠡᠨ ᠬᠠᠢᠷᠠᠯᠠ
ᠠᠯᠢᠪᠠ ᠪᠦᠬᠦᠨ ᠥᠩᠭᠡᠷᠡᠨ ᠣᠳᠳᠠᠭ ᠪᠣᠯᠬᠣᠷ ᠥᠴᠥᠭᠡᠳᠦᠷ ᠢ᠋ᠶ᠋ᠡᠨ ᠮᠠᠷᠲᠠ
ᠠᠯᠤᠰ ᠢᠷᠡᠭᠡᠳᠦᠢ ᠭᠡᠭᠡᠨ ᠰᠠᠷᠠᠭᠤᠯ ᠪᠣᠯᠬᠣᠷ ᠮᠠᠷᠭᠠᠰᠢ ᠳ᠋ᠤ᠌ ᠪᠠᠨ ᠢᠳᠡᠭᠡ᠃
39. ᠸᠢᠢᠰᠢᠩᠬᠤᠸᠠᠷ
ᠵᠦᠢᠷ ᠰᠡᠴᠡᠨ ᠦᠭᠡ
ᠰᠠᠭᠠᠷᠠᠯ ᠮᠣᠷᠢᠨ ᠤ᠋ ᠵᠢᠰᠦ ᠰᠣᠯᠢᠭᠳᠠᠬᠤ ᠦᠭᠡᠢ
ᠰᠢᠷ᠎ᠠ ᠠᠯᠲᠠᠨ ᠤ᠋ ᠥᠩᠭᠡ ᠬᠤᠪᠢᠷᠠᠬᠤ ᠦᠭᠡᠢ
ᠲᠣᠯᠣᠭᠠᠢ ᠬᠠᠭᠠᠷᠠᠪᠠᠴᠤ ᠲᠣᠭᠣᠷᠴᠣᠭ ᠳᠣᠲᠣᠷ᠎ᠠ ᠪᠠᠨ
ᠲᠣᠬᠣᠢ ᠬᠤᠭᠤᠷᠠᠪᠠᠴᠤ ᠬᠠᠨᠴᠤᠢ ᠳᠣᠲᠣᠷ᠎ᠠ ᠪᠠᠨ
ᠶᠠᠩᠭᠢᠷᠴᠠᠭ ᠡᠮᠡᠭᠡᠯ ᠳ᠋ᠦ᠍ ᠲᠣᠬᠣᠮ ᠦᠭᠡᠢ
ᠶᠠᠭᠠᠷᠠᠮᠠᠲᠠᠭᠠᠢ ᠬᠥᠮᠦᠨ ᠳ᠋ᠦ᠍ ᠪᠦᠲᠦᠮᠵᠢ ᠦᠭᠡᠢ᠃
ᠣᠨᠢᠰᠣᠭ᠎ᠠ
ᠪᠢ ᠶᠠᠪᠤᠨ᠎ᠠ ᠪᠢᠯᠡᠭᠦᠦ ᠪᠡᠨ ᠭᠡᠭᠡᠨ᠎ᠡ᠃
40. ᠵᠢᠩᠯᠢᠬᠤᠸᠠᠷ
ᠮᠣᠩᠭᠣᠯ ᠪᠢᠴᠢᠭ
ᠭᠠᠯᠪᠠ ᠳᠡᠯᠡᠬᠡᠢ ᠡᠴᠡ ᠪᠦᠲᠦᠭᠡᠭᠰᠡᠨ ᠭᠠᠢᠬᠠᠮᠰᠢᠭᠲᠤ ᠪᠢᠴᠢᠭ
ᠭᠠᠯ ᠤᠰᠤᠨ ᠠ᠋ᠴᠠ ᠪᠣᠯᠪᠠᠰᠤᠷᠠᠭᠤᠯᠤᠭᠰᠠᠨ ᠭᠠᠩᠭᠠᠩ ᠪᠢᠴᠢᠭ
ᠮᠣᠩᠭᠣᠯ ᠪᠢᠴᠢᠭ
ᠠᠶᠤᠩᠭ᠎ᠠ ᠰᠠᠯᠬᠢᠨ ᠠ᠋ᠴᠠ ᠲᠥᠷᠥᠭᠳᠡᠭᠰᠡᠨ ᠠᠪᠤᠷᠭᠤ ᠪᠢᠴᠢᠭ
ᠠᠭᠤᠯᠠ ᠨᠠᠮᠤᠭ ᠠ᠋ᠴᠠ ᠣᠨᠳᠣᠷᠤᠭᠰᠠᠨ ᠠᠮᠢᠳᠤ ᠪᠢᠴᠢᠭ᠃
ᠵᠦᠭᠡᠷ ᠰᠠᠭᠤᠬᠤ ᠪᠠᠷ᠂ ᠵᠦᠯᠭᠦᠵᠦ ᠰᠠᠭᠤᠶ᠎ᠠ!
ᠨᠠᠷᠠᠨ ᠰᠠᠨᠠᠭᠰᠠᠨ ᠢ᠋ᠶ᠋ᠠᠷ ᠢ᠋ᠶ᠋ᠠᠨ ᠬᠢᠵᠦ ᠂ᠵᠣᠷᠢᠭᠰᠠᠨ ᠳ᠋ᠠᠭᠠᠨ ᠬᠦᠷᠦᠨ᠎ᠡ !
41. ᠵᠢᠩᠯᠢᠬᠤᠸᠠᠷ
ᠭᠡᠮ ᠨᠢ ᠡᠮᠦᠨ᠎ᠡ ᠪᠡᠨ᠂ ᠭᠡᠮᠰᠢᠯ ᠨᠢ ᠬᠣᠢᠨ᠎ᠠ ᠪᠠᠨ
ᠮᠠᠯ ᠤ᠋ᠨ ᠮᠥᠷ ᠢ᠋ᠶ᠋ᠡᠷ ᠲᠣᠰᠣ᠂ ᠬᠥᠮᠦᠨ ᠦ᠌ ᠮᠥᠷ ᠢ᠋ᠶ᠋ᠡᠷ ᠤᠰᠤ᠃
42. ᠳᠠᠯᠠᠨᠲᠠᠢ
ᠪᠡᠶ᠎ᠡ ᠶ᠋ᠢᠨ ᠬᠦᠴᠦ ᠪᠡᠷ ᠠᠴᠢᠶ᠎ᠠ ᠡᠷᠭᠦᠵᠦ
ᠰᠡᠳᠬᠢᠯ ᠦ᠋ᠨ ᠬᠦᠴᠦ ᠪᠡᠷ ᠠᠮᠢᠳᠤᠷᠠᠯ ᠢ᠋ ᠲᠤᠭᠤᠯᠳᠠᠭ
ᠤᠬᠠᠭᠠᠨ ᠤ᠋ ᠬᠦᠴᠦ ᠪᠡᠷ ᠵᠣᠪᠠᠯᠠᠩ ᠢ᠋ ᠳᠠᠪᠠᠵᠤ
ᠨᠥᠬᠥᠷᠯᠡᠯ ᠦ᠋ᠨ ᠬᠦᠴᠦ ᠪᠡᠷ ᠬᠥᠮᠦᠨ ᠢ᠋ ᠲᠠᠨᠢᠳᠠᠭ᠃
ᠬᠥᠮᠦᠨ ᠳ᠋ᠦ᠍ ᠬᠠᠮᠤᠭ ᠤ᠋ᠨ ᠴᠢᠬᠤᠯᠠ ᠨᠢ ᠰᠡᠳᠬᠢᠯ ᠰᠠᠢᠬᠠᠨ ᠪᠠᠢᠬᠤ
ᠰᠡᠳᠬᠢᠯ ᠰᠠᠢᠬᠠᠨ ᠬᠥᠮᠦᠨ ᠡᠴᠡ ᠰᠠᠢᠬᠠᠨ ᠦᠭᠡ ᠭᠠᠷᠳᠠᠭ᠃
ᠰᠡᠳᠬᠢᠯ ᠰᠠᠢᠬᠠᠨ ᠬᠥᠮᠦᠨ ᠡᠴᠡ ᠰᠠᠢᠨ ᠦᠢᠯᠡ ᠭᠠᠷᠳᠠᠭ᠃

  ᠰᠦᠨ ᠰᠠᠴᠤᠯᠢ ᠦ ᠬᠣᠯᠪᠣᠭ᠎ᠠ᠂ ᠨᠦ ᠬᠣᠯᠪᠣᠭᠠᠨ ᠤ᠋ ᠨᠠᠢᠵᠠ ᠨᠠᠷ ᠠ᠋ᠴᠠ᠂ ᠤᠤᠭᠠᠨᠵᠢᠳ ᠬᠢᠨᠠᠪᠠ᠃