ᠮᠤᠯᠤᠨ ᠲᠣᠶ᠋ᠢᠨ ᠡᠬᠡ ᠶ᠋ᠢᠨ ᠠᠴᠢ ᠶ᠋ᠢ ᠬᠠᠷᠢᠭᠤᠯᠤᠭᠰᠠᠨ ᠲᠣᠣᠯᠢ - ᠨᠢᠭᠡ - ᠰ· ᠠᠯᠲᠠᠨᠳᠤᠭᠤᠯᠭᠠ ᠨᠠᠶ᠋ᠢᠷᠠᠭᠤᠯᠪᠠ Молон тойн эхийн ачийг харуулсан тууль - 1 - С· Алтантуулга найруулав
ᠮᠤᠯᠤᠨ ᠲᠣᠶ᠋ᠢᠨ ᠡᠬᠡ ᠶ᠋ᠢᠨ ᠠᠴᠢ ᠶ᠋ᠢ ᠬᠠᠷᠢᠭᠤᠯᠤᠭᠰᠠᠨ ᠲᠣᠣᠯᠢ - ᠨᠢᠭᠡ
ᠰ·ᠠᠯᠲᠠᠨᠳᠤᠭᠤᠯᠭᠠ ᠨᠠᠢᠷᠠᠭᠤᠯᠪᠠ
ᠣᠷᠴᠢᠯᠠᠩ ᠳ᠋ᠤᠷ ᠨᠠᠷᠠᠨ ᠮᠠᠨᠳᠤᠵᠤ
ᠣᠭᠲᠠᠷᠭᠤᠢ ᠳ᠋ᠤᠷ ᠰᠠᠷᠠᠨ ᠭᠡᠢᠭᠡᠵᠦ
ᠳᠥᠷᠪᠡᠨ ᠳᠠᠯᠠᠢ ᠳᠥᠯᠭᠡᠨ ᠬᠠᠯᠭᠢᠵᠤ
ᠬᠥᠪᠬᠦ ᠡᠭᠦᠯᠡ ᠬᠥᠷᠪᠡᠨ ᠪᠠᠳᠮᠠᠯᠠᠵᠤ
ᠬᠦᠪᠦᠷᠡᠬᠦ ᠦᠷ᠎ᠡ ᠬᠥᠷᠥᠰᠥᠨ ᠳ᠋ᠦ᠍ ᠬᠠᠳᠬᠤᠵᠤ
ᠬᠥᠷᠥᠪᠡᠵᠢᠬᠦ ᠠᠮᠢ ᠬᠥᠯᠯᠡᠨ ᠵᠣᠭᠰᠣᠵᠤ
ᠡᠷᠲᠡ ᠤᠷᠢᠳᠤ ᠶ᠋ᠢᠨ ᠡᠨᠡ ᠮᠥᠴᠡ ᠳ᠋ᠦ᠍
ᠡᠯᠦᠨᠴᠡ ᠬᠤᠯᠤᠨᠴᠠ ᠶ᠋ᠢᠨ ᠲᠡᠷᠡ ᠴᠠᠭ ᠲᠤ
ᠤᠵᠠᠭᠤᠷ ᠲᠡᠦᠬᠡ ᠤᠷᠤᠰᠤᠨ ᠤᠷᠤᠰᠤᠭᠰᠠᠭᠠᠷ
ᠤᠯᠠᠷᠢᠨ ᠬᠤᠪᠢᠰᠴᠤ ᠤᠴᠢᠷᠯᠠᠨ ᠪᠠᠢᠭᠰᠠᠭᠠᠷ
ᠠᠯᠤᠰ ᠲᠩᠷᠢ ᠶ᠋ᠢᠨ ᠣᠳᠣᠨ ᠮᠡᠴᠢᠳ
ᠠᠪᠠᠷ ᠳᠡᠪᠡᠷ ᠪᠠᠢᠬᠤ ᠶ᠋ᠢᠨ ᠦᠶ᠎ᠡ
ᠠᠯᠲᠠᠨ ᠳᠡᠯᠡᠬᠡᠢ ᠶ᠋ᠢᠨ ᠤᠯᠤᠰ ᠭᠦᠷᠦᠨ
ᠨᠢᠭᠡ ᠯᠡ ᠬᠣᠶᠠᠷ ᠪᠠᠢᠬᠤ ᠶ᠋ᠢᠨ ᠦᠶ᠎ᠡ
ᠳᠡᠭᠡᠳᠦ ᠲᠩᠷᠢ ᠶ᠋ᠢᠨ ᠣᠳᠣᠨ ᠮᠡᠴᠢᠳ
ᠲᠡᠨᠳᠡ ᠡᠨᠳᠡ ᠪᠠᠢᠬᠤ ᠶ᠋ᠢᠨ ᠦᠶ᠎ᠡ
ᠳᠡᠯᠡᠬᠡᠢ ᠳᠠᠬᠢᠨ ᠤ᠋ ᠤᠯᠤᠰ ᠭᠦᠷᠦᠨ
ᠨᠢᠭᠡ ᠯᠡ ᠬᠣᠶᠠᠷ ᠪᠠᠢᠬᠤ ᠳ᠋ᠤ᠌ ᠭᠡᠨ᠎ᠡ᠃
ᠳᠥᠷᠪᠡᠨ ᠤᠯᠠᠷᠢᠯ ᠡᠭᠡᠯᠵᠢᠯᠡᠨ ᠵᠢᠷᠭᠢᠵᠦ
ᠬᠠᠯᠠᠭᠤᠨ ᠬᠦᠢᠲᠡᠨ ᠵᠣᠬᠢᠴᠠᠨ ᠪᠠᠢᠬᠤ ᠳ᠋ᠤ᠌
ᠲᠦᠮᠡᠨ ᠪᠣᠳᠠᠰ ᠢᠯᠭᠠᠷᠠᠨ ᠪᠦᠷᠢᠳᠴᠦ
ᠲᠦᠪᠰᠢᠨ ᠵᠢᠷᠭᠠᠯᠠᠩ ᠤᠨᠳᠤᠷᠤᠨ ᠪᠠᠢᠬᠤ ᠳ᠋ᠤ᠌
ᠬᠤᠷ᠎ᠠ ᠪᠣᠷᠣᠭᠠᠨ ᠱᠠᠭᠢᠨ ᠪᠠᠢᠬᠤ ᠳ᠋ᠤ᠌
ᠬᠠᠭᠤᠷᠠᠢ ᠨᠣᠢᠲᠠᠨ ᠲᠡᠩᠴᠡᠭᠦᠬᠡᠨ ᠪᠠᠢᠬᠤ ᠳ᠋ᠤ᠌
ᠬᠥᠮᠦᠨ ᠠᠮᠢᠲᠠᠨ ᠦᠷᠡᠵᠢᠨ ᠪᠠᠢᠬᠤ ᠳ᠋ᠤ᠌
ᠬᠥᠪᠴᠢᠨ ᠪᠠᠢᠭᠠᠯᠢ ᠴᠡᠴᠡᠭᠯᠡᠨ ᠪᠠᠢᠬᠤ ᠳ᠋ᠤ᠌
ᠴᠡᠩᠬᠡᠷ ᠨᠣᠮᠢᠨ ᠤᠨᠢᠶᠠᠷᠲᠤᠨ ᠪᠠᠢᠬᠤ ᠳ᠋ᠤ᠌
ᠴᠡᠪᠡᠷ ᠠᠭᠠᠷ ᠰᠡᠪᠡᠯᠵᠡᠨ ᠪᠠᠢᠬᠤ ᠳ᠋ᠤ᠌
ᠴᠡᠯᠡᠭᠡᠷ ᠲᠠᠯ᠎ᠠ ᠨᠣᠭᠣᠭᠠᠷᠠᠨ ᠪᠠᠢᠬᠤ ᠳ᠋ᠤ᠌
ᠴᠡᠴᠡᠭᠲᠦ ᠬᠥᠨᠳᠡᠢ ᠮᠢᠷᠠᠯᠵᠠᠨ ᠪᠠᠢᠬᠤ ᠳ᠋ᠤ᠌
ᠨᠠᠭᠤᠷ ᠤ᠋ᠨ ᠵᠡᠭᠡᠰᠦ ᠨᠠᠢᠭᠤᠨ ᠪᠠᠢᠬᠤ ᠳ᠋ᠤ᠌
ᠨᠤᠭᠤᠰᠤ ᠭᠠᠯᠠᠭᠤ ᠭᠠᠩᠭᠠᠨᠠᠨ ᠪᠠᠢᠬᠤ ᠳ᠋ᠤ᠌
ᠨᠤᠲᠤᠭ ᠤ᠋ᠨ ᠰᠠᠬᠢᠭᠤᠰᠤ ᠨᠠᠮᠠᠨᠴᠢᠯᠠᠨ ᠪᠠᠢᠬᠤ ᠳ᠋ᠤ᠌
ᠨᠣᠮᠢᠨ ᠬᠥᠳᠡᠭᠡ ᠨᠣᠢᠷᠮᠤᠭᠯᠠᠨ ᠪᠠᠢᠬᠤ ᠳ᠋ᠤ᠌
ᠦᠦᠷ ᠦ᠋ᠨ ᠭᠢᠯᠠᠯᠵᠠᠨ ᠪᠠᠢᠬᠤ ᠳ᠋ᠤ᠌
ᠦᠨᠡᠭᠡ ᠴᠢᠨᠣ᠎ᠠ ᠰᠢᠩᠰᠢᠯᠡᠨ ᠪᠠᠢᠬᠤ ᠳ᠋ᠤ᠌
ᠲᠠᠯ᠎ᠠ ᠶ᠋ᠢᠨ ᠲᠠᠤᠯᠠᠢ ᠲᠣᠩᠭᠣᠴᠢᠨ ᠪᠠᠢᠬᠤ ᠳ᠋ᠤ᠌
ᠲᠠᠷᠪᠠᠭ᠎ᠠ ᠵᠡᠭᠡᠷ᠎ᠡ ᠲᠤᠭᠴᠢᠨ ᠪᠠᠢᠬᠤ ᠳ᠋ᠤ᠌
ᠬᠠᠩᠭᠠᠢ ᠶ᠋ᠢᠨ ᠰᠢᠷᠣᠢ ᠮᠥᠴᠢᠯᠡᠨ ᠪᠠᠢᠬᠤ ᠳ᠋ᠤ᠌
ᠬᠠᠨᠳᠠᠭᠠᠢ ᠪᠤᠭᠤ ᠬᠠᠷᠠᠢᠯᠠᠨ ᠪᠠᠢᠬᠤ ᠳ᠋ᠤ᠌
ᠬᠠᠳᠠᠲᠤ ᠣᠷᠭᠢᠯ ᠰᠡᠬᠦᠢᠯᠴᠡᠨ ᠪᠠᠢᠬᠤ ᠳ᠋ᠤ᠌
ᠬᠠᠷᠴᠠᠭᠠᠢ ᠱᠣᠩᠬᠣᠷ ᠬᠠᠯᠢᠨ ᠪᠠᠢᠬᠤ ᠳ᠋ᠤ᠌
ᠠᠭᠤᠯᠠ ᠶ᠋ᠢᠨ ᠨᠠᠷᠠᠰᠤ ᠬᠥᠬᠡᠷᠡᠨ ᠪᠠᠢᠬᠤ ᠳ᠋ᠤ᠌
ᠤᠷᠠᠨ ᠰᠢᠪᠠᠭᠤᠳ ᠳᠣᠩᠭᠣᠳᠤᠨ ᠪᠠᠢᠬᠤ ᠳ᠋ᠤ᠌
ᠤᠰᠤᠨ ᠤ᠋ ᠵᠢᠷᠠᠭᠠᠬᠠᠢ ᠤᠮᠪᠠᠯᠴᠠᠨ ᠪᠠᠢᠬᠤ ᠳ᠋ᠤ᠌
ᠬᠠᠭᠠᠨ ᠲᠥᠷᠥ ᠲᠣᠭᠲᠠᠭᠤᠨ ᠪᠠᠢᠬᠤ ᠳ᠋ᠤ᠌
ᠬᠠᠷᠠᠴᠤ ᠠᠷᠠᠳ ᠰᠢᠳᠦᠷᠭᠤᠨ ᠪᠠᠢᠬᠤ ᠳ᠋ᠤ᠌
ᠡᠵᠡᠨ ᠲᠩᠷᠢ ᠡᠶᠡᠷᠡᠭᠦᠨ ᠪᠠᠢᠬᠤ ᠳ᠋ᠤ᠌
ᠡᠭᠡᠯ ᠲᠦᠮᠡᠨ ᠢᠳᠡᠷᠡᠭᠦᠨ ᠪᠠᠢᠬᠤ ᠳ᠋ᠤ᠌
ᠠᠮᠤ ᠦᠷ᠎ᠡ ᠪᠡᠨ ᠠᠷᠠᠴᠢᠯᠠᠨ ᠪᠠᠢᠬᠤ ᠳ᠋ᠤ᠌
ᠠᠳᠤᠭᠤ ᠮᠠᠯ ᠢ᠋ᠶ᠋ᠠᠨ ᠪᠡᠯᠴᠢᠭᠡᠨ ᠪᠠᠢᠬᠤ ᠳ᠋ᠤ᠌
ᠠᠩ ᠬᠦᠷᠦᠭᠡ ᠠᠩᠨᠠᠨ ᠪᠠᠢᠬᠤ ᠳ᠋ᠤ᠌
ᠠᠵᠤ ᠲᠥᠷᠥᠨ ᠠᠵᠢᠯᠯᠠᠨ ᠪᠠᠢᠬᠤ ᠳ᠋ᠤ᠌
ᠶᠢᠷᠲᠢᠨᠴᠦ ᠬᠡᠮᠡᠭᠴᠢ ᠶᠡᠷᠦ ᠶ᠋ᠢᠨ ᠪᠤᠰᠤ
ᠬᠣᠷᠸ᠎ᠠ ᠬᠡᠮᠡᠭᠴᠢ ᠬᠣᠶᠠᠷ ᠲᠠᠯ᠎ᠠ ᠲᠠᠢ
ᠡᠳᠦᠷ ᠰᠥᠨᠢ ᠶ᠋ᠢᠨ ᠰᠣᠯᠢᠯᠴᠠᠭᠠᠨ ᠳᠤᠮᠳᠠ
ᠥᠷᠯᠥᠭᠡ ᠦᠳᠡᠰᠢ ᠡᠭᠡᠯᠵᠢᠯᠡᠭᠡᠳ ᠪᠠᠢᠳᠠᠭ
ᠥᠨᠳᠥᠷ ᠪᠣᠭᠣᠨᠢ ᠶ᠋ᠢᠨ ᠵᠦᠷᠢᠶᠡᠨ ᠳᠤᠮᠳᠠ
ᠥᠭᠡᠳᠡᠯᠡᠬᠦ ᠤᠷᠤᠭᠤᠳᠠᠬᠤ ᠥᠭᠰᠥᠭᠡᠳ ᠪᠠᠢᠳᠠᠭ
ᠥᠷᠭᠡᠨ ᠨᠠᠷᠢᠨ ᠤ᠋ ᠵᠠᠢ ᠶ᠋ᠢᠨ ᠳᠤᠮᠳᠠ
ᠦᠨᠡᠨ ᠬᠤᠳᠠᠯ ᠬᠤᠳᠬᠤᠭᠠᠳ ᠪᠠᠢᠳᠠᠭ᠂
ᠥᠰᠢᠬᠦ ᠥᠷᠥᠰᠢᠶᠡᠬᠦ ᠶ᠋ᠢᠨ ᠮᠥᠷᠭᠦᠭᠡᠨ ᠳᠤᠮᠳᠠ
ᠥᠭᠬᠦ ᠠᠪᠬᠤ ᠥᠭᠡᠷᠡᠲᠦᠭᠡᠳ ᠪᠠᠢᠳᠠᠭ᠃
ᠬᠠᠷ᠎ᠠ ᠴᠠᠭᠠᠨ ᠤ᠋ ᠬᠠᠷᠰᠢᠶᠠᠨ ᠳ᠋ᠤ᠌
ᠬᠠᠷᠠᠩᠭᠤᠢ ᠭᠡᠭᠡᠨ ᠬᠠᠷᠭᠤᠭᠠᠳ ᠪᠠᠢᠳᠠᠭ᠂
ᠬᠠᠯᠠᠭᠤᠨ ᠬᠦᠢᠲᠡᠨ ᠦ᠌ ᠬᠢᠮᠤᠷᠠᠭᠠᠨ ᠳᠤᠮᠳᠠ
ᠬᠠᠲᠠᠭᠤ ᠵᠥᠭᠡᠯᠡᠨ ᠬᠠᠪᠢᠷᠤᠭᠠᠳ ᠪᠠᠢᠳᠠᠭ᠃
ᠡᠷ᠎ᠡ ᠡᠮ᠎ᠡ ᠶ᠋ᠢᠨ ᠡᠭᠡᠳᠡᠷᠡᠭᠡᠨ ᠳᠤᠮᠳᠠ
ᠡᠪᠰᠡᠯ ᠵᠠᠳᠠᠷᠠᠯ ᠡᠷᠭᠢᠭᠡᠳ ᠪᠠᠢᠳᠠᠭ᠂
ᠦᠬᠦᠬᠦ ᠲᠥᠷᠥᠬᠦ ᠶ᠋ᠢᠨ ᠢᠷᠦᠭᠡᠯ ᠦ᠋ᠨ ᠳᠤᠮᠳᠠ
ᠡᠭᠦᠰᠴᠦ ᠳᠠᠭᠤᠰᠬᠤ ᠦᠵᠡᠭᠳᠡᠭᠡᠳ ᠪᠠᠢᠳᠠᠭ᠃
ᠰᠠᠢᠨ ᠪᠠᠢᠪᠠᠯ ᠮᠠᠭᠤ ᠪᠠᠢᠵᠤ
ᠰᠠᠯᠬᠤ ᠪᠠᠢᠪᠠᠯ ᠨᠡᠢᠯᠡᠬᠦ ᠪᠠᠢᠵᠤ
ᠦᠨᠳᠦᠰᠦ ᠪᠠᠢᠪᠠᠯ ᠨᠠᠮᠠᠭ᠎ᠠ ᠪᠠᠢᠵᠤ
ᠦᠯᠢᠭᠡᠷ ᠪᠠᠢᠪᠠᠯ ᠰᠠᠯᠪᠤᠷᠢ ᠡᠭᠦᠰᠳᠡᠭ᠃
ᠣᠷᠴᠢᠯᠠᠩ ᠤ᠋ᠨ ᠡᠨᠡᠬᠦ ᠵᠢᠮ᠎ᠡ ᠭᠡᠭᠴᠢ
ᠣᠷᠣᠰᠢᠵᠤ ᠰᠥᠨᠥᠬᠦ ᠶ᠋ᠢᠨ ᠵᠦᠢ ᠪᠤᠶᠤ
ᠣᠨᠳᠣᠣᠰᠢᠵᠤ ᠬᠤᠪᠢᠰᠬᠤ ᠶ᠋ᠢᠨ ᠤᠴᠢᠷ ᠪᠤᠶᠤ
ᠣᠯᠵᠤ ᠠᠯᠳᠠᠬᠤ ᠶ᠋ᠢᠨ ᠡᠭᠡᠯᠵᠢ ᠪᠤᠶᠤ
ᠣᠷᠣᠨ ᠵᠠᠢ ᠶ᠋ᠢᠨ ᠵᠥᠷᠢᠶ᠎ᠡ ᠪᠤᠶᠤ
ᠵᠠ! ᠡᠨᠡ ᠦᠶ᠎ᠡ ᠳ᠋ᠦ᠍
ᠬᠠᠳᠠᠨ ᠠ᠋ᠴᠠ ᠬᠠᠭᠠᠷᠠᠭᠰᠠᠨ ᠴᠦ᠍ ᠶᠤᠮ ᠤᠤ
ᠬᠠᠢᠷ ᠠ᠋ᠴᠠ ᠬᠡᠢᠰᠦᠭᠡᠳ ᠴᠦ᠍ ᠶᠤᠮ ᠤᠤ
ᠬᠠᠮᠢᠭ᠎ᠠ ᠠ᠋ᠴᠠ ᠬᠡᠵᠢᠶ᠎ᠡ ᠢᠷᠡᠭᠰᠡᠨ ᠢ᠋ ᠪᠤᠤ ᠮᠡᠳᠡ
ᠪᠢᠷᠢᠳ ᠭᠡᠳᠡᠭ ᠨᠡᠷ᠎ᠡ ᠲᠡᠢ
ᠪᠡᠷᠬᠡ ᠶ᠋ᠢᠨ ᠲᠦᠢᠳᠦᠭᠴᠢ ᠨᠢᠭᠡᠨ ᠡᠮᠡᠭᠡᠨ
ᠬᠥᠮᠦᠨ ᠶᠢᠷᠲᠢᠨᠴᠦ ᠳ᠋ᠦ᠍ᠷ ᠢᠷᠡᠵᠦ
ᠬᠡᠷᠡᠭ ᠵᠠᠷᠭᠤ ᠲᠠᠲᠠᠵᠤ᠂
ᠬᠡᠷᠡᠭᠦᠯ ᠵᠠᠭᠤᠷᠠᠭᠠᠨ ᠡᠭᠦᠰᠬᠡᠵᠦ
ᠬᠡᠴᠡᠭᠦᠦ ᠮᠠᠭᠤᠬᠠᠢ ᠶ᠋ᠢ ᠦᠢᠯᠡᠳᠳᠡᠭ ᠶᠦᠮ ᠭᠡᠨ᠎ᠡ᠃
ᠲᠡᠷᠡ ᠦᠳᠡᠰᠢ ᠶ᠋ᠢᠨ ᠭᠡᠭᠡ ᠲᠠᠰᠤᠷᠠᠮᠠᠭᠴᠠ
ᠡᠭᠦᠷᠭᠡ ᠡᠭᠦᠷᠦᠭᠡᠳ ᠭᠠᠷᠳᠠᠭ ᠭᠡᠨ᠎ᠡ᠂
ᠦᠦᠷ ᠦ᠋ᠨ ᠭᠡᠭᠡ ᠴᠠᠢᠬᠤ ᠶ᠋ᠢᠨ ᠦᠶ᠎ᠡ
ᠦᠦᠳᠡᠭ ᠪᠦᠦᠳᠡᠭ ᠬᠠᠷᠢᠳᠠᠭ ᠭᠡᠨ᠎ᠡ᠃
ᠲᠡᠷᠡ ᠥᠷᠢ ᠨᠢᠭᠦᠯ ᠲᠠᠷᠢᠨ
ᠥᠯᠥᠰᠬᠦᠯᠡᠩ ᠨᠢᠴᠦᠭᠦᠨ ᠢ᠋ ᠲᠣᠨᠣᠳᠠᠭ ᠭᠡᠨ᠎ᠡ᠂
ᠥᠰᠢᠶ᠎ᠡ ᠬᠣᠷᠣᠰᠤᠯ ᠳᠡᠭᠳᠡᠭᠡᠨ
ᠥᠪᠡᠷ ᠪᠤᠰᠤᠳ ᠢ᠋ ᠵᠣᠪᠠᠭᠠᠳᠠᠭ ᠭᠡᠨ᠎ᠡ᠃
ᠬᠠᠵᠠᠭᠴᠢ ᠬᠠᠷᠭᠢᠰ ᠵᠠᠩᠨᠠᠨ
ᠬᠠᠯᠠ ᠲᠠᠢ ᠬᠠᠲᠠᠭᠤ ᠪᠠᠢᠳᠠᠭ ᠭᠡᠨ᠎ᠡ᠂
ᠬᠠᠷᠠᠮᠴᠢ ᠳᠣᠯᠣᠮᠴᠢ ᠪᠢᠷᠢᠳᠯᠡᠨ
ᠬᠠᠷ᠎ᠠ ᠲᠠᠢ ᠬᠣᠣᠷ ᠲᠠᠢ ᠠᠭᠠᠰᠢᠯᠠᠳᠠᠭ ᠭᠡᠨ᠎ᠡ᠃
ᠲᠡᠷᠡ ᠤᠷᠭᠤᠵᠤ ᠪᠠᠢᠭ᠎ᠠ ᠨᠣᠭᠣᠭ᠎ᠠ ᠶ᠋ᠢ
ᠤᠭ ᠢ᠋ᠶ᠋ᠠᠷ ᠨᠢ ᠦᠭᠲᠡᠭᠡᠵᠦ ᠬᠠᠶᠠᠳᠠᠭ ᠭᠡᠨ᠎ᠡ᠂
ᠤᠮᠳᠠᠭᠠᠰᠴᠤ ᠪᠠᠢᠬᠤ ᠲᠠᠷᠢᠶ᠎ᠠ ᠶ᠋ᠢᠨ
ᠤᠰᠤ ᠶ᠋ᠢ ᠨᠢ ᠲᠠᠰᠤᠯᠠᠵᠤ ᠣᠷᠬᠢᠳᠠᠭ ᠭᠡᠨ᠎ᠡ᠃
ᠬᠥᠮᠦᠨ ᠢ᠋ ᠦᠵᠡᠪᠡᠯ ᠡᠭᠳᠡᠭᠦᠴᠡᠳᠡᠭ ᠭᠡᠨ᠎ᠡ
ᠬᠡᠦᠬᠡᠳ ᠲᠠᠭᠠᠷᠠᠪᠠᠯ ᠬᠥᠭᠡᠷᠦᠬᠦᠢᠯᠡᠳᠡᠭ ᠭᠡᠨ᠎ᠡ᠂
ᠪᠠᠭ᠎ᠠ ᠰᠠᠭ᠎ᠠ ᠶᠠᠭᠤᠮ᠎ᠠ ᠳ᠋ᠤ᠌ ᠰᠠᠭᠭᠠᠳᠠᠭ ᠭᠡᠨ᠎ᠡ
ᠪᠠᠢᠭᠰᠠᠨ ᠲᠠᠯᠪᠢᠭᠰᠠᠨ ᠢ᠋ᠶ᠋ᠠᠨ ᠠᠯᠳᠠᠳᠠᠭ ᠭᠡᠨ᠎ᠡ᠃
ᠤᠬᠠᠭᠠᠨ ᠪᠣᠳᠣᠯ ᠪᠢᠳᠠᠭᠤ ᠭᠡᠨ᠎ᠡ
ᠠᠭᠤᠷ ᠣᠮᠣᠭ ᠶᠡᠬᠡᠲᠡᠢ ᠭᠡᠨ᠎ᠡ᠂
ᠤᠬᠢᠯᠠᠬᠤ ᠵᠣᠪᠠᠬᠤ ᠳᠤᠷᠠᠲᠠᠢ ᠭᠡᠨ᠎ᠡ
ᠤᠤᠭᠤᠵᠤ ᠢᠳᠡᠬᠦ ᠪᠡᠨ ᠮᠡᠳᠡᠭᠡ ᠦᠭᠡᠢ ᠭᠡᠨ᠎ᠡ᠃
ᠬᠦᠢ! ᠬᠥᠱ᠌ᠢ ᠠ᠋
ᠡᠮᠡᠭᠡᠨ ᠬᠥᠮᠦᠨ ᠳᠠᠢᠰᠤᠨ ᠪᠣᠰᠬᠤ ᠭᠡᠳᠡᠭ
ᠡᠲᠡᠭᠡᠳ ᠶᠣᠰᠣᠨ ᠶᠠᠭᠤ ᠪᠣᠯᠤᠭ᠎ᠠ ᠭᠡᠮᠡᠨ
ᠡᠵᠡᠨ ᠬᠠᠭᠠᠨ ᠶᠡᠬᠡᠳᠡ ᠭᠠᠢᠬᠠᠰᠢᠷᠠᠨ
ᠡᠯᠳᠡᠪ ᠢ᠋ ᠠᠰᠠᠭᠤᠨ ᠲᠤᠩᠭᠠᠭᠰᠠᠨᠠ᠄
ᠪᠢᠷᠢᠳ ᠡᠮᠡᠭᠡᠨ ᠪᠠᠴᠢᠮᠳᠠᠨ ᠰᠠᠨᠳᠤᠷᠴᠤ
《ᠥᠬᠢᠨ ᠪᠡᠶ᠎ᠡ ᠶ᠋ᠢ ᠠᠪᠴᠤ ᠲᠥᠷᠥᠭᠰᠡᠨ ᠴᠦ᠍
ᠦᠷ᠎ᠡ ᠶ᠋ᠢᠨ ᠵᠠᠶᠠᠭ᠎ᠠ ᠦᠭᠡᠢ ᠪᠢ
ᠬᠦᠢᠰᠦᠨ ᠬᠣᠯᠪᠣᠭ᠎ᠠ ᠲᠠᠢ ᠭᠠᠭᠴᠠ ᠬᠦᠦ ᠪᠡᠨ
ᠬᠤᠢ ᠰᠠᠯᠬᠢᠨ ᠳ᠋ᠤ᠌ ᠬᠡᠢᠰᠬᠡᠨ ᠠᠯᠳᠠᠭᠠᠳ
ᠡᠳᠦᠷ ᠰᠥᠨᠢ ᠦᠭᠡᠢ ᠥᠨᠥᠴᠢᠷᠡᠨ ᠰᠠᠨᠠᠵᠤ
ᠡᠪᠡᠳᠴᠢᠨ ᠳ᠋ᠦ᠍ ᠣᠷᠢᠶᠠᠭᠳᠠᠨ ᠪᠤᠬᠢᠨᠢᠳᠤᠭᠠᠳ
ᠦᠵᠡᠭᠳᠡᠭᠰᠡᠨ ᠪᠦᠭᠦᠳᠡ ᠥᠰᠢᠶᠡᠲᠡᠢ ᠬᠠᠷᠠᠭᠳᠠᠨ
ᠦᠢᠯᠡ ᠪᠦᠬᠦᠨ ᠮᠢᠨᠢ ᠵᠦᠭ ᠢ᠋ᠶ᠋ᠡᠨ ᠠᠯᠳᠠᠪᠠᠢ》 ᠭᠡᠰᠡᠨ ᠭᠡᠨ᠎ᠡ᠃
ᠡᠳᠡᠭᠡᠷ ᠢ᠋ ᠮᠡᠳᠡᠭᠰᠡᠨ ᠡᠵᠡᠨ ᠲᠩᠷᠢ ᠭᠱᠠᠨ ᠵᠠᠭᠤᠷ᠎ᠠ
ᠡᠬᠡ ᠦᠷ᠎ᠡ ᠶ᠋ᠢ ᠰᠠᠯᠭᠠᠭᠰᠠᠨ
ᠡᠨᠡᠷᠢᠯ ᠵᠢᠷᠤᠮ ᠢ᠋ ᠤᠮᠠᠷᠲᠠᠭᠰᠠᠨ
ᠤᠴᠢᠷ ᠵᠦᠢ ᠶ᠋ᠢ ᠤᠬᠠᠵᠤ
ᠬᠥᠬᠡ ᠮᠠᠨᠳᠠᠯ ᠤ᠋ᠨ ᠴᠠᠭᠠᠨ᠎ᠠ ᠠ᠋ᠴᠠ
ᠬᠥᠪᠥᠩ ᠴᠠᠭᠠᠨ ᠡᠭᠦᠯᠡᠨ ᠳ᠋ᠦ᠍ᠷ ᠬᠦᠯᠦᠭᠦᠯᠦᠭᠡᠳ᠂
ᠮᠤᠯᠠᠩᠲᠠᠢ ᠪᠤᠷᠬᠠᠨ ᠢ᠋ ᠳᠣᠷᠣᠭᠰᠢ ᠪᠠᠭᠤᠯᠭᠠᠨ
ᠮᠥᠷᠥᠭᠡᠳᠦᠯ ᠦ᠋ᠨ ᠬᠠᠢᠷᠠᠲᠤ ᠡᠬᠡ ᠪᠢᠷᠢᠳ ᠡᠮᠡᠭᠡᠨ ᠲᠡᠢ
ᠮᠥᠷᠭᠥᠨ ᠰᠥᠭᠥᠳᠦᠨ ᠤᠴᠠᠷᠠᠭᠤᠯᠪᠠ ᠰᠠᠨᠵᠠᠢ᠃
ᠡᠯᠢᠭᠡ ᠵᠢᠷᠦᠬᠡ ᠶ᠋ᠢ ᠰᠢᠮᠰᠢᠷᠡᠭᠦᠯᠦᠮ᠎ᠡ
ᠡᠬᠡ ᠦᠷ᠎ᠡ ᠶ᠋ᠢᠨ ᠠᠭᠤᠯᠵᠠᠯᠲᠠ᠂
ᠡᠩᠬᠡ ᠮᠡᠨᠳᠦ ᠶ᠋ᠢᠨ ᠢᠷᠦᠭᠡᠯ᠂
ᠡᠨᠡ ᠬᠣᠷᠸ᠎ᠠ ᠶ᠋ᠢᠨ ᠲᠠᠪᠢᠯᠠᠩ᠂
ᠢᠩᠭᠢᠵᠦ ᠰᠠᠢᠬᠠᠨ ᠪᠣᠯᠬᠤ ᠦᠶ᠎ᠡ᠂
ᠬᠡᠦᠬᠡᠳ ᠦ᠋ᠨ ᠪᠣᠢᠪᠣᠭ ᠪᠠᠷᠢᠭᠰᠠᠨ
ᠬᠥᠭᠡᠷᠦᠬᠦᠢ ᠬᠥᠪᠡᠭᠦᠨ ᠮᠤᠯᠠᠩᠲᠠᠢ ᠪᠤᠷᠬᠠᠨ
ᠰᠥᠭᠥᠳᠦᠨ ᠥᠭᠦᠯᠡᠷᠦᠨ᠄
《ᠡᠵᠢ ᠠ᠋! ᠪᠢ ᠪᠣᠯᠪᠠᠰᠤ ᠬᠦᠦ ᠴᠢᠨᠢ ᠮᠤᠯᠠᠩᠲᠠᠢ ᠪᠢᠯᠡ!
ᠡᠵᠡᠨ ᠲᠩᠷᠢ ᠨᠠᠮᠠᠶ᠋ᠢ ᠢᠷᠡᠭᠦᠯᠦᠨ
〈ᠡᠵᠢ ᠪᠡᠨ ᠠᠪᠴᠢᠷᠠᠨ ᠠᠴᠢᠯᠠ!
ᠡᠨᠡᠷᠢᠯ ᠠᠴᠢ ᠶ᠋ᠢ ᠨᠢ ᠬᠠᠷᠢᠭᠤᠯᠠ!〉 ᠭᠡᠮᠡᠨ ᠵᠠᠷᠯᠢᠭᠳᠠᠪᠠᠢ᠃
ᠣᠳᠣ ᠪᠢ ᠴᠢᠮᠠᠶ᠋ᠢ ᠠᠪᠤᠭᠠᠳ
ᠬᠤᠷᠮᠤᠰᠲᠠ ᠲᠩᠷᠢ ᠳ᠋ᠦ᠍ ᠭᠠᠷᠤᠮᠤᠢ》 ᠭᠡᠳ
ᠪᠢᠷᠢᠳ ᠡᠮᠡᠭᠡᠨ ᠶᠠᠭᠠᠬᠢᠵᠤ ᠶᠠᠭᠠᠬᠢᠬᠤ ᠶ᠋ᠢᠨ ᠵᠠᠪ ᠦᠭᠡᠢ
ᠡᠵᠢ ᠪᠡᠨ ᠡᠭᠦᠷᠦᠭᠡᠳ ᠮᠤᠯᠠᠩᠲᠠᠢ ᠪᠤᠷᠬᠠᠨ
ᠠᠯᠤᠰ ᠲᠩᠷᠢ ᠲᠠᠢᠰᠢ ᠳᠡᠭᠳᠡᠨ ᠣᠳᠪᠠ᠃
ᠪᠢᠷᠢᠳ ᠬᠥᠭᠰᠢᠨ ᠶᠠᠪᠤᠭᠰᠠᠨ ᠠ᠋ᠴᠠ ᠬᠣᠢᠰᠢ
ᠪᠢᠲᠡᠭᠦᠦ ᠬᠠᠭᠠᠯᠭ᠎ᠠ ᠣᠩᠭᠣᠢᠬᠤ ᠪᠣᠯᠪᠠ᠂
ᠪᠡᠶ᠎ᠡ ᠪᠡᠶᠡᠰ ᠢ᠋ᠶ᠋ᠡᠨ ᠦᠵᠡᠬᠦ ᠪᠣᠯᠪᠠ᠂
ᠪᠢᠰᠬᠢᠭᠦᠷ ᠪᠦᠷᠢᠶ᠎ᠡ ᠬᠠᠩᠭᠢᠨᠠᠬᠤ ᠪᠣᠯᠪᠠ᠂
ᠬᠥᠭᠰᠢᠨ ᠲᠦᠢᠳᠦᠭᠴᠢ ᠶᠠᠪᠤᠭᠰᠠᠨ ᠠ᠋ᠴᠠ ᠬᠣᠢᠰᠢ
ᠬᠥᠳᠡᠭᠡ ᠭᠠᠵᠠᠷ ᠲᠠᠢᠪᠤᠩ ᠪᠣᠯᠪᠠ᠂
ᠬᠥᠮᠦᠨ ᠦ᠌ ᠰᠡᠳᠬᠢᠯ ᠠᠮᠤᠷ ᠪᠣᠯᠪᠠ᠂
ᠬᠥᠬᠥᠭᠡ ᠰᠢᠪᠠᠭᠤ ᠳᠣᠩᠭᠣᠳᠬᠤ ᠪᠣᠯᠪᠠ᠃
ᠤᠳᠠᠯ ᠦᠭᠡᠢ ᠡᠬᠡ ᠬᠥᠪᠡᠭᠦᠨ ᠬᠣᠶᠠᠭᠤᠯᠠ
ᠡᠵᠡᠨ ᠲᠩᠷᠢ ᠶ᠋ᠢᠨ ᠣᠷᠳᠣᠨ᠎ᠠ ᠬᠦᠷᠬᠦ ᠳ᠋ᠦ᠍
ᠠᠶᠤᠮᠠᠷ ᠬᠣᠶᠠᠷ ᠠᠷᠰᠯᠠᠨ
ᠠᠩᠭᠠᠢᠨ ᠠᠷᠵᠠᠢᠨ ᠰᠠᠭᠤᠭᠠᠳ
ᠡᠩᠬᠡ ᠲᠩᠷᠢ ᠶ᠋ᠢᠨ ᠣᠷᠳᠣᠨ ᠤ᠋
ᠡᠭᠦᠳᠡ ᠶ᠋ᠢ ᠵᠢᠭᠦᠷᠯᠡᠨ ᠰᠠᠬᠢᠵᠤ ᠪᠠᠢᠯ᠎ᠠ
ᠰᠦᠷᠲᠡᠢ ᠬᠣᠶᠠᠷ ᠠᠷᠰᠯᠠᠨ
ᠰᠦᠭᠯᠡᠢᠨ ᠯᠦᠭᠯᠦᠢᠨ ᠰᠠᠭᠤᠭᠠᠳ
ᠰᠦᠯᠳᠡ ᠲᠩᠷᠢ ᠶ᠋ᠢᠨ ᠬᠠᠭᠠᠯᠭ᠎ᠠ ᠶ᠋ᠢ
ᠰᠥᠨᠢᠵᠢᠨ ᠡᠳᠦᠷᠵᠢᠨ ᠰᠠᠬᠢᠵᠤ ᠪᠠᠢᠯ᠎ᠠ᠃
ᠠᠯᠲᠠᠨ ᠬᠣᠶᠠᠷ ᠠᠷᠰᠯᠠᠨ
ᠠᠯᠠᠭᠠᠨ ᠳᠣᠣᠷ᠎ᠠ ᠪᠠᠨ ᠰᠢᠳᠢ ᠲᠡᠢ ᠭᠡᠨ᠎ᠡ᠂
ᠠᠷᠪᠠᠨ ᠵᠦᠭ ᠦ᠋ᠨ ᠰᠢᠮᠨᠤᠰ ᠢ᠋
ᠠᠳᠬᠤᠵᠤ ᠰᠠᠭᠤᠳᠠᠭ ᠠᠯᠪᠠ ᠲᠠᠢ ᠭᠡᠨ᠎ᠡ᠃
ᠲᠩᠷᠢ ᠶ᠋ᠢᠨ ᠬᠣᠶᠠᠷ ᠠᠷᠰᠯᠠᠨ
ᠲᠡᠩᠬᠡᠭᠡ ᠬᠦᠴᠦᠨ ᠰᠦᠷ ᠲᠡᠢ ᠭᠡᠨ᠎ᠡ᠂
ᠲᠡᠨᠦᠭᠦᠯᠴᠢ ᠲᠦᠢᠳᠦᠭᠴᠢ ᠰᠢᠮᠨᠤᠰ ᠢ᠋
ᠳᠠᠷᠤᠵᠤ ᠰᠠᠭᠤᠳᠠᠭ ᠠᠯᠪᠠ ᠲᠠᠢ ᠭᠡᠨ᠎ᠡ᠃
ᠦᠰᠦᠭ ᠠᠮᠢᠯᠠᠭᠤᠯᠤᠬᠰᠠᠨ ᠨᠢ᠄ ᠲᠡᠭᠷᠢ ᠡᠵᠢ
