ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ -ᠬᠠᠭᠠᠨ ᠲᠡᠭᠦᠰ ᠦ᠋ᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨ-2 Гураван настай гунаган улаан баатар -Хаан төгсийн хүү᠂ Ширээтийн мэргэн хаан-2 ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ -ᠬᠠᠭᠠᠨ ᠲᠡᠭᠦᠰ ᠦ᠋ᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨ-2 Гураван настай гунаган улаан баатар -Хаан төгсийн хүү᠂ Ширээтийн мэргэн хаан-2

ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ -ᠬᠠᠭᠠᠨ ᠲᠡᠭᠦᠰ ᠦ᠋ᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨ-2 Гураван настай гунаган улаан баатар -Хаан төгсийн хүү᠂ Ширээтийн мэргэн хаан-2

ᠠᠩᠭᠢᠯᠠᠯ:ᠲᠤᠤᠯᠢᠰ
2025-11-09

192

ᠬᠠᠭᠠᠨ ᠲᠡᠭᠦᠰ ᠦ᠋ᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨ-2


 ᠲᠡᠭᠡᠭᠡᠳ ᠬᠡᠳᠦᠨ ᠡᠳᠦᠷ ᠪᠣᠯᠤᠭᠰᠠᠨ ᠦᠭᠡᠢ 
 ᠲᠦᠷᠦᠭᠦᠨ ᠤᠷᠤᠯᠳᠤᠭᠠᠨ ᠪᠣᠯᠵᠤ 
 ᠨᠠᠷᠠᠨ ᠬᠠᠭᠠᠨ ᠤ᠋ ᠡᠲᠡᠭᠡᠳ ᠡᠴᠡ 
 ᠨᠡᠷ᠎ᠡ ᠲᠡᠢ ᠮᠣᠷᠢ ᠭᠤᠷᠪᠠᠨ ᠮᠢᠩᠭ᠎ᠠ 
 ᠬᠣᠲᠣᠭᠣᠷ ᠳᠦᠭᠦᠷᠲᠡᠯ᠎ᠡ ᠴᠤᠭᠯᠠᠷᠠᠵᠤ 
 ᠬᠤᠷᠳᠤᠨ ᠮᠥᠷᠥᠢ ᠶ᠋ᠢ ᠬᠦᠯᠢᠶᠡᠭᠰᠡᠨ ᠳ᠋ᠦ᠍ 
 ᠰᠢᠷᠡᠭᠡᠲᠦ ᠶ᠋ᠢᠨ ᠮᠡᠷᠭᠡᠨ ᠬᠠᠭᠠᠨ ᠬᠦᠦ 
 ᠨᠠᠷᠠᠨ ᠬᠠᠭᠠᠨ ᠠ᠋ᠴᠠ ᠠᠰᠠᠭᠤᠭᠰᠠᠨ ᠨᠢ᠄ 
 《ᠬᠠᠭᠠᠨ ᠲᠠᠨ ᠤ᠋ ᠮᠣᠷᠢ ᠲᠠᠯᠪᠢᠬᠤ 
 ᠬᠠᠨᠳᠤᠯᠭ᠎ᠠ ᠵᠢᠱ᠌ᠢᠶ᠎ᠡ ᠬᠡᠳᠦᠢ ᠭᠠᠵᠠᠷ ᠪᠣᠢ?》 ᠭᠡᠰᠡᠨ ᠳ᠋ᠦ᠍ 
 ᠨᠠᠷᠠᠨ ᠬᠠᠭᠠᠨ ᠤ᠋ ᠬᠠᠷᠢᠭᠤᠯᠤᠭᠰᠠᠨ ᠨᠢ᠄ 
 《ᠮᠠᠨ ᠤ᠋ ᠤᠯᠤᠰ ᠤ᠋ᠨ ᠮᠣᠷᠢᠳ ᠪᠣᠯ 
 ᠭᠤᠷᠪᠠᠨ ᠰᠠᠷ᠎ᠠ ᠶ᠋ᠢᠨ ᠵᠢᠱ᠌ᠢᠶ᠎ᠡ ᠲᠡᠢ ᠭᠠᠵᠠᠷ ᠠ᠋ᠴᠠ 
 ᠭᠤᠶᠠᠳᠠᠵᠤ ᠳᠠᠪᠬᠢᠨ ᠢᠷᠡᠳᠡᠭ ᠶᠦᠮ》 ᠭᠡᠰᠡᠨ ᠳ᠋ᠦ᠍ 
 ᠬᠥᠪᠡᠭᠦᠳ ᠦ᠋ᠨ ᠰᠣᠷᠢᠯᠭ᠎ᠠ ᠶ᠋ᠢᠨ ᠮᠣᠷᠢᠳ ᠢ᠋  
 ᠬᠦᠪᠬᠢᠭᠦᠯᠦᠨ ᠲᠠᠯᠪᠢᠳᠠᠭ ᠭᠠᠵᠠᠷ ᠪᠠᠢᠨ᠎ᠠ᠃ 
 ᠬᠦᠴᠦ ᠲᠡᠢ ᠡᠷ᠎ᠡ ᠶ᠋ᠢᠨ ᠰᠢᠭᠡᠰᠦ ᠦᠰᠦᠷᠪᠡᠯ 
 ᠬᠦᠷᠴᠦ ᠲᠤᠰᠬᠤ ᠭᠠᠵᠠᠷ ᠪᠠᠢᠨ᠎ᠠ᠃ 
 ᠵᠢᠩᠬᠢᠨᠢ ᠤᠷᠤᠯᠳᠤᠭᠠᠨ ᠤ᠋ ᠮᠣᠷᠢ ᠶ᠋ᠢ 
 ᠵᠢᠯ ᠦ᠋ᠨ ᠵᠢᠱ᠌ᠢᠶ᠎ᠡ ᠲᠡᠢ ᠭᠠᠵᠠᠷ ᠠ᠋ᠴᠠ ᠲᠠᠯᠪᠢᠳᠠᠭ ᠶᠤᠮ》 ᠭᠡᠰᠡᠨ ᠳ᠋ᠦ᠍ 
 《ᠴᠢᠨᠦ ᠮᠠᠭᠤ ᠬᠠᠮᠠᠭᠤ ᠲᠠᠢ ᠳᠠᠭ᠎ᠠ ᠢᠷᠡᠪᠡᠯ 
 ᠮᠢᠨᠦ ᠲᠠᠷᠭᠤᠨ ᠮᠣᠷᠢᠳ ᠪᠣᠯᠤᠨ᠎ᠠ》 ᠭᠡᠵᠦ 
 ᠵᠢᠯ ᠦ᠋ᠨ ᠭᠠᠵᠠᠷ ᠲᠠᠯᠪᠢᠬᠤ ᠪᠠᠷ 
 ᠵᠢᠮ᠎ᠡ ᠬᠠᠤᠯᠢ ᠲᠣᠭᠲᠠᠭᠠᠳ 
 ᠮᠣᠷᠢᠳ ᠢ᠋ᠶ᠋ᠠᠨ ᠬᠠᠵᠠᠭᠠᠷᠯᠠᠵᠤ 
 ᠮᠣᠷᠳᠠᠬᠤ ᠪᠠᠷ ᠪᠣᠯᠤᠭᠰᠠᠨ ᠳ᠋ᠤ᠌ 
 ᠬᠠᠭᠠᠨ ᠬᠦᠦ ᠶ᠋ᠢᠨ ᠪᠣᠷᠣ ᠳᠠᠭ᠎ᠠ ᠶ᠋ᠢ 
 ᠬᠠᠮᠠᠭᠤ ᠶᠠᠷ᠎ᠠ ᠲᠠᠢ ᠭᠡᠵᠦ 
 ᠪᠠᠭᠠᠴᠤᠳ ᠨᠢᠭᠡᠨ ᠴᠦ᠍ ᠤᠨᠤᠵᠤ ᠥᠭᠬᠦ ᠦᠭᠡᠢ ᠳ᠋ᠦ᠍ 
 ᠪᠠᠭ᠎ᠠ ᠰᠢᠭ᠋ ᠬᠠᠷ᠎ᠠ ᠬᠦᠦ ᠢᠷᠡᠭᠡᠳ᠄ 
 《ᠪᠢ ᠰᠢᠷᠡᠭᠡᠲᠦ ᠶ᠋ᠢᠨ ᠬᠠᠭᠠᠨ ᠭᠤᠸᠠᠢ ᠲᠠᠨ ᠤ᠋ ᠮᠣᠷᠢ ᠶ᠋ᠢ 
 ᠪᠡᠯᠴᠢᠵᠦ ᠤᠨᠤᠵᠤ ᠥᠭᠭᠦᠶ᠎ᠡ》 ᠭᠡᠰᠡᠨ ᠳ᠋ᠦ᠍ 
 ᠬᠠᠭᠠᠨ ᠬᠦᠦ ᠶᠡᠬᠡᠯ᠎ᠡ ᠪᠠᠶᠠᠷᠯᠠᠵᠤ 
 ᠬᠠᠵᠠᠭᠤ ᠳ᠋ᠠᠭᠠᠨ ᠬᠠᠷ᠎ᠠ ᠬᠦᠦ ᠶ᠋ᠢ ᠠᠪᠴᠢᠷᠠᠵᠤ 
 ᠴᠢᠬᠢᠨ ᠳ᠋ᠦ᠍ᠨᠢ ᠬᠡᠳᠦᠨ ᠦᠭᠡ 
 ᠰᠢᠪᠡᠨᠡᠵᠦ ᠰᠤᠷᠭᠠᠨ ᠬᠡᠯᠡᠭᠡᠳ 
 ᠰᠢᠭᠤᠳᠠᠢ ᠨᠢᠭᠡ ᠶ᠋ᠢ ᠥᠭᠴᠦ 
 ᠴᠢᠪᠠᠭ᠎ᠠ ᠭᠤᠷᠪᠠ ᠶ᠋ᠢ ᠠᠳᠬᠤᠭᠤᠯᠵᠤ 
 ᠨᠠᠷᠠᠨ ᠬᠠᠭᠠᠨ ᠤ᠋ ᠳᠡᠷᠭᠡᠳᠡ ᠣᠴᠢᠵᠤ 
 《ᠨᠠᠳᠠ ᠬᠠᠷ᠎ᠠ ᠬᠦᠦ ᠪᠡᠨ ᠲᠦᠷ ᠥᠭᠭᠦᠨ᠎ᠡ ᠤᠤ》 ᠭᠡᠰᠡᠨ ᠳ᠋ᠦ᠍ 
 《ᠬᠡᠦᠬᠡᠳ ᠳᠠᠭᠠᠭᠤᠯᠤᠨ ᠢᠷᠡᠭᠰᠡᠨ ᠦᠭᠡᠢ ᠲᠤᠯᠠ 
 ᠬᠥᠮᠦᠨ ᠢ᠋ ᠮᠢᠨᠢ ᠵᠠᠷᠤᠵᠤ ᠪᠣᠯᠤᠨ᠎ᠠ》 ᠭᠡᠵᠦ 
 ᠮᠣᠷᠢᠳ ᠭᠠᠷᠴᠤ ᠬᠥᠳᠡᠯᠪᠡ ᠭᠡᠨ᠎ᠡ᠃ 
 ᠶᠠᠪᠤᠭᠰᠠᠭᠠᠷ ᠶᠠᠪᠤᠭᠰᠠᠭᠠᠷ ᠪᠠᠢᠭᠠᠳ 
 ᠶᠡᠬᠡ ᠰᠢᠭ ᠨᠢᠭᠡᠨ ᠠᠢᠯ ᠤ᠋ᠨ ᠨᠤᠲᠤᠭ ᠲᠤ᠌ ᠬᠦᠷᠴᠦ 
 ᠥᠨᠥ ᠬᠠᠷ᠎ᠠ ᠬᠦᠦ ᠰᠢᠭᠤᠳ ᠣᠴᠢᠵᠤ 
 ᠦᠨᠡᠰᠦᠨ ᠣᠪᠣᠭ᠎ᠠ ᠳᠡᠭᠡᠷ᠎ᠡ ᠨᠢ ᠪᠠᠭᠤᠭᠠᠳ 
 ᠨᠢᠭᠡ ᠴᠢᠪᠠᠭ᠎ᠠ ᠪᠠᠨ ᠢᠳᠡᠵᠦ 
 ᠰᠢᠭᠤᠳᠠᠢ ᠳ᠋ᠠᠭᠠᠨ ᠦᠨᠡᠰᠦ ᠬᠢᠵᠦ 
 ᠴᠢᠬᠢᠨ ᠳᠣᠣᠷ᠎ᠠ ᠪᠠᠨ ᠳᠡᠷᠡᠯᠡᠵᠦ 
 ᠬᠤᠷᠬᠢᠷᠠᠨ ᠰᠤᠨᠵᠤ ᠤᠨᠲᠠᠪᠠ᠃ 
 ᠨᠠᠷᠠᠨ ᠬᠠᠭᠠᠨ ᠤ᠋ ᠮᠣᠷᠢᠳ ᠤ᠋ᠨ ᠬᠡᠦᠬᠡᠳ 
 ᠮᠠᠢᠬᠠᠨ ᠥᠷᠲᠡᠭᠡ ᠳ᠋ᠦ᠍ ᠪᠠᠭᠤᠵᠤ 
 ᠮᠠᠭᠤ ᠳᠠᠭ᠎ᠠ ᠲᠠᠢ ᠬᠠᠷ᠎ᠠ ᠬᠦᠦ ᠶ᠋ᠢ ᠲᠣᠮᠣᠭᠯᠠᠨ 
 ᠮᠢᠬ᠎ᠠ ᠲᠣᠰᠣ ᠮᠠᠩᠰᠢᠭᠤᠷᠠᠲᠠᠯ᠎ᠠ ᠢᠳᠡᠵᠦ 
 ᠮᠠᠷᠭᠠᠰᠢ ᠶ᠋ᠢᠨ ᠡᠷᠲᠡ ᠪᠣᠯᠲᠠᠯ᠎ᠠ ᠤᠨᠲᠠᠵᠤ 
 ᠮᠠᠨᠳᠤᠬᠤ ᠨᠠᠷᠠᠨ ᠤ᠋ ᠦᠶᠡᠰ ᠢ᠋ᠶ᠋ᠡᠷ 
 ᠮᠡᠩᠳᠡ ᠰᠡᠩᠳᠡ ᠲᠦᠷᠴᠢᠭᠢᠨᠡᠵᠦ 
 ᠵᠡᠭᠦᠨ ᠬᠣᠢᠰᠢ ᠵᠦᠭᠯᠡᠵᠦ 
 ᠵᠡᠷᠭᠡᠴᠡᠭᠡ ᠪᠡᠷ ᠮᠣᠷᠳᠠᠨ ᠳᠠᠪᠬᠢᠪᠠ᠃ 
 ᠪᠠᠭ᠎ᠠ ᠦᠳᠡ ᠶ᠋ᠢᠨ ᠬᠢᠷᠢ  ᠳ᠋ᠦ᠍ 
 ᠪᠠᠭᠤᠭᠰᠠᠨ ᠬᠥᠰᠬᠡ ᠨᠢ ᠬᠥᠳᠡᠯᠦᠭᠰᠡᠨ ᠳ᠋ᠦ᠍ 
 ᠦᠨᠡᠰᠦᠨ ᠳ᠋ᠦ᠍ ᠤᠨᠲᠠᠭᠰᠠᠨ ᠬᠠᠷ᠎ᠠ ᠬᠦᠦ 
 ᠥᠩᠬᠥᠷᠢᠨ ᠮᠥᠯᠬᠥᠨ ᠪᠣᠰᠤᠭᠠᠳ 
 ᠦᠳᠡ ᠪᠣᠯᠲᠠᠯ᠎ᠠ ᠤᠨᠲᠠᠪᠠ ᠭᠡᠵᠦ 
 ᠦᠶᠡᠷ ᠪᠠᠭᠤᠲᠠᠯ᠎ᠠ ᠰᠢᠭᠡᠵᠦ 
 ᠲᠡᠷᠢᠭᠦᠨ ᠲᠦᠰᠢᠮᠡᠯ ᠳ᠋ᠦ᠍ ᠣᠴᠢᠵᠤ 
 ᠮᠣᠷᠢ ᠣᠷᠣᠯᠳᠣᠬᠤ ᠪᠣᠯᠪᠠᠤ ᠭᠡᠰᠡᠨ ᠳ᠋ᠦ᠍ 
 ᠲᠦᠰᠢᠮᠡᠯ ᠶᠡᠬᠡ ᠵᠠᠩᠨᠠᠵᠤ 
 ᠲᠥᠬᠥᠭᠡ ᠦᠭᠡᠢ ᠠᠭᠠᠰᠢᠯᠠᠵᠤ 
 ᠡᠴᠢᠭᠡ ᠪᠡᠨ ᠠᠯᠠᠭᠰᠠᠨ ᠬᠠᠷ᠎ᠠ ᠲᠣᠯᠣᠭᠠᠢ 
 ᠡᠬᠡ ᠪᠡᠨ ᠴᠠᠪᠴᠢᠭᠰᠠᠨ ᠪᠣᠷᠣ ᠲᠣᠯᠣᠭᠠᠢ ᠴᠢ 
 ᠬᠥᠮᠦᠨ ᠦ᠌ ᠮᠣᠷᠢ ᠶ᠋ᠢ ᠤᠨᠤᠵᠤ ᠪᠠᠢᠭᠠᠳ 
 ᠬᠥᠯᠴᠥᠭᠦᠷᠡᠨ ᠤᠨᠲᠠᠬᠤ ᠴᠢᠨᠢ ᠶᠠᠭᠤ ᠪᠣᠢ? ᠭᠡᠵᠦ 
 ᠬᠤᠷᠳᠤᠨ ᠮᠣᠷᠢᠨ ᠳ᠋ᠤᠨᠢ ᠮᠣᠷᠳᠠᠭᠤᠯᠵᠤ 
 ᠬᠣᠢᠨ᠎ᠠ ᠠ᠋ᠴᠠ ᠨᠢ ᠨᠡᠬᠡᠭᠦᠯᠵᠦ ᠢᠯᠡᠭᠡᠪᠡ᠃ 
 ᠰᠢᠭᠤᠳᠠᠢ ᠲᠠᠢ ᠦᠨᠡᠰᠦ ᠪᠡᠨ ᠲᠡᠪᠡᠷᠢᠵᠦ 
 ᠴᠤᠪᠤᠭᠤᠯᠤᠨ ᠬᠡᠳᠦ ᠭᠤᠶᠠᠳᠠᠭᠰᠠᠨ  ᠳ᠋ᠤ᠌ 
 ᠬᠠᠮᠠᠭᠤ ᠲᠠᠢ ᠪᠣᠷᠣ ᠳᠠᠭ᠎ᠠ ᠨᠢ 
 ᠬᠠᠮᠠᠷ ᠢ᠋ᠶ᠋ᠠᠨ ᠬᠡᠳᠦ ᠳᠤᠤᠭᠠᠷᠭᠠᠵᠤ 
 ᠬᠠᠲᠠᠭᠤ ᠬᠡᠳᠦ ᠲᠣᠢᠯᠠᠵᠤ 
 ᠬᠠᠷᠠᠵᠤ ᠪᠠᠢᠲᠠᠯ᠎ᠠ ᠭᠦᠢᠴᠡᠵᠦ 
 ᠬᠠᠭᠠᠨ ᠤ᠋ ᠮᠣᠷᠢᠳ ᠠ᠋ᠴᠠ ᠤᠷᠢᠲᠠᠵᠤ 
 ᠬᠠᠮᠤᠭ ᠤ᠋ᠨ ᠤᠷᠢᠳᠠ ᠨᠢ ᠭᠠᠷᠴᠤ 
 ᠬᠠᠷ᠎ᠠ ᠬᠦᠦ ᠡᠭᠡᠵᠦ ᠦᠵᠡᠭᠡᠳ 
 ᠬᠠᠪᠴᠢᠭᠰᠠᠨ ᠰᠢᠭᠤᠳᠠᠢ ᠪᠠᠨ ᠬᠠᠭᠠᠯᠤᠭᠰᠠᠨ ᠳ᠋ᠤ᠌ 
 ᠣᠭᠲᠠᠷᠭᠤᠢ ᠲᠤᠯᠤᠮ᠎ᠠ ᠮᠠᠨᠠᠨ ᠲᠠᠲᠠᠵᠤ 
 ᠤᠷᠤᠭᠰᠢᠯᠠᠬᠤ ᠵᠠᠮ ᠪᠠᠯᠠᠷᠠᠵᠤ 
 ᠨᠠᠷᠠᠨ ᠬᠠᠭᠠᠨ ᠤ᠋ ᠮᠣᠷᠢᠳ ᠨᠢ 
 ᠨᠠᠷᠭᠢᠯᠳᠤᠨ ᠲᠡᠨᠳᠡ ᠪᠡᠨ ᠬᠣᠴᠣᠷᠪᠠ᠃ 
 ᠵᠠ! ᠲᠡᠷᠡ ᠦᠷᠡᠰ ᠲᠦ᠋ᠨᠢ ᠨᠠᠷᠠᠨ ᠬᠠᠭᠠᠨ᠂ 
 ᠰᠠᠳᠤᠨ ᠲᠥᠷᠥᠯ ᠢ᠋ᠶ᠋ᠡᠷ ᠢ᠋ᠶ᠋ᠡᠨ ᠨᠠᠷᠢᠪᠴᠢᠯᠠᠬᠤ 
 ᠠᠰᠠᠷ ᠳᠡᠭᠡᠷ᠎ᠡ ᠭᠠᠷᠴᠤ 
 ᠳᠤᠷᠠᠨ ᠵᠢᠭᠰᠠᠭᠠᠨ ᠲᠠᠯᠪᠢᠵᠤ 
 ᠳᠤᠷᠠᠨᠳᠠᠨ ᠬᠠᠷᠠᠵᠤ ᠪᠠᠢᠭᠰᠠᠨ ᠳ᠋ᠤ᠌ 
 ᠤᠯᠠᠭᠠᠨ ᠨᠠᠷᠠᠨ ᠪᠤᠳᠠᠩᠳᠠᠵᠤ 
 ᠣᠭᠲᠠᠷᠭᠤᠢ ᠲᠤᠯᠤᠮ᠎ᠠ ᠮᠠᠨᠠᠨ ᠳᠡᠭᠳᠡᠵᠦ 
 ᠲᠡᠷᠡ ᠲᠣᠮᠣ ᠮᠠᠨᠠᠨ ᠤ᠋ ᠳᠣᠲᠣᠷ᠎ᠠ ᠠ᠋ᠴᠠ 
 ᠲᠡᠷᠢᠭᠦᠯᠡᠨ ᠨᠢᠭᠡᠨ ᠮᠣᠷᠢ ᠰᠤᠨᠵᠤ ᠢᠷᠡᠬᠦ ᠨᠢ 
 ᠬᠠᠷᠪᠤᠭᠰᠠᠨ ᠰᠤᠮᠤ ᠰᠢᠭ᠋ ᠬᠤᠷᠳᠤᠨ 
 ᠬᠠᠯᠢᠬᠤ ᠰᠢᠪᠠᠭᠤ ᠰᠢᠭ᠋ ᠲᠦᠷᠭᠡᠨ 
 ᠬᠠᠢᠪᠠᠢᠭᠠᠳ ᠤᠨᠠᠬᠤ ᠣᠳᠣᠨ ᠰᠢᠭ᠋ 
 ᠬᠠᠷᠰᠢᠯᠳᠤᠨ ᠴᠠᠬᠢᠯᠬᠤ ᠴᠠᠬᠢᠯᠭᠠᠨ ᠰᠢᠭ᠋ 
 ᠬᠠᠷᠴᠠᠭᠠᠢ ᠰᠢᠪᠠᠭᠤ ᠱᠤᠩᠭᠤᠬᠤ ᠰᠢᠭ᠋ 
 ᠬᠠᠷᠠᠢᠯᠠᠵᠤ ᠦᠰᠦᠷᠬᠦ ᠭᠥᠷᠥᠭᠡᠰᠦ ᠰᠢᠭ 
 ᠬᠠᠭᠠᠨ ᠭᠠᠷᠤᠳᠢ ᠶ᠋ᠢᠨ ᠨᠢᠰᠬᠦ ᠰᠢᠭ 
 ᠬᠠᠷᠠᠵᠤ ᠪᠠᠢᠲᠠᠯ᠎ᠠ ᠣᠢᠷᠠᠳᠴᠤ 
 ᠦᠵᠡᠵᠦ ᠪᠠᠢᠲᠠᠯ᠎ᠠ ᠥᠭᠡᠳᠡᠯᠡᠭᠰᠡᠨ ᠳ᠋ᠦ᠍ 
 ᠨᠠᠷᠠᠨ ᠬᠠᠭᠠᠨ ᠤ᠋ ᠰᠠᠳᠤᠨ ᠲᠥᠷᠥᠯ ᠨᠢ᠄ 
 《ᠬᠠᠲᠤᠨ ᠤ᠋ ᠬᠠᠯᠢᠭᠤᠨ ᠪᠣᠷᠣ ᠮᠣᠷᠢ 
 ᠬᠠᠮᠤᠭ ᠠ᠋ᠴᠠ ᠤᠷᠢᠲᠠᠪᠠ》 ᠭᠡᠵᠦ 
 ᠬᠠᠮᠢᠭᠠᠰᠢ ᠴᠢᠨᠠᠭᠰᠢ ᠭᠦᠶᠦᠯᠳᠦᠨ 
 ᠬᠠᠷ᠎ᠠ ᠪᠠᠷ᠎ᠠ ᠪᠠᠷᠬᠢᠷᠠᠯᠳᠤᠨ 
 ᠠᠯᠲᠠᠨ ᠮᠥᠩᠭᠥᠨ ᠭᠣᠬ᠎ᠠ ᠪᠠᠨ 
 ᠠᠯᠠᠭ᠎ᠠ ᠪᠦᠬᠦᠨ ᠳ᠋ᠡᠭᠡᠨ ᠠᠳᠬᠤᠵᠤ 
 ᠮᠣᠷᠢ ᠵᠤᠤᠵᠠᠢᠳᠠᠨ ᠵᠣᠭᠰᠣᠨ᠎ᠠ ᠭᠡᠵᠦ 
 ᠮᠣᠨᠴᠣᠭ ᠰᠠᠵᠢᠨ ᠬᠥᠭᠡᠷᠦᠯᠳᠦᠵᠦ ᠭᠡᠨ᠎ᠡ᠃ 
 ᠰᠢᠷᠡᠭᠡᠲᠦ ᠶ᠋ᠢᠨ ᠮᠡᠷᠭᠡᠨ ᠬᠠᠭᠠᠨ ᠬᠦᠦ 
 ᠰᠢᠳᠦᠯᠡᠩ ᠦᠬᠡᠷ ᠦ᠋ᠨ ᠬᠠᠪᠢᠷᠭ᠎ᠠ ᠶ᠋ᠢᠨ ᠪᠤᠷ᠎ᠠ ᠪᠠᠷᠢᠵᠤ 
 ᠥᠪᠡᠷ ᠦ᠋ᠨ ᠮᠣᠷᠢ ᠪᠠᠨ ᠵᠤᠤᠵᠠᠢᠳᠠᠨ ᠵᠣᠭᠰᠣᠭᠠᠨ᠎ᠠ ᠭᠡᠵᠦ 
 ᠦᠨᠡᠰᠦᠨ ᠣᠪᠣᠭᠠᠨ ᠳ᠋ᠤ᠌ ᠭᠠᠷᠴᠤ 
 ᠵᠡᠭᠦᠨ ᠡᠲᠡᠭᠡᠳ ᠢ᠋ᠶ᠋ᠡᠷ ᠭᠡᠵᠦ ᠬᠠᠰᠬᠢᠷᠤᠭᠰᠠᠨ ᠳ᠋ᠤ᠌ 
 ᠨᠠᠷᠠᠨ ᠬᠠᠭᠠᠨ ᠤ᠋ ᠤᠯᠤᠰ ᠤ᠋ᠳ ᠨᠢ 
 ᠪᠠᠷᠠᠭᠤᠨ ᠡᠲᠡᠭᠡᠳ ᠵᠡᠭᠦᠨ ᠡᠲᠡᠭᠡᠳ ᠪᠠᠷᠠᠭᠤᠨ ᠡᠲᠡᠭᠡᠳ ᠭᠡᠵᠦ 
 ᠵᠦᠭ ᠦᠭᠡᠢ ᠪᠠᠷᠬᠢᠷᠠᠯᠳᠤᠨ ᠪᠠᠢᠭᠰᠠᠨ ᠳ᠋ᠤ᠌ 
 ᠬᠠᠮᠠᠭᠤ ᠲᠠᠢ ᠪᠣᠷᠣ ᠳᠠᠭ᠎ᠠ ᠨᠢ 
 ᠬᠠᠭᠠᠨ ᠤ᠋ ᠤᠯᠤᠰ ᠠ᠋ᠴᠠ ᠵᠠᠢᠯᠠᠵᠤ 
 ᠦᠨᠡᠰᠦᠨ ᠣᠪᠣᠭᠠᠨ ᠤ᠋ ᠡᠰᠡᠷᠭᠦ 
 ᠥᠯᠮᠡᠢ ᠳᠠᠭᠠᠷᠢᠨ ᠢᠷᠡᠬᠦ ᠳ᠋ᠦ᠍ 
 ᠰᠢᠷᠡᠭᠡᠲᠦ ᠶ᠋ᠢᠨ ᠮᠡᠷᠭᠡᠨ ᠬᠠᠭᠠᠨ ᠬᠦᠦ 
 ᠰᠢᠳᠦᠯᠡᠩ ᠦᠬᠡᠷ ᠦ᠋ᠨ ᠪᠤᠷ᠎ᠠ ᠪᠠᠷ 
 ᠪᠣᠷᠣ ᠳᠠᠭ᠎ᠠ ᠪᠠᠨ ᠵᠤᠤᠵᠠᠢᠳᠠᠨ ᠭᠣᠬᠠᠳᠠᠭᠠᠳ 
 ᠪᠡᠶ᠎ᠡ ᠪᠡᠨ ᠭᠤᠷᠪᠠ ᠲᠣᠭᠣᠷᠢᠭᠤᠯᠵᠤ 
 ᠪᠠᠭ᠎ᠠ ᠰᠢᠭ᠋ ᠬᠠᠷ᠎ᠠ ᠬᠦᠦ ᠶ᠋ᠢ ᠪᠠᠭᠤᠯᠭᠠᠵᠤ  
 ᠪᠠᠵᠠᠢᠲᠠᠯ᠎ᠠ ᠲᠡᠪᠡᠷᠢᠨ ᠦᠨᠦᠰᠦᠭᠡᠳ᠄ 
 《ᠠᠨᠳᠠ ᠮᠢᠨᠢ ᠴᠢ ᠰᠠᠢᠨ ᠶᠠᠪᠤᠪᠠ !》 ᠭᠡᠵᠦ  
 ᠠᠯᠮᠠᠰ ᠪᠦᠯᠡᠵᠡᠭ ᠢ᠋ᠶ᠋ᠡᠨ ᠳᠤᠷᠠᠰᠬᠠᠭᠠᠳ᠂ 
 ᠨᠠᠷᠠᠨ ᠬᠠᠭᠠᠨ ᠳ᠋ᠤ᠌ ᠣᠴᠢᠵᠤ᠄ 
 《ᠲᠡᠷᠢᠭᠦᠨ ᠮᠥᠷᠥᠢ ᠣᠯᠪᠠ》 ᠭᠡᠰᠡᠨ ᠳ᠋ᠦ᠍ 
 《ᠳᠠᠷᠠᠭ᠎ᠠ ᠶ᠋ᠢᠨ ᠮᠥᠷᠥᠢ ᠳ᠋ᠦ᠍ ᠦᠵᠡᠶ᠎ᠡ》 ᠭᠡᠵᠦ 
 ᠳᠠᠮᠰᠠᠭ ᠰᠦᠷ ᠭᠠᠷᠭᠠᠵᠤ 
 ᠳᠠᠩᠬᠠᠯᠵᠠᠨ ᠰᠠᠵᠢᠵᠤ ᠪᠤᠴᠠᠭᠠᠳ 
 ᠬᠣᠪᠢᠨ ᠤ᠋ ᠪᠠᠭᠠᠲᠤᠷ ᠤ᠋ᠳ ᠢ᠋ᠶ᠋ᠠᠨ ᠤᠷᠢᠵᠤ 
 ᠬᠣᠶᠠᠳᠤᠭᠠᠷ ᠮᠥᠷᠥᠢ ᠶ᠋ᠢ ᠠᠪᠤᠶ᠎ᠠ ᠭᠡᠳ 
 ᠬᠣᠨᠢ ᠠᠯᠠᠨ ᠬᠤᠷᠢᠮᠯᠠᠵᠤ 
 ᠬᠤᠨᠳᠠᠭ᠎ᠠ ᠡᠷᠭᠦᠨ ᠠᠷᠢᠬᠢᠳᠠᠵᠤ 
 ᠰᠢᠷᠡᠭᠡᠲᠦ ᠶ᠋ᠢᠨ ᠮᠡᠷᠭᠡᠨ ᠬᠠᠭᠠᠨ ᠳ᠋ᠤ᠌᠄ 
 《ᠨᠤᠮᠤ ᠲᠠᠲᠠᠵᠤ ᠰᠤᠮᠤ ᠬᠠᠷᠪᠤᠶ᠎ᠠ》 ᠭᠡᠰᠡᠨ ᠳ᠋ᠦ᠍᠄ 
 《ᠶᠠᠮᠠᠷ ᠵᠢᠱ᠌ᠢᠶ᠎ᠡ ᠶ᠋ᠢᠨ ᠭᠠᠵᠠᠷ ᠠ᠋ᠴᠠ 
 ᠶᠠᠭᠤ ᠶ᠋ᠢ ᠲᠠᠯᠪᠢᠵᠤ ᠣᠨᠢᠯᠠᠬᠤ ᠪᠣᠢ?》 ᠭᠡᠰᠡᠨ ᠳ᠋ᠦ᠍᠄ 
 《ᠭᠤᠷᠪᠠᠨ ᠰᠠᠷ᠎ᠠ ᠶ᠋ᠢᠨ ᠵᠢᠱ᠌ᠢᠶᠡᠨ ᠦ᠌ ᠭᠠᠵᠠᠷ 
 ᠭᠤᠲᠤᠯ ᠪᠤᠰᠬᠠᠵᠤ ᠬᠠᠷᠪᠤᠳᠠᠭ》 ᠭᠡᠰᠡᠨ ᠳ᠋ᠦ᠍᠄ 
 《ᠡᠭᠦᠨ ᠢ᠋ ᠪᠠᠰᠠ ᠬᠠᠷᠪᠤᠪᠠ ᠭᠡᠵᠦ 
 ᠡᠭᠦᠷᠢᠳᠡ ᠶᠡᠷᠦ ᠪᠣᠳᠣᠳᠠᠭ ᠦᠭᠡᠢ᠃ 
 ᠮᠠᠨ ᠤ᠋ ᠨᠤᠲᠤᠭ  ᠲᠤ᠌ ᠪᠣᠯᠪᠠᠯ 
 ᠭᠤᠷᠪᠠᠨ ᠵᠢᠯ ᠦ᠋ᠨ ᠭᠠᠵᠠᠷ 
 ᠭᠣᠮᠣᠳᠠᠯ ᠦᠭᠡᠢ ᠲᠤᠰᠬᠠᠬᠤ ᠪᠥᠭᠡᠳ 
 ᠭᠣᠳᠣᠰ ᠵᠠᠮ ᠤ᠋ᠨ ᠬᠣᠭᠣᠷᠣᠨᠳᠣ ᠨᠢ 
 ᠬᠣᠨᠢᠨ ᠴᠢᠨᠡᠭᠡᠨ ᠴᠠᠭᠠᠨ ᠴᠢᠯᠠᠭᠤ 
 ᠦᠬᠡᠷ ᠦ᠋ᠨ ᠴᠢᠨᠡᠭᠡᠨ ᠬᠠᠷ᠎ᠠ ᠴᠢᠯᠠᠭᠤ 
 ᠬᠤᠪᠠᠬᠠᠢ ᠰᠡᠭᠦᠵᠢ ᠮᠥᠩᠭᠥᠨ ᠲᠡᠪᠡᠨᠡ
 ᠡᠴᠦᠰ ᠲᠦ᠋ᠨᠢ ᠠᠯᠲᠠᠨ ᠲᠡᠪᠡᠨᠡ 
 ᠡᠰᠢ ᠶ᠋ᠢ ᠨᠢ ᠲᠣᠩᠭᠣᠷᠤᠤ ᠬᠠᠳᠬᠤᠵᠤ 
 ᠦᠵᠦᠭᠦᠷ ᠲᠤᠨᠢ ᠰᠤᠮᠤ ᠪᠠᠨ ᠲᠣᠭᠲᠠᠭᠠᠳᠠᠭ》 ᠭᠡᠰᠡᠨ ᠳ᠋ᠦ᠍᠄ 
 《ᠴᠢᠨᠦ ᠰᠤᠮᠤ ᠬᠡᠳᠦᠢ ᠲᠣᠰᠪᠠᠯ 
 ᠮᠢᠨᠦ ᠪᠠᠭᠠᠲᠤᠷ ᠤ᠋ᠳ ᠪᠠᠰᠠ ᠬᠣᠯᠠᠳᠠᠭᠤᠯᠬᠤ ᠦᠭᠡᠢ》 ᠭᠡᠵᠦ 
 ᠪᠠᠢᠭᠰᠠᠨ ᠪᠡᠯᠡᠳᠬᠡᠯ ᠢ᠋ᠶ᠋ᠡᠨ ᠪᠦᠷᠢᠳᠬᠡᠵᠦ 
 ᠪᠠᠭᠠᠲᠤᠷ ᠤ᠋ᠳ ᠨᠢ ᠤᠷᠢᠳᠠᠪᠡᠷ ᠬᠠᠷᠪᠤᠭᠰᠠᠨ ᠳ᠋ᠤ᠌ 
 ᠰᠤᠮᠤ ᠨᠢ ᠦᠨᠡᠰᠦᠨ ᠣᠪᠣᠭ᠎ᠠ ᠶ᠋ᠢᠨ ᠴᠠᠭᠠᠲᠠᠢ 
 ᠭᠢᠯᠠᠰ ᠬᠢᠵᠦ ᠲᠤᠰᠪᠠ ᠭᠡᠨ᠎ᠡ᠃ 
 ᠰᠢᠷᠡᠭᠡᠲᠦ ᠶ᠋ᠢᠨ ᠮᠡᠷᠭᠡᠨ ᠬᠠᠭᠠᠨ ᠬᠦᠦ 
 ᠰᠢᠵᠢᠷ ᠠᠯᠲᠠᠨ ᠨᠤᠮᠤ ᠪᠠᠨ ᠡᠷᠭᠦᠵᠦ 
 ᠤᠷᠭᠤᠬᠤ ᠨᠠᠷᠠᠨ ᠤ᠋ ᠦᠶ᠎ᠡ ᠳ᠋ᠦ᠍ ᠲᠡᠯᠡᠵᠦ 
 ᠦᠳᠡ ᠶ᠋ᠢᠨ ᠨᠠᠷᠠᠨ ᠭᠣᠣᠯᠯᠠᠬᠤ ᠳ᠋ᠤ᠌ ᠲᠠᠯᠪᠢᠭᠰᠠᠨ ᠳ᠋ᠤ᠌ 
 ᠬᠣᠨᠢᠨ ᠴᠢᠨᠡᠭᠡᠨ ᠴᠠᠭᠠᠨ ᠴᠢᠯᠠᠭᠤ 
 ᠬᠣᠭ ᠰᠤᠭ ᠬᠡᠢᠰᠴᠦ 
 ᠦᠬᠡᠷ ᠦ᠋ᠨ ᠴᠢᠨᠡᠭᠡᠨ ᠬᠠᠷ᠎ᠠ ᠴᠢᠯᠠᠭᠤ  
 ᠤᠢᠷᠢ ᠰᠠᠢᠷᠢ ᠪᠣᠯᠵᠤ 
 ᠬᠤᠪᠠᠬᠠᠢ ᠰᠡᠭᠦᠵᠢ ᠶ᠋ᠢᠨ ᠰᠦᠪᠡᠭᠴᠢ ᠪᠡᠷ ᠣᠷᠣᠭᠤᠯᠵᠤ 
 ᠮᠥᠩᠭᠥᠨ ᠲᠡᠪᠡᠨᠡ ᠶ᠋ᠢᠨ ᠰᠠᠨᠵᠢ ᠪᠠᠷ ᠰᠢᠷᠭᠤᠭᠤᠯᠵᠤ 
 ᠠᠯᠲᠠᠨ ᠲᠡᠪᠡᠨᠡ ᠶ᠋ᠢᠨ ᠦᠵᠦᠭᠦᠷ ᠳᠡᠭᠡᠷ᠎ᠡ ᠨᠢ ᠲᠣᠭᠲᠠᠭᠠᠵᠤ 
 ᠬᠣᠶᠠᠳᠤᠭᠠᠷ ᠮᠥᠷᠥᠢ ᠶ᠋ᠢ ᠨᠢ ᠠᠪᠤᠪᠠ᠃ 
 ᠬᠠᠷᠠᠵᠤ ᠪᠠᠢᠲᠠᠯ᠎ᠠ ᠬᠣᠶᠠᠷ ᠮᠥᠷᠥᠢ 
 ᠬᠠᠭᠠᠨ ᠬᠦᠦ ᠶ᠋ᠢᠨ ᠪᠣᠯᠤᠭᠰᠠᠨ ᠳ᠋ᠤ᠌᠂ 
 ᠨᠠᠷᠠᠨ ᠬᠠᠭᠠᠨ ᠳᠣᠲᠣᠷ᠎ᠠ ᠪᠠᠨ ᠰᠠᠨᠳᠤᠷᠴᠤ 
 ᠨᠢᠭᠤᠴᠠ ᠪᠠᠷ ᠵᠠᠷᠤᠴᠠ ᠳᠠᠪᠬᠢᠭᠤᠯᠵᠤ 
 ᠭᠤᠷᠪᠠᠳᠤᠭᠠᠷ ᠮᠥᠷᠥᠢ ᠶ᠋ᠢ ᠪᠠᠲᠤᠯᠠᠶ᠎ᠠ ᠭᠡᠳ 
 ᠭᠣᠢᠳᠠ ᠪᠣᠳᠣᠯᠭ᠎ᠠ ᠲᠠᠯᠪᠢᠭᠠᠳ 
 ᠲᠩᠷᠢ ᠶ᠋ᠢᠨ ᠲᠡᠮᠦᠷ ᠬᠥᠬᠡ ᠪᠥᠬᠡ ᠶ᠋ᠢ ᠵᠠᠯᠠᠭᠰᠠᠨ ᠳ᠋ᠤ᠌ 
 ᠲᠡᠷᠡ ᠪᠥᠬᠡ ᠶ᠋ᠢᠨ ᠢᠷᠡᠬᠦ ᠨᠢ 
 ᠲᠡᠮᠦᠷ ᠠᠷᠠᠯᠲᠤ ᠲᠡᠷᠭᠡᠨ ᠳ᠋ᠡᠭᠡᠨ ᠰᠠᠭᠤᠵᠤ 
 ᠲᠡᠩᠴᠡᠰᠢ ᠦᠭᠡᠢ ᠪᠠᠷᠳᠠᠮᠨᠠᠵᠤ 
 ᠲᠡᠮᠦᠷ ᠬᠣᠶᠠᠷ ᠮᠠᠨᠴᠤᠷᠭ᠎ᠠ ᠪᠠᠷ 
 ᠳᠠᠯᠤ ᠮᠥᠷᠥ ᠪᠡᠨ ᠴᠣᠬᠢᠭᠤᠯᠵᠤ  
 ᠬᠤᠶᠠᠩ ᠶᠤᠭᠠᠨ ᠳᠠᠷᠠᠭᠤᠯᠵᠤ 
 ᠬᠣᠬᠣᠲᠣᠨᠠᠬᠤ ᠳᠠᠭᠤᠨ ᠬᠦᠩᠭᠢᠨᠡᠵᠦ 
 ᠰᠠᠪᠠ ᠮᠠᠯᠤ ᠲᠡᠪᠡᠷᠢᠵᠦ 
 ᠰᠠᠭᠠᠯᠢ ᠶ᠋ᠢᠨ ᠠᠷᠢᠬᠢ ᠤᠤᠭᠤᠵᠤ 
 ᠦᠬᠡᠷ ᠦ᠋ᠨ ᠭᠤᠶ᠎ᠠ ᠪᠠᠷᠢᠵᠤ 
 ᠡᠮᠬᠦ ᠡᠮᠬᠦ ᠪᠡᠷ ᠬᠣᠷᠣᠭᠳᠠᠭᠤᠯᠵᠤ 
 ᠦᠰᠦ ᠰᠠᠬᠠᠯ ᠢ᠋ᠶ᠋ᠠᠨ ᠰᠡᠷᠪᠡᠢᠯᠭᠡᠨ 
 ᠥᠨᠳᠥᠷ ᠳᠠᠭᠤᠨ ᠢ᠋ᠶ᠋ᠠᠷ ᠵᠠᠩᠳᠤᠷᠴᠤ 
 ᠡᠩᠭᠡᠷ ᠵᠠᠭᠠᠮ᠎ᠠ ᠪᠠᠨ ᠢᠷᠡᠵᠦ 
 ᠡᠪᠴᠢᠭᠦᠦ ᠴᠡᠭᠡᠵᠢ ᠪᠡᠨ ᠡᠭᠡᠭᠡᠵᠦ 
 ᠡᠵᠡᠨ ᠦ᠌ ᠮᠥᠷᠥᠢ ᠶ᠋ᠢ ᠪᠠᠲᠤᠯᠠᠬᠤ ᠳ᠋ᠤ᠌ 
 ᠡᠨᠡ ᠪᠡᠶ᠎ᠡ ᠶ᠋ᠢᠨ ᠬᠦᠴᠦ ᠪᠡᠨ ᠪᠠᠳᠠᠷᠠᠭᠤᠯᠬᠤ ᠳ᠋ᠤ᠌ 
 ᠭᠠᠷ ᠬᠣᠭᠣᠰᠣᠨ ᠳᠠᠪᠬᠢᠵᠤ ᠶᠠᠭᠠᠬᠢᠬᠤᠪ ᠭᠡᠳ 
 ᠭᠠᠳᠠᠨ᠎ᠠ ᠪᠠᠢᠭᠰᠠᠨ ᠬᠣᠨᠢ ᠶ᠋ᠢ ᠰᠢᠭᠦᠷᠡᠨ ᠪᠠᠷᠢᠵᠤ 
 ᠭᠠᠯᠵᠠᠭᠤᠷᠠᠭᠰᠠᠨ ᠮᠡᠲᠦ ᠮᠠᠭᠰᠢᠵᠤ 
 ᠭᠠᠵᠠᠷ ᠬᠠᠶᠠᠨ ᠴᠢᠯᠠᠭᠤᠳᠠᠭᠠᠳ 
 ᠰᠦᠷᠡᠬᠡᠢ ᠳᠠᠭᠤᠨ ᠢ᠋ᠶ᠋ᠠᠷ ᠪᠠᠷᠬᠢᠷᠠᠵᠤ 
 ᠰᠦᠷ ᠦᠵᠡᠭᠦᠯᠦᠨ ᠡᠷᠭᠢᠭᠡᠳ 
 ᠰᠦᠪᠡᠭᠡ ᠲᠤᠯᠵᠤ ᠠᠯᠴᠠᠢᠭᠠᠳ 
 ᠰᠦᠢᠳᠯᠡᠨ ᠲᠡᠷᠡ ᠵᠣᠭᠰᠣᠭᠰᠠᠨ ᠳ᠋ᠤ᠌ 
 ᠰᠢᠷᠡᠭᠡᠲᠦ ᠶ᠋ᠢᠨ ᠮᠡᠷᠭᠡᠨ ᠬᠠᠭᠠᠨ ᠬᠦᠦ 
 ᠰᠢᠪ ᠭᠡᠲᠡᠯ᠎ᠡ ᠪᠡᠯᠡᠳᠬᠡᠨ ᠲᠡᠭᠦᠰᠴᠦ 
 ᠭᠠᠷ ᠬᠣᠭᠣᠰᠣᠨ ᠪᠤᠤ ᠳᠠᠪᠬᠢᠶ᠎ᠠ ᠭᠡᠳ 
 ᠦᠨᠡᠰᠦᠨ ᠣᠪᠣᠭᠠᠨ ᠳ᠋ᠤ᠌ ᠬᠡᠪᠲᠡᠭᠰᠡᠨ 
 ᠬᠣᠮ ᠱᠠᠲᠤᠲᠠᠢ ᠬᠣᠶᠠᠷ ᠲᠡᠮᠡᠭᠡ ᠶ᠋ᠢ ᠪᠠᠷᠢᠵᠤ 
 ᠬᠤᠷᠤᠢᠯᠵᠠᠭᠰᠠᠨ ᠰᠠᠯᠬᠢᠨ ᠰᠢᠭ᠋ ᠳᠠᠪᠬᠢᠵᠤ 
 ᠬᠣᠲᠠᠯᠠᠭᠠᠷ ᠢ᠋ ᠨᠢᠭᠡ ᠲᠣᠭᠣᠷᠢᠵᠤ 
 ᠬᠣᠶᠠᠷ ᠲᠠᠢᠰᠢ ᠠᠪᠤᠨ ᠲᠠᠶᠠᠭᠳᠠᠭᠠᠳ 
 ᠲᠡᠮᠦᠷ ᠬᠥᠬᠡ ᠪᠥᠬᠡ ᠲᠡᠢ ᠵᠣᠯᠭᠠᠵᠤ 
 ᠲᠡᠭᠷᠢ ᠭᠠᠵᠠᠷ ᠨᠤᠷᠠᠲᠠᠯ᠎ᠠ ᠨᠣᠴᠣᠯᠳᠤᠵᠤ 
 ᠭᠠᠷ ᠭᠠᠷ ᠠ᠋ᠴᠠ ᠠᠳᠬᠤᠵᠤ 
 ᠭᠠᠵᠠᠷ ᠨᠤᠷᠠᠮᠠᠷ ᠲᠤᠯᠤᠯᠳᠤᠵᠤ 
 ᠵᠣᠳᠣᠭ ᠵᠣᠳᠣᠭ ᠠ᠋ᠴᠠ ᠪᠠᠨ ᠠᠪᠴᠤ 
 ᠵᠠᠭᠤᠷᠠᠯᠳᠤᠨ ᠬᠦᠩᠬᠦᠵᠦ ᠠᠴᠠᠯᠳᠤᠵᠤ 
 ᠴᠢᠳᠠᠯ ᠴᠢᠳᠠᠯ ᠢ᠋ᠶ᠋ᠠᠨ ᠭᠠᠷᠭᠠᠵᠤ 
 ᠴᠠᠯᠴᠢᠢᠲᠠᠯ᠎ᠠ ᠴᠠᠯᠴᠢᠢᠲᠠᠯ᠎ᠠ ᠳᠤᠭᠲᠤᠷᠴᠤ 
 ᠡᠷᠳᠡᠮ ᠮᠡᠬᠡ ᠪᠡᠨ ᠬᠡᠷᠡᠭᠯᠡᠨ 
 ᠡᠷᠭᠢᠲᠡᠯ᠎ᠡ ᠡᠷᠭᠢᠲᠡᠯ᠎ᠡ ᠬᠠᠪᠰᠤᠷᠴᠤ 
 ᠬᠦᠴᠦ ᠬᠦᠴᠦᠨ ᠢ᠋ᠶ᠋ᠡᠨ ᠲᠡᠩᠰᠡᠵᠦ 
 ᠬᠥᠯ ᠬᠥᠯ ᠢ᠋ᠶ᠋ᠡᠨ ᠭᠣᠬᠠᠳᠠᠵᠤ 
 ᠠᠳᠬᠤᠯᠴᠠᠭᠰᠠᠨ ᠭᠠᠵᠠᠷ ᠠ᠋ᠴᠠ ᠨᠢ 
 ᠠᠯᠲᠠᠨ ᠲᠣᠪᠣᠷᠤᠤ ᠨᠢ ᠪᠤᠲᠠᠷᠠᠨ 
 ᠤᠨᠠᠵᠤ ᠮᠤᠰᠬᠢᠯᠳᠤᠭᠰᠠᠨ ᠭᠠᠵᠠᠷ ᠠ᠋ᠴᠠ ᠨᠢ 
 ᠮᠥᠩᠭᠥᠨ ᠲᠣᠯᠢ ᠨᠢ ᠬᠣᠪᠬᠣᠷᠠᠵᠤ 
 ᠥᠨᠳᠥᠷ ᠠᠰᠠᠷ ᠢ᠋ ᠲᠣᠭᠣᠷᠢᠭᠤᠯᠤᠨ 
 ᠥᠷᠭᠡᠨ ᠬᠠᠷᠰᠢ ᠶ᠋ᠢ ᠡᠷᠭᠢᠵᠦ 
 ᠦᠬᠦᠨ ᠵᠠᠭᠤᠷᠠᠯᠳᠤᠨ ᠨᠣᠴᠣᠯᠳᠤᠵᠤ 
 ᠦᠳᠡ ᠶ᠋ᠢᠨ ᠬᠢᠷᠢ ᠪᠣᠯᠬᠤ ᠳ᠋ᠤ᠌ 
 ᠲᠡᠮᠦᠷ ᠬᠥᠬᠡ ᠪᠥᠬᠡ ᠲᠠᠮᠢᠷᠳᠠᠵᠤ 
 ᠲᠡᠮᠦᠷ ᠬᠥᠬᠡ ᠵᠣᠳᠣᠭ ᠨᠢ ᠬᠦᠨᠳᠦᠷᠡᠵᠦ 
 ᠲᠡᠭᠷᠢ ᠶ᠋ᠢᠨ ᠪᠥᠬᠡ ᠪᠣᠯᠪᠠᠴᠤ 
 ᠲᠡᠰᠬᠦ ᠲᠡᠩᠬᠡᠭᠡ ᠦᠭᠡᠢ ᠪᠣᠯᠵᠤ 
 ᠠᠯᠬᠤᠭ᠎ᠠ ᠭᠢᠰᠬᠢᠭᠡ ᠨᠢ ᠰᠠᠮᠠᠭᠤᠷᠠᠵᠤ 
 ᠠᠮᠢᠰᠬᠤᠭ᠎ᠠ ᠬᠡᠢ ᠨᠢ ᠳᠡᠭᠡᠷᠡᠳᠡᠵᠦ 
 ᠠᠯᠠᠭ ᠬᠣᠶᠠᠷ ᠨᠢᠳᠦ ᠨᠢ ᠡᠷᠭᠢᠯᠳᠦᠵᠦ 
 ᠠᠤᠭ᠎ᠠ ᠬᠦᠴᠦ ᠨᠢ ᠪᠠᠷᠠᠭᠳᠠᠭᠰᠠᠨ ᠳ᠋ᠤ᠌ 
 ᠰᠢᠷᠡᠭᠡᠲᠦ ᠶ᠋ᠢᠨ ᠮᠡᠷᠭᠡᠨ ᠬᠠᠭᠠᠨ ᠬᠦᠦ 
 ᠰᠢᠲᠦ ᠪᠡᠨ ᠵᠠᠭᠤᠨ ᠬᠦᠴᠦᠯᠡᠭᠡᠳ 
 ᠡᠮᠦᠰᠦᠭᠰᠡᠨ ᠵᠣᠳᠣᠭ ᠢ᠋ ᠨᠢ ᠬᠠᠩᠭᠠᠷᠠᠭᠤᠯᠵᠣ 
 ᠡᠪᠴᠢᠭᠦᠦ ᠴᠡᠭᠡᠵᠢ ᠶ᠋ᠢ ᠨᠢ ᠳᠣᠷᠭᠢᠭᠤᠯᠵᠤ 
 ᠡᠷᠭᠢᠭᠦᠯᠵᠦ ᠡᠷᠭᠢᠭᠦᠯᠵᠦ ᠪᠠᠢᠭᠠᠳ 
 ᠡᠷᠡᠬᠡᠢ ᠶ᠋ᠢᠨ ᠴᠢᠨᠡᠭᠡ ᠪᠣᠯᠭᠠᠵᠤ 
 ᠬᠤᠷᠤᠢᠯᠠᠵᠤ ᠬᠤᠷᠤᠢᠯᠠᠵᠤ ᠪᠠᠢᠭᠠᠳ 
 ᠬᠤᠷᠤᠭᠤ ᠶ᠋ᠢᠨ ᠲᠡᠳᠦᠢ ᠪᠣᠯᠭᠠᠵᠤ 
 ᠬᠠᠪᠴᠢᠯ ᠭᠠᠵᠠᠷ ᠤ᠋ᠨ ᠠᠩ ᠢ᠋ᠶ᠋ᠠᠷ 
 ᠬᠠᠶᠠᠨ ᠴᠣᠬᠢᠵᠤ ᠣᠷᠣᠭᠤᠯᠪᠠ᠃ 
 ᠨᠠᠷᠠᠨ ᠬᠠᠭᠠᠨ ᠢ᠋ ᠳᠠᠶᠠᠭᠠᠷ ᠢ᠋ᠶ᠋ᠠᠨ ᠦᠵᠡᠵᠦ 
 ᠨᠠᠷᠭᠢᠯᠳᠤᠨ ᠪᠦᠭᠦᠳᠡᠭᠡᠷ ᠭᠠᠢᠬᠠᠯᠳᠤᠵᠤ 
 ᠢᠯᠡᠢ ᠢᠯᠡᠢ ᠬᠥᠭᠡᠷᠦᠬᠦᠢ 
 ᠡᠰᠡᠯ᠎ᠡ ᠡᠰᠡᠯ᠎ᠡ ᠠᠯᠠᠪᠠ ᠭᠡᠳ 
 ᠬᠥᠮᠦᠨ ᠦ᠌ ᠰᠠᠢᠨ ᠪᠥᠬᠡ ᠶ᠋ᠢ 
 ᠬᠥᠨᠳᠡᠢ ᠳ᠋ᠦ᠍ ᠴᠣᠬᠢᠵᠤ ᠣᠷᠣᠭᠤᠯᠪᠠ ᠭᠡᠳ 
 ᠬᠦᠷᠵᠡ ᠬᠦᠷᠵᠡ ᠵᠡᠭᠡᠲᠦᠦ ᠵᠡᠭᠡᠲᠦᠦ 
 ᠬᠥᠩᠭᠡᠨ ᠮᠠᠯᠲᠠᠵᠤ ᠭᠠᠷᠭᠠᠶ᠎ᠠ ᠭᠡᠬᠦ ᠳ᠋ᠦ᠍ 
 ᠰᠢᠷᠡᠭᠡᠲᠦ ᠶ᠋ᠢᠨ ᠮᠡᠷᠭᠡᠨ ᠬᠠᠭᠠᠨ 
 ᠰᠢᠭᠡᠵᠡᠢ ᠬᠤᠷᠤᠭᠤ ᠪᠠᠷ ᠡᠯᠭᠦᠨ ᠡᠲᠡᠭᠰᠡᠨ ᠳ᠋ᠦ᠍ 
 ᠦᠨᠡᠰᠦᠨ ᠣᠪᠣᠭᠠᠨ ᠤ᠋ ᠴᠠᠭᠠᠨ᠎ᠠ ᠨᠢ 
 ᠪᠣᠯᠳᠣᠭ ᠭᠡᠵᠦ ᠦᠵᠡᠭᠳᠡᠭᠰᠡᠨ ᠭᠡᠨ᠎ᠡ᠃ 
 ᠪᠦᠭᠦᠳᠡ ᠭᠤᠷᠪᠠᠨ ᠮᠥᠷᠥᠢ ᠶ᠋ᠢ ᠨᠢ 
 ᠪᠤᠴᠠᠯ ᠦᠭᠡᠢ ᠢᠩᠭᠢᠵᠦ ᠠᠪᠤᠭᠠᠳ 
 ᠬᠡᠰᠢᠭ ᠲᠦ᠋ᠨᠢ ᠳᠠᠷᠤᠢ ᠮᠥᠷᠭᠥᠵᠦ 
 ᠭᠡᠭᠡᠷᠡᠲᠡᠯ᠎ᠡ ᠶᠡᠬᠡ ᠪᠠᠶᠠᠰᠬᠠᠵᠤ  
 ᠬᠢᠯᠠᠭᠤᠨ ᠮᠡᠷᠭᠡᠨ ᠭᠦᠩᠵᠦ ᠶ᠋ᠢ ᠨᠢ 
 ᠬᠠᠨᠢ ᠪᠠᠨ ᠪᠣᠯᠭᠠᠨ ᠲᠠᠲᠠᠭᠠᠳ 
 ᠬᠠᠭᠠᠨ ᠤ᠋ ᠲᠣᠮᠣ ᠪᠤᠶᠠᠨ ᠳᠡᠭᠡᠷ᠎ᠡ ᠨᠢ 
 ᠬᠠᠨᠲᠠᠯ᠎ᠠ ᠶᠡᠬᠡ ᠬᠤᠷᠢᠮᠯᠠᠵᠤ 
 ᠠᠪᠤ ᠶ᠋ᠢᠨ ᠨᠤᠲᠤᠭ ᠲᠠᠭᠠᠨ ᠪᠤᠴᠠᠬᠤ ᠪᠠᠷ 
 ᠠᠴᠢᠶ᠎ᠠ ᠬᠥᠰᠬᠡ ᠪᠡᠨ ᠬᠣᠮᠯᠠᠵᠤ  
 ᠪᠠᠭᠠᠰᠤᠨ ᠤ᠋ ᠵᠠᠷᠤᠴᠠ ᠪᠠᠢᠭᠰᠠᠨ 
 ᠪᠠᠭ᠎ᠠ ᠰᠢᠭ᠋ ᠬᠠᠷ᠎ᠠ ᠬᠦᠦ ᠪᠡᠷ 
 ᠲᠡᠷᠢᠭᠦᠨ ᠲᠦᠰᠢᠮᠡᠯ ᠪᠣᠯᠭᠠᠵᠤ 
 ᠲᠥᠷᠥ ᠪᠡᠨ ᠲᠥᠯᠥᠭᠡᠯᠡᠵᠦ ᠬᠦᠷᠭᠡᠭᠦᠯᠪᠡ ᠭᠡᠨ᠎ᠡ᠃ 
 ᠬᠥᠳᠡᠯᠦᠨ ᠭᠠᠷᠬᠤ ᠦᠶᠡᠰ ᠲᠤᠨᠢ 
 ᠬᠥᠭᠰᠢᠨ ᠬᠠᠭᠠᠨ ᠬᠠᠲᠤᠨ ᠲᠠᠢ ᠪᠠᠨ 
 ᠬᠦᠷᠭᠡᠨ ᠥᠬᠢᠨ ᠬᠣᠶᠠᠷ ᠲᠠᠭᠠᠨ 
 ᠬᠦᠨᠳᠦᠲᠦ ᠢᠷᠦᠭᠡᠯ ᠲᠠᠯᠪᠢᠭᠰᠠᠨ ᠨᠢ᠄ 
 《ᠭᠠᠷᠤᠭᠰᠠᠨ ᠭᠠᠵᠠᠷ ᠲᠤ᠌ ᠴᠢᠨᠢ 
 ᠭᠠᠮᠰᠢᠭ ᠠᠷᠢᠯᠵᠤ 
 ᠬᠦᠷᠦᠭᠰᠡᠨ ᠭᠠᠵᠠᠷ ᠲᠤ᠌ ᠴᠢᠨᠢ 
 ᠬᠥᠨᠥᠭᠡᠯ ᠠᠷᠢᠯᠤᠭ! 
 ᠶᠠᠪᠤᠭᠰᠠᠨ ᠭᠠᠵᠠᠷ ᠲᠤ᠌ ᠴᠢᠨᠢ 
 ᠶᠠᠷᠰᠢᠭ ᠠᠷᠢᠯᠵᠤ 
 ᠠᠶᠠᠯᠠᠭᠰᠠᠨ ᠭᠠᠵᠠᠷ ᠲᠤ᠌ ᠴᠢᠨᠢ 
 ᠠᠶᠤᠯ ᠠᠷᠢᠯᠤᠭ! 
 ᠬᠣᠨᠣᠭᠰᠠᠨ ᠭᠠᠵᠠᠷ ᠲᠤ᠌ ᠴᠢᠨᠢ 
 ᠬᠣᠣᠷᠯᠠᠯ ᠠᠷᠢᠯᠵᠤ 
 ᠦᠳᠡᠯᠡᠭᠰᠡᠨ ᠭᠠᠵᠠᠷ ᠲᠤ᠌ ᠴᠢᠨᠢ 
 ᠦᠬᠦᠯ ᠠᠷᠢᠯᠤᠭ! 
 ᠴᠢᠭᠯᠡᠭᠰᠡᠨ ᠭᠠᠵᠠᠷ ᠢ᠋ᠶ᠋ᠠᠷ ᠴᠢᠨᠢ 
 ᠴᠠᠰᠤ ᠲᠠᠭᠠᠷᠠᠬᠤ ᠦᠭᠡᠢ 
 ᠮᠣᠷᠳᠠᠭᠰᠠᠨ ᠭᠠᠵᠠᠷ ᠢ᠋ᠶ᠋ᠠᠷ ᠴᠢᠨᠢ 
 ᠮᠥᠨᠳᠥᠷ ᠲᠠᠭᠠᠷᠠᠬᠤ ᠦᠭᠡᠢ᠂ 
 ᠪᠠᠭᠤᠳᠠᠯᠯᠠᠭᠰᠠᠨ ᠭᠠᠵᠠᠷ ᠢ᠋ᠶ᠋ᠠᠷ ᠴᠢᠨᠢ 
 ᠪᠣᠷᠣᠭᠠᠨ ᠲᠠᠭᠠᠷᠠᠬᠤ ᠦᠭᠡᠢ᠂ 
 ᠰᠠᠭᠤᠳᠠᠯᠯᠠᠭᠰᠠᠨ ᠭᠠᠵᠠᠷ ᠢ᠋ᠶ᠋ᠠᠷ ᠴᠢᠨᠢ 
 ᠰᠠᠯᠬᠢᠨ ᠲᠠᠭᠠᠷᠠᠬᠤ ᠦᠭᠡᠢ᠂ 
 ᠥᠪᠡᠷ ᠵᠠᠭᠤᠷ᠎ᠠ ᠪᠠᠨ ᠨᠠᠢᠷ ᠲᠠᠢ
 ᠥᠯᠵᠡᠢ ᠮᠥᠷ ᠲᠡᠢ ᠬᠠᠷᠢ! 
 ᠦᠰᠦ ᠪᠡᠨ ᠴᠠᠢᠲᠠᠯ᠎ᠠ ᠶᠠᠪᠤᠵᠤ 
 ᠦᠷ᠎ᠡ ᠬᠡᠦᠬᠡᠳ ᠢ᠋ᠶ᠋ᠡᠨ ᠦᠷᠡᠵᠢᠭᠦᠯ! 
 ᠡᠴᠢᠭᠡ ᠶ᠋ᠢᠨ ᠨᠤᠲᠤᠭ ᠲᠠᠭᠠᠨ ᠣᠴᠢᠵᠤ 
 ᠡᠶᠡᠲᠡᠢ ᠢᠨᠠᠭᠯᠠᠵᠤ ᠠᠮᠢᠳᠤᠷᠠ! 
 ᠡᠬᠡ ᠣᠷᠣᠨ ᠳ᠋ᠠᠭᠠᠨ ᠬᠦᠷᠴᠦ 
 ᠡᠪ ᠲᠡᠢ ᠰᠠᠢᠬᠠᠨ ᠣᠨ ᠳ᠋ᠤ᠌ ᠣᠷᠣ! 
 ᠠᠶᠠᠨ ᠵᠠᠮ ᠳ᠋ᠠᠭᠠᠨ ᠠᠮᠤᠷᠬᠠᠨ ᠶᠠᠪᠤᠵᠤ 
 ᠠᠢᠯ ᠨᠤᠲᠤᠭ ᠲᠠᠭᠠᠨ ᠠᠯᠳᠠᠷᠲᠠᠢ ᠬᠥᠷ!》 ᠭᠡᠵᠦ 
 ᠠᠷᠢᠭᠤᠨ ᠢᠷᠦᠭᠡᠯ ᠢ᠋ᠶ᠋ᠡᠨ ᠲᠠᠯᠪᠢᠵᠤ 
 ᠠᠰᠬᠠᠷᠠᠭᠰᠠᠨ ᠨᠢᠯᠪᠤᠰᠤ ᠪᠠᠨ ᠤᠨᠠᠭᠠᠭᠠᠳ᠂ 
 ᠬᠠᠭᠠᠨ ᠬᠦᠦ ᠭᠢᠯᠠᠭᠤᠨ ᠮᠡᠷᠭᠡᠨ ᠭᠦᠩᠵᠦ ᠪᠡᠨ 
 ᠬᠠᠯᠠᠭᠤᠨ ᠨᠢᠯᠪᠤᠰᠤ ᠪᠠᠷ ᠢ᠋ᠶ᠋ᠠᠨ ᠦᠳᠡᠪᠡ ᠭᠡᠨ᠎ᠡ᠃  
 ᠬᠦᠷᠭᠡᠭᠦᠯ ᠦ᠋ᠨ ᠣᠯᠠᠨ ᠤᠯᠤᠰ ᠤ᠋ᠳ ᠨᠢ 
 ᠬᠦᠷᠢᠶᠡᠯᠡᠨ ᠲᠣᠭᠣᠷᠢᠵᠤ ᠶᠠᠪᠤᠭᠠᠳ 
 ᠡᠷᠡᠭᠲᠡᠢ ᠨᠢ ᠪᠠᠷᠠᠭᠤᠨ ᠳ᠋ᠤ᠌ ᠮᠥᠷᠯᠡᠵᠦ 
 ᠡᠮᠡᠭᠲᠡᠢ ᠨᠢ ᠵᠡᠭᠦᠨ ᠳ᠋ᠦ᠍ ᠮᠥᠷᠯᠡᠵᠦ 
 ᠡᠭᠡᠵᠦ ᠳᠠᠬᠢᠨ ᠪᠤᠴᠠᠶ᠎ᠠ ᠭᠡᠪᠡᠴᠦ 
 ᠡᠭᠡᠨᠡᠭᠲᠡ ᠡᠷᠭᠢᠵᠦ ᠪᠤᠴᠠᠬᠤ ᠦᠭᠡᠢ ᠳ᠋ᠦ᠍ 
 ᠬᠠᠮᠠᠭᠤ ᠲᠠᠢ ᠳᠠᠭ᠎ᠠ ᠪᠠᠨ ᠠᠯᠬᠤᠭᠤᠯᠵᠤ 
 ᠦᠨᠡᠰᠦᠨ ᠣᠪᠣᠭᠠᠨ ᠳᠡᠭᠡᠷ᠎ᠡ ᠨᠢ ᠣᠴᠢᠵᠤ 
 ᠥᠩᠬᠥᠷᠢᠭᠦᠯᠦᠨ ᠬᠤᠪᠢᠯᠭᠠᠭᠠᠳ 
 ᠶᠡᠷᠦ ᠬᠣᠯᠠ ᠶ᠋ᠢᠨ ᠪᠠᠢᠳᠠᠯ ᠲᠠᠢ 
 ᠬᠤᠯᠤᠰᠤᠨ ᠰᠢᠷᠭ᠎ᠠ ᠮᠣᠷᠢ ᠪᠠᠨ ᠪᠣᠯᠭᠠᠵᠤ 
 ᠪᠠᠷᠠᠭᠤᠨᠰᠢ ᠭᠤᠷᠪᠠ ᠡᠷᠭᠢᠭᠦᠯᠵᠦ 
 ᠪᠠᠷᠠᠭᠤᠨ ᠬᠠᠮᠠᠷ ᠢ᠋ᠶ᠋ᠠᠷ ᠨᠢ ᠲᠤᠷᠭᠢᠭᠤᠯᠤᠭᠰᠠᠨ ᠳ᠋ᠤ᠌ 
 ᠡᠷᠡᠭᠲᠡᠢᠴᠦᠳ ᠦ᠋ᠨ ᠡᠲᠡᠭᠡᠳ ᠲᠤᠨᠢ 
 ᠠᠯᠲᠠ ᠮᠥᠩᠭᠥ ᠥᠩᠭᠥᠷᠢᠳᠡᠭᠰᠡᠨ ᠳ᠋ᠦ᠍ 
 ᠡᠷᠡᠭᠲᠡᠢ ᠨᠢ ᠲᠡᠨᠳᠡ ᠪᠡᠨ ᠬᠣᠴᠣᠷᠪᠠ ᠭᠡᠨ᠎ᠡ᠃ 
 ᠵᠡᠭᠦᠨᠰᠢ ᠭᠤᠷᠪᠠ ᠡᠷᠭᠢᠭᠦᠯᠵᠦ 
 ᠵᠡᠭᠦᠨ ᠬᠠᠮᠠᠷ ᠢ᠋ᠶ᠋ᠠᠷ ᠨᠢ ᠲᠤᠷᠭᠢᠭᠤᠯᠤᠭᠰᠠᠨ ᠳ᠋ᠤ᠌ 
 ᠡᠮᠡᠭᠲᠡᠢᠴᠦᠳ ᠦ᠋ᠨ ᠡᠲᠡᠭᠡᠳ ᠲᠤᠨᠢ 
 ᠰᠤᠪᠤᠳ ᠲᠠᠨ᠎ᠠ ᠥᠩᠭᠥᠷᠢᠳᠡᠭᠰᠡᠨ ᠳ᠋ᠦ᠍ 
 ᠡᠮᠡᠭᠲᠡᠢ ᠨᠢ ᠲᠡᠨᠳᠡ ᠪᠡᠨ ᠬᠣᠴᠣᠷᠤᠭᠰᠠᠨ ᠳ᠋ᠤ᠌ 
 ᠰᠢᠷᠡᠭᠡᠲᠦ ᠶ᠋ᠢᠨ ᠮᠡᠷᠭᠡᠨ ᠬᠠᠭᠠᠨ ᠬᠦᠦ 
 ᠴᠢᠩᠭᠢᠵᠦ ᠴᠢᠨᠠᠭᠰᠢ ᠮᠣᠷᠳᠠᠭᠠᠳ 
 ᠢᠷᠡᠬᠦ ᠦᠶ᠎ᠡ ᠳ᠋ᠡᠭᠡᠨ ᠲᠠᠭᠠᠷᠠᠭᠰᠠᠨ 
 ᠢᠪᠡᠭᠡᠯ ᠲᠡᠢ ᠭᠤᠷᠪᠠᠨ ᠡᠷᠡᠭᠲᠡᠢ ᠡᠮᠡᠭᠲᠡᠢ ᠶ᠋ᠢ 
 ᠡᠶᠡᠯᠳᠡᠭ ᠢ᠋ᠶ᠋ᠡᠷ ᠨᠡᠢᠯᠡᠭᠦᠯᠦᠨ ᠳᠠᠭᠠᠭᠤᠯᠵᠤ 
 ᠬᠣᠪᠢᠨ ᠤ᠋ ᠣᠷᠣᠨ ᠵᠦᠭ ᠶᠠᠪᠤᠬᠤ ᠳ᠋ᠠᠭᠠᠨ 
 ᠡᠬᠡᠨᠡᠷ ᠲᠡᠭᠡᠨ ᠣᠴᠢᠵᠤ 
 ᠡᠴᠢᠭᠡ ᠡᠬᠡ ᠪᠡᠨ ᠰᠠᠨᠠᠭᠰᠠᠨ ᠢ᠋ᠶ᠋ᠠᠨ ᠬᠡᠯᠡᠵᠦ᠄ 
 《ᠪᠢ ᠤᠷᠢᠳᠠ ᠪᠠᠷ ᠬᠠᠷᠢᠶ᠎ᠠ ᠭᠡᠵᠦ᠃ 
 ᠳᠤᠭᠤᠢᠯᠠᠭᠰᠠᠨ ᠭᠠᠵᠠᠷ ᠮᠢᠨᠢ ᠦᠳᠡᠯᠡᠵᠦ 
 ᠳᠥᠷᠪᠡᠯᠵᠢᠯᠡᠭᠰᠡᠨ ᠭᠠᠵᠠᠷ ᠮᠢᠨᠢ ᠬᠣᠨᠣᠵᠤ ᠶᠠᠪᠤᠭᠠᠷᠠᠢ!》 ᠭᠡᠳ 
 ᠡᠬᠡᠨᠡᠷ ᠢ᠋ᠶ᠋ᠡᠨ ᠦᠨᠦᠰᠦᠨ ᠰᠠᠯᠵᠤ 
 ᠡᠴᠢᠭᠡ ᠶ᠋ᠢᠨ ᠨᠤᠲᠤᠭ ᠲᠠᠭᠠᠨ ᠢᠷᠡᠭᠰᠡᠨ ᠳ᠋ᠦ᠍᠂ 
 ᠢᠰᠡᠭᠡᠢ ᠭᠡᠷ ᠦ᠋ᠳ ᠨᠢ ᠬᠠᠷᠠᠯᠠᠵᠤ 
 ᠢᠯᠢᠮ ᠵᠢᠯᠢᠮ ᠪᠣᠯᠤᠭᠰᠠᠨ ᠳ᠋ᠤ᠌ 
 ᠡᠪᠴᠢᠭᠦᠦ ᠴᠡᠭᠡᠵᠢ ᠨᠢ ᠪᠤᠬᠢᠨᠢᠳᠤᠵᠤ᠄ 
 ᠡᠵᠢ ᠠᠪᠤ ᠮᠢᠨᠢ! ᠭᠡᠵᠦ ᠤᠬᠢᠯᠠᠬᠤ ᠳ᠋ᠤ᠌ 
 ᠡᠯᠢᠶ᠎ᠡ ᠱᠠᠭᠠᠵᠠᠭᠠᠢ ᠰᠣᠴᠢᠵᠤ 
 ᠡᠷᠭᠢᠨ ᠲᠣᠭᠣᠷᠢᠨ ᠨᠢᠰᠦᠭᠰᠡᠨ ᠳ᠋ᠦ᠍ 
 ᠬᠠᠭᠠᠨ ᠬᠦᠦ ᠶ᠋ᠢᠨ ᠳᠣᠲᠣᠷ᠎ᠠ ᠨᠢ ᠬᠠᠷᠠᠯᠠᠵᠤ 
 ᠬᠠᠯᠠᠭᠤᠨ ᠨᠢᠯᠪᠤᠰᠤ ᠨᠢ ᠠᠰᠬᠠᠷᠠᠵᠤ 
 ᠬᠠᠮᠤᠭ ᠢ᠋ ᠲᠣᠭᠣᠷᠢᠨ ᠶᠠᠪᠤᠵᠤ 
 ᠬᠠᠷᠠᠵᠤ ᠰᠢᠨᠵᠢᠨ ᠪᠠᠢᠭᠰᠠᠨ ᠳ᠋ᠤ᠌ 
 ᠳᠠᠯᠤ ᠶ᠋ᠢᠨ ᠶᠠᠰᠤ ᠲᠠᠭᠠᠷᠠᠵᠤ 
 ᠲᠡᠷᠡ ᠳᠠᠯᠤ ᠳᠡᠭᠡᠷ᠎ᠡ ᠨᠢ ᠪᠢᠴᠢᠭᠳᠡᠵᠦ ᠪᠠᠢᠬᠤ ᠨᠢ᠄ 
 《ᠵᠦᠭ ᠦ᠋ᠨ ᠮᠠᠭᠤ ᠡᠲᠡᠭᠡᠳ 
 ᠵᠡᠭᠦᠨ ᠬᠣᠢᠲᠤ ᠵᠦᠭ ᠡᠴᠡ 
 ᠢᠷᠣᠭᠠᠷ ᠦᠭᠡᠢ ᠳᠠᠯᠠᠢ ᠠ᠋ᠴᠠ 
 ᠶᠣᠳᠠᠷ ᠤ᠋ᠨ ᠭᠤᠷᠪᠠᠨ ᠮᠣᠳᠣᠨ ᠠ᠋ᠴᠠ 
 ᠬᠥᠯ ᠦ᠋ᠨ ᠬᠢᠨᠢ ᠬᠢᠮᠤᠰᠤ ᠨᠢ 
 ᠬᠥᠳᠡᠭᠡ ᠲᠡᠢᠰᠢ ᠤᠷᠭᠤᠵᠤ 
 ᠬᠢᠷᠥᠭᠡ ᠣᠭᠣᠯᠢ ᠪᠣᠯᠤᠭᠰᠠᠨ 
 ᠭᠠᠷ ᠤ᠋ᠨ ᠬᠢᠨᠢ ᠬᠢᠮᠤᠰᠤ ᠨᠢ 
 ᠭᠠᠳᠠᠭᠰᠢ ᠳᠣᠲᠣᠭᠰᠢ ᠤᠷᠭᠤᠵᠤ 
 ᠭᠠᠪᠠ ᠳᠥᠩᠭᠡ ᠪᠣᠯᠤᠭᠰᠠᠨ 
 ᠬᠥᠬᠡ ᠡᠷᠢᠶᠡᠨ ᠨᠢᠳᠦ ᠲᠡᠢ 
 ᠬᠦᠷᠡᠩ ᠠᠯᠠᠭ ᠬᠠᠴᠠᠷ ᠲᠠᠢ 
 ᠬᠥᠮᠦᠨ ᠦ᠌ ᠮᠢᠬ᠎ᠠ ᠶ᠋ᠢ ᠢᠳᠡᠳᠡᠭ 
 ᠬᠡᠦᠬᠡᠳ ᠦ᠋ᠨ ᠮᠢᠬ᠎ᠠ ᠶ᠋ᠢ ᠵᠣᠭᠣᠭᠯᠠᠳᠠᠭ 
 ᠠᠷᠪᠠᠨ ᠬᠣᠶᠠᠷ ᠲᠣᠯᠣᠭᠠᠢ ᠲᠠᠢ 
 ᠠᠲᠤᠭᠠᠷ ᠬᠠᠷ᠎ᠠ ᠮᠠᠩᠭᠤᠰ ᠢᠷᠡᠵᠦ 
 ᠠᠪᠤ ᠡᠵᠢ ᠶ᠋ᠢ ᠴᠢᠨᠢ ᠰᠢᠭᠦᠷᠡᠵᠦ 
 ᠠᠷᠠᠳ ᠣᠯᠠᠨ ᠢ᠋ ᠴᠢᠨᠢ ᠠᠯᠪᠠᠳᠠᠵᠤ 
 ᠭᠠᠯ ᠭᠣᠯᠣᠮᠲᠠ ᠶ᠋ᠢ ᠴᠢᠨᠢ ᠰᠥᠨᠥᠭᠡᠵᠦ 
 ᠭᠠᠢᠬᠠᠯᠳᠤ ᠤᠯᠤᠰ ᠢ᠋ ᠴᠢᠨᠢ ᠳᠦᠢᠪᠡᠭᠡᠪᠡ᠃ 
 ᠠᠴᠢᠲᠤ ᠮᠡᠷᠭᠡᠨ ᠬᠦᠦ ᠮᠢᠨᠢ ᠴᠢ 
 ᠠᠪᠤ ᠡᠵᠢ ᠶ᠋ᠢᠨ ᠢ᠋ᠶ᠋ᠡᠨ ᠬᠣᠢᠨ᠎ᠠ ᠠ᠋ᠴᠠ ᠶᠠᠪᠤᠵᠤ 
 ᠠᠷᠠᠳ ᠣᠯᠠᠨ ᠢ᠋ᠶ᠋ᠠᠨ 
 ᠠᠯᠪᠠᠳᠠᠭᠤᠯᠬᠤ ᠠ᠋ᠴᠠ ᠭᠠᠷᠭᠠᠶ᠎ᠠ ᠭᠡᠪᠡᠯ 
 ᠠᠮᠢ ᠪᠡᠶ᠎ᠡ ᠪᠡᠨ ᠭᠡᠭᠡᠨ᠎ᠡ᠃ 
 ᠴᠢᠩᠭᠢᠬᠦ ᠡᠴᠡ ᠠᠢᠯ ᠭᠡᠷ ᠢ᠋ᠶ᠋ᠡᠨ ᠪᠦᠲᠦᠭᠡᠵᠦ 
 ᠠᠯᠲᠠᠨ ᠲᠥᠷᠥ ᠪᠡᠨ ᠪᠠᠢᠭᠤᠯᠤᠨ ᠰᠠᠭᠤᠭᠠᠷᠠᠢ!》 ᠭᠡᠵᠦ 
 ᠳᠠᠬᠢᠨ ᠳᠠᠪᠲᠠᠨ ᠪᠢᠴᠢᠭᠰᠡᠨ ᠢ᠋ ᠦᠵᠡᠭᠡᠳ 
 ᠠᠭᠤᠷ ᠨᠢ ᠳᠡᠭᠳᠡᠵᠦ 
 ᠠᠭᠠᠷ ᠲᠤ᠌ ᠲᠤᠯᠤᠭᠠᠳ 
 ᠠᠯᠠᠶ᠎ᠠ ᠭᠡᠰᠡᠨ ᠰᠡᠳᠬᠢᠯ 
 ᠠᠶᠤᠤᠯᠢᠬᠠᠢ ᠳᠦᠭᠦᠷᠴᠦ 
 ᠪᠠᠷᠤᠢᠭᠰᠠᠨ ᠬᠢᠯᠢᠩ ᠨᠢ ᠳᠡᠭᠳᠡᠵᠦ 
 ᠪᠣᠭᠳᠠ ᠠᠭᠤᠯᠠᠨ ᠳ᠋ᠤ᠌ ᠲᠤᠯᠤᠭᠠᠳ 
 ᠪᠦᠷᠢᠯᠭᠡᠶ᠎ᠡ ᠭᠡᠰᠡᠨ ᠰᠡᠳᠬᠢᠯ 
 ᠪᠠᠭᠠᠯᠵᠤᠤᠷ ᠲᠤᠨᠢ ᠪᠥᠭᠯᠡᠷᠡᠵᠦ 
 ᠶᠡᠷᠦ ᠬᠣᠯᠠ ᠶ᠋ᠢᠨ ᠪᠠᠢᠳᠠᠯ ᠲᠠᠢ 
 ᠬᠤᠯᠤᠰᠤᠨ ᠰᠢᠷᠭ᠎ᠠ ᠮᠣᠷᠢᠨ ᠠ᠋ᠴᠠ ᠪᠠᠨ᠄ 
 《ᠮᠠᠩᠭᠤᠰ ᠤ᠋ᠨ ᠣᠷᠣᠨ ᠳ᠋ᠤ᠌ ᠣᠴᠢᠬᠤ ᠳ᠋ᠤ᠌ 
 ᠮᠠᠭᠠᠳ ᠡᠨᠳᠡᠭᠳᠡᠯ ᠪᠠᠢᠨ᠎ᠠ ᠤᠤ?》 ᠭᠡᠰᠡᠨ ᠳ᠋ᠦ᠍ 
 ᠮᠣᠷᠢ ᠨᠢ ᠢᠩᠭᠢᠵᠦ ᠬᠠᠷᠢᠭᠤᠯᠤᠭᠰᠠᠨ ᠨᠢ᠄ 
 《ᠵᠣᠷᠢᠭ ᠪᠠᠢᠪᠠᠯ ᠡᠵᠡᠨ ᠮᠢᠨᠢ 
 ᠵᠠᠭᠤ ᠬᠦᠷᠴᠦ ᠪᠣᠯᠤᠨ᠎ᠠ᠃ 
 ᠶᠠᠳᠠᠷᠠᠬᠤ ᠳ᠋ᠤ᠌ ᠪᠤᠤ ᠮᠤᠬᠤᠷ ᠠ᠋! 
 ᠶᠠᠪᠤᠬᠤ ᠪᠠᠨ ᠮᠡᠳᠡ》 ᠭᠡᠳ᠂ 
 ᠵᠡᠭᠦᠨ ᠬᠣᠢᠰᠢ ᠵᠦᠭᠯᠡᠵᠦ 
 ᠵᠢᠭᠦᠷᠲᠡᠨ ᠰᠢᠪᠠᠭᠤ ᠲᠠᠢ ᠤᠷᠤᠯᠳᠤᠵᠤ 
 ᠰᠠᠯᠬᠢᠨ ᠪᠣᠷᠣᠭᠠᠨ ᠳ᠋ᠤ᠌ ᠱᠤᠩᠪᠠᠵᠤ 
 ᠴᠠᠰᠤ ᠯᠠᠪᠰᠠᠨ ᠳ᠋ᠤ᠌ ᠰᠢᠷᠭᠤᠨ 
 ᠠᠭᠤᠯᠠ ᠰᠢᠯᠢ ᠶ᠋ᠢ ᠥᠩᠭᠡᠷᠡᠭᠡᠵᠦ 
 ᠠᠭᠤᠳᠠᠮ ᠲᠠᠯ᠎ᠠ ᠶ᠋ᠢ ᠲᠤᠭᠤᠯᠵᠤ 
 ᠬᠦᠢᠲᠡᠨ ᠣᠷᠣᠨ ᠳ᠋ᠤ᠌ ᠲᠤᠯᠵᠤ 
 ᠮᠥᠰᠥᠨ ᠠᠭᠤᠯᠠ ᠶ᠋ᠢ ᠬᠡᠰᠦᠵᠦ 
 ᠴᠠᠭ ᠢ᠋ ᠰᠢᠬᠠᠵᠤ  
 ᠡᠳᠦᠷ ᠢ᠋ ᠤᠭᠲᠤᠭᠠᠳ 
 ᠵᠢᠯ ᠢ᠋ ᠰᠠᠷ᠎ᠠ ᠪᠠᠷ ᠳᠠᠪᠬᠢᠵᠤ 
 ᠰᠠᠷ᠎ᠠ ᠶ᠋ᠢ ᠡᠳᠦᠷ ᠢ᠋ᠶ᠋ᠡᠷ ᠲᠣᠪᠴᠢᠯᠠᠵᠤ 
 ᠡᠳᠦᠷ ᠢ᠋ ᠴᠠᠭ ᠢ᠋ᠶ᠋ᠠᠷ ᠨᠤᠭᠤᠯᠵᠤ  
 ᠴᠠᠭ ᠢ᠋ ᠮᠥᠴᠡ ᠪᠡᠷ ᠬᠤᠷᠢᠶᠠᠵᠤ 
 ᠢᠷᠣᠭᠠᠷ ᠦᠭᠡᠢ ᠳᠠᠯᠠᠢ 
 ᠶᠣᠳᠠᠷ ᠤ᠋ᠨ ᠭᠤᠷᠪᠠᠨ ᠮᠣᠳᠣᠨ ᠤ᠋ 
 ᠪᠤᠷᠵᠢᠭᠠᠷ ᠬᠠᠷ᠎ᠠ ᠮᠠᠩᠭᠤᠰ ᠤ᠋ᠨ 
 ᠪᠤᠵᠠᠷ ᠨᠤᠲᠤᠭ ᠲᠤᠨᠢ ᠬᠦᠷᠴᠦ  
 ᠳᠥᠷᠥᠭᠡ ᠴᠣᠬᠢᠨ ᠬᠠᠩᠭᠢᠨᠠᠭᠤᠯᠵᠤ 
 ᠳᠥᠷᠪᠡᠨ ᠵᠦᠭ ᠠᠵᠢᠭᠯᠠᠨ ᠶᠠᠪᠤᠬᠤ ᠳ᠋ᠤ᠌ 
 ᠡᠪᠦᠭᠡᠨ ᠬᠥᠭᠰᠢᠨ ᠬᠣᠶᠠᠷ 
 ᠴᠥᠭᠡᠨ ᠲᠣᠭ᠎ᠠ ᠲᠠᠢ ᠬᠣᠨᠢ ᠬᠥᠭᠡᠭᠡᠵᠦ 
 ᠡᠮᠦᠰᠴᠦ ᠡᠳ᠋ᠯᠡᠭᠰᠡᠨ ᠬᠤᠪᠴᠠᠰᠤ ᠨᠢ 
 ᠤᠨᠵᠢᠢᠨ ᠨᠡᠪᠲᠡᠷᠡᠨ ᠤᠷᠠᠭᠳᠠᠵᠤ 
 ᠲᠠᠪᠤᠨ ᠬᠠᠭᠠᠨ ᠤ᠋ ᠤᠬᠤᠨ᠎ᠠ ᠰᠢᠭ᠋ 
 ᠲᠠᠮᠢᠷᠳᠠᠨ ᠮᠠᠢᠭᠠᠵᠤ ᠶᠠᠪᠤᠨ᠎ᠠ᠃ 
 ᠣᠢᠷ᠎ᠠ ᠣᠴᠢᠵᠤ ᠦᠵᠡᠭᠰᠡᠨ ᠳ᠋ᠦ᠍ 
 ᠥᠭᠡᠷ᠎ᠡ ᠬᠥᠮᠦᠨ ᠪᠢᠰᠢ 
 ᠬᠠᠭᠠᠨ ᠲᠡᠭᠦᠰ ᠦ᠋ᠨ ᠪᠡᠶ᠎ᠡ 
 ᠬᠠᠯᠭᠤᠤ ᠦᠭᠡᠢ ᠮᠥᠨ ᠭᠡᠨ᠎ᠡ᠃ 


                   ※ ᠦᠰᠦᠭ ᠠᠮᠢᠯᠠᠭᠤᠯᠤᠭᠴᠢ᠄  ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂ 
                                                   ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂ 
                                                   ᠪᠠᠢ·ᠰᠠᠷᠠᠨ᠎ᠠ᠂ ᠬᠡᠷᠡᠢᠳ· ᠮᠥᠩᠬᠡᠨᠠᠰᠤᠨ᠂ ᠮᠥᠩᠭᠥᠨ  
               ※ ᠬᠢᠨᠠᠭᠴᠢ᠄ ᠣᠳᠬᠠᠨᠰᠣ᠎ᠠ᠂  ᠪᠠᠯ᠂ ᠡᠭᠦᠯᠡᠩᠬᠤᠸᠠᠷ᠂ ᠤᠷᠠᠨᠴᠢᠮᠡᠭ᠂ ᠭᠠᠷᠮ᠎ᠠ᠂ ᠰᠡᠬᠡᠭᠡᠷᠡᠯ᠂ 
                                   ᠨᠠᠷᠠᠨ᠂ ᠪᠠᠯᠤᠰᠦᠭ᠂ ᠬᠡᠯᠡᠰᠣᠶᠣᠯ