ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 3 Шинэлам – 3-р бүлэг᠂ Шинэлмийн зэвсэгт тэмцэл 3 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 3 Шинэлам – 3-р бүлэг᠂ Шинэлмийн зэвсэгт тэмцэл 3

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 3 Шинэлам – 3-р бүлэг᠂ Шинэлмийн зэвсэгт тэмцэл 3

ᠠᠩᠭᠢᠯᠠᠯ:ᠲᠡᠦᠬᠡ ᠰᠣᠶᠣᠯ
2025-11-08

167

ᠭᠤᠷᠪᠠ᠂ ᠬᠠᠨᠳᠤᠭᠰᠠᠨ ᠵᠦᠭ ᠲᠦ᠍ ᠳᠠᠢᠰᠤᠨ ᠦᠭᠡᠢ ᠢᠯᠠᠯᠲᠠ ᠶ᠋ᠢ ᠥᠭᠦᠯᠡᠬᠦ ᠨᠢ


       ᠭᠤᠷᠪᠠᠳᠤᠭᠠᠷ ᠰᠡᠷᠭᠡᠢᠯᠡᠯᠲᠡ ᠶ᠋ᠢᠨ ᠲᠣᠭᠣᠷᠢᠭ ᠤ᠋ᠨ ᠰᠧᠯᠢᠩ᠂ ᠱᠠᠨᠪᠧᠢ ᠶ᠋ᠢᠨ ᠤᠮᠠᠷᠠᠲᠤ ᠬᠢᠵᠠᠭᠠᠷ ᠢ᠋ ᠰᠠᠬᠢᠨ ᠬᠠᠮᠠᠭᠠᠯᠠᠬᠤ ᠶᠡᠬᠡ ᠲᠦᠰᠢᠮᠡᠯ ᠵᠢᠩ ᠶᠤᠸᠠᠢ ᠰᠢᠦ ᠶ᠋ᠢᠨ ᠰᠢᠭᠤᠳ ᠵᠢᠯᠣᠭᠣᠳᠤᠭᠰᠠᠨ ᠬᠡᠳᠦᠨ ᠮᠢᠩᠭᠠᠨ ᠴᠡᠷᠢᠭ ᠦ᠋ᠨ ᠬᠣᠷᠢ ᠰᠢᠬᠠᠮ ᠤᠳᠠᠭᠠᠨ ᠤ᠋ ᠲᠦᠷᠢᠮᠡᠬᠡᠢᠯᠡᠯ ᠦ᠋ᠨ ᠴᠢᠨᠠᠷ ᠲᠠᠢ ᠪᠠᠢᠯᠳᠤᠭᠠᠨ᠂ ᠰᠢᠨᠡᠯᠡᠮ᠎ᠡ ᠶ᠋ᠢᠨ ᠵᠢᠯᠣᠭᠣᠳᠤᠭᠰᠠᠨ ᠬᠥᠳᠡᠭᠡ ᠶ᠋ᠢᠨ ᠪᠣᠷᠣ ᠮᠥᠷ ᠲᠡᠭᠡᠨ ᠬᠤᠪᠢ ᠪᠠᠨ ᠢᠳᠡᠵᠦ ᠬᠣᠯᠠ ᠪᠠᠨ ᠤᠨᠤᠭᠰᠠᠨ ᠦᠦᠰᠢᠨ ᠨᠤᠲᠤᠭ ᠤᠰᠤ ᠪᠠᠨ ᠬᠠᠮᠠᠭᠠᠯᠠᠵᠤ ᠶᠠᠪᠤᠭᠰᠠᠨ ᠵᠠᠭᠤ ᠭᠠᠷᠤᠢᠬᠠᠨ ᠮᠣᠷᠢᠲᠤ ᠴᠡᠷᠢᠭ ᠲᠦ᠍ ᠪᠦᠬᠦᠨ ᠢ᠋ᠶ᠋ᠡᠷ ᠢ᠋ᠶ᠋ᠡᠨ ᠢᠯᠠᠭᠳᠠᠭᠰᠠᠨ ᠢ᠋ ᠦᠨᠡᠨ ᠭᠠᠢᠬᠠᠮᠠᠷ ᠪᠢᠯᠡ᠃  
       ᠲᠤᠬᠠᠢ ᠶ᠋ᠢᠨ ᠦᠶ᠎ᠡ ᠳ᠋ᠦ᠍ ᠵᠢᠩ ᠶᠤᠸᠠᠢ ᠰᠢᠦ ᠶ᠋ᠢᠨ ᠢᠯᠠᠭᠳᠠᠯ ᠪᠠ ᠰᠢᠨᠠᠯᠠᠮ᠎ᠠ ᠶ᠋ᠢᠨ ᠢᠯᠠᠯᠲᠠ ᠶ᠋ᠢ ᠳ᠋ᠦᠩᠨᠡᠵᠦ ᠲᠡᠮᠳᠡᠭᠯᠡᠭᠰᠡᠨ ᠳ᠋ᠦᠩᠨᠡᠯᠲᠡ ᠪᠤᠶᠤ ᠲᠡᠮᠳᠡᠭᠯᠡᠯ ᠦ᠋ᠳ ᠮᠢᠨᠦ ᠬᠢᠵᠠᠭᠠᠷ ᠲᠠᠢ ᠬᠠᠷᠠᠭᠠᠨ ᠳ᠋ᠤᠷ ᠬᠠᠷᠠᠬᠠᠨ ᠬᠠᠷᠠᠭᠳᠠᠭ᠎ᠠ ᠦᠭᠡᠢ ᠲᠤᠯᠠ ᠰᠢᠨᠡᠯᠡᠮ᠎ᠡ ᠶ᠋ᠢᠨ ᠴᠡᠷᠢᠭ ᠲᠦ᠍ ᠶᠠᠪᠤᠵᠤ ᠥᠩᠭᠡᠷᠡᠭᠰᠡᠨ ᠵᠠᠷᠢᠮ ᠪᠣᠭᠣᠯᠴᠤᠳ ᠪᠠ ᠠᠷᠠᠳ ᠤ᠋ᠨ ᠳᠤᠮᠳᠠ ᠤᠯᠠᠮᠵᠢᠯᠠᠭᠳᠠᠨ ᠶᠠᠷᠢᠭᠳᠠᠭᠰᠠᠨ ᠶᠠᠷᠢᠶᠠᠨ ᠠ᠋ᠴᠠ ᠰᠣᠨᠣᠰᠴᠤ ᠰᠤᠳᠤᠯᠬᠤ ᠤᠴᠢᠷ ᠲᠠᠢ ᠪᠣᠯᠤᠯ᠎ᠠ᠃  
       1. ᠵᠢᠩ ᠶᠤᠸᠠᠢ ᠰᠢᠦ ᠶᠡᠬᠡ ᠴᠡᠷᠢᠭ ᠦ᠋ᠨ ᠬᠦᠴᠦ᠂ ᠵᠡᠪᠰᠡᠭ ᠦ᠋ᠨ ᠰᠠᠢᠨ ᠳ᠋ᠠᠭᠠᠨ ᠣᠮᠣᠭᠰᠢᠵᠤ ᠰᠢᠷᠦᠭᠦᠨ ᠳᠠᠭᠠᠷᠢᠯᠲᠠ ᠬᠢᠬᠦ ᠶ᠋ᠢ ᠯᠡ ᠪᠣᠳᠣᠭᠠᠳ ᠬᠥᠳᠡᠭᠡ ᠶ᠋ᠢᠨ ᠬᠥᠮᠦᠨ ᠢ᠋ ᠪᠠᠰᠤᠮᠵᠢᠯᠠᠵᠤ᠂ ᠰᠢᠨᠠᠯᠠᠮ᠎ᠠ ᠶ᠋ᠢᠨ ᠴᠥᠭᠡᠬᠡᠨ ᠢ᠋ᠶ᠋ᠡᠷ ᠵᠤᠵᠠᠭᠠᠨ ᠢ᠋᠂ ᠪᠠᠭᠤᠷᠠᠢ ᠪᠠᠷ ᠬᠦᠴᠦᠷᠬᠡᠭ ᠢ᠋ ᠢᠯᠠᠬᠤ ᠴᠡᠷᠢᠭ ᠲᠡᠢᠨ ᠦ᠌ ᠠᠷᠭ᠎ᠠ ᠪᠣᠳᠣᠯᠭ᠎ᠠ ᠶ᠋ᠢ ᠥᠴᠦᠬᠡᠨ ᠴᠦ᠍ ᠠᠩᠬᠠᠷᠤᠭᠰᠠᠨ ᠦᠭᠡᠢ ᠡᠴᠡ ᠬᠠᠮᠤᠭ ᠤ᠋ᠨ ᠶᠡᠬᠡ ᠠᠯᠳᠠᠰᠢ ᠪᠣᠯᠴᠢᠬᠠᠵᠠᠢ᠃ 
       2. ᠵᠢᠩ ᠶᠤᠸᠠᠢ ᠰᠢᠦ᠂ ᠰᠢᠨᠠᠯᠠᠮ᠎ᠠ ᠶ᠋ᠢᠨ《ᠪᠤᠮᠳᠠᠷᠢ ᠶ᠋ᠢ ᠪᠤᠮᠳᠠᠷᠢ ᠳ᠋ᠤᠨᠢ ᠵᠠᠷᠤᠵᠤ》᠂ ᠬᠦᠴᠦ ᠶ᠋ᠢ ᠨᠢ ᠮᠣᠬᠣᠭᠠᠭᠰᠠᠨ ᠤ᠋ ᠰᠡᠭᠦᠯᠡᠷ ᠵᠠᠪᠰᠢᠶᠠᠨ ᠢ᠋ ᠠᠰᠢᠭᠯᠠᠵᠤ ᠰᠢᠷᠦᠭᠦᠨ ᠳᠠᠭᠠᠷᠢᠯᠲᠠ ᠬᠢᠵᠦ ᠰᠥᠨᠥᠭᠡᠳᠡᠭ ᠢ᠋ ᠪᠣᠳᠣᠵᠤ ᠣᠯᠤᠭᠰᠠᠨ ᠦᠭᠡᠢ ᠡᠴᠡ ᠵᠠᠩᠭᠤᠲᠤ ᠶ᠋ᠢᠨ ᠪᠠᠢᠯᠳᠤᠭᠠᠨ᠂ ᠲᠣᠭᠣᠨᠣᠲᠤ ᠶ᠋ᠢᠨ ᠪᠠᠢᠯᠳᠤᠭᠠᠨ᠂ ᠮᠠᠩᠬᠠᠲᠤ ᠶ᠋ᠢᠨ ᠪᠠᠢᠯᠳᠤᠭᠠᠨ ᠳ᠋ᠤ᠌ ᠪᠦᠷ ᠥᠪᠡᠷ ᠢ᠋ ᠪᠡᠨ ᠰᠥᠨᠥᠭᠡᠭᠰᠡᠨ ᠮᠠᠭᠤ ᠦᠷ᠎ᠡ ᠳ᠋ᠦᠩ ᠢ᠋ᠶ᠋ᠡᠨ ᠣᠯᠵᠠᠢ᠃ 
       3. ᠰᠢᠨᠠᠯᠠᠮ᠎ᠠ ᠶ᠋ᠢᠨ ᠴᠡᠷᠢᠭ ᠨᠢ ᠪᠦᠷ ᠥᠪᠡᠷ ᠦ᠋ᠨ ᠰᠠᠢᠨ ᠳᠤᠷ᠎ᠠ ᠠ᠋ᠴᠠ ᠴᠡᠷᠢᠭ ᠲᠦ᠍ ᠣᠷᠣᠵᠤ ᠬᠣᠰᠢᠭᠤ ᠨᠤᠲᠤᠭ ᠢ᠋ᠶ᠋ᠠᠨ ᠬᠠᠮᠠᠭᠠᠯᠠᠵᠤ《ᠠᠮᠢ ᠴᠤ᠌ ᠠᠮᠢ᠂ ᠨᠤᠲᠤᠭ ᠴᠤ᠌ ᠠᠮᠢ》 ᠭᠡᠵᠦ ᠪᠠᠲᠤ ᠢᠯᠡᠷᠬᠡᠢᠯᠡᠳᠡᠭ ᠠᠲᠠᠯ᠎ᠠ ᠵᠢᠩ ᠶᠤᠸᠠᠢ ᠰᠢᠦ ᠶ᠋ᠢᠨ ᠴᠡᠷᠢᠭ ᠨᠢ ᠦᠦᠰᠢᠨ ᠢ᠋ ᠴᠣᠬᠢᠬᠤ ᠪᠠᠷ ᠶᠠᠪᠤᠬᠤ ᠭᠡᠭᠰᠡᠭᠡᠷ ᠪᠠᠶᠠᠷᠯᠠᠵᠤ ᠰᠠᠮᠠᠭᠤᠷᠠᠯ ᠤ᠋ᠨ ᠳᠤᠮᠳᠠ ᠠ᠋ᠴᠠ ᠪᠤᠯᠢᠶᠠᠬᠤ ᠳᠡᠭᠡᠷᠡᠮᠳᠡᠬᠦ ᠣᠯᠵᠠ ᠠᠰᠢᠭ ᠣᠯᠬᠤ ᠶ᠋ᠢ ᠪᠣᠳᠣᠯᠬᠢᠯᠠᠬᠤ ᠠ᠋ᠴᠠ ᠪᠢᠰᠢ ᠤᠨᠤᠵᠤ ᠢᠯᠠᠬᠤ ᠪᠠᠨ ᠮᠠᠷᠲᠠᠴᠢᠬᠠᠳᠠᠭ ᠪᠠᠢᠨ᠎ᠠ᠃ 
       4. ᠰᠢᠨᠠᠯᠠᠮ᠎ᠠ ᠶ᠋ᠢᠨ ᠴᠡᠷᠢᠭ ᠨᠢ ᠴᠡᠷᠢᠭ ᠲᠦ᠍ ᠣᠷᠣᠬᠤ ᠠ᠋ᠴᠠ ᠪᠠᠨ ᠡᠮᠦᠨ᠎ᠡ ᠦᠦᠰᠢᠨ ᠪᠠᠯᠠᠷ ᠪᠤᠷᠭᠠᠰᠤᠨ ᠪᠡᠯᠴᠢᠭᠡᠷ ᠲᠡᠭᠡᠨ ᠨᠢᠰᠭᠡ ᠰᠢᠪᠠᠭᠤ ᠶ᠋ᠢ ᠣᠨᠣᠭᠠᠵᠤ᠂ ᠭᠦᠶᠦᠭᠡ ᠭᠥᠷᠥᠭᠡᠰᠦ ᠶ᠋ᠢ ᠠᠯᠳᠠᠳᠠᠭ ᠦᠭᠡᠢ ᠬᠠᠰᠢᠷ ᠠᠩᠴᠢᠨ ᠪᠠᠢᠭᠰᠠᠨ ᠳᠡᠭᠡᠷ᠎ᠡ ᠪᠡᠨ ᠰᠢᠨᠡᠯᠡᠮ᠎ᠡ ᠶ᠋ᠢᠨ ᠴᠡᠷᠢᠭ ᠦ᠋ᠨ ᠬᠠᠲᠠᠭᠤ ᠴᠢᠩᠭ᠎ᠠ ᠰᠤᠷᠭᠠᠭᠤᠯᠢᠯᠠᠯ ᠪᠣᠯᠪᠠᠰᠤᠷᠠᠯ ᠢ᠋ ᠬᠦᠯᠢᠶᠡᠵᠦ ᠶᠠᠪᠤᠭᠰᠠᠨ ᠨᠤᠲᠤᠭ ᠤ᠋ᠨ ᠴᠡᠷᠢᠭ ᠪᠠᠢᠬᠤ ᠳ᠋ᠤ᠌ ᠵᠢᠩ ᠶᠤᠸᠠᠢ ᠰᠢᠦ ᠶ᠋ᠢᠨ ᠴᠡᠷᠢᠭ ᠨᠢ ᠬᠠᠨᠳᠤᠭᠰᠠᠨ ᠨᠢᠭᠡ ᠵᠦᠭ ᠲᠡᠭᠡᠨ ᠰᠢᠷᠦᠭᠦᠨ ᠭᠠᠯᠯᠠᠵᠤ《ᠮᠠᠭᠤ ᠫᠤᠤᠴᠢ ᠶ᠋ᠢᠨ ᠰᠠᠨᠠᠭ᠎ᠠ ᠨᠢ  ᠣᠭᠣᠨᠣ ᠭᠡᠭᠰᠡᠭᠡᠷ ᠰᠢᠷᠠᠭᠴᠢᠨ ᠴᠤ᠌ ᠦᠭᠡᠢ ᠪᠣᠯᠴᠢᠬᠠᠵᠠᠢ》᠃ 
       5. ᠰᠢᠨᠡᠯᠡᠮ᠎ᠡ ᠡᠳᠦᠷ ᠰᠥᠨᠢ ᠦᠭᠡᠢ ᠴᠠᠭ ᠢ᠋ ᠠᠰᠢᠭᠯᠠᠵᠤ ᠳᠣᠲᠣᠭᠠᠳᠤ ᠭᠠᠳᠠᠭᠠᠳᠤ ᠶ᠋ᠢᠨ ᠨᠣᠮ ᠰᠡᠳᠬᠢᠯ ᠢ᠋ ᠰᠤᠷᠤᠯᠴᠠᠵᠤ《ᠭᠤᠷᠪᠠᠨ ᠤᠯᠤᠰ ᠤ᠋ᠨ ᠦᠯᠢᠭᠡᠷ》 ᠵᠡᠷᠭᠡ ᠡᠷᠲᠡᠨ ᠦ᠌ ᠨᠣᠮ ᠢ᠋ ᠦᠵᠡᠵᠦ ᠵᠠᠰᠠᠭ ᠤ᠋ᠨ ᠡᠷᠬᠡ ᠶ᠋ᠢ ᠶᠠᠭᠠᠬᠢᠵᠤ ᠲᠡᠮᠡᠴᠡᠨ ᠣᠯᠬᠤ ᠶ᠋ᠢ ᠪᠣᠳᠣᠯᠬᠢᠯᠠᠳᠠᠭ ᠠᠲᠠᠯ᠎ᠠ ᠵᠢᠩ ᠶᠤᠸᠠᠢ ᠰᠢᠦ ᠡᠳᠦᠷᠵᠢᠨ ᠬᠤᠷᠳᠤᠨ ᠵᠢᠷᠣᠭ᠎ᠠ ᠮᠣᠷᠢ ᠮᠥᠷᠥᠢᠴᠡᠨ ᠤᠷᠤᠯᠳᠤᠭᠠᠯᠠᠵᠤ ᠴᠡᠷᠢᠭ ᠲᠡᠢᠨ ᠦ᠌ ᠪᠣᠳᠣᠯᠭ᠎ᠠ ᠳ᠋ᠤ᠌ ᠶᠡᠷᠦ ᠰᠠᠨᠠᠭ᠎ᠠ ᠲᠠᠯᠪᠢᠳᠠᠭ ᠦᠭᠡᠢ᠂ ᠥᠩᠭᠡ ᠮᠥᠩᠭᠥᠨ ᠳ᠋ᠦ᠍ᠷ ᠳᠤᠷᠠᠰᠢᠯ ᠲᠠᠢ ᠵᠡᠷᠭᠡ ᠡᠷᠬᠡ ᠬᠣᠣᠰᠯᠠᠭᠰᠠᠨ ᠲᠦᠩᠯᠢᠩ ᠨᠣᠶᠠᠨ ᠪᠠᠢᠵᠠᠢ᠃ ᠡᠢᠮᠦ ᠡᠴᠡ ᠰᠢᠨᠠᠯᠠᠮ᠎ᠠ ᠪᠣᠯᠤᠨ ᠵᠢᠩ ᠶᠤᠸᠠᠢ ᠰᠢᠦ ᠶ᠋ᠢᠨ ᠤᠳᠤᠷᠢᠳᠤᠨ ᠵᠢᠯᠣᠭᠣᠳᠤᠭᠰᠠᠨ ᠲᠡᠢᠨ ᠪᠠᠢᠯᠳᠤᠭᠠᠨ ᠠᠳᠠᠯᠢ ᠪᠤᠰᠤ ᠦᠷ᠎ᠡ ᠳ᠋ᠦᠩ ᠲᠡᠢ ᠪᠣᠯᠤᠭᠰᠠᠨ ᠶᠤᠮ᠃ 
       6. ᠰᠢᠨᠠᠯᠠᠮ᠎ᠠ ᠶ᠋ᠢᠨ ᠴᠡᠷᠢᠭ ᠪᠣᠯ ᠦᠦᠰᠢᠨ ᠨᠤᠲᠤᠭ ᠲᠠᠭᠠᠨ ᠥᠰᠴᠦ ᠲᠥᠷᠥᠭᠰᠡᠨ ᠬᠥᠮᠦᠰ ᠲᠤᠯᠠ ᠦᠦᠰᠢᠨ ᠦ᠌ ᠭᠠᠵᠠᠷ ᠤ᠋ᠨ ᠪᠠᠢᠴᠠ ᠶ᠋ᠢ ᠥᠪᠡᠷ ᠦ᠋ᠨ ᠪᠡᠶ᠎ᠡ ᠰᠢᠭ ᠲᠣᠳᠣᠷᠬᠠᠢ ᠮᠡᠳᠡᠳᠡᠭ ᠪᠣᠯᠬᠣᠷ ᠪᠠᠢᠯᠳᠤᠭᠠᠨ ᠤ᠋ ᠠᠰᠢᠭ ᠲᠠᠢ ᠭᠠᠵᠠᠷ ᠢ᠋ ᠠᠰᠢᠭᠯᠠᠵᠤ ᠴᠢᠳᠠᠳᠠᠭ ᠪᠥᠭᠡᠳ ᠪᠠᠯᠠᠷ ᠪᠤᠷᠭᠠᠰᠤᠨ ᠳ᠋ᠤ᠌《ᠪᠢᠯᠵᠤᠤᠬᠠᠢ ᠶ᠋ᠢᠨ ᠲᠡᠢᠨ》 ᠢ᠋ ᠣᠨᠴᠠ ᠰᠠᠢᠨ ᠬᠢᠳᠡᠭ᠃ ᠭᠡᠲᠡᠯ᠎ᠡ ᠵᠢᠩ ᠶᠤᠸᠠᠢ ᠰᠢᠦ ᠶ᠋ᠢᠨ ᠴᠡᠷᠢᠭ ᠨᠢ ᠡᠨᠡ ᠬᠦ᠌ ᠶᠠᠷᠰᠢᠭ ᠲᠦᠪᠡᠭ ᠲᠡᠢ ᠪᠠᠯᠠᠷ ᠣᠢ ᠰᠢᠭ᠋ ᠭᠠᠵᠠᠷ ᠪᠣᠯᠤᠨ ᠮᠤᠤᠤ᠋ᠰᠤ ᠶ᠋ᠢᠨ ᠡᠯᠡᠰᠦᠨ ᠴᠦᠯ ᠦ᠋ᠨ ᠭᠠᠵᠠᠷ ᠤ᠋ᠨ ᠪᠠᠢᠴᠠ ᠳ᠋ᠤ᠌ ᠲᠤᠩ ᠪᠡᠷᠬᠡᠰᠢᠶᠡᠳᠡᠭ ᠤᠴᠢᠷ ᠴᠤ᠌ ᠪᠣᠢ᠃ 
       7. ᠵᠠᠷᠢᠮ ᠨᠢ ᠬᠡᠯᠡᠬᠦ ᠳ᠋ᠡᠭᠡᠨ ᠰᠢᠨᠠᠯᠠᠮ᠎ᠠ ᠶ᠋ᠢᠨ ᠲᠡᠢᠨ ᠪᠠᠢᠯᠳᠤᠭᠠᠨ ᠪᠣᠯ ᠥᠪᠡᠷ ᠢ᠋ ᠪᠡᠨ ᠬᠠᠮᠠᠭᠠᠯᠠᠭᠰᠠᠨ ᠠᠷᠢᠭᠤᠨ ᠲᠡᠢᠨ᠂ ᠰᠢᠳᠤᠷᠭᠤ ᠲᠡᠢᠨ ᠪᠣᠯᠬᠤ ᠲᠤᠯᠠ ᠢᠯᠠᠯ᠎ᠠ᠃ ᠵᠢᠩ ᠶᠤᠸᠠᠢ ᠰᠢᠦ ᠶ᠋ᠢᠨ ᠡᠭᠦᠰᠬᠡᠭᠰᠡᠨ ᠲᠡᠢᠨ ᠪᠠᠢᠯᠳᠤᠭᠠᠨ ᠪᠣᠯ ᠲᠦᠷᠢᠮᠡᠬᠡᠢ ᠲᠡᠢᠨ ᠲᠤᠯᠠ ᠵᠠᠪᠠᠯ ᠢᠯᠠᠭᠳᠠᠬᠤ ᠴᠠᠳᠢᠭ ᠲᠠᠢ ᠭᠡᠵᠦ ᠬᠠᠭᠤᠴᠢᠯᠠᠳᠠᠭ᠃ ᠡᠨᠡ ᠨᠢ ᠬᠡᠳᠦᠢᠪᠡᠷ ᠶᠡᠬᠡ ᠶᠣᠰᠣ ᠨᠢ ᠲᠠᠭᠠᠷᠠᠵᠤ ᠪᠠᠢᠬᠤ ᠰᠢᠭ᠋ ᠪᠣᠯᠪᠠᠴᠤ ᠳᠡᠯᠡᠬᠡᠢ ᠶ᠋ᠢᠨ ᠲᠡᠢᠨ ᠪᠠᠢᠯᠳᠤᠭᠠᠨ ᠤ᠋ ᠥᠷᠢᠰᠦᠯᠳᠦᠭᠡᠨ ᠲᠡᠮᠡᠴᠡᠭᠡᠨ ᠨᠢ ᠶᠣᠰᠣ ᠪᠠᠷ ᠪᠣᠯᠬᠤ ᠪᠢᠰᠢ ᠣᠯᠠᠩᠬᠢ ᠳ᠋ᠠᠭᠠᠨ ᠬᠦᠴᠦᠷᠬᠡᠭ ᠨᠢ ᠢᠯᠠᠵᠤ᠂ ᠦᠨᠡᠨ ᠶᠣᠰᠣ ᠪᠠᠢᠪᠠᠴᠤ ᠪᠠᠭᠤᠷᠠᠢ ᠨᠢ ᠢᠯᠠᠭᠳᠠᠳᠠᠭ ᠢ᠋ ᠠᠮᠧᠷᠢᠺᠠ— ᠢᠷᠠᠺ ᠪᠣᠯᠤᠨ ᠳᠡᠯᠡᠬᠡᠢ ᠶ᠋ᠢᠨ ᠣᠯᠠᠨ ᠭᠠᠵᠠᠷ ᠤ᠋ᠨ ᠪᠠᠢᠳᠠᠯ ᠠ᠋ᠴᠠ ᠦᠵᠡᠪᠡᠯ《ᠰᠢᠳᠤᠷᠭᠤ ᠲᠡᠢᠨ》 ᠢᠯᠠᠳᠠᠭ ᠭᠡᠰᠡᠨ ᠨᠢ ᠬᠠᠷᠢᠴᠠᠯᠠᠰᠢ ᠦᠭᠡᠢ ᠦᠬᠦᠮᠡᠯ ᠶᠣᠰᠣ ᠪᠢᠰᠢ ᠰᠢᠭ ᠪᠣᠳᠣᠭᠳᠠᠨ᠎ᠠ᠃  
       ᠲᠤᠰ ᠪᠦᠯᠦᠭ ᠦ᠋ᠨ ᠳᠣᠲᠣᠷᠠᠬᠢ《ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ》 ᠳ᠋ᠡᠬᠢ ᠨᠢᠭᠡ᠂ ᠬᠣᠶᠠᠷ᠂ ᠭᠤᠷᠪᠠᠳᠤᠭᠠᠷ ᠬᠡᠰᠡᠭ ᠲᠦ᠍ ᠤᠯᠤᠰ ᠤ᠋ᠨ ᠳᠣᠲᠣᠭᠠᠳᠤ ᠶ᠋ᠢᠨ ᠨᠢᠭᠡ ᠬᠣᠶᠠᠳᠤᠭᠠᠷ ᠤᠳᠠᠭᠠᠨ ᠤ᠋ ᠬᠤᠪᠢᠰᠬᠠᠯᠲᠤ ᠲᠡᠢᠨ ᠦ᠌ ᠬᠦᠴᠢᠷ ᠪᠡᠷᠬᠡᠰᠢᠶᠡᠯᠲᠦ ᠵᠢᠯ ᠦ᠋ᠳ ᠲᠦ᠍ ᠣᠷᠳᠣᠰ ᠤ᠋ᠨ ᠮᠤᠤᠣ᠋ᠰᠤ ᠶ᠋ᠢᠨ ᠡᠯᠡᠰᠦ ᠮᠠᠩᠬᠠᠨ ᠳ᠋ᠤ᠌ ᠴᠣᠷ ᠤ᠋ᠨ ᠭᠠᠭᠴᠠ ᠪᠦᠬᠦᠨ ᠢ᠋ ᠢᠯᠠᠭᠴᠢ ᠰᠢᠨᠠᠯᠠᠮ᠎ᠠ ᠶ᠋ᠢᠨ ᠴᠡᠷᠢᠭ ᠦ᠋ᠨ ᠢᠯᠠᠯᠲᠠ ᠲᠠᠢ ᠪᠠᠢᠯᠳᠤᠵᠤ ᠶᠠᠪᠤᠭᠰᠠᠨ ᠪᠠᠯᠠᠷᠠᠰᠢ ᠦᠭᠡᠢ ᠮᠥᠷ ᠮᠠᠷᠲᠠᠭᠳᠠᠰᠢ ᠦᠭᠡᠢ ᠲᠡᠦᠬᠡ ᠶ᠋ᠢ ᠲᠤᠬᠠᠢ ᠶ᠋ᠢᠨ ᠦᠶ᠎ᠡ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠨ ᠵᠠᠷᠢᠮ ᠪᠠᠢᠯᠳᠤᠭᠴᠢ ᠪᠤᠶᠤ ᠪᠤᠭᠤᠷᠤᠯᠴᠤᠳ ᠤ᠋ᠨ ᠶᠠᠷᠢᠶᠠᠨ ᠠ᠋ᠴᠠ ᠰᠣᠨᠣᠰᠤᠭᠰᠠᠨ ᠢ᠋ ᠡᠷᠭᠢᠴᠡᠭᠦᠯᠦᠨ ᠪᠢᠴᠢᠭᠰᠡᠨ ᠶᠦᠮ᠃ 
       ᠡᠳᠡᠭᠡᠷ ᠦᠨᠡᠨ ᠪᠣᠳᠠᠲᠤ ᠪᠠᠢᠯᠳᠤᠭᠠᠨ ᠤ᠋ ᠤᠴᠷ ᠤ᠋ᠳ ᠨᠢ1927 ᠣᠨ ᠤ᠋4 ᠰᠠᠷ᠎ᠠ ᠶ᠋ᠢᠨ12 ᠲᠤ᠌ ᠵᠢᠶᠠᠩ ᠵᠢᠶᠧ ᠱᠢ ᠶ᠋ᠢᠨ ᠬᠤᠪᠢᠰᠬᠠᠯ ᠤ᠋ᠨ ᠡᠰᠡᠷᠭᠦᠦ ᠲᠥᠷᠥ ᠶ᠋ᠢᠨ ᠬᠤᠪᠢᠰᠤᠯ ᠢ᠋ ᠳᠡᠭᠳᠡᠭᠡᠵᠦ ᠶᠡᠬᠡ ᠬᠢᠳᠤᠯᠭ᠎ᠠ ᠶ᠋ᠢ ᠶᠠᠪᠤᠭᠤᠯᠤᠨ ᠪᠦᠬᠦ ᠤᠯᠤᠰ ᠲᠤ᠌ ᠴᠠᠭᠠᠨ ᠤ᠋ ᠰᠦᠷᠳᠡᠭᠦᠯᠦᠯ ᠦ᠋ᠨ ᠳᠠᠷᠢ ᠶ᠋ᠢᠨ ᠤᠲᠤᠭ᠎ᠠ ᠮᠠᠨᠠᠷᠠᠭᠰᠠᠨ ᠵᠢᠯ ᠦ᠋ᠳ ᠲᠦ᠍ ᠲᠠᠭᠠᠷᠠᠯᠳᠤᠭᠰᠠᠨ ᠪᠠᠢᠵᠠᠢ᠃ ᠡᠢᠮᠦ ᠨᠢᠭᠡᠨ ᠨᠡᠢᠭᠡᠮ ᠦ᠋ᠨ ᠠᠬᠤᠢ ᠪᠠᠢᠳᠠᠯ᠂ ᠴᠠᠭ ᠤ᠋ᠨ ᠬᠠᠨᠳᠤᠰᠢ ᠠ᠋ᠴᠠ ᠪᠣᠯᠵᠤ ᠦᠦᠰᠢᠨ ᠪᠡᠢᠯᠡ ᠨᠣᠶᠠᠨ ᠤ᠋ ᠮᠣᠷᠢᠲᠤ ᠴᠡᠷᠢᠭ ᠦ᠋ᠨ ᠣᠯᠠᠨ ᠤᠳᠠᠭᠠᠨ ᠤ᠋ ᠳᠠᠭᠠᠷᠢᠯᠲᠠ᠂ ᠭᠣᠮᠢᠨᠳᠠᠩ ᠤ᠋ᠨ ᠱᠠᠨᠪᠧᠢ ᠳ᠋ᠡᠬᠢ ᠵᠢᠩ ᠶᠤᠸᠠᠢ ᠰᠢᠦ ᠶ᠋ᠢᠨ86 ᠳ᠋ᠤᠭᠠᠷ ᠳ᠋ᠢᠸᠢᠽᠢ ᠶ᠋ᠢᠨ ᠮᠣᠷᠢᠲᠤ ᠶᠠᠪᠠᠭᠠᠨ ᠴᠡᠷᠢᠭ ᠦ᠋ᠨ ᠣᠯᠠᠨ ᠤᠳᠠᠭᠠᠨ ᠤ᠋ ᠲᠦᠷᠢᠮᠡᠬᠡᠢᠯᠡᠯ ᠦ᠋ᠨ ᠱᠦᠭᠦᠷᠳᠡᠯᠲᠡ᠂ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠠ᠋ᠴᠠ ᠤᠷᠪᠠᠭᠰᠠᠨ ᠰᠠᠢᠨᠪᠠᠶᠠᠷ ᠤ᠋ᠨ ᠴᠡᠷᠢᠭ ᠦ᠋ᠨ ᠰᠢᠬᠠᠯᠲᠠ᠂ ᠶᠡᠬᠡ ᠵᠣᠣ ᠴᠢᠭᠤᠯᠭᠠᠨ ᠤ᠋ ᠲᠡᠷᠢᠭᠦᠨ ᠳᠡᠳ᠋ ᠳᠡ ᠨᠣᠶᠠᠨ ᠤ᠋ ᠬᠣᠯᠪᠣᠭᠠᠲᠤ ᠴᠡᠷᠢᠭ ᠠᠩᠭᠢ ᠶ᠋ᠢᠨ ᠳᠠᠭᠠᠷᠢᠯᠲᠠ ᠵᠡᠷᠭᠡ ᠴᠠᠭᠠᠨ ᠤ᠋ ᠰᠦᠷᠳᠡᠭᠦᠯᠦᠯ ᠳ᠋ᠦ᠍ ᠳᠠᠪᠬᠤᠷ ᠳᠠᠪᠬᠤᠷ ᠪᠦᠰᠡᠯᠡᠭᠳᠡᠵᠦ ᠶᠠᠪᠤᠭᠰᠠᠨ ᠭᠤᠷᠪᠠᠨ ᠵᠢᠯ ᠭᠡᠵᠦ ᠬᠡᠯᠡᠵᠦ ᠪᠣᠯᠤᠨ᠎ᠠ᠃ ᠡᠳᠡᠭᠡᠷ ᠵᠢᠯ ᠦ᠋ᠳ ᠲᠦ᠍ ᠰᠢᠨᠠᠯᠠᠮ᠎ᠠ ᠶ᠋ᠢᠨ ᠵᠠᠭᠤ ᠭᠠᠷᠤᠢᠬᠠᠨ ᠮᠣᠷᠢᠲᠤ ᠴᠡᠷᠢᠭ ᠨᠢ ᠦᠦᠰᠢᠨ ᠪᠡᠢᠯᠡ ᠨᠣᠶᠠᠨ ᠲᠡᠭᠦᠰᠡᠠᠮᠤᠭᠤᠯᠠᠩ ᠤ᠋ᠨ ᠮᠣᠷᠢᠲᠤ ᠴᠡᠷᠢᠭ ᠲᠡᠢ ᠠᠷᠪᠠᠭᠠᠳ ᠤᠳᠠᠭᠠᠨ ᠤ᠋ ᠪᠠᠢᠯᠳᠤᠭᠠᠨ ᠢ᠋ ᠥᠩᠭᠡᠷᠡᠭᠦᠯᠵᠦ᠂ ᠲᠡᠭᠦᠰᠡᠠᠮᠤᠭᠤᠯᠠᠩ ᠠᠷᠭ᠎ᠠ ᠦᠭᠡᠢ ᠳ᠋ᠡᠭᠡᠨ ᠴᠡᠷᠢᠭ ᠢ᠋ᠶ᠋ᠡᠨ ᠳᠠᠭᠠᠭᠤᠯᠤᠨ ᠱᠠᠨᠰᠢ ᠶ᠋ᠢᠨ ᠲᠡᠮᠡᠭᠡᠲᠦ ᠬᠣᠲᠠ ᠳ᠋ᠤ᠌ ᠳᠤᠲᠠᠭᠠᠨ ᠵᠢᠩ ᠶᠤᠸᠠᠢ ᠰᠢᠦ ᠶ᠋ᠢᠨ ᠡᠪᠦᠷ ᠲᠦ᠍ ᠰᠢᠷᠭᠤᠭᠰᠠᠨ ᠪᠣᠯᠪᠠᠴᠤ ᠡᠴᠦᠰ ᠲᠡᠭᠡᠨ ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ ᠳᠡᠭᠡᠷ᠎ᠡ ᠪᠦᠬᠦ ᠴᠡᠷᠢᠭ ᠢ᠋ᠶ᠋ᠡᠨ ᠰᠥᠨᠦᠭᠡᠭᠳᠡᠵᠦ᠂ ᠵᠥᠪᠬᠡᠨ ᠲᠡᠭᠦᠰᠠᠮᠤᠭᠤᠯᠠᠩ ᠨᠣᠶᠠᠨ ᠰᠠᠭᠰᠠ ᠠᠪᠠᠬᠠᠢ᠂ ᠠᠮᠤᠷᠰᠠᠨᠠᠭ᠎ᠠ ᠬᠢᠶ᠎ᠡ ᠪᠠᠶᠠᠨᠲᠣᠭᠲᠠᠬᠤ(ᠨᠣᠶᠠᠨ ᠤ᠋ ᠳᠠᠭᠠᠯ)᠂ ᠬᠡᠦᠬᠡᠳ ᠪᠠᠨᠽᠠᠷᠭᠠᠷᠤᠳᠢ ᠵᠡᠷᠭᠡ ᠲᠠᠪᠤᠨ ᠬᠥᠮᠦᠨ ᠤᠤᠯᠭᠠᠯᠠᠭᠳᠠᠵᠤ᠂ ᠵᠠᠰᠠᠭ᠂ ᠴᠡᠷᠢᠭ ᠦ᠋ᠨ ᠪᠦᠬᠦ ᠡᠷᠬᠡ ᠨᠢ ᠠᠷᠪᠠᠨ ᠬᠣᠶᠠᠳᠤᠭᠠᠷ ᠬᠣᠷᠢᠶᠠᠨ ᠳ᠋ᠤ᠌ ᠬᠠᠮᠢᠶᠠᠷᠤᠭᠳᠠᠵᠠᠢ᠃ 
       ᠵᠢᠩ ᠶᠤᠸᠠᠢ ᠰᠢᠦ ᠶ᠋ᠢᠨ ᠴᠡᠷᠢᠭ ᠦ᠋ᠨ ᠬᠡᠳᠦᠨ ᠮᠢᠩᠭᠠᠨ ᠮᠣᠷᠢᠲᠤ ᠶᠠᠪᠠᠭᠠᠨ᠂ ᠶᠡᠬᠡ ᠫᠣᠤᠲᠤ ᠴᠡᠷᠢᠭ ᠨᠢ ᠳᠡᠭᠡᠷᠡᠮᠳᠡᠯᠭᠡ᠂ ᠱᠦᠭᠦᠷᠳᠡᠯᠲᠡ ᠶ᠋ᠢ ᠬᠣᠷᠢᠭᠠᠳ ᠤᠳᠠᠭ᠎ᠠ ᠶᠠᠪᠤᠭᠤᠯᠤᠭᠰᠠᠨ ᠪᠣᠯᠪᠠᠴᠤ ᠵᠠᠭᠤᠨ ᠤ᠋ ᠵᠠᠭᠤ ᠪᠠᠷ ᠢ᠋ᠶ᠋ᠠᠨ  ᠢᠯᠠᠭᠳᠠᠵᠤ ᠡᠴᠦᠰ ᠲᠡᠭᠡᠨ ᠲᠡᠮᠡᠭᠡᠲᠦ ᠶ᠋ᠢᠨ ᠰᠢᠩᠭᠡᠯᠢᠭ ᠲᠡᠭᠡᠨ ᠤᠬᠤᠷᠢᠵᠤ ᠰᠢᠷᠭᠤᠯ᠎ᠠ᠃ 
       ᠤᠷᠪᠠᠭᠴᠢ ᠰᠠᠢᠨᠪᠠᠶᠠᠷ ᠤ᠋ᠨ ᠬᠠᠷᠠᠴᠢᠨ ᠴᠡᠷᠢᠭ ᠨᠢ ᠰᠢᠨᠡᠯᠡᠮ᠎ᠡ ᠪᠣᠯᠤᠨ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠢ᠋ ᠤᠷᠪᠠᠭᠤᠯᠬᠤ ᠪᠠᠷ ᠣᠯᠠᠨ ᠤᠳᠠᠭ᠎ᠠ ᠬᠠᠲᠠᠭᠤ ᠵᠥᠭᠡᠯᠡᠨ ᠠᠷᠭ᠎ᠠ ᠶ᠋ᠢ ᠬᠡᠷᠡᠭᠯᠡᠭᠰᠡᠨ ᠪᠣᠯᠪᠠᠴᠤ ᠲᠤᠰᠠ ᠪᠣᠯᠤᠭᠰᠠᠨ ᠦᠭᠡᠢ᠂ ᠡᠴᠦᠰ ᠲᠡᠭᠡᠨ ᠴᠤᠤᠲᠠᠢ ᠴᠠᠮᠬᠠᠭ ᠤ᠋ᠨ ᠪᠠᠢᠯᠳᠤᠭᠠᠨ ᠢ᠋ᠶ᠋ᠠᠷ ᠦᠦᠰᠢᠨ ᠬᠤᠰᠢᠭᠤᠨ ᠠ᠋ᠴᠠ ᠬᠥᠭᠡᠭᠡᠭᠳᠡᠨ ᠲᠣᠨᠢᠯᠵᠠᠢ᠃ 
       ᠶᠡᠬᠡ ᠵᠣᠣ ᠴᠢᠭᠤᠯᠭᠠᠨ ᠤ᠋ ᠳᠠ ᠨᠣᠶᠠᠨ ᠤ᠋ ᠬᠣᠯᠪᠣᠭᠠᠲᠤ ᠴᠡᠷᠢᠭ ᠳᠠᠷᠤᠢ ᠵᠠᠰᠠᠭ ᠬᠣᠰᠢᠭᠤ ᠪᠠ ᠬᠠᠩᠭᠢᠨ ᠬᠤᠰᠢᠭᠤᠨ ᠤ᠋ ᠮᠣᠷᠢᠲᠤ ᠴᠡᠷᠢᠭ ᠢ᠋ ᠵᠠᠩᠭᠤᠲᠤ ᠶ᠋ᠢᠨ ᠪᠠᠢᠯᠳᠤᠭᠠᠨ ᠤ᠋ ᠲᠠᠯᠠᠪᠠᠢ ᠠ᠋ᠴᠠ ᠤᠬᠤᠷᠢᠭᠤᠯᠵᠤ ᠬᠣᠯᠪᠣᠭᠠᠲᠤ ᠴᠡᠷᠢᠭ ᠦ᠋ᠨ ᠰᠦᠷᠳᠡᠭᠦᠯᠦᠯ ᠢ᠋ ᠠᠷᠢᠯᠭᠠᠭᠰᠠᠨ ᠪᠠᠢᠨ᠎ᠠ᠃ 
       ᠮᠢᠨᠦ ᠦᠵᠡᠬᠦ ᠪᠡᠷ᠂ ᠣᠷᠴᠢᠨ ᠦᠶ᠎ᠡ ᠶ᠋ᠢᠨ ᠲᠡᠦᠬᠡᠨ ᠳ᠋ᠦ᠍ ᠵᠠᠭᠤ ᠭᠠᠷᠤᠢᠬᠠᠨ ᠮᠣᠷᠢᠲᠤ ᠴᠡᠷᠢᠭ ᠳᠠᠢᠴᠢᠯᠠᠭᠰᠠᠨ ᠬᠥᠮᠦᠨ ᠭᠠᠭᠴᠠ ᠰᠢᠨᠠᠯᠠᠮ᠎ᠠ ᠪᠢᠰᠢ᠂ ᠭᠡᠪᠡᠴᠦ ᠡᠢᠮᠦ ᠴᠥᠭᠡᠬᠡᠨ ᠴᠡᠷᠢᠭ ᠢ᠋ᠶ᠋ᠡᠷ ᠬᠣᠶᠠᠷ ᠭᠤᠷᠪᠠᠨ ᠮᠢᠩᠭᠠᠨ ᠮᠣᠷᠢᠲᠤ ᠶᠠᠪᠠᠭᠠᠨ ᠶᠡᠬᠡ ᠫᠣᠤᠲᠤ ᠴᠡᠷᠢᠭ ᠲᠡᠢ ᠪᠠᠢᠯᠳᠤᠵᠤ ᠪᠠᠭᠤᠷᠠᠢ ᠪᠠᠷ ᠬᠦᠴᠦᠷᠬᠡᠭ ᠢ᠋ ᠡᠭᠦᠷᠢᠳᠡ ᠢᠯᠠᠭᠴᠢ ᠴᠡᠷᠢᠭ ᠲᠡᠢᠨ ᠦ᠌ ᠮᠡᠷᠭᠡᠨ ᠵᠢᠯᠣᠭᠣᠳᠤᠭᠴᠢ ᠡᠳᠦᠷ ᠦ᠋ᠨ ᠣᠳᠣ ᠪᠠᠢᠵᠤ ᠮᠡᠳᠡᠨ᠎ᠡ! ᠲᠤᠬᠠᠢ ᠶ᠋ᠢᠨ ᠦᠶ᠎ᠡ ᠶ᠋ᠢᠨ ᠬᠣᠴᠣᠷᠤᠩᠭᠤᠢ ᠣᠷᠴᠢᠨ ᠲᠣᠭᠣᠷᠢᠨ ᠳ᠋ᠤ᠌ ᠴᠡᠷᠢᠭ ᠲᠡᠢᠨ ᠦ᠌ ᠪᠣᠯᠪᠠᠰᠤᠷᠠᠯ ᠮᠡᠳᠡᠯᠭᠡ ᠶ᠋ᠢ ᠰᠤᠷᠴᠤ ᠡᠵᠡᠮᠰᠢᠭᠰᠡᠨ ᠦᠭᠡᠢ ᠮᠣᠩᠭᠣᠯ ᠡᠷ᠎ᠡ᠂ ᠵᠢᠩ ᠶᠤᠸᠠᠢ ᠰᠢᠦ ᠰᠸᠯᠢᠩ ᠦ᠋ᠨ ᠰᠢᠭᠤᠳ ᠵᠢᠯᠣᠭᠣᠳᠤᠭᠰᠠᠨ ᠭᠣᠮᠢᠨᠳᠠᠩ ᠤ᠋ᠨ ᠢᠷᠭᠡᠨ ᠦ᠌ ᠴᠡᠷᠢᠭ ᠲᠡᠢ ᠪᠠᠢᠯᠳᠤᠬᠤ ᠪᠣᠯᠭᠠᠨ ᠢᠯᠠᠯᠲᠠ ᠣᠯᠬᠤ ᠶ᠋ᠢ ᠬᠡᠨ ᠨᠢᠭᠡᠨ ᠦ᠌ ᠵᠡᠭᠦᠳᠦᠨ ᠳ᠋ᠦ᠍ ᠴᠦ᠍ ᠦᠭᠡᠢ ᠤᠴᠢᠷ ᠪᠢᠰᠢ ᠤᠤ⁈ 
       ᠰᠢᠨᠡᠯᠡᠮ᠎ᠡ ᠶ᠋ᠢᠨ ᠪᠠᠭᠠᠲᠤᠷᠯᠢᠭ ᠦᠢᠯᠡ ᠶᠠᠪᠤᠳᠠᠯ ᠪᠠ ᠴᠡᠷᠢᠭ ᠲᠡᠢᠨ ᠦ᠌ ᠠᠷᠭ᠎ᠠ ᠪᠣᠳᠣᠯᠭ᠎ᠠ ᠳ᠋ᠤ᠌ ᠣᠯᠠᠩᠬᠢ ᠳ᠋ᠠᠭᠠᠨ ᠠᠷᠭ᠎ᠠ ᠤᠬᠠᠭᠠᠨ ᠨᠢ ᠨᠢᠭᠡᠳᠦᠭᠡᠷ᠂ ᠬᠦᠴᠦ ᠴᠢᠳᠠᠯ ᠨᠢ ᠳᠡᠳ᠋ ᠪᠣᠯᠵᠤ ᠤᠶᠠᠨ ᠬᠠᠳᠠᠨ ᠪᠠᠢᠯᠳᠤᠬᠤ ᠪᠣᠳᠣᠯᠭ᠎ᠠ ᠪᠠ ᠴᠡᠷᠢᠭ ᠲᠡᠢᠨ ᠦ᠌ ᠤᠪᠠᠳᠢᠰ ᠢ᠋ ᠬᠡᠵᠢᠶ᠎ᠡ ᠡᠭᠦᠷᠢᠳᠡ ᠬᠡᠨ ᠴᠦ᠍ ᠭᠡᠳ ᠪᠢᠰᠢᠷᠡᠨ ᠦᠨᠡᠯᠡᠬᠦ ᠦᠭᠡᠢ ᠪᠠᠢᠬᠤ ᠶ᠋ᠢᠨ ᠠᠷᠭ᠎ᠠ ᠦᠭᠡᠢ ᠶᠦᠮ᠃ 
       ᠵᠢᠱ᠌ᠢᠶᠡᠯᠡᠪᠡᠯ᠂ ᠦᠦᠰᠢᠨ ᠨᠣᠶᠠᠨ ᠤ᠋ ᠴᠡᠷᠢᠭ ᠦ᠋ᠨ ᠲᠣᠮᠢ ᠲᠠᠨᠲᠠᠷ ᠢ᠋ ᠰᠥᠨᠥᠭᠡᠬᠦ ᠳ᠋ᠦ᠍ ᠸᠠᠩ ᠤ᠋ᠨ ᠬᠤᠰᠢᠭᠤᠨ ᠤ᠋ ᠰᠸᠳᠧᠩᠨᠤᠷᠪᠤ ᠴᠡᠷᠢᠭ ᠲᠡᠢ ᠪᠡᠨ ᠭᠡᠷ ᠦ᠋ᠨ ᠴᠢᠨᠢ ᠭᠠᠳᠠᠭᠤᠷ ᠪᠦᠰᠡᠯᠡᠴᠢᠬᠡᠯ᠎ᠡ ᠭᠡᠵᠦ ᠬᠤᠳᠠᠯ ᠦᠭᠡ ᠪᠡᠷ ᠲᠠᠨᠲᠠᠷ ᠢ᠋ ᠠᠶᠤᠯᠭᠠᠨ ᠪᠠᠴᠢᠮᠳᠠᠭᠤᠯᠤᠭᠰᠠᠨ ᠠ᠋ᠴᠠ ᠲᠠᠨᠲᠠᠷ ᠥᠪᠡᠷ ᠦ᠋ᠨ ᠲᠣᠯᠣᠭᠠᠢ ᠪᠠᠨ ᠫᠤᠤᠳᠠᠵᠤ ᠦᠬᠦᠭᠰᠡᠨ ᠤᠴᠢᠷ; ᠸᠠᠩᠴᠤᠭᠷᠠᠪᠳᠠᠨ᠂ ᠲᠡᠭᠦᠰᠵᠢᠷᠭᠠᠯ ᠵᠡᠷᠭᠡ ᠬᠥᠮᠦᠰ ᠢ᠋ ᠭᠡᠨᠡᠳᠡᠭᠦᠯᠦᠨ ᠪᠠᠷᠢᠪᠴᠢᠯᠠᠬᠤ ᠠᠵᠢᠯᠯᠠᠭ᠎ᠠ ᠳ᠋ᠤ᠌ ᠸᠠᠩᠴᠤᠭᠷᠠᠪᠳᠠᠨ ᠤ᠋ ᠥᠰᠢᠶ᠎ᠡ ᠲᠡᠢ ᠬᠥᠮᠦᠰ ᠢ᠋ ᠣᠷᠣᠯᠴᠠᠭᠤᠯᠤᠭᠰᠠᠨ; ᠬᠠᠲᠤᠨ ᠨᠠᠷᠠᠨᠭᠡᠷᠡᠯ ᠢ᠋ ᠰᠥᠨᠥᠭᠡᠬᠦ ᠤᠴᠢᠷ ᠳᠡᠭᠡᠷ᠎ᠡ ᠪᠠᠷᠠᠭᠤᠨ ᠬᠦᠩ ᠨᠣᠶᠠᠨ ᠲᠠᠢ ᠵᠥᠷᠢᠴᠡᠯ ᠲᠡᠢ ᠪᠠᠢᠭ᠎ᠠ ᠶ᠋ᠢ ᠠᠰᠢᠭᠯᠠᠵᠤ ᠴᠤᠭᠲᠤᠸᠴᠢᠷ ᠬᠦᠩ ᠨᠣᠶᠠᠨ ᠢ᠋ ᠬᠠᠮᠠᠷ ᠢ᠋ᠶ᠋ᠠᠷ ᠨᠢ ᠠᠮᠢᠰᠬᠤᠭᠤᠯᠵᠤ(ᠲᠣᠯᠣᠭᠠᠢ ᠳᠣᠬᠢᠭᠤᠯᠤᠭᠰᠠᠨ) ᠵᠥᠪᠰᠢᠶᠡᠷᠡᠭᠦᠯᠦᠭᠰᠡᠨ; ᠲᠡᠮᠡᠭᠡᠲᠦ ᠶ᠋ᠢᠨ ᠭᠤᠴᠢᠨ ᠵᠢᠷᠭᠤᠭᠠᠨ ᠪᠠᠶᠠᠴᠤᠳ ᠲᠤ᠌ ᠥᠭᠭᠦᠭᠰᠡᠨ ᠵᠠᠬᠢᠳᠠᠯ ᠵᠡᠷᠭᠡ ᠶᠠᠪᠤᠳᠠᠯ ᠤ᠋ᠳ ᠠ᠋ᠴᠠ ᠦᠵᠡᠪᠡᠯ ᠰᠢᠨᠠᠯᠠᠮ᠎ᠠ ᠵᠥᠷᠢᠴᠡᠯ ᠢ᠋ ᠴᠢᠳᠠᠮᠠᠭᠠᠢ ᠪᠠᠷ ᠠᠰᠢᠭᠯᠠᠵᠤ ᠴᠢᠳᠠᠭᠰᠠᠨ ᠣᠨᠴᠠᠭᠠᠢ ᠴᠢᠳᠠᠪᠤᠷᠢᠲᠠᠨ ᠪᠣᠯᠤᠨ᠎ᠠ᠃ ᠵᠠᠩᠭᠤᠲᠤ ᠶ᠋ᠢᠨ ᠪᠠᠢᠯᠳᠤᠭᠠᠨ ᠳ᠋ᠤ᠌ ᠳᠠᠢᠰᠤᠨ ᠢ᠋ ᠬᠣᠭᠣᠷᠣᠨᠳᠣ ᠨᠢ ᠳᠠᠢᠯᠠᠯᠳᠤᠭᠤᠯᠤᠭᠰᠠᠨ ᠤᠴᠢᠷ; ᠮᠠᠩᠬᠠᠲᠤ ᠶ᠋ᠢᠨ ᠰᠦᠮ᠎ᠡ ᠶ᠋ᠢᠨ ᠪᠠᠢᠯᠳᠤᠭᠠᠨ ᠤ᠋ ᠳᠠᠷᠠᠭ᠎ᠠ ᠲᠡᠮᠡᠭᠡᠲᠦ ᠬᠣᠲᠠ ᠶ᠋ᠢ ᠳᠣᠪᠲᠣᠯᠤᠨ ᠴᠣᠬᠢᠬᠤ ᠲᠡᠢᠨ ᠦ᠌ ᠪᠡᠯᠡᠳᠬᠡᠯ ᠬᠢᠵᠦ ᠬᠣᠭᠣᠰᠣᠨ ᠶᠠᠷᠢᠶ᠎ᠠ ᠬᠡᠯᠡᠯᠴᠡᠭᠡ ᠵᠣᠬᠢᠶᠠᠭᠰᠠᠨ; ᠤᠷᠠᠨ ᠠᠷᠭ᠎ᠠ ᠪᠠᠷ ᠦᠬᠡᠷ ᠤᠨᠤᠵᠤ ᠳᠤᠲᠠᠭᠠᠭᠠᠳ ᠨᠣᠶᠠᠨ ᠤ᠋ ᠴᠡᠷᠢᠭ ᠢ᠋ᠶ᠋ᠡᠷ ᠬᠤᠳᠳᠤᠭ ᠤ᠋ᠨ ᠤᠰᠤ ᠶ᠋ᠢ ᠰᠢᠷᠭᠢᠭᠦᠯᠦᠭᠰᠡᠨ; ᠨᠣᠶᠠᠨ ᠤ᠋ ᠴᠡᠷᠢᠭ ᠡᠴᠡ ᠳᠤᠲᠠᠭᠠᠵᠤ ᠪᠠᠢᠭᠠᠳ ᠠᠶᠤᠯ ᠲᠠᠢ ᠴᠠᠭ ᠮᠥᠴᠡ ᠳ᠋ᠦ᠍ ᠵᠢᠰᠦ ᠪᠡᠨ ᠬᠤᠪᠢᠷᠠᠭᠤᠯᠤᠭᠰᠠᠨ ᠵᠡᠷᠭᠡ ᠨᠢ ᠲᠡᠦᠬᠡ ᠱᠠᠰᠲᠢᠷ ᠲᠤ᠌ ᠭᠠᠷᠳᠠᠭ ᠷᠢᠳᠢ ᠰᠢᠳᠢᠲᠦ ᠦᠯᠢᠭᠡᠷ ᠪᠣᠯᠴᠢᠬᠠᠵᠠᠢ᠃   
       ᠡᠢᠮᠦ ᠡᠴᠡ ᠰᠢᠨᠡᠯᠡᠮ᠎ᠡ ᠶ᠋ᠢᠨ ᠲᠡᠢᠨ ᠦ᠌ ᠪᠣᠳᠣᠯᠭ᠎ᠠ ᠪᠣᠯᠤᠨ ᠦᠦᠰᠢᠨ ᠠᠭᠲᠠ ᠶ᠋ᠢᠨ ᠲᠡᠮᠦᠷ ᠲᠤᠭᠤᠷᠠᠢ ᠪᠠᠷ ᠮᠤᠤᠣ᠋ᠰᠤ ᠶ᠋ᠢᠨ ᠡᠯᠡᠰᠦᠨ ᠪᠠᠯᠠᠷ ᠲᠤ᠌ ᠴᠥᠭᠡᠬᠡᠨ ᠢ᠋ᠶ᠋ᠡᠷ ᠠᠷᠪᠢᠨ ᠢ᠋ ᠤᠰᠠᠳᠬᠠᠵᠤ ᠪᠠᠭᠤᠷᠠᠢ ᠪᠠᠷ ᠬᠦᠴᠦᠷᠬᠡᠭ ᠢ᠋ ᠢᠯᠠᠵᠤ ᠶᠠᠪᠤᠭᠰᠠᠨ ᠮᠣᠩᠭᠣᠯ ᠦᠨᠳᠦᠰᠦᠲᠡᠨ ᠦ᠌ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠶ᠋ᠢ ᠤᠯᠤᠰ ᠳᠠᠶᠠᠭᠠᠷ ᠮᠡᠳᠡᠷᠡᠬᠦ ᠦᠭᠡᠢ ᠪᠠᠢᠬᠤ ᠶ᠋ᠢᠨ ᠠᠷᠭ᠎ᠠ ᠦᠭᠡᠢ ᠪᠢᠯᠡ᠃20 ᠳ᠋ᠤᠭᠠᠷ ᠵᠠᠭᠤᠨ ᠢ᠋ ᠰᠤᠨᠳᠠᠯᠠᠭᠰᠠᠨ ᠳᠤᠮᠳᠠᠳᠤ ᠤᠯᠤᠰ ᠤ᠋ᠨ ᠲᠡᠦᠬᠡᠨ ᠳ᠋ᠦ᠍ ᠨᠥᠯᠥᠭᠡ ᠪᠡᠷ ᠶᠡᠬᠡ ᠲᠡᠦᠬᠡᠲᠦ ᠬᠥᠮᠦᠨ᠂ ᠲᠡᠭᠦᠨ ᠦ᠌ ᠦᠢᠯᠡ ᠶᠠᠪᠤᠳᠠᠯ ᠨᠢ ᠪᠠᠯᠠᠷᠠᠰᠢ ᠦᠭᠡᠢ ᠮᠥᠷ ᠲᠡᠢ ᠪᠣᠯᠵᠤ ᠦᠶ᠎ᠡ ᠦᠶ᠎ᠡ ᠶ᠋ᠢᠨ ᠬᠥᠮᠦᠰ ᠦ᠋ᠨ ᠰᠡᠳᠬᠢᠯ ᠳ᠋ᠦ᠍ ᠬᠣᠨᠣᠭᠰᠢᠭᠰᠠᠨ ᠤᠯᠤᠰ ᠲᠦᠷᠦᠴᠢ᠂ ᠪᠢᠴᠢᠭ ᠴᠡᠷᠢᠭ ᠦ᠋ᠨ ᠡᠷᠳᠡᠮᠲᠡᠨ᠂ ᠰᠢᠯᠭᠠᠷᠠᠭᠰᠠᠨ ᠴᠡᠷᠢᠭ ᠲᠡᠢᠨ ᠦ᠌ ᠵᠢᠯᠣᠭᠣᠳᠤᠭᠴᠢ᠂ ᠡᠬᠡ ᠣᠷᠣᠨᠴᠢ ᠦᠨᠳᠦᠰᠦᠲᠡᠨ ᠦ᠌ ᠪᠠᠭᠠᠲᠤᠷ᠂ ᠳᠤᠮᠳᠠᠳᠤ ᠶ᠋ᠢᠨ ᠬᠤᠪᠢᠰᠬᠠᠯ ᠤ᠋ᠨ ᠲᠡᠦᠬᠡᠨ ᠳ᠋ᠦ᠍ ᠬᠠᠮᠤᠭ ᠠᠩᠬᠠᠨ ᠤ᠋ ᠦᠶ᠎ᠡ ᠶ᠋ᠢᠨ ᠬᠤᠪᠢᠰᠬᠠᠯᠴᠢᠳ ᠤ᠋ᠨ ᠡᠩᠨᠡᠭᠡᠨ ᠳ᠋ᠦ᠍ ᠵᠢᠬᠰᠠᠭᠠᠭᠳᠠᠬᠤ ᠶᠣᠰᠣᠲᠠᠢ᠃ 
       ᠤᠭ ᠤ᠋ᠨ ᠶᠡᠬᠡ ᠵᠣᠣ ᠠᠢᠮᠠᠭ ᠤ᠋ᠨ ᠳᠠᠩᠰᠠ ᠡᠪᠬᠡᠮᠡᠯ ᠦ᠋ᠨ ᠰᠠᠩ ᠤ᠋ᠨ ᠳᠠᠷᠤᠭ᠎ᠠ ᠪᠠᠷ ᠤᠳᠠᠭᠠᠨ ᠵᠢᠯ ᠠᠵᠢᠯᠯᠠᠭᠰᠠᠨ ᠡᠷᠭᠢᠭᠦᠳ ᠣᠳᠬᠣᠨ(ᠸᠠᠩ ᠪᠤᠤ ᠱᠠᠨ) ᠤ᠋ 《ᠰᠢᠨᠡᠯᠡᠮ᠎ᠡ ᠶ᠋ᠢᠨ ᠴᠢᠬᠤᠯᠠ ᠦᠢᠯᠡ ᠶᠠᠪᠤᠳᠠᠯ ᠤ᠋ᠨ ᠲᠣᠪᠴᠢᠶᠠᠨ》(ᠣᠷᠳᠣᠰ ᠤ᠋ᠨ ᠰᠣᠶᠣᠯ ᠤ᠋ᠨ ᠥᠪ ᠦ᠋ᠨ ᠴᠤᠪᠤᠷᠠᠯ6) ᠤ᠋80 ᠳ᠋ᠤᠭᠠᠷ ᠨᠢᠭᠤᠷ ᠲᠤ᠌ ᠪᠢᠴᠢᠭᠰᠡᠨ ᠳ᠋ᠦᠩᠨᠡᠯᠲᠡ ᠶ᠋ᠢᠨ ᠴᠢᠨᠠᠷ ᠲᠠᠢ ᠦᠭᠡᠰ ᠢ᠋ ᠳᠣᠣᠷ᠎ᠠ ᠰᠡᠢᠷᠡᠭᠦᠯᠵᠦ ᠳᠠᠭᠠᠯᠳᠤᠭᠤᠯᠪᠠ᠄  
      《ᠰᠢᠨᠡᠯᠡᠮ᠎ᠡ ᠶ᠋ᠢᠨ1926 ᠣᠨ ᠠ᠋ᠴᠠ1929 ᠣᠨ ᠬᠦᠷᠲᠡᠯᠡᠬᠢ ᠭᠤᠷᠪᠠᠨ ᠵᠢᠯ ᠪᠣᠯ᠁ ᠠᠷᠠᠳ ᠤ᠋ᠨ ᠬᠤᠪᠢᠰᠬᠠᠯᠲᠤ ᠨᠠᠮ ᠪᠠ ᠴᠡᠷᠢᠭ ᠢ᠋ ᠪᠠᠢᠭᠤᠯᠤᠨ ᠬᠥᠭᠵᠢᠭᠦᠯᠦᠭᠰᠡᠨ ᠭᠤᠷᠪᠠᠨ ᠵᠢᠯ ᠮᠥᠨ᠂ ᠵᠥᠪᠯᠡᠯᠲᠦ ᠬᠣᠯᠪᠣᠭᠠᠲᠤ ᠪᠠ ᠮᠣᠩᠭᠣᠯ ᠠᠷᠠᠳ ᠤᠯᠤᠰ ᠤ᠋ᠨ ᠲᠤᠷᠰᠢᠯᠭ᠎ᠠ ᠶ᠋ᠢ ᠲᠤᠰ ᠣᠷᠣᠨ ᠤ᠋ ᠪᠣᠳᠠᠲᠤ ᠪᠠᠢᠳᠠᠯ ᠲᠠᠢ ᠪᠠᠨ ᠤᠶᠠᠯᠳᠤᠭᠤᠯᠵᠤ᠂ ᠹᠧᠣᠳᠠᠯ ᠸᠠᠩ ᠬᠦᠩ ᠦ᠋ᠨ ᠳᠦᠷᠢᠮ ᠢ᠋ ᠲᠦᠯᠬᠢᠨ ᠤᠨᠠᠭᠠᠵᠤ᠂ ᠨᠢᠭᠡᠳᠦᠮᠡᠯ ᠹᠷᠣᠨᠲ ᠤ᠋ᠨ ᠲᠥᠷᠥ ᠶ᠋ᠢᠨ ᠪᠣᠳᠣᠯᠭ᠎ᠠ ᠶ᠋ᠢ ᠪᠠᠷᠢᠮᠲᠠᠯᠠᠵᠤ᠂ ᠠᠷᠠᠳ ᠤ᠋ᠨ ᠠᠷᠠᠳᠴᠢᠯᠠᠯᠲᠤ ᠵᠠᠰᠠᠭ ᠤ᠋ᠨ ᠡᠷᠬᠡ ᠶ᠋ᠢ ᠪᠠᠢᠭᠤᠯᠤᠭᠰᠠᠨ ᠭᠤᠷᠪᠠᠨ ᠵᠢᠯ ᠮᠥᠨ᠃ ᠡᠯᠳᠡᠪ ᠣᠯᠠᠨ ᠭᠠᠢᠯᠢ ᠲᠠᠲᠠᠪᠤᠷᠢ ᠶ᠋ᠢ ᠤᠰᠠᠳᠬᠠᠵᠤ᠂ ᠠᠷᠠᠳ ᠤ᠋ᠨ ᠡᠭᠦᠷᠭᠡᠯᠡᠯ ᠢ᠋ ᠬᠥᠩᠭᠡᠷᠡᠭᠦᠯᠵᠦ᠂ ᠬᠤᠰᠢᠭᠤᠨ ᠤ᠋ ᠳᠣᠲᠣᠭᠠᠳᠤ ᠭᠠᠳᠠᠭᠠᠳᠤ ᠶ᠋ᠢᠨ ᠮᠥᠯᠵᠢᠯ ᠢ᠋ ᠬᠢᠵᠠᠭᠠᠷᠯᠠᠨ ᠤᠰᠠᠳᠬᠠᠭᠰᠠᠨ ᠭᠤᠷᠪᠠᠨ ᠵᠢᠯ ᠮᠥᠨ᠃ ᠬᠤᠪᠢᠰᠬᠠᠯ ᠤ᠋ᠨ ᠤᠯᠠᠭᠠᠨ ᠲᠤᠭ ᠢ᠋ ᠥᠨᠳᠥᠷ ᠮᠠᠨᠳᠤᠭᠤᠯᠵᠤ ᠸᠠᠩ ᠬᠦᠩ ᠦ᠋ᠨ ᠵᠡᠪᠰᠡᠭᠲᠦ ᠬᠦᠴᠦᠨ ᠪᠠ ᠱᠠᠨᠪᠧᠢ ᠶ᠋ᠢᠨ ᠴᠡᠷᠢᠭ ᠦ᠋ᠨ ᠡᠷᠬᠡᠲᠡᠨ ᠲᠡᠢ ᠵᠡᠪᠰᠡᠭᠲᠦ ᠲᠡᠮᠡᠴᠡᠯ ᠶᠠᠪᠤᠭᠤᠯᠵᠤ᠂ ᠣᠷᠣᠨ ᠨᠤᠲᠤᠭ ᠠᠷᠠᠳ ᠲᠦᠮᠡᠨ ᠢ᠋ᠶ᠋ᠡᠨ ᠬᠠᠮᠠᠭᠠᠯᠠᠭᠰᠠᠨ ᠭᠤᠷᠪᠠᠨ ᠵᠢᠯ ᠮᠥᠨ᠃   
       ᠡᠪ ᠬᠠᠮᠲᠤ ᠶ᠋ᠢᠨ ᠢᠨᠲ᠋ᠧᠷᠨᠠᠼᠢᠣᠨᠠᠯ ᠪᠠ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠤᠳᠤᠷᠢᠳᠤᠯᠭ᠎ᠠ ᠶ᠋ᠢ ᠭᠤᠢᠪᠢᠯᠵᠠᠰᠢ ᠦᠭᠡᠢ ᠢᠲᠡᠭᠡᠭᠰᠡᠨ ᠪᠠ ᠲᠦᠰᠢᠭᠯᠡᠵᠦ᠂ ᠨᠠᠮ ᠤ᠋ᠨ ᠳᠣᠲᠣᠭᠠᠳᠤ ᠳ᠋ᠠᠬᠢ ᠪᠤᠷᠤᠭᠤ ᠱᠤᠭᠤᠮ ᠪᠠ ᠡᠪ ᠬᠠᠮᠲᠤ ᠨᠠᠮ ᠤ᠋ᠨ ᠭᠡᠰᠢᠭᠦᠨ ᠢ᠋ ᠬᠢᠳᠤᠨ ᠠᠯᠠᠭᠰᠠᠨ ᠤᠷᠪᠠᠭᠴᠢ ᠯᠤᠭ᠎ᠠ ᠡᠪᠯᠡᠷᠡᠰᠢ ᠦᠭᠡᠢ ᠲᠡᠮᠡᠴᠡᠯ ᠶᠠᠪᠤᠭᠤᠯᠤᠭᠰᠠᠨ ᠭᠤᠷᠪᠠᠨ ᠵᠢᠯ ᠮᠥᠨ᠃  
       ᠰᠢᠨᠡᠯᠡᠮ᠎ᠡ ᠨᠢᠭᠡᠨᠲᠡ ᠪᠣᠯᠪᠠᠰᠤᠷᠠᠭᠳᠠᠭᠠᠳ ᠨᠢᠭᠡᠨ ᠭᠠᠷᠮᠠᠭᠠᠢᠯᠠᠭᠰᠠᠨ ᠦᠭᠡᠢᠭᠦᠦ ᠠᠩᠭᠢ ᠶ᠋ᠢᠨ ᠬᠤᠪᠢᠰᠬᠠᠯᠴᠢ᠂ ᠤᠯᠤᠰ ᠲᠥᠷᠥᠴᠢ ᠪᠠ ᠴᠡᠷᠢᠭ ᠦ᠋ᠨ ᠡᠷᠳᠡᠮᠲᠡᠨ ᠪᠣᠯᠤᠭᠰᠠᠨ ᠢ᠋ ᠲᠡᠭᠦᠨ ᠦ᠌ ᠲᠡᠮᠡᠴᠡᠯ ᠦ᠋ᠨ ᠦᠢᠯᠡᠳᠦᠯᠭᠡ ᠬᠠᠷᠠᠭᠤᠯᠵᠤ ᠪᠠᠢᠨ᠎ᠠ》᠃ 
       1926 ᠣᠨ ᠳ᠋ᠤ᠌ ᠦᠦᠰᠢᠨ ᠨᠣᠶᠠᠨ ᠤ᠋ ᠴᠡᠷᠢᠭ ᠦ᠋ᠨ ᠲᠣᠮᠢ ᠲᠠᠨᠲᠠᠷ ᠭᠠᠯᠠᠭᠤᠲᠤ ᠶ᠋ᠢᠨ ᠰᠦᠮ᠎ᠡ ᠶ᠋ᠢ ᠪᠦᠰᠡᠯᠡᠵᠦ ᠳᠠᠭᠠᠷᠢᠯᠲᠠ ᠬᠢᠬᠦ ᠳ᠋ᠦ᠍ ᠰᠢᠨᠠᠯᠠᠮ᠎ᠠ ᠰᠠᠮᠠᠭᠤᠷᠠᠯ ᠤ᠋ᠨ ᠳᠤᠮᠳᠠ ᠠ᠋ᠴᠠ ᠪᠤᠯᠲᠠᠨ ᠭᠠᠷᠴᠤ ᠳᠤᠲᠠᠭᠠᠵᠠᠢ᠃ ᠢᠩᠭᠢᠭᠡᠳ ᠲᠡᠳᠡ ᠬᠡᠳᠦᠢᠪᠡᠷ ᠬᠤᠪᠢᠰᠬᠠᠯ ᠬᠢᠬᠦ ᠡᠷᠴᠢ ᠵᠣᠷᠢᠭ ᠲᠠᠢ ᠪᠠᠢᠭᠰᠠᠨ ᠪᠣᠯᠪᠠᠴᠤ ᠲᠡᠷᠡ ᠦᠶ᠎ᠡ ᠳ᠋ᠦ᠍《ᠬᠦᠴᠦ ᠬᠦᠷᠦᠯᠴᠡᠬᠦ ᠦᠭᠡᠢ ᠡᠴᠡ ᠪᠣᠯᠵᠤ ᠶᠡᠬᠡ ᠦᠢᠯᠡᠰ ᠢ᠋ ᠪᠦᠲᠦᠭᠡᠵᠦ ᠳᠡᠢᠯᠬᠦ ᠦᠭᠡᠢ ᠪᠠᠢᠨ᠎ᠠ》 ᠭᠡᠵᠦ ᠦᠵᠡᠭᠰᠡᠨ ᠡᠴᠡ ᠲᠡᠷᠡ ᠤᠳᠠᠭ᠎ᠠ ᠬᠠᠩᠭᠢᠨ ᠬᠤᠰᠢᠭᠤᠨ ᠤ᠋ ᠪᠢᠩᠲᠦ ᠶ᠋ᠢᠨ ᠰᠢᠷ᠎ᠠ ᠵᠣᠣ ᠪᠠᠷ ᠳᠠᠭᠠᠷᠢᠵᠤ ᠪᠤᠭᠤᠲᠤ ᠳ᠋ᠤ᠌ ᠣᠴᠢᠵᠤ ᠴᠡᠷᠢᠭ ᠪᠠᠢᠭᠤᠯᠵᠤ ᠵᠡᠪᠰᠡᠭ ᠢ᠋ᠶ᠋ᠡᠷ ᠵᠠᠰᠠᠭ ᠤ᠋ᠨ ᠡᠷᠬᠡ ᠶ᠋ᠢ ᠲᠡᠮᠡᠴᠡᠨ ᠣᠯᠬᠤ ᠪᠠᠷ ᠨᠢᠭᠡᠮᠦᠰᠦᠨ ᠵᠣᠷᠢᠭ ᠰᠢᠭᠤᠳᠤᠭᠰᠠᠨ ᠪᠠᠢᠵᠠᠢ᠃ 
       ᠲᠡᠷᠡ ᠦᠶ᠎ᠡ ᠳ᠋ᠦ᠍ ᠳᠣᠲᠣᠭᠠᠳᠤ ᠮᠣᠩᠭᠣᠯ ᠤ᠋ᠨ ᠨᠠᠮ ᠤ᠋ᠨ ᠲᠥᠪ ᠬᠣᠷᠢᠶ᠎ᠠ ᠪᠤᠭᠤᠲᠤ ᠳ᠋ᠤ᠌ ᠪᠠᠢᠵᠤ ᠸᠠᠩᠳᠠᠨᠨᠢᠮ᠎ᠡ ᠨᠢ ᠰᠦᠢ᠍ᠶᠤᠸᠡᠨ ᠪᠣᠯᠤᠨ ᠴᠠᠬᠠᠷ ᠤ᠋ᠨ ᠣᠯᠠᠨ ᠮᠣᠩᠭᠣᠯ ᠬᠤᠰᠢᠭᠤᠳ ᠤ᠋ᠨ ᠠᠷᠠᠳ ᠤ᠋ᠨ ᠴᠡᠷᠢᠭ ᠢ᠋ ᠵᠠᠬᠢᠷᠬᠤ ᠳᠡᠳ᠋ ᠨᠣᠶᠠᠨ ᠪᠣᠯᠵᠤ ᠳᠡᠮᠡᠢ ᠤᠳᠠᠭᠰᠠᠨ ᠦᠭᠡᠢ ᠵᠠᠰᠠᠭ᠂ ᠦᠦᠰᠢᠨ ᠵᠢᠶᠦ᠋ᠨ ᠸᠠᠩ ᠤ᠋ᠨ ᠬᠤᠰᠢᠭᠤᠨ ᠤ᠋ ᠵᠠᠯᠠᠭᠤᠴᠤᠳ ᠢ᠋ᠶ᠋ᠠᠷ ᠪᠦᠷᠢᠯᠳᠦᠭᠰᠡᠨ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠢ᠋ ᠪᠠᠢᠭᠤᠯᠵᠤ ᠸᠠᠩᠳᠠᠨᠨᠢᠮ᠎ᠡ ᠰᠸᠯᠢᠩ ᠪᠣᠯᠪᠠ᠃ 
       ᠥᠩᠭᠡᠷᠡᠭᠰᠡᠨ ᠳ᠋ᠦ᠍ ᠰᠢᠨᠠᠯᠠᠮ᠎ᠠ ᠬᠠᠯᠬ᠎ᠠ ᠮᠣᠩᠭᠣᠯ ᠳ᠋ᠤ᠌ ᠰᠤᠷᠤᠯᠴᠠᠵᠤ ᠪᠠᠢᠬᠤ ᠬᠤᠭᠤᠴᠠᠭᠠᠨ ᠳ᠋ᠠᠭᠠᠨ ᠮᠠᠷᠱᠠᠯ ᠴᠣᠢᠪᠠᠯᠰᠠᠩ ᠤ᠋ᠨ ᠵᠥᠪᠰᠢᠶᠡᠷᠡᠯ ᠢ᠋ᠶ᠋ᠡᠷ ᠮᠢᠩᠭᠠᠨ ᠴᠡᠷᠢᠭ ᠦ᠋ᠨ ᠶᠠᠪᠠᠭᠠᠨ ᠫᠤᠤ ᠠᠪᠬᠤ ᠪᠠᠷ ᠲᠣᠭᠲᠠᠭᠠᠳ ᠤᠯᠤᠰ ᠲᠠᠭᠠᠨ ᠪᠤᠴᠠᠵᠤ ᠢᠷᠡᠵᠡᠢ᠃ ᠡᠨᠡ ᠤᠳᠠᠭ᠎ᠠ ᠴᠡᠷᠢᠭ ᠪᠠᠢᠭᠤᠯᠬᠤ ᠳ᠋ᠤ᠌ ᠬᠤᠪᠢᠶᠠᠬᠤ ᠪᠠᠷ ᠪᠠᠢᠭ᠎ᠠ ᠮᠢᠩᠭᠠᠨ ᠴᠡᠷᠢᠭ ᠦ᠋ᠨ ᠵᠡᠪᠰᠡᠭ ᠨᠢ ᠰᠢᠨᠡᠯᠡᠮ᠎ᠡ ᠶ᠋ᠢᠨ ᠤᠭ ᠤ᠋ᠨ ᠬᠡᠯᠡᠯᠴᠡᠭᠰᠡᠨ ᠫᠤᠤ ᠪᠠᠢᠵᠤ ᠮᠡᠳᠡᠨ᠎ᠡ(ᠵᠠᠷᠢᠮ ᠨᠢ ᠲᠠᠪᠤᠨ ᠵᠠᠭᠤᠨ ᠫᠤᠤ ᠭᠡᠵᠦ ᠴᠤ᠌ ᠬᠡᠯᠡᠳᠡᠭ)᠂ ᠡᠰᠡᠬᠦᠯ᠎ᠡ ᠹᠧᠩ ᠢᠦᠢ ᠰᠢᠶᠠᠩ ᠵᠠᠩᠵᠤᠨ ᠢ᠋ᠶ᠋ᠠᠷ ᠳᠡᠮᠵᠢᠵᠦ ᠮᠣᠩᠭᠣᠯ ᠳᠤᠮᠳᠠᠳᠤ ᠶ᠋ᠢᠨ ᠬᠢᠯᠢ ᠳ᠋ᠡᠬᠢ ᠰᠣᠯᠢᠩᠬᠢᠷ᠎ᠠ ᠭᠡᠳᠡᠭ ᠭᠠᠵᠠᠷ ᠢ᠋ᠶ᠋ᠠᠷ ᠢᠷᠡᠭᠰᠡᠨ ᠫᠤᠤ ᠴᠤ᠌ ᠪᠠᠢᠵᠤ ᠲᠠᠭᠠᠷᠠᠨ᠎ᠠ᠂ ᠰᠣᠯᠢᠩᠬᠢᠷ᠎ᠠ ᠪᠠᠷ ᠢᠷᠡᠭᠰᠡᠨ ᠫᠤᠤ ᠵᠡᠪᠰᠡᠭ ᠳᠡᠭᠡᠷᠡᠮᠴᠢᠳ ᠲᠦ᠍ ᠪᠤᠯᠢᠶᠠᠭᠳᠠᠭᠰᠠᠨ ᠭᠡᠵᠦ ᠴᠦ᠍ ᠵᠠᠷᠢᠮ ᠬᠥᠮᠦᠨ ᠬᠡᠯᠡᠯᠴᠡᠳᠡᠭ(ᠠᠯᠠᠱᠠ ᠶ᠋ᠢᠨ ᠠᠨ ᠵᠣᠣ ᠳᠠ ᠯᠧᠨ ᠦ᠌ ᠳᠡᠭᠡᠷᠡᠮᠴᠦᠳ)᠃ ᠶᠠᠭᠤ ᠴᠤ᠌ ᠭᠡᠰᠡᠨ ᠡᠨᠡ ᠤᠳᠠᠭ᠎ᠠ ᠲᠠᠪᠤᠨ ᠵᠠᠭᠤᠨ ᠴᠡᠷᠢᠭ ᠦ᠋ᠨ ᠶᠠᠪᠠᠭᠠᠨ ᠫᠤᠤ ᠶ᠋ᠢ ᠬᠤᠪᠢᠶᠠᠬᠤ ᠤᠴᠢᠷ ᠲᠠᠢ ᠪᠠᠢᠭᠰᠠᠨ ᠲᠤᠯᠠ ᠰᠢᠨᠡᠯᠡᠮ᠎ᠡ ᠲᠤᠬᠠᠢ ᠶ᠋ᠢᠨ ᠦᠶ᠎ᠡ ᠳ᠋ᠦ᠍ ᠳᠣᠲᠣᠷ᠎ᠠ ᠪᠠᠨ ᠨᠢᠭᠡ ᠬᠥᠮᠦᠨ ᠳ᠋ᠦ᠍ ᠬᠣᠶᠠᠷ ᠫᠤᠤ ᠯᠠᠪ ᠬᠤᠪᠢᠶᠠᠵᠤ ᠥᠭᠬᠦ ᠦᠭᠡᠢ᠂ ᠨᠢᠭᠡ ᠬᠥᠮᠦᠨ ᠳ᠋ᠦ᠍ ᠨᠢᠭᠡ ᠫᠤᠤ ᠥᠭᠬᠦ ᠪᠡᠷ ᠪᠣᠳᠣᠪᠠᠯ ᠨᠡᠯᠢᠶᠡᠳ ᠠᠷᠪᠢᠨ ᠬᠥᠮᠦᠨ ᠢᠷᠡᠭᠰᠡᠨ ᠴᠦ᠍ ᠲᠡᠳᠦᠢ ᠵᠡᠪᠰᠡᠭ ᠢ᠋ ᠣᠯᠭᠣᠵᠤ ᠴᠢᠳᠠᠨ᠎ᠠ ᠭᠡᠳᠡᠭ ᠢ᠋ ᠤᠷᠢᠳᠴᠢᠯᠠᠨ ᠪᠣᠳᠣᠵᠤ ᠲᠤᠯᠭᠠᠭᠰᠠᠨ ᠠ᠋ᠴᠠ ᠲᠡᠭᠦᠨ ᠲᠡᠢ ᠬᠠᠮᠲᠤ ᠪᠠᠢᠭᠰᠠᠨ ᠢᠲᠡᠭᠡᠯ ᠲᠡᠢ ᠬᠥᠮᠦᠨ ᠵᠠᠮᠢᠶᠠᠨᠵᠠᠪ᠂ ᠲᠥᠪᠳᠡᠨᠪᠠᠯᠪᠤᠷ ᠬᠣᠶᠠᠭᠤᠯᠠ ᠶ᠋ᠢ ᠲᠤᠰᠬᠠᠢᠯᠠᠨ《ᠦᠦᠰᠢᠨ ᠦ᠌ ᠣᠯᠠᠨ ᠨᠤᠲᠤᠭ ᠤ᠋ᠨ ᠠᠬ᠎ᠠ ᠳᠡᠭᠦᠦ ᠨᠠᠷ ᠲᠤ᠌ ᠥᠭᠭᠦᠭᠰᠡᠨ》 ᠨᠢᠭᠡᠨ ᠬᠤᠪᠢ ᠣᠨᠴᠠ ᠶᠠᠭᠠᠷᠠᠤ ᠵᠠᠬᠢᠳᠠᠯ ᠢ᠋ ᠥᠭᠴᠦ ᠶᠠᠪᠤᠭᠤᠯᠵᠠᠢ᠃ ᠲᠡᠷᠡ ᠬᠣᠶᠠᠭᠤᠯᠠ ᠵᠠᠮ ᠳᠠᠭᠠᠤ ᠤᠯᠠᠭ᠎ᠠ ᠤᠨᠤᠬᠤ ᠬᠡᠯᠪᠡᠷᠢ ᠪᠡᠷ ᠠᠭᠲᠠ ᠮᠣᠷᠢᠨ ᠤ᠋ ᠳᠠᠪᠬᠢᠯᠲᠠ ᠪᠠᠷ ᠪᠤᠭᠤᠲᠤ ᠠ᠋ᠴᠠ ᠦᠦᠰᠢᠨ ᠳ᠋ᠦ᠍ ᠮᠠᠰᠢ ᠲᠦᠷᠭᠡᠨ ᠢᠷᠡᠵᠡᠭᠡᠵᠦ ᠣᠯᠠᠨ ᠨᠤᠲᠤᠭ ᠤ᠋ᠨ ᠵᠠᠯᠠᠭᠤ ᠢᠳᠡᠪᠬᠢᠲᠡᠨ ᠳ᠋ᠦ᠍ ᠳᠠᠮᠵᠢᠭᠤᠯᠤᠭᠰᠠᠨ ᠠ᠋ᠴᠠ ᠬᠡᠳᠦᠬᠡᠨ ᠡᠳᠦᠷ ᠦ᠋ᠨ ᠳᠣᠲᠣᠷ᠎ᠠ ᠲᠡᠳᠡ ᠪᠦᠯᠦᠭ ᠪᠦᠯᠦᠭ ᠢ᠋ᠶ᠋ᠡᠷ ᠰᠢᠨᠡᠯᠡᠮ᠎ᠡ ᠶ᠋ᠢᠨ ᠰᠠᠨᠠᠭᠰᠠᠨ ᠶᠣᠰᠣᠭᠠᠷ ᠵᠠᠭᠤ ᠰᠢᠬᠠᠮ ᠮᠣᠷᠢᠲᠤ ᠵᠠᠯᠠᠭᠤᠴᠤᠳ ᠪᠤᠭᠤᠲᠤ ᠳ᠋ᠤ᠌ ᠬᠦᠷᠴᠡᠢ᠃ ᠵᠠᠷᠢᠮ ᠨᠢ ᠴᠠᠭ ᠲᠠᠭᠠᠨ ᠠᠮᠵᠢᠭᠰᠠᠨ ᠦᠭᠡᠢ ᠪᠣᠯᠪᠠᠴᠤ ᠳᠠᠯᠠᠳ ᠤ᠋ᠨ ᠽᠠᠨᠳᠠᠨᠵᠤᠤ ᠳᠡᠭᠡᠷ᠎ᠡ ᠬᠦᠷᠴᠦ ᠵᠡᠪᠰᠡᠭ ᠭᠠᠷᠳᠠᠭᠰᠠᠨ ᠭᠡᠳᠡᠭ᠃ ᠲᠤᠬᠠᠢ ᠶ᠋ᠢᠨ ᠦᠶ᠎ᠡ ᠳ᠋ᠦ᠍《ᠦᠦᠰᠢᠨ ᠬᠤᠰᠢᠭᠤᠨ ᠤ᠋ ᠠᠮᠤᠷ ᠢ᠋ ᠬᠠᠮᠠᠭᠠᠯᠠᠬᠤ ᠠᠩᠭᠢ》 ᠶ᠋ᠢ ᠪᠠᠢᠭᠤᠯᠵᠤ ᠰᠢᠨᠡᠯᠡᠮ᠎ᠡ ᠡᠷᠬᠢᠯᠡᠭᠴᠢ ᠪᠣᠯᠪᠠ᠃ ᠰᠡᠭᠦᠯᠡᠷ ᠳᠣᠲᠣᠭᠠᠳᠤ ᠮᠣᠩᠭᠣᠯ ᠤ᠋ᠨ ᠨᠠᠮ ᠤ᠋ᠨ ᠲᠥᠪ ᠬᠣᠷᠢᠶᠠᠨ ᠤ᠋ ᠵᠥᠪᠰᠢᠶᠡᠷᠡᠯ ᠢ᠋ᠶ᠋ᠡᠷ ᠤᠭ ᠤ᠋ᠨ ᠰᠢᠨᠠᠯᠠᠮ᠎ᠠ ᠶ᠋ᠢᠨ ᠳᠤᠷᠠᠳᠤᠭᠰᠠᠨ ᠰᠠᠨᠠᠯ ᠢ᠋ᠶ᠋ᠠᠷ ᠦᠦᠰᠢᠨ ᠬᠤᠰᠢᠭᠤᠨ ᠤ᠋ ᠠᠮᠤᠷ ᠢ᠋ ᠬᠠᠮᠠᠭᠠᠯᠠᠬᠤ ᠵᠡᠪᠰᠡᠭᠲᠦ ᠠᠩᠭᠢ ᠶ᠋ᠢᠨ ᠰᠠᠭᠤᠷᠢᠨ ᠳᠡᠭᠡᠷ᠎ᠡ ᠳᠠᠷᠤᠢ1927 ᠣᠨ ᠤ᠋ ᠵᠢᠯ ᠦ᠋ᠨ ᠰᠡᠭᠦᠯ ᠳ᠋ᠦ᠍《ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ》 ᠭᠡᠵᠦ ᠨᠡᠷᠡᠯᠡᠭᠡᠳ ᠬᠣᠷᠢᠶᠠᠨ ᠤ᠋ ᠳᠣᠣᠷ᠎ᠠ ᠨᠢ ᠬᠣᠶᠠᠷ ᠪᠠᠲ᠋ᠯᠢᠶᠤᠨ ᠳᠥᠷᠪᠡᠨ ᠯᠢᠶᠠᠨ ᠪᠣᠯᠭᠠᠨ ᠬᠤᠪᠢᠶᠠᠵᠤ ᠬᠣᠷᠢᠶᠠᠨ ᠳᠠᠷᠤᠭ᠎ᠠ ᠰᠢᠨᠡᠯᠡᠮ᠎ᠡ᠂ ᠯᠦᠩᠷᠦᠪ ᠢ᠋ ᠬᠣᠷᠢᠶᠠᠨ ᠤ᠋ ᠺᠣᠮᠢᠰᠰᠠᠷ ᠪᠣᠯᠭᠠᠵᠠᠢ᠃ ᠬᠣᠵᠢᠮ ᠨᠢ ᠭᠠᠯᠠᠭᠤᠲᠤ᠂ ᠦᠦᠰᠢᠨᠵᠤᠤ᠂ ᠬᠠᠯᠢᠭᠤᠲᠤ᠂ ᠮᠠᠩᠬᠠᠲᠤ᠂ ᠤᠯᠠᠭᠠᠨᠲᠣᠯᠣᠭᠠᠢ ᠵᠡᠷᠭᠡ ᠰᠦᠮ᠎ᠡ ᠳ᠋ᠦ᠍ ᠡᠭᠡᠯᠵᠢᠶ᠎ᠡ ᠪᠡᠷ ᠴᠡᠷᠢᠭ ᠰᠠᠭᠤᠷᠢᠰᠢᠵᠤ ᠴᠡᠷᠢᠭ ᠲᠡᠢᠨ ᠦ᠌ ᠪᠣᠯᠪᠠᠰᠤᠷᠠᠯ ᠢ᠋ ᠬᠢᠬᠦ ᠪᠠ ᠲᠡᠢᠨ ᠪᠠᠢᠯᠳᠤᠭᠠᠨ ᠳ᠋ᠤ᠌ ᠣᠷᠣᠯᠴᠠᠬᠤ ᠶᠠᠪᠤᠴᠠ ᠳᠤᠮᠳᠠ ᠴᠡᠷᠢᠭ ᠦ᠋ᠨ  ᠺᠠᠳ᠋ᠷ ᠤ᠋ᠨ ᠲᠣᠬᠢᠷᠠᠭᠤᠯᠤᠯᠲᠠ ᠬᠢᠵᠦ ᠲᠡᠭᠦᠯᠳᠡᠷᠵᠢᠭᠦᠯᠦᠨ ᠴᠡᠷᠢᠭ ᠲᠡᠢᠨ ᠦ᠌ ᠮᠡᠷᠭᠡᠵᠢᠯ ᠮᠡᠳᠡᠯᠭᠡ ᠲᠡᠢ᠂ ᠴᠡᠷᠢᠭ ᠲᠡᠢᠨ ᠢ᠋ ᠵᠢᠯᠣᠭᠣᠳᠬᠤ ᠴᠢᠳᠠᠪᠤᠷᠢ ᠲᠠᠢ ᠴᠡᠷᠢᠭ ᠦ᠋ᠨ ᠺᠠᠳ᠋ᠷ  ᠤ᠋ᠨ ᠡᠩᠨᠡᠭᠡ ᠪᠣᠯᠵᠤ ᠪᠦᠷᠢᠯᠳᠦᠭᠰᠡᠨ ᠪᠠᠢᠨ᠎ᠠ᠃ 
       ᠲᠤᠬᠠᠢ ᠶ᠋ᠢᠨ ᠦᠶ᠎ᠡ ᠶ᠋ᠢᠨ ᠰᠢᠨᠠᠯᠠᠮ᠎ᠠ ᠶ᠋ᠢᠨ ᠴᠡᠷᠢᠭ ᠨᠢ ᠰᠦᠮ᠎ᠡ ᠬᠡᠰᠦᠵᠦ ᠪᠣᠯᠪᠠᠰᠤᠷᠠᠯ ᠬᠢᠬᠦ ᠪᠤᠶᠤ ᠡᠰᠡᠬᠦᠯ᠎ᠡ ᠶᠡᠬᠡ ᠪᠠᠢᠰᠢᠩ ᠬᠦᠷᠢᠶ᠎ᠡ ᠲᠡᠢ ᠡᠷᠦᠬᠡ᠂ ᠬᠥᠮᠦᠨ ᠰᠠᠭᠤᠳᠠᠭ ᠦᠭᠡᠢ ᠬᠣᠭᠣᠰᠣᠨ ᠪᠠᠢᠰᠢᠩ ᠢ᠋ ᠳᠠᠭᠠᠨ ᠡᠭᠡᠯᠵᠢ ᠪᠡᠷ ᠰᠠᠭᠤᠷᠢᠰᠢᠵᠤ ᠪᠣᠯᠪᠠᠰᠤᠷᠠᠯ ᠪᠠ ᠬᠤᠷᠠᠯ ᠰᠤᠷᠤᠯᠭ᠎ᠠ ᠬᠢᠳᠡᠭ ᠲᠤᠯᠠ ᠵᠢᠷᠠᠨ ᠠᠨᠳᠠ ᠶ᠋ᠢᠨ ᠪᠦᠯᠦᠭ ᠡᠴᠡ᠄  
          ᠡᠮ᠎ᠡ ᠰᠸᠯᠢᠩ ᠨᠣᠶᠠᠨ ᠲᠠᠢ(ᠣᠶᠤᠨᠳᠤᠲᠢ)᠂ 
          ᠡᠯᠵᠢᠭᠡᠨ ᠰᠠᠭᠠᠷᠠᠯ ᠬᠤᠪᠴᠠᠰᠤ ᠲᠠᠢ᠂  
          ᠡᠵᠡᠨ ᠦᠭᠡᠢ ᠳᠣᠷᠣ ᠳᠡᠭᠡᠷ᠎ᠡ  
          ᠡᠯᠵᠢᠭᠡ ᠰᠢᠭ ᠣᠬᠢᠷᠠᠯᠳᠤᠵᠤ ᠪᠠᠢᠨ᠎ᠠ᠃  
ᠭᠡᠵᠦ ᠨᠢᠭᠡ ᠪᠠᠳᠠᠭ ᠰᠢᠯᠦᠭ ᠵᠣᠬᠢᠶᠠᠨ ᠬᠠᠷᠢᠶᠠᠭᠰᠠᠨ ᠪᠠᠢᠵᠠᠢ᠃ ᠡᠨᠡ ᠬᠠᠷᠢᠶᠠᠯ ᠨᠢ ᠰᠢᠨᠠᠯᠠᠮ᠎ᠠ ᠶ᠋ᠢᠨ ᠴᠡᠷᠢᠭ ᠦ᠋ᠨ ᠲᠤᠬᠠᠢ ᠶ᠋ᠢᠨ ᠦᠶ᠎ᠡ ᠶ᠋ᠢᠨ ᠪᠣᠳᠠᠲᠤ ᠪᠠᠢᠳᠠᠯ ᠢ᠋ ᠮᠥᠨ ᠴᠦ᠍ ᠡᠰᠡᠷᠭᠦ ᠲᠠᠯ᠎ᠠ ᠪᠠᠷ ᠰᠢᠭᠤᠳ ᠳᠤᠰᠬᠠᠵᠤ ᠴᠢᠳᠠᠭᠰᠠᠨ ᠪᠠᠢᠨ᠎ᠠ᠃  
       ᠰᠢᠨᠠᠯᠠᠮ᠎ᠠ ᠶ᠋ᠢᠨ ᠴᠡᠷᠢᠭ ᠦ᠋ᠨ ᠤᠤᠯ ᠨᠡᠷᠡᠢᠳᠦᠯ ᠨᠢ《ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ》 ᠭᠡᠵᠦ᠂ ᠬᠣᠵᠢᠮ ᠨᠢ ᠠᠷᠠᠳ ᠤ᠋ᠨ ᠳᠤᠮᠳᠠ《ᠰᠢᠨᠡᠯᠡᠮ᠎ᠡ ᠶ᠋ᠢᠨ ᠴᠡᠷᠢᠭ》 ᠭᠡᠵᠦ ᠳᠥᠭᠥᠮᠴᠢᠯᠡᠨ ᠳᠠᠭᠤᠳᠠᠭᠰᠠᠭᠠᠷ ᠬᠣᠵᠢᠮ  ᠤ᠋ᠨ ᠲᠡᠦᠬᠡᠨ ᠳ᠋ᠦ᠍ ᠴᠦ᠍ ᠵᠠᠩᠰᠢᠴᠢᠬᠠᠭᠰᠠᠨ ᠨᠡᠷᠡᠢᠳᠦᠯ ᠪᠣᠯᠵᠤ ᠥᠨᠥ ᠪᠣᠯᠲᠠᠯ᠎ᠠ ᠣᠯᠠᠩᠬᠢ ᠭᠠᠵᠠᠷ ᠲᠤ᠌《ᠰᠢᠨᠡᠯᠡᠮ᠎ᠡ ᠶ᠋ᠢᠨ ᠴᠡᠷᠢᠭ》  ᠭᠡᠵᠦ ᠬᠡᠯᠡᠳᠡᠭ ᠪᠠᠢᠨ᠎ᠠ᠃ 
       ᠮᠣᠷᠢᠲᠤ ᠴᠡᠷᠢᠭ ᠦ᠋ᠨ ᠬᠤᠪᠢᠶᠠᠷᠢᠯᠠᠯ ᠳ᠋ᠤ᠌ ᠬᠥᠮᠦᠨ ᠦ᠌ ᠲᠣᠭ᠎ᠠ ᠨᠢ ᠶᠠᠪᠠᠭᠠᠨ ᠴᠡᠷᠢᠭ ᠡᠴᠡ ᠴᠥᠭᠡᠬᠡᠨ ᠲᠤᠯᠠ ᠲᠤᠬᠠᠢ ᠶ᠋ᠢᠨ ᠦᠶ᠎ᠡ ᠳ᠋ᠦ᠍ ᠴᠦ᠍ ᠵᠠᠭᠤ ᠭᠠᠷᠤᠢᠬᠠᠨ ᠮᠣᠷᠢᠲᠤ ᠴᠡᠷᠢᠭ ᠢ᠋ ᠨᠢᠭᠡ ᠬᠣᠷᠢᠶ᠎ᠠ ᠪᠣᠯᠭᠠᠨ ᠬᠣᠷᠢᠶᠠᠨ ᠤ᠋ ᠳᠣᠣᠷ᠎ᠠ ᠬᠣᠶᠠᠷ ᠪᠠᠲ᠋ᠯᠢᠶᠤᠨ᠂ ᠪᠠᠲ᠋ᠯᠢᠶᠤᠨ ᠤ᠋ ᠳᠣᠣᠷ᠎ᠠ ᠳᠥᠷᠪᠡᠨ ᠰᠤᠮᠤ᠂ ᠰᠤᠮᠤᠨ ᠤ᠋ ᠳᠣᠣᠷ᠎ᠠ ᠨᠠᠢ᠍ᠮᠠᠨ ᠰᠠᠯᠠᠭ᠎ᠠ᠂ ᠰᠠᠯᠠᠭᠠᠨ ᠤ᠋ ᠳᠣᠣᠷ᠎ᠠ ᠲᠠᠪᠤ ᠶ᠋ᠢᠨ ᠳᠠᠷᠤᠭ᠎ᠠ᠂ ᠠᠷᠪᠠ ᠶ᠋ᠢᠨ ᠳᠠᠷᠤᠭ᠎ᠠ ᠭᠡᠬᠦ ᠮᠡᠲᠦ ᠴᠡᠷᠢᠭ ᠦ᠋ᠨ ᠪᠠᠢᠭᠤᠯᠤᠮᠵᠢ ᠶ᠋ᠢ ᠨᠠᠢᠳᠠᠪᠤᠷᠢᠵᠢᠭᠤᠯᠤᠭᠰᠠᠨ ᠪᠠᠢᠵᠠᠢ᠃   

        ᠦᠰᠦᠭ ᠠᠮᠢᠯᠠᠭᠤᠯᠤᠭᠴᠢ᠄ ᠣᠶᠤᠨᠪᠠᠲᠤ᠂ ᠰᠠᠷᠠᠨᠲᠤᠶᠠᠭ᠎ᠠ᠂  ᠪᠠᠯ᠂  ᠴᠤᠯᠮᠤᠨᠭᠡᠷᠡᠯ
            ᠬᠢᠨᠠᠭᠴᠢ᠄ ᠣᠳᠬᠣᠨᠴᠡᠴᠡᠭ᠂ ᠠᠯᠲᠠᠨᠱᠠ᠂ ᠴᠤᠯᠮᠤᠨᠭᠡᠷᠡᠯ᠂  ᠪᠠᠯ