ᠢᠰᠡᠭᠡᠢ ᠦᠨᠡᠭᠡᠨ ᠦ᠌ ᠳᠣᠮᠣᠭEsgii üngenii domog Эсгий үнгэний домог
ᠢᠰᠡᠭᠡᠢ ᠦᠨᠡᠭᠡᠨ ᠦ᠌ ᠳᠣᠮᠣᠭ
ᠡᠷᠲᠡ ᠤᠷᠢᠳᠤ ᠴᠠᠭ ᠲᠤ᠌ ᠰᠣᠨᠢᠭᠤᠴᠢ ᠨᠢᠭᠡᠨ ᠦᠨᠡᠭᠡ ᠤᠢᠳᠴᠤ ᠭᠠᠭᠴᠠᠭᠠᠷᠳᠠᠨ ᠬᠡᠰᠦᠭᠦᠴᠢᠯᠡᠨ ᠶᠠᠪᠤᠵᠤ ᠪᠠᠢᠵᠠᠢ ᠃ ᠲᠡᠷᠡ ᠤᠢᠳᠬᠤ ᠦᠭᠡᠢ ᠪᠠᠢᠬᠤ ᠶ᠋ᠢᠨ ᠲᠤᠯᠠᠳᠠ ᠡᠯᠳᠡᠪ ᠶᠠᠩᠵᠤ ᠶ᠋ᠢᠨ ᠶᠠᠭᠤᠮ᠎ᠠ ᠰᠠᠳᠤᠨ ᠶᠠᠪᠤᠵᠤ ᠪᠠᠢᠲᠠᠯ᠎ᠠ ᠨᠢᠭᠡᠨ ᠠᠢᠯ ᠲᠠᠭᠠᠷᠠᠵᠤ ᠭᠡᠨ᠎ᠡ ᠃ᠥᠨᠥᠬᠢ ᠠᠢᠯ ᠳ᠋ᠤ᠌ ᠨᠢᠯᠬ᠎ᠠ ᠬᠡᠦᠬᠡᠳ ᠦ᠋ᠨ ᠳᠠᠭᠤ ᠴᠠᠩᠭᠢᠨᠠᠵᠤ ᠢᠨᠢᠶᠡᠳᠦ ᠬᠥᠷ ᠪᠣᠯᠵᠤ ᠪᠠᠢᠭ᠎ᠠ ᠨᠢ ᠰᠢᠨ᠎ᠡ ᠬᠥᠮᠦᠨ ᠮᠡᠨᠳᠦᠯᠡᠭᠰᠡᠨ ᠢ᠋ ᠭᠡᠷᠡᠴᠢᠯᠡᠨ᠎ᠡ ᠃ᠤᠳᠠᠯ ᠦᠭᠡᠢ ᠪᠦᠪᠡᠢ ᠶ᠋ᠢᠨ ᠳᠠᠭᠤᠤ ᠤᠶᠠᠩᠭᠠᠯᠠᠵᠤ ᠥᠯᠥᠭᠡᠢ ᠲᠡᠢ ᠵᠢᠭᠠᠯ ᠤᠨᠲᠠᠵᠠᠢ᠃ᠡᠨᠡ ᠪᠦᠬᠦᠨ ᠢ᠋ ᠠᠵᠢᠭᠯᠠᠨ ᠬᠠᠷᠠᠵᠤ ᠪᠠᠢᠭᠠᠳ ᠰᠠᠬᠢᠯᠭ᠎ᠠ ᠦᠭᠡᠢᠳᠡᠬᠦ ᠪᠡᠷ ᠰᠢᠢᠳᠦᠨ ᠠᠢᠯ ᠤᠷᠤᠭᠤ ᠣᠴᠢᠵᠠᠢ ᠃ ᠦᠨᠡᠭᠡ ᠤᠨᠲᠠᠵᠤ ᠪᠣᠢ ᠬᠦᠦ ᠳᠡᠭᠡᠷ᠎ᠡ ᠣᠴᠢᠨ᠄《ᠪᠢᠴᠢᠬᠠᠨ ᠬᠦᠦ ᠮᠢᠨᠢ ᠰᠡᠷᠢᠭᠡᠷᠡᠢ᠂ ᠰᠡᠷᠢᠭᠡᠷᠡᠢ ᠨᠠᠳᠠ ᠲᠠᠢ ᠬᠠᠮᠲᠤ ᠶᠠᠪᠤᠵᠤ ᠲᠣᠭᠯᠠᠭᠠᠴᠢ 》ᠭᠡᠮᠡᠨ ᠳᠠᠭᠤᠳᠠᠪᠠ᠃ᠬᠦᠦ ᠰᠡᠷᠢᠬᠦ ᠶᠠᠩᠵᠤ ᠦᠭᠡᠢ ᠤᠨᠲᠠᠭᠰᠠᠭᠠᠷ ᠯᠠ ᠪᠠᠢᠯ᠎ᠠ᠂ ᠭᠡᠲᠡᠯ᠎ᠡ ᠦᠨᠡᠭᠡ ᠄《ᠬᠦᠦ ᠮᠢᠨᠢ ᠰᠡᠷᠢᠭᠡᠷᠡᠢ᠂ ᠰᠡᠷᠢᠭᠡᠷᠡᠢ ᠡᠵᠢ ᠴᠢᠨᠢ ᠬᠣᠯᠠ ᠶᠠᠪᠤᠯ᠎ᠠ᠂ ᠡᠵᠢ ᠴᠢᠨᠢ ᠬᠣᠯᠠ ᠶᠠᠪᠤᠯ᠎ᠠ 》ᠭᠡᠮᠡᠨ ᠬᠤᠳᠠᠯ ᠬᠡᠯᠡᠪᠡ᠃ ᠡᠨᠡ ᠦᠭᠡᠨ ᠳ᠋ᠦ᠍ ᠢᠲᠡᠭᠡᠭᠰᠡᠨ ᠬᠦᠦ ᠤᠬᠢᠯᠠᠩᠨᠠᠵᠤ ᠡᠬᠢᠯᠡᠬᠦ ᠳ᠋ᠦ᠍ ᠬᠡᠦᠬᠡᠳ ᠤᠬᠢᠯᠠᠪᠠᠯ ᠠᠪᠤ ᠡᠵᠢ ᠨᠢ ᠰᠡᠷᠢᠨ᠎ᠡ ᠭᠡᠮᠡᠨ ᠠᠶᠤᠭᠰᠠᠨ ᠦᠨᠡᠭᠡ ᠄《ᠪᠢᠴᠢᠬᠠᠨ ᠬᠦᠦ ᠮᠢᠨᠢ ᠤᠨᠲᠠ ᠤᠨᠲᠠ᠂ ᠡᠵᠢ ᠨᠢ ᠬᠣᠯᠠ ᠶᠠᠪᠤᠭ᠎ᠠ ᠦᠭᠡᠢ ᠂ ᠬᠣᠯᠠ ᠶᠠᠪᠤᠭ᠎ᠠ ᠦᠭᠡᠢ》ᠭᠡᠮᠡᠨ ᠬᠡᠯᠡᠯ᠎ᠡ᠃ᠡᠨᠡ ᠦᠭᠡᠨ ᠳ᠋ᠦ᠍ ᠪᠠᠶᠠᠷᠯᠠᠭᠰᠠᠨ ᠬᠦᠦ ᠵᠡᠭᠦᠳᠦᠨ ᠳ᠋ᠦ᠍ ᠪᠡᠨ ᠢᠨᠢᠶᠡᠮᠰᠦᠭᠯᠡᠬᠦ ᠳ᠋ᠦ᠍ ᠥᠨᠥᠬᠢ ᠤᠢᠳᠤᠭᠰᠠᠨ ᠦᠨᠡᠭᠡᠨ ᠳ᠋ᠦ᠍ ᠵᠤᠭ᠎ᠠ ᠲᠠᠢ ᠰᠠᠨᠠᠭᠳᠠᠵᠤ ᠬᠥᠭᠵᠢᠯᠳᠦᠨ ᠲᠣᠭᠯᠠᠵᠤ ᠪᠠᠢᠲᠠᠯ᠎ᠠ ᠴᠢᠮᠡᠭᠡ ᠭᠠᠷᠴᠤ ᠬᠦᠦ ᠶ᠋ᠢᠨ ᠠᠪᠤ ᠰᠡᠷᠢᠬᠦ ᠳ᠋ᠦ᠍ ᠂ ᠦᠨᠡᠭᠡ ᠲᠣᠭᠣᠨᠣ ᠪᠠᠷ ᠭᠠᠷᠤᠨ ᠵᠢᠭᠤᠲᠠᠵᠠᠢ᠃ ᠡᠭᠦᠨ ᠢ᠋ ᠬᠠᠷᠠᠭᠰᠠᠨ ᠬᠦᠦ ᠶ᠋ᠢᠨ ᠠᠪᠤ ᠠᠷᠭ᠎ᠠ ᠤᠬᠠᠭᠠᠨ ᠰᠡᠢᠯᠦᠨ ᠬᠦᠦ ᠳ᠋ᠡᠭᠡᠨ ᠢᠰᠡᠭᠡᠢ ᠦᠨᠡᠭᠡ ᠬᠠᠢᠴᠢᠯᠠᠨ ᠤᠨᠵᠢᠭᠤᠯᠵᠤ ᠳᠣᠮᠨᠣᠵᠠᠢ᠃ ᠮᠠᠷᠭᠠᠰᠢ ᠨᠢ ᠥᠨᠥᠬᠢ ᠦᠨᠡᠭᠡ ᠳᠠᠬᠢᠨ ᠢᠷᠡᠭᠡᠳ ᠬᠦᠦ ᠶ᠋ᠢᠨ ᠳᠡᠭᠡᠷ᠎ᠡ ᠢᠰᠡᠭᠡᠢ ᠦᠨᠡᠭᠡ ᠪᠠᠢᠭ᠎ᠠ ᠶ᠋ᠢ ᠬᠠᠷᠠᠭᠠᠳ ᠡᠨᠡ ᠬᠦᠦ ᠦᠨᠡᠭᠡ ᠲᠡᠢ ᠶᠦᠮ ᠪᠠᠢᠨ᠎ᠠ ᠭᠡᠳ ᠶᠠᠪᠤᠭᠠᠳ ᠥᠭᠴᠡᠢ ᠃ ᠡᠨᠡᠬᠦ ᠳᠣᠮᠣᠭ ᠠ᠋ᠴᠠ ᠡᠭᠦᠳᠦᠨ ᠬᠡᠦᠬᠡᠳ ᠢ᠋ ᠡᠯᠳᠡᠪ ᠮᠠᠭᠤ ᠪᠦᠬᠦᠨ ᠡᠴᠡ ᠬᠠᠮᠠᠭᠠᠯᠠᠬᠤ ᠡᠷᠡᠭᠦᠯ ᠴᠢᠬᠢᠷᠡᠭ ᠪᠠᠲᠤ ᠪᠥᠬᠡ ᠬᠥᠮᠦᠨ ᠪᠣᠯᠬᠤ ᠶ᠋ᠢ ᠪᠡᠯᠭᠡᠳᠡᠨ ᠦᠨᠡᠭᠡ ᠬᠠᠢᠴᠢᠯᠠᠨ ᠳᠣᠮᠨᠣᠳᠠᠭ ᠵᠠᠩ ᠦᠢᠯᠡ ᠣᠳᠣ ᠴᠤ᠌ ᠬᠡᠷᠡᠭᠯᠡᠭᠳᠡᠭᠰᠡᠭᠡᠷ ᠪᠠᠢᠭ᠎ᠠ ᠪᠢᠯᠡ᠃
ᠦᠨᠡᠭᠡ ᠬᠠᠢᠴᠢᠯᠠᠨ ᠤᠨᠵᠢᠭᠤᠯᠬᠤ ᠳ᠋ᠠᠭᠠᠨ ᠲᠠᠪᠤᠨ ᠥᠩᠭᠡ ᠶ᠋ᠢᠨ ᠭᠤᠷᠪᠠᠯᠵᠢᠨ ᠪᠤᠶᠤ ᠲᠡᠭᠡᠭ ᠢ᠋ ᠬᠠᠮᠲᠤ ᠬᠢᠭᠰᠡᠨ ᠪᠠᠢᠳᠠᠭ ᠨᠢ ᠮᠥᠩᠬᠡ ᠲᠡᠭᠷᠢ ᠶ᠋ᠢ ᠬᠥᠬᠡ ᠥᠩᠭᠡ ᠪᠡᠷ ᠂ᠬᠥᠷᠥᠰᠥᠲᠦ ᠳᠡᠯᠡᠬᠡᠢ ᠶ᠋ᠢ ᠨᠣᠭᠣᠭᠠᠨ ᠥᠩᠭᠡ ᠪᠡᠷ ᠂ᠠᠷᠢᠭᠤᠨ ᠠᠭᠠᠷ ᠢ᠋ ᠴᠠᠭᠠᠨ ᠥᠩᠭᠡ ᠪᠡᠷ ᠂ ᠠᠷᠪᠢᠵᠢᠨ ᠦᠷᠡᠵᠢᠬᠦ ᠶ᠋ᠢ ᠰᠢᠷ᠎ᠠ ᠥᠩᠭᠡ ᠪᠡᠷ ᠂ᠭᠠᠯ ᠭᠣᠯᠣᠮᠲᠠ ᠪᠠᠨ ᠤᠯᠠᠭᠠᠨ ᠥᠩᠭᠡ ᠪᠡᠷ ᠲᠤᠰ ᠲᠤᠰ ᠪᠡᠯᠭᠡᠳᠡᠨ ᠪᠠᠢᠳᠠᠭ ᠠᠵᠠᠢ ᠃
ᠦᠰᠦᠭ ᠬᠠᠳᠠᠭᠴᠢ᠄ ᠮᠣᠳᠣᠲᠤ ᠬᠠᠪᠤᠷᠵᠢᠶ᠎ᠠ
ᠦᠰᠦᠭ ᠠᠮᠢᠯᠠᠭᠤᠯᠤᠭᠴᠢ᠄ ᠲᠦᠮᠡᠨᠴᠡᠴᠡᠭ
ᠬᠢᠨᠠᠭᠴᠢ᠄ ᠲᠦᠮᠡᠨᠴᠡᠴᠡᠭ
