ᠪᠠᠷᠠᠭᠤᠨ ᠬᠠᠩᠭᠠᠢ - ᠪᠦᠷᠢᠨᠪᠠᠶᠠᠷBaruun khangai-bürnbayar Баруун хангай-бүрнбаяр
ᠪᠠᠷᠠᠭᠤᠨ ᠬᠠᠩᠭᠠᠢ
ᠬᠣᠷᠴᠢᠨ ᠠᠷᠠᠳ ᠤ᠋ᠨ ᠳᠠᠭᠤᠤ
ᠬᠥᠭᠵᠢᠮ᠄ ᠪᠠᠢ ᠯᠢᠶᠠᠨ ᠰᠢ᠂ ᠴᠧᠨ᠄ ᠪᠠᠶᠠᠷ᠂ ᠴᠡᠩᠭᠡᠯᠲᠦ᠂ ᠵᠠᠩ ᠸᠸᠨ ᠰᠢᠶᠠᠩ
ᠪᠦᠷᠢᠨᠪᠠᠶᠠᠷ ᠳᠠᠭᠤᠯᠠᠨ᠎ᠠ
ᠪᠠᠷᠠᠭᠤᠨ ᠶᠡᠬᠡ ᠬᠠᠩᠭᠠᠢ ᠰᠠᠢᠬᠠᠨ ᠠᠭᠤᠯᠠᠨ ᠤ᠋ ᠪᠠᠨ ᠳᠡᠭᠡᠷ᠎ᠡ ᠠ᠋ ᠬᠦᠢ
ᠪᠠᠵᠠᠮᠠᠨ ᠨᠡᠷᠡᠲᠡᠢ ᠮᠣᠳᠣᠨ ᠤ᠋ ᠪᠠᠨ ᠰᠡᠭᠦᠳᠡᠷ ᠳᠣᠣᠷ᠎ᠠ ᠠ᠋
ᠪᠠᠲᠤ ᠪᠤᠶᠠᠨ ᠢ᠋ᠶ᠋ᠠᠷ ᠢ᠋ᠶ᠋ᠠᠨ ᠠᠭᠤᠯᠵᠠᠭᠠᠳ ᠲᠡᠭᠡᠭᠰᠡᠨ ᠣᠯᠠᠨ ᠲᠠᠨ ᠳ᠋ᠤ᠌ ᠪᠠ ᠬᠦᠢ
ᠪᠠᠵᠠᠮᠠᠨ ᠳᠡᠭᠡᠵᠢ ᠪᠡᠨ ᠡᠷᠭᠦᠵᠦ ᠪᠠᠢᠭᠠᠳ ᠳᠠᠭᠤᠯᠠᠵᠠᠭᠠᠶ᠎ᠠ
ᠠᠮᠤᠷ ᠮᠡᠨᠳᠦ ᠰᠠᠢᠨ᠂ ᠠᠮᠤᠷ ᠮᠡᠨᠳᠦ ᠰᠠᠢᠨ
ᠠᠩᠬ᠎ᠠ ᠡᠷᠲᠡᠨ ᠦ᠌ ᠪᠤᠶᠠᠨ ᠢ᠋ᠶ᠋ᠠᠷ ᠢ᠋ᠶ᠋ᠠᠨ ᠳᠠᠭᠤᠯᠠᠵᠠᠭᠠᠶ᠎ᠠ
ᠵᠡᠭᠦᠨ ᠶᠡᠬᠡ ᠬᠠᠩᠭᠠᠢ ᠰᠠᠢᠬᠠᠨ ᠠᠭᠤᠯᠠᠨ ᠤ᠋ ᠪᠠᠨ ᠳᠡᠭᠡᠷ᠎ᠡ ᠠ᠋ ᠬᠦᠢ
ᠵᠢᠮᠢᠰ ᠦ᠋ᠨ ᠨᠡᠷᠡᠲᠡᠢ ᠮᠣᠳᠣᠨ ᠤ᠋ ᠪᠠᠨ ᠰᠡᠭᠦᠳᠡᠷ ᠳᠣᠣᠷ᠎ᠠ ᠠ᠋
ᠵᠦᠢᠲᠡᠢ ᠪᠤᠶᠠᠨ ᠢ᠋ᠶ᠋ᠠᠷ ᠢ᠋ᠶ᠋ᠠᠨ ᠠᠭᠤᠯᠵᠠᠭᠠᠳ ᠲᠡᠭᠡᠭᠰᠡᠨ ᠣᠯᠠᠨ ᠲᠠᠨ ᠳ᠋ᠤ᠌ ᠪᠠᠨ
ᠵᠦᠩᠰᠡᠨ ᠦ᠌ ᠪᠡᠨ ᠳᠡᠭᠡᠵᠢ ᠪᠡᠨ ᠪᠠᠷᠢᠵᠤ ᠪᠠᠢᠭᠠᠳ ᠳᠠᠭᠤᠯᠠᠵᠠᠭᠠᠶ᠎ᠠ
ᠠᠮᠤᠷ ᠮᠡᠨᠳᠦ ᠰᠠᠢᠨ ᠂ ᠠᠮᠤᠷ ᠮᠡᠨᠳᠦ ᠰᠠᠢᠨ
ᠠᠩᠬ᠎ᠠ ᠡᠷᠲᠡᠨ ᠦ᠌ ᠪᠤᠶᠠᠨ ᠢ᠋ᠶ᠋ᠠᠷ ᠢ᠋ᠶ᠋ᠠᠨ ᠳᠠᠭᠤᠯᠠᠵᠠᠭᠠᠶ᠎ᠠ
ᠡᠮᠦᠨ᠎ᠡ ᠶᠡᠬᠡ ᠬᠠᠩᠭᠠᠢ ᠰᠠᠢᠬᠠᠨ ᠠᠭᠤᠯᠠᠨ ᠤ᠋ ᠪᠠᠨ ᠳᠡᠭᠡᠷ᠎ᠡ ᠠ᠋ ᠬᠦᠢ
ᠦᠵᠦᠮ ᠦ᠋ᠨ ᠨᠡᠷᠡᠲᠡᠢ ᠮᠣᠳᠣᠨ ᠤ᠋ ᠪᠠᠨ ᠰᠡᠭᠦᠳᠡᠷ ᠳᠣᠣᠷ᠎ᠠ ᠠ᠋
ᠥᠯᠵᠡᠢ ᠪᠤᠶᠠᠨ ᠢ᠋ᠶ᠋ᠠᠷ ᠢ᠋ᠶ᠋ᠠᠨ ᠠᠭᠤᠯᠵᠠᠭᠠᠳ ᠲᠡᠭᠡᠭᠰᠡᠨ ᠣᠯᠠᠨ ᠲᠠᠨ ᠳ᠋ᠤ᠌ ᠪᠠᠨ
ᠦᠵᠦᠮ ᠦ᠋ᠨ ᠳᠡᠭᠡᠵᠢ ᠪᠡᠨ ᠡᠷᠭᠦᠵᠦ ᠪᠠᠢᠭᠠᠳ ᠳᠠᠭᠤᠯᠠᠵᠠᠭᠠᠶ᠎ᠠ
ᠠᠮᠤᠷ ᠮᠡᠨᠳᠦ ᠰᠠᠢᠨ᠂ ᠠᠮᠤᠷ ᠮᠡᠨᠳᠦ ᠰᠠᠢᠨ
ᠠᠩᠬ᠎ᠠ ᠡᠷᠲᠡᠨ ᠦ᠌ ᠪᠤᠶᠠᠨ ᠢ᠋ᠶ᠋ᠠᠷ ᠢ᠋ᠶ᠋ᠠᠨ ᠳᠠᠭᠤᠯᠠᠵᠠᠭᠠᠶ᠎ᠠ
ᠬᠣᠢᠲᠤ ᠶᠡᠬᠡ ᠬᠠᠩᠭᠠᠢ ᠰᠠᠢᠬᠠᠨ ᠠᠭᠤᠯᠠᠨ ᠤ᠋ ᠪᠠᠨ ᠳᠡᠭᠡᠷ᠎ᠡ ᠠ᠋ ᠬᠦᠢ
ᠬᠤᠰᠢᠭᠠᠨ ᠨᠡᠷᠡᠲᠡᠢ ᠮᠣᠳᠣᠨ ᠤ᠋ ᠪᠠᠨ ᠰᠡᠭᠦᠳᠡᠷ ᠳᠣᠣᠷ᠎ᠠ ᠠ᠋
ᠬᠤᠪᠢ ᠢᠷᠦᠭᠡᠯ ᠢ᠋ᠶ᠋ᠡᠷ ᠢ᠋ᠶ᠋ᠡᠨ ᠠᠭᠤᠯᠵᠠᠭᠠᠳ ᠲᠡᠭᠡᠭᠰᠡᠨ ᠣᠯᠠᠨ ᠲᠠᠨ ᠳ᠋ᠤ᠌ ᠪᠠᠨ
ᠬᠤᠨᠳᠠᠭᠠᠨ ᠤ᠋ ᠳᠡᠭᠡᠵᠢ ᠪᠡᠨ ᠡᠷᠭᠦᠵᠦ ᠪᠠᠢᠭᠠᠳ ᠳᠠᠭᠤᠯᠠᠵᠠᠭᠠᠶ᠎ᠠ
ᠠᠮᠤᠷ ᠮᠡᠨᠳᠦ ᠰᠠᠢᠨ ᠠᠮᠤᠷ ᠮᠡᠨᠳᠦ ᠰᠠᠢᠨ
ᠠᠩᠬ᠎ᠠ ᠡᠷᠲᠡᠨ ᠦ᠌ ᠪᠤᠶᠠᠨ ᠢ᠋ᠶ᠋ᠠᠷ ᠢ᠋ᠶ᠋ᠠᠨ ᠳᠠᠭᠤᠯᠠᠵᠠᠭᠠᠶ᠎ᠠ
ᠠᠮᠤᠷ ᠮᠡᠨᠳᠦ ᠰᠠᠢᠨ ᠂ ᠠᠮᠤᠷ ᠮᠡᠨᠳᠦ ᠰᠠᠢᠨ
ᠠᠩᠬ᠎ᠠ ᠡᠷᠲᠡᠨ ᠦ᠌ ᠪᠤᠶᠠᠨ ᠢ᠋ᠶ᠋ᠠᠷ ᠢ᠋ᠶ᠋ᠠᠨ ᠳᠠᠭᠤᠯᠠᠵᠠᠭᠠᠶ᠎ᠠ
ᠦᠰᠦᠭ ᠠᠮᠢᠯᠠᠭᠤᠯᠤᠭᠰᠠᠨ ᠨᠢ ᠄ ᠴᠢᠨᠳᠠᠮᠤᠨᠢ
ᠦᠰᠦᠭ ᠬᠠᠲᠠᠭᠰᠠᠨ ᠨᠢ ᠄ ᠭᠠᠸᠠ᠂
ᠬᠢᠨᠠᠭᠴᠢ ᠄ ᠴᠢᠨᠳᠠᠮᠤᠨᠢ
