ᠮᠢᠨᠦ ᠨᠤᠲᠤᠭ ᠰᠢᠯᠦᠭ ᠦᠨ ᠨᠢᠭᠡ ᠬᠡᠰᠡᠭ- ᠳ᠋᠊᠂ ᠨᠠᠴᠤᠭᠳᠣᠷᠵᠢМиний нутаг шүлгийн нэг хэсэг-т, нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠨᠤᠲᠤᠭ ᠰᠢᠯᠦᠭ ᠦᠨ ᠨᠢᠭᠡ ᠬᠡᠰᠡᠭ- ᠳ᠋᠊᠂ ᠨᠠᠴᠤᠭᠳᠣᠷᠵᠢМиний нутаг шүлгийн нэг хэсэг-т, нацагдорж

ᠮᠢᠨᠦ ᠨᠤᠲᠤᠭ ᠰᠢᠯᠦᠭ ᠦᠨ ᠨᠢᠭᠡ ᠬᠡᠰᠡᠭ- ᠳ᠋᠊᠂ ᠨᠠᠴᠤᠭᠳᠣᠷᠵᠢМиний нутаг шүлгийн нэг хэсэг-т, нацагдорж

2022-10-19

1068

ᠮᠣᠩᠭᠣᠯ ᠭᠡᠳᠡᠭ ᠨᠢᠭᠡ ᠨᠡᠷ᠎ᠡ
ᠶᠢᠷᠲᠢᠨᠴᠦ ᠶᠢᠨ ᠴᠢᠬᠢᠨ᠎ᠡ ᠳᠠᠭᠤᠷᠢᠰᠭᠠᠯ ᠲᠠᠢ
ᠮᠣᠩᠭᠣᠯ ᠤᠨ ᠲᠥᠯᠥᠭᠡ ᠭᠡᠳᠡᠭ ᠰᠠᠨᠠᠭ᠎ᠠ
ᠪᠢᠳᠡᠨ ᠦ ᠵᠢᠷᠦᠬᠡᠨ ᠳᠦ ᠬᠣᠯᠪᠣᠭ᠎ᠠ ᠲᠠᠢ

ᠥᠰᠬᠦ ᠡᠴᠡ 
ᠰᠤᠷᠤᠭᠰᠠᠨ ᠦᠨᠳᠦᠰᠦᠨ ᠬᠡᠯᠡ
ᠮᠠᠷᠲᠠᠵᠤ ᠪᠣᠯᠣᠰᠢ ᠦᠭᠡᠢ ᠰᠤᠶᠤᠯ

ᠦᠬᠦᠲᠡᠯ᠎ᠡ ᠤᠷᠤᠰᠢᠬᠤ 
ᠲᠥᠷᠦᠯᠬᠢ ᠨᠤᠲᠤᠭ
ᠰᠠᠯᠵᠤ ᠪᠣᠯᠣᠰᠢ ᠦᠭᠡᠢ ᠣᠷᠣᠨ

ᠲᠡᠭᠷᠢ ᠶ᠋ᠢᠨ ᠣᠷᠣᠨ ᠳᠤ ᠳᠣᠯᠣᠭᠠᠨ ᠪᠤᠷᠬᠠᠨ ᠲᠠᠢ
ᠲᠥᠷᠥᠭᠰᠡᠨ ᠬᠡᠯᠡ ᠮᠢᠨᠢ ᠳᠣᠯᠣᠭᠠᠨ ᠡᠭᠡᠰᠢᠭ ᠲᠠᠢ
ᠡᠬᠡ ᠬᠡᠯᠡ ᠪᠡᠨ ᠬᠠᠮᠠᠭᠠᠯᠠᠬᠤ ᠳᠤ
ᠬᠥᠮᠥᠨ ᠪᠥᠬᠥᠨ ᠬᠠᠷᠢᠭᠤᠴᠠᠯᠭ᠎ᠠ ᠲᠠᠢ ᠪᠠᠢᠳᠠᠭ ᠶᠤᠮ ᠡ
ᠭᠡᠭᠡᠨ 
ᠲᠡᠭᠷᠢ ᠶ᠋ᠢᠨ ᠲᠠᠮᠠᠭ᠎ᠠ ᠲᠠᠢ
ᠭᠡᠷ ᠲᠡᠬᠡᠨ ᠬᠠᠷᠢᠬᠤ ᠨᠤᠲᠤᠭ ᠲᠠᠢ
ᠬᠣᠯᠢᠵᠤ ᠪᠣᠯᠳᠠᠭ ᠦᠭᠡᠢ ᠴᠢᠰᠤ ᠲᠠᠢ
ᠰᠣᠯᠢᠵᠤ ᠪᠣᠯᠳᠠᠭ ᠦᠭᠡᠢ ᠶᠠᠰᠤ ᠲᠠᠢ
ᠬᠠᠮᠤᠭ ᠮᠣᠩᠭᠣᠯᠴᠤᠳ ᠮᠢᠨᠢ
ᠬᠠᠮᠢᠭ᠎ᠠ ᠪᠠᠢᠭᠰᠠᠨ ᠴᠤ᠌
ᠬᠠᠮᠲᠤᠷᠠᠨ ᠪᠦᠯᠬᠦᠮᠳᠡᠵᠡᠭᠡᠵᠦ
ᠬᠠᠷᠠᠯᠲᠠ ᠨᠢᠭᠡᠲᠡᠢ ᠴᠢᠷᠮᠠᠢᠵᠠᠭᠠᠶ᠎ᠠ!