ᠭᠤᠷᠪᠠ - ᠳᠠᠨᠽᠠᠨᠷᠠᠪᠵᠠᠢ Gurav-DanzanravjeeГурав-Данзанравжээ ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠ - ᠳᠠᠨᠽᠠᠨᠷᠠᠪᠵᠠᠢ Gurav-DanzanravjeeГурав-Данзанравжээ

ᠭᠤᠷᠪᠠ - ᠳᠠᠨᠽᠠᠨᠷᠠᠪᠵᠠᠢ Gurav-DanzanravjeeГурав-Данзанравжээ

2025-11-09

260

ᠭᠤᠷᠪᠠ

  ᠦᠭᠡ ᠄ ᠳᠠᠨᠽᠠᠨᠷᠠᠪᠵᠠᠢ 
   (ᠰᠤᠷᠭᠠᠯ ᠰᠢᠯᠦᠭ) 
ᠠᠯᠢᠪᠠ ᠪᠦᠬᠦᠨ ᠡᠴᠡ ᠡᠷᠬᠢᠮ ᠨᠢ 
ᠮᠡᠷᠭᠡᠨ ᠲᠦᠷᠭᠡᠨ ᠳᠠᠭᠠᠭᠠᠮᠠᠭᠠᠢ ᠭᠤᠷᠪᠠ 
ᠠᠵᠢᠯ ᠪᠦᠲᠦᠭᠡᠬᠦ ᠶ᠋ᠢᠨ ᠡᠷᠡᠮᠪᠡ ᠨᠢ 
ᠮᠡᠳᠡᠯᠭᠡ ᠴᠢᠳᠠᠪᠤᠷᠢ ᠳᠠᠳᠤᠯ ᠭᠤᠷᠪᠠ 
ᠮᠥᠩᠬᠡ ᠪᠤᠰᠤ ᠶ᠋ᠢᠨ ᠳᠣᠬᠢᠶ᠎ᠠ ᠨᠢ 
ᠦᠳᠡᠯᠡᠬᠦ ᠡᠯᠡᠬᠦ ᠪᠠᠭᠤᠷᠠᠬᠤ ᠭᠤᠷᠪᠠ 
ᠮᠥᠴᠢᠳ ᠬᠣᠭᠣᠰᠣᠨ ᠤ᠋ ᠵᠢᠱ᠌ᠢᠶ᠎ᠡ ᠨᠢ 
ᠥᠩᠭᠡ ᠮᠥᠩᠭᠥ ᠵᠡᠷᠭᠡᠯᠭᠡ ᠭᠤᠷᠪᠠ 
ᠠᠮᠢᠳᠤᠷᠠᠬᠤ ᠴᠠᠭ ᠤ᠋ᠨ ᠬᠡᠮᠵᠢᠶ᠎ᠡ ᠨᠢ 
ᠪᠠᠯᠴᠢᠷ ᠢᠳᠡᠷ ᠦᠳᠡᠯᠦᠭᠡ ᠭᠤᠷᠪᠠ 
ᠠᠵᠢᠯᠯᠠᠬᠤ ᠴᠠᠭ ᠤ᠋ᠨ ᠭᠡᠮᠰᠢᠯ ᠨᠢ
ᠥᠷᠯᠥᠭᠡ ᠡᠳᠦᠷ ᠣᠷᠣᠢ ᠭᠤᠷᠪᠠ
ᠪᠠᠯᠠᠷᠠᠵᠤ ᠳᠣᠷᠣᠢᠲᠠᠬᠤ ᠶ᠋ᠢᠨ ᠲᠡᠮᠳᠡᠭ ᠨᠢ
ᠤᠨᠲᠠᠵᠤ ᠮᠠᠷᠲᠠᠵᠤ ᠲᠡᠷᠰᠯᠡᠬᠦ ᠭᠤᠷᠪᠠ
ᠪᠠᠳᠠᠷᠠᠵᠤ ᠳᠡᠭᠡᠭᠰᠢᠯᠡᠬᠦ ᠶ᠋ᠢᠨ ᠦᠨᠳᠦᠰᠦ ᠨᠢ
ᠰᠡᠷᠢᠬᠦ ᠰᠠᠨᠠᠬᠤ ᠲᠡᠮᠡᠦᠯᠬᠦ ᠭᠤᠷᠪᠠ
ᠠᠰᠢᠳᠠ ᠳᠤᠷᠠᠳᠴᠤ ᠶᠠᠪᠤᠭᠤᠰᠢᠲᠠᠢ ᠨᠢ
ᠪᠢᠯᠢᠭ ᠤᠬᠠᠭᠠᠨ ᠴᠢᠳᠠᠯ ᠭᠤᠷᠪᠠ
ᠭᠱᠠᠨ ᠪᠦᠷᠢ ᠳ᠋ᠦ᠍ ᠴᠡᠩᠨᠡᠭᠦᠰᠢᠲᠡᠢ ᠨᠢ
ᠪᠡᠶ᠎ᠡ ᠬᠡᠯᠡ ᠰᠡᠳᠬᠢᠯ ᠭᠤᠷᠪᠠ
ᠢᠷᠠᠭᠤ ᠲᠡᠭᠦᠰ ᠰᠣᠷᠣᠭᠤᠰᠢᠲᠠᠢ ᠨᠢ
ᠶᠠᠷᠢᠶ᠎ᠠ ᠳᠠᠭᠤᠤ ᠬᠥᠭᠵᠢᠮ ᠭᠤᠷᠪᠠ
ᠢᠯᠠᠬᠤ ᠶ᠋ᠢᠨ ᠲᠡᠷᠢᠭᠦᠨ ᠳ᠋ᠦ᠍ ᠢᠯᠠᠭᠤᠰᠢᠲᠠᠢ ᠨᠢ
ᠨᠣᠢᠷ ᠵᠠᠯᠬᠠᠭᠤ ᠠᠲᠠᠭ᠎ᠠ ᠭᠤᠷᠪᠠ
ᠠᠰᠠᠷᠠᠬᠤ ᠶ᠋ᠢᠨ ᠳᠡᠭᠡᠳᠦ ᠠᠰᠠᠷᠠᠭᠤᠰᠢᠲᠠᠢ ᠨᠢ
ᠥᠲᠡᠭᠦᠰ ᠨᠢᠯᠬᠠᠰ ᠬᠠᠨᠢ ᠭᠤᠷᠪᠠ
ᠠᠴᠢᠯᠠᠬᠤ ᠶ᠋ᠢᠨ ᠳᠡᠭᠡᠳᠦ ᠠᠴᠢᠯᠠᠭᠤᠰᠢᠲᠠᠢ ᠨᠢ
ᠠᠪᠤ ᠡᠵᠢ ᠡᠬᠡ ᠣᠷᠣᠨ ᠭᠤᠷᠪᠠ
ᠥᠭᠡᠳᠡᠯᠡᠬᠦ ᠶ᠋ᠢᠨ ᠲᠤᠯᠠᠳᠠ ᠨᠢᠭᠲᠠᠯᠠᠭᠤᠰᠢᠲᠠᠢ ᠨᠢ
ᠰᠤᠷᠭᠠᠯ ᠦᠨᠡᠨ ᠦᠯᠢᠭᠡᠷ ᠭᠤᠷᠪᠠ
ᠥᠰᠬᠦ ᠶ᠋ᠢᠨ ᠴᠠᠭ ᠲᠤ᠌ ᠰᠠᠨᠠᠭᠤᠰᠢᠲᠠᠢ ᠨᠢ
ᠪᠢᠰᠢᠷᠡᠯ ᠬᠢᠴᠢᠶᠡᠯ ᠰᠡᠳᠬᠢᠯ ᠭᠤᠷᠪᠠ᠃

  ᠢᠷᠡᠯᠲᠡ᠄ ᠰᠤᠯᠠ ᠲᠡᠮᠳᠡᠭᠯᠡᠯ ᠡᠴᠡ
  ᠦᠰᠦᠭ ᠠᠮᠢᠯᠠᠭᠤᠯᠤᠭᠰᠠᠨ ᠨᠢ ᠄   ᠴᠢ᠊ · ᠤᠷᠠᠨᠴᠡᠴᠡᠭ