ᠮᠣᠩᠭᠣᠯ ᠬᠥᠮᠦᠨ ᠪᠣᠰᠤᠭ᠎ᠠ ᠮᠣᠩᠭᠣᠯ ᠦᠰᠦᠭ ᠲᠡᠢ ᠡᠬᠡ ᠬᠡᠯᠡ ᠪᠡᠨ ᠪᠤᠤ ᠮᠠᠷᠲᠠ
ᠮᠣᠩᠭᠣᠯ ᠬᠥᠮᠦᠨ ᠪᠣᠰᠤᠭ᠎ᠠ ᠮᠣᠩᠭᠣᠯ ᠦᠰᠦᠭ ᠲᠡᠢ ᠡᠬᠡ ᠬᠡᠯᠡ ᠪᠡᠨ ᠪᠤᠤ ᠮᠠᠷᠲᠠ
1. ᠨᠤᠮᠤᠴᠢᠨ ᠪᠢᠯᠢᠭ
ᠮᠣᠩᠭᠣᠯ ᠬᠥᠮᠦᠨ ᠄
ᠬᠠᠳᠠᠨ ᠳᠡᠭᠡᠷ᠎ᠡ ᠪᠢᠴᠢᠭ ᠲᠡᠢ ᠮᠣᠩᠭᠣᠯ ᠬᠥᠮᠦᠨ ᠴᠢ
ᠵᠢᠰᠦ ᠪᠡᠨ ᠪᠢᠲᠡᠭᠡᠢ ᠠᠯᠲᠠ
ᠬᠠᠳᠠᠭ ᠳᠡᠭᠡᠷ᠎ᠡ ᠢᠷᠦᠭᠡᠯ ᠲᠡᠢ ᠮᠣᠩᠭᠣᠯ ᠬᠥᠮᠦᠨ ᠴᠢ
ᠵᠢᠷᠦᠬᠡ ᠪᠡᠨ ᠪᠢᠲᠡᠭᠡᠢ ᠠᠯᠲᠠ
ᠬᠠᠭᠠᠨ ᠴᠢᠩᠭᠢᠰ ᠦ᠋ᠨ ᠬᠣᠢᠴᠢᠰ ᠮᠣᠩᠭᠣᠯ ᠬᠦᠦ ᠴᠢ
ᠵᠦᠭ ᠢ᠋ᠶ᠋ᠡᠨ ᠪᠢᠲᠡᠭᠡᠢ ᠠᠯᠲᠠ᠃
2. ᠪᠣᠷᠣᠨᠠ
ᠮᠣᠩᠭᠣᠯ ᠰᠣᠶᠣᠯ ᠤ᠋ᠨ ᠤᠨᠲᠠᠷᠠᠰᠢ ᠦᠭᠡᠢ ᠴᠣᠭ ᠢ᠋ ᠰᠡᠳᠬᠢᠯ ᠳ᠋ᠡᠭᠡᠨ ᠮᠠᠨᠠᠵᠤ
ᠮᠣᠷᠢᠲᠠᠨ ᠦᠨᠳᠦᠰᠦᠲᠡᠨ ᠦ᠌ ᠪᠡᠨ ᠪᠠᠭᠤᠷᠠᠰᠢ ᠦᠭᠡᠢ ᠰᠦᠷ ᠰᠦᠯᠳᠡ ᠶ᠋ᠢ ᠵᠢᠷᠦᠬᠡᠨ ᠳ᠋ᠦ᠍ ᠪᠡᠨ ᠰᠢᠳᠡᠵᠦ
ᠮᠣᠬᠣᠰᠢ ᠦᠭᠡᠢ ᠴᠠᠯᠭᠢᠬᠤ ᠰᠡᠳᠬᠢᠯ ᠦ᠋ᠨ ᠡᠷᠴᠢ ᠪᠡᠷ ᠮᠣᠩᠭᠣᠯ ᠦᠰᠦᠭ ᠪᠢᠴᠢᠭ ᠦ᠋ᠨ ᠢᠷᠡᠭᠡᠳᠦᠢ ᠶ᠋ᠢᠨ ᠲᠥᠯᠥᠭᠡ
ᠠᠵᠢᠯᠯᠠᠵᠤ ᠪᠠᠢᠭ᠎ᠠ ᠰᠡᠭᠡᠭᠡᠲᠡᠳ ᠨᠠᠷ ᠲᠤ᠌ ᠳᠤᠰᠤᠯ ᠴᠦ᠍ ᠭᠡᠰᠡᠨ ᠨᠡᠮᠡᠭᠦᠷᠢ ᠪᠣᠯᠤᠶ᠎ᠠ!
3. ᠭᠠᠸᠠ
ᠠᠭᠤᠤ ᠶᠡᠬᠡ ᠬᠥᠮᠦᠰ ᠢ᠋ ᠦᠵᠡᠬᠦ ᠳ᠋ᠦ᠍ ᠠᠭᠤᠤ ᠶᠡᠬᠡ ᠪᠠᠢᠳᠠᠭ ᠨᠢ ᠪᠢᠳᠡ ᠥᠪᠡᠷ ᠢ᠋ᠶ᠋ᠡᠨ ᠰᠥᠭᠥᠳᠴᠦ ᠪᠠᠢᠭ᠎ᠠ ᠳ᠋ᠤ᠌ ᠣᠷᠣᠰᠢᠨ᠎ᠠ ᠃ ᠪᠣᠰᠴᠤ ᠵᠣᠭᠰᠣᠭᠠᠷᠠᠢ! — ᠮᠠᠷᠺᠰ
ᠦᠨᠳᠦᠰᠦᠲᠡᠨ ᠢ᠋ᠶ᠋ᠡᠨ ᠬᠠᠢᠷᠠᠯᠠᠬᠤ ᠪᠣᠯ ᠪᠢᠳᠡᠨ ᠦ᠌ ᠢᠲᠡᠭᠡᠯ ᠨᠠᠢᠳᠠᠪᠤᠷᠢ ᠶ᠋ᠢᠨ ᠡᠬᠢ ᠪᠤᠯᠠᠭ ᠶᠤᠮ᠃ — ᠵᠧᠦ ᠡᠸᠨ ᠯᠠᠢ
4. ᠴᠠᠬᠠᠷ ᠪᠠᠲᠤ
ᠥᠭᠦᠯᠡᠬᠦ ᠶ᠋ᠢᠨ ᠢᠷᠠᠭᠤ ᠰᠣᠨᠣᠰᠬᠤᠯᠠᠩ ᠮᠣᠩᠭᠣᠯ ᠬᠡᠯᠡ ᠪᠡᠨ
ᠦᠶ᠎ᠡ ᠶ᠋ᠢᠨ ᠦᠶ᠎ᠡ ᠳ᠋ᠡᠭᠡᠨ ᠪᠢᠳᠡ ᠨᠠᠷ ᠳᠠᠭᠤᠯᠠᠵᠤ ᠯᠠ ᠶᠠᠪᠤᠨ᠎ᠠ ᠳᠠ
ᠥᠷᠨᠢᠬᠦ ᠶ᠋ᠢᠨ ᠠᠭᠤᠤ ᠪᠠᠶᠠᠰᠬᠤᠯᠠᠩ ᠮᠣᠩᠭᠣᠯ ᠬᠡᠯᠡ ᠪᠡᠨ
ᠠᠮᠢᠨ ᠵᠢᠷᠦᠬᠡ ᠰᠢᠭ ᠢ᠋ᠶ᠋ᠡᠨ ᠬᠠᠢᠷᠠᠯᠠᠵᠤ ᠶᠠᠪᠤᠨ᠎ᠠ ᠳᠠ᠃
ᠬᠦᠴᠢᠷ ᠲᠡᠢ ᠲᠡᠮᠡᠴᠡᠪᠡᠯ ᠬᠥᠭᠵᠢᠯ ᠢ᠋ ᠣᠯᠤᠨ᠎ᠠ
ᠬᠥᠳᠡᠯᠬᠦ ᠦᠭᠡᠢ ᠵᠣᠭᠰᠣᠪᠠᠯ ᠬᠥᠮᠦᠨ ᠡᠴᠡ ᠬᠣᠴᠣᠷᠤᠨ᠎ᠠ᠃
5. ᠨᠠᠮᠵᠢᠯ
ᠠᠯᠢ ᠨᠢᠭᠡᠨ ᠦᠨᠳᠦᠰᠦᠲᠡᠨ ᠴᠦ᠍ ᠭᠡᠰᠡᠨ ᠦᠭᠡᠢ ᠪᠦᠷ ᠥᠪᠡᠷ ᠦ᠋ᠨ ᠦᠭᠡ ᠬᠡᠯᠡ᠂ ᠦᠰᠦᠭ ᠪᠢᠴᠢᠭ ᠢ᠋ᠶ᠋ᠡᠨ ᠥᠪᠡᠷᠲᠡᠭᠡᠨ ᠯᠡ ᠶᠠᠷᠢᠵᠤ ᠬᠡᠯᠡᠵᠦ᠂ ᠪᠢᠴᠢᠵᠦ ᠬᠡᠷᠡᠭᠯᠡᠵᠦ ᠪᠠᠢᠮᠠᠨᠵᠢᠨ ᠰᠠᠶᠢ ᠬᠠᠮᠠᠭᠠᠯᠠᠨ ᠬᠥᠭᠵᠢᠭᠦᠯᠵᠦ ᠴᠢᠳᠠᠨ᠎ᠠ᠂ ᠬᠠᠷᠢᠨ ᠪᠤᠰᠤᠳ ᠤ᠋ᠨ ᠴᠢᠷᠠᠢ ᠶ᠋ᠢ ᠬᠠᠷᠠᠵᠤ᠂ ᠬᠡᠷᠡᠭᠯᠡᠬᠦ ᠪᠤᠶᠤ ᠬᠥᠭᠵᠢᠭᠦᠯᠵᠦ ᠥᠭᠬᠦ ᠶ᠋ᠢ ᠨᠢ ᠬᠦᠰᠡᠨ ᠬᠦᠯᠢᠶᠡᠨ᠎ᠡ ᠭᠡᠳᠡᠭ ᠪᠣᠯ ᠱᠠᠯ ᠳᠡᠮᠡᠢ ᠶᠠᠪᠤᠳᠠᠯ ᠶᠤᠮ᠃
6. ᠠᠯᠲᠠᠨᠴᠢᠮᠡᠭ
ᠪᠤᠤ ᠮᠠᠷᠲᠠ᠄
ᠬᠠᠷᠢ ᠶ᠋ᠢᠨ ᠬᠦᠷᠦᠨ᠎ᠡ ᠠᠭᠤᠯᠠ ᠤᠰᠤ ᠨᠢ ᠬᠡᠴᠢᠨᠡᠨ ᠭᠣᠶᠣᠬᠠᠨ ᠪᠠᠢᠯ᠎ᠠ ᠴᠦ᠍ ᠭᠡᠰᠡᠨ
ᠬᠠᠮᠤᠭ ᠤ᠋ᠨ ᠠᠩᠬᠠᠨ ᠭᠢᠰᠬᠢᠭᠰᠡᠨ ᠠᠯᠲᠠᠨ ᠰᠢᠷᠣᠢ ᠪᠠᠨ ᠪᠤᠤ ᠮᠠᠷᠲᠠ᠂
ᠪᠤᠯᠠᠭ ᠤ᠋ᠨ ᠤᠰᠤ ᠰᠢᠭ᠋ ᠪᠤᠷᠭᠢᠯᠠᠭᠰᠠᠨ ᠪᠤᠰᠤᠳ ᠤ᠋ᠨ ᠬᠡᠯᠡ ᠨᠢ ᠬᠡᠳᠦᠢ ᠤᠷᠤᠰᠤᠮ᠎ᠠ ᠴᠤ᠌ ᠭᠡᠰᠡᠨ
ᠪᠣᠰᠤᠭ᠎ᠠ ᠮᠣᠩᠭᠣᠯ ᠦᠰᠦᠭ ᠲᠡᠢ ᠡᠬᠡ ᠬᠡᠯᠡ ᠪᠡᠨ ᠪᠤᠤ ᠮᠠᠷᠲᠠ᠃
7. ᠮᠥᠩᠭᠥᠨ
ᠪᠡᠷᠲᠡᠭᠴᠢᠨ ᠠᠮᠢᠳᠤᠷᠠᠯ ᠠ᠋ᠴᠠ ᠬᠣᠯᠠᠳᠠᠯ ᠦᠭᠡᠢ ᠪᠢᠰᠢᠯᠭᠠᠯ ᠬᠢᠬᠦ ᠶ᠋ᠢᠨ ᠬᠡᠷᠡᠭ ᠶᠠᠭᠤᠨ
ᠪᠡᠶ᠎ᠡ ᠰᠡᠳᠬᠢᠯ ᠢ᠋ᠶ᠋ᠡᠨ ᠨᠣᠮᠣᠬᠠᠳᠬᠠᠯ ᠦᠭᠡᠢ ᠮᠥᠷᠭᠥᠯ ᠬᠢᠬᠦ ᠶ᠋ᠢᠨ ᠠᠰᠢᠭ ᠶᠠᠭᠤᠨ
ᠬᠥᠮᠦᠨ ᠦ᠌ ᠮᠠᠭᠤᠯᠠᠬᠤ ᠶ᠋ᠢ ᠲᠡᠰᠬᠦ ᠦᠭᠡᠢ ᠪᠣᠯ ᠬᠦᠯᠢᠴᠡᠯ ᠰᠠᠬᠢᠯ ᠤ᠋ᠨ ᠬᠡᠷᠡᠭ ᠶᠠᠭᠤᠨ
ᠲᠠᠴᠢᠶᠠᠯ ᠬᠣᠷᠣᠰᠤᠯ ᠢ᠋ ᠳᠠᠷᠤᠬᠤ ᠦᠭᠡᠢ ᠪᠣᠯ ᠲᠠᠬᠢᠯ ᠮᠠᠨᠳᠠᠯ ᠤ᠋ᠨ ᠤᠳᠬ᠎ᠠ ᠶᠠᠭᠤᠨ᠃
8. ᠦᠵᠢᠶᠡᠳ᠂ ᠡᠷᠳᠡᠨᠢᠴᠡᠴᠡᠭ
ᠡᠪ ᠦ᠋ᠨ ᠬᠣᠭᠣᠯᠠ ᠠ᠋ᠴᠠ ᠵᠠᠢᠯᠠᠳᠠᠭ ᠦᠭᠡᠢ
ᠡᠭᠡᠷᠡᠦᠯ ᠤᠲᠠᠰᠤ ᠪᠠᠷ ᠨᠠᠭᠠᠳᠤᠭᠤᠯᠳᠠᠭ ᠦᠭᠡᠢ
ᠡᠷᠭᠢᠭᠦᠦ ᠶ᠋ᠢᠨ ᠮᠢᠬ᠎ᠠ ᠶ᠋ᠢ ᠢᠳᠡᠭᠦᠯᠳᠡᠭ ᠦᠭᠡᠢ᠃
9. ᠠ᠊ ·ᠰᠠᠷᠠᠨᠭᠡᠷᠡᠯ
ᠥᠨᠥᠳᠥᠷ ᠦ᠋ᠨ ᠴᠢᠷᠮᠠᠢᠯᠭ᠎ᠠ ᠪᠣᠯ ᠮᠠᠷᠭᠠᠰᠢ ᠶ᠋ᠢᠨ ᠠᠮᠵᠢᠯᠲᠠ ᠶ᠋ᠢᠨ ᠡᠬᠢᠯᠡᠯᠲᠡ ᠪᠣᠯᠤᠨ᠎ᠠ᠃ ᠴᠢᠷᠮᠠᠢᠵᠠᠭᠠᠶ᠎ᠠ ᠪᠢᠳᠡ ᠪᠦᠭᠦᠳᠡᠭᠡᠷ ᠢ᠋ᠶ᠋ᠡᠨ!
10. ᠳ· ᠣᠶᠤᠨᠴᠡᠴᠡᠭ
ᠰᠦᠬᠡ ᠰᠠᠢᠲᠠᠢ ᠬᠥᠮᠦᠨ ᠳ᠋ᠦ᠍ ᠲᠦᠯᠡᠭᠡ ᠣᠢᠷᠠᠬᠠᠨ
ᠰᠥᠰᠥ ᠰᠠᠢᠲᠠᠢ ᠬᠥᠮᠦᠨ ᠳ᠋ᠦ᠍ ᠮᠡᠳᠡᠯᠭᠡ ᠣᠢᠷᠠᠬᠠᠨ᠃
11. ᠸᠢᠢᠰᠢᠩᠬᠤᠸᠠᠷ
ᠵᠦᠭᠡᠷ ᠰᠠᠭᠤᠬᠤ ᠶ᠋ᠢᠨ ᠣᠷᠣᠨ ᠳ᠋ᠤ᠌ ᠵᠦᠯᠭᠦᠵᠦ ᠰᠠᠭᠤᠭᠰᠠᠨ ᠨᠢ ᠳᠡᠭᠡᠷ᠎ᠡ᠂
ᠰᠠᠪᠠᠭ᠎ᠠ ᠦᠭᠡᠢ ᠨᠣᠬᠠᠢ ᠰᠠᠷ᠎ᠠ ᠥᠭᠡᠳᠡ ᠬᠤᠴᠠᠨ᠎ᠠ᠃
ᠨᠣᠬᠠᠢ ᠬᠤᠴᠠᠬᠤ ᠪᠠᠷ ᠢ᠋ᠶ᠋ᠠᠨ ᠬᠤᠴᠠᠵᠤ ᠯᠠ ᠪᠠᠢᠭ ᠲᠡᠮᠡᠭᠡ ᠶᠠᠪᠤᠬᠤ ᠪᠠᠷ ᠢ᠋ᠶ᠋ᠠᠨ ᠶᠠᠪᠤᠨ᠎ᠠ᠃
ᠪᠠᠩᠵᠠᠯ ᠡᠮᠦᠰᠦᠭᠰᠡᠨ ᠢ᠋ᠶ᠋ᠡᠷ ᠳᠤᠯᠠᠭᠠᠨ ᠪᠣᠯᠳᠠᠭ ᠦᠭᠡᠢ
ᠪᠠᠷᠳᠠᠮ ᠬᠡᠯᠡᠭᠰᠡᠨ ᠢ᠋ᠶ᠋ᠡᠷ ᠪᠠᠭᠠᠲᠤᠷ ᠪᠣᠯᠳᠠᠭ ᠦᠭᠡᠢ᠃
12. ᠣᠩᠨᠢᠭᠤᠳ
ᠮᠠᠨ ᠤ᠋ ᠬᠣᠯᠪᠣᠭᠠᠨ ᠤ᠋ ᠨᠠᠢᠵᠠ ᠨᠠᠷ ᠮᠣᠩᠭᠣᠯ ᠪᠢᠴᠢᠭ ᠢ᠋ᠶ᠋ᠡᠨ ᠢᠯᠡᠭᠦᠬᠡᠨ ᠪᠢᠴᠢᠭᠡᠷᠡᠢ!
13. ᠨᠠ᠊᠂ ᠴᠠᠭᠠᠨ
ᠮᠣᠩᠭᠣᠯ ᠲᠡᠦᠬᠡ ᠪᠡᠨ ᠬᠠᠢᠷᠠᠯᠠᠶ᠎ᠠ!
ᠮᠣᠩᠭᠣᠯ ᠨᠤᠲᠤᠭ ᠢ᠋ᠶ᠋ᠠᠨ ᠬᠠᠢᠷᠠᠯᠠᠶ᠎ᠠ!
ᠮᠣᠩᠭᠣᠯ ᠪᠢᠴᠢᠭ ᠢ᠋ᠶ᠋ᠡᠨ ᠬᠠᠢᠷᠠᠯᠠᠶ᠎ᠠ!
ᠮᠣᠩᠭᠣᠯ ᠦᠭᠡ ᠪᠡᠨ ᠬᠠᠢᠷᠠᠯᠠᠶ᠎ᠠ!
ᠮᠣᠩᠭᠣᠯ ᠬᠡᠦᠬᠡᠳ ᠢ᠋ᠶ᠋ᠡᠨ ᠬᠠᠢᠷᠠᠯᠠᠶ᠎ᠠ!
ᠮᠣᠩᠭᠣᠯ ᠲᠦᠮᠡᠨ ᠢ᠋ᠶ᠋ᠡᠨ ᠬᠠᠢᠷᠠᠯᠠᠶ᠎ᠠ!
ᠮᠣᠩᠭᠣᠯ ᠠᠮᠢᠳᠤᠷᠠᠯ ᠢ᠋ᠶ᠋ᠠᠨ ᠬᠠᠢᠷᠠᠯᠠᠶ᠎ᠠ!
ᠮᠣᠩᠭᠣᠯ ᠮᠣᠷᠢ ᠪᠠᠨ ᠬᠠᠢᠷᠠᠯᠠᠶ᠎ᠠ!
14. ᠰ᠂ ᠨᠠᠷᠠᠨᠲᠤᠶᠠᠭ᠎ᠠ
ᠬᠥᠮᠦᠨ ᠦᠭᠡ ᠶ᠋ᠢᠨ ᠰᠠᠢᠬᠠᠨ ᠳ᠋ᠤ᠌ ᠤᠷᠮᠠᠰᠢᠵᠤ
ᠰᠡᠳᠬᠢᠯ ᠦ᠋ᠨ ᠰᠠᠢᠬᠠᠨ ᠳ᠋ᠤ᠌ ᠵᠢᠷᠭᠠᠳᠠᠭ᠃
15. ᠭᠠᠷᠮ᠎ᠠ
ᠪᠢ ᠮᠣᠩᠭᠣᠯ ᠬᠥᠮᠦᠨ! ᠮᠣᠩᠭᠣᠯ ᠪᠢᠴᠢᠭ ᠢ᠋ᠶ᠋ᠡᠨ ᠬᠠᠢᠷᠠᠯᠠᠶ᠎ᠠ!
16. ᠴᠠᠬᠠᠷ ᠪᠠᠲᠤ
ᠬᠠᠤᠯᠢ ᠨᠢ ᠭᠠᠤᠯᠢ ᠪᠣᠯᠵᠤ ᠴᠠᠭᠠᠵᠠ ᠨᠢ ᠴᠠᠭᠠᠰᠤ ᠪᠣᠯᠬᠤ
ᠬᠠᠪᠢᠷᠭ᠎ᠠ ᠶᠠᠰᠤ ᠮᠥᠯᠵᠢᠬᠦ ᠠᠮᠠᠷ ᠬᠢᠬᠦ ᠦᠭᠡᠢ ᠠᠵᠢᠯ ᠬᠡᠯᠡᠬᠦ ᠳ᠋ᠦ᠍ ᠠᠮᠠᠷ
ᠬᠥᠯ ᠬᠥᠰᠡᠷ ᠬᠦᠷᠬᠦ ᠦᠭᠡᠢ ᠪᠣᠯ ᠤᠨᠤᠭ᠎ᠠ ᠲᠡᠷᠡ
ᠬᠥᠮᠦᠨ ᠡᠴᠡ ᠶᠠᠭᠤᠮ᠎ᠠ ᠭᠤᠶᠤᠬᠤ ᠦᠭᠡᠢ ᠪᠣᠯ ᠪᠠᠶᠠᠨ ᠲᠡᠷᠡ
ᠪᠤᠳᠤᠩᠭᠤᠢ ᠨᠣᠶᠠᠨ ᠤ᠋ ᠰᠢᠭᠦᠬᠦ ᠬᠡᠷᠡᠭ ᠪᠤᠵᠠᠷ ᠡᠳ᠋ ᠦ᠋ᠨ ᠵᠠᠪᠰᠠᠷ ᠢ᠋ ᠡᠷᠢᠨ᠎ᠡ᠃
17. ᠤᠤᠭᠠᠨᠵᠢᠳ
ᠬᠥᠮᠦᠨ ᠳ᠋ᠦ᠍ ᠬᠡᠯᠡᠭᠳᠡᠬᠦ ᠡᠴᠡ ᠪᠢᠲᠡᠭᠡᠢ ᠠᠶᠤ
ᠡᠷᠭᠢᠵᠦ ᠬᠠᠷᠠᠬᠤ ᠦᠭᠡᠢ ᠶᠠᠪᠤᠵᠤ ᠯᠠ ᠪᠠᠢᠪᠠᠯ
ᠵᠣᠷᠢᠯᠭ᠎ᠠ ᠳ᠋ᠠᠭᠠᠨ ᠬᠦᠷᠬᠦ ᠡᠳᠦᠷ ᠯᠠᠪ ᠪᠣᠢ
ᠶᠠᠭᠤ ᠬᠡᠯᠡᠬᠦ ᠨᠢ ᠴᠢᠨᠦ ᠳᠤᠷ᠎ᠠ ᠶᠠᠭᠠᠬᠢᠵᠤ ᠬᠢᠬᠦ ᠨᠢ ᠮᠢᠨᠦ ᠳᠤᠷ᠎ᠠ᠃
18. ᠦᠵᠢᠶᠡᠳ ᠡᠷᠳᠡᠨᠢᠴᠡᠴᠡᠭ
ᠥᠷᠪᠥᠭᠡ ᠶ᠋ᠢ ᠬᠠᠮᠢᠶ᠎ᠠ ᠦᠭᠡᠢ ᠬᠥᠨᠳᠡᠳᠡᠭ ᠦᠭᠡᠢ
ᠦᠰᠦ ᠶ᠋ᠢ ᠨᠢ ᠬᠠᠢᠴᠢᠯᠠᠵᠤ ᠬᠡᠭᠡᠳᠡᠭ ᠦᠭᠡᠢ
ᠥᠯᠥᠩ ᠡᠪᠡᠰᠦ ᠶ᠋ᠢ ᠰᠢᠲᠠᠭᠠᠳᠠᠭ ᠦᠭᠡᠢ
ᠬᠥᠮᠦᠨ ᠳ᠋ᠦ᠍ ᠲᠠᠰᠢᠭᠤᠷ ᠪᠡᠯᠡᠭᠯᠡᠳᠡᠭ ᠦᠭᠡᠢ
ᠬᠥᠭᠡᠷᠦᠭᠰᠡᠨ ᠰᠦ ᠶ᠋ᠢ ᠦᠯᠢᠶᠡᠳᠡᠭ ᠦᠭᠡᠢ
ᠬᠥᠷᠪᠡᠭᠡᠬᠦ ᠠᠳᠤᠭᠤ ᠶ᠋ᠢ ᠦᠷᠭᠦᠭᠡᠳᠡᠭ ᠦᠭᠡᠢ
ᠠᠮᠠ ᠠᠯᠳᠠᠵᠤ ᠪᠣᠯᠳᠠᠭ ᠦᠭᠡᠢ
ᠠᠮᠤᠰᠤᠨ ᠳ᠋ᠤ᠌ ᠮᠢᠬ᠎ᠠ ᠬᠢᠳᠡᠭ ᠦᠭᠡᠢ᠃
19. ᠨᠠ᠊᠂ ᠴᠠᠭᠠᠨ
ᠬᠦᠰᠡᠯ ᠪᠣᠯ ᠴᠢᠷᠮᠠᠢᠯᠭ᠎ᠠ ᠶ᠋ᠢᠨ ᠡᠬᠢᠯᠡᠯ ᠂ᠬᠥᠮᠦᠵᠢᠯ ᠪᠣᠯ ᠦᠢᠯᠡᠰ ᠦ᠋ᠨ ᠰᠠᠭᠤᠷᠢ᠂
ᠬᠥᠭᠵᠢᠬᠦ ᠪᠣᠯ ᠵᠥᠪ ᠶᠣᠰᠣ ᠂ᠬᠦᠴᠦᠷᠬᠡᠭᠵᠢᠬᠦ ᠪᠣᠯ ᠦᠨᠡᠨ ᠴᠢᠷᠮᠠᠢᠯᠭ᠎ᠠ᠃
20. ᠨᠠᠷᠠᠨᠲᠣᠭᠣᠰ
ᠰᠠᠭᠠᠷᠠᠯ ᠮᠣᠷᠢᠨ ᠤ᠋ ᠵᠢᠰᠦ ᠰᠣᠯᠢᠭᠳᠠᠬᠤ ᠦᠭᠡᠢ᠂
ᠰᠢᠷ᠎ᠠ ᠠᠯᠲᠠᠨ ᠤ᠋ ᠥᠩᠭᠡ ᠬᠤᠪᠢᠷᠠᠬᠤ ᠦᠭᠡᠢ᠃ (ᠵᠦᠢᠷ ᠰᠡᠴᠡᠨ ᠦᠭᠡ )
ᠠᠭᠤᠳᠠᠮ ᠴᠡᠯᠡᠭᠡᠷ ᠨᠤᠲᠤᠭ ᠲᠠᠢ᠂
ᠤᠷᠢᠳᠤ ᠶ᠋ᠢᠨ ᠰᠠᠢᠬᠠᠨ ᠳᠠᠭᠤᠤ ᠲᠠᠢ᠂
ᠮᠣᠷᠢᠨ ᠬᠤᠭᠤᠷ ᠤ᠋ᠨ ᠡᠭᠡᠰᠢᠭ ᠲᠡᠢ᠂
ᠮᠣᠩᠭᠣᠯ ᠲᠦᠮᠡᠨ ᠦ᠌ ᠮᠢᠨᠢ ᠨᠤᠲᠤᠭ ᠠ᠋!
21. ᠬᠠᠰᠠᠠᠭᠣᠯᠠ
ᠮᠣᠩᠭᠣᠯ ᠬᠡᠯᠡ ᠮᠢᠨᠢ ᠬᠠᠳᠠᠭ ᠯᠠ ᠪᠢᠰᠢ᠂ ᠮᠦᠽᠧᠢ ᠳ᠋ᠦ᠍ ᠲᠠᠯᠪᠢᠳᠠᠭ ᠰᠤᠳᠤᠷ ᠴᠦ᠍ ᠪᠢᠰᠢ᠂
ᠮᠡᠷᠭᠡᠨ ᠤᠬᠠᠭᠠᠨ ᠬᠣᠣᠰᠯᠠᠨ ᠪᠦᠷᠢᠳᠦᠭᠰᠡᠨ᠂ ᠮᠣᠩᠭᠣᠯ ᠤ᠋ᠨ ᠳᠡᠭᠡᠳᠦᠰ ᠠᠯᠢ ᠨᠢᠭᠡ ᠭᠠᠯᠪᠠ ᠳ᠋ᠤ᠌᠂
ᠮᠣᠩᠭᠣᠯ ᠢ᠋ᠶ᠋ᠠᠨ ᠮᠣᠳᠣᠨ ᠠ᠋ᠴᠠ ᠡᠯᠭᠦᠭᠦᠯᠬᠦ ᠦᠭᠡᠢ ᠭᠡᠵᠦ᠂ ᠮᠥᠷᠦᠨ ᠳ᠋ᠦ᠍ ᠪᠡᠨ ᠡᠮᠦᠰᠦᠭᠰᠡᠨ ᠵᠣᠳᠣᠭ ᠶᠤᠮ᠂
ᠮᠣᠷᠢ ᠪᠠᠨ ᠪᠡᠶ᠎ᠡ ᠡᠴᠡ ᠪᠡᠨ ᠵᠠᠢᠳᠠᠭᠤᠯᠬᠤ ᠦᠭᠡᠢ ᠭᠡᠵᠦ᠂ ᠮᠤᠰᠬᠢᠵᠦ ᠲᠠᠯᠪᠢᠭᠰᠠᠨ ᠁
22. ᠠᠶᠣᠷᠽᠠᠨ᠎ᠠ
ᠮᠣᠩᠭᠣᠯ ᠲᠦᠮᠡᠨ ᠦ᠌ ᠪᠡᠨ ᠤᠬᠠᠭᠠᠷᠠᠯ ᠭᠡᠭᠡᠷᠡᠯ ᠦ᠋ᠨ ᠲᠥᠯᠥᠭᠡ᠂ ᠬᠡᠯᠡ ᠰᠣᠶᠣᠯ ᠤ᠋ᠨ ᠢ᠋ᠶ᠋ᠠᠨ ᠲᠥᠯᠥᠭᠡ ᠴᠢᠷᠮᠠᠢᠨ ᠵᠢᠳᠬᠦᠵᠦ ᠠᠵᠢᠯᠯᠠᠵᠤ ᠪᠠᠢᠭ᠎ᠠ ᠪᠦᠬᠦ ᠪᠠᠭᠰᠢ ᠨᠠᠷ ᠲᠦ ᠪᠠᠨ ᠬᠦᠨᠳᠦᠳᠬᠡᠯ ᠳᠡᠪᠰᠢᠭᠦᠯᠦᠶ᠎ᠡ! ᠲᠠ ᠪᠦᠭᠦᠳᠡ ᠶ᠋ᠢᠨ ᠯᠠᠭᠱᠠᠨ ᠬᠤᠲᠤᠭ ᠢ᠋ ᠢᠷᠥᠭᠡᠶ᠎ᠡ!᠃
23. ᠵᠢᠷᠠᠨᠲᠠᠢ
ᠥᠪᠡᠷ ᠦ᠋ᠨ ᠦᠰᠦᠭ ᠪᠢᠴᠢᠭ ᠢ᠋ᠶ᠋ᠡᠨ ᠬᠡᠷᠡᠭᠯᠡᠵᠦ ᠴᠢᠳᠠᠬᠤ ᠦᠭᠡᠢ ᠬᠥᠮᠦᠨ
ᠤᠷᠪᠠᠵᠤ ᠭᠠᠷᠤᠭᠰᠠᠨ ᠵᠠᠯᠢᠬᠠᠢ ᠬᠤᠯᠠᠭᠠᠢᠴᠢ ᠯᠤᠭ᠎ᠠ ᠠᠳᠠᠯᠢ᠃
ᠵᠢᠭᠦᠷ ᠲᠡᠭᠡᠨ ᠬᠦᠴᠦᠲᠡᠢ ᠰᠢᠪᠠᠭᠤ ᠲᠩᠷᠢ ᠶ᠋ᠢᠨ ᠲᠠᠩᠨᠠᠢ ᠳ᠋ᠤ᠌ ᠨᠢᠰᠴᠦ
ᠵᠢᠷᠦᠬᠡᠨ ᠳ᠋ᠡᠭᠡᠨ ᠲᠠᠮᠢᠷ ᠲᠠᠢ ᠬᠥᠮᠦᠨ ᠳᠡᠯᠡᠬᠡᠢ ᠶ᠋ᠢᠨ ᠮᠠᠩᠨᠠᠢ ᠳ᠋ᠤ᠌ ᠭᠢᠯᠠᠯᠵᠠᠨ᠎ᠠ᠃
24. ᠴᠡᠴᠡᠭ
ᠰᠣᠬᠣᠷ ᠨᠣᠬᠠᠢ ᠭᠤᠲᠤᠯ ᠤ᠋ᠨ ᠳᠠᠭᠤᠨ ᠢ᠋ᠶ᠋ᠠᠷ ᠬᠤᠴᠠᠬᠤ᠃
25. ᠰᠡᠴᠡᠨᠪᠠᠭᠠᠳᠤᠷ
ᠰᠣᠷᠢᠯᠲᠠ ᠪᠠᠨ ᠡᠳᠦᠷ ᠪᠣᠯᠭᠠᠨ ᠬᠢᠵᠦ ᠶᠠᠪᠤᠶ᠎ᠠ᠃ ᠬᠣᠶᠠᠷ ᠰᠣᠷᠢᠯᠲᠠ ᠪᠠᠨ ᠡᠳᠦᠷ ᠪᠣᠯᠭᠠᠨ ᠬᠢᠵᠦ ᠂ ᠴᠢᠷᠮᠠᠢᠨ ᠪᠡᠶᠡᠯᠡᠭᠦᠯᠵᠦ ᠪᠠᠢᠶ᠎ᠠ᠃ ᠳᠠᠶᠠᠭᠠᠷ ᠢ᠋ᠶ᠋ᠠᠨ ᠰᠠᠢᠨ ᠪᠠᠢᠨ᠎ᠠ ᠤᠤ?ᠰᠠᠢᠬᠠᠨ ᠡᠪᠦᠯᠵᠢᠵᠦ ᠪᠠᠢᠨ᠎ᠠ ᠤᠤ?
26. ᠮᠥᠩᠭᠥᠨ
ᠷ ᠂ ᠴᠣᠢᠨᠣᠮ
ᠳᠠᠭᠤᠴᠢᠨ ᠠ᠋ᠴᠠ ᠪᠢ ᠭᠠᠭᠴᠠᠬᠠᠨ ᠳᠠᠭᠤᠤ ᠬᠦᠰᠡᠨᠡᠮ᠁
ᠭᠠᠩᠰᠠᠷᠠᠭᠰᠠᠨ ᠵᠢᠷᠦᠬᠡᠨ ᠳ᠋ᠦ᠍ ᠮᠢᠨᠢ ᠢᠷᠠᠭᠤᠬᠠᠨ ᠦᠨᠡᠨ ᠢ᠋ ᠶᠠᠷᠢᠬᠤ
ᠭᠠᠭᠴᠠᠬᠠᠨ ᠳᠠᠭᠤᠤ ᠶ᠋ᠢ ᠪᠢ ᠲᠠᠨ ᠠ᠋ᠴᠠ ᠰᠣᠨᠣᠰᠬᠤ ᠰᠠᠨ ᠭᠡᠰᠡᠨ ᠶᠦᠮ᠃
ᠭᠠᠩ ᠲᠡᠮᠦᠷ ᠤᠶᠠᠷᠠᠮ᠎ᠠ ᠭᠤᠴᠢᠨ ᠬᠣᠶᠠᠷᠲᠤ ᠶ᠋ᠢᠨ ᠬᠡᠯᠪᠡᠯᠵᠡᠯ ᠢ᠋ᠶ᠋ᠡᠷ
ᠭᠠᠩᠭᠠᠷᠠᠨ ᠳᠣᠨᠣᠯᠵᠠᠬᠤ ᠬᠣᠭᠣᠯᠠᠢ ᠶ᠋ᠢ ᠴᠢᠨᠢ ᠲᠠᠭᠠᠯᠠᠨ ᠴᠢᠩᠨᠠᠬᠤ ᠰᠠᠨ ᠶᠤᠮ᠃
27. ᠳᠠᠯᠠᠨᠲᠠᠢ
ᠲᠥᠷᠥᠯᠬᠢ ᠦᠭᠡ ᠪᠠᠢᠭᠠᠳ ᠬᠡᠯᠡᠵᠦ ᠴᠢᠳᠠᠬᠤ ᠦᠭᠡᠢ ᠬᠥᠮᠦᠨ
ᠬᠥᠮᠦᠨ ᠪᠣᠯᠵᠤ ᠲᠥᠷᠥᠭᠡᠳ ᠡᠵᠢ ᠪᠡᠨ ᠲᠠᠨᠢᠬᠤ ᠦᠭᠡᠢ ᠯᠦ᠍ᠭᠡ ᠠᠳᠠᠯᠢ
ᠲᠥᠷᠥᠯᠬᠢ ᠦᠰᠦᠭ ᠪᠢᠴᠢᠭ ᠢ᠋ᠶ᠋ᠡᠨ ᠲᠠᠨᠢᠬᠤ ᠦᠭᠡᠢ ᠬᠥᠮᠦᠨ ᠪᠣᠯ
ᠠᠪᠤ ᠪᠠᠨ ᠲᠠᠨᠢᠬᠤ ᠦᠭᠡᠢ ᠥᠨᠥᠴᠢᠨ ᠬᠥᠪᠡᠭᠦᠨ ᠯᠦ᠍ᠭᠡ ᠠᠳᠠᠯᠢ᠃
28. ᠠᠢ ᠵᠢᠶᠦ᠋ᠨ
ᠮᠣᠩᠭᠣᠯ ᠪᠢᠴᠢᠭ ᠢ᠋ᠶ᠋ᠡᠨ ᠪᠢᠴᠢᠵᠦ ᠬᠡᠷᠡᠭᠯᠡᠬᠦ ᠲᠡᠢᠮᠦ ᠬᠦᠴᠢᠷ ᠤᠤ?
ᠰᠦᠯᠵᠢᠶ᠎ᠡ ᠣᠷᠴᠢᠨ ᠳ᠋ᠤ᠌ ᠮᠣᠩᠭᠣᠯ ᠪᠢᠴᠢᠭ ᠶᠠᠭᠠᠬᠢᠭᠠᠳ ᠬᠥᠭᠵᠢᠬᠦ ᠦᠭᠡᠢ ᠪᠠᠢᠭ᠎ᠠ ᠪᠣᠢ ⁉⁈⁇‼
ᠬᠠᠷᠢᠭᠤᠯᠲᠠ ᠶ᠋ᠢ ᠨᠢ ᠮᠣᠩᠭᠣᠯ ᠪᠢᠴᠢᠭ ᠢ᠋ᠶ᠋ᠡᠨ ᠪᠢᠴᠢᠬᠦ ᠳᠤᠷ᠎ᠠ ᠦᠭᠡᠢ ᠮᠣᠩᠭᠣᠯᠴᠤᠳ ᠠ᠋ᠴᠠ ᠠᠰᠠᠭᠤᠭᠠᠷᠠᠢ ‼
29. ᠲᠣᠳᠣᠭᠡᠷᠡᠯ
ᠬᠡᠢᠮᠣᠷᠢ ᠰᠦᠯᠵᠢᠶᠡᠨ ᠳ᠋ᠦ᠍ ᠰᠠᠭᠤᠵᠤ ᠪᠠᠢᠭ᠎ᠠ ᠪᠦᠬᠦᠢᠯᠡ ᠮᠣᠩᠭᠣᠯᠴᠤᠳ ᠮᠠᠨᠢ ᠦᠰᠦᠭ ᠪᠢᠴᠢᠭ ᠢ᠋ᠶ᠋ᠡᠨ ᠴᠠᠬᠢᠮ ᠦᠷᠡᠭᠦᠯᠵᠢ ᠪᠢᠴᠢᠵᠡᠭᠡᠶ᠎ᠡ!
30. ᠠᠯᠲᠠᠨᠴᠢᠮᠡᠭ
ᠰᠠᠢᠨ ᠦᠭᠡ ᠰᠠᠷ᠎ᠠ ᠶ᠋ᠢᠨ ᠬᠦᠨᠡᠰᠦ
ᠮᠠᠭᠤ ᠦᠭᠡ ᠴᠠᠭ ᠤ᠋ᠨ ᠪᠠᠷᠴᠢᠳ
ᠥᠪᠡᠷ ᠢ᠋ᠶ᠋ᠡᠨ ᠴᠦ᠍ ᠲᠠᠭᠠᠰᠢᠶᠠᠬᠤ ᠦᠭᠡᠢ ᠦᠭᠡ ᠶ᠋ᠢ
ᠣᠢᠷ᠎ᠠ ᠳᠣᠲᠣᠨᠣ ᠬᠥᠮᠦᠰ ᠲᠦ᠍ ᠪᠡᠨ ᠪᠤᠤ ᠬᠡᠯᠡᠭᠡᠷᠡᠢ!
31. ᠸᠢᠢᠰᠢᠩᠬᠤᠸᠠᠷ
ᠵᠦᠢᠷ ᠰᠡᠴᠡᠨ ᠦᠭᠡ᠄
ᠬᠦᠷᠬᠦ ᠶ᠋ᠢᠨ ᠵᠦᠭ ᠬᠦᠯᠦᠭ ᠢ᠋ᠶ᠋ᠡᠨ ᠬᠤᠷᠳᠤᠯᠠ
ᠬᠦᠰᠡᠬᠦ ᠶ᠋ᠢᠨ ᠵᠦᠭ ᠪᠢᠯᠢᠭ ᠢ᠋ᠶ᠋ᠡᠨ ᠬᠤᠷᠴᠠᠯᠠ
ᠴᠢᠬᠢᠨ ᠳ᠋ᠦ᠍ ᠬᠣᠩᠬᠣ ᠵᠡᠭᠦᠯᠭᠡᠬᠦ
ᠠᠯᠳᠠᠭᠰᠠᠨ ᠵᠢᠭᠠᠰᠤ ᠶᠡᠬᠡ ᠬᠠᠷᠠᠭᠳᠠᠨ᠎ᠠ᠃
32. ᠰᠣᠨᠢᠨᠴᠡᠴᠡᠭ ᠂
ᠮᠣᠩᠭᠣᠯ ᠬᠥᠮᠦᠨ ᠄
ᠬᠠᠳᠠᠨ ᠳᠡᠭᠡᠷ᠎ᠡ ᠪᠢᠴᠢᠭ ᠲᠡᠢ ᠮᠣᠩᠭᠣᠯ ᠬᠥᠮᠦᠨ ᠴᠢ ᠵᠢᠰᠦ ᠪᠡᠨ ᠪᠢᠲᠡᠭᠡᠢ ᠠᠯᠲᠠ᠂
ᠬᠠᠳᠠᠭ ᠳᠡᠭᠡᠷ᠎ᠡ ᠢᠷᠦᠭᠡᠯ ᠲᠡᠢ ᠮᠣᠩᠭᠣᠯ ᠬᠥᠮᠦᠨ ᠴᠢ ᠵᠢᠷᠦᠬᠡ ᠪᠡᠨ ᠪᠢᠲᠡᠭᠡᠢ ᠠᠯᠲᠠ᠂
ᠬᠠᠭᠠᠨ ᠴᠢᠩᠭᠢᠰ ᠦ᠋ᠨ ᠬᠣᠢᠴᠢᠰ ᠮᠣᠩᠭᠣᠯ ᠬᠦᠦ ᠴᠢ ᠵᠦᠭ ᠢ᠋ᠶ᠋ᠡᠨ ᠪᠢᠲᠡᠭᠦᠦ ᠠᠯᠲᠠ!
33. ᠭᠠᠸᠠ
ᠰᠣᠶᠣᠯ ᠭᠡᠭᠡᠷᠡᠯ ᠪᠢᠳᠡᠨ ᠳ᠋ᠦ᠍ ᠠᠭᠠᠷ ᠮᠡᠲᠦ ᠬᠡᠷᠡᠭᠲᠡᠢ᠃ — ᠺᠠᠯᠢᠨᠢᠨ
34. ᠮᠥᠩᠭᠥᠨ
— ᠷ᠂ ᠴᠣᠢᠨᠣᠮ
ᠳᠠᠭᠤᠴᠢᠨ ᠠ᠋ᠴᠠ ᠪᠢ ᠭᠠᠭᠴᠠᠬᠠᠨ ᠳᠠᠭᠤᠤ ᠬᠦᠰᠡᠨᠡᠮ᠁
ᠠᠷᠪᠠᠳᠤᠭᠠᠷ ᠰᠠᠷ᠎ᠠ ᠬᠣᠷᠢᠨ ᠬᠣᠶᠠᠷ ᠤ᠋ᠨ ᠨᠠᠷᠠᠨ
ᠠᠷᠪᠠᠨ ᠵᠢᠷᠭᠤᠭᠠᠨ ᠴᠠᠭ ᠳᠥᠴᠢᠨ ᠮᠢᠨᠦ᠋ᠲ ᠢ᠋ ᠵᠢᠭᠠᠵᠤ
ᠠᠯᠤᠰ ᠤ᠋ᠨ ᠴᠡᠩᠬᠡᠷ ᠬᠡᠴᠡ ᠳᠡᠭᠡᠷ᠎ᠡ
ᠠᠯᠲᠠᠨ ᠮᠣᠳᠣᠷ ᠢ᠋ᠶ᠋ᠠᠷ ᠢ᠋ᠶ᠋ᠠᠨ ᠲᠤᠯᠵᠤ《 ᠷᠠᠳᠢᠣ᠋ ᠪᠠᠷ ᠴᠸᠪᠡᠯᠰᠦ᠋ᠷᠦᠩ ᠳᠠᠭᠤᠯᠠᠨ᠎ᠠ》 ᠭᠡᠬᠦ ᠰᠢᠭ᠃
35. ᠮᠣᠩᠭᠣᠯ ᠰᠦᠨᠡᠰᠦ
ᠳᠠᠭᠤᠨ ᠳ᠋ᠤ᠌ ᠤᠶᠠᠷᠠᠳᠠᠭ ᠬᠣᠷᠸ᠎ᠠ ᠭᠡᠳᠡᠭ ᠢ᠋ᠶ᠋ᠡᠷ
ᠳᠣᠲᠣᠭᠠᠳᠤ ᠰᠡᠳᠬᠢᠯ ᠡᠴᠡ ᠪᠡᠨ ᠳᠤᠷᠠᠲᠠᠢ ᠳᠠᠭᠤᠤ ᠪᠠᠨ ᠳᠠᠭᠤᠯᠠᠨ᠎ᠠ ᠭᠡᠳᠡᠭ ᠶᠠᠮᠠᠷ ᠰᠠᠢᠬᠠᠨ ᠵᠢᠷᠭᠠᠯ ᠪᠢᠯᠡ᠂
ᠮᠢᠨᠦ ᠮᠣᠩᠭᠣᠯ ᠤ᠋ᠨ ᠤᠷᠢᠳᠤ ᠶ᠋ᠢᠨ ᠳᠠᠭᠤᠤ᠂ ᠠᠷᠠᠳ ᠤ᠋ᠨ ᠳᠠᠭᠤᠤ ᠭᠡᠳ ᠯᠡ
ᠲᠦᠮᠡᠨ ᠣᠯᠠᠨ ᠤ᠋ ᠮᠢᠨᠢ ᠳᠤᠮᠳᠠ ᠠ᠋ᠴᠠ ᠲᠥᠷᠥᠭᠳᠡᠨ ᠭᠠᠷᠴᠤ ᠢᠷᠡᠵᠦ ᠪᠠᠢᠭ᠎ᠠ ᠮᠣᠩᠭᠣᠯ ᠰᠠᠢᠬᠠᠨ ᠳᠠᠭᠤᠤ ᠨᠤᠭᠤᠳ ᠮᠢᠨᠢ ᠠ᠋᠃
36.ᠤᠤᠭᠠᠨᠵᠢᠳ
ᠦᠭᠡ ᠬᠡᠯᠡ ᠣᠷᠬᠢᠵᠤ ᠪᠣᠯᠣᠰᠢ ᠦᠭᠡᠢ ᠦᠨᠳᠦᠰᠦᠲᠡᠨ ᠦ᠌ ᠪᠡᠯᠭᠡ ᠲᠡᠮᠳᠡᠭ
ᠦᠰᠦᠭ ᠪᠢᠴᠢᠭ ᠠᠯᠳᠠᠵᠤ ᠪᠣᠯᠣᠰᠢ ᠦᠭᠡᠢ ᠰᠣᠶᠣᠯ ᠤ᠋ᠨ ᠠᠯᠲᠠᠨ ᠲᠦᠯᠬᠢᠭᠦᠷ
ᠥᠪᠡᠷ ᠦ᠋ᠨ ᠶᠠᠭᠤᠮ᠎ᠠ ᠪᠠᠨ ᠭᠣᠯᠣᠵᠤ ᠪᠣᠯᠬᠤ ᠦᠭᠡᠢ ᠶᠠᠭᠤᠨ ᠠ᠋ᠴᠠ ᠴᠦ᠍ ᠦᠨᠡᠲᠡᠢ ᠡᠷᠳᠡᠨᠢ
ᠦᠨᠳᠦᠰᠦ ᠤᠭᠰᠠᠭ᠎ᠠ ᠲᠠᠰᠤᠷᠠᠵᠤ ᠪᠣᠯᠬᠤ ᠦᠭᠡᠢ ᠮᠥᠩᠬᠡ ᠶ᠋ᠢᠨ ᠭᠠᠯ ᠭᠣᠯᠣᠮᠲᠠ᠃
37. ᠮᠥᠩᠭᠥᠨ
— ᠷ ᠴᠣᠢᠨᠣᠮ
ᠰᠡᠪᠡᠯᠵᠡᠭᠰᠡᠨ ᠰᠠᠯᠬᠢ ᠴᠤ᠌ ᠴᠢᠮᠡᠭᠡ ᠴᠢᠩᠨᠠᠬᠤ ᠰᠢᠭ᠋ ᠲᠣᠭᠲᠠᠪᠠ᠂
ᠰᠡᠷᠭᠦᠯᠡᠩ ᠪᠣᠯᠵᠣᠮᠣᠷ ᠴᠤ᠌ ᠳᠠᠭᠤᠤ ᠬᠦᠰᠡᠬᠦ ᠰᠢᠭ ᠲᠣᠭᠲᠠᠪᠠ
ᠰᠡᠳᠬᠢᠯ ᠦ᠋ᠨ ᠮᠢᠨᠢ ᠪᠠᠷᠤᠮᠸᠲ᠋ᠷ( ᠴᠠᠭ ᠠᠭᠤᠷ ᠤ᠋ᠨ ᠬᠡᠮᠵᠢᠭᠦᠷ)— ᠣᠯᠠᠨ ᠰᠢᠷᠬ᠎ᠠ ᠲᠠᠢ ᠵᠢᠷᠦᠬᠡ ᠴᠦ᠍
ᠰᠡᠷᠡᠭᠦᠨ ᠲᠤᠩᠭᠠᠯᠠᠭ ᠶᠠᠪᠤᠭ᠎ᠠ ᠳ᠋ᠠᠭᠠᠨ ᠴᠢᠩᠨᠠᠶᠠ ᠭᠡᠵᠦ ᠲᠣᠭᠲᠠᠪᠠ᠃
38. ᠭᠠᠯᠵᠤᠳ ᠣᠶᠤᠨ
ᠣᠨᠢᠰᠣᠭ᠎ᠠ
ᠮᠠᠯᠲᠠᠮᠠᠯ ᠨᠢᠭᠡ ᠴᠠᠭᠠᠷᠢᠭ ᠂ᠮᠠᠬᠢᠷ ᠵᠢᠷᠭᠤᠭᠠᠨ ᠬᠠᠪᠢᠷᠭ᠎ᠠ ᠃( ᠲᠣᠭᠣᠨᠣ )
ᠡᠳᠦᠷ ᠲᠦ᠍ ᠪᠡᠨ ᠭᠤᠷᠪᠠᠯᠵᠢᠨ ᠂ᠰᠥᠨᠢ ᠳ᠋ᠦ᠍ ᠪᠡᠨ ᠳᠥᠷᠪᠡᠯᠵᠢᠨ᠃( ᠡᠷᠦᠬᠡ )
ᠭᠡᠷ ᠳᠦᠭᠦᠷᠡᠩ ᠭᠡᠯᠡᠩ ᠦ᠋ᠨ ᠳᠡᠯᠪᠡᠭ᠃( ᠬᠠᠨ᠎ᠠ ᠶ᠋ᠢᠨ ᠨᠢᠳᠦ )
ᠬᠡᠷᠡᠮ ᠳᠡᠭᠡᠷ᠎ᠡ ᠬᠡᠪᠲᠡᠭᠡ ᠯᠤᠤ ( ᠬᠥᠮᠥᠰᠬᠡ )
39. ᠦᠵᠢᠶᠡᠳ ᠡᠷᠳᠡᠨᠢᠴᠡᠴᠡᠭ
ᠤᠭᠤᠷᠠᠭ ᠢ᠋ ᠵᠣᠭᠰᠣᠭ᠎ᠠ ᠪᠠᠷ ᠢ᠋ᠶ᠋ᠠᠨ ᠢᠳᠡᠳᠡᠭ ᠦᠭᠡᠢ
ᠤᠯᠠᠭᠠᠨ ᠢᠳᠡᠭᠡ ᠶ᠋ᠢ ᠰᠥᠨᠢ ᠵᠥᠭᠡᠭᠡᠳᠡᠭ ᠦᠭᠡᠢ
ᠤᠷᠭᠠᠨ ᠳᠡᠭᠡᠭᠦᠷ ᠠᠯᠬᠤᠳᠠᠭ ᠦᠭᠡᠢ
ᠢᠰᠡᠭᠡᠢ ᠲᠤᠭᠤᠷᠭ᠎ᠠ ᠲᠠᠢ ᠪᠣᠷᠣ ᠭᠡᠷ ᠮᠢᠨᠢ ᠨᠠᠳᠠ ᠳ᠋ᠠᠭᠠᠨ ᠳᠤᠯᠠᠭᠠᠬᠠᠨ
ᠡᠮᠰᠢᠢᠵᠦ ᠨᠠᠰᠤᠵᠢᠭᠰᠠᠨ ᠡᠵᠢ ᠠᠪᠤ ᠮᠢᠨᠢ ᠨᠠᠳᠠ ᠳ᠋ᠠᠭᠠᠨ ᠡᠷᠬᠢᠮᠰᠦᠭ᠃
40. ᠴᠢ᠊ · ᠤᠷᠠᠨᠴᠡᠴᠡᠭ
ᠳᠡᠭᠡᠷ᠎ᠡ ᠪᠠᠢᠭ᠎ᠠ ᠨᠠᠷᠠ ᠰᠠᠷ᠎ᠠ ᠣᠳᠣ
ᠳᠡᠷᠭᠡᠳᠡ ᠪᠠᠢᠭ᠎ᠠ ᠨᠠᠪᠴᠢ ᠴᠡᠴᠡᠭ ᠮᠣᠳᠣ
ᠢᠳᠡᠵᠦ ᠪᠠᠢᠭ᠎ᠠ ᠮᠢᠬ᠎ᠠ ᠨᠣᠭᠣᠭ᠎ᠠ ᠲᠣᠰᠣ
ᠡᠳ᠋ᠯᠡᠵᠦ ᠪᠠᠢᠭ᠎ᠠ ᠪᠥᠰ ᠠᠷᠠᠰᠤ ᠨᠣᠣᠰᠣ᠃
41. ᠴᠠᠭᠰᠤᠯᠮᠡ
ᠬᠥᠮᠦᠨ ᠦ᠌ ᠠᠮᠢᠳᠤᠷᠠᠯ ᠤ᠋ᠨ ᠵᠠᠮ ᠳ᠋ᠤ᠌ ᠡᠷᠭᠢᠵᠦ ᠣᠯᠳᠠᠳᠠᠭ ᠦᠭᠡᠢ ᠭᠤᠷᠪᠠᠨ ᠵᠦᠢᠯ᠄
( 1 ) ᠴᠠᠭ᠂( 2 ) ᠠᠮᠢ ᠨᠠᠰᠤ᠂( 3 ) ᠵᠠᠯᠠᠭᠤ ᠨᠠᠰᠤ᠃
42. ᠮᠡᠷᠭᠡᠨᠪᠢᠯᠢᠭ
ᠴᠢᠷᠮᠠᠢᠯᠭ᠎ᠠ ᠭᠡᠳᠡᠭ ᠬᠥᠮᠦᠨ ᠳ᠋ᠦ᠍ ᠦᠵᠡᠭᠦᠯᠬᠦ ᠶ᠋ᠢᠨ ᠲᠥᠯᠥᠭᠡ ᠪᠢᠰᠢ᠂
ᠬᠠᠷᠢᠨ ᠬᠥᠮᠦᠨ ᠡᠴᠡ ᠳᠠᠪᠠᠲᠠᠯ᠎ᠠ ᠰᠠᠢᠬᠠᠨ ᠠᠮᠢᠳᠤᠷᠠᠬᠤ ᠶ᠋ᠢᠨ ᠲᠥᠯᠥᠭᠡᠨ ᠦ᠌ ᠵᠢᠳᠬᠦᠯ ᠪᠠᠢᠬᠤ ᠶᠣᠰᠣᠲᠠᠢ!
ᠵᠥᠪ ᠶᠠᠪᠤᠭᠰᠠᠨ ᠬᠥᠮᠦᠨ ᠢ᠋ ᠴᠢᠳᠬᠥᠷ ᠠᠳᠠᠯᠠᠭᠰᠠᠨ ᠴᠤ᠌ ᠪᠤᠷᠬᠠᠨ ᠲᠡᠳᠬᠦᠳᠡᠭ
ᠵᠢᠳᠬᠦᠵᠦ ᠶᠠᠪᠤᠭᠰᠠᠨ ᠮᠥᠷ ᠢ᠋ ᠬᠥᠮᠦᠨ ᠪᠠᠯᠠᠯᠤᠭᠰᠠᠨ ᠴᠤ᠌ ᠦᠢᠯᠡᠰ ᠢ᠋ᠶ᠋ᠡᠷ ᠢ᠋ᠶ᠋ᠡᠨ ᠳᠤᠷᠠᠢᠳᠠᠭ᠃
ᠰᠦᠨ ᠰᠠᠴᠤᠯᠢ ᠠ ᠬᠣᠯᠪᠣᠭᠠᠨ ᠤ᠋ ᠨᠠᠢᠵᠠ ᠨᠠᠷ ᠠ᠋ᠴᠠ᠂ ᠤᠤᠭᠠᠨᠵᠢᠳ ᠬᠢᠨᠠᠪᠠ᠃
