ᠲᠥᠰᠢᠳ ᠦ᠋ᠨ ᠯᠠᠮ᠎ᠠ ᠶᠣᠺᠠTüshdiin lam yookaТүшдийн лам ёока ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠰᠢᠳ ᠦ᠋ᠨ ᠯᠠᠮ᠎ᠠ ᠶᠣᠺᠠTüshdiin lam yookaТүшдийн лам ёока

ᠲᠥᠰᠢᠳ ᠦ᠋ᠨ ᠯᠠᠮ᠎ᠠ ᠶᠣᠺᠠTüshdiin lam yookaТүшдийн лам ёока

2025-11-09

199

ᠲᠥᠰᠢᠳ ᠦ᠋ᠨ ᠯᠠᠮ᠎ᠠ ᠶᠣᠺᠠ

ᠲᠥᠰᠢᠳ ᠦ᠋ᠨ ᠯᠠᠮ᠎ᠠ ᠶᠣᠺᠠ 

ᠲᠦᠰᠢᠳ ᠲᠡᠭᠷᠢ ᠶ᠋ᠢᠨ ᠢᠲᠡᠭᠡᠯ ᠦ᠋ᠨ ᠵᠢᠷᠦᠬᠡᠨ ᠦ᠌ ᠲᠥᠪ ᠡᠴᠡ᠃
ᠮᠠᠰᠢ ᠴᠠᠭᠠᠨ ᠲᠠᠷᠠᠭ ᠮᠡᠲᠦ ᠡᠭᠦᠯᠡᠨ ᠦ᠌ ᠲᠡᠬᠡᠷᠡ᠃
ᠨᠣᠮ ᠤ᠋ᠨ ᠬᠠᠭᠠᠨ ᠬᠠᠮᠤᠭ ᠵᠦᠢᠯ ᠢ᠋ ᠠᠢᠯᠠᠳᠤᠭᠴᠢ ᠯᠣᠪᠰᠠᠩᠷᠠᠭᠪᠠ᠃
ᠬᠥᠪᠡᠭᠦᠨ ᠦ᠌ ᠰᠡᠯᠲᠡ ᠡᠨᠳᠡ ᠵᠠᠯᠠᠷᠠᠵᠤ ᠢᠷᠡᠳᠬᠦᠨ ᠅
ᠡᠮᠦᠨᠡᠲᠦ ᠰᠡᠩᠭᠡ ᠲᠠᠪᠴᠠᠩ ᠪᠠᠳᠮ᠎ᠠ ᠰᠠᠷᠠᠨ ᠳᠡᠭᠡᠷ᠎ᠡ᠃
ᠪᠣᠭᠳᠠ ᠯᠠᠮ᠎ᠠ ᠴᠠᠭᠠᠨ ᠪᠥᠭᠡᠳ ᠪᠠᠶᠠᠰᠬᠤᠯᠠᠩ ᠮᠦᠰᠢᠶᠡᠨ᠃
ᠮᠢᠨᠦ ᠰᠦᠰᠦᠭ ᠤᠬᠠᠭᠠᠨ ᠤ᠋ ᠡᠷᠬᠢᠮ ᠪᠤᠶᠠᠨ ᠣᠷᠣᠨ᠎ᠠ᠃
ᠱᠠᠰᠢᠨ ᠨᠣᠮ ᠢ᠋ ᠳᠡᠯᠭᠡᠬᠦᠶ᠎ᠡ ᠵᠠᠭᠤᠨ ᠭᠠᠯᠠᠪ ᠤᠷᠤᠰᠢ ᠅
ᠮᠡᠳᠡᠭᠳᠡᠯ ᠦ᠋ᠨ ᠬᠠᠮᠤᠭ ᠵᠦᠢᠯ ᠢ᠋ ᠠᠢᠯᠠᠳᠤᠭᠴᠢ ᠰᠡᠳᠬᠢᠯᠲᠦ᠃
ᠬᠤᠪᠢ ᠰᠠᠢᠲᠤ ᠶ᠋ᠢᠨ ᠴᠢᠬᠢ ᠶ᠋ᠢᠨ ᠴᠢᠮᠡᠭ ᠪᠣᠯᠬᠤᠢ ᠨᠣᠮᠯᠠᠯ ᠵᠠᠷᠯᠢᠭᠳᠤ᠃
ᠠᠯᠳᠠᠷ ᠴᠣᠭ ᠢ᠋ᠶ᠋ᠠᠷ ᠭᠢᠯᠪᠡᠯᠡᠭᠰᠡᠨ ᠦᠵᠡᠰᠬᠦᠯᠡᠩ ᠪᠡᠶᠡᠲᠦ᠃
ᠦᠵᠡᠨ ᠰᠠᠨᠠᠨ ᠰᠣᠨᠣᠰᠬᠤ ᠪᠠᠷ ᠲᠤᠰᠠᠲᠤ ᠳᠠ ᠮᠥᠷᠭᠥᠮᠦ ᠅
ᠰᠡᠳᠬᠢᠯ ᠣᠢᠨ ᠳ᠋ᠤᠷ ᠲᠠᠭᠠᠯᠠᠯᠲᠤ ᠲᠠᠪᠢᠭ ᠡᠯᠳᠡᠪ ᠴᠡᠴᠡᠭ ᠪᠠ᠃
ᠦᠨᠦᠷ ᠰᠠᠢᠲᠤ ᠬᠦᠵᠢ ᠵᠤᠯᠠ ᠦᠨᠦᠷ ᠤᠰᠤᠨ ᠡᠬᠢᠯᠡᠨ᠃
ᠪᠡᠯᠡᠳᠦᠭᠡᠳ ᠬᠤᠪᠢᠯᠤᠭᠰᠠᠨ ᠲᠠᠬᠢᠯ ᠡᠭᠦᠯᠡᠨ ᠳᠠᠯᠠᠢ ᠶ᠋ᠢ᠃
ᠡᠷᠭᠢᠨ ᠪᠤᠶᠠᠨ ᠣᠷᠣᠨ ᠲᠠᠨ ᠳ᠋ᠤᠷ ᠲᠠᠬᠢᠯ ᠪᠣᠯᠭᠠᠨ ᠡᠷᠭᠦᠮᠦ᠃
ᠲᠡᠷᠢᠭᠦᠯᠡᠯ ᠦᠭᠡᠢ ᠡᠴᠡ ᠠᠯᠢ ᠨᠢᠭᠡᠨ ᠬᠤᠷᠠᠭᠰᠠᠨ᠃
ᠪᠡᠶ᠎ᠡ ᠬᠡᠯᠡ ᠰᠡᠳᠬᠢᠯ ᠢ᠋ᠶ᠋ᠡᠷ ᠦᠢᠯᠡᠳᠦᠭᠰᠡᠨ ᠨᠢᠭᠦᠯ ᠪᠠ᠃
ᠢᠯᠠᠩᠭᠤᠶ᠎ᠠ ᠭᠤᠷᠪᠠᠨ ᠰᠠᠨᠸᠠᠷ ᠯᠤᠭ᠎ᠠ ᠬᠠᠷᠰᠢᠯᠠᠭᠰᠠᠨ ᠢ᠋᠃
ᠵᠢᠷᠦᠬᠡᠨ ᠡᠴᠡ ᠭᠡᠮᠰᠢᠨ ᠠᠵᠤ ᠲᠤᠰ ᠲᠤᠰ ᠨᠠᠮᠠᠨᠴᠢᠯᠠᠮᠤ ᠅
ᠡᠨᠡ ᠴᠠᠭ ᠲᠤᠷ ᠰᠣᠨᠣᠰᠬᠠᠯ ᠪᠦᠲᠦᠭᠡᠯ ᠢ᠋ ᠬᠢᠴᠢᠶᠡᠨ᠃
ᠨᠠᠢ᠍ᠮᠠᠨ ᠨᠣᠮ ᠢ᠋ ᠲᠡᠪᠴᠢᠨ ᠴᠢᠯᠥᠭᠡ ᠤᠴᠠᠷᠠᠯ ᠤ᠋ᠨ ᠬᠡᠷᠡᠭ ᠢ᠋᠃
ᠭᠠᠪᠢᠶᠠᠲᠤ ᠪᠣᠯᠤᠭᠰᠠᠨ ᠤ᠋ ᠴᠢᠨᠦ ᠶᠡᠬᠡ ᠦᠢᠯᠡᠰ ᠲᠦᠷ᠃
ᠪᠢᠳᠡ ᠦᠨᠡᠨ ᠰᠠᠨᠠᠭ᠎ᠠ ᠪᠠᠷ ᠪᠠᠶᠠᠰᠤᠯᠴᠠᠨ ᠳᠠᠭᠠᠮᠤ ᠅
ᠭᠡᠲᠦᠯᠭᠡᠭᠴᠢ ᠪᠣᠭᠳᠠ ᠯᠠᠮ᠎ᠠ ᠲᠠ ᠪᠠᠷ ᠨᠣᠮ ᠤ᠋ᠨ ᠪᠡᠶ᠎ᠡ ᠶ᠋ᠢᠨ᠃
ᠣᠭᠳᠠᠷᠠᠭᠤᠢ ᠳ᠋ᠤ᠌ ᠠᠢᠯᠠᠳᠬᠤ ᠪᠠ ᠡᠨᠡᠷᠢᠬᠦᠢ ᠡᠭᠦᠯᠡᠨ᠃
ᠲᠤᠯᠤᠯᠴᠠᠭᠠᠳ ᠶᠠᠮᠪᠠᠷ ᠮᠡᠲᠦ ᠵᠣᠷᠢᠭᠰᠠᠨ ᠤ᠋ ᠠᠭᠠᠷ ᠲᠤᠷ᠃
ᠵᠢᠪᠬᠤᠯᠠᠩᠲᠤ ᠨᠣᠮ ᠤ᠋ᠨ ᠬᠤᠷ᠎ᠠ ᠣᠷᠣᠭᠤᠯᠤᠨ ᠰᠣᠶᠣᠷᠬ᠎ᠠ᠃
ᠮᠢᠨᠦ ᠬᠡᠳᠦᠢ ᠪᠦᠬᠦ ᠪᠤᠶᠠᠨ ᠬᠤᠷᠢᠶᠠᠭᠰᠠᠨ ᠲᠡᠭᠦᠪᠡᠷ᠃
ᠱᠠᠰᠢᠨ ᠬᠢᠭᠡᠳ ᠬᠠᠮᠤᠭ ᠡᠯᠡ ᠠᠮᠢᠲᠠᠨ ᠢ᠋ ᠲᠤᠰᠠᠯᠠᠨ᠃
ᠢᠯᠠᠩᠭᠤᠶ᠎ᠠ ᠲᠡᠭᠦᠰ ᠴᠣᠭᠲᠤ ᠪᠣᠭᠳᠠ ᠯᠠᠮ᠎ᠠ ᠶ᠋ᠢᠨ ᠱᠠᠰᠢᠨ ᠤ᠋᠃
ᠵᠢᠷᠦᠬᠡᠨ ᠦ᠌ ᠥᠨᠢ ᠤᠷᠲᠤ ᠭᠡᠢᠭᠦᠯᠦᠭᠴᠢ ᠪᠣᠯᠲᠤᠭᠠᠢ ᠅
(ᠮᠢᠭᠽᠸᠮ ᠢ᠋ ᠠᠯᠢ ᠣᠯᠠᠨ ᠤᠩᠰᠢ᠃ )
ᠲᠡᠭᠦᠰ ᠴᠣᠭᠲᠤ ᠢᠵᠠᠭᠤᠷ ᠤ᠋ᠨ ᠯᠠᠮ᠎ᠠ ᠡᠷᠳᠡᠨᠢ᠃
ᠵᠢᠷᠦᠬᠡᠨ ᠦ᠌ ᠯᠢᠩᠬᠤ᠎ᠠ ᠳ᠋ᠤᠷ ᠰᠠᠢᠲᠤᠷ ᠰᠠᠭᠤᠵᠤ᠃
ᠶᠡᠬᠡ ᠠᠴᠢ ᠶ᠋ᠢᠨ ᠡᠭᠦᠳᠡᠨ ᠡᠴᠡ ᠳ᠋ᠡᠭᠡᠨ ᠪᠠᠷᠢᠭᠠᠳ᠃
ᠪᠡᠶ᠎ᠡ ᠵᠠᠷᠯᠢᠭ ᠵᠢᠷᠦᠬᠡᠨ ᠦ᠌ ᠰᠢᠳᠢ ᠰᠣᠶᠣᠷᠬ᠎ᠠ ᠅
ᠲᠥᠷᠥᠯ ᠳᠣᠳᠣᠮ ᠪᠦᠭᠦᠳᠡ ᠳᠡ ᠢᠯᠠᠭᠤᠭᠰᠠᠨ ᠽᠦᠩᠺᠠᠪᠠ᠃
ᠡᠷᠬᠢᠮ ᠬᠥᠯᠭᠡ ᠶ᠋ᠢᠨ ᠪᠤᠶᠠᠨ ᠰᠠᠳᠤᠨ ᠪᠣᠯᠤᠭᠰᠠᠨ ᠤ᠋ ᠬᠦᠴᠦᠨ ᠢ᠋ᠶ᠋ᠡᠷ᠃
ᠢᠯᠠᠭᠤᠭᠰᠠᠨ ᠰᠠᠢᠰᠢᠶᠠᠭᠰᠠᠨ ᠲᠡᠷᠡ ᠰᠠᠢᠨ ᠤ᠋ ᠮᠥᠷ ᠡᠴᠡ᠃
ᠨᠢᠭᠡᠨ ᠭᠱᠠᠨ ᠲᠡᠳᠦᠢᠬᠡᠨ ᠴᠦ᠍ ᠨᠢᠴᠤᠯ ᠦᠭᠡᠢ ᠪᠣᠯᠲᠤᠭᠠᠢ ᠅
ᠬᠠᠮᠤᠭ ᠲᠥᠷᠥᠯ ᠳᠣᠳᠣᠮ ᠳ᠋ᠤᠷ ᠪᠢ ᠪᠣᠭᠳᠠ ᠯᠠᠮ᠎ᠠ ᠴᠢᠮ᠎ᠠ ᠠ᠋ᠴᠠ᠃
ᠰᠠᠯᠤᠯ ᠦᠭᠡᠢ ᠨᠣᠮ ᠤ᠋ᠨ ᠴᠣᠭ ᠢ᠋ ᠲᠡᠭᠦᠰ ᠢ᠋ᠶ᠋ᠡᠷ ᠡᠳ᠋ᠯᠡᠭᠡᠳ᠃
ᠭᠠᠵᠠᠷ ᠵᠠᠮ ᠤ᠋ᠨ ᠡᠷᠳᠡᠮ ᠦ᠋ᠳ ᠢ᠋ ᠪᠦᠷᠢᠨ ᠢ᠋ᠶ᠋ᠡᠷ ᠲᠡᠭᠦᠰᠬᠡᠨ᠃
ᠸᠴᠢᠷᠳ᠋ᡁᠠᠷ᠎ᠠ ᠶ᠋ᠢᠨ ᠬᠤᠲᠤᠭ ᠢ᠋ ᠴᠦ᠍ ᠦᠳᠲᠡᠷ ᠣᠯᠬᠤ ᠪᠣᠯᠲᠤᠭᠠᠢ ᠅
ᠬᠦᠰᠡᠭᠦᠨ ᠦ᠌ ᠣᠯᠵᠠ ᠵᠤᠨ ᠤ᠋ ᠳᠠᠯᠠᠢ ᠮᠡᠲᠦ ᠠᠷᠪᠢᠳᠤᠨ᠃
ᠭᠡᠮ ᠦ᠋ᠳ ᠦᠭᠡᠢ ᠣᠪᠣᠭ ᠦᠷ᠎ᠡ ᠶ᠋ᠢᠨ ᠮᠥᠷ ᠨᠢ ᠦᠯᠦ ᠲᠠᠰᠤᠷᠠᠨ᠃
ᠡᠳᠦᠷ ᠰᠥᠨᠢ ᠪᠣᠭᠳᠠ ᠯᠠᠮ᠎ᠠ ᠶ᠋ᠢᠨ ᠨᠣᠮ ᠤ᠋ᠳ ᠢ᠋ᠶ᠋ᠠᠷ ᠨᠦᠭᠴᠢᠶᠡᠨ᠃
ᠪᠦᠷᠢᠨ ᠲᠡᠭᠦᠰ ᠴᠣᠭ ᠲᠤᠷ ᠠᠬᠤ ᠶ᠋ᠢᠨ ᠥᠯᠵᠡᠢ ᠬᠤᠲᠤᠭ ᠤᠷᠤᠰᠢ ᠅᠃ ᠅