ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠳᠣᠯᠣᠭ᠎ᠠ〕 Цаг төрийн үймээн – Д ᠂ Намдаг - Цаг төрийн үймээн ᠂ хоёрдугаар бүлэг -7 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠳᠣᠯᠣᠭ᠎ᠠ〕 Цаг төрийн үймээн – Д ᠂ Намдаг - Цаг төрийн үймээн ᠂ хоёрдугаар бүлэг -7

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠳᠣᠯᠣᠭ᠎ᠠ〕 Цаг төрийн үймээн – Д ᠂ Намдаг - Цаг төрийн үймээн ᠂ хоёрдугаар бүлэг -7

ᠠᠩᠭᠢᠯᠠᠯ:ᠲᠤᠭᠤᠵᠢ ᠷᠣᠮᠠᠨ
2025-11-07

153

ᠵᠠᠩᠴᠢᠬᠦᠦ ᠳᠡᠭᠡᠷ᠎ᠡ


       ᠡᠳᠦᠷ ᠳᠤᠮᠳᠠ ᠥᠩᠭᠡᠷᠡᠬᠦ ᠶ᠋ᠢᠨ ᠬᠢᠷᠢ ᠳ᠋ᠦ᠍ ᠫᠦ ᠵᠢᠩ ᠳ᠋ᠠᠨᠽᠡᠨ ᠬᠣᠶᠠᠷ ᠵᠠᠩᠴᠢᠬᠦᠦ ᠣᠷᠣᠵᠤ ᠢᠷᠡᠵᠡᠢ᠃ ᠪᠤᠰᠤᠳ ᠲᠤ ᠪᠠᠷᠢᠭᠳᠠᠨ ᠭᠠᠢ ᠭᠠᠮᠰᠢᠭ ᠲᠤ ᠤᠨᠠᠬᠤ ᠠ᠋ᠴᠠ ᠪᠣᠯᠭᠣᠮᠵᠢᠯᠠᠨ ᠵᠠᠮ ᠢ᠋ᠶ᠋ᠠᠨ ᠭᠠᠵᠢᠭᠤᠳᠠᠭᠤᠯᠤᠭᠰᠠᠨ ᠠ᠋ᠴᠠ ᠤᠭ ᠬᠣᠲᠠ ᠶ᠋ᠢᠨ ᠵᠡᠭᠦᠨ ᠬᠣᠢᠨ᠎ᠠ ᠠ᠋ᠴᠠ ᠣᠷᠣᠵᠤ ᠢᠷᠡᠵᠡᠢ᠃ ᠳ᠋ᠠᠨᠽᠡᠨ ᠳ᠋ᠦ᠍ ᠤᠷᠢᠳ ᠡᠮᠦᠨ᠎ᠡ ᠳᠠᠭᠠᠷᠢᠯᠳᠤᠭ᠎ᠠ ᠦᠭᠡᠢ ᠭᠤᠳᠤᠮᠵᠢ᠂ ᠨᠤᠷᠠᠵᠤ ᠤᠨᠠᠬᠤ ᠪᠠᠨ ᠰᠢᠬᠠᠭᠰᠠᠨ ᠣᠷᠣᠨ ᠪᠠᠢᠰᠢᠩ᠂ ᠬᠣᠶᠠᠷ ᠬᠥᠮᠦᠨ ᠵᠥᠷᠢᠵᠦ ᠪᠣᠯᠤᠮ᠎ᠠ ᠦᠭᠡᠢ ᠨᠠᠷᠢᠬᠠᠨ ᠪᠤᠯᠤᠩ ᠲᠣᠬᠣᠢ ᠡᠯᠳᠡᠪ ᠶᠠᠭᠤᠮᠠᠰ ᠦᠷᠭᠦᠯᠵᠢᠯᠡᠨ ᠳᠠᠭᠠᠷᠢᠯᠳᠤᠨ᠎ᠠ᠃ ᠫᠦ ᠵᠢᠩ ᠲᠦᠷᠦᠭᠦᠯᠡᠨ ᠶᠠᠪᠤᠵᠤ ᠪᠠᠢᠭᠰᠠᠨ ᠢ᠋ᠶ᠋ᠠᠨ ᠲᠣᠬᠢᠯᠢᠭ ᠰᠢᠯᠦᠨ ᠴᠣᠩᠬᠣ ᠨᠤᠭᠤᠳ ᠲᠠᠢ ᠬᠥᠬᠡ ᠲᠤᠢᠫᠤᠤ ᠶ᠋ᠢᠨ ᠪᠠᠢᠰᠢᠩ ᠤ᠋ᠨ ᠡᠮᠦᠨ᠎ᠡ ᠵᠣᠭᠰᠣᠵᠤ
       — ᠡᠨᠡ ᠭᠤᠸᠠᠩᠵᠠ ! ᠭᠡᠵᠦ ᠢᠨᠢᠶᠡᠮᠰᠦᠭᠯᠡᠨ ᠨᠥᠬᠥᠷ ᠢ᠋ᠶ᠋ᠡᠨ ᠬᠠᠷᠠᠪᠠ᠃  
       — ᠳ᠋ᠠᠨᠽᠡᠨ ᠬᠠᠷᠢᠭᠤ ᠢᠨᠢᠶᠡᠮᠰᠦᠭᠯᠡᠨ᠄ ᠲᠡᠢᠮᠦ ᠠ᠋ ᠭᠤᠸᠠᠩᠵᠠ! ᠭᠡᠬᠦ ᠪᠣᠯᠪᠠᠴᠤ᠂ ᠡᠨᠳᠡ ᠣᠷᠣᠭᠰᠠᠭᠠᠷ ᠵᠠᠪᠠᠯ ᠮᠥᠩᠭᠥ ᠬᠡᠷᠡᠭᠲᠡᠢ ᠪᠣᠯᠳᠠᠭ ᠢ᠋ ᠰᠠᠨᠠᠨ᠄  
       — ᠮᠥᠩᠭᠥ ᠶᠠᠭᠠᠬᠢᠬᠤᠪ?  
       ᠫᠦ ᠵᠢᠩ ᠪᠠᠷᠠᠭᠤᠨ ᠲᠠᠰᠢᠶᠠᠨ ᠳ᠋ᠠᠬᠢ ᠮᠥᠩᠭᠥ ᠪᠡᠨ ᠬᠥᠳᠡᠯᠭᠡᠨ ᠳᠤᠤᠭᠠᠷᠭᠠᠵᠤ᠂ ᠳᠠᠬᠢᠨ ᠢᠨᠢᠶᠡᠮᠰᠦᠭᠯᠡᠭᠡᠳ ᠬᠠᠭᠠᠯᠭ᠎ᠠ ᠲᠡᠳᠡᠨ ᠳᠣᠲᠣᠭᠰᠢ ᠣᠷᠣᠪᠠ᠃ ᠠᠮᠲᠠᠯᠢᠭ ᠪᠦᠬᠦᠨ ᠦ᠌ ᠰᠠᠢᠬᠠᠨ ᠦᠨᠦᠷ ᠬᠠᠩᠬᠤᠯᠵᠤ᠂ ᠬᠠᠷ᠎ᠠ ᠥᠩᠭᠡ ᠶ᠋ᠢᠨ ᠴᠡᠪᠡᠷᠬᠡᠨ ᠥᠮᠥᠳᠥ ᠴᠠᠮᠴᠠ᠂ ᠬᠠᠷ᠎ᠠ ᠬᠢᠯᠢᠩ ᠱᠠᠬᠠᠢ ᠵᠡᠷᠭᠡ ᠶ᠋ᠢ ᠡᠮᠦᠰᠦᠭᠰᠡᠨ ᠠᠬᠢᠮᠠᠭ ᠨᠠᠰᠤᠲᠠᠢ ᠪᠢᠴᠢᠬᠠᠨ ᠪᠡᠶ᠎ᠡ ᠲᠡᠢ ᠬᠥᠮᠦᠨ ᠭᠣᠯᠣᠪ ᠱᠣᠯᠣᠪ ᠬᠥᠳᠡᠯᠦᠨ ᠲᠣᠰᠣᠨ ᠠᠪᠴᠤ᠄  
       — ᠬᠣᠭᠣᠯᠠ ᠪᠠᠨ ᠢᠳᠡᠭᠰᠡᠨ ᠤᠤ? ᠭᠡᠵᠦ ᠮᠡᠬᠦᠯᠵᠡᠬᠦ ᠠᠵᠢ᠃ 
       — ᠢᠳᠡᠭᠰᠡᠨ᠃ ᠲᠠ ᠢᠳᠡᠭᠰᠡᠨ ᠤᠤ ᠭᠡᠵᠦ ᠫᠦ ᠵᠢᠩ ᠬᠡᠨᠡᠭ ᠦᠭᠡᠢ ᠬᠠᠷᠢᠭᠤᠯᠪᠠ᠃  
       ᠳ᠋ᠠᠨᠽᠡᠨ ᠬᠣᠭᠣᠯᠠ ᠪᠠᠨ ᠢᠳᠡᠬᠦ ᠪᠠᠢᠲᠤᠭᠠᠢ ᠥᠯᠥᠰᠬᠦᠯᠡᠩ ᠦᠬᠦᠬᠦ ᠭᠡᠵᠦ ᠶᠠᠪᠤᠭ᠎ᠠ ᠪᠠᠢᠵᠤ ᠢᠩᠭᠢᠵᠦ ᠬᠡᠯᠡᠬᠦ ᠨᠢ ᠶᠠᠭᠤ ᠪᠣᠢ? ᠭᠡᠵᠦ ᠨᠥᠬᠥᠷ ᠢ᠋ᠶ᠋ᠡᠨ ᠭᠠᠢᠬᠠᠪᠠ᠃  
       ᠤᠭᠲᠤᠨ ᠠᠪᠤᠭᠰᠠᠨ ᠬᠥᠮᠦᠨ ᠲᠡᠷᠡ ᠬᠣᠶᠠᠷ ᠢ᠋ ᠣᠯᠠᠨ ᠤ᠋ ᠳᠤᠮᠳᠠᠭᠤᠷ ᠣᠷᠣᠭᠤᠯᠤᠨ ᠤᠳᠤᠷᠢᠳᠴᠤ ᠵᠡᠭᠦᠨ ᠬᠣᠢᠲᠤ ᠪᠤᠯᠤᠩ ᠤ᠋ᠨ ᠳᠤᠭᠤᠢ ᠰᠢᠷᠡᠭᠡᠨ᠎ᠡ ᠰᠠᠭᠤᠯᠭᠠᠪᠠ᠃ ᠡᠨᠡ ᠬᠥᠮᠦᠨ ᠪᠣᠯ ᠬᠣᠭᠣᠯᠠ ᠵᠥᠭᠡᠭᠡᠭᠴᠢ᠂ ᠮᠥᠷᠦᠨ ᠳᠡᠭᠡᠷ᠎ᠡ ᠪᠡᠨ ᠳᠤᠬᠤᠨ ᠲᠠᠯᠪᠢᠭᠰᠠᠨ ᠴᠠᠭᠠᠨ ᠠᠯᠴᠢᠭᠤᠷ ᠢ᠋ ᠰᠢᠪᠲᠤ ᠲᠡᠳᠡᠨ᠂ ᠥᠩᠭᠡ ᠨᠢ ᠨᠢᠭᠤᠷ ᠦᠵᠡᠭᠳᠡᠮᠡᠷ ᠭᠢᠯᠠᠯᠵᠠᠭᠰᠠᠨ ᠬᠦᠷᠡᠩ ᠰᠤᠮᠤᠨ ᠰᠢᠷᠡᠭᠡ ᠶ᠋ᠢ ᠭᠠᠪᠰᠢᠭᠠᠢᠯᠠᠨ ᠠᠷᠴᠢᠵᠤ᠄ 
       — ᠳᠠᠩᠵᠢᠶᠠᠳ ᠶᠠᠭᠤ ᠢᠳᠡᠬᠦ ᠪᠣᠢ? ᠶᠠᠭᠤ ᠤᠤᠭᠤᠬᠤ ᠪᠣᠢ? ᠮᠠᠨ ᠤ᠋ ᠭᠤᠸᠠᠩᠵᠠᠨ ᠳ᠋ᠤ᠌ ᠶᠠᠭᠤᠮ᠎ᠠ ᠪᠦᠬᠦᠨ ᠪᠠᠢᠨ᠎ᠠ᠃ ᠨᠤᠭᠤᠰᠤ ᠰᠢᠪᠠᠭᠤ ᠶ᠋ᠢ ᠪᠣᠯᠪᠠᠴᠤ ᠵᠢᠩᠬᠢᠨᠢ ᠪᠡᠭᠡᠵᠢᠩ ᠮᠠᠶᠢᠭ ᠢ᠋ᠶ᠋ᠠᠷ ᠮᠠᠰᠢ ᠬᠤᠷᠳᠤᠨ᠂ ᠮᠠᠰᠢ ᠰᠠᠢᠨ ᠰᠢᠷᠠᠨ᠎ᠠ᠃  
       — ᠠᠬ᠎ᠠ ᠲᠠ ᠪᠢᠲᠡᠭᠡᠢ ᠪᠤᠷᠤᠭᠤᠰᠢᠶᠠᠭᠠᠷᠠᠢ᠂ ᠪᠢᠳᠡ ᠲᠤᠩ ᠰᠠᠶᠢᠬᠠᠨ ᠬᠣᠭᠣᠯᠠ ᠪᠠᠨ ᠢᠳᠡᠭᠰᠡᠨ᠂ ᠲᠡᠢᠮᠦ ᠶᠡᠬᠡ ᠶᠠᠭᠤᠮ᠎ᠠ ᠢᠳᠡᠬᠦ ᠦᠭᠡᠢ᠂ ᠵᠦᠭᠡᠷ ᠠᠷ ᠰᠠᠷᠬᠠᠨ ᠯᠠ ᠶᠠᠭᠤᠮ᠎ᠠ ᠢᠳᠡᠶ᠎ᠡ ᠭᠡᠳ ᠫᠦ ᠵᠢᠩ ᠳ᠋ᠠᠨᠽᠡᠨ ᠦ᠌ ᠦᠯᠦ ᠮᠡᠳᠡᠬᠦ ᠡᠳᠦᠢ ᠲᠡᠳᠦᠢ ᠬᠣᠭᠣᠯᠠᠨ ᠤ᠋ ᠨᠡᠷ᠎ᠡ ᠳᠤᠷᠠᠳᠤᠨ ᠬᠤᠷᠤᠭᠤ ᠳᠠᠷᠤᠨ ᠲᠣᠭᠠᠴᠢᠵᠤ ᠵᠠᠬᠢᠶᠠᠯᠠᠪᠠ᠃ ᠬᠣᠭᠣᠯᠠ ᠵᠥᠭᠡᠭᠡᠭᠴᠢ ᠫᠦ ᠵᠢᠩ ᠦ᠋ᠨ ᠬᠤᠷᠤᠭᠤ ᠳᠠᠷᠤᠬᠤ ᠳᠣᠳᠣᠮ ᠪᠡᠶᠡᠰᠦᠨ᠄ ᠠᠢ᠂ ᠠᠢ ᠭᠡᠵᠦ ᠮᠡᠬᠦᠯᠵᠡᠨ ᠨᠠᠢᠷᠰᠠᠭᠠᠳ ᠠᠷᠪᠠᠨ ᠨᠠᠢ᠍ᠮᠠ ᠶ᠋ᠢᠨ ᠲᠣᠭᠠᠨ ᠳ᠋ᠤ᠌ ᠬᠦᠷᠬᠦ ᠳ᠋ᠦ᠍ ᠶᠣᠰᠣᠲᠠᠢ ᠪᠠᠬ᠎ᠠ ᠬᠠᠨᠤᠨ ᠲᠡᠷᠡ ᠪᠦᠷᠢ ᠶ᠋ᠢᠨ ᠨᠡᠷ᠎ᠡ ᠶ᠋ᠢ ᠪᠠᠢᠰᠢᠩ ᠴᠤᠤᠷᠢᠶᠠᠲᠤᠭᠤᠯᠤᠨ ᠬᠠᠰᠬᠢᠷᠪᠠ᠃ ᠬᠠᠷᠢᠭᠤ ᠳ᠋ᠤᠨᠢ ᠲᠣᠭᠣᠭᠠᠴᠢ《ᠠᠢ》 ᠬᠠᠰᠬᠢᠷᠴᠤ ᠭᠣᠯᠤᠵᠠ ᠭᠠᠮᠫᠠᠨᠵᠠ ᠳᠡᠰ ᠨᠢᠰ ᠪᠠᠭᠤᠯᠭᠠᠨ ᠲᠠᠴᠢᠭᠢᠨᠠᠭᠤᠯᠵᠤ ᠭᠠᠷᠪᠠ᠃ ᠳ᠋ᠠᠨᠽᠡᠨ ᠥᠪᠡᠷ ᠦ᠋ᠨ ᠦᠯᠦ ᠮᠡᠳᠡᠬᠦ ᠠᠷᠪᠠᠨ ᠨᠠᠢ᠍ᠮᠠᠨ ᠲᠥᠷᠥᠯ ᠦ᠋ᠨ ᠬᠣᠭᠣᠯᠠ ᠶ᠋ᠢ ᠰᠣᠨᠢᠷᠬᠠᠬᠤ ᠶ᠋ᠢᠨ ᠣᠷᠣᠨ ᠳ᠋ᠤ᠌ ᠮᠢᠶᠡᠨᠲ᠋ᠤᠤᠵᠠ᠂ ᠪᠤᠤᠵᠠ᠂ ᠬᠤᠱᠤᠤᠷ ᠭᠤᠷᠪᠠ ᠶ᠋ᠢ ᠪᠣᠳᠣᠬᠤ ᠶ᠋ᠢᠨ ᠳᠡᠭᠡᠷ᠎ᠡ ᠨᠠᠢᠵᠢ ᠶ᠋ᠢᠨ ᠢ᠋ᠶ᠋ᠡᠨ ᠮᠥᠩᠭᠥ ᠶ᠋ᠢ ᠬᠠᠷᠠᠮᠰᠠᠬᠤ ᠠᠵᠢ᠃ 
       — ᠴᠢ ᠶᠡᠬᠡ ᠬᠣᠭᠣᠯᠠ ᠵᠠᠬᠢᠨ᠎ᠠ ᠪᠣᠢ? ᠮᠥᠩᠭᠥ ᠶᠡᠬᠡ ᠣᠷᠣᠬᠤ ᠪᠢᠰᠢ ᠤᠤ? ᠭᠡᠬᠦ ᠳ᠋ᠦ᠍ ᠫᠦ ᠵᠢᠩ ᠬᠠᠵᠠᠭᠤ ᠶ᠋ᠢᠨ ᠰᠢᠷᠡᠭᠡᠨ ᠦ᠌  ᠬᠥᠮᠦᠰ ᠡᠴᠡ ᠢᠴᠢᠨ ᠨᠢᠭᠤᠷ ᠤᠯᠠᠢᠵᠤ᠄ 
       — ᠮᠥᠩᠭᠥ ᠭᠠᠢᠭᠤᠢ! ᠥᠨᠥᠳᠥᠷ ᠪᠣᠯ ᠪᠢᠳᠡᠨ ᠳ᠋ᠦ᠍ ᠪᠠᠶᠠᠷ ᠤ᠋ᠨ ᠡᠳᠦᠷ ᠭᠡᠵᠦ ᠵᠣᠷᠢᠭᠤᠳᠠ ᠴᠢᠩᠭ᠎ᠠ ᠬᠡᠯᠡᠨ ᠬᠠ ᠬᠠ ᠢᠨᠢᠶᠡᠨ᠎ᠡ᠃   
       — ᠬᠠᠷᠢᠨ ᠮᠢᠨᠦ ᠰᠠᠨᠠᠬᠤ ᠳ᠋ᠤ᠌ ᠬᠠᠮᠤᠭ ᠤ᠋ᠨ ᠮᠠᠭᠤ ᠡᠳᠦᠷ ᠳᠡ ᠭᠡᠬᠦ ᠳ᠋ᠦ᠍᠂ 
       — ᠠᠢ ᠭᠡᠵᠦ ᠳᠠᠭᠤ ᠠᠯᠲᠠᠨ ᠢᠷᠪᠠᠢᠵᠤ᠄ ᠡᠢᠮᠦ ᠮᠠᠭᠤ ᠦᠭᠡ ᠪᠢᠲᠡᠭᠡᠢ ᠬᠡᠯᠡ! ᠰᠠᠢᠨ ᠨᠥᠬᠥᠷ ᠴᠢᠨᠢ ᠪᠢᠳᠡᠨ ᠦ᠌ ᠳᠡᠷᠭᠡᠳᠡ ᠪᠠᠢᠭ᠎ᠠ ᠭᠡᠵᠦ ᠨᠢᠭᠤᠴᠠᠯᠠᠨ ᠰᠢᠪᠡᠨᠡᠪᠡ᠃  
       — ᠶᠠᠮᠠᠷ ᠨᠥᠬᠥᠷ? ᠭᠡᠵᠦ ᠰᠣᠴᠢᠨ ᠠᠰᠠᠭᠤᠪᠠ᠃  
       — ᠶᠠᠭᠠᠬᠢᠭ᠎ᠠ ᠪᠣᠢ᠂ ᠨᠠᠰᠤ ᠪᠠᠷᠠᠭᠰᠠᠨ ᠨᠥᠬᠥᠷ ᠴᠢᠨᠢ᠃ ᠮᠥᠩᠭᠥ ᠭᠠᠢᠭᠤᠢ᠂ ᠪᠢᠳᠡ ᠰᠠᠢᠬᠠᠨ ᠵᠣᠴᠢᠯᠠᠨ᠎ᠠ᠃ ᠳᠠᠷᠠᠭ᠎ᠠ ᠨᠢ ᠪᠢᠳᠡ ᠬᠣᠶᠠᠷ ᠲᠤᠰ ᠲᠤᠰ ᠤ᠋ᠨ ᠢ᠋ᠶ᠋ᠠᠨ ᠨᠤᠲᠤᠭ ᠤᠷᠤᠭᠤ ᠶᠠᠪᠤᠨ᠎ᠠ᠃ ᠠᠢ ᠰᠠᠢᠨ᠂ ᠮᠠᠰᠢ ᠰᠠᠢᠨ᠂ ᠠᠮᠢᠳᠤᠷᠠᠯ ᠳ᠋ᠤ᠌ ᠡᠢᠮᠦ ᠰᠠᠢᠬᠠᠨ ᠶᠠᠭᠤᠮ᠎ᠠ ᠳᠠᠭᠠᠷᠢᠯᠳᠤᠬᠤ ᠦᠭᠡᠢ ᠭᠡᠳ ᠬᠣᠢᠰᠢ ᠡᠷᠭᠢᠨ᠄ ᠠᠢ ᠠᠬ᠎ᠠ ᠰᠣᠨᠣᠰ! ᠪᠢᠳᠡ ᠭᠤᠷᠪᠠᠨ ᠬᠥᠮᠦᠨ ᠰᠢᠦ᠃ 
       ᠳ᠋ᠠᠨᠽᠡᠨ ᠣᠳᠣ ᠣᠢᠯᠠᠭᠠᠯ᠎ᠠ᠃ ᠬᠢᠲᠠᠳ ᠤ᠋ᠨ ᠶᠣᠰᠣ ᠰᠤᠷᠲᠠᠬᠤᠨ ᠢ᠋ ᠮᠡᠳᠡᠬᠦ ᠦᠭᠡᠢ ᠳ᠋ᠡᠭᠡᠨ ᠡᠯᠳᠡᠪ ᠢ᠋ᠶ᠋ᠡᠷ ᠪᠣᠳᠣᠯᠠᠨ ᠰᠢᠪᠰᠢᠭ ᠪᠣᠯᠭᠠᠵᠤ ᠪᠠᠢᠭ᠎ᠠ ᠪᠠᠨ ᠮᠡᠳᠡᠨ᠄  
       — ᠰᠠᠢᠨ᠂ ᠮᠠᠰᠢ ᠰᠠᠢᠨ ᠭᠡᠪᠡ᠃  
       ᠬᠣᠭᠣᠯᠠ ᠵᠥᠭᠡᠭᠡᠭᠴᠢ ᠶ᠋ᠢᠨ ᠬᠤᠷᠳᠤᠨ ᠭᠠᠪᠰᠢᠭᠠᠢ ᠶ᠋ᠢ ᠬᠡᠨ ᠪᠣᠯᠪᠠᠴᠤ ᠭᠠᠢᠬᠠᠬᠤ ᠪᠣᠢ ᠵ᠎ᠠ᠃ ᠬᠡᠳᠦᠬᠡᠨ ᠦᠭᠡ ᠰᠣᠯᠢᠯᠴᠠᠬᠤ ᠵᠠᠭᠤᠷ᠎ᠠ ᠠᠶᠠᠭ᠎ᠠ ᠠᠪᠴᠢᠷᠠᠨ ᠴᠠᠢ ᠳᠦᠭᠦᠷᠭᠡᠭᠰᠡᠨ᠂ ᠰᠠᠪᠬ᠎ᠠ᠂ ᠳᠠᠪᠤᠰᠤ ᠲᠠᠢ ᠨᠣᠭᠣᠭ᠎ᠠ᠂ ᠠᠷᠢᠬᠢᠨ ᠤ᠋ ᠬᠤᠨᠳᠠᠭ᠎ᠠ ᠲᠤᠰ ᠪᠦᠷᠢ ᠶ᠋ᠢ ᠡᠭᠡᠯᠵᠢ ᠳᠠᠷᠠᠭᠠᠯᠠᠨ ᠠᠪᠴᠢᠷᠠᠭᠰᠠᠨ ᠪᠠᠢᠯ᠎ᠠ᠃ ᠭᠡᠲᠡᠯ᠎ᠡ ᠲᠣᠭᠣᠭᠠᠴᠢ ᠶ᠋ᠢᠨ ᠠᠵᠢᠯᠯᠠᠭ᠎ᠠ ᠪᠦᠷ ᠴᠦ᠍ ᠭᠠᠢᠬᠠᠯᠲᠠᠢ᠃ ᠭᠣᠯᠣᠵᠠ᠂ ᠭᠠᠮᠫᠠᠨᠵᠠ ᠵᠠᠭᠠᠵᠤᠤᠷ ᠭᠤᠷᠪᠠ ᠨᠢ ᠮᠥᠨᠳᠥᠷ ᠰᠢᠭ ᠲᠠᠵᠢᠭᠢᠨᠠᠭᠰᠠᠨ ᠢ᠋ᠶ᠋ᠠᠷ ᠠᠶᠠᠭ᠎ᠠ ᠴᠠᠢ ᠶ᠋ᠢ ᠬᠠᠷᠠᠬᠠᠨ ᠪᠠᠷᠢᠵᠤ ᠤᠤᠭᠤᠭ᠎ᠠ ᠦᠭᠡᠢ ᠪᠠᠢᠬᠤ ᠳ᠋ᠤ᠌ ᠲᠣᠭᠣᠭ᠎ᠠ ᠪᠠᠨ ᠬᠠᠩ ᠶᠠᠩ ᠪᠠᠭᠤᠯᠭᠠᠵᠤ《ᠠᠢ》 ᠭᠡᠵᠦ ᠬᠠᠰᠬᠢᠷᠤᠨ᠎ᠠ᠃ ᠡᠨᠡ ᠨᠢ ᠤᠭ ᠬᠣᠭᠣᠯᠠ ᠶ᠋ᠢ ᠬᠢᠵᠦ ᠳᠠᠭᠤᠰᠤᠭᠰᠠᠨ ᠤ᠋ ᠳᠣᠬᠢᠶ᠎ᠠ ᠠᠵᠢ᠃ ᠬᠣᠭᠣᠯᠠ ᠵᠥᠭᠡᠭᠡᠭᠴᠢ ᠬᠠᠷᠢᠭᠤ《ᠠᠢ》 ᠬᠠᠰᠬᠢᠷᠤᠨ ᠭᠣᠳ ᠦᠰᠦᠷᠦᠨ ᠭᠦᠶᠦᠨ᠎ᠡ᠃ ᠬᠠᠭᠤᠷᠤᠭᠰᠠᠨ ᠵᠢᠩᠭᠢᠨᠡᠭᠰᠡᠨ ᠡᠴᠡ ᠠᠪᠤᠭᠠᠳ ᠱᠥᠯᠥ ᠲᠡᠢ ᠱᠥᠯᠥ ᠦᠭᠡᠢ ᠶᠠᠩᠵᠤ ᠪᠦᠷᠢ ᠶ᠋ᠢᠨ ᠶᠠᠭᠤᠮᠠᠰ ᠬᠣᠢᠨ᠎ᠠ ᠬᠣᠢᠨ᠎ᠠ ᠠ᠋ᠴᠠ ᠪᠠᠨ ᠵᠠᠯᠭᠠᠨ ᠢᠷᠡᠵᠦ ᠰᠢᠷᠡᠭᠡ ᠳᠦᠭᠦᠷᠭᠡᠨ᠎ᠡ᠃ ᠲᠡᠭᠦᠨ ᠢ᠋ ᠬᠣᠶᠠᠷ ᠬᠥᠮᠦᠨ ᠬᠡᠷᠬᠢᠪᠡᠴᠦ ᠪᠠᠷᠠᠬᠤ ᠦᠭᠡᠢ ᠪᠣᠯᠪᠠᠴᠤ ᠨᠢᠭᠡ ᠬᠡᠢ ᠬᠥᠮᠦᠨ ᠪᠠᠢᠨ᠎ᠠ᠃ ᠲᠡᠷᠡ ᠪᠣᠯ ᠬᠦᠷᠡᠯ᠃ ᠲᠡᠭᠦᠨ ᠳ᠋ᠦ᠍ ᠵᠣᠷᠢᠭᠤᠯᠤᠨ ᠠᠶᠠᠭ᠎ᠠ᠂ ᠲᠠᠪᠠᠭ᠂ ᠰᠠᠪᠬ᠎ᠠ᠂ ᠳ᠋ᠢᠵᠠ ᠶᠠᠭᠤᠮ᠎ᠠ ᠪᠦᠬᠦᠨ ᠦ᠌ ᠬᠡᠷᠡᠭᠯᠡᠯ ᠲᠠᠯᠪᠢᠭᠰᠠᠨ ᠢ᠋ ᠮᠥᠨ ᠵᠣᠬᠢᠬᠤ ᠵᠦᠢᠯ ᠪᠦᠷᠢ ᠪᠡᠷ ᠳᠦᠭᠦᠷᠭᠡᠨ᠎ᠡ᠃ ᠳ᠋ᠠᠨᠽᠡᠨ ᠲᠦᠷᠦᠭᠦᠦ ᠶᠣᠰᠣ ᠮᠡᠳᠡᠬᠦ ᠦᠭᠡᠢ ᠡᠴᠡ ᠪᠣᠯᠤᠨ ᠪᠠᠬᠠᠨ ᠮᠤᠩᠭᠠᠨᠢᠭᠰᠠᠨ ᠢ᠋ᠶ᠋ᠠᠨ ᠴᠠᠭ ᠢᠮᠠᠭᠲᠠ ᠪᠣᠳᠣᠨ ᠫᠦ ᠵᠢᠩ ᠦ᠋ᠨ ᠬᠥᠳᠡᠯᠬᠦ ᠪᠦᠷᠢ ᠶ᠋ᠢ ᠰᠠᠮ ᠠᠵᠢᠭᠯᠠᠨ ᠳᠠᠭᠠᠨ ᠳᠠᠭᠤᠷᠢᠶᠠᠨ᠎ᠠ᠃ ᠣᠯᠠᠨ ᠲᠥᠷᠥᠯ ᠦ᠋ᠨ ᠬᠣᠭᠣᠯᠠ ᠠ᠋ᠴᠠ ᠢᠳᠡᠵᠦ ᠦᠵᠡᠬᠦ ᠳ᠋ᠦ᠍ ᠰᠠᠯᠤᠰᠢ ᠦᠭᠡᠢ ᠰᠠᠢᠬᠠᠨ ᠠᠮᠲᠠᠲᠠᠢ ᠴᠦ᠍ ᠪᠠᠢᠨ᠎ᠠ᠃ ᠬᠡᠯᠡ ᠬᠦᠷᠭᠡᠵᠦ ᠪᠣᠯᠣᠰᠢ ᠦᠭᠡᠢ ᠭᠠᠰᠢᠭᠤᠨ ᠨᠢᠰᠤᠭᠤᠨ ᠴᠦ᠍ ᠶᠠᠭᠤᠮ᠎ᠠ ᠳᠠᠭᠠᠷᠢᠯᠳᠤᠨ᠎ᠠ᠃ ᠭᠡᠪᠡᠴᠦ ᠳ᠋ᠠᠨᠽᠡᠨ᠂《ᠰᠠᠢᠨ᠂ ᠮᠠᠰᠢ ᠰᠠᠢᠨ》 ᠭᠡᠵᠦ ᠳᠠᠩ ᠪᠠᠬᠠᠳᠤᠨ ᠪᠠᠶᠠᠷᠯᠠᠭᠰᠠᠨ ᠴᠢᠷᠠᠢ ᠭᠠᠷᠭᠠᠨ ᠰᠠᠭᠤᠨ᠎ᠠ᠃ ᠠᠷᠢᠬᠢᠨ ᠤ᠋ ᠵᠦᠢᠯᠡᠰ ᠨᠢ ᠠᠯᠢ ᠲᠦᠷᠦᠭᠦᠦ ᠢᠷᠡᠭᠰᠡᠨ ᠪᠥᠭᠡᠳ ᠭᠠᠤᠯᠢᠨ ᠭᠦᠴᠡᠨ ᠳ᠋ᠦ᠍ ᠬᠠᠯᠠᠭᠠᠭᠰᠠᠨ ᠢ᠋ ᠡᠷᠭᠢᠪᠴᠢ ᠭᠡᠵᠦ ᠨᠡᠷᠡᠯᠡᠪᠡᠯ ᠵᠣᠬᠢᠬᠤ ᠪᠢᠴᠢᠬᠠᠨ ᠬᠤᠨᠳᠠᠭ᠎ᠠ ᠪᠠᠷ ᠳ᠋ᠠᠨᠽᠡᠨ ᠭᠤᠷᠪᠠ ᠳᠠᠬᠢᠨ ᠤᠤᠭᠤᠭᠠᠳ ᠪᠡᠶ᠎ᠡ ᠪᠡᠨ ᠠᠵᠢᠪᠠ᠃ ᠤᠷᠤᠭᠤᠯ ᠨᠢ ᠴᠢᠮᠴᠢᠭᠢᠨᠡᠨ ᠭᠡᠳᠡᠰᠦᠨ ᠳᠣᠲᠣᠷ᠎ᠠ ᠠ᠋ᠴᠠ ᠠᠶᠠᠲᠠᠢᠬᠠᠨ ᠢ᠋ᠶ᠋ᠠᠷ ᠬᠠᠯᠠᠭᠤᠴᠠᠨ ᠪᠠᠢᠭ᠎ᠠ ᠶ᠋ᠢᠨ ᠳᠡᠭᠡᠷ᠎ᠡ ᠮᠠᠭᠤ ᠵᠦᠭ ᠦ᠋ᠨ ᠶᠠᠭᠤᠮ᠎ᠠ ᠪᠦᠬᠦᠨ ᠮᠠᠷᠲᠠᠭᠳᠠᠵᠤ᠂ ᠰᠡᠳᠬᠢᠯ ᠳ᠋ᠦ᠍ᠨᠢ ᠳᠠᠩ ᠪᠠᠶᠠᠷ᠂ ᠲᠡᠷᠡ ᠪᠠᠢᠲᠤᠭᠠᠢ ᠬᠠᠷᠠᠭᠰᠠᠨ ᠵᠦᠭ ᠪᠣᠯᠭᠠᠨ ᠤ᠋ ᠶᠠᠭᠤᠮᠠᠰ ᠴᠥᠮ ᠰᠠᠢᠬᠠᠨ ᠬᠠᠮᠢᠭ᠎ᠠ ᠬᠠᠮᠢᠶ᠎ᠠ ᠦᠭᠡᠢ ᠲᠠᠨᠢᠬᠤ ᠦᠭᠡᠢ ᠬᠥᠮᠦᠨ ᠢ᠋ ᠪᠣᠯᠪᠠᠴᠤ《ᠠᠬ᠎ᠠ ᠳᠡᠭᠦᠦ》 ᠭᠡᠵᠦ ᠳᠠᠭᠤᠳᠠᠨ ᠬᠦᠵᠦᠭᠦᠳᠡᠨ ᠠᠪᠤᠭᠤᠰᠢᠲᠠᠢ ᠰᠠᠨᠠᠭᠳᠠᠨ᠎ᠠ᠃ 
       ᠡᠢᠮᠦ ᠳ᠋ᠦ᠍ ᠳ᠋ᠠᠨᠽᠡᠨ ᠳᠠᠬᠢᠨ ᠤᠤᠭᠤᠯ᠎ᠠ᠃ ᠨᠥᠬᠥᠷ ᠦ᠋ᠨ ᠱᠠᠭᠠᠷᠳᠠᠯᠭ᠎ᠠ ᠪᠠᠷ ᠪᠢᠰᠢ᠂ ᠬᠠᠷᠢᠨ ᠨᠥᠬᠥᠷ ᠢ᠋ᠶ᠋ᠡᠨ ᠱᠠᠭᠠᠷᠳᠠᠨ ᠳᠥᠷᠪᠡᠳᠡᠬᠢ ᠲᠠᠪᠤᠳᠠᠬᠢ ᠪᠠᠨ ᠤᠤᠭᠤᠭᠠᠳ ᠪᠡᠶ᠎ᠡ ᠪᠡᠨ ᠠᠵᠢᠬᠤ ᠳ᠋ᠤ᠌ ᠨᠢᠭᠡ ᠪᠢᠰᠢ᠂ ᠨᠢᠳᠦ ᠪᠡᠨ ᠲᠤᠰᠬᠤ ᠪᠦᠬᠦᠨ ᠳ᠋ᠦ᠍ ᠵᠢᠵᠢᠭᠬᠡᠨ ᠬᠠᠷ᠎ᠠ ᠳᠣᠪᠣ ᠪᠣᠢ ᠪᠣᠯᠤᠭᠰᠠᠨ ᠤ᠋ ᠳᠡᠭᠡᠷ᠎ᠡ᠂ ᠪᠦᠬᠦ ᠪᠠᠢᠰᠢᠩ ᠲᠡᠷᠡ ᠠᠶ᠎ᠠ ᠪᠠᠷ ᠢ᠋ᠶ᠋ᠠᠨ ᠳᠠᠢᠪᠠᠯᠵᠠᠨ ᠬᠥᠳᠡᠯᠦᠨ᠎ᠡ᠃ ᠳ᠋ᠠᠨᠽᠡᠨ ᠰᠣᠭᠲᠣᠵᠤ ᠪᠠᠢᠭ᠎ᠠ ᠪᠠᠨ ᠮᠡᠳᠡᠯ᠎ᠡ᠃ ᠭᠡᠪᠡᠴᠦ ᠬᠥᠮᠦᠨ ᠰᠣᠭᠲᠣᠨ ᠤᠬᠠᠭ᠎ᠠ ᠠᠯᠲᠠᠨ ᠤᠨᠠᠳᠠᠭ ᠲᠠᠢ ᠪᠡᠶ᠎ᠡ ᠪᠡᠨ ᠵᠦᠢᠷᠯᠡᠨ ᠦᠵᠡᠬᠦ ᠳ᠋ᠦ᠍ ᠶᠠᠭᠠᠬᠢᠭ᠎ᠠ ᠴᠦ᠍ ᠦᠭᠡᠢ ᠪᠠᠢᠭ᠎ᠠ ᠰᠢᠭ᠋ ᠰᠠᠨᠠᠭᠳᠠᠨ᠎ᠠ᠃《ᠲᠡᠢᠮᠦ ᠠ᠋᠂ ᠶᠠᠭᠠᠬᠢᠭ᠎ᠠ ᠴᠦ᠍ ᠦᠭᠡᠢ》 ᠭᠡᠵᠦ ᠮᠣᠩᠭᠣᠯ ᠢ᠋ᠶ᠋ᠠᠷ ᠥᠭᠦᠯᠡᠭᠡᠳ ᠵᠢᠷᠭᠤᠳᠠᠬᠢ ᠬᠤᠨᠳᠠᠭ᠎ᠠ ᠶ᠋ᠢ ᠰᠢᠭᠦᠷᠦᠨ ᠠᠪᠴᠤ ᠬᠥᠨᠲᠥᠷᠪᠡ᠃ ᠭᠡᠲᠡᠯ᠎ᠡ ᠭᠦᠴᠡ ᠬᠣᠭᠣᠰᠣᠷᠠᠭᠠᠳ ᠪᠠᠢᠭᠰᠠᠨ ᠠᠵᠢ᠃ ᠫᠦ ᠵᠢᠩ᠄ ᠠᠢ ᠶᠡᠬᠡ ᠠᠬ᠎ᠠ ᠠ᠋! ᠪᠢᠳᠡᠨ ᠳ᠋ᠦ᠍ ᠳᠠᠬᠢᠨ ᠠᠷᠢᠬᠢ ᠬᠡᠷᠡᠭᠲᠡᠢ ᠭᠡᠵᠦ ᠴᠡᠷᠢᠭ ᠦ᠋ᠨ ᠨᠣᠶᠠᠨ ᠰᠢᠭ᠋ ᠵᠠᠩᠳᠤᠷᠤᠩᠭᠤᠢ ᠳᠠᠭᠤ ᠪᠠᠷ ᠬᠠᠰᠬᠢᠷᠪᠠ᠃ ᠳ᠋ᠠᠨᠽᠡᠨ《ᠰᠠᠢᠨ》 ᠭᠡᠵᠦ ᠡᠷᠡᠬᠡᠢ ᠬᠤᠷᠤᠭᠤ ᠪᠠᠨ ᠪᠤᠰᠬᠠᠨ ᠢᠨᠢᠶᠡᠳᠦ ᠠᠯᠳᠠᠭᠠᠳ ᠬᠣᠭᠣᠯᠠ ᠵᠥᠭᠡᠭᠡᠭᠴᠢ ᠶ᠋ᠢᠨ ᠭᠦᠴᠡ ᠶ᠋ᠢ ᠠᠪᠤᠨ ᠣᠳᠬᠤ ᠳ᠋ᠤ᠌《ᠬᠠᠯᠠᠭᠠᠬᠤ ᠬᠡᠷᠡᠭᠲᠡᠢ》 ᠭᠡᠵᠦ ᠨᠥᠬᠥᠷ ᠢ᠋ᠶ᠋ᠡᠨ ᠳᠠᠭᠤᠷᠢᠶᠠᠨ ᠬᠠᠰᠬᠢᠷᠪᠠ᠃ 
       — ᠥᠨᠥᠳᠥᠷ ᠶᠠᠩ ᠮᠧᠢ ᠳᠢ ᠧᠦ᠋ᠷᠣᠫᠠ ᠶ᠋ᠢᠨ ᠠᠷᠪᠠᠨ ᠬᠣᠶᠠᠳᠤᠭᠠᠷ ᠰᠠᠷ᠎ᠠ ᠶ᠋ᠢᠨ ᠠᠷᠪᠠᠨ ᠳᠥᠷᠪᠡᠨ ᠪᠢᠲᠡᠭᠡᠢ ᠮᠠᠷᠲᠠᠭᠠᠷᠠᠢ! ᠭᠡᠳ ᠫᠦ ᠵᠢᠩ ᠬᠣᠭᠣᠯᠠ ᠵᠥᠭᠡᠭᠡᠭᠴᠢ ᠶ᠋ᠢᠨ ᠠᠪᠴᠢᠷᠠᠵᠤ ᠪᠠᠢᠭ᠎ᠠ ᠭᠦᠴᠡ ᠲᠡᠢ ᠠᠷᠢᠬᠢ ᠶ᠋ᠢ ᠬᠦᠯᠢᠶᠡᠨ ᠠᠪᠴᠤ ᠬᠤᠨᠳᠠᠭᠠᠯᠠᠭᠠᠳ᠄  
       — ᠰᠠᠯᠬᠤ ᠶ᠋ᠢᠨ ᠪᠠᠶᠠᠷ ᠲᠤ᠃ 
       ᠳ᠋ᠠᠨᠽᠡᠨ ᠣᠷᠣᠨ ᠨᠤᠲᠤᠭ ᠤ᠋ᠨ ᠵᠦᠭ ᠴᠢᠭᠯᠡᠭᠰᠡᠨ ᠶᠡᠬᠡ ᠵᠠᠮ ᠨᠢᠳᠦᠨ ᠳ᠋ᠦ᠍ᠨᠢ ᠲᠤᠰᠤᠭᠰᠠᠨ ᠰᠢᠭ᠋ ᠪᠣᠯᠤᠭᠰᠠᠨ ᠢ᠋ᠶ᠋ᠠᠨ᠂ ᠫᠦ ᠵᠢᠩ ᠦ᠋ᠨ ᠨᠠᠭᠤᠷ ᠤ᠋ᠨ ᠵᠠᠬ᠎ᠠ ᠳ᠋ᠤ᠌ ᠶᠠᠷᠢᠭᠰᠠᠨ ᠶᠠᠷᠢᠶ᠎ᠠ ᠰᠠᠨᠠᠭᠠᠨ ᠳ᠋ᠤᠨᠢ ᠣᠷᠣᠵᠠᠢ᠃  
       — ᠠᠢ ᠲᠡᠢᠮᠦ᠂ ᠪᠢᠳᠡ ᠡᠨᠳᠡ ᠡᠴᠡ ᠰᠠᠯᠤᠨ᠎ᠠ᠃ ᠴᠢ ᠲᠡᠷᠡ ᠬᠦᠩ ᠴᠡᠨ ᠳ᠋ᠠᠩ ᠤ᠋ᠨ ᠵᠠᠮ ᠢ᠋ᠶ᠋ᠠᠷ ᠰᠠᠢᠨ ᠶᠠᠪᠤᠭᠠᠷᠠᠢ! ᠭᠡᠲᠡᠯ᠎ᠡ ᠫᠦ ᠵᠢᠩ ᠶᠡᠬᠡᠳᠡ ᠰᠠᠨᠳᠤᠷᠤᠨ᠄ 
       — ᠬᠠᠢ ᠴᠢ ᠶᠠᠭᠤᠨ ᠳᠡᠮᠡᠢ ᠶᠠᠭᠤᠮ᠎ᠠ ᠶᠠᠷᠢᠨ᠎ᠠ ᠪᠣᠢ? ᠪᠢ ᠲᠡᠷᠡ ᠵᠠᠮ ᠢ᠋ ᠪᠠᠷᠢᠭᠴᠢ ᠪᠢᠰᠢ᠂ ᠬᠠᠷᠢᠨ ᠡᠰᠡᠷᠭᠦᠴᠡᠭᠴᠢ ᠭᠡᠵᠦ ᠴᠢᠩᠭ᠎ᠠ ᠪᠠᠷ ᠬᠡᠯᠡᠨ ᠬᠠᠭᠤᠷᠮᠠᠭ ᠢ᠋ᠶ᠋ᠠᠷ ᠢᠨᠢᠶᠡᠪᠡ᠃ ᠳ᠋ᠠᠨᠽᠡᠨ ᠭᠠᠢᠬᠠᠯ᠎ᠠ᠃ ᠬᠠᠵᠠᠭᠤ ᠶ᠋ᠢᠨ ᠬᠥᠮᠦᠰ ᠢ᠋ ᠠᠵᠢᠬᠤ ᠳ᠋ᠤ᠌ ᠴᠥᠮ ᠦ᠋ᠨ ᠨᠢᠳᠦ ᠥᠪᠡᠷ ᠳᠡᠭᠡᠷ᠎ᠡ ᠰᠡᠵᠢᠭᠯᠡᠭᠳᠡᠨ ᠲᠤᠰᠤᠭᠰᠠᠨ ᠪᠠᠢᠬᠤ ᠪᠥᠭᠡᠳ ᠵᠠᠷᠢᠮ ᠨᠢᠭᠡ ᠨᠢ ᠬᠠᠵᠠᠭᠤ ᠶ᠋ᠢᠨ ᠬᠥᠮᠦᠨ ᠳ᠋ᠦ᠍ ᠰᠠᠮ ᠰᠢᠪᠡᠨᠡᠬᠦ ᠠᠵᠢ᠃ ᠡᠢᠮᠦ ᠳ᠋ᠦ᠍ ᠳ᠋ᠠᠨᠽᠡᠨ ᠬᠡᠨ ᠬᠥᠮᠦᠨ ᠦ᠌ ᠳᠡᠷᠭᠡᠳᠡ ᠬᠠᠮᠢᠶ᠎ᠠ ᠦᠭᠡᠢ ᠬᠡᠯᠡᠵᠦ ᠪᠣᠯᠳᠠᠭ ᠦᠭᠡᠢ ᠭᠡᠮᠲᠦ ᠦᠭᠡ ᠬᠡᠯᠡᠭᠰᠡᠨ ᠢ᠋ᠶ᠋ᠡᠨ ᠣᠢᠯᠠᠭᠠᠪᠠ᠃ ᠫᠦ ᠵᠢᠩ ᠴᠦ᠍ ᠲᠠᠢᠪᠤᠩ ᠪᠠᠢᠳᠠᠯ ᠢ᠋ᠶ᠋ᠠᠨ ᠠᠯᠳᠠᠵᠤ ᠤᠷᠢᠳᠠᠬᠢ ᠬᠤᠨᠳᠠᠭ᠎ᠠ ᠪᠠᠨ ᠳᠦᠭᠦᠷᠭᠡᠨ ᠶᠠᠭᠠᠷᠠᠨ ᠤᠤᠭᠤᠭᠠᠳ᠂ ᠬᠣᠭᠣᠯᠠ ᠵᠥᠭᠡᠭᠡᠭᠴᠢ ᠶ᠋ᠢ ᠳᠠᠭᠤᠳᠠᠨ ᠢᠷᠡᠭᠦᠯᠵᠦ᠂ ᠬᠣᠭᠣᠯᠠᠨ ᠤ᠋ ᠲᠣᠭᠠᠴᠠᠭ᠎ᠠ ᠠᠰᠠᠭᠤᠪᠠ᠃ ᠬᠣᠭᠣᠯᠠ ᠵᠥᠭᠡᠭᠡᠭᠴᠢ ᠰᠢᠷᠡᠭᠡᠨ ᠳᠡᠭᠡᠷᠡᠬᠢ ᠠᠶᠠᠭ᠎ᠠ ᠲᠠᠪᠠᠭ ᠤ᠋ᠳ ᠢ᠋ᠶ᠋ᠠᠷ ᠶᠠᠭᠤ ᠶᠠᠭᠤ ᠥᠭᠭᠦᠭᠰᠡᠨ ᠢ᠋ᠶ᠋ᠡᠨ ᠪᠦᠷᠢᠳᠬᠡᠩᠭᠦᠲᠡ ᠪᠡᠨ ᠵᠣᠬᠢᠬᠤ ᠦᠨ᠎ᠡ ᠳᠡᠭᠡᠷ᠎ᠡ ᠳᠡᠭᠡᠷ᠎ᠡ ᠡᠴᠡ ᠨᠢ ᠨᠡᠮᠡᠵᠦ ᠭᠤᠷᠪᠠᠨ ᠶᠠᠩᠴᠢᠶᠠᠨ ᠲᠠᠪᠢᠨ ᠮᠥᠩᠭᠥ ᠪᠣᠯᠭᠠᠪᠠ᠃ ᠫᠦ ᠵᠢᠩ ᠮᠥᠩᠭᠥ ᠶᠠᠩᠴᠢᠶᠠᠨ ᠢ᠋ ᠴᠠᠭ ᠦᠷᠭᠦᠯᠵᠢ ᠤᠰᠤ ᠰᠢᠭ᠋ ᠤᠷᠤᠰᠬᠠᠨ ᠰᠦᠢᠳᠬᠡᠵᠦ ᠰᠤᠷᠤᠭᠰᠠᠨ ᠬᠥᠮᠦᠨ ᠦ᠌ ᠶᠠᠩᠵᠤ ᠪᠠᠷ ᠲᠠᠰᠢᠶᠠᠨ ᠤ᠋ ᠪᠠᠨ ᠡᠪᠦᠷ ᠲᠦ᠍ ᠭᠠᠷ ᠬᠢᠬᠦ ᠲᠡᠢ ᠪᠡᠨ ᠵᠡᠷᠭᠡ ᠳᠥᠷᠪᠡᠨ ᠶᠠᠩᠴᠢᠶᠠᠨ ᠭᠠᠷᠭᠠᠨ ᠭᠠᠷ ᠳᠡᠭᠡᠷ᠎ᠡ ᠨᠢ ᠬᠠᠶᠠᠪᠠ᠃ ᠬᠣᠭᠣᠯᠠ ᠵᠥᠭᠡᠭᠡᠭᠴᠢ ᠰᠢᠭᠦᠷᠦᠨ ᠠᠪᠤᠩᠭᠤᠲᠠ ᠪᠠᠨ ᠣᠯᠠᠨ ᠤ᠋ ᠡᠮᠦᠨ᠎ᠡ ᠪᠠᠬᠠᠳᠤᠯ ᠪᠣᠯᠭᠠᠬᠤ ᠮᠡᠲᠦ ᠳᠡᠭᠡᠭᠰᠢ ᠰᠢᠳᠡᠨ ᠬᠠᠩ ᠶᠠᠩ ᠪᠠᠭᠤᠯᠭᠠᠨ ᠪᠠᠷᠢᠵᠤ ᠠᠪᠤᠭᠠᠳ᠄ 
       — ᠲᠠᠪᠢᠨ ᠮᠥᠩᠭᠥᠨ ᠦ᠌ ᠬᠡᠰᠢᠭ ᠪᠠᠭᠤᠯ᠎ᠠ! ᠭᠡᠵᠦ ᠴᠡᠭᠡᠯᠬᠡᠨ ᠬᠣᠭᠣᠯᠠᠢ ᠪᠠᠷ ᠪᠦᠬᠦ ᠪᠠᠢᠰᠢᠩ ᠢ᠋ ᠳᠣᠷᠭᠢᠲᠠᠯ᠎ᠠ ᠬᠠᠰᠬᠢᠷᠪᠠ᠃ ᠭᠡᠲᠡᠯ᠎ᠡ ᠲᠣᠭᠣᠭᠠᠴᠢᠳ ᠨᠢ ᠪᠠᠶᠠᠷᠯᠠᠯ᠎ᠠ ᠭᠡᠵᠦ ᠬᠣᠭᠣᠯᠠᠢ ᠨᠡᠢᠯᠡᠭᠦᠯᠦᠨ ᠬᠠᠰᠬᠢᠷᠬᠤ ᠰᠣᠨᠣᠰᠳᠠᠨ᠎ᠠ᠃  
       ᠶᠠᠪᠤᠬᠤ ᠪᠠᠷ ᠪᠣᠯᠤᠨ ᠪᠣᠰᠬᠤ ᠳ᠋ᠤ᠌ ᠬᠣᠭᠣᠯᠠ ᠵᠥᠭᠡᠭᠡᠭᠴᠢ ᠰᠣᠢᠵᠠ ᠪᠠᠷᠢᠨ ᠭᠦᠶᠦᠨ ᠢᠷᠡᠵᠦ ᠫᠦ ᠵᠢᠩ ᠦ᠋ᠨ ᠬᠡᠨ ᠪᠦᠬᠦᠨ ᠦ᠌ ᠡᠮᠦᠰᠳᠡᠭ ᠦᠭᠡᠢ ᠴᠡᠮᠪᠡᠢ ᠬᠤᠪᠴᠠᠰᠤ ᠶ᠋ᠢ ᠪᠠᠢᠲᠤᠭᠠᠢ ᠳ᠋ᠠᠨᠽᠡᠨ ᠦ᠌ ᠭᠬᠢᠷ ᠪᠤᠷᠲᠠᠭ ᠲᠤ ᠳᠠᠷᠤᠭᠳᠠᠭᠰᠠᠨ ᠴᠡᠷᠢᠭ ᠬᠤᠪᠴᠠᠰᠤᠨ ᠤ᠋ ᠲᠠᠮᠲᠤᠭ ᠢ᠋ ᠬᠦᠷᠲᠡᠯ᠎ᠡ ᠴᠡᠪᠡᠷᠯᠡᠨ᠂ ᠬᠠᠭᠠᠯᠭ᠎ᠠ ᠭᠠᠷᠭᠠᠨ ᠦᠳᠡᠭᠡᠳ᠂ ᠬᠣᠢᠨ᠎ᠠ ᠠ᠋ᠴᠠ ᠪᠠᠰᠠ᠄ ᠠᠢ ᠡᠷᠬᠢᠮ ᠳᠠᠩᠵᠢᠶᠠᠳ ᠠᠪᠤᠭᠠᠢ ᠨᠠᠷ ᠠ᠋᠂ ᠳᠠᠬᠢᠨ ᠮᠣᠷᠢᠯᠠᠵᠤ ᠢᠷᠡᠵᠡᠭᠡᠬᠦ ᠶ᠋ᠢ ᠬᠦᠰᠡᠶ᠎ᠡ! ᠭᠡᠵᠦ ᠳᠠᠭᠤᠳᠠᠨ ᠪᠠᠢᠯ᠎ᠠ᠃ 
       ᠳ᠋ᠠᠨᠽᠡᠨ ᠬᠥᠮᠦᠨ ᠪᠣᠯᠤᠭᠰᠠᠭᠠᠷ ᠠᠷᠢᠬᠢ ᠭᠡᠳᠡᠭ ᠢ᠋ ᠠᠩᠬ᠎ᠠ ᠤᠳᠠᠭ᠎ᠠ ᠤᠤᠭᠤᠵᠤ ᠮᠥᠨ ᠠᠩᠬ᠎ᠠ ᠤᠳᠠᠭ᠎ᠠ ᠪᠠᠨ ᠰᠣᠭᠲᠣᠵᠤ ᠪᠠᠢᠭ᠎ᠠ ᠨᠢ ᠡᠨᠡ ᠪᠥᠭᠡᠳ ᠬᠥᠮᠦᠨ ᠳ᠋ᠦ᠍ ᠪᠠᠰᠠ ᠬᠦᠨᠳᠦᠳᠬᠡᠭᠳᠡᠵᠦ ᠦᠵᠡᠭᠡ ᠦᠭᠡᠢ ᠪᠡᠷ ᠢ᠋ᠶ᠋ᠡᠨ ᠬᠦᠨᠳᠦᠯᠡᠭᠳᠡᠭᠰᠡᠨ ᠳ᠋ᠡᠭᠡᠨ ᠰᠡᠳᠬᠢᠯ ᠨᠢ ᠰᠦᠷᠡᠬᠡᠢ ᠬᠥᠭᠡᠷᠬᠦ ᠠᠵᠢ᠃ ᠫᠦ ᠵᠢᠩ ᠪᠦᠷ ᠴᠦ᠍ ᠢᠯᠡᠭᠦᠦ ᠰᠣᠭᠲᠣᠭᠰᠠᠨ ᠪᠠᠢᠪᠠ᠃ ᠨᠢᠭᠡ ᠪᠤᠯᠤᠩ ᠲᠣᠭᠣᠷᠢᠭᠰᠠᠨ ᠢ᠋ᠶ᠋ᠠᠨ ᠵᠣᠭᠰᠣᠨ ᠳ᠋ᠠᠨᠽᠡᠨ ᠢ᠋ ᠢᠨᠢᠶᠡᠨ ᠰᠢᠷᠲᠡᠵᠦ᠄ 
       — ᠴᠢ ᠲᠦᠷᠦᠭᠦᠨ ᠮᠠᠨ ᠤ᠋ ᠨᠢᠭᠤᠴᠠ ᠶ᠋ᠢ ᠣᠯᠠᠨ ᠤ᠋ ᠳᠡᠷᠭᠡᠳᠡ ᠬᠡᠯᠡᠭᠰᠡᠨ ᠪᠣᠯᠪᠠᠴᠤ ᠪᠢ ᠠᠶᠤᠭ᠎ᠠ ᠦᠭᠡᠢ᠃ 
       — ᠰᠠᠢᠨ᠂ ᠪᠢ ᠴᠦ᠍ ᠠᠶᠤᠳᠠᠭ ᠦᠭᠡᠢ ᠵᠣᠷᠢᠭᠲᠠᠨ ᠬᠥᠮᠦᠨ ᠪᠣᠯᠤᠭᠠᠳ ᠬᠠᠮᠢᠶ᠎ᠠ ᠦᠭᠡᠢ ᠬᠡᠯᠡᠭᠰᠡᠨ ᠶᠦᠮ ᠭᠡᠵᠦ ᠳ᠋ᠠᠨᠽᠡᠨ ᠬᠠᠷᠢᠭᠤ ᠢᠨᠢᠶᠡᠪᠡ᠃ ᠢᠩᠭᠢᠭᠡᠳ ᠪᠡᠶ᠎ᠡ ᠪᠡᠶ᠎ᠡ ᠪᠡᠨ ᠶᠣᠷᠭᠢᠨ《ᠪᠦ ᠫᠠ! ᠪᠦ ᠫᠠ!》(ᠠᠶᠤᠬᠤ ᠦᠭᠡᠢ᠂ ᠠᠶᠤᠬᠤ ᠦᠭᠡᠢ᠁) ᠬᠠᠰᠬᠢᠷᠤᠯᠳᠤᠨ ᠬᠦᠵᠦᠭᠦᠦ ᠰᠡᠭᠡᠷ ᠢ᠋ᠶ᠋ᠡᠨ ᠲᠡᠪᠡᠷᠢᠯᠴᠡᠨ ᠴᠠᠭᠠᠰᠢ ᠶᠠᠪᠤᠪᠠ᠃ ᠦᠨᠡᠬᠡᠷ ᠴᠦ᠍ ᠠᠶᠤᠨ ᠡᠮᠢᠶᠡᠬᠦ ᠶᠠᠭᠤ ᠴᠦ᠍ ᠦᠭᠡᠢ ᠪᠣᠯᠲᠠᠯ᠎ᠠ ᠪᠠᠨ ᠰᠣᠭᠲᠣᠭᠰᠠᠨ ᠪᠥᠭᠡᠳ ᠫᠦ ᠵᠢᠩ《ᠮᠧᠢ  ᠬᠤᠸᠠᠷ᠂ ᠮᠧᠢ ᠬᠤᠸᠠᠷ ᠴᠢ ᠰᠠᠢᠨ ᠤᠤ?》 ᠭᠡᠳᠡᠭ ᠳᠠᠭᠤᠤ ᠪᠠᠨ ᠬᠥᠭᠵᠢᠯ ᠲᠡᠢ ᠳᠠᠭᠤᠯᠠᠵᠤ ᠡᠬᠢᠯᠡᠪᠡ᠃ ᠬᠠᠵᠠᠭᠤ ᠳ᠋ᠤᠨᠢ ᠳ᠋ᠠᠨᠽᠡᠨ᠄《ᠮᠢᠳᠠᠭᠮ᠎ᠡ᠂ ᠮᠢᠳᠠᠭᠮ᠎ᠡ ᠮᠢᠨᠦ ᠬᠠᠢᠷᠠᠲᠠᠨ ᠮᠢᠳᠠᠭᠮ᠎ᠡ ᠭᠡᠵᠦ ᠠᠶ᠎ᠠ ᠨᠡᠢᠯᠡᠭᠦᠯᠬᠦ ᠶ᠋ᠢ ᠣᠷᠣᠯᠳᠣᠬᠤ ᠪᠣᠯᠪᠠᠴᠤ ᠵᠡᠷᠯᠢᠭ ᠢ᠋ᠶ᠋ᠡᠷ ᠬᠠᠰᠬᠢᠴᠢᠨ᠎ᠠ᠃ ᠭᠤᠳᠤᠮᠵᠢᠨ ᠤ᠋ ᠬᠥᠮᠦᠰ ᠰᠣᠨᠢᠷᠬᠠᠨ ᠵᠣᠭᠰᠣᠵᠤ᠂ ᠰᠠᠪᠠᠭ᠎ᠠ ᠦᠭᠡᠢ ᠵᠠᠯᠠᠭᠤᠰ ᠠᠷᠤ ᠠ᠋ᠴᠠ ᠨᠢ ᠳᠠᠭᠠᠨ᠎ᠠ᠃ ᠭᠡᠪᠡᠴᠦ ᠬᠣᠶᠠᠭᠤᠯᠠ ᠠᠵᠢᠭ ᠦᠭᠡᠢ ᠬᠡᠳᠦ ᠬᠡᠳᠦᠨ ᠭᠤᠳᠤᠮᠵᠢ ᠥᠩᠭᠡᠷᠡᠭᠡᠭᠰᠡᠨ ᠢ᠋ᠶ᠋ᠡᠨ ᠪᠡᠯᠡᠨ ᠬᠤᠪᠴᠠᠰᠤᠨ ᠤ᠋ ᠪᠢᠴᠢᠬᠠᠨ ᠫᠦᠰᠡᠨ ᠳ᠋ᠦ᠍ ᠣᠷᠣᠪᠠ᠃ ᠵᠠᠯᠠᠭᠤᠬᠠᠨ ᠴᠠᠭᠠᠨ ᠴᠢᠷᠠᠢ ᠲᠠᠢ ᠣᠪᠵᠢᠨ ᠬᠤᠳᠠᠯᠳᠤᠭᠴᠢ ᠤᠭᠲᠤᠨ ᠠᠪᠤᠪᠠ᠃ 
       — ᠠᠢ ᠳᠠᠩᠵᠢᠶᠠᠳ ᠭᠤᠸᠠᠢ ᠬᠣᠭᠣᠯᠠ ᠪᠠᠨ ᠵᠣᠭᠣᠭᠯᠠᠭᠰᠠᠨ ᠤᠤ? ᠭᠡᠵᠦ ᠥᠭᠦᠯᠡᠬᠦ ᠳ᠋ᠦ᠍ᠨᠢ ᠬᠣᠶᠠᠭᠤᠯᠠ ᠪᠠᠨ᠄ ᠢᠳᠡᠭᠰᠡᠨ! ᠭᠡᠵᠦ ᠬᠣᠭᠣᠯᠠᠢ ᠨᠡᠢᠯᠡᠭᠦᠯᠦᠨ ᠬᠡᠯᠡᠵᠦ᠂ ᠬᠦᠷᠡᠩ ᠵᠡᠭᠡᠷᠳᠡ ᠪᠣᠯᠤᠭᠰᠠᠨ ᠴᠢᠷᠠᠢ ᠪᠠᠷ ᠢᠨᠢᠶᠡᠮᠰᠦᠭᠯᠡᠵᠡᠭᠡᠨ᠎ᠡ᠃ 
       — ᠲᠠᠨ ᠳ᠋ᠤ᠌ ᠶᠠᠭᠤ ᠬᠡᠷᠡᠭᠲᠡᠢ ᠰᠠᠨ ᠪᠣᠯ?  
       — ᠬᠤᠪᠴᠠᠰᠤ! ᠨᠢᠭᠡ ᠬᠥᠮᠦᠨ ᠦ᠌ ᠪᠦᠷᠢᠨ ᠬᠤᠪᠴᠠᠰᠤ᠃ 
       — ᠠᠢ ᠪᠣᠯᠤᠨ᠎ᠠ᠂ ᠶᠠᠮᠠᠷ ᠪᠣᠯ ᠶᠠᠮᠠᠷ᠃ 
       — ᠳᠠᠷᠤᠢ ᠠᠪᠴᠢᠷᠠ! ᠫᠦ ᠵᠢᠩ ᠦ᠋ᠨ ᠳᠡᠭᠡᠷᠡᠩᠭᠦᠢ ᠪᠡᠷ ᠬᠡᠯᠡᠬᠦ ᠳ᠋ᠦ᠍ ᠬᠤᠳᠠᠯᠳᠤᠭᠴᠢ᠂ ᠴᠢᠨᠦ ᠠᠪᠤᠷᠢ ᠬᠠᠮᠢᠶ᠎ᠠ ᠦᠭᠡᠢ ᠮᠥᠩᠭᠥ ᠶ᠋ᠢ ᠴᠢᠨᠢ ᠯᠡ ᠰᠠᠯᠭᠠᠪᠠᠯ ᠪᠠᠷᠠᠪᠠ ᠭᠡᠰᠡᠨ ᠶᠠᠩᠵᠤ ᠲᠠᠢ ᠪᠢᠯᠳᠠᠤᠴᠢᠯᠠᠨ ᠢᠨᠢᠶᠡᠵᠦ᠂ ᠡᠯᠭᠦᠭᠡᠰᠦᠲᠡᠢ ᠬᠤᠪᠴᠠᠰᠤ ᠨᠤᠭᠤᠳ ᠠ᠋ᠴᠠ ᠶᠠᠭᠠᠷᠠᠨ ᠪᠠᠭᠤᠯᠭᠠᠪᠠ᠃《ᠠᠢ ᠡᠨᠡ ᠰᠠᠢᠨ᠂ ᠶᠣᠰᠣᠲᠠᠢ ᠪᠡᠭᠡᠵᠢᠩ ᠮᠠᠶᠢᠭ᠃ ᠲᠡᠷᠡ ᠪᠣᠯ ᠪᠦᠷ ᠰᠠᠢᠨ ᠲᠢᠶᠠᠨᠵᠢᠨ ᠬᠢᠴᠡ᠃ ᠠᠢ ᠡᠨᠡ ᠪᠣᠯ ᠲᠤᠩ ᠬᠣᠪᠣᠷ ᠵᠦᠢᠯ ᠮᠧᠢ— ᠭᠦᠸᠧ ᠠᠮᠧᠷᠢᠺᠠ ᠡᠳ᠋ ᠭᠠᠭᠴᠠᠬᠠᠨ ᠮᠠᠨ ᠤ᠋ ᠳ᠋ᠤ᠌ ᠯᠠ ᠪᠠᠢᠨ᠎ᠠ᠃》 ᠭᠡᠵᠦ ᠡᠨᠡ ᠲᠡᠷᠡ ᠪᠣᠯᠤᠨ ᠠᠪᠴᠢᠷᠠᠭᠰᠠᠨ ᠶᠠᠭᠤᠮᠠᠰ ᠢ᠋ᠶ᠋ᠠᠨ ᠢᠯᠪᠢᠴᠢᠯᠡᠨ ᠬᠥᠮᠦᠨ ᠦ᠌ ᠪᠠᠢᠳᠠᠯ ᠢ᠋ᠶ᠋ᠠᠷ ᠳᠡᠭᠡᠷ᠎ᠡ ᠳᠣᠣᠷ᠎ᠠ ᠣᠷᠣᠭᠤᠯᠤᠨ ᠭᠢᠯᠠᠯᠵᠠᠭᠤᠯᠤᠨ᠎ᠠ᠃ ᠲᠡᠭᠡᠭᠡᠳ ᠫᠦ ᠵᠢᠩ ᠲᠣᠭᠣᠮᠰᠠᠷ ᠦᠭᠡᠢ ᠪᠠᠢᠬᠤ ᠶ᠋ᠢ ᠰᠠᠮ ᠠᠵᠢᠭᠰᠠᠨ ᠢ᠋ᠶ᠋ᠠᠨ ᠨᠢᠭᠡ ᠬᠤᠪᠴᠠᠰᠤ ᠶ᠋ᠢ ᠰᠢᠭᠦᠷᠦᠨ ᠠᠪᠴᠤ ᠪᠡᠶ᠎ᠡ ᠳ᠋ᠦ᠍ᠨᠢ ᠪᠠᠷᠢᠪᠠ᠃ ᠫᠦ ᠵᠢᠩ᠂ 
       — ᠪᠢ ᠡᠮᠦᠰᠬᠦ ᠶᠠᠭᠤᠮ᠎ᠠ ᠪᠢᠰᠢ᠂ ᠡᠨᠡ ᠬᠥᠮᠦᠨ ᠳ᠋ᠦ᠍ ᠭᠡᠬᠦ ᠳ᠋ᠦ᠍ ᠬᠤᠳᠠᠯᠳᠤᠭᠠᠴᠢᠨ ᠤ᠋ ᠢᠳᠡᠪᠬᠢ ᠨᠢ ᠰᠤᠯᠠᠷᠠᠨ᠎ᠠ᠃ ᠲᠦᠷᠦᠭᠦᠦ ᠨᠢ ᠨᠢᠳᠦᠨ ᠦ᠌ ᠪᠤᠯᠤᠩ ᠢ᠋ᠶ᠋ᠠᠷ ᠪᠠᠢᠨ ᠪᠠᠢᠨ ᠦᠵᠡᠵᠦ ᠪᠠᠢᠭᠰᠠᠨ ᠢ᠋ᠶ᠋ᠠᠨ ᠣᠳᠣ ᠲᠣᠭᠣᠮᠰᠠᠷ ᠦᠭᠡᠢ ᠪᠡᠷ ᠨᠢᠭᠤᠷ ᠰᠢᠷᠳᠡᠨ᠄  
       — ᠦ᠂ ᠡᠨᠡ ᠬᠥᠮᠦᠨ ᠳ᠋ᠦ᠍ ᠤᠤ? ᠰᠠᠢᠨ᠃ ᠦᠨ᠎ᠡ ᠬᠢᠮᠳᠠ ᠲᠠᠢ ᠪᠣᠯᠤᠭᠠᠳ ᠪᠥᠬᠡ ᠡᠳ᠋ᠯᠡᠯ ᠢ᠋ᠶ᠋ᠡᠷ ᠬᠢᠭᠳᠡᠭᠰᠡᠨ ᠰᠠᠢᠨ ᠬᠤᠪᠴᠠᠰᠤ ᠴᠦ᠍ ᠪᠠᠢᠨ᠎ᠠ ᠠ᠋᠂ ᠭᠡᠰᠡᠨ ᠢ᠋ᠶ᠋ᠡᠨ ᠠᠭᠠᠵᠢᠭᠤᠬᠠᠨ ᠬᠥᠳᠡᠯᠵᠦ᠂ ᠯᠠᠩᠭᠦᠢ ᠶ᠋ᠢᠨ ᠢ᠋ᠶ᠋ᠡᠨ ᠳᠣᠣᠷ᠎ᠠ ᠠ᠋ᠴᠠ ᠪᠠᠷᠪᠠᠭᠠᠷ ᠡᠳ᠋ᠯᠡᠯ ᠢ᠋ᠶ᠋ᠡᠷ ᠬᠢᠭᠳᠡᠭᠰᠡᠨ ᠶᠠᠭᠤᠮᠠᠰ ᠢ᠋ ᠭᠠᠷᠭᠠᠪᠠ᠃ ᠫᠦ ᠵᠢᠩ ᠡᠭᠳᠡᠭᠦᠴᠡᠨ《ᠬᠠᠢ!》 ᠬᠠᠰᠬᠢᠷᠴᠤ᠄  
       — ᠡᠢᠮᠦ ᠶᠠᠭᠤᠮ᠎ᠠ ᠶ᠋ᠢ ᠴᠢᠨᠢ ᠬᠡᠨ ᠡᠮᠦᠰᠬᠦ ᠶᠦᠮ ᠪᠣᠢ? 
       ᠬᠤᠳᠠᠯᠳᠤᠭᠴᠢ ᠨᠢᠳᠦ ᠴᠠᠪᠴᠢᠯᠠᠨ ᠭᠠᠢᠬᠠᠪᠠ᠃ 
       — ᠳᠠᠩᠵᠢᠶᠠᠳ ᠲᠠ ᠥᠷᠥᠰᠢᠶᠡ᠂ ᠪᠢ ᠵᠦᠭᠡᠷ ᠶᠠᠭᠤ ᠶᠠᠭᠤ ᠪᠠᠢᠳᠠᠭ ᠢ᠋ᠶ᠋ᠠᠨ ᠰᠣᠨᠢᠷᠬᠠᠭᠤᠯᠵᠤ ᠪᠠᠢᠨ᠎ᠠ ᠰᠢᠦ ᠭᠡᠳ ᠲᠦᠷᠦᠭᠦᠴᠢ ᠶ᠋ᠢᠨ ᠬᠢ ᠶ᠋ᠢ ᠳᠠᠬᠢᠨ ᠮᠠᠭᠲᠠᠵᠤ ᠳ᠋ᠠᠨᠽᠡᠨ ᠦ᠌ ᠪᠡᠶ᠎ᠡ ᠳ᠋ᠦ᠍ ᠪᠠᠷᠢᠪᠠ᠃  
       ᠳ᠋ᠠᠨᠽᠡᠨ ᠨᠥᠬᠥᠷ ᠦ᠋ᠨ ᠢ᠋ᠶ᠋ᠡᠨ ᠬᠤᠪᠴᠠᠰᠤ ᠠᠪᠴᠤ ᠥᠭᠭᠦ ᠭᠡᠵᠦ ᠪᠠᠢᠭ᠎ᠠ ᠶ᠋ᠢ ᠮᠡᠳᠡᠭᠰᠡᠨ ᠡᠴᠡ ᠬᠣᠢᠰᠢ ᠰᠡᠳᠬᠢᠯ ᠨᠢ ᠨᠢᠭᠡ ᠯᠡ ᠠᠶ᠎ᠠ ᠦᠭᠡᠢ ᠪᠣᠯᠤᠭᠰᠠᠨ ᠪᠢᠯᠡ᠃ ᠶᠠᠭᠤᠨ ᠳ᠋ᠤ᠌ ᠭᠡᠪᠡᠯ᠄ ᠥᠪᠡᠷ ᠦ᠋ᠨ ᠬᠢᠨᠢ《ᠣᠷᠣᠨ ᠨᠤᠲᠤᠭ ᠬᠣᠯᠠ᠂ ᠠᠷᠤ ᠭᠡᠷ ᠶᠠᠳᠠᠭᠤ᠂ ᠠᠬ᠎ᠠ ᠳᠡᠭᠦᠦ ᠨᠠᠷ ᠣᠯᠠᠨ ᠲᠠᠢ》 ᠭᠡᠵᠦ ᠶᠠᠷᠢᠭᠰᠠᠨ ᠪᠣᠯᠬᠣᠷ ᠮᠥᠩᠭᠥ ᠶ᠋ᠢ ᠨᠢ ᠬᠠᠢᠷᠠᠯᠠᠭᠰᠠᠨ ᠬᠡᠷᠡᠭ᠃ 
       — ᠬᠠᠢ ᠶᠠᠭᠤ ᠬᠢᠨ᠎ᠡ᠃ ᠨᠠᠳᠠ ᠳ᠋ᠤ᠌ ᠬᠤᠪᠴᠠᠰᠤ ᠬᠡᠷᠡᠭ ᠦᠭᠡᠢ ᠭᠡᠵᠦ ᠬᠤᠳᠠᠯᠳᠤᠭᠴᠢᠳ ᠫᠦᠰᠡᠨ ᠳ᠋ᠦ᠍ ᠣᠷᠣᠭᠰᠠᠨ ᠪᠦᠬᠦᠨ ᠢ᠋ᠶ᠋ᠡᠷ ᠢ᠋ᠶ᠋ᠡᠨ ᠳᠡᠭᠡᠷᠡᠩᠭᠦᠢ ᠪᠠᠢᠳᠠᠭ ᠰᠢᠭ᠋ ᠰᠢᠷᠦᠭᠦᠨ ᠢ᠋ᠶ᠋ᠡᠷ ᠬᠡᠯᠡᠪᠡ᠃ 
       — ᠶᠠᠭᠤ ? ᠭᠡᠵᠦ ᠫᠦ ᠵᠢᠩ ᠨᠢᠳᠦ ᠪᠡᠨ ᠲᠣᠮᠣ ᠪᠣᠯᠭᠠᠪᠠ᠃  
       — ᠵᠦᠭᠡᠷ᠂ ᠪᠢ ᠡᠨᠡ ᠬᠤᠪᠴᠠᠰᠤ ᠪᠠᠷ ᠬᠠᠷᠢᠵᠤ ᠴᠢᠳᠠᠨ᠎ᠠ᠃ 
       — ᠬᠠᠶ᠎ᠠ! ᠨᠢᠭᠡ ᠳ᠋ᠦ᠍ ᠨᠤᠲᠤᠭ ᠴᠢᠨᠢ ᠬᠣᠯᠠ᠂ ᠬᠣᠶᠠᠷ ᠲᠤ ᠴᠢ ᠣᠷᠭᠣᠳᠠᠭᠤᠯ᠂ ᠬᠤᠪᠴᠠᠰᠤ ᠰᠣᠯᠢᠬᠤ ᠦᠭᠡᠢ ᠪᠠᠢᠵᠤ ᠪᠣᠯᠬᠤ ᠦᠭᠡᠢ ᠭᠡᠵᠦ ᠫᠦ ᠵᠢᠩ ᠪᠦᠬᠦ ᠪᠡᠶ᠎ᠡ ᠪᠡᠨ ᠥᠭᠡᠷᠡᠴᠢᠯᠡᠨ ᠬᠢᠴᠢᠶᠡᠩᠭᠦᠢᠯᠡᠨ ᠪᠠᠷᠢᠵᠤ ᠪᠠᠢᠭᠰᠠᠨ ᠢ᠋ᠶ᠋ᠠᠨ ᠰᠠᠨᠠᠭ᠎ᠠ ᠠᠯᠲᠠᠨ ᠬᠡᠯᠡᠪᠡ᠃ 
       ᠭᠡᠲᠡᠯ᠎ᠡ ᠬᠠᠵᠠᠭᠤ ᠳ᠋ᠤᠨᠢ᠄《ᠣᠩ!》 ᠭᠡᠵᠦ ᠳᠠᠭᠤ ᠠᠯᠳᠠᠬᠤ ᠰᠣᠨᠣᠰᠤᠭᠳᠠᠨ᠎ᠠ᠃ ᠠᠵᠢᠪᠠᠯ ᠬᠤᠳᠠᠯᠳᠤᠭᠴᠢ ᠲᠡᠷᠡ ᠬᠣᠶᠠᠷ ᠢ᠋ ᠵᠠᠨᠤᠯᠬᠢᠯᠠᠨ ᠰᠢᠷᠲᠡᠵᠦ ᠪᠠᠢᠭ᠎ᠠ ᠦᠵᠡᠭᠳᠡᠪᠡ᠃ 
       — ᠬᠠᠮᠢᠭ᠎ᠠ ᠠ᠋ᠴᠠ ᠤᠷᠭᠤᠭᠰᠠᠨ ᠬᠥᠮᠦᠨ ᠪᠣᠢ? ᠭᠡᠵᠦ ᠳᠥᠭᠥᠨ ᠢᠷᠡᠭᠰᠡᠨ ᠳ᠋ᠦ᠍ ᠫᠦ ᠵᠢᠩ ᠰᠠᠶᠢ ᠦᠭᠡ ᠠᠯᠳᠠᠭᠰᠠᠨ ᠢ᠋ᠶ᠋ᠠᠨ ᠮᠡᠳᠡᠪᠡ᠃ ᠲᠡᠭᠦᠨ ᠦ᠌ ᠢᠨᠢᠶᠡᠨ ᠪᠢᠯᠳᠠᠤᠴᠢᠯᠠᠬᠤ ᠪᠠᠨ ᠣᠷᠣ ᠮᠥᠷ ᠦᠭᠡᠢ ᠪᠣᠯᠭᠠᠨ ᠰᠢᠷᠳᠡᠵᠦ ᠪᠠᠢᠭ᠎ᠠ ᠵᠢᠪᠡᠭᠦᠨ ᠴᠢᠷᠠᠢ ᠶ᠋ᠢ ᠨᠢᠭᠡ ᠬᠡᠰᠡᠭ ᠨᠢᠳᠦ ᠴᠠᠪᠴᠢᠯᠠᠨ ᠠᠵᠢᠭᠠᠳ ᠳᠠᠷᠤᠢ ᠭᠠᠷᠬᠤ ᠶ᠋ᠢᠨ ᠮᠥᠷᠥᠭᠡᠳᠡᠰᠦ ᠪᠣᠯᠤᠨ ᠬᠣᠢᠰᠢ ᠤᠬᠤᠷᠢᠪᠠ᠃ 
       ᠬᠤᠳᠠᠯᠳᠤᠭᠴᠢ᠄ ᠬᠠᠢ ᠵᠣᠭᠰᠣ! ᠭᠡᠵᠦ ᠬᠠᠰᠬᠢᠷᠪᠠ᠃ ᠬᠠᠭᠠᠯᠭ᠎ᠠ ᠶ᠋ᠢᠨ ᠡᠮᠦᠨ᠎ᠡ ᠦᠰᠦᠷᠦᠨ ᠬᠦᠷᠴᠦ ᠪᠡᠶ᠎ᠡ ᠪᠡᠷ ᠲᠠᠭᠯᠠᠵᠤ ᠠᠪᠤᠭᠠᠳ᠄ ᠪᠢᠲᠡᠭᠡᠢ ᠬᠥᠳᠡᠯ!《ᠪᠢ ᠲᠠ ᠨᠠᠷ ᠢ᠋ ᠪᠠᠷᠢᠨ ᠴᠠᠭᠳᠠᠭ᠎ᠠ ᠳ᠋ᠤ᠌ ᠲᠤᠰᠢᠶᠠᠨ᠎ᠠ᠂ ᠡᠰᠡᠪᠡᠯ᠁》
       — ᠡᠰᠡᠪᠡᠯ ᠶᠠᠭᠤ ᠭᠡᠵᠦ? ᠫᠦ ᠵᠢᠩ ᠨᠢᠭᠡᠨᠲᠡ ᠠᠶᠤᠨ ᠰᠣᠴᠢᠭᠰᠠᠨ ᠢ᠋ᠶ᠋ᠠᠨ ᠪᠤᠴᠠᠭᠠᠨ ᠠᠪᠴᠤ ᠴᠢᠳᠠᠯ ᠦᠭᠡᠢ ᠠᠰᠠᠭᠤᠪᠠ᠃  
       — ᠡᠰᠡᠪᠡᠯ ᠲᠠᠪᠤᠨ ᠶᠠᠩᠴᠢᠶᠠᠨ!  
       ᠫᠦ ᠵᠢᠩ ᠠᠶᠤᠭᠰᠠᠨ ᠬᠡᠪ ᠢ᠋ᠶ᠋ᠡᠷ ᠢ᠋ᠶ᠋ᠡᠨ ᠳ᠋ᠠᠨᠽᠡᠨ ᠢ᠋ ᠬᠠᠷᠠᠭᠰᠠᠨ ᠢ᠋ᠶ᠋ᠠᠨ ᠨᠢᠭᠡᠨᠲᠡ ᠵᠣᠷᠢᠭ ᠣᠷᠣᠨ《ᠪᠦ ᠫᠠ!》 ᠭᠡᠵᠦ ᠰᠢᠪᠡᠨᠡᠬᠦ ᠳ᠋ᠦ᠍ ᠳ᠋ᠠᠨᠽᠡᠨ《ᠪᠦ ᠫᠠ!》 ᠭᠡᠵᠦ ᠬᠠᠰᠬᠢᠷᠪᠠ᠃ ᠢᠩᠭᠢᠭᠡᠳ ᠶᠣᠰᠣᠲᠠᠢ᠄《ᠪᠦ ᠫᠠ!》(ᠪᠢᠲᠡᠭᠡᠢ ᠠᠶᠤ) ᠭᠡᠭᠴᠢ ᠡᠬᠢᠯᠡᠯ᠎ᠡ᠃ 
       ᠫᠦ ᠵᠢᠩ᠄《ᠪᠦ ᠫᠠ!》 ᠬᠠᠰᠬᠢᠷᠤᠨ ᠬᠤᠳᠠᠯᠳᠤᠭᠴᠢ ᠶ᠋ᠢ ᠪᠠᠷᠢᠨ ᠠᠪᠴᠤ ᠪᠠᠢᠰᠢᠩ ᠤ᠋ᠨ ᠬᠠᠨ᠎ᠠ ᠶ᠋ᠢ ᠬᠣᠶᠠᠷ ᠳᠠᠬᠢᠨ ᠮᠥᠷᠭᠥᠭᠦᠯᠦᠭᠡᠳ ᠴᠠᠭᠠᠰᠢ ᠪᠠᠰᠠ ᠪᠠᠯᠪᠠᠵᠤ ᠭᠠᠷᠤᠯ᠎ᠠ᠃ ᠳ᠋ᠠᠨᠽᠡᠨ ᠬᠠᠵᠠᠭᠤ ᠳ᠋ᠤᠨᠢ᠄《ᠪᠦ ᠫᠠ! ᠪᠦ ᠫᠠ᠁》 ᠬᠠᠰᠬᠢᠷᠤᠨ ᠨᠥᠬᠥᠷ ᠦ᠋ᠨ ᠢ᠋ᠶ᠋ᠡᠨ ᠠᠭᠤᠷ ᠣᠮᠣᠭ ᠢ ᠤᠯᠠᠮ ᠢ᠋ᠶ᠋ᠠᠷ ᠳᠡᠪᠡᠷᠭᠡᠨ᠎ᠡ᠃ ᠬᠤᠳᠠᠯᠳᠤᠭᠴᠢ ᠠᠩᠬᠠᠨ ᠳ᠋ᠠᠭᠠᠨ《ᠠᠶ᠎ᠠ!》 ᠭᠡᠵᠦ ᠳᠠᠭᠤ ᠠᠯᠳᠠᠭᠠᠳ᠂ ᠳᠠᠷᠠᠭ᠎ᠠ ᠨᠢ ᠥᠷᠥᠰᠢᠶᠡᠯ ᠭᠤᠶᠤᠨ ᠣᠭᠢᠯᠭᠠᠨ ᠤᠨᠵᠢᠭᠠᠨ ᠪᠣᠯᠤᠭᠰᠠᠨ ᠪᠥᠭᠡᠳ ᠡᠴᠦᠰ ᠲᠦ᠋ᠨᠢ ᠪᠡᠶ᠎ᠡ ᠪᠡᠨ ᠰᠤᠯᠠ ᠬᠠᠶᠠᠵᠤ ᠭᠠᠵᠠᠷ ᠤᠨᠠᠵᠤ᠄《ᠶᠠᠭᠤ ᠳᠤᠷ᠎ᠠ ᠲᠠᠢ ᠪᠠᠨ ᠠᠪ!》 ᠭᠡᠬᠦ ᠰᠣᠨᠣᠰᠳᠠᠪᠠ᠃ ᠭᠡᠪᠡᠴᠦ ᠫᠦ ᠵᠢᠩ ᠶᠠᠭᠤᠮ᠎ᠠ ᠠᠪᠬᠤ ᠶ᠋ᠢᠨ ᠣᠷᠣᠨ ᠳ᠋ᠤ᠌᠄  ᠬᠡᠷᠪᠡ ᠴᠢ ᠣᠷᠣᠨ ᠪᠠᠢᠰᠢᠩ ᠢ᠋ᠶ᠋ᠠᠨ ᠬᠠᠷ᠎ᠠ ᠨᠡᠭᠦᠷᠡᠰᠦ ᠪᠣᠯᠭᠠᠭᠤᠯᠬᠤ ᠶ᠋ᠢ ᠬᠦᠰᠡᠭᠡ ᠦᠭᠡᠢ ᠪᠣᠯ  ᠪᠤᠯᠢᠭᠠᠷᠠᠢ! ᠭᠡᠳ ᠬᠣᠶᠠᠷ ᠶᠠᠩᠴᠢᠶᠠᠨ ᠭᠠᠷᠭᠠᠨ ᠨᠣᠬᠠᠢ ᠳ᠋ᠤ᠌ ᠥᠭᠴᠦ ᠪᠠᠢᠭ᠎ᠠ ᠶᠤᠮ ᠰᠢᠭ᠋ ᠭᠠᠵᠠᠷ ᠬᠠᠶᠠᠭᠠᠳ ᠳ᠋ᠠᠨᠽᠡᠨ ᠦ᠌ ᠭᠠᠷ ᠠ᠋ᠴᠠ ᠰᠢᠭᠦᠷᠦᠨ ᠠᠪᠴᠤ ᠭᠠᠷᠪᠠ᠃ ᠠᠷᠤ ᠳ᠋ᠤᠨᠢ ᠬᠤᠳᠠᠯᠳᠤᠭᠴᠢ ᠥᠷᠥᠰᠢᠶᠡᠯ ᠭᠤᠶᠤᠨ ᠦᠯᠡᠳᠡᠪᠡ᠃  
       ᠫᠦ ᠵᠢᠩ ᠭᠤᠳᠤᠮᠵᠢᠨ ᠳ᠋ᠤ᠌ ᠭᠠᠷᠬᠤ ᠲᠠᠢ ᠪᠠᠨ ᠵᠡᠷᠭᠡ ᠶᠡᠬᠡ ᠭᠤᠲᠤᠷᠠᠯ ᠳ᠋ᠤ᠌ ᠳᠠᠷᠤᠭᠳᠠᠭᠰᠠᠨ ᠮᠡᠲᠦ ᠦᠭᠡ ᠳᠠᠭᠤ ᠦᠭᠡᠢ ᠪᠣᠯᠪᠠ᠃ ᠡᠨᠡ ᠨᠢ ᠰᠠᠶᠢ ᠪᠣᠯᠤᠭᠰᠠᠨ ᠬᠡᠷᠡᠭ ᠡᠴᠡ ᠪᠢᠰᠢ᠂ ᠪᠠᠰᠠ ᠠᠷᠢᠬᠢᠨ ᠤ᠋ ᠮᠠᠨᠠᠨ ᠳ᠋ᠤ᠌ ᠴᠣᠬᠢᠭᠳᠠᠨ ᠤᠬᠠᠭᠠᠨ ᠮᠡᠳᠡᠷᠡᠯ ᠨᠢ ᠡᠯᠡᠢ ᠪᠠᠯᠠᠢ ᠶᠠᠪᠤᠭ᠎ᠠ ᠳ᠋ᠠᠭᠠᠨ ᠴᠦ᠍ ᠪᠢᠰᠢ᠃ ᠢᠷᠡᠭᠡᠳᠦᠢ ᠶ᠋ᠢᠨ ᠵᠠᠮ ᠳ᠋ᠤ᠌ ᠰᠠᠶᠢ ᠶ᠋ᠢᠨ ᠬᠢ ᠰᠢᠭ ᠣᠯᠢᠭ ᠦᠭᠡᠢ ᠬᠥᠮᠦᠰ ᠬᠡᠳᠦ ᠬᠡᠴᠢᠨᠡᠨ ᠴᠦ᠍ ᠳᠠᠭᠠᠷᠢᠯᠳᠤᠬᠤ ᠪᠣᠯᠬᠤ ᠰᠢᠦ ᠳᠡ ᠭᠡᠰᠡᠨ ᠨᠢᠭᠡ ᠪᠣᠳᠣᠯ ᠰᠡᠳᠬᠢᠯ ᠳ᠋ᠦ᠍ᠨᠢ ᠭᠦᠨᠵᠡᠭᠡᠢ ᠡᠷᠭᠢᠯᠳᠦᠭᠰᠡᠨ ᠦ᠌ ᠬᠢ ᠪᠠᠢᠯ᠎ᠠ᠃ ᠠᠷᠭ᠎ᠠ ᠪᠠᠷ ᠡᠰᠡ ᠪᠣᠯᠵᠤ ᠥᠭᠪᠡᠯ ᠬᠦᠴᠦ ᠪᠡᠷ ᠳᠠᠪᠠᠨ ᠲᠤᠭᠤᠯᠬᠤ ᠶᠣᠰᠣᠲᠠᠢ ᠭᠡᠵᠦ ᠳᠣᠲᠣᠷ᠎ᠠ ᠪᠠᠨ ᠪᠣᠳᠣᠨ《ᠪᠦ ᠫᠠ!》 ᠭᠡᠵᠦ ᠠᠮᠠᠨ ᠳ᠋ᠠᠭᠠᠨ ᠥᠭᠦᠯᠡᠪᠡ᠃ ᠠᠷᠤ ᠳ᠋ᠤᠨᠢ ᠳ᠋ᠠᠨᠽᠡᠨ ᠨᠥᠬᠥᠷ ᠦ᠋ᠨ ᠢ᠋ᠶ᠋ᠡᠨ ᠬᠡᠪ ᠭᠡᠨᠡᠳᠲᠡ ᠳᠠᠭᠤ ᠱᠣᠣ ᠦᠭᠡᠢ ᠪᠣᠯᠤᠭᠰᠠᠨ ᠤ᠋ ᠬᠤᠪᠢ ᠳ᠋ᠤ᠌᠄《ᠪᠢ ᠭᠣᠮᠣᠳᠠᠭᠠᠵᠤ ᠣᠷᠬᠢᠭ᠎ᠠ ᠦᠭᠡᠢ ᠪᠠᠢᠭ᠎ᠠ ᠳᠠ》 ᠭᠡᠵᠦ ᠵᠣᠪᠠᠨ ᠶᠠᠪᠤᠭᠰᠠᠨ ᠢ᠋ᠶ᠋ᠠᠨ᠄《ᠪᠦ ᠫᠠ!》 ᠭᠡᠵᠦ ᠬᠡᠯᠡᠬᠦ ᠰᠢᠭ ᠪᠣᠯᠤᠭᠰᠠᠨ ᠳ᠋ᠤᠨᠢ ᠰᠡᠳᠬᠢᠯ ᠪᠠᠭ᠎ᠠ ᠵᠡᠷᠭᠡ ᠣᠩᠭᠣᠢᠵᠠᠢ᠃ ᠪᠣᠣᠪᠣ ᠰᠢᠬᠢᠷ ᠦ᠋ᠨ ᠳᠡᠯᠭᠡᠭᠦᠷ ᠲᠦ᠍ ᠣᠷᠣᠭᠠᠳ ᠫᠦ ᠵᠢᠩ ᠨᠡᠯᠢᠶᠡᠳ ᠢ᠋ ᠠᠪᠤᠨ ᠳ᠋ᠠᠨᠽᠡᠨ ᠳ᠋ᠦ᠍ ᠪᠣᠭᠣᠯᠭᠠᠵᠤ᠂ ᠳ᠋ᠠᠨᠽᠡᠨ ᠳ᠋ᠦ᠍ ᠪᠠᠷᠢᠭᠤᠯᠤᠨ ᠮᠥᠩᠭᠥ ᠪᠡᠨ ᠥᠭᠬᠦ ᠳ᠋ᠡᠭᠡᠨ ᠮᠥᠨ ᠯᠡ ᠪᠦ ᠫᠠ! ᠭᠡᠰᠡᠨ ᠳ᠋ᠦ᠍ ᠬᠤᠳᠠᠯᠳᠤᠭᠴᠢ ᠰᠣᠴᠢᠨ ᠨᠢᠭᠡ ᠤᠳᠠᠭ᠎ᠠ ᠶᠡᠬᠡ ᠪᠡᠷ ᠬᠠᠷᠠᠪᠠ᠃ ᠭᠡᠯ᠎ᠡ ᠴᠦ᠍ ᠶᠠᠭᠤ ᠴᠦ᠍ ᠪᠣᠯᠤᠭᠰᠠᠨ ᠦᠭᠡᠢ᠃ ᠲᠡᠨᠳᠡᠴᠡ ᠭᠠᠷᠤᠨ ᠨᠢᠭᠡ ᠭᠤᠳᠤᠮᠵᠢ ᠥᠩᠭᠡᠷᠡᠵᠦ᠂ ᠨᠥᠭᠦᠭᠡ ᠭᠤᠳᠤᠮᠵᠢᠨ ᠳ᠋ᠤ᠌ ᠣᠷᠣᠭᠰᠠᠨ ᠢ᠋ᠶ᠋ᠠᠨ ᠫᠦ ᠵᠢᠩ ᠢᠨᠢᠶᠡᠮᠰᠦᠭᠯᠡᠨ ᠡᠷᠭᠢᠵᠦ᠄  
       — ᠴᠢ ᠲᠤᠭᠤᠯᠵᠤ ᠪᠠᠢᠨ᠎ᠠ ᠤᠤ? ᠭᠠᠯᠲᠤ ᠲᠡᠷᠭᠡ! 
       ᠴᠢᠬᠢ ᠲᠠᠯᠪᠢᠨ ᠴᠢᠩᠨᠠᠬᠤ ᠳ᠋ᠤ᠌ ᠫᠦᠩ ᠫᠠᠩ ᠭᠡᠰᠡᠨ ᠠᠪᠢᠶ᠎ᠠ ᠴᠢᠬᠢᠨ ᠳ᠋ᠦ᠍ ᠪᠠᠷᠢᠭᠳᠠᠭᠰᠠᠨ ᠢ᠋ᠶ᠋ᠠᠨ ᠭᠤᠸᠠᠭᠠᠯᠠᠨ ᠬᠠᠰᠬᠢᠷᠬᠤ ᠨᠢ ᠲᠣᠳᠣᠬᠠᠨ ᠰᠣᠨᠣᠰᠳᠠᠨ᠎ᠠ᠃   
       ᠡᠭᠦᠨ ᠦ᠌ ᠤᠷᠢᠳᠤ ᠳ᠋ᠠᠨᠽᠡᠨ ᠭᠠᠯᠲᠤ ᠲᠡᠷᠭᠡ ᠭᠡᠭᠴᠢ ᠶ᠋ᠢ ᠨᠢᠭᠡ ᠤᠳᠠᠭ᠎ᠠ ᠬᠣᠯᠠ ᠠ᠋ᠴᠠ ᠬᠣᠶᠠᠳᠠᠬᠢ ᠳᠡᠭᠡᠷ᠎ᠡ ᠪᠡᠨ ᠣᠢᠷᠠᠬᠠᠨ ᠠ᠋ᠴᠠ ᠣᠯᠵᠤ ᠬᠠᠷᠠᠭᠰᠠᠨ ᠪᠥᠭᠡᠳ ᠲᠡᠭᠡᠬᠦ ᠳ᠋ᠡᠭᠡᠨ ᠣᠯᠠᠨ ᠲᠣᠮᠣ ᠮᠤᠬᠤᠯᠠᠭ ᠲᠡᠷᠭᠡ ᠨᠦ᠍ᠭᠦᠳ ᠦ᠋ᠨ ᠲᠣᠯᠣᠭᠠᠢ ᠳ᠋ᠤ᠌ ᠣᠷᠭᠢᠯᠤᠭᠰᠠᠨ ᠬᠠᠷ᠎ᠠ ᠤᠲᠤᠭ᠎ᠠ ᠶ᠋ᠢ ᠣᠭᠲᠠᠷᠭᠤᠢ ᠲᠩᠷᠢ ᠳ᠋ᠦ᠍ ᠠᠰᠬᠠᠷᠠᠭᠤᠯᠤᠭᠰᠠᠨ ᠠᠢᠬᠤᠪᠲᠤᠷ ᠲᠣᠮᠣ ᠲᠣᠮᠣ ᠵᠤᠤᠬ᠎ᠠ ᠲᠠᠢ ᠶᠠᠭᠤᠮ᠎ᠠ ᠶᠠᠪᠤᠭᠰᠠᠨ ᠢ᠋ ᠲᠣᠳᠣᠷᠬᠠᠢ ᠬᠠᠷᠠᠭᠰᠠᠨ ᠪᠥᠭᠡᠳ ᠴᠣᠬᠣᠮ ᠥᠪᠡᠷ ᠢ᠋ᠶ᠋ᠡᠨ ᠶᠠᠪᠤᠬᠤ ᠪᠣᠯᠤᠭᠰᠠᠨ ᠰᠢᠯᠲᠠᠭᠠᠨ ᠢ᠋ ᠬᠡᠳᠦᠨ ᠠᠷᠪᠠᠨ ᠵᠦᠢᠯ ᠢ᠋ᠶ᠋ᠡᠷ ᠪᠣᠳᠣᠨ ᠣᠯᠤᠭ᠎ᠠ ᠦᠭᠡᠢ ᠪᠢᠯᠡ᠃ ᠭᠠᠭᠴᠠᠬᠠᠨ ᠬᠠᠮᠲᠤ ᠶᠠᠪᠤᠭᠰᠠᠨ ᠬᠦᠷᠡᠯ ᠤᠭ ᠵᠠᠮ ᠢ᠋ ᠦᠵᠡᠭᠡᠳ᠄《ᠴᠠᠭ ᠤ᠋ᠨ ᠴᠡᠪᠡᠭᠦᠨ ᠪᠣᠯᠬᠤ ᠳ᠋ᠤ᠌ ᠲᠡᠮᠦᠷ ᠮᠣᠭᠠᠢ ᠳᠡᠯᠡᠬᠡᠢ ᠶ᠋ᠢ ᠭᠤᠷᠪᠠ ᠣᠷᠢᠶᠠᠨ᠎ᠠ》 ᠭᠡᠵᠦ ᠪᠣᠭᠳᠠ ᠶ᠋ᠢᠨ ᠯᠦᠩᠲᠠᠩ ᠳ᠋ᠤ᠌ ᠪᠠᠢᠳᠠᠭ ᠮᠠᠨᠢ ᠡᠨᠡ ᠪᠠᠢᠵᠤ ᠭᠡᠵᠦ ᠪᠠᠢᠭᠰᠠᠨ ᠢ᠋ ᠬᠡᠵᠢᠶᠡᠳᠡ ᠮᠠᠷᠲᠠᠬᠤ ᠪᠠᠷ ᠦᠭᠡᠢ ᠲᠣᠭᠲᠠᠭᠠᠭᠰᠠᠨ ᠪᠥᠭᠡᠳ ᠣᠳᠣ ᠲᠡᠷᠡ ᠲᠡᠮᠦᠷ ᠵᠠᠮ ᠳᠡᠯᠡᠬᠡᠢ ᠶ᠋ᠢ ᠭᠤᠷᠪᠠ ᠣᠷᠢᠶᠠᠬᠤ ᠳ᠋ᠠᠭᠠᠨ ᠮᠠᠨ ᠤ᠋ ᠮᠣᠩᠭᠣᠯ ᠣᠷᠣᠨ ᠢ᠋ ᠯᠡ ᠪᠤᠤ  ᠳᠠᠭᠠᠷᠢᠭᠠᠰᠠᠢ ᠭᠡᠵᠦ ᠪᠣᠳᠣᠨ᠎ᠠ᠃ 
       — ᠲᠡᠢᠮᠦ᠂ ᠭᠠᠯᠲᠤ ᠲᠡᠷᠭᠡ ᠢᠷᠡᠵᠦ ᠶᠠᠪᠤᠨ᠎ᠠ᠃ ᠬᠣᠶᠠᠭᠤᠯᠠ ᠪᠠᠨ ᠣᠴᠢᠵᠤ ᠦᠵᠡᠬᠦ ᠤᠤ ᠭᠡᠰᠡᠨ ᠳ᠋ᠦ᠍ ᠫᠦ ᠵᠢᠩ᠄  
       — ᠣᠳᠣ ᠪᠢᠳᠡᠨ ᠦ᠌ ᠰᠠᠯᠬᠤ ᠴᠠᠭ ᠪᠣᠯᠤᠭᠰᠠᠨ᠃ ᠴᠢ ᠡᠨᠡ ᠬᠣᠲᠠᠨ ᠠ᠋ᠴᠠ ᠶᠠᠭᠠᠷᠠᠨ ᠭᠠᠷ! ᠡᠰᠡ ᠲᠡᠭᠡᠪᠡᠯ ᠪᠠᠷᠢᠭᠳᠠᠬᠤ ᠮᠠᠭᠠᠳ᠂ ᠵᠠ ᠪᠠᠶᠠᠷᠲᠠᠢ!  
       ᠳ᠋ᠠᠨᠽᠡᠨ ᠦ᠌ ᠰᠡᠳᠬᠢᠯ ᠲᠤᠩ ᠠᠶ᠎ᠠ ᠦᠭᠡᠢ ᠪᠣᠯᠪᠠ᠃ ᠭᠡᠲᠡᠯ᠎ᠡ ᠲᠡᠷᠭᠡ ᠳᠠᠬᠢᠨ ᠭᠤᠸᠠᠭᠯᠠᠬᠤ ᠰᠣᠨᠣᠰᠳᠠᠪᠠ᠃ ᠨᠥᠬᠥᠷ ᠲᠡᠭᠡᠨ ᠶᠠᠮᠠᠷ ᠨᠢᠭᠡᠨ ᠰᠠᠢᠬᠠᠨ ᠦᠭᠡ ᠣᠯᠵᠤ ᠬᠡᠯᠡᠬᠦ ᠶ᠋ᠢ ᠡᠷᠢᠯᠬᠢᠯᠡᠨ ᠳᠣᠷᠣᠭᠰᠢ ᠰᠢᠷᠳᠡᠭᠡᠳ ᠬᠦᠩ ᠴᠠᠨ ᠳ᠋ᠠᠩ ᠤ᠋ᠨ ᠵᠠᠮ ᠢ᠋ᠶ᠋ᠠᠷ ᠰᠠᠢᠨ ᠶᠠᠪᠤᠭᠠᠷᠠᠢ ᠭᠡᠵᠦ ᠬᠡᠯᠡᠬᠦ ᠶ᠋ᠢ ᠰᠢᠢᠳᠦᠨ ᠲᠣᠯᠣᠭᠠᠢ ᠪᠠᠨ ᠳᠡᠭᠡᠭᠰᠢ ᠲᠠᠲᠠᠪᠠᠯ ᠫᠦ ᠵᠢᠩ ᠨᠢ ᠠᠯᠠᠭ᠎ᠠ᠃ ᠡᠨᠳᠡ ᠡᠴᠡ ᠰᠠᠯᠤᠨ ᠣᠯᠠᠨ ᠬᠥᠮᠦᠨ ᠦ᠌ ᠳᠤᠮᠳᠠ ᠣᠷᠣᠬᠤ ᠲᠠᠢ ᠪᠠᠨ ᠵᠡᠷᠭᠡ ᠫᠦ ᠵᠢᠩ ᠣᠷᠣ ᠮᠥᠷ ᠦᠭᠡᠢ ᠠᠯᠠᠭ᠎ᠠ ᠪᠣᠯᠤᠭᠰᠠᠨ ᠪᠠᠢᠵᠠᠢ᠃  

          ᠦᠰᠦᠭ ᠠᠮᠢᠯᠠᠭᠤᠯᠤᠭᠰᠠᠨ ᠨᠢ᠄  ᠳᠠᠪᠰᠢᠯᠲᠦ