ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠭᠤᠷᠪᠠᠳᠤᠭᠠᠷ ᠪᠦᠯᠦᠭ᠂ᠰᠢᠨᠡᠯᠡᠮ᠎ᠡ ᠶ᠋ᠢᠨ ᠵᠡᠪᠰᠡᠭᠲᠦ ᠲᠡᠮᠡᠴᠡᠯ 2(3) Шинэлам – 3-р бүлэг᠂ Шинэлмийн зэвсэгт тэмцэл 2(3)
(ᠭᠤᠷᠪᠠ) ᠤᠷᠪᠠᠭᠴᠢ ᠰᠠᠢᠨᠪᠠᠶᠠᠷ ᠤ᠋ᠨ ᠴᠡᠷᠢᠭ ᠲᠡᠢ ᠪᠠᠢᠯᠳᠤᠭᠰᠠᠨ
1925 ᠣᠨ ᠤ᠋10 ᠰᠠᠷ᠎ᠠ ᠶ᠋ᠢᠨ12 ᠤ᠋ ᠡᠳᠦᠷ ᠴᠢᠭᠤᠯᠤᠯᠲᠤ ᠬᠠᠭᠠᠯᠭ᠎ᠠ ᠬᠣᠲᠠ ᠳ᠋ᠤ᠌《ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠲᠥᠯᠥᠭᠡᠯᠡᠭᠴᠢᠳ ᠦ᠋ᠨ ᠶᠡᠬᠡ ᠬᠤᠷᠠᠯ》 ᠬᠤᠷᠠᠯᠳᠤᠵᠤ᠂ ᠬᠣᠷᠴᠢᠨ ᠤ᠋ ᠰᠠᠢᠨᠪᠠᠶᠠᠷ ᠶᠡᠬᠡ ᠬᠤᠷᠠᠯ ᠳ᠋ᠤ᠌ ᠣᠷᠣᠯᠴᠠᠭᠠᠳ ᠲᠥᠪ ᠬᠣᠷᠢᠶᠠᠨ ᠤ᠋ ᠭᠦᠢᠴᠡᠳᠬᠡᠬᠦ ᠭᠡᠰᠢᠭᠦᠨ ᠢ᠋ᠶ᠋ᠡᠷ ᠰᠣᠩᠭᠣᠭᠳᠠᠵᠠᠢ(ᠰᠢᠨᠡᠯᠡᠮ᠎ᠡ ᠴᠦ᠍ ᠭᠦᠢᠴᠡᠳᠬᠡᠬᠦ ᠭᠡᠰᠢᠭᠦᠨ ᠢ᠋ᠶ᠋ᠡᠷ ᠰᠣᠩᠭᠣᠭᠳᠠᠵᠠᠢ)᠃ ᠰᠡᠭᠦᠯᠡᠷ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠶᠡᠷᠦᠩᠬᠡᠢ ᠰᠸᠯᠢᠩ ᠸᠠᠩᠳᠠᠨᠨᠢᠮ᠎ᠠ ᠪᠤᠭᠤᠲᠤ ᠳ᠋ᠤ᠌ ᠨᠢᠭᠤᠴᠠ ᠪᠠᠷ ᠬᠣᠣᠷᠯᠠᠭᠳᠠᠭᠰᠠᠨ ᠤ᠋ ᠳᠠᠷᠠᠭ᠎ᠠ ᠰᠠᠢᠨᠪᠠᠶᠠᠷ ᠠᠷᠠᠳ ᠤ᠋ᠨ ᠬᠤᠪᠢᠰᠬᠠᠯᠲᠤ ᠴᠡᠷᠢᠭ ᠦ᠋ᠨ ᠵᠥᠪᠯᠡᠭᠴᠢ ᠳᠠᠷᠤᠭ᠎ᠠ᠂ ᠮᠣᠷᠢᠲᠤ ᠴᠡᠷᠢᠭ ᠦ᠋ᠨ ᠨᠢᠭᠡᠳᠦᠭᠡᠷ ᠯᠢᠦᠢ ᠶ᠋ᠢᠨ ᠯᠢᠦᠢᠵᠠᠩ᠂ ᠡᠮᠦᠨ᠎ᠡ ᠹᠷᠣᠨᠲ ᠤ᠋ᠨ ᠶᠡᠷᠦᠩᠬᠡᠢ ᠵᠢᠯᠣᠭᠣᠳᠤᠭᠴᠢ ᠨᠣᠶᠠᠨ ᠤ᠋ ᠲᠤᠰᠢᠶᠠᠯ ᠢ᠋ ᠳᠠᠪᠬᠤᠷᠯᠠᠨ ᠬᠠᠷᠢᠭᠤᠴᠠᠵᠤ᠂ ᠴᠡᠷᠢᠭ ᠦ᠋ᠨ ᠵᠡᠷᠭᠡ ᠲᠤᠰᠢᠶᠠᠯ ᠪᠠᠢᠷᠢ ᠰᠠᠭᠤᠷᠢ ᠨᠢ ᠰᠢᠨᠠᠯᠠᠮ᠎ᠠ ᠠ᠋ᠴᠠ ᠥᠨᠳᠥᠷ ᠪᠠᠢᠭᠰᠠᠨ ᠲᠤᠯᠠ ᠲᠡᠷᠡ ᠶᠡᠷᠦ ᠨᠢ ᠰᠠᠢᠨᠪᠠᠶᠠᠷ ᠢ᠋ ᠲᠤᠩ ᠬᠦᠨᠳᠦᠳᠬᠡᠳᠡᠭ ᠪᠠᠢᠵᠠᠢ᠃
1926 ᠣᠨ ᠤ᠋ ᠨᠠᠮᠤᠷ ᠰᠠᠢᠨᠪᠠᠶᠠᠷ ᠣᠷᠳᠣᠰ ᠤ᠋ᠨ ᠦᠦᠰᠢᠨ ᠬᠤᠰᠢᠭᠤᠨ ᠤ᠋ ᠦᠦᠰᠢᠨᠵᠤᠤ ᠶ᠋ᠢᠨ ᠰᠦᠮ᠎ᠡ ᠳᠡᠭᠡᠷ᠎ᠡ ᠢᠷᠡᠵᠦ ᠰᠢᠨᠠᠯᠠᠮ᠎ᠠ ᠶ᠋ᠢᠨ ᠡᠷᠬᠢᠯᠡᠭᠰᠡᠨ ᠭᠤᠷᠪᠠᠨ ᠡᠲᠡᠭᠡᠳ ᠦ᠋ᠨ ᠬᠤᠷᠠᠯ ᠳ᠋ᠤ᠌ ᠣᠷᠣᠯᠴᠠᠵᠤ᠂ ᠦᠦᠰᠢᠨ ᠬᠤᠰᠢᠭᠤᠨ ᠳ᠋ᠤ᠌ ᠠᠷᠠᠳ ᠤ᠋ᠨ ᠬᠤᠪᠢᠰᠬᠠᠯᠲᠤ ᠴᠡᠷᠢᠭ ᠢ᠋ ᠵᠣᠬᠢᠶᠠᠨ ᠪᠠᠢᠭᠤᠯᠤᠭᠰᠠᠨ(ᠰᠢᠨᠡᠯᠡᠮ᠎ᠡ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠢ᠋ ᠵᠢᠭᠠᠵᠤ ᠪᠣᠢ)᠂ ᠬᠣᠰᠢᠭᠤ ᠬᠣᠷᠢᠶ᠎ᠠ ᠪᠠ ᠣᠯᠠᠨ ᠤ᠋ ᠵᠥᠪᠯᠡᠯ ᠪᠠᠢᠭᠤᠯᠤᠭᠳᠠᠭᠰᠠᠨ ᠵᠡᠷᠭᠡ ᠶ᠋ᠢ ᠨᠡᠢᠲᠡᠯᠡᠵᠡᠢ᠃ ᠬᠤᠷᠠᠯ ᠳᠡᠭᠡᠷ᠎ᠡ ᠨᠢᠭᠡ ᠳ᠋ᠦ᠍᠂ ᠦᠦᠰᠢᠨ ᠬᠤᠰᠢᠭᠤᠨ ᠤ᠋ ᠸᠠᠩ ᠬᠦᠩ ᠦ᠋ᠨ ᠲᠠᠯ᠎ᠠ ᠠ᠋ᠴᠠ ᠣᠯᠠᠨ ᠤ᠋ ᠵᠥᠪᠯᠡᠯ ᠪᠠ ᠡᠭᠦᠷ ᠦ᠋ᠨ ᠳᠦᠷᠢᠮ ᠢ᠋ ᠵᠥᠷᠢᠴᠡᠵᠦ ᠪᠣᠯᠬᠤ ᠦᠭᠡᠢ᠃ ᠬᠣᠶᠠᠷ ᠲᠤ᠌᠂ ᠣᠯᠠᠨ ᠲᠦᠮᠡᠨ ᠦ᠌ ᠬᠤᠪᠢᠰᠬᠠᠯ ᠤ᠋ᠨ ᠠᠵᠢᠯ ᠳ᠋ᠤ᠌ ᠣᠷᠣᠯᠴᠠᠬᠤ ᠶᠠᠪᠤᠳᠠᠯ ᠳ᠋ᠤ᠌ ᠬᠠᠷᠰᠢ ᠰᠠᠭᠠᠳ ᠦᠵᠡᠭᠦᠯᠬᠦ ᠪᠠ ᠭᠠᠷ ᠲᠥᠷᠥᠵᠦ ᠡᠷᠬᠡ ᠮᠡᠳᠡᠵᠦ ᠪᠣᠯᠬᠤ ᠦᠭᠡᠢ᠃ ᠭᠤᠷᠪᠠ ᠳ᠋ᠤ᠌᠂ ᠸᠠᠩ ᠤ᠋ᠨ ᠣᠷᠳᠣᠨ ᠤ᠋ ᠬᠠᠷᠢᠶᠠᠲᠤ ᠴᠡᠷᠢᠭ ᠢ᠋ᠶ᠋ᠡᠨ ᠲᠠᠷᠬᠠᠭᠠᠵᠤ᠂ ᠫᠤᠤ ᠵᠡᠪᠰᠡᠭ ᠢ᠋ᠶ᠋ᠡᠨ ᠠᠷᠠᠳ ᠤ᠋ᠨ ᠴᠡᠷᠢᠭ ᠲᠦ᠍ ᠲᠤᠰᠢᠶᠠᠬᠤ ᠬᠡᠷᠡᠭᠲᠡᠢ ᠭᠡᠬᠦ ᠵᠡᠷᠭᠡ ᠪᠣᠯᠤᠨ᠎ᠠ᠃
ᠤᠳᠠᠭᠠᠨ ᠵᠢᠯ ᠦ᠋ᠨ ᠹᠧᠣᠳᠠᠯ ᠤ᠋ᠨ ᠡᠵᠡᠨᠲᠦ ᠲᠥᠷᠥ ᠶ᠋ᠢᠨ ᠪᠠᠢᠭᠤᠯᠤᠯ ᠳᠣᠣᠷ᠎ᠠ ᠬᠥᠮᠥᠷᠢᠭᠳᠡᠭᠰᠡᠨ ᠦᠦᠰᠢᠨ ᠬᠤᠰᠢᠭᠤᠨ ᠤ᠋ ᠠᠷᠪᠠᠨ ᠬᠣᠶᠠᠳᠤᠭᠠᠷ ᠦᠶ᠎ᠡ ᠶ᠋ᠢᠨ ᠵᠠᠰᠠᠭ ᠨᠣᠶᠠᠨ ᠲᠡᠭᠦᠰᠠᠠᠮᠤᠭᠤᠯᠠᠩ ᠡᠨᠡ ᠬᠦ᠌ ᠰᠢᠨ᠎ᠡ ᠴᠠᠭ ᠤ᠋ᠨ ᠪᠠᠢᠳᠠᠯ ᠳ᠋ᠤ᠌ ᠭᠡᠨᠡᠳᠲᠡ ᠪᠠᠯᠠᠭ ᠠᠯᠳᠠᠭᠰᠠᠨ ᠶᠤᠮ ᠤᠤ? ᠡᠰᠡᠬᠦᠯ᠎ᠡ ᠡᠰᠡᠷᠭᠦᠴᠡᠬᠦ ᠬᠦᠴᠦᠨ ᠴᠢᠳᠠᠯ ᠦᠭᠡᠢ ᠳ᠋ᠡᠭᠡᠨ ᠮᠤᠬᠤᠷᠳᠠᠭᠰᠠᠨ ᠶᠤᠮ ᠤᠤ? ᠭᠤᠷᠪᠠᠨ ᠡᠲᠡᠭᠡᠳ ᠦ᠋ᠨ ᠭᠡᠷ᠎ᠡ ᠪᠢᠴᠢᠭ ᠳᠡᠭᠡᠷ᠎ᠡ ᠠᠷᠭ᠎ᠠ ᠪᠤᠰᠤ ᠭᠠᠷ ᠤ᠋ᠨ ᠦᠰᠦᠭ ᠵᠢᠷᠤᠵᠤ ᠲᠠᠮᠠᠭ᠎ᠠ ᠳᠠᠷᠤᠨ ᠵᠥᠪᠰᠢᠶᠡᠷᠡᠭᠰᠡᠨ ᠭᠡᠨ᠎ᠡ᠃ ᠡᠨᠡ ᠤᠳᠠᠭ᠎ᠠ ᠰᠠᠢᠨᠪᠠᠶᠠᠷ ᠢ᠋ ᠰᠢᠨᠡᠯᠡᠮ᠎ᠡ ᠳ᠋ᠦ᠍ ᠪᠠᠷ᠎ᠠ ᠪᠣᠯᠵᠤ ᠬᠠᠪᠰᠤᠷᠤᠭᠰᠠᠨ ᠭᠡᠳᠡᠭ᠃ ᠡᠨᠡ ᠪᠣᠯ ᠰᠠᠢᠨᠪᠠᠶᠠᠷ ᠤ᠋ᠨ ᠦᠦᠰᠢᠨ ᠳ᠋ᠡᠬᠢ ᠨᠢᠭᠡᠳᠦᠭᠡᠷ ᠤᠳᠠᠭᠠᠨ ᠤ᠋ ᠠᠵᠢᠯᠯᠠᠭ᠎ᠠ ᠪᠣᠯᠬᠤ ᠪᠥᠭᠡᠳ ᠡᠭᠦᠨ ᠦ᠌ ᠳᠠᠷᠠᠭ᠎ᠠ ᠲᠥᠪ ᠬᠣᠷᠢᠶᠠᠨ ᠤ᠋ ᠬᠥᠮᠦᠰ ᠣᠲᠣᠭ ᠬᠣᠰᠢᠭᠤ ᠪᠣᠯᠤᠨ ᠨᠢᠩᠰᠢᠶᠠ᠂ ᠠᠯᠠᠱᠠ ᠵᠦᠭ ᠮᠣᠷᠳᠠᠭᠰᠠᠨ ᠶᠤᠮ᠃
ᠰᠠᠢᠨᠪᠠᠶᠠᠷ1927 ᠣᠨ ᠤ᠋9 ᠰᠠᠷ᠎ᠠ ᠳ᠋ᠤ᠌ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠲᠥᠪ ᠬᠣᠷᠢᠶᠠᠨ ᠤ᠋ ᠳᠠᠷᠤᠭ᠎ᠠ ᠰᠡᠷᠡᠩᠳᠣᠩᠷᠣᠪ(ᠪᠠᠢ ᠶᠦᠨ ᠲᠢ) ᠲᠡᠢ ᠬᠠᠮᠲᠤᠷᠠᠵᠤ ᠨᠢᠩᠰᠢᠶᠠ ᠶ᠋ᠢᠨ ᠢᠷᠭᠠᠢ ᠬᠣᠲᠠ(ᠶᠢᠨᠴᠤᠸᠠᠨ) ᠳ᠋ᠤ᠌ ᠬᠤᠪᠢᠰᠬᠠᠯ ᠠ᠋ᠴᠠ ᠤᠷᠪᠠᠵᠤ᠂《ᠡᠪ ᠬᠠᠮᠲᠤ ᠨᠠᠮ ᠢ᠋ ᠡᠰᠡᠷᠭᠦᠴᠡᠬᠦ ᠥᠪᠥᠷ ᠮᠣᠩᠭᠣᠯ ᠤ᠋ᠨ ᠭᠣᠮᠢᠨᠳᠠᠩ ᠤ᠋ᠨ ᠲᠤᠩᠬᠠᠭ》 ᠢ᠋ ᠨᠡᠢᠲᠡᠯᠡᠵᠦ᠂ ᠰᠡᠷᠡᠩᠳᠣᠩᠷᠣᠪ ᠠ᠋ᠴᠠ ᠰᠠᠢᠨᠪᠠᠶᠠᠷ ᠲᠤ᠌ ᠳᠣᠲᠣᠭᠠᠳᠤ ᠮᠣᠩᠭᠣᠯ ᠤ᠋ᠨ ᠬᠤᠪᠢᠰᠬᠠᠯᠲᠤ ᠴᠡᠷᠢᠭ ᠠᠩᠭᠢ ᠶ᠋ᠢᠨ ᠮᠣᠷᠢᠲᠤ ᠴᠡᠷᠢᠭ ᠦ᠋ᠨ ᠨᠢᠭᠡᠳᠦᠭᠡᠷ ᠬᠣᠶᠠᠳᠤᠭᠠᠷ ᠶᠢᠩ ᠦ᠋ᠨ ᠳᠠᠯ᠎ᠠ ᠭᠠᠷᠤᠢ ᠮᠣᠷᠢᠲᠤ ᠴᠡᠷᠢᠭ ᠢ᠋ ᠥᠭᠴᠦ ᠦᠦᠰᠢᠨ ᠰᠢᠨᠠᠯᠠᠮ᠎ᠠ ᠶ᠋ᠢ ᠠᠷᠭᠠᠯᠠᠬᠤ ᠪᠠᠷ ᠶᠠᠪᠤᠭᠤᠯᠵᠠᠢ᠃ ᠲᠥᠪ ᠬᠣᠷᠢᠶᠠᠨ ᠤ᠋ ᠴᠡᠷᠢᠭ ᠢᠷᠭᠠᠢ ᠠ᠋ᠴᠠ ᠵᠡᠭᠦᠨ ᠡᠮᠦᠨᠡᠰᠢ ᠦᠦᠰᠢᠨ ᠬᠣᠰᠢᠭᠤ ᠵᠦᠭ ᠮᠣᠷᠳᠠᠭᠠᠳ9 ᠰᠠᠷ᠎ᠠ ᠶ᠋ᠢᠨ30 ᠳ᠋ᠤ᠌ ᠥᠨᠥ ᠶ᠋ᠢᠨ ᠬᠣᠢᠲᠤ ᠣᠲᠣᠭ ᠤ᠋ᠨ ᠡᠷᠬᠡᠲᠦ ᠰᠤᠮᠤ ᠰᠠᠭᠤᠭ᠎ᠠ ᠭᠠᠵᠠᠷ ᠳᠠᠷᠤᠢ ᠵᠢᠷᠦᠬᠡ ᠶ᠋ᠢᠨ ᠰᠦᠮ᠎ᠡ ᠳᠡᠭᠡᠷ᠎ᠡ ᠢᠷᠡᠬᠦ ᠳ᠋ᠦ᠍᠂ ᠰᠢᠨᠠᠯᠠᠮ᠎ᠠ ᠵᠠᠩᠭᠤᠲᠤ ᠶ᠋ᠢᠨ ᠪᠠᠢᠯᠳᠤᠭᠠᠨ ᠤ᠋ ᠲᠠᠯᠠᠪᠠᠢ ᠠ᠋ᠴᠠ ᠶᠠᠭᠠᠷᠠᠤ ᠰᠠᠨᠳᠤᠷᠤᠤ ᠬᠡᠳᠦᠨ ᠴᠡᠷᠢᠭ ᠳᠠᠭᠠᠭᠤᠯᠤᠨ ᠰᠠᠢᠨᠪᠠᠶᠠᠷ ᠪᠣᠯᠤᠨ ᠲᠥᠪ ᠬᠣᠷᠢᠶᠠᠨ ᠤ᠋ ᠴᠡᠷᠢᠭ ᠢ᠋ ᠪᠠᠶᠠᠷᠯᠠᠨ ᠤᠭᠲᠤᠬᠤ ᠪᠠᠷ ᠢᠷᠡᠪᠡ᠃ ᠰᠢᠨᠡᠯᠡᠮ᠎ᠡ ᠲᠡᠳᠡᠨ ᠢ᠋ ᠳᠠᠭᠠᠭᠤᠯᠤᠨ ᠲᠦᠷ ᠴᠠᠭ ᠦᠦᠰᠢᠨ ᠬᠤᠰᠢᠭᠤᠨ ᠤ᠋ ᠲᠣᠭᠣᠷᠢᠮ ᠤ᠋ᠨ ᠰᠦᠮ᠎ᠡ ᠳᠡᠭᠡᠷ᠎ᠡ(ᠥᠨᠥ ᠶ᠋ᠢᠨ ᠲᠣᠯᠢ ᠰᠤᠮᠤᠨ ᠤ᠋ ᠲᠣᠭᠣᠷᠢᠮ ᠭᠠᠴᠠᠭ᠎ᠠ) ᠰᠠᠭᠤᠯᠭᠠᠵᠤ᠂ ᠳᠠᠷᠠᠭ᠎ᠠ ᠨᠢ ᠬᠠᠯᠢᠭᠤᠲᠤ ᠶ᠋ᠢᠨ ᠰᠦᠮ᠎ᠡ(ᠥᠨᠥ ᠶ᠋ᠢᠨ ᠪᠠᠶᠠᠨᠴᠠᠢᠳᠠᠮ ᠰᠤᠮᠤ) ᠳᠡᠭᠡᠷ᠎ᠡ ᠰᠢᠯᠵᠢᠭᠦᠯᠦᠨ ᠰᠠᠭᠤᠯᠭᠠᠵᠠᠢ᠃ ᠰᠠᠢᠨᠪᠠᠶᠠᠷ ᠪᠣᠯᠤᠨ ᠲᠥᠪ ᠬᠣᠷᠢᠶ᠎ᠠ ᠶ᠋ᠢᠨ ᠴᠡᠷᠢᠭ ᠨᠢ1928 ᠣᠨ ᠤ᠋6 ᠰᠠᠷ᠎ᠠ ᠶ᠋ᠢᠨ ᠳᠤᠮᠳᠠᠴᠢ ᠬᠦᠷᠲᠡᠯ᠎ᠡ ᠬᠠᠭᠠᠰ ᠵᠢᠯ ᠰᠢᠬᠠᠮ ᠬᠠᠯᠢᠭᠤᠲᠤ ᠶ᠋ᠢᠨ ᠰᠦᠮ᠎ᠡ ᠳᠡᠭᠡᠷ᠎ᠡ ᠰᠠᠭᠤᠵᠤ᠂ ᠡᠨᠡ ᠬᠦ᠌ ᠬᠤᠭᠤᠴᠠᠭᠠᠨ ᠳ᠋ᠤ᠌ ᠰᠠᠢᠨᠪᠠᠶᠠᠷ ᠤ᠋ᠨ ᠳᠠᠭᠠᠭᠤᠯᠤᠭᠰᠠᠨ ᠲᠥᠪ ᠬᠣᠷᠢᠶ᠎ᠠ ᠶ᠋ᠢᠨ ᠴᠡᠷᠢᠭ ᠨᠢ ᠰᠢᠨᠡᠯᠡᠮ᠎ᠡ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠠᠩᠭᠢ ᠲᠠᠢ ᠬᠠᠮᠵᠢᠯᠴᠠᠵᠤ ᠲᠡᠮᠡᠭᠡᠲᠦ ᠶ᠋ᠢᠨ ᠵᠢᠩ ᠶᠤᠸᠠᠢ ᠰᠢᠦ ᠶ᠋ᠢᠨ ᠴᠡᠷᠢᠭ ᠢ᠋ ᠵᠠᠩᠭᠤᠲᠤ᠂ ᠥᠯᠥᠩ ᠵᠡᠷᠭᠡ ᠪᠠᠢᠯᠳᠤᠭᠠᠨ ᠤ᠋ ᠲᠠᠯᠠᠪᠠᠢ ᠠ᠋ᠴᠠ ᠭᠡᠳᠡᠷᠭᠦ ᠴᠣᠬᠢᠨ ᠤᠬᠤᠷᠢᠭᠤᠯᠵᠠᠢ᠃
ᠡᠳᠡᠭᠡᠷ ᠨᠢ ᠰᠡᠷᠡᠩᠳᠣᠩᠷᠣᠪ ᠤ᠋ᠨ ᠵᠠᠷᠯᠢᠭ ᠢ᠋ᠶ᠋ᠠᠷ ᠰᠠᠢᠨᠪᠠᠶᠠᠷ ᠦᠦᠰᠢᠨ ᠳ᠋ᠦ᠍ ᠢᠷᠡᠵᠦ ᠰᠢᠨᠡᠯᠡᠮ᠎ᠡ ᠶ᠋ᠢ ᠭᠣᠮᠢᠨᠳᠠᠩ ᠤ᠋ᠨ ᠲᠠᠯ᠎ᠠ ᠳ᠋ᠤ᠌ ᠪᠠᠭᠤᠯᠭᠠᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠨ ᠫᠤᠤ ᠵᠡᠪᠰᠡᠭ ᠢ᠋ ᠬᠣᠷᠢᠶᠠᠨ ᠠᠪᠴᠤ ᠴᠡᠷᠢᠭ ᠢ᠋ ᠨᠢ ᠲᠠᠷᠬᠠᠭᠠᠬᠤ ᠵᠣᠷᠢᠯᠭ᠎ᠠ ᠳ᠋ᠠᠭᠠᠨ ᠬᠦᠷᠴᠦ ᠴᠢᠳᠠᠭᠰᠠᠨ ᠦᠭᠡᠢ ᠴᠦ᠍ ᠰᠠᠨᠠᠭᠠᠴᠢᠯᠠᠭ᠎ᠠ ᠲᠠᠢ ᠪᠤᠶᠤ ᠰᠠᠨᠠᠭᠠᠴᠢᠯᠠᠭ᠎ᠠ ᠦᠭᠡᠢ ᠶᠠᠪᠤᠴᠠ ᠶ᠋ᠢᠨ ᠳᠤᠮᠳᠠ ᠡᠳᠦᠢ ᠲᠡᠳᠦᠢ ᠰᠠᠢᠨ ᠠᠵᠢᠯ ᠢ᠋ ᠬᠢᠭᠰᠡᠨ ᠶᠦᠮ ᠭᠡᠵᠦ ᠦᠵᠡᠨ᠎ᠡ᠃ ᠭᠡᠪᠡᠴᠦ ᠣᠷᠳᠣᠰ ᠠᠷᠠᠳ ᠤ᠋ᠨ ᠶᠠᠷᠢᠶᠠᠨ ᠳ᠋ᠤ᠌᠄《ᠬᠦᠴᠦᠯᠡᠬᠦ ᠨᠢ ᠬᠦᠷᠡᠩ ᠦᠬᠡᠷ᠂ ᠮᠢᠯᠢᠶᠠᠬᠤ ᠨᠢ ᠬᠠᠰᠠᠭ ᠲᠡᠷᠭᠡ》 ᠭᠡᠳᠡᠭᠴᠢᠯᠡᠨ ᠲᠡᠢᠨ ᠪᠠᠢᠯᠳᠤᠭᠠᠨ ᠤ᠋ ᠡᠮᠦᠨ᠎ᠡ ᠹᠷᠣᠨᠲ ᠲᠤ᠌ ᠪᠡᠶ᠎ᠡ ᠪᠡᠷ ᠢ᠋ᠶ᠋ᠡᠨ ᠴᠡᠷᠢᠭ ᠳᠠᠢᠴᠢᠯᠠᠭᠰᠠᠨ ᠭᠠᠪᠢᠶᠠᠲᠤ ᠬᠥᠮᠦᠨ ᠪᠣᠯ ᠴᠠᠬᠠᠷ ᠪᠠᠷᠠᠭᠤᠨ ᠭᠠᠷᠤᠨ ᠡᠮᠦᠨᠡᠲᠦ ᠬᠤᠰᠢᠭᠤᠨ ᠳ᠋ᠤ᠌ ᠨᠤᠲᠤᠭ ᠲᠠᠢ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠲᠥᠪ ᠬᠣᠷᠢᠶᠠᠨ ᠤ᠋ ᠭᠦᠢᠴᠡᠳᠬᠡᠬᠦ ᠭᠡᠰᠢᠭᠦᠨ᠂ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠮᠣᠷᠢᠲᠤ ᠴᠡᠷᠢᠭ ᠦ᠋ᠨ ᠨᠢᠭᠡᠳᠦᠭᠡᠷ ᠪᠠᠲ᠋ᠯᠢᠶᠤᠨ ᠤ᠋ ᠳᠠᠷᠤᠭ᠎ᠠ ᠰᠠᠢᠰᠢᠩᠭ᠎ᠠ(ᠵᠢᠢ ᠰᠥᠩ ᠯᠢᠩ) ᠨᠥᠬᠥᠷ ᠪᠣᠯᠤᠨ᠎ᠠ᠃ ᠬᠠᠷᠢᠨ ᠰᠠᠢᠨᠪᠠᠶᠠᠷ ᠵᠠᠩᠭᠤᠲᠤ ᠶ᠋ᠢᠨ ᠪᠠᠢᠯᠳᠤᠭᠠᠨ ᠳ᠋ᠤ᠌ ᠣᠷᠣᠯᠴᠠᠭᠠᠳ ᠳᠠᠷᠠᠭ᠎ᠠ ᠨᠢ ᠬᠠᠯᠢᠭᠤᠲᠤ ᠶ᠋ᠢᠨ ᠰᠦᠮ᠎ᠡ ᠳᠡᠭᠡᠷ᠎ᠡ ᠰᠠᠭᠤᠭᠠᠳ ᠪᠤᠰᠤᠳ ᠭᠠᠵᠠᠷ ᠶᠠᠪᠤᠭᠰᠠᠨ ᠦᠭᠡᠢ ᠪᠡᠷ ᠦᠯᠦ ᠪᠠᠷᠠᠮ ᠰᠢᠨᠡᠯᠡᠮ᠎ᠡ ᠶ᠋ᠢ ᠣᠯᠠᠨ ᠤᠳᠠᠭ᠎ᠠ ᠬᠠᠲᠠᠭᠤ ᠵᠥᠭᠡᠯᠡᠨ ᠠᠷᠭ᠎ᠠ ᠪᠠᠷ ᠰᠢᠬᠠᠮᠳᠠᠭᠤᠯᠵᠤ ᠭᠣᠮᠢᠨᠳᠠᠩ ᠤ᠋ᠨ ᠲᠠᠯ᠎ᠠ ᠳ᠋ᠤ᠌ ᠣᠷᠣᠭᠤᠯᠬᠤ ᠪᠠᠷ ᠣᠷᠣᠯᠳᠣᠭᠰᠠᠨ ᠳ᠋ᠤ᠌ ᠰᠢᠨᠠᠯᠠᠮ᠎ᠠ ᠣᠭᠲᠣ ᠵᠥᠪᠰᠢᠶᠡᠷᠡᠭᠰᠡᠨ ᠦᠭᠡᠢ ᠮᠥᠷᠲᠡᠭᠡᠨ ᠤᠷᠠᠨ ᠠᠷᠭ᠎ᠠ ᠭᠠᠷᠭᠠᠵᠤ《 ᠡᠢᠮᠦ ᠶᠡᠬᠡ ᠶᠠᠪᠤᠳᠠᠯ ᠢ᠋ ᠪᠢ ᠭᠠᠭᠴᠠᠭᠠᠷ ᠢ᠋ᠶ᠋ᠠᠨ ᠡᠵᠡᠨ ᠮᠡᠳᠡᠵᠦ ᠪᠣᠯᠬᠤ ᠦᠭᠡᠢ᠂ ᠬᠠᠷᠢᠨ ᠪᠦᠬᠦ ᠬᠤᠰᠢᠭᠤᠨ ᠤ᠋ ᠬᠡᠪᠴᠢᠶ᠎ᠡ ᠪᠡᠷ ᠲᠤᠰᠬᠠᠢ ᠬᠤᠷᠠᠯ ᠬᠢᠵᠦ ᠣᠯᠠᠨ ᠤ᠋ ᠰᠠᠨᠠᠯ ᠢ᠋ ᠠᠪᠤᠶ᠎ᠠ》 ᠭᠡᠮᠡᠨ ᠬᠠᠷᠢᠭᠤᠯᠵᠠᠢ᠃ ᠰᠡᠭᠦᠯᠡᠷ ᠪᠦᠬᠦ ᠬᠤᠰᠢᠭᠤᠨ ᠤ᠋ ᠬᠡᠪᠴᠢᠶ᠎ᠡ ᠪᠡᠷ1928 ᠣᠨ ᠤ᠋4 ᠰᠠᠷ᠎ᠠ ᠳ᠋ᠤ᠌ ᠦᠦᠰᠢᠨ ᠬᠤᠰᠢᠭᠤᠨ ᠤ᠋ ᠬᠠᠯᠢᠭᠤᠲᠤ ᠶ᠋ᠢᠨ ᠰᠦᠮ᠎ᠡ ᠳᠡᠭᠡᠷ᠎ᠡ(ᠲᠥᠪ ᠬᠣᠷᠢᠶᠠᠨ ᠤ᠋ ᠪᠦᠷᠢᠨ ᠡᠷᠬᠡᠲᠦ ᠲᠥᠯᠥᠭᠡᠯᠡᠭᠴᠢ ᠪᠣᠯᠤᠨ ᠲᠥᠪ ᠬᠣᠷᠢᠶᠠᠨ ᠤ᠋ ᠴᠡᠷᠢᠭ ᠦ᠋ᠨ ᠰᠧᠯᠢᠩᠪᠦ᠋ ᠰᠠᠭᠤᠭ᠎ᠠ ᠭᠠᠵᠠᠷ) ᠪᠦᠬᠦ ᠬᠤᠰᠢᠭᠤᠨ ᠤ᠋ ᠠᠷᠪᠠᠨ ᠳᠣᠯᠣᠭᠠᠨ ᠡᠭᠦᠷ ᠦ᠋ᠨ ᠱᠦᠵᠢ ᠨᠠᠷ ᠪᠠ ᠳᠤᠭᠤᠢᠯᠠᠩ ᠤ᠋ᠨ ᠲᠥᠯᠥᠭᠡᠯᠡᠭᠴᠢ ᠣᠷᠣᠯᠴᠠᠭᠰᠠᠨ ᠶᠡᠬᠡ ᠬᠤᠷᠠᠯ ᠢ᠋ ᠬᠤᠷᠠᠯᠳᠤᠭᠤᠯᠵᠤ ᠬᠤᠷᠠᠯ ᠳᠡᠭᠡᠷ᠎ᠡ《ᠭᠣᠮᠢᠨᠳᠠᠩ ᠢ᠋ ᠳᠠᠭᠠᠬᠤ ᠪᠠ ᠡᠰᠡ ᠳᠠᠭᠠᠬᠤ ᠠᠰᠠᠭᠤᠳᠠᠯ ᠢ᠋ ᠲᠤᠰᠬᠠᠢᠯᠠᠨ ᠶᠠᠷᠢᠯᠴᠠᠭᠤᠯᠪᠠ》᠂ ᠬᠤᠷᠠᠯ ᠳ᠋ᠤ᠌ ᠣᠷᠣᠯᠴᠠᠭᠰᠠᠳ ᠪᠦᠷᠢ ᠰᠢᠨᠠᠯᠠᠮ᠎ᠠ ᠶ᠋ᠢᠨ ᠲᠠᠯ᠎ᠠ ᠳ᠋ᠤ᠌ ᠵᠣᠭᠰᠣᠨ᠂ ᠰᠠᠢᠨᠪᠠᠶᠠᠷ ᠤ᠋ᠨ ᠰᠠᠨᠠᠯ ᠢ᠋ ᠣᠭᠲᠣ ᠵᠥᠪᠰᠢᠶᠡᠷᠡᠭᠰᠡᠨ ᠦᠭᠡᠢ ᠮᠥᠷᠲᠡᠭᠡᠨ ᠬᠠᠷᠢᠭᠤ ᠪᠤᠷᠤᠭᠤᠰᠢᠶᠠᠵᠠᠢ᠃ ᠡᠭᠦᠨ ᠦ᠌ ᠳᠠᠷᠠᠭ᠎ᠠ ᠰᠢᠨᠡᠯᠡᠮ᠎ᠡ ᠡᠨᠡ ᠬᠦ᠌ ᠲᠣᠬᠢᠶᠠᠯ ᠢ᠋ᠶ᠋ᠠᠷ ᠲᠥᠪ ᠬᠣᠷᠢᠶᠠᠨ ᠤ᠋ ᠪᠦᠷᠢᠨ ᠡᠷᠬᠡᠲᠦ ᠲᠥᠯᠥᠭᠡᠯᠡᠭᠴᠢ ᠰᠠᠢᠨᠪᠠᠶᠠᠷ ᠲᠤ᠌᠄《ᠪᠢ ᠭᠠᠭᠴᠠᠭᠠᠷ ᠢ᠋ᠶ᠋ᠠᠨ ᠵᠥᠪᠰᠢᠶᠡᠷᠡᠬᠦ ᠦᠭᠡᠢ ᠪᠢᠰᠢ᠂ ᠪᠦᠬᠦ ᠬᠣᠰᠢᠭᠤ ᠳᠠᠶᠠᠭᠠᠷ ᠢ᠋ᠶ᠋ᠠᠨ ᠵᠥᠪᠰᠢᠶᠡᠷᠡᠬᠦ ᠦᠭᠡᠢ ᠪᠠᠢᠭ᠎ᠠ ᠶ᠋ᠢ ᠡᠷᠬᠢᠮ ᠳᠡᠳ᠋ ᠰᠧᠯᠢᠩ ᠨᠣᠶᠠᠨ ᠲᠠ ᠨᠢᠳᠦ ᠪᠡᠷ ᠢ᠋ᠶ᠋ᠡᠨ ᠦᠵᠡᠵᠦ ᠴᠢᠬᠢ ᠪᠡᠷ ᠢ᠋ᠶ᠋ᠡᠨ ᠰᠣᠨᠣᠰᠤᠯ᠎ᠠ ᠪᠠ ⁈》 ᠭᠡᠮᠡᠨ ᠭᠠᠷᠲᠠᠭᠠᠵᠠᠢ᠃
ᠢᠷᠭᠠᠢ ᠶ᠋ᠢᠨ ᠦᠨᠳᠦᠰᠦᠲᠡᠨ ᠦ᠌ ᠪᠠᠭᠰᠢ ᠶ᠋ᠢᠨ ᠰᠤᠷᠭᠠᠭᠤᠯᠢ ᠳ᠋ᠤ᠌ ᠪᠠᠭᠰᠢᠯᠠᠵᠤ ᠪᠠᠢᠭᠰᠠᠨ ᠦᠦᠰᠢᠨ ᠬᠤᠰᠢᠭᠤᠨ ᠳ᠋ᠤ᠌ ᠨᠤᠲᠤᠭ ᠲᠠᠢ ᠰᠠᠢᠰᠢᠩᠭ᠎ᠠ ᠨᠥᠬᠥᠷ ᠰᠤᠷᠤᠭᠴᠢᠳ ᠢ᠋ᠶ᠋ᠠᠨ ᠳᠠᠢᠴᠢᠯᠠᠨ ᠰᠡᠷᠡᠩᠳᠣᠩᠷᠣᠪ ᠰᠠᠢᠨᠪᠠᠶᠠᠷ ᠨᠠᠷ ᠤ᠋ᠨ ᠨᠠᠮ ᠠ᠋ᠴᠠ ᠤᠷᠪᠠᠭᠰᠠᠨ ᠠᠵᠢᠯᠯᠠᠭ᠎ᠠ ᠲᠠᠢ ᠲᠡᠮᠡᠴᠡᠯ ᠬᠢᠵᠦ ᠢᠯᠠᠭᠳᠠᠭᠠᠳ ᠠᠷᠭ᠎ᠠ ᠪᠤᠰᠤ ᠵᠠᠷᠢᠮ ᠰᠤᠷᠤᠭᠴᠢᠳ ᠢ᠋ᠶ᠋ᠠᠨ ᠳᠠᠭᠠᠭᠤᠯᠤᠨ ᠰᠠᠢᠨᠪᠠᠶᠠᠷ ᠠ᠋ᠴᠠ ᠡᠮᠦᠨ᠎ᠡ ᠵᠠᠪᠳᠤᠵᠤ ᠦᠦᠰᠢᠨ ᠬᠤᠰᠢᠭᠤᠨ ᠳ᠋ᠠᠭᠠᠨ ᠬᠠᠷᠢᠵᠤ ᠢᠷᠡᠭᠡᠳ ᠰᠢᠨᠡᠯᠡᠮ᠎ᠡ ᠶ᠋ᠢᠨ ᠬᠤᠪᠢᠰᠬᠠᠯᠲᠤ ᠬᠥᠳᠡᠯᠭᠡᠭᠡᠨ ᠳ᠋ᠦ᠍ ᠢᠳᠡᠪᠬᠢᠲᠡᠢ ᠣᠷᠣᠯᠴᠠᠵᠠᠢ᠃ ᠰᠠᠢᠨᠪᠠᠶᠠᠷ ᠬᠠᠯᠢᠭᠤᠲᠤ ᠶ᠋ᠢᠨ ᠰᠦᠮ᠎ᠡ ᠳ᠋ᠦ᠍ ᠰᠠᠭᠤᠭ᠎ᠠ ᠬᠤᠭᠤᠴᠠᠭᠠᠨ ᠳ᠋ᠤ᠌ ᠢᠷᠭᠠᠢ ᠳ᠋ᠠᠬᠢ ᠬᠣᠣᠷ ᠢ᠋ᠶ᠋ᠠᠨ ᠦᠦᠰᠢᠨ ᠳ᠋ᠦ᠍ ᠭᠠᠷᠭᠠᠵᠤ ᠥᠪᠡᠷ ᠦ᠋ᠨ ᠬᠥᠮᠦᠨ ᠢ᠋ᠶ᠋ᠡᠨ ᠰᠡᠮᠡᠬᠡᠷ ᠵᠠᠷᠤᠵᠤ ᠰᠠᠢᠰᠢᠩᠭ᠎ᠠ ᠪᠣᠯᠤᠨ ᠰᠢᠷᠠᠪᠵᠠᠪ(1925 ᠣᠨ ᠳ᠋ᠤ᠌ ᠰᠢᠨᠠᠯᠠᠮ᠎ᠠ ᠶ᠋ᠢ ᠳᠠᠭᠠᠵᠤ ᠭᠠᠳᠠᠭᠠᠳᠤ ᠤᠯᠤᠰ ᠲᠤ᠌ ᠴᠡᠷᠢᠭ ᠦ᠋ᠨ ᠰᠤᠷᠭᠠᠭᠴᠢ ᠶ᠋ᠢᠨ ᠰᠤᠷᠭᠠᠭᠤᠯᠢ ᠳ᠋ᠤ᠌ ᠰᠤᠷᠤᠯᠴᠠᠵᠤ ᠪᠤᠴᠠᠵᠤ ᠢᠷᠡᠭᠡᠳ ᠰᠢᠨᠡᠯᠡᠮ᠎ᠡ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠨ ᠰᠤᠷᠭᠠᠭᠴᠢ ᠪᠠᠷ ᠭᠢᠯᠠᠷᠠᠭᠤᠯᠵᠤ ᠶᠠᠪᠤᠵᠠᠢ) ᠬᠣᠶᠠᠭᠤᠯᠠ ᠶ᠋ᠢᠨ ᠮᠣᠷᠢ ᠲᠡᠵᠢᠭᠡᠳᠡᠭ ᠲᠠᠭᠠᠷᠴᠤᠭ ᠲᠤᠨᠢ ᠲᠤᠰ ᠲᠤᠰ ᠨᠢᠭᠡ ᠰᠣᠷᠣᠭᠤᠯ ᠤ᠋ᠨ ᠯᠣᠩᠬᠣ ᠲᠠᠢ ᠬᠠᠷ᠎ᠠ ᠲᠠᠮᠠᠬᠢ ᠶ᠋ᠢ ᠨᠢᠭᠤᠴᠠ ᠪᠠᠷ ᠰᠠᠪᠠᠯᠠᠵᠤ ᠲᠠᠯᠪᠢᠪᠠ᠃ ᠲᠡᠭᠡᠭᠡᠳ ᠴᠡᠷᠢᠭ ᠲᠣᠮᠢᠯᠠᠨ ᠭᠡᠨᠡᠳᠲᠡ ᠰᠠᠢᠰᠢᠩᠭ᠎ᠠ ᠰᠢᠷᠠᠪᠵᠠᠪ ᠬᠣᠶᠠᠭᠤᠯᠠ ᠶ᠋ᠢ ᠪᠠᠷᠢᠵᠤ ᠤᠶᠠᠵᠠᠢ᠃ ᠲᠡᠳᠡᠨᠦᠰ ᠢ᠋ᠶ᠋ᠡᠷ ᠳᠡᠮᠡᠢ ᠥᠴᠢᠭᠯᠡᠭᠦᠯᠦᠭᠰᠡᠨ ᠴᠦ᠍ ᠦᠭᠡᠢ ᠪᠡᠷ《ᠴᠡᠷᠢᠭ ᠦ᠋ᠨ ᠰᠤᠷᠭᠠᠭᠴᠢ ᠪᠠ ᠪᠠᠭᠰᠢ ᠬᠥᠮᠦᠨ ᠪᠠᠢᠭᠠᠳ ᠬᠣᠷᠢᠭ᠎ᠠ ᠴᠠᠭᠠᠵᠠ ᠲᠠᠢ ᠬᠣᠣᠷ ᠢ᠋ ᠮᠣᠷᠢᠨ ᠲᠠᠭᠠᠷᠴᠤᠭ ᠲᠠᠭᠠᠨ ᠨᠢᠭᠤᠵᠤ ᠬᠠᠳᠠᠭᠠᠯᠠᠬᠤ ᠳ᠋ᠠᠭᠠᠨ᠁》 ᠭᠡᠮᠡᠨ ᠰᠠᠢᠨᠪᠠᠶᠠᠷ ᠳᠡᠳ᠋ ᠰᠸᠯᠢᠩ ᠪᠠ ᠣᠨᠴᠠ ᠲᠣᠮᠢᠯᠠᠭᠰᠠᠨ ᠲᠥᠯᠥᠭᠡᠯᠡᠭᠴᠢ ᠶ᠋ᠢᠨ ᠡᠷᠬᠡ ᠲᠤᠰᠢᠶᠠᠯ ᠢ᠋ᠶ᠋ᠠᠨ ᠠᠰᠢᠭᠯᠠᠵᠤ᠂ ᠳᠠᠷᠠᠭ᠎ᠠ ᠡᠳᠦᠷ ᠨᠢ ᠳᠠᠷᠤᠢ1928 ᠣᠨ ᠤ᠋2 ᠰᠠᠷ᠎ᠠ ᠳ᠋ᠤ᠌ ᠰᠠᠢᠰᠢᠩᠭ᠎ᠠ ᠪᠠ ᠰᠢᠷᠠᠪᠵᠠᠪ ᠬᠣᠶᠠᠭᠤᠯᠠ ᠶ᠋ᠢ ᠪᠤᠰᠤᠳ ᠬᠣᠶᠠᠷ ᠨᠥᠬᠥᠷ ᠲᠡᠢ ᠬᠠᠮᠲᠤ ᠪᠠᠷ ᠴᠡᠷᠢᠭ ᠦ᠋ᠨ ᠴᠠᠭᠠᠵᠠ ᠪᠠᠷ ᠬᠠᠷᠪᠤᠨ ᠠᠯᠠᠵᠠᠢ᠃
ᠡᠨᠡ ᠬᠦ᠌ ᠬᠢᠯᠢᠰ ᠤᠴᠢᠷ ᠲᠤ᠌ ᠰᠢᠨᠡᠯᠡᠮ᠎ᠡ ᠪᠣᠯᠤᠨ ᠦᠦᠰᠢᠨ ᠬᠤᠰᠢᠭᠤᠨ ᠤ᠋ ᠬᠥᠮᠦᠰ ᠲᠤᠩ ᠳᠤᠷ᠎ᠠ ᠦᠭᠡᠢᠴᠡᠭᠰᠡᠨ ᠪᠠᠢᠨ᠎ᠠ᠃ ᠰᠠᠢᠨᠪᠠᠶᠠᠷ ᠦᠦᠰᠢᠨ ᠦ᠌ ᠬᠥᠮᠦᠰ ᠲᠦ᠍ ᠢᠩᠭᠢᠵᠦ ᠬᠠᠨᠳᠤᠭᠰᠠᠨ ᠢ᠋ᠶ᠋ᠠᠷ ᠪᠠᠷᠠᠬᠤ ᠦᠭᠡᠢ᠂ ᠦᠦᠰᠢᠨ ᠳ᠋ᠦ᠍ ᠬᠠᠮᠲᠤ ᠢᠷᠡᠭᠰᠡᠨ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠮᠣᠷᠢᠲᠤ ᠴᠡᠷᠢᠭ ᠦ᠋ᠨ ᠨᠢᠭᠡᠳᠦᠭᠡᠷ ᠪᠠᠲ᠋ᠯᠢᠶᠤᠨ ᠤ᠋ ᠳᠠᠷᠤᠭ᠎ᠠ ᠰᠠᠢᠰᠢᠩᠭ᠎ᠠ ᠨᠥᠬᠥᠷ ᠢ᠋ ᠭᠠᠳᠠᠭᠤᠷᠴᠢᠯᠠᠨ ᠰᠢᠬᠠᠵᠤ ᠴᠡᠷᠢᠭ ᠠᠩᠭᠢ ᠠ᠋ᠴᠠ ᠨᠢ ᠠᠩᠭᠢᠵᠢᠷᠠᠭᠤᠯᠬᠤ ᠬᠡᠮᠵᠢᠶᠡᠨ ᠳ᠋ᠦ᠍ ᠬᠦᠷᠭᠡᠵᠡᠢ᠃ ᠰᠠᠢᠨᠪᠠᠶᠠᠷ ᠡᠨᠡ ᠮᠡᠲᠦ ᠭᠦᠵᠢᠷᠳᠡᠭᠦᠯᠦᠭᠰᠡᠨ ᠪᠤᠶᠤ ᠵᠣᠬᠢᠰ ᠦᠭᠡᠢ ᠤᠴᠢᠷ ᠤ᠋ᠳ ᠢ᠋ ᠣᠬᠣᠷᠬᠠᠨ ᠬᠤᠭᠤᠴᠠᠭᠠᠨ ᠳ᠋ᠤ᠌ ᠨᠡᠯᠢᠶᠡᠳ ᠦᠢᠯᠡᠳᠦᠭᠰᠡᠨ ᠪᠠᠢᠵᠠᠢ᠃
ᠰᠠᠢᠨᠪᠠᠶᠠᠷ ᠣᠯᠠᠨ ᠤᠳᠠᠭ᠎ᠠ ᠰᠢᠨᠠᠯᠠᠮ᠎ᠠ ᠶ᠋ᠢ ᠪᠠᠭᠤᠯᠭᠠᠨ ᠠᠪᠬᠤ ᠭᠡᠳ ᠪᠦᠲᠦᠭᠰᠡᠨ ᠦᠭᠡᠢ ᠲᠤᠯᠠ ᠮᠡᠬᠦᠰᠳᠡᠬᠦ ᠳ᠋ᠡᠭᠡᠨ ᠰᠢᠨᠠᠯᠠᠮ᠎ᠠ ᠳ᠋ᠤ᠌ ᠬᠠᠲᠠᠭᠤ ᠣᠷᠣᠵᠤ᠄《ᠪᠢ ᠪᠣᠯ ᠲᠥᠪ ᠬᠣᠷᠢᠶᠠᠨ ᠤ᠋ ᠣᠨᠴᠠ ᠲᠣᠮᠢᠯᠠᠭᠰᠠᠨ ᠲᠥᠯᠥᠭᠡᠯᠡᠭᠴᠢ᠂ ᠴᠡᠷᠢᠭ ᠦ᠋ᠨ ᠳᠡᠳ᠋ ᠰᠸᠯᠢᠩ᠂ ᠴᠡᠷᠢᠭ ᠢ᠋ᠶ᠋ᠡᠨ ᠳᠠᠭᠠᠭᠤᠯᠤᠨ ᠨᠠᠮᠠᠶ᠋ᠢ ᠳᠠᠭᠠᠵᠤ ᠢᠷᠭᠠᠢ ᠳ᠋ᠤ᠌ ᠣᠴᠢᠬᠤ ᠬᠡᠷᠡᠭᠲᠡᠢ᠃ ᠴᠢ ᠳᠤᠷ᠎ᠠ ᠦᠭᠡᠢ ᠴᠦ᠍ ᠭᠡᠰᠡᠨ ᠵᠠᠷᠯᠢᠭ ᠢ᠋ ᠵᠠᠪᠠᠯ ᠳᠠᠭᠠᠬᠤ ᠬᠡᠷᠡᠭᠲᠡᠢ》 ᠭᠡᠵᠦ ᠵᠠᠷᠯᠢᠭᠳᠠᠨ ᠰᠢᠬᠠᠮᠳᠠᠭᠤᠯᠤᠭᠰᠠᠨ ᠳ᠋ᠤ᠌ ᠰᠢᠨᠠᠯᠠᠮ᠎ᠠ ᠶᠡᠬᠡ ᠲᠠᠯ᠎ᠠ ᠶ᠋ᠢ ᠪᠣᠳᠣᠯᠬᠢᠯᠠᠨ ᠠᠯᠤᠰ ᠢ᠋ ᠬᠠᠷᠠᠵᠤ ᠦᠦᠰᠢᠨ ᠳ᠋ᠦ᠍ ᠳᠠᠬᠢᠨ ᠰᠠᠮᠠᠭᠤᠷᠠᠯ ᠭᠠᠷᠬᠤ ᠠ᠋ᠴᠠ ᠵᠠᠢᠯᠠᠰᠬᠢᠬᠦ ᠶ᠋ᠢᠨ ᠲᠤᠰᠠᠳᠠ᠂ ᠠᠷᠭ᠎ᠠ ᠪᠤᠰᠤ ᠰᠠᠢᠨᠪᠠᠶᠠᠷ ᠤ᠋ᠨ ᠠᠶ᠎ᠠ ᠶ᠋ᠢ ᠳᠠᠭᠠᠭᠤᠯᠤᠨ ᠢᠷᠭᠠᠢ ᠵᠦᠭ ᠲᠦᠷ ᠮᠣᠷᠳᠠᠬᠤ ᠪᠠᠷ ᠪᠣᠯᠵᠠᠢ᠃①
— — — —
①1971 ᠣᠨ ᠤ᠋ ᠡᠪᠦᠯ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠮᠣᠷᠢᠲᠤ ᠴᠡᠷᠢᠭ ᠦ᠋ᠨ ᠨᠢᠭᠡᠳᠦᠭᠡᠷ ᠪᠠᠲ᠋ᠯᠢᠶᠤᠨ ᠤ᠋ ᠺᠣᠮᠢᠰᠰᠠᠷ ᠪᠠᠢᠭᠰᠠᠨ ᠪᠠᠳᠠᠷᠠᠬᠤ ᠨᠠᠰᠤᠲᠠᠨ ᠤ᠋ ᠶᠠᠷᠢᠭᠰᠠᠨ ᠢ᠋ ᠡᠮᠬᠢᠳᠬᠡᠪᠡ᠃
2. ᠬᠣᠷᠴᠢᠨ(ᠬᠠᠷᠠᠴᠢᠨ) ᠴᠡᠷᠢᠭ ᠲᠡᠢ ᠪᠠᠢᠯᠳᠤᠭᠰᠠᠨ
ᠬᠣᠷᠴᠢᠨ ᠴᠡᠷᠢᠭ ᠭᠡᠳᠡᠭ ᠨᠢ ᠳᠠᠷᠤᠢ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠮᠣᠷᠢᠲᠤ ᠴᠡᠷᠢᠭ ᠦ᠋ᠨ ᠨᠢᠭᠡᠳᠦᠭᠡᠷ ᠬᠣᠶᠠᠳᠤᠭᠠᠷ ᠪᠠᠲ᠋ᠯᠢᠶᠤᠨ ᠤ᠋ ᠴᠡᠷᠢᠭ ᠢ᠋ ᠵᠢᠭᠠᠵᠤ ᠪᠣᠢ᠃ ᠡᠨᠡ ᠴᠡᠷᠢᠭ ᠠᠩᠭᠢ ᠶ᠋ᠢᠨ ᠵᠢᠯᠣᠭᠣᠳᠤᠭᠴᠢ ᠨᠢ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠵᠥᠪᠯᠡᠭᠴᠢ ᠶ᠋ᠢᠨ ᠳᠠᠷᠤᠭ᠎ᠠ᠂ ᠮᠣᠷᠢᠲᠤ ᠴᠡᠷᠢᠭ ᠦ᠋ᠨ ᠨᠢᠭᠡᠳᠦᠭᠡᠷ ᠯᠢᠦᠢ ᠶ᠋ᠢᠨ ᠯᠢᠦᠢᠵᠠᠩ᠂ ᠡᠮᠦᠨ᠎ᠡ ᠹᠷᠣᠨᠲ ᠤ᠋ᠨ ᠶᠡᠷᠦᠩᠬᠡᠢ ᠵᠢᠯᠣᠭᠣᠳᠤᠭᠴᠢ ᠲᠥᠪ ᠬᠣᠷᠢᠶᠠᠨ ᠤ᠋ ᠣᠨᠴᠠ ᠲᠣᠮᠢᠯᠠᠭᠰᠠᠨ ᠲᠥᠯᠥᠭᠡᠯᠡᠭᠴᠢ ᠰᠠᠢᠨᠪᠠᠶᠠᠷ(ᠪᠤᠤ ᠢᠦᠢ ᠴᠢᠩ) ᠪᠣᠯ ᠵᠢᠷᠢᠮ ᠦ᠋ᠨ ᠴᠢᠭᠤᠯᠭᠠᠨ ᠤ᠋ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠳ᠋ᠤ᠌ ᠨᠤᠲᠤᠭ ᠲᠠᠢ ᠬᠥᠮᠦᠨ ᠶᠦᠮ᠃ ᠲᠡᠭᠦᠨ ᠦ᠌ ᠦᠦᠰᠢᠨ ᠬᠤᠰᠢᠭᠤᠨ ᠳ᠋ᠤ᠌ ᠳᠠᠭᠠᠭᠤᠯᠵᠤ ᠢᠷᠡᠭᠰᠡᠨ ᠮᠣᠷᠢᠲᠤ ᠴᠡᠷᠢᠭ ᠦ᠋ᠨ ᠳᠣᠲᠣᠷ᠎ᠠ ᠨᠡᠯᠢᠶᠡᠳ ᠨᠢ ᠬᠣᠷᠴᠢᠨ ᠨᠤᠲᠤᠭ ᠲᠠᠢ᠃ ᠡᠢᠮᠦ ᠡᠴᠡ ᠬᠣᠷᠴᠢᠨ ᠬᠥᠮᠦᠨ ᠳᠠᠭᠠᠭᠤᠯᠤᠭᠰᠠᠨ ᠪᠤᠶᠤ ᠬᠣᠷᠴᠢᠨ ᠴᠡᠷᠢᠭ ᠭᠡᠵᠦ ᠳᠠᠭᠤᠳᠠᠭᠠᠳ᠂ ᠪᠠᠰᠠ ᠲᠥᠪ ᠬᠣᠷᠢᠶᠠᠨ ᠠ᠋ᠴᠠ ᠢᠷᠡᠭᠰᠡᠨ ᠴᠡᠷᠢᠭ ᠲᠤᠯᠠ ᠲᠥᠪ ᠬᠣᠷᠢᠶᠠᠨ ᠤ᠋ ᠴᠡᠷᠢᠭ ᠭᠡᠵᠦ ᠴᠦ᠍ ᠬᠡᠯᠡᠯᠴᠡᠳᠡᠭ᠂ ᠬᠠᠷᠠᠴᠢᠨ ᠴᠡᠷᠢᠭ ᠭᠡᠵᠦ ᠴᠦ᠍ ᠬᠡᠯᠡᠳᠡᠭ᠃
ᠦᠦᠰᠢᠨᠴᠦᠳ ᠲᠡᠷᠡ ᠦᠶ᠎ᠡ ᠳ᠋ᠦ᠍ ᠬᠣᠷᠴᠢᠨ ᠢ᠋ ᠬᠠᠷᠠᠴᠢᠨ ᠭᠡᠵᠦ ᠠᠪᠢᠶ᠎ᠠ ᠬᠤᠳᠬᠤᠯᠳᠤᠭᠤᠯᠤᠨ ᠳᠠᠭᠤᠳᠠᠵᠤ ᠬᠣᠢᠰᠢᠳᠠ ᠶ᠋ᠢᠨ ᠣᠯᠠᠨ ᠵᠢᠯ ᠦ᠋ᠨ ᠬᠤᠭᠤᠴᠠᠭᠠᠨ ᠳ᠋ᠤ᠌《ᠬᠠᠷᠠᠴᠢᠨ ᠴᠡᠷᠢᠭ》 ᠭᠡᠵᠦ ᠬᠡᠯᠡᠯᠴᠡᠭᠡᠳ ᠵᠠᠩᠰᠢᠵᠠᠢ᠃ ᠡᠢᠮᠦ ᠡᠴᠡ ᠠᠷᠠᠳ ᠤ᠋ᠨ ᠠᠮᠠᠨ ᠶᠠᠷᠢᠶᠠᠨ ᠳ᠋ᠤ᠌ ᠵᠠᠩᠰᠢᠴᠢᠬᠠᠭᠰᠠᠨ ᠶᠣᠰᠣᠭᠠᠷ ᠳᠣᠭᠣᠭᠰᠢ ᠮᠥᠨ《ᠬᠠᠷᠠᠴᠢᠨ ᠴᠡᠷᠢᠭ》 ᠭᠡᠵᠦ ᠠᠪᠤᠪᠠ᠃
1928 ᠣᠨ ᠤ᠋6 ᠰᠠᠷ᠎ᠠ ᠶ᠋ᠢᠨ2 ᠤ᠋ ᠡᠳᠦᠷ ᠰᠠᠢᠨᠪᠠᠶᠠᠷ ᠢᠷᠭᠠᠢ ᠠ᠋ᠴᠠ ᠰᠡᠷᠡᠩᠳᠣᠩᠷᠣᠪ ᠤ᠋ᠨ《ᠰᠢᠨᠡᠯᠡᠮ᠎ᠡ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠢ᠋ ᠠᠯᠪᠠᠲᠠᠨ ᠳᠠᠭᠠᠭᠤᠯᠵᠤ ᠡᠷᠬᠡᠪᠰᠢ ᠢᠷᠭᠠᠢ ᠳ᠋ᠤ᠌ ᠠᠪᠴᠢᠷᠠᠬᠤ ᠬᠡᠷᠡᠭᠲᠡᠢ᠁》 ᠭᠡᠰᠡᠨ ᠵᠠᠬᠢᠳᠠᠯ ᠢ᠋ ᠣᠯᠵᠤ ᠠᠪᠴᠠᠢ᠃ ᠡᠢᠮᠦ ᠪᠠᠢᠳᠠᠯ ᠳᠣᠣᠷ᠎ᠠ ᠰᠢᠨᠡᠯᠡᠮ᠎ᠡ᠄《ᠬᠣᠰᠢᠭᠤ ᠨᠤᠲᠤᠭ ᠤ᠋ᠨ ᠢ᠋ᠶ᠋ᠠᠨ ᠠᠮᠤᠷ ᠢ᠋ ᠬᠠᠮᠠᠭᠠᠯᠠᠬᠤ ᠶ᠋ᠢᠨ ᠲᠥᠯᠥᠭᠡ ᠮᠠᠨ ᠤ᠋ ᠴᠡᠷᠢᠭ ᠡᠴᠡ ᠵᠠᠷᠢᠮ ᠢ᠋ ᠨᠢ ᠬᠤᠰᠢᠭᠤᠨ ᠳ᠋ᠤᠨᠢ ᠦᠯᠡᠳᠡᠭᠡᠬᠦ ᠪᠣᠯᠪᠠ ᠤᠤ?》 ᠭᠡᠮᠡᠨ ᠭᠤᠶᠤᠯᠲᠠ ᠭᠠᠷᠭᠠᠭᠰᠠᠨ ᠴᠤ᠌ ᠲᠤᠰᠠ ᠪᠣᠯᠤᠭᠰᠠᠨ ᠦᠭᠡᠢ᠃ ᠢᠩᠭᠢᠭᠡᠳ ᠰᠢᠨᠡᠯᠡᠮ᠎ᠡ᠂ ᠰᠧᠯᠢᠩ ᠨᠣᠶᠠᠨ ᠤ᠋ ᠬᠦᠰᠡᠯ ᠳ᠋ᠦ᠍ᠷ ᠨᠡᠢᠴᠡᠭᠦᠯᠦᠨ ᠠᠶ᠎ᠠ ᠶ᠋ᠢ ᠨᠢ ᠳᠠᠭᠠᠵᠤ ᠠᠷᠭ᠎ᠠ ᠪᠠᠷ ᠦᠵᠡᠯᠴᠡᠬᠦ ᠪᠡᠷ ᠪᠣᠯᠵᠠᠢ᠃
ᠲᠤᠬᠠᠢ ᠶ᠋ᠢᠨ ᠦᠶ᠎ᠡ ᠳ᠋ᠦ᠍ ᠰᠢᠨᠠᠯᠠᠮ᠎ᠠ ᠶ᠋ᠢᠨ ᠴᠡᠷᠢᠭ ᠪᠣᠯᠤᠨ ᠬᠠᠷᠠᠴᠢᠨ ᠴᠡᠷᠢᠭ ᠨᠢ ᠬᠣᠭᠣᠷᠣᠨᠳᠣ ᠪᠠᠨ ᠰᠡᠵᠢᠭ ᠡᠷᠡᠭᠡᠯᠵᠡᠭᠡ ᠲᠡᠢ ᠰᠣᠨᠣᠷ ᠰᠡᠷᠡᠮᠵᠢ ᠲᠡᠢ ᠪᠣᠯᠵᠤ᠂ ᠬᠠᠯᠢᠭᠤᠲᠤ ᠠ᠋ᠴᠠ ᠮᠣᠷᠳᠠᠬᠤ ᠳ᠋ᠠᠭᠠᠨ ᠬᠠᠷᠠᠴᠢᠨ ᠴᠡᠷᠢᠭ ᠡᠮᠦᠨ᠎ᠡ ᠨᠢ᠂ ᠰᠢᠨᠠᠯᠠᠮ᠎ᠠ ᠶ᠋ᠢᠨ ᠴᠡᠷᠢᠭ ᠬᠣᠢᠨ᠎ᠠ ᠠ᠋ᠴᠠ ᠨᠢ ᠳᠠᠭᠠᠵᠤ ᠤᠷᠲᠤ ᠮᠣᠭᠠᠢ ᠶ᠋ᠢᠨ ᠵᠢᠭᠰᠠᠭᠠᠯ ᠢ᠋ᠶ᠋ᠠᠷ ᠪᠠᠷᠠᠭᠤᠨᠰᠢᠯᠠᠪᠠ᠃
ᠡᠨᠡ ᠬᠣᠶᠠᠷ ᠪᠦᠯᠦᠭ ᠮᠣᠷᠢᠲᠤ ᠴᠡᠷᠢᠭ ᠬᠡᠳᠦᠢᠪᠡᠷ ᠨᠢᠭᠡ ᠵᠠᠮ ᠢ᠋ᠶ᠋ᠠᠷ ᠴᠤᠪᠤᠷᠠᠨ ᠶᠠᠪᠤᠵᠤ ᠪᠠᠢᠭ᠎ᠠ ᠪᠣᠯᠪᠠᠴᠤ ᠲᠤᠰ ᠲᠤᠰ ᠤ᠋ᠨ ᠮᠥᠷᠥᠪᠴᠢᠯᠡᠵᠦ ᠡᠭᠦᠷᠦᠭᠰᠡᠨ ᠫᠤᠤ ᠳ᠋ᠠᠭᠠᠨ ᠲᠠᠪᠤᠨ ᠰᠤᠮᠤ ᠳᠠᠷᠤᠵᠤ ᠰᠠᠪᠠᠯᠠᠭᠠᠳ ᠠᠭᠲᠠ ᠮᠣᠷᠢᠨ ᠤ᠋ ᠪᠠᠨ ᠣᠯᠣᠩ ᠲᠠᠲᠠᠪᠴᠢ ᠶ᠋ᠢ ᠴᠢᠩᠭᠠᠷᠠᠭᠤᠯᠤᠨ ᠵᠢᠯᠣᠭᠣ ᠴᠤᠯᠪᠤᠭᠤᠷ ᠢ᠋ ᠨᠢ ᠳᠠᠷᠤᠵᠤ ᠮᠣᠷᠢᠨ ᠢᠯᠳᠦ ᠪᠡᠨ ᠬᠤᠢ ᠠ᠋ᠴᠠ ᠨᠢ ᠰᠤᠭᠤᠯᠤᠮᠠᠷ ᠪᠡᠯᠡᠬᠡᠨ ᠪᠠᠢᠯ᠎ᠠ᠃ ᠲᠤᠰ ᠡᠳᠦᠷ ᠦ᠋ᠨ ᠣᠷᠣᠢ ᠬᠠᠷᠠᠴᠢᠨ ᠴᠡᠷᠢᠭ ᠰᠤᠪᠤᠷᠭ᠎ᠠ ᠶ᠋ᠢᠨ ᠰᠦᠮ᠎ᠡ ᠳᠡᠭᠡᠷ᠎ᠡ ᠬᠣᠨᠣᠭᠯᠠᠵᠤ᠂ ᠰᠢᠨᠡᠯᠡᠮ᠎ᠡ ᠶ᠋ᠢᠨ ᠴᠡᠷᠢᠭ ᠪᠥᠭᠬᠦᠢ ᠮᠣᠳᠣ᠂ ᠵᠠᠩᠭᠠᠨ ᠣᠷᠴᠢᠮ ᠬᠣᠨᠣᠭᠯᠠᠵᠠᠢ᠃ ᠬᠣᠶᠠᠷ ᠪᠦᠯᠦᠭ ᠴᠡᠷᠢᠭ ᠬᠠᠷᠠᠭᠤᠯ ᠮᠠᠨᠠᠭ᠎ᠠ ᠪᠠᠨ ᠳᠠᠪᠬᠤᠷ ᠳᠠᠪᠬᠤᠷ ᠪᠠᠢᠷᠢᠯᠠᠭᠤᠯᠤᠨ ᠴᠡᠷᠢᠭ ᠦ᠋ᠨ ᠠᠭᠲᠠ ᠮᠣᠷᠢᠳ ᠢ᠋ᠶ᠋ᠠᠨ ᠴᠤ᠌ ᠴᠢᠳᠥᠷᠯᠡᠵᠦ ᠡᠪᠡᠰᠦᠯᠡᠭᠦᠯᠦᠭᠰᠡᠨ ᠦᠭᠡᠢ ᠪᠡᠷ ᠡᠮᠡᠭᠡᠯ ᠢ᠋ ᠨᠢ ᠬᠠᠭᠤᠯᠵᠤ(ᠠᠪᠴᠤ) ᠮᠣᠷᠢ ᠪᠠᠨ ᠬᠥᠷᠪᠡᠭᠦᠯᠴᠢᠬᠡᠭᠡᠳ ᠳᠠᠬᠢᠨ ᠡᠮᠡᠭᠡᠯᠯᠡᠵᠦ ᠤᠶᠠᠭᠠᠳ ᠲᠡᠢᠨ ᠳ᠋ᠦ᠍ ᠮᠣᠷᠳᠠᠬᠤ ᠶ᠋ᠢ ᠬᠦᠯᠢᠶᠡᠭᠰᠡᠭᠡᠷ ᠪᠠᠢᠵᠤ《ᠰᠡᠵᠢᠭ ᠶᠡᠬᠡᠲᠡᠢ ᠼᠤᠤ ᠼᠤᠤ ᠰᠡᠳᠬᠢᠯ ᠦ᠋ᠨ ᠡᠪᠡᠳᠴᠢᠨ ᠣᠷᠣᠭᠰᠠᠨ》 ᠰᠢᠭ᠋ ᠰᠥᠨᠢ ᠶ᠋ᠢ ᠥᠩᠭᠡᠷᠡᠭᠦᠯᠵᠡᠢ᠃
ᠮᠠᠷᠭᠠᠰᠢ ᠨᠢ ᠰᠢᠨᠡᠯᠡᠮ᠎ᠡ ᠤᠷᠠᠨ ᠠᠷᠭ᠎ᠠ ᠭᠠᠷᠭᠠᠵᠤ᠂ ᠬᠠᠷᠠᠴᠢᠨ ᠴᠡᠷᠢᠭ ᠵᠠᠮ ᠮᠡᠳᠡᠬᠦ ᠦᠭᠡᠢ ᠲᠤᠯᠠ ᠮᠠᠨ ᠤ᠋ ᠨᠢᠭᠡ ᠯᠢᠶᠠᠨ ᠴᠡᠷᠢᠭ ᠡᠮᠦᠨ᠎ᠡ ᠨᠢ ᠵᠠᠮ ᠳᠠᠭᠠᠭᠤᠯᠤᠨ ᠶᠠᠪᠤᠶ᠎ᠠ ᠭᠡᠳ ᠬᠠᠷᠠᠴᠢᠨ ᠴᠡᠷᠢᠭ ᠦ᠋ᠨ ᠡᠮᠦᠨ᠎ᠡ ᠨᠢ ᠭᠠᠷᠪᠠ᠃ ᠬᠠᠷᠠᠴᠢᠨ ᠴᠡᠷᠢᠭ ᠦ᠋ᠨ ᠬᠣᠢᠨ᠎ᠠ ᠠ᠋ᠴᠠ ᠭᠤᠷᠪᠠᠨ ᠯᠢᠶᠠᠨ ᠴᠡᠷᠢᠭ ᠳᠠᠭᠠᠵᠤ ᠪᠠᠢᠬᠤ ᠲᠤᠯᠠ ᠭᠡᠨᠡᠳᠲᠡ ᠲᠡᠢᠨ ᠡᠬᠢᠯᠡᠭᠰᠡᠨ ᠴᠦ᠍ ᠠᠰᠢᠭᠲᠠᠢ ᠪᠠᠢᠷᠢᠨ ᠳ᠋ᠤ᠌ ᠣᠷᠣᠯ᠎ᠠ᠃ ᠡᠨᠡ ᠬᠦ᠌ ᠴᠡᠷᠢᠭ ᠲᠡᠢᠨ ᠦ᠌ ᠪᠠᠢᠷᠢᠯᠠᠭᠤᠯᠤᠯᠲᠠ ᠳ᠋ᠤ᠌ ᠰᠠᠢᠨᠪᠠᠶᠠᠷ ᠳᠣᠲᠣᠷ᠎ᠠ ᠪᠠᠨ ᠳᠤᠷ᠎ᠠ ᠦᠭᠡᠢ ᠪᠣᠯᠪᠠᠴᠤ ᠬᠥᠮᠦᠨ ᠦ᠌ ᠭᠠᠵᠠᠷ ᠵᠠᠮ ᠮᠡᠳᠡᠬᠦ ᠦᠭᠡᠢ ᠲᠤᠯᠠ ᠵᠥᠪᠬᠡᠨ ᠰᠡᠳᠬᠢᠯ ᠢ᠋ᠶ᠋ᠡᠨ ᠵᠦᠳᠡᠭᠡᠭᠰᠡᠨ ᠤᠴᠢᠷ ᠪᠣᠯᠵᠤ ᠲᠤᠰ ᠡᠳᠦᠷ ᠦ᠋ᠨ ᠠᠶᠠᠨ ᠤ᠋ ᠦᠵᠦᠭᠦᠷ ᠱᠠᠷᠯᠢᠭ ᠤ᠋ᠨ ᠰᠦᠮ᠎ᠡ ᠳ᠋ᠦ᠍ ᠬᠦᠷᠦᠯ᠎ᠡ᠃
ᠪᠠᠷᠠᠭᠤᠨ ᠬᠦᠩ ᠨᠣᠶᠠᠨ ᠴᠤᠭᠲᠤᠸᠴᠢᠷ ᠰᠢᠨᠡᠯᠡᠮ᠎ᠡ ᠬᠣᠶᠠᠭᠤᠯᠠ ᠤᠭ ᠲᠠᠭᠠᠨ ᠨᠠᠢᠷᠰᠠᠭ ᠪᠠᠢᠭᠰᠠᠨ ᠲᠤᠯᠠ ᠬᠣᠶᠠᠭᠤᠯᠠ ᠶᠠᠷᠢᠯᠴᠠᠭᠠᠳ ᠬᠠᠷᠠᠴᠢᠨ ᠴᠡᠷᠢᠭ ᠡᠴᠡ ᠰᠠᠯᠬᠤ ᠶᠠᠪᠤᠳᠠᠯ ᠢ᠋ ᠱᠠᠷᠯᠢᠭ ᠤ᠋ᠨ ᠰᠦᠮ᠎ᠡ ᠳᠡᠭᠡᠷ᠎ᠡ ᠬᠢᠬᠦ ᠦᠭᠡᠢ᠂ ᠬᠠᠷᠢᠨ ᠦᠷᠭᠦᠯᠵᠢᠯᠡᠨ ᠪᠠᠷᠠᠭᠤᠨᠰᠢᠯᠠᠵᠤ ᠪᠣᠷᠣ ᠪᠠᠯᠭᠠᠰᠤᠨ ᠣᠷᠴᠢᠮ ᠬᠦᠷᠴᠦ ᠶᠠᠩ ᠳᠠᠩ(洋堂) (ᠪᠸᠯᠬᠢ ᠤᠯᠤᠰ ᠤ᠋ᠨ ᠬᠠᠷ᠎ᠠ ᠯᠠᠮᠠ ᠶ᠋ᠢᠨ ᠰᠦᠮ᠎ᠡ) ᠶ᠋ᠢᠨ ᠠᠲᠠᠷ ᠬᠠᠭᠠᠯᠪᠤᠷᠢᠯᠠᠭᠰᠠᠨ ᠠᠰᠠᠭᠤᠳᠠᠯ ᠢ᠋ ᠤᠷᠢᠳ ᠢ᠋ᠶ᠋ᠠᠷ ᠰᠢᠢᠳᠪᠦᠷᠢᠯᠡᠬᠦ ᠨᠡᠷ᠎ᠡ ᠪᠡᠷ ᠬᠠᠷᠠᠴᠢᠨ ᠴᠡᠷᠢᠭ ᠡᠴᠡ ᠰᠠᠯᠬᠤ ᠰᠢᠯᠲᠠᠭ ᠪᠣᠯᠭᠠᠬᠤ ᠪᠠᠷ ᠲᠣᠭᠲᠠᠪᠠ᠃ ᠲᠡᠭᠡᠭᠡᠳ ᠴᠤᠭᠲᠤᠸᠴᠢᠷ ᠬᠦᠩ ᠨᠣᠶᠠᠨ ᠬᠠᠷᠠᠴᠢᠨ ᠴᠡᠷᠢᠭ ᠢ᠋ ᠮᠣᠷᠳᠠᠭᠤᠯᠬᠤ ᠳᠠᠢᠯᠠᠯᠭ᠎ᠠ ᠬᠢᠵᠡᠢ᠃ ᠳᠠᠢᠯᠠᠯᠭ᠎ᠠ ᠳ᠋ᠤ᠌ ᠰᠢᠨᠡᠯᠡᠮ᠎ᠡ ᠯᠠᠪ ᠢᠷᠡᠨ᠎ᠡ᠂ ᠢᠷᠡᠪᠡᠯ ᠶᠠᠮᠠᠷ ᠨᠢᠭᠡᠨ ᠰᠢᠯᠲᠠᠭ ᠢ᠋ᠶ᠋ᠠᠷ ᠲᠡᠭᠦᠨ ᠢ᠋ ᠪᠠᠷᠢᠪᠴᠢᠯᠠᠨ᠎ᠠ ᠭᠡᠵᠦ ᠰᠠᠢᠨᠪᠠᠶᠠᠷ ᠪᠣᠳᠣᠵᠤ ᠪᠠᠢᠵᠠᠢ᠃ ᠭᠡᠪᠡᠴᠦ ᠰᠢᠨᠡᠯᠡᠮ᠎ᠡ ᠡᠨᠡ ᠳᠠᠢᠯᠠᠯᠭ᠎ᠠ ᠳ᠋ᠤ᠌ ᠢᠷᠡᠭᠰᠡᠨ ᠦᠭᠡᠢ ᠲᠤᠯᠠ ᠲᠡᠷᠡ ᠴᠤᠭᠲᠤᠸᠴᠢᠷ ᠠ᠋ᠴᠠ᠄《ᠰᠢᠨᠠᠯᠠᠮ᠎ᠠ ᠲᠤᠸᠠᠨᠵᠠᠩ ᠶᠠᠭᠠᠬᠢᠭᠠᠳ ᠢᠷᠡᠳᠡᠭ ᠦᠭᠡᠢ ᠪᠣᠢ?》 ᠭᠡᠵᠦ ᠲᠤᠯᠭᠠᠨ ᠠᠰᠠᠭᠤᠭᠰᠠᠨ ᠳ᠋ᠤ᠌ ᠴᠤᠭᠲᠤᠸᠴᠢᠷ ᠬᠦᠩ ᠡᠴᠡ᠄《ᠠ! ᠲᠡᠳᠡ ᠪᠣᠯ ᠮᠠᠨ ᠤ᠋ ᠬᠤᠰᠢᠭᠤᠨ ᠤ᠋ ᠬᠥᠮᠦᠰ ᠰᠢᠦ! ᠬᠡᠳᠦᠢᠪᠡᠷ ᠮᠠᠨ ᠤ᠋ ᠳ᠋ᠤ᠌ ᠢᠷᠡᠭᠰᠡᠨ ᠪᠣᠯᠪᠠᠴᠤ ᠭᠡᠷ ᠲᠡᠭᠡᠨ ᠢᠷᠡᠭᠰᠡᠨ ᠲᠡᠢ ᠠᠳᠠᠯᠢ᠂ ᠬᠠᠷᠢᠨ ᠲᠠ ᠨᠠᠷ ᠪᠣᠯ ᠬᠣᠯᠠ ᠶ᠋ᠢᠨ ᠵᠣᠴᠢᠨ ᠮᠥᠷᠲᠡᠭᠡᠨ ᠣᠳᠣ ᠪᠠᠷ ᠢ᠋ᠶ᠋ᠠᠨ ᠡᠷᠭᠢᠵᠦ ᠮᠣᠷᠳᠠᠬᠤ ᠪᠠᠷ ᠪᠣᠯᠤᠭᠰᠠᠨ ᠶᠤᠮ ᠴᠢᠨᠢ ᠮᠣᠷᠳᠠᠯᠭᠠ ᠶ᠋ᠢᠨ ᠴᠠᠢ ᠪᠤᠳᠠᠭ᠎ᠠ ᠪᠠᠷᠢᠬᠤ ᠶᠣᠰᠣᠲᠠᠢ᠂ ᠡᠨᠡ ᠪᠣᠯ ᠣᠷᠳᠣᠰ ᠨᠤᠲᠤᠭ ᠤ᠋ᠨ ᠡᠷᠲᠡ ᠡᠴᠡ ᠤᠯᠠᠮᠵᠢᠯᠠᠭᠰᠠᠨ ᠬᠦᠨᠳᠦᠳᠬᠡᠯ ᠦ᠋ᠨ ᠶᠣᠰᠣ ᠪᠣᠯᠠᠢ᠁ 》 ᠭᠡᠵᠡᠢ᠃ ᠲᠤᠰ ᠰᠥᠨᠢ ᠶ᠋ᠢᠨ ᠤᠴᠢᠷ ᠡᠨᠡ ᠮᠡᠲᠦ ᠥᠩᠭᠡᠷᠡᠭᠰᠡᠨ ᠲᠤᠯᠠ ᠰᠠᠢᠨᠪᠠᠶᠠᠷ ᠤ᠋ᠨ ᠣᠨᠳᠣᠣ ᠪᠣᠳᠣᠯ ᠲᠠᠯᠠᠭᠠᠷ ᠪᠣᠯᠴᠢᠬᠠᠵᠠᠢ᠃
ᠳᠠᠷᠠᠭ᠎ᠠ ᠡᠳᠦᠷ ᠨᠢ ᠱᠠᠷᠯᠢᠭ ᠠ᠋ᠴᠠ ᠪᠠᠷᠠᠭᠤᠨᠰᠢ ᠦᠷᠭᠦᠯᠵᠢᠯᠡᠨ ᠡᠮᠦᠨᠡᠬᠢ ᠡᠳᠦᠷ ᠲᠡᠢ ᠠᠳᠠᠯᠢ ᠪᠠᠷ ᠠᠶᠠᠯᠠᠵᠤ ᠦᠳᠡᠰᠢ ᠪᠣᠯᠬᠤ ᠳ᠋ᠤ᠌ ᠰᠢᠨᠡᠯᠡᠮ᠎ᠡ ᠶ᠋ᠢᠨ ᠴᠡᠷᠢᠭ ᠴᠠᠮᠬᠠᠭ ᠤ᠋ᠨ ᠶᠡᠬᠡ ᠴᠠᠢᠳᠠᠮ ᠤ᠋ᠨ ᠵᠡᠭᠦᠨ ᠬᠥᠪᠡᠭᠡ ᠳ᠋ᠡᠬᠢ ᠪᠠᠶᠠᠷᠮᠠᠩᠨᠠᠢ ᠭᠡᠳᠡᠭ ᠡᠷᠦᠬᠡ ᠶ᠋ᠢᠨ ᠳ᠋ᠦ᠍ ᠪᠠᠭᠤᠳᠠᠯᠯᠠᠵᠤ᠂ ᠲᠤᠰ ᠡᠷᠦᠬᠡ ᠶ᠋ᠢᠨ ᠤᠰᠤ ᠲᠦᠯᠡᠭᠡ ᠶ᠋ᠢᠨ ᠬᠢᠵᠠᠭᠠᠷᠯᠠᠯ ᠠ᠋ᠴᠠ ᠪᠣᠯᠵᠤ ᠬᠠᠷᠠᠴᠢᠨ ᠴᠡᠷᠢᠭ ᠨᠢ ᠴᠠᠮᠬᠠᠭ ᠤ᠋ᠨ ᠶᠡᠬᠡ ᠴᠠᠢᠳᠠᠮ ᠤ᠋ᠨ ᠪᠠᠷᠠᠭᠤᠨ ᠬᠥᠪᠡᠭᠡ ᠳ᠋ᠡᠬᠢ ᠪᠠᠸᠠᠩᠭᠠᠷᠤᠳᠢ ᠭᠡᠳᠡᠭ ᠡᠷᠦᠬᠡ ᠳ᠋ᠦ᠍ ᠪᠠᠭᠤᠳᠠᠯᠯᠠᠯ᠎ᠠ᠃ ᠡᠨᠡ ᠬᠣᠶᠠᠷ ᠪᠦᠯᠦᠭ ᠴᠡᠷᠢᠭ ᠬᠣᠭᠣᠷᠣᠨᠳᠣ ᠪᠠᠨ ᠠᠷᠪᠠᠭᠠᠳ ᠭᠠᠵᠠᠷ ᠠᠯᠤᠰ ᠪᠠᠭᠤᠳᠠᠯᠯᠠᠭᠰᠠᠨ ᠠ᠋ᠴᠠ ᠲᠤᠰ ᠲᠤᠰ ᠤ᠋ᠨ ᠢ᠋ᠶ᠋ᠠᠨ ᠨᠢᠭᠤᠴᠠ ᠤᠬᠠᠭᠠᠨ ᠢ᠋ᠶ᠋ᠠᠨ ᠶᠠᠷᠢᠯᠴᠠᠬᠤ ᠳ᠋ᠤ᠌ ᠰᠠᠢᠨ ᠨᠥᠬᠥᠴᠡᠯ ᠲᠡᠢ ᠪᠣᠯᠤᠭᠰᠠᠨ ᠴᠤ᠌ ᠬᠠᠷᠢᠯᠴᠠᠨ ᠰᠡᠵᠢᠭ ᠰᠡᠷᠡᠮᠵᠢ ᠪᠡᠨ ᠡᠪᠦᠷᠯᠡᠨ ᠬᠠᠷᠠᠭᠤᠯ ᠮᠠᠨᠠᠭ᠎ᠠ ᠪᠠᠨ ᠮᠥᠨ ᠳᠠᠪᠬᠤᠷ ᠳᠠᠪᠬᠤᠷ ᠴᠢᠩᠭᠠᠯᠠᠵᠠᠢ᠁
ᠰᠠᠢᠨᠪᠠᠶᠠᠷ ᠨᠢᠭᠡ ᠴᠡᠷᠢᠭ ᠲᠣᠮᠢᠯᠠᠵᠤ ᠰᠢᠨᠠᠯᠠᠮ᠎ᠠ ᠲᠤᠸᠠᠨᠵᠠᠩ ᠢ᠋ ᠵᠠᠯᠠᠵᠤ ᠮᠠᠨ ᠤ᠋ ᠡᠨᠳᠡ ᠤᠷᠢᠯᠭ᠎ᠠ ᠶ᠋ᠢᠨ ᠴᠠᠢ ᠪᠠᠷᠢᠶ᠎ᠠ ᠭᠡᠵᠡᠢ᠃ ᠭᠡᠲᠡᠯ᠎ᠡ ᠰᠢᠨᠠᠯᠠᠮ᠎ᠠ ᠰᠠᠢᠨᠪᠠᠶᠠᠷ ᠤ᠋ᠨ ᠤᠪ ᠮᠡᠬᠡ ᠬᠤᠯᠵᠢᠨ ᠤᠬᠠᠭᠠᠨ ᠢ᠋ ᠬᠠᠯᠢᠭᠤᠲᠤ ᠶ᠋ᠢᠨ ᠰᠦᠮ᠎ᠡ ᠡᠴᠡ ᠡᠬᠢᠯᠡᠨ ᠪᠦᠷᠢᠨ ᠣᠢᠯᠠᠭᠠᠵᠤ ᠪᠠᠢᠬᠤ ᠲᠤᠯᠠ ᠤᠷᠢᠯᠭ᠎ᠠ ᠶ᠋ᠢ ᠵᠥᠪᠰᠢᠶᠡᠷᠡᠭᠰᠡᠨ ᠦᠭᠡᠢ ᠮᠥᠷᠲᠡᠭᠡᠨ ᠤᠷᠢᠯᠭ᠎ᠠ ᠬᠦᠷᠭᠡᠭᠰᠡᠨ ᠴᠡᠷᠢᠭ ᠢ᠋ ᠪᠤᠴᠠᠭᠠᠨ ᠶᠠᠪᠤᠭᠤᠯᠤᠭᠰᠠᠨ ᠦᠭᠡᠢ᠃ ᠳᠡᠮᠡᠢ ᠤᠳᠠᠭᠰᠠᠨ ᠦᠭᠡᠢ ᠪᠠᠰᠠ ᠨᠢᠭᠡᠨ ᠴᠡᠷᠢᠭ ᠵᠠᠪᠠᠯ ᠢᠷᠡᠬᠦ ᠬᠡᠷᠡᠭᠲᠡᠢ ᠭᠡᠰᠡᠨ ᠵᠠᠷᠯᠢᠭ ᠠᠪᠴᠤ ᠢᠷᠡᠵᠡᠢ᠃ ᠰᠢᠨᠡᠯᠡᠮ᠎ᠡ ᠲᠡᠭᠦᠨ ᠢ᠋ ᠪᠠᠰᠠ ᠬᠣᠷᠢᠵᠤ ᠶᠠᠪᠤᠭᠤᠯᠤᠭᠰᠠᠨ ᠦᠭᠡᠢ ᠪᠡᠷ ᠦᠷᠭᠦᠯᠵᠢᠯᠡᠨ ᠶᠠᠮᠠᠷ ᠪᠠᠢᠳᠠᠯ ᠭᠠᠷᠬᠤ ᠶ᠋ᠢ ᠬᠠᠷᠠᠵᠤ ᠲᠡᠢᠨ ᠦ᠌ ᠪᠡᠯᠡᠳᠬᠡᠯ ᠬᠢᠯ᠎ᠡ᠃ ᠭᠤᠷᠪᠠᠳᠤᠭᠠᠷ ᠤᠳᠠᠭ᠎ᠠ ᠮᠣᠷᠢᠨ ᠳᠠᠪᠬᠢᠭ᠎ᠠ ᠪᠠᠷ ᠪᠠᠢᠰᠢᠩ ᠤ᠋ᠨ ᠰᠠᠷᠠᠪᠴᠢᠨ ᠤ᠋ ᠣᠨᠢ( ᠮᠣᠳᠣᠨ ᠦᠵᠦᠭᠦᠷ) ᠢ᠋ ᠠᠯᠳᠠᠯ ᠦᠭᠡᠢ ᠬᠠᠷᠪᠤᠳᠠᠭ ᠬᠠᠷᠪᠤᠭᠠᠴᠢ ᠬᠠᠰᠠᠩ ᠢ᠋ ᠶᠠᠪᠤᠭᠤᠯᠵᠠᠢ᠃ ᠲᠡᠷᠡ ᠬᠥᠮᠦᠨ ᠰᠢᠭᠤᠳ ᠰᠢᠨᠠᠯᠠᠮ᠎ᠠ ᠶ᠋ᠢᠨ ᠰᠠᠭᠤᠭᠰᠠᠨ ᠭᠡᠷ ᠤᠷᠤᠭᠤ ᠠᠶᠤᠮᠰᠢᠭ ᠦᠭᠡᠢ ᠣᠷᠣᠬᠤ ᠭᠡᠪᠡ᠂ ᠲᠡᠢᠨ ᠦ᠌ ᠰᠣᠨᠣᠷ ᠰᠡᠷᠡᠮᠵᠢ ᠲᠡᠢ ᠪᠠᠢᠭᠰᠠᠨ ᠳᠠᠭᠠᠯ ᠴᠡᠷᠢᠭ ᠦ᠋ᠳ ᠲᠡᠭᠦᠨ ᠢ᠋ ᠳᠣᠣᠷ᠎ᠠ ᠨᠢ ᠪᠠᠷᠢᠪᠴᠢᠯᠠᠨ ᠨᠡᠩᠵᠢᠭᠰᠡᠨ ᠳ᠋ᠦ᠍ ᠠᠷᠪᠠᠨ ᠰᠤᠮᠤ ᠳᠠᠷᠤᠭᠰᠠᠨ ᠭᠠᠷ ᠫᠤᠤ ᠶ᠋ᠢ ᠨᠢ ᠬᠤᠪᠴᠠᠰᠤᠨ ᠤ᠋ ᠳᠣᠲᠣᠷ᠎ᠠ ᠡᠩᠭᠡᠷ ᠡᠴᠡ ᠨᠡᠩᠵᠢᠨ ᠭᠠᠷᠭᠠᠪᠠ᠃ ᠰᠠᠢᠨᠪᠠᠶᠠᠷ ᠦᠳᠡ ᠪᠣᠯᠬᠤ ᠶ᠋ᠢᠨ ᠦᠶ᠎ᠡ ᠳ᠋ᠦ᠍ ᠬᠣᠣᠷᠲᠤ ᠰᠠᠨᠠᠭ᠎ᠠ ᠪᠠᠨ ᠳᠠᠷᠤᠵᠤ ᠶᠠᠳᠠᠨ ᠰᠢᠨᠠᠯᠠᠮ᠎ᠠ ᠶ᠋ᠢᠨ ᠴᠡᠷᠢᠭ ᠦ᠋ᠨ ᠰᠠᠭᠤᠭᠰᠠᠨ ᠪᠠᠶᠠᠷᠮᠠᠩᠨᠠᠢ ᠶ᠋ᠢᠨ ᠭᠡᠷ ᠵᠦᠭ ᠭᠠᠯᠯᠠᠵᠤ ᠡᠬᠢᠯᠡᠯ᠎ᠡ᠃ ᠰᠢᠨᠡᠯᠡᠮ᠎ᠡ ᠴᠦ᠍ ᠡᠢᠮᠦ ᠪᠠᠢᠳᠠᠯ ᠳᠣᠣᠷ᠎ᠠ ᠬᠠᠷᠢᠭᠤ ᠴᠠᠢ ᠪᠠᠷᠢᠵᠤ ᠭᠠᠯᠯᠠᠵᠤ ᠡᠬᠢᠯᠡᠭᠡᠳ ᠬᠣᠶᠠᠷ ᠡᠲᠡᠭᠡᠳ ᠦ᠋ᠨ ᠵᠡᠪᠰᠡᠭ ᠦ᠋ᠨ ᠮᠥᠷᠭᠥᠯᠳᠦᠭᠡᠨ ᠬᠤᠷᠴᠠ ᠰᠢᠷᠦᠭᠦᠨ ᠶᠠᠪᠤᠭᠳᠠᠯ᠎ᠠ᠃ ᠬᠦᠴᠦᠨ ᠴᠢᠳᠠᠯ ᠨᠢ ᠠᠳᠠᠯᠢᠪᠲᠤᠷ᠂ ᠶᠠᠪᠠᠭᠠᠨ ᠫᠤᠤ ᠨᠢ ᠠᠳᠠᠯᠢᠬᠠᠨ᠂ ᠠᠭᠲᠠ ᠮᠣᠷᠢᠳ ᠨᠢ ᠰᠠᠢᠨ ᠲᠤᠯᠠ ᠢᠯᠠᠵᠤ ᠢᠯᠠᠭᠳᠠᠬᠤ ᠨᠢ ᠢᠯᠭᠠᠪᠤᠷᠢ ᠭᠠᠷᠬᠤ ᠦᠭᠡᠢ ᠦᠷᠭᠦᠯᠵᠢᠯᠡᠭᠰᠡᠭᠡᠷ᠁
ᠤᠭ ᠨᠢ ᠬᠠᠷᠠᠴᠢᠨ ᠴᠡᠷᠢᠭ ᠦ᠋ᠨ ᠣᠷᠣᠨ ᠲᠣᠭ᠎ᠠ ᠪᠠᠭ᠎ᠠ ᠲᠤᠯᠠ᠂ ᠪᠤᠭᠤᠲᠤ ᠪᠣᠯᠤᠨ ᠦᠦᠰᠢᠨ ᠳ᠋ᠦ᠍ ᠰᠢᠨᠡᠯᠡᠮ᠎ᠡ ᠶ᠋ᠢᠨ ᠵᠥᠪᠰᠢᠶᠡᠷᠡᠯ ᠢ᠋ᠶ᠋ᠡᠷ ᠢᠷᠭᠠᠢ ᠶ᠋ᠢᠨ ᠪᠠᠭᠰᠢ ᠶ᠋ᠢᠨ ᠰᠤᠷᠭᠠᠭᠤᠯᠢ ᠶ᠋ᠢᠨ ᠪᠠᠭᠰᠢ ᠪᠠᠢᠭᠰᠠᠨ ᠦᠦᠰᠢᠨ ᠰᠠᠢᠰᠢᠩᠭ᠎ᠠ ᠵᠢᠴᠢ ᠲᠡᠭᠦᠨ ᠦ᠌ ᠬᠡᠰᠡᠭ ᠰᠤᠷᠤᠭᠴᠢᠳ᠂ ᠴᠡᠷᠢᠭ ᠦ᠋ᠨ ᠰᠤᠷᠭᠠᠭᠴᠢ ᠰᠢᠷᠠᠪᠵᠠᠪ᠂ ᠠᠷᠪᠢᠨᠪᠠᠶᠠᠷ ᠤ᠋ᠨ ᠭᠤᠷᠪᠠᠳᠤᠭᠠᠷ ᠯᠢᠶᠠᠨ ᠤ᠋ ᠵᠢᠭᠠᠨ ᠵᠢᠯᠣᠭᠣᠳᠤᠭᠴᠢ ᠪᠠᠳᠠᠷᠠᠬᠤ ᠵᠡᠷᠭᠡ ᠪᠢᠴᠢᠭ ᠴᠡᠷᠢᠭ ᠦ᠋ᠨ ᠺᠠᠳ᠋ᠷ ᠪᠣᠯᠤᠨ ᠳᠠᠭᠠᠯᠲᠠ ᠴᠡᠷᠢᠭ ᠨᠡᠢᠲᠡ ᠬᠣᠷᠢᠭᠠᠳ ᠬᠥᠮᠦᠨ ᠢ᠋ ᠦᠦᠰᠢᠨ ᠬᠤᠰᠢᠭᠤᠨ ᠠ᠋ᠴᠠ ᠬᠠᠷᠠᠴᠢᠨ ᠴᠡᠷᠢᠭ ᠲᠦ᠍ ᠨᠥᠬᠥᠪᠥᠷᠢᠯᠡᠵᠦ ᠥᠭᠭᠦᠭᠰᠡᠨ ᠪᠠᠢᠵᠠᠢ᠃
ᠲᠤᠬᠠᠢ ᠶ᠋ᠢᠨ ᠦᠶ᠎ᠡ ᠳ᠋ᠦ᠍ ᠬᠠᠷᠠᠴᠢᠨ ᠴᠡᠷᠢᠭ ᠦ᠋ᠨ ᠨᠢᠭᠡᠳᠦᠭᠡᠷ ᠪᠠᠲ᠋ᠯᠢᠶᠤᠨ ᠤ᠋ ᠳᠠᠷᠤᠭ᠎ᠠ ᠰᠠᠢᠰᠢᠩᠭ᠎ᠠ(ᠵᠢᠢ ᠰᠥᠩ ᠯᠢᠩ) ᠦ᠋ᠨ ᠶᠢᠩ ᠦ᠋ᠨ ᠣᠷᠣᠯᠠᠭᠴᠢ ᠺᠣᠮᠢᠰᠰᠠᠷ ᠤ᠋ᠨ ᠲᠤᠰᠢᠶᠠᠯ ᠢ᠋ ᠬᠠᠷᠢᠭᠤᠴᠠᠵᠤ ᠪᠠᠢᠭᠰᠠᠨ ᠪᠠᠳᠠᠷᠠᠬᠤ ᠭᠡᠨᠡᠳᠲᠡ ᠱᠠᠷᠯᠢᠭ ᠨᠤᠲᠤᠭ ᠲᠠᠢ ᠬᠠᠷᠠᠴᠢᠨ ᠴᠡᠷᠢᠭ ᠦ᠋ᠨ ᠨᠥᠬᠥᠪᠥᠷᠢ ᠴᠡᠷᠢᠭ ᠪᠣᠯᠬᠤ ᠲᠥᠩᠮᠢᠳ(ᠬᠠᠪᠴᠢᠭ ᠲᠦᠩᠮᠢᠳ) ᠢ᠋ ᠣᠯᠠᠨ ᠤ᠋ ᠳᠤᠮᠳᠠ ᠵᠠᠩᠳᠤᠷᠴᠤ ᠶᠡᠬᠡ ᠳᠠᠭᠤᠨ ᠢ᠋ᠶ᠋ᠠᠷ᠄《ᠣᠳᠣ ᠪᠣᠯᠲᠠᠯ᠎ᠠ ᠮᠣᠷᠢᠳ ᠢ᠋ᠶ᠋ᠠᠨ ᠴᠤ᠌ ᠠᠪᠴᠢᠷᠠᠭᠰᠠᠨ ᠦᠭᠡᠢ ᠪᠠᠢᠭᠠᠳ ᠶᠠᠭᠠᠬᠢᠨ ᠳᠠᠭᠠᠷᠢᠯᠲᠠ ᠬᠢᠶ᠎ᠡ ᠭᠡᠵᠦ ᠰᠠᠨᠠᠵᠤ ᠪᠠᠢᠨ᠎ᠠ᠃ ᠮᠣᠷᠢᠲᠤ ᠴᠡᠷᠢᠭ ᠪᠠᠢᠭᠠᠳ ᠮᠣᠷᠢ ᠪᠠᠨ ᠠᠪᠴᠢᠷᠠᠬᠤ ᠦᠭᠡᠢ ᠦᠬᠦᠬᠦ ᠰᠠᠨᠠᠭ᠎ᠠ ᠪᠠᠢᠨ᠎ᠠ ᠤᠤ? ᠳᠥᠩᠮᠢᠳ ᠮᠣᠷᠢᠨ ᠳ᠋ᠤ᠌ ᠶᠠᠪᠤ!》 ᠭᠡᠵᠦ ᠵᠠᠷᠯᠢᠭ ᠪᠠᠭᠤᠯᠭᠠᠭᠰᠠᠨ ᠳ᠋ᠤ᠌ ᠲᠥᠩᠮᠢᠳ ᠠᠷᠪᠠᠭᠠᠳ ᠬᠠᠵᠠᠭᠠᠷ ᠨᠣᠭᠲᠣ ᠠᠪᠴᠤ ᠪᠡᠯᠴᠢᠭᠡᠷ ᠲᠦ᠍ ᠡᠪᠡᠰᠦᠯᠡᠵᠦ ᠪᠠᠢᠭ᠎ᠠ ᠴᠢᠳᠥᠷ ᠲᠡᠢ ᠮᠣᠷᠢ ᠪᠠᠨ ᠪᠠᠷᠢᠬᠤ ᠪᠠᠷ ᠶᠠᠪᠤᠯ᠎ᠠ᠃ ᠬᠡᠷᠡᠭ ᠳᠡᠭᠡᠷ᠎ᠡ ᠪᠡᠨ ᠡᠨᠡ ᠨᠢ ᠪᠠᠳᠠᠷᠠᠬᠤ ᠶ᠋ᠢᠨ ᠲᠥᠩᠮᠢᠳ ᠢ᠋ ᠳᠤᠲᠠᠭᠠᠯᠭᠠᠬᠤ ᠠᠷᠭ᠎ᠠ ᠪᠠᠢᠵᠠᠢ᠃ ᠡᠨᠡ ᠤᠴᠢᠷ ᠢ᠋ ᠪᠠᠲ᠋ᠯᠢᠶᠤᠨ ᠳᠠᠷᠤᠭ᠎ᠠ ᠴᠤ᠌ ᠮᠡᠳᠡᠨ᠎ᠡ᠃ ᠨᠣᠶᠠᠳ ᠤ᠋ᠨ ᠳᠣᠲᠣᠷ᠎ᠠ ᠰᠠᠢᠨᠪᠠᠶᠠᠷ ᠰᠧᠯᠢᠩ ᠯᠡ ᠮᠡᠳᠡᠬᠦ ᠦᠭᠡᠢ ᠪᠠᠢᠵᠠᠢ᠃ ᠬᠠᠪᠴᠢᠭ ᠲᠥᠩᠮᠢᠳ ᠪᠣᠯ ᠶᠠᠭᠤᠨ ᠠ᠋ᠴᠠ ᠴᠤ᠌ ᠠᠶᠤᠳᠠᠭ ᠦᠭᠡᠢ ᠬᠡᠷᠡᠭ ᠦ᠋ᠨ ᠡᠵᠡᠨ ᠶᠦᠮ᠃ ᠲᠡᠷᠡ ᠮᠣᠷᠢ ᠪᠠᠷᠢᠬᠤ ᠪᠠᠷ ᠶᠠᠪᠤᠭᠠᠳ ᠠᠷᠪᠠᠨ ᠵᠢᠷᠭᠤᠭᠠᠨ ᠮᠣᠷᠢᠨ ᠤ᠋ ᠴᠢᠳᠥᠷ ᠲᠤᠱᠠᠭ᠎ᠠ ᠶ᠋ᠢ ᠰᠤᠯᠠᠯᠠᠨ ᠥᠪᠡᠷ ᠢ᠋ᠶ᠋ᠡᠨ ᠨᠢᠭᠡ ᠬᠤᠷᠳᠤᠨ ᠭᠦᠶᠦᠳᠡᠭ ᠮᠣᠷᠢ ᠶ᠋ᠢ ᠰᠢᠯᠢᠵᠦ ᠵᠠᠢᠳᠠᠩ(ᠰᠢᠷᠲᠡᠭ ᠦᠭᠡᠢ) ᠢᠶᠠᠷ ᠤᠨᠤᠵᠤ ᠪᠤᠰᠤᠳ ᠮᠣᠷᠢᠳ ᠢ᠋ᠶ᠋ᠠᠨ ᠲᠣᠭᠣᠰᠣ ᠮᠠᠨᠠᠷᠠᠭᠤᠯᠤᠨ ᠲᠠᠭᠤᠵᠤ ᠬᠣᠶᠠᠷ ᠡᠲᠡᠭᠡᠳ ᠦ᠋ᠨ ᠪᠠᠢᠯᠳᠤᠭᠠᠨ ᠤ᠋ ᠰᠤᠮᠤᠨ ᠳᠤᠮᠳᠠᠭᠤᠷ ᠳᠠᠪᠬᠢᠭᠰᠠᠭᠠᠷ ᠰᠢᠨᠡᠯᠡᠮ᠎ᠡ ᠶ᠋ᠢᠨ ᠴᠡᠷᠢᠭ ᠲᠦ᠍ ᠬᠦᠷᠴᠦ ᠢᠷᠡᠵᠡᠢ᠃
ᠪᠠᠢᠯᠳᠤᠭᠠᠨ ᠤ᠋ ᠳᠤᠮᠳᠠ ᠦᠯᠵᠡᠢᠵᠢᠷᠭᠠᠯ(ᠭᠠᠯᠠᠭᠤᠲᠤ ᠶ᠋ᠢᠨ ᠪᠠᠶᠠᠠᠥ᠋ᠨᠳᠦᠷ ᠭᠠᠴᠠᠭᠠᠨ ᠳ᠋ᠤ᠌ ᠭᠡᠷ ᠲᠡᠢ᠂ ᠰᠢᠦᠸᠠᠨ ᠴᠤᠸᠠᠨ ᠪᠠᠪᠠ ᠶ᠋ᠢᠨ ᠡᠴᠢᠭᠡ ᠨᠢ) ᠬᠤᠷᠳᠤᠨ ᠭᠦᠶᠦᠳᠡᠭ ᠰᠢᠷᠭ᠎ᠠ ᠮᠣᠷᠢᠨ ᠳ᠋ᠠᠭᠠᠨ ᠣᠮᠣᠷᠬᠠᠭᠯᠠᠵᠤ ᠴᠠᠢᠳᠠᠮ ᠳᠤᠮᠳᠠᠭᠤᠷ ᠳᠤᠲᠠᠭᠠᠨ ᠳᠠᠪᠬᠢᠬᠤ ᠳ᠋ᠤ᠌ ᠬᠠᠷᠠᠴᠢᠨ ᠴᠡᠷᠢᠭ ᠦ᠋ᠳ ᠬᠣᠢᠨ᠎ᠠ ᠠ᠋ᠴᠠ ᠨᠢ ᠭᠠᠯᠯᠠᠭᠰᠠᠨ ᠳ᠋ᠤ᠌ ᠪᠠᠷᠠᠭᠤᠨ ᠭᠤᠶ᠎ᠠ ᠨᠢ ᠬᠦᠨᠳᠦ ᠰᠢᠷᠬᠠᠲᠤᠭᠰᠠᠨ ᠪᠣᠯᠪᠠᠴᠤ ᠵᠣᠷᠢᠭᠲᠠᠢ ᠰᠠᠢᠨ ᠡᠷ᠎ᠡ ᠪᠠᠢᠭᠰᠠᠨ ᠲᠤᠯᠠ ᠪᠠᠷᠠᠭᠤᠨ ᠭᠠᠷ ᠤ᠋ᠨ ᠬᠣᠮᠣᠬᠠᠢ ᠬᠤᠷᠤᠭᠤ ᠪᠠᠷ ᠢ᠋ᠶ᠋ᠠᠨ ᠰᠤᠮᠤᠨ ᠤ᠋ ᠨᠦᠬᠡ ᠶ᠋ᠢ ᠳᠠᠷᠤᠵᠤ ᠬᠥᠮᠦᠨ ᠮᠣᠷᠢ ᠲᠠᠢ ᠪᠠᠨ ᠤᠯᠠᠭᠠᠨ ᠬᠦᠷᠡᠩ ᠪᠣᠯᠵᠠᠢ᠃ ᠲᠡᠷᠡ ᠡᠪᠡᠳᠬᠦ ᠪᠡᠨ ᠲᠡᠰᠪᠦᠷᠢᠯᠡᠨ ᠰᠢᠨᠡᠯᠡᠮ᠎ᠡ ᠶ᠋ᠢᠨ ᠴᠡᠷᠢᠭ ᠦ᠋ᠨ ᠬᠣᠶᠠᠳᠤᠭᠠᠷ ᠯᠢᠶᠠᠨ ᠤ᠋ ᠨᠢᠭᠡᠳᠦᠭᠡᠷ ᠰᠠᠯᠠᠭ᠎ᠠ ᠶ᠋ᠢᠨ ᠰᠠᠯᠠᠭᠠᠨ ᠳᠠᠷᠤᠭ᠎ᠠ᠂ ᠲᠥᠷᠥᠭᠰᠡᠨ ᠠᠬ᠎ᠠ ᠸᠠᠩ ᠶᠤᠸᠠᠢ ᠹᠧᠩ (ᠠᠷᠪᠢᠨᠪᠠᠶᠠᠷ) ᠤ᠋ᠨ ᠢ᠋ᠶ᠋ᠠᠨ ᠳᠡᠷᠭᠡᠳᠡ ᠳᠠᠪᠬᠢᠵᠤ ᠢᠷᠡᠭᠡᠳ᠂ ᠠᠬ᠎ᠠ ᠠ᠋ ᠭᠡᠵᠦ ᠨᠢᠭᠡ ᠬᠠᠰᠬᠢᠷᠤᠭᠠᠳ ᠮᠣᠷᠢᠨ ᠠ᠋ᠴᠠ ᠤᠨᠠᠵᠤ ᠮᠠᠨᠠᠷᠠᠴᠢᠬᠠᠯᠠ᠃ ᠬᠣᠵᠢᠮ ᠨᠢ ᠰᠠᠢᠨ ᠡᠮᠨᠡᠭᠦᠯᠦᠭᠰᠡᠨ ᠢ᠋ᠶ᠋ᠡᠷ ᠠᠷᠬᠠᠭ ᠬᠠᠭᠤᠴᠢᠨ ᠦᠭᠡᠢ ᠢᠯᠡᠷᠡᠢ ᠰᠠᠢᠬᠠᠨ ᠪᠣᠯᠴᠢᠬᠠᠭᠰᠠᠨ ᠭᠡᠨ᠎ᠡ᠃
ᠪᠠᠢᠯᠳᠤᠭᠠᠨ ᠬᠣᠶᠠᠷ ᠡᠳᠦᠷ ᠦᠷᠭᠦᠯᠵᠢᠯᠡᠭᠰᠡᠨ ᠪᠣᠯᠪᠠᠴᠤ ᠬᠣᠶᠠᠷ ᠲᠠᠯ᠎ᠠ ᠶ᠋ᠢᠨ ᠴᠡᠷᠢᠭ ᠦᠬᠦᠵᠦ ᠬᠣᠬᠢᠷᠠᠭᠳᠠᠭᠰᠠᠨ ᠦᠭᠡᠢ᠃ ᠰᠠᠢᠨᠪᠠᠶᠠᠷ ᠰᠸᠯᠢᠩ᠂ ᠰᠠᠢᠰᠢᠩᠭ᠎ᠠ ᠪᠠᠳᠠᠷᠠᠬᠤ ᠨᠠᠷ ᠤ᠋ᠨ ᠵᠠᠬᠢᠷᠤᠯ ᠳ᠋ᠤ᠌ ᠪᠠᠢᠬᠤ ᠮᠣᠷᠢᠲᠤ ᠴᠡᠷᠢᠭ ᠦ᠋ᠨ ᠨᠢᠭᠡᠳᠦᠭᠡᠷ ᠪᠠᠲ᠋ᠠᠯᠢᠶᠣᠨ ᠤ᠋ ᠴᠡᠷᠢᠭ ᠪᠣᠯᠤᠨ ᠦᠦᠰᠢᠨ ᠬᠤᠰᠢᠭᠤᠨ ᠠ᠋ᠴᠠ ᠨᠥᠬᠥᠪᠥᠷᠢᠯᠡᠭᠰᠡᠨ ᠴᠡᠷᠢᠭ ᠢ᠋ ᠰᠡᠵᠢᠭᠯᠡᠵᠦ ᠴᠢᠩᠭ᠎ᠠ ᠬᠠᠮᠢᠶᠠᠷᠠᠬᠤ ᠶ᠋ᠢᠨ ᠳᠠᠭᠠᠤ ᠰᠢᠨᠠᠯᠠᠮ᠎ᠠ ᠶ᠋ᠢᠨ ᠳᠥᠷᠪᠡᠨ ᠯᠢᠶᠠᠨ ᠤ᠋ ᠮᠣᠷᠢᠲᠤ ᠴᠡᠷᠢᠭ ᠲᠡᠢ ᠪᠠᠢᠯᠳᠤᠭᠠᠳ ᠢᠯᠠᠬᠤ ᠪᠣᠯᠤᠯᠴᠠᠭ᠎ᠠ ᠦᠭᠡᠢ ᠪᠡᠨ ᠮᠡᠳᠡᠭᠡᠳ ᠴᠠᠮᠬᠠᠭ ᠤ᠋ᠨ ᠴᠠᠢᠳᠠᠮ ᠠ᠋ᠴᠠ ᠤᠬᠤᠷᠢᠵᠤ ᠪᠠᠷᠠᠭᠤᠨᠰᠢᠯᠠᠪᠠ᠃ ᠰᠢᠨᠡᠯᠡᠮ᠎ᠡ ᠶ᠋ᠢᠨ ᠴᠡᠷᠢᠭ ᠬᠡᠢᠮᠣᠷᠢ ᠯᠦᠩᠳᠠ ᠮᠠᠨᠳᠤᠭᠤᠯᠤᠨ ᠬᠣᠢᠨ᠎ᠠ ᠠ᠋ᠴᠠ ᠨᠢ ᠨᠡᠬᠡᠮᠵᠢᠯᠡᠨ ᠪᠠᠢᠯᠳᠤᠵᠤ ᠣᠲᠣᠭ ᠬᠣᠰᠢᠭᠤ ᠪᠣᠯᠤᠨ ᠦᠦᠰᠢᠨ ᠬᠤᠰᠢᠭᠤᠨ ᠤ᠋ ᠬᠢᠯᠢ ᠰᠠᠪᠠ ᠶ᠋ᠢᠨ ᠠᠭᠤᠯᠵᠠᠷ ᠤ᠋ᠨ ᠲᠠᠪᠴᠠᠩ ᠬᠡᠮᠡᠬᠦ ᠭᠠᠵᠠᠷ ᠬᠦᠷᠦᠭᠡᠳ᠂ ᠨᠢᠭᠡᠨᠲᠡ ᠣᠲᠣᠭ ᠬᠤᠰᠢᠭᠤᠨ ᠤ᠋ ᠭᠠᠵᠠᠷ ᠲᠤ᠌ ᠣᠷᠣᠭᠰᠠᠨ ᠲᠤᠯᠠ ᠡᠨᠡ ᠤᠳᠠᠭ᠎ᠠ ᠶ᠋ᠢᠨ ᠪᠠᠢᠯᠳᠤᠭᠠᠨ ᠵᠣᠭᠰᠣᠯ᠎ᠠ᠃
ᠬᠠᠷᠠᠴᠢᠨ ᠴᠡᠷᠢᠭ ᠢᠷᠭᠠᠢ ᠳ᠋ᠤ᠌ ᠬᠦᠷᠬᠦ ᠵᠠᠮ ᠪᠣᠯᠤᠨ ᠢᠷᠭᠠᠢ ᠳ᠋ᠤ᠌ ᠣᠴᠢᠭᠰᠠᠨ ᠤ᠋ ᠰᠡᠭᠦᠯᠡᠷ ᠦᠦᠰᠢᠨ ᠬᠤᠰᠢᠭᠤᠨ ᠠ᠋ᠴᠠ ᠨᠥᠬᠥᠪᠥᠷᠢᠯᠡᠭᠰᠡᠨ ᠴᠡᠷᠢᠭ ᠦ᠋ᠳ ᠨᠢᠭᠡ ᠬᠣᠶᠠᠷ ᠢ᠋ᠶ᠋ᠠᠷ ᠴᠡᠷᠢᠭ ᠡᠴᠡ ᠪᠡᠨ ᠰᠠᠯᠵᠤ ᠨᠤᠲᠤᠭ ᠲᠠᠭᠠᠨ ᠪᠤᠴᠠᠵᠤ ᠢᠷᠡᠵᠡᠢ᠃ ᠪᠠᠳᠠᠷᠠᠬᠤ᠂ ᠰᠠᠢᠰᠢᠩᠭ᠎ᠠ ᠶᠢᠩᠵᠠᠩ ᠢ᠋ ᠳᠠᠭᠠᠵᠤ ᠪᠤᠰᠤᠳ ᠬᠡᠳᠦᠨ ᠬᠥᠮᠦᠨ ᠲᠡᠢ ᠬᠠᠮᠲᠤ ᠪᠠᠷ ᠴᠡᠷᠢᠭ ᠡᠴᠡ ᠰᠠᠯᠵᠤ ᠬᠠᠯᠬ᠎ᠠ ᠮᠣᠩᠭᠣᠯ ᠵᠦᠭ ᠶᠠᠪᠤᠵᠤ ᠪᠠᠢᠭᠠᠳ ᠬᠠᠲᠤᠨ ᠭᠣᠣᠯ ᠤ᠋ᠨ ᠬᠣᠢᠨᠠᠬᠢ ᠬᠣᠶᠠᠷ ᠪᠣᠭᠳᠠ ᠠᠭᠤᠯᠠ ᠬᠦᠷᠬᠦ ᠳ᠋ᠦ᠍ ᠭᠡᠷ ᠨᠤᠲᠤᠭ ᠢ᠋ᠶ᠋ᠠᠨ ᠰᠠᠨᠠᠭᠠᠳ ᠰᠠᠢᠰᠢᠩᠭ᠎ᠠ ᠨᠠᠷ ᠠ᠋ᠴᠠ ᠰᠠᠯᠵᠤ1929 ᠣᠨ ᠳ᠋ᠤ᠌ ᠨᠤᠲᠤᠭ ᠲᠠᠭᠠᠨ ᠬᠠᠷᠢᠵᠤ ᠢᠷᠡᠯ᠎ᠡ᠃ ᠲᠡᠭᠦᠨ ᠡᠴᠡ ᠬᠣᠢᠰᠢ ᠲᠡᠷᠡ ᠠᠵᠤ ᠠᠮᠢᠳᠤᠷᠠᠯ ᠢ᠋ᠶ᠋ᠠᠨ ᠴᠣᠭᠴᠠᠯᠠᠵᠤ ᠳᠠᠬᠢᠵᠤ ᠴᠡᠷᠢᠭ ᠠᠯᠪᠠᠨ ᠳ᠋ᠤ᠌ ᠶᠠᠪᠤᠭᠰᠠᠨ ᠦᠭᠡᠢ ᠭᠡᠨ᠎ᠡ᠃①
— — — —
① ᠪᠠᠳᠠᠷᠠᠬᠤ ᠨᠠᠰᠤᠲᠠᠨ ᠤ᠋ ᠳᠠᠯᠠᠭᠠᠳ ᠣᠨ ᠳ᠋ᠤ᠌ ᠶᠠᠷᠢᠭᠰᠠᠨ ᠢ᠋ ᠡᠮᠬᠢᠳᠬᠡᠪᠡ᠃
ᠦᠰᠦᠭ ᠠᠮᠢᠯᠠᠭᠤᠯᠤᠭᠴᠢ᠄ ᠠᠯᠲᠠᠨᠱᠠ᠂ ᠪᠠᠯ᠂ ᠣᠶᠤᠨᠪᠠᠲᠤ᠂ ᠰᠠᠷᠠᠨᠲᠤᠶᠠᠭ᠎ᠠ
ᠬᠢᠨᠠᠭᠴᠢ᠄ ᠣᠳᠬᠣᠨᠴᠡᠴᠡᠭ᠂ ᠠᠯᠲᠠᠨᠱᠠ
