ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ ᠨᠠᠷ ᠨᠠᠢᠷᠠᠭᠤᠯᠵᠤ ᠬᠥᠬᠡᠯᠤᠤ ᠮᠣᠩᠭᠣᠯᠴᠢᠯᠠᠪᠠ –ᠨᠢᠭᠡᠳᠦᠭᠡᠷ ᠪᠣᠲᠢ-2 Идээ ундааны жинхэнэ товч– Хүсэхүй нар найруулж Хөхлуу монголчлов – Нэгдүгээр боть-2 ᠢᠳᠡᠭᠡᠨ ᠤᠮᠳᠠᠭᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ ᠨᠠᠷ ᠨᠠᠢᠷᠠᠭᠤᠯᠵᠤ ᠬᠥᠬᠡᠯᠤᠤ ᠮᠣᠩᠭᠣᠯᠴᠢᠯᠠᠪᠠ –ᠨᠢᠭᠡᠳᠦᠭᠡᠷ ᠪᠣᠲᠢ-2 Идээ ундааны жинхэнэ товч– Хүсэхүй нар найруулж Хөхлуу монголчлов – Нэгдүгээр боть-2

ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ ᠨᠠᠷ ᠨᠠᠢᠷᠠᠭᠤᠯᠵᠤ ᠬᠥᠬᠡᠯᠤᠤ ᠮᠣᠩᠭᠣᠯᠴᠢᠯᠠᠪᠠ –ᠨᠢᠭᠡᠳᠦᠭᠡᠷ ᠪᠣᠲᠢ-2 Идээ ундааны жинхэнэ товч– Хүсэхүй нар найруулж Хөхлуу монголчлов – Нэгдүгээр боть-2

2025-11-05

197

ᠪᠡᠶ᠎ᠡ ᠶ᠋ᠢᠨ ᠰᠤᠪᠢᠯᠠᠯᠲᠠ ᠶ᠋ᠢᠨ ᠴᠡᠭᠡᠷᠯᠡᠯ


       ᠡᠷᠲᠡ ᠢᠵᠠᠭᠤᠷ ᠤ᠋ᠨ ᠬᠥᠮᠦᠰ ᠶᠣᠰᠣ ᠶ᠋ᠢ ᠮᠡᠳᠡᠭᠴᠢ ᠢᠨᠦ ᠠᠷᠭ᠎ᠠ ᠪᠢᠯᠢᠭ ᠦ᠋ᠨ ᠶᠣᠰᠣ ᠶ᠋ᠢ ᠳᠦᠷᠢᠮᠯᠡᠨ ᠠᠷᠭ᠎ᠠ ᠬᠡᠮᠵᠢᠶᠡᠨ ᠳ᠋ᠦ᠍ ᠨᠡᠢᠴᠡᠭᠦᠯᠵᠦ᠂ ᠢᠳᠡᠭᠡᠨ ᠤᠮᠳᠠᠭᠠᠨ ᠤ᠋ ᠲᠣᠭ᠎ᠠ ᠬᠡᠮᠵᠢᠶ᠎ᠡ ᠶ᠋ᠢ ᠪᠠᠷᠢᠮᠲᠠᠯᠠᠵᠤ᠂ ᠶᠠᠪᠤᠳᠠᠯ ᠮᠥᠷ ᠦ᠋ᠨ ᠬᠡᠪ ᠶᠣᠰᠣ ᠶ᠋ᠢ ᠰᠠᠬᠢᠭᠠᠳ ᠳᠡᠮᠡᠢ ᠪᠠᠯᠠᠢ ᠬᠥᠳᠡᠯᠵᠦ ᠪᠠᠷᠢᠬᠤ ᠦᠭᠡᠢ ᠤᠴᠢᠷ ᠠ᠋ᠴᠠ ᠣᠭᠣᠭᠠᠲᠠ ᠤᠷᠲᠤ ᠨᠠᠰᠤᠯᠠᠳᠠᠭ ᠶᠤᠮᠰᠠᠨ᠃ ᠡᠳᠦᠭᠡ ᠴᠠᠭ ᠤ᠋ᠨ ᠬᠥᠮᠦᠰ ᠢᠨᠦ ᠶᠠᠪᠤᠳᠠᠯ ᠮᠥᠷ ᠲᠡᠭᠡᠨ ᠬᠡᠪ ᠶᠣᠰᠣ ᠶ᠋ᠢ ᠦᠯᠦ ᠬᠠᠢᠬᠤᠷᠤᠨ ᠢᠳᠡᠭᠡᠨ ᠤᠮᠳᠠᠭᠠᠨ ᠳ᠋ᠤ᠌ ᠠᠩᠬᠠᠷᠤᠯ ᠴᠡᠭᠡᠷᠯᠡᠯ ᠢ᠋ ᠮᠡᠳᠡᠬᠦ ᠦᠭᠡᠢ ᠪᠥᠭᠡᠳ ᠲᠣᠭ᠎ᠠ ᠬᠡᠮᠵᠢᠶ᠎ᠡ ᠶ᠋ᠢ ᠪᠠᠷᠢᠮᠲᠠᠯᠠᠬᠤ ᠦᠭᠡᠢ᠂ᠲᠠᠴᠢᠶᠠᠩᠭᠤᠢ ᠬᠦᠰᠡᠯ ᠠᠷᠪᠢᠳᠴᠤ᠂ ᠠᠮᠲᠠ ᠰᠢᠮᠳᠠ ᠲᠠᠢ ᠶ᠋ᠢ ᠳᠡᠩᠳᠡᠭᠦᠦ ᠰᠢᠲᠦᠵᠦ᠂ ᠳᠤᠮᠳᠠᠴᠢ ᠬᠡᠪ ᠢ᠋ ᠪᠠᠲᠤᠯᠠᠨ ᠰᠠᠬᠢᠬᠤ ᠦᠭᠡᠢ ᠮᠥᠷᠲᠡᠭᠡᠨ ᠬᠠᠨᠤᠰᠢ ᠦᠭᠡᠢ ᠡᠳ᠋ᠯᠡᠬᠦ ᠶ᠋ᠢᠨ ᠲᠤᠯᠠ ᠲᠠᠪᠢᠨ ᠨᠠᠰᠤᠨ ᠬᠦᠷᠦᠮᠡᠭᠴᠡ ᠲᠠᠮᠢᠷ ᠬᠦᠴᠦᠨ ᠳᠣᠷᠦᠢᠲᠠᠭᠰᠠᠳ ᠣᠯᠠᠰᠢᠷᠠᠭᠰᠠᠨ ᠪᠣᠯᠠᠢ᠃ ᠵᠢᠷᠭᠠᠯ ᠴᠡᠩᠭᠡᠯ ᠦ᠋ᠨ ᠶᠣᠰᠣ ᠪᠣᠯᠪᠠᠰᠤ ᠪᠡᠶ᠎ᠡ ᠪᠡᠨ ᠰᠠᠢᠲᠤᠷ ᠠᠷᠠᠴᠢᠯᠠᠬᠤ ᠶᠠᠪᠤᠳᠠᠯ ᠳ᠋ᠤᠷ ᠪᠣᠢ᠃ ᠪᠡᠶ᠎ᠡ ᠪᠡᠨ ᠠᠷᠠᠴᠢᠯᠠᠬᠤ ᠶᠣᠰᠣ ᠠᠨᠤ ᠳᠤᠮᠳᠠᠴᠢ ᠬᠡᠪ ᠢ᠋ᠶ᠋ᠡᠨ ᠰᠠᠬᠢᠬᠤ ᠳ᠋ᠤᠷ ᠦᠯᠦ ᠬᠥᠷᠥᠮᠦᠢ᠃ ᠳᠤᠮᠳᠠᠴᠢ ᠬᠡᠪ ᠢ᠋ᠶ᠋ᠡᠨ ᠰᠠᠢᠲᠤᠷ ᠰᠠᠬᠢᠵᠤ ᠴᠢᠳᠠᠪᠠᠰᠤ ᠳᠠᠷᠤᠢ ᠠᠷᠪᠢᠳᠬᠤ ᠪᠠᠷᠠᠭᠳᠠᠬᠤ ᠵᠡᠷᠭᠡ ᠶ᠋ᠢᠨ ᠡᠪᠡᠳᠴᠢᠨ ᠡᠮᠭᠡᠭ ᠲᠣᠷ ᠦᠯᠦ ᠨᠡᠷᠪᠡᠭᠳᠡᠬᠦ ᠠᠵᠠᠢ᠃ ᠬᠠᠪᠤᠷ ᠨᠠᠮᠤᠷ ᠵᠤᠨ ᠡᠪᠦᠯ ᠳᠥᠷᠪᠡᠨ ᠤᠯᠠᠷᠢᠯ ᠤ᠋ᠨ ᠠᠷᠭ᠎ᠠ ᠪᠢᠯᠢᠭ ᠦ᠋ᠨ ᠠᠭᠤᠷ ᠲᠤ᠌ ᠡᠪᠡᠳᠴᠢᠯᠡᠬᠦ ᠢᠨᠦ ᠠᠷᠪᠢᠳᠤᠭᠰᠠᠨ ᠠ᠋ᠴᠠ ᠪᠤᠶᠤ ᠲᠤᠬᠠᠢ ᠶ᠋ᠢᠨ ᠨᠥᠬᠥᠴᠡᠯ ᠳ᠋ᠦ᠍ᠷ ᠦᠯᠦ ᠵᠣᠬᠢᠴᠠᠯᠳᠤᠭᠰᠠᠨ ᠠ᠋ᠴᠠ ᠪᠣᠯᠬᠤ ᠪᠥᠯᠥᠭᠡ᠃ ᠲᠡᠢᠮᠦ ᠡᠴᠡ ᠪᠡᠶ᠎ᠡ ᠪᠡᠨ ᠴᠢᠳᠠᠮᠠᠭᠠᠢ ᠠᠷᠠᠴᠢᠯᠠᠭᠴᠢᠳ ᠠᠨᠤ ᠠᠷᠪᠢᠳᠬᠤ ᠪᠠᠷᠠᠭᠳᠠᠬᠤ (ᠨᠡᠮᠡᠭᠳᠡᠬᠦ ᠬᠠᠰᠤᠭᠳᠠᠬᠤ )ᠭᠡᠮ ᠡᠴᠡ ᠵᠠᠢᠯᠠᠰᠬᠢᠵᠦ ᠴᠢᠳᠠᠭᠠᠳ ᠮᠥᠨ ᠪᠠᠰᠠ ᠭᠣᠣᠯ ᠲᠠᠮᠢᠷ ᠢ᠋ᠶ᠋ᠠᠨ ᠬᠠᠮᠠᠭᠠᠯᠠᠵᠤ ᠴᠢᠳᠠᠪᠠᠰᠤ ᠡᠲᠡᠭᠡᠳ ᠬᠣᠣᠷ ᠭᠡᠮ ᠳ᠋ᠦ᠍ᠷ ᠨᠡᠷᠪᠡᠭᠳᠡᠬᠦ ᠡᠴᠡ ᠵᠣᠪᠠᠬᠤ ᠤᠴᠢᠷ ᠶᠠᠭᠤᠨ ᠪᠣᠢ᠃ ᠲᠡᠢᠨ ᠬᠦ᠌ ᠡᠮ ᠠᠳᠢᠰ ᠢ᠋ ᠣᠯᠠᠨ ᠤᠤᠭᠤᠭᠰᠠᠳ ᠠᠨᠤ ᠬᠠᠷᠢᠨ ᠪᠡᠶ᠎ᠡ ᠪᠡᠨ ᠴᠢᠳᠠᠮᠠᠭᠠᠢ ᠠᠷᠠᠴᠢᠯᠠᠨ ᠰᠤᠪᠢᠯᠠᠬᠤᠢ ᠳ᠋ᠤᠷ ᠦᠯᠦ ᠬᠥᠷᠥᠮᠦᠢ᠃ ᠪᠡᠶ᠎ᠡ ᠪᠡᠨ ᠰᠠᠢᠲᠤᠷ ᠠᠷᠠᠴᠢᠯᠠᠨ ᠦᠯᠦ ᠴᠢᠳᠠᠬᠤᠯ᠎ᠠ ᠡᠮ ᠠᠳᠢᠰ ᠢ᠋ ᠶᠣᠰᠣᠴᠢᠯᠠᠨ ᠬᠡᠷᠡᠭᠯᠡᠬᠦ ᠶ᠋ᠢ ᠬᠦᠷᠬᠦ ᠦᠭᠡᠢ᠃ ᠶᠢᠷᠲᠢᠨᠴᠦ ᠳ᠋ᠦ᠍ᠷ ᠪᠡᠶ᠎ᠡ ᠪᠡᠨ ᠰᠠᠢᠲᠤᠷ ᠠᠷᠠᠴᠢᠯᠠᠵᠤ ᠴᠢᠳᠠᠬᠤ ᠦᠭᠡᠢ ᠮᠥᠷᠲᠡᠭᠡᠨ ᠡᠮ ᠢ᠋ ᠴᠦ᠍ ᠶᠣᠰᠣᠴᠢᠯᠠᠨ ᠬᠡᠷᠡᠭᠯᠡᠬᠦ ᠦᠭᠡᠢ ᠠᠭᠰᠠᠭᠠᠷ ᠴᠣᠴᠢᠮᠠᠲᠠᠭᠠᠢ ᠪᠠᠷ ᠡᠪᠡᠳᠴᠢᠯᠡᠪᠡᠰᠦ ᠬᠠᠷᠢᠨ ᠪᠤᠷᠬᠠᠨ ᠲᠩᠷᠢ ᠳ᠋ᠦ᠍ᠷ ᠭᠤᠮᠦᠳᠣᠵᠦ ᠵᠢᠮᠡᠯᠡᠵᠦ ᠪᠣᠯᠤᠮᠤᠢ ᠤᠤ? ᠪᠡᠶ᠎ᠡ ᠪᠡᠨ ᠰᠠᠢᠲᠤᠷ ᠰᠤᠪᠢᠯᠠᠨ ᠲᠡᠵᠢᠭᠡᠭᠴᠢ ᠪᠣᠯᠪᠠᠰᠤ ᠮᠢᠬ᠎ᠠ ᠲᠣᠰᠣ ᠶ᠋ᠢ ᠬᠡᠲᠦᠷᠬᠡᠢ ᠡᠳ᠋ᠯᠡᠬᠦ ᠦᠭᠡᠢ᠂ ᠡᠯᠳᠡᠪ ᠪᠣᠳᠣᠯᠬᠢᠯᠠᠭ᠎ᠠ ᠰᠠᠨᠠᠭᠠᠷᠬᠠᠯ ᠢ᠋ᠶ᠋ᠠᠨ ᠴᠥᠭᠡᠳᠬᠡᠵᠦ᠂ ᠲᠠᠴᠢᠶᠠᠩᠭᠤᠢ ᠬᠦᠰᠡᠯ ᠢ᠋ᠶ᠋ᠡᠨ ᠬᠢᠵᠠᠭᠠᠷᠯᠠᠨ᠂ ᠪᠠᠶᠠᠷᠯᠠᠬᠤ ᠬᠢᠯᠢᠩᠨᠡᠬᠦ ᠶ᠋ᠢ ᠴᠡᠭᠡᠷᠯᠡᠵᠦ᠂ ᠲᠠᠮᠢᠷ ᠬᠦᠴᠦᠨ ᠢ᠋ᠶ᠋ᠡᠨ ᠬᠠᠢᠷᠠᠯᠠᠨ ᠦᠭᠡ ᠶᠠᠷᠢᠶ᠎ᠠ ᠪᠠᠨ ᠴᠣᠮᠬᠠᠳᠬᠠᠵᠤ ᠦᠯᠦ ᠠᠯᠳᠠᠬᠤ ᠶ᠋ᠢ ᠬᠥᠩᠭᠡᠪᠴᠢᠯᠡᠨ᠂ ᠵᠣᠪᠠᠨᠢᠯ ᠭᠤᠲᠤᠷᠠᠯ ᠢ᠋ ᠲᠡᠪᠴᠢᠨ ᠳᠡᠮᠡᠢ ᠪᠠᠯᠠᠢ ᠮᠥᠷᠥᠭᠡᠳᠦᠯ ᠬᠦᠰᠡᠯᠡᠩ ᠢ᠋ ᠠᠷᠢᠯᠭᠠᠨ᠂ ᠵᠦᠢ ᠪᠤᠰᠤ ᠳᠤᠷᠠᠰᠢᠯ ᠪᠠ ᠵᠢᠭᠰᠢᠮᠡᠲᠡᠭᠡᠢ ᠡᠴᠡ ᠵᠠᠢᠳᠠᠵᠤ᠂ ᠬᠠᠷᠠᠭ᠎ᠠ ᠰᠣᠨᠣᠷ ᠢ᠋ᠶ᠋ᠠᠨ ᠬᠣᠷᠢᠶᠠᠨ᠂ ᠳᠣᠲᠣᠷ ᠲᠠᠮᠢᠷ ᠤ᠋ᠨ ᠪᠠᠲᠤᠳᠬᠠᠯ ᠳ᠋ᠤ᠌ ᠬᠢᠴᠢᠶᠡᠩᠭᠦᠢᠯᠡᠵᠦ᠂ ᠣᠶᠤᠨ ᠰᠠᠨᠠᠭ᠎ᠠ ᠪᠠᠨ ᠦᠯᠦ ᠵᠣᠪᠠᠭᠠᠨ᠂ ᠪᠡᠶ᠎ᠡ ᠮᠠᠬᠠᠪᠣᠳ ᠢ᠋ᠶ᠋ᠠᠨ ᠦᠯᠦ ᠵᠦᠳᠡᠷᠡᠭᠦᠯᠵᠦ ᠣᠶᠤᠨ ᠰᠠᠨᠠᠭ᠎ᠠ ᠪᠠ ᠪᠡᠶ᠎ᠡ ᠮᠠᠬᠠᠪᠣᠳ ᠠᠮᠤᠷᠯᠢᠩᠭᠤᠢ ᠪᠣᠯᠪᠠᠰᠤ ᠡᠪᠡᠳᠴᠢᠨ ᠵᠣᠪᠠᠯᠠᠩ ᠳ᠋ᠤᠷ ᠶᠠᠭᠤᠨ ᠨᠡᠷᠪᠡᠭᠳᠡᠬᠦ ᠠᠵᠠᠢ᠃ ᠲᠡᠢᠮᠦ ᠡᠴᠡ ᠪᠡᠶ᠎ᠡ ᠪᠡᠨ ᠰᠠᠢᠲᠤᠷ ᠭᠠᠮᠨᠠᠨ ᠠᠷᠠᠴᠢᠯᠠᠭᠴᠢ ᠠᠨᠤ ᠤᠷᠢᠳᠠᠪᠡᠷ ᠥᠯᠥᠰᠴᠦ ᠪᠠᠢᠭᠠᠳ ᠰᠠᠶᠢ ᠢᠳᠡᠬᠦ ᠪᠥᠭᠡᠳ ᠬᠡᠲᠦᠷᠬᠡᠢ ᠴᠠᠳᠲᠠᠯ᠎ᠠ ᠢᠳᠡᠬᠦ ᠦᠭᠡᠢ᠃ ᠤᠷᠢᠳᠠᠪᠡᠷ ᠤᠮᠳᠠᠭᠠᠰᠴᠤ ᠪᠠᠢᠭᠠᠳ ᠰᠠᠶᠢ ᠤᠤᠭᠤᠬᠤ ᠪᠥᠭᠡᠳ ᠬᠡᠲᠦᠷᠡᠲᠡᠯ᠎ᠡ ᠤᠤᠭᠤᠬᠤ ᠦᠭᠡᠢ᠂ ᠢᠳᠡᠵᠦ ᠤᠤᠭᠤᠬᠤ ᠳ᠋ᠠᠭᠠᠨ ᠢᠯᠡᠭᠦᠦ ᠬᠡᠳᠦᠨ ᠤᠳᠠᠭ᠎ᠠ ᠢᠳᠡᠵᠦ ᠤᠤᠭᠤᠬᠤ ᠪᠥᠭᠡᠳ ᠪᠠᠭ᠎ᠠ ᠬᠡᠮᠵᠢᠶ᠎ᠡ ᠶ᠋ᠢ ᠡᠷᠬᠢᠮᠯᠡᠭᠡᠳ᠂ ᠨᠢᠭᠡᠯ᠎ᠡ ᠳᠡᠭᠡᠷ᠎ᠡ ᠬᠡᠮᠵᠢᠶ᠎ᠡ ᠡᠴᠡ ᠳᠠᠪᠠᠲᠠᠯ᠎ᠠ ᠴᠢᠮᠠᠯᠠᠬᠤ ᠶ᠋ᠢ ᠡᠷᠬᠢᠮᠯᠡᠬᠦ ᠦᠭᠡᠢ᠃ ᠶᠡᠷᠦ ᠡᠴᠡ ᠴᠠᠳᠬᠤᠯᠠᠩ ᠠ᠋ᠴᠠ ᠥᠯᠥᠰᠬᠦᠯᠡᠩ ᠳ᠋ᠦ᠍ᠷ ᠬᠦᠷᠬᠦ ᠪᠠ ᠥᠯᠥᠰᠬᠦᠯᠡᠩ ᠡᠴᠡ ᠴᠠᠳᠬᠤᠯᠠᠩ ᠪᠣᠯᠬᠤ ᠪᠠᠢᠳᠠᠯ ᠢ᠋ᠶ᠋ᠠᠷ ᠬᠡᠯᠡᠪᠡᠯ᠂ ᠬᠡᠳᠦ ᠴᠠᠳᠬᠤᠯᠠᠩ ᠪᠣᠯᠪᠠᠯ ᠠᠭᠤᠰᠬᠢ ᠶ᠋ᠢ ᠭᠡᠮᠲᠦᠭᠡᠵᠦ᠂ ᠥᠯᠥᠰᠬᠦᠯᠡᠩ ᠪᠣᠯᠪᠠᠯ ᠲᠠᠮᠢᠷ ᠢ᠋ ᠬᠥᠨᠥᠭᠡᠳᠡᠭ᠃ ᠴᠠᠳᠬᠤᠯᠠᠩ ᠤ᠋ᠨ ᠲᠡᠷᠡ ᠳᠠᠷᠤᠢ ᠳ᠋ᠤᠷ ᠬᠡᠪᠲᠡᠵᠦ ᠦᠯᠦ ᠪᠣᠯᠤᠮᠤᠢ᠂ ᠡᠰᠡ ᠲᠡᠢᠮᠦ ᠪᠥᠭᠡᠰᠦ ᠡᠪᠡᠳᠴᠢᠨ ᠪᠦᠬᠦᠨ ᠢ᠋ ᠡᠭᠦᠰᠬᠡᠬᠦ ᠪᠣᠯᠤᠭᠤᠵᠠᠢ᠃ 
       ᠠᠯᠢᠪᠠ ᠬᠠᠯᠠᠭᠤᠨ ᠢᠳᠡᠭᠡᠨ ᠤᠮᠳᠠᠭᠠᠨ ᠢ᠋ ᠢᠳᠡᠵᠦ ᠤᠤᠭᠤᠭᠠᠳ ᠬᠥᠯᠥᠷᠡᠪᠡᠰᠦ ᠵᠢᠪᠠᠷ ᠰᠠᠯᠬᠢᠨ ᠲᠠᠢ ᠭᠠᠵᠠᠷ᠎ᠠ ᠪᠠᠢᠵᠤ ᠦᠯᠦ ᠪᠣᠯᠤᠮᠤᠢ ᠡᠨᠡ ᠪᠣᠯ ᠲᠠᠲᠠᠯᠳᠤᠨ ᠵᠢᠭᠤᠷᠠᠬᠤ᠂ ᠲᠣᠯᠣᠭᠠᠢ ᠡᠪᠡᠳᠬᠦ᠂ ᠨᠢᠳᠦ ᠰᠢᠷᠦᠭᠦᠰᠬᠦ ᠪᠠ ᠤᠨᠳᠠᠮᠭᠠᠢ ᠪᠣᠯᠬᠤ ᠵᠡᠷᠭᠡ ᠭᠡᠮ ᠳ᠋ᠦ᠍ ᠨᠡᠷᠪᠡᠭᠳᠡᠬᠦ ᠡᠴᠡ ᠰᠡᠷᠭᠡᠢᠯᠡᠭᠰᠡᠨ ᠰᠠᠨᠠᠭ᠎ᠠ ᠪᠣᠯᠠᠢ᠃ 
       ᠰᠥᠨᠢ ᠣᠷᠣᠢ ᠪᠣᠯᠪᠠᠰᠤ ᠳᠡᠩᠳᠡᠭᠦᠦ ᠢᠯᠡᠭᠦᠦ ᠢᠳᠡᠵᠦ ᠤᠤᠭᠤᠵᠤ ᠦᠯᠦ ᠪᠣᠯᠤᠮᠤᠢ᠃ ᠤᠨᠲᠠᠵᠤ ᠬᠡᠪᠲᠡᠬᠦ ᠳ᠋ᠡᠭᠡᠨ ᠵᠢᠪᠠᠷ ᠰᠠᠯᠬᠢᠨ ᠠ᠋ᠴᠠ ᠵᠠᠢᠯᠠᠰᠬᠢᠳᠣᠭᠠᠢ᠃ 
       ᠬᠣᠭᠣᠯᠠ ᠢᠳᠡᠭᠰᠡᠨ ᠦ᠌ ᠰᠡᠭᠦᠯᠡᠷ ᠪᠦᠯᠢᠶᠡᠨ ᠤᠰᠤ ᠪᠠᠷ ᠠᠮᠠ ᠪᠠᠨ ᠵᠠᠢᠯᠠᠭᠤᠯᠪᠠᠰᠤ ᠰᠢᠳᠦᠨ ᠡᠪᠡᠳᠴᠢᠨ ᠣᠯᠬᠤ ᠦᠭᠡᠢ ᠠᠮᠠᠨ ᠠ᠋ᠴᠠ ᠦᠮᠡᠬᠡᠢ ᠦᠨᠦᠷ ᠭᠠᠷᠬᠤ ᠦᠭᠡᠢ᠃ 
       ᠬᠥᠯᠥᠰᠥ ᠬᠥᠯᠥᠷᠡᠭᠰᠡᠨ ᠦᠶ᠎ᠡ ᠳ᠋ᠦ᠍ᠷ ᠪᠢᠲᠡᠭᠡᠢ ᠳᠡᠪᠢᠭᠦᠷᠳᠡᠨ ᠰᠡᠷᠢᠭᠦᠴᠡ᠂ ᠡᠨᠡ ᠢᠨᠦ ᠲᠠᠯ᠎ᠠ ᠪᠡᠶ᠎ᠡ ᠶ᠋ᠢᠨ ᠬᠠᠲᠠᠩᠭᠢᠷᠠᠯ (ᠰᠠ ᠡᠪᠡᠳᠴᠢᠨ) ᠡᠴᠡ ᠰᠡᠷᠡᠮᠵᠢᠯᠡᠭᠰᠡᠨ ᠤᠬᠠᠭᠠᠨ ᠪᠣᠯᠠᠢ᠃ 
       ᠪᠠᠷᠠᠭᠤᠨ ᠬᠣᠢᠲᠤ ᠵᠦᠭ ᠲᠦ᠍ ᠬᠠᠨᠳᠤᠵᠤ᠂ ᠪᠢᠲᠡᠭᠡᠢ ᠬᠣᠶᠠᠷ ᠮᠥᠷ ᠦᠵᠡᠭᠲᠦᠨ᠂ (ᠥᠳᠬᠡᠨ ᠮᠥᠷ ᠪᠠ ᠰᠢᠩᠭᠡᠨ ᠮᠥᠷ ᠦᠵᠡᠬᠦ ᠶ᠋ᠢ ᠬᠡᠯᠡᠭᠰᠡᠨ )᠃ 
       ᠥᠳᠬᠡᠨ ᠰᠢᠩᠭᠡᠨ ᠬᠣᠶᠠᠷ ᠮᠥᠷ ᠢ᠋ᠶ᠋ᠡᠨ ᠪᠢᠲᠡᠭᠡᠢ ᠬᠦᠴᠦᠯᠡᠨ ᠬᠣᠷᠢᠭᠯᠠ᠃ ᠡᠨᠡ ᠢᠨᠦ ᠡᠪᠦᠳᠦᠭ ᠬᠡᠰᠡᠭ ᠢ᠋ᠶ᠋ᠡᠷ ᠵᠢᠩᠭᠢᠨᠡᠵᠦ ᠱᠠᠷᠬᠢᠷᠠᠬᠤ ᠡᠪᠡᠷᠰᠢᠶᠡᠯ ᠢ᠋ ᠰᠡᠷᠭᠡᠢᠯᠡᠭᠰᠡᠨ ᠲᠥᠯᠥᠭᠡ ᠪᠣᠯᠠᠢ᠃ 
       ᠣᠳᠣᠨ ᠭᠠᠷᠠᠭ ᠨᠠᠷᠠᠨ ᠰᠠᠷᠠᠨ᠂ ᠰᠦᠮ᠎ᠡ ᠬᠡᠢᠳ ᠷᠠᠰᠠᠩ ᠳᠤᠭᠠᠩ ᠵᠦᠭ ᠬᠠᠨᠳᠤᠵᠤ᠂ ᠪᠢᠲᠡᠭᠡᠢ ᠰᠢᠭᠡᠵᠦ ᠪᠠᠭᠠᠲᠤᠭᠠᠢ᠃ 
       ᠰᠥᠨᠢ ᠦᠳᠡᠰᠢ ᠬᠡᠰᠦᠵᠦ ᠶᠠᠪᠤᠬᠤ ᠳ᠋ᠠᠭᠠᠨ ᠪᠢᠲᠡᠭᠡᠢ ᠳᠠᠭᠤᠯᠠᠵᠤ ᠭᠢᠩᠰᠢᠨ ᠬᠠᠰᠬᠢᠷᠤᠭᠲᠤᠨ᠃ 
       ᠨᠢᠭᠡᠨ ᠡᠳᠦᠷ ᠦ᠋ᠨ ᠴᠡᠭᠡᠷᠯᠡᠯ ᠪᠣᠯᠪᠠᠰᠤ ᠰᠥᠨᠢ ᠣᠷᠣᠢ ᠪᠢᠲᠡᠭᠡᠢ ᠴᠠᠳᠲᠠᠯ᠎ᠠ ᠢᠳᠡᠭᠲᠦᠨ᠃ 
       ᠨᠢᠭᠡᠨ ᠰᠠᠷ᠎ᠠ ᠶ᠋ᠢᠨ ᠴᠡᠭᠡᠷᠯᠡᠯ ᠪᠣᠯᠪᠠᠰᠤ ᠪᠢᠲᠡᠭᠦᠨ ᠦ᠌ ᠡᠳᠦᠷ ᠪᠤᠤ ᠱᠠᠯ ᠰᠣᠭᠲᠣᠲᠠᠯ᠎ᠠ ᠠᠷᠢᠬᠢ ᠤᠤᠭᠤᠲᠤᠭᠠᠢ᠃ 
       ᠨᠢᠭᠡᠨ ᠵᠢᠯ ᠦ᠋ᠨ ᠴᠡᠭᠡᠷᠯᠡᠯ ᠪᠣᠯᠪᠠᠰᠤ ᠰᠥᠨᠢ ᠣᠷᠣᠢ ᠪᠢᠲᠡᠭᠡᠢ ᠬᠣᠯᠠ ᠶᠠᠪᠤᠭᠲᠤᠨ᠃ 
       ᠨᠢᠭᠡᠨ ᠨᠠᠰᠤᠨ ᠤ᠋ ᠴᠡᠭᠡᠷᠯᠡᠯ ᠪᠣᠯᠪᠠᠰᠤ ᠪᠢᠲᠡᠭᠡᠢ ᠳ᠋ᠧᠩ ᠵᠤᠯᠠ ᠠᠰᠠᠭᠠᠵᠤ ᠪᠠᠢᠭᠠᠳ ᠬᠤᠷᠢᠴᠠᠯ ᠦᠢᠯᠡᠳ᠃ 
       ᠮᠢᠩᠭᠠᠨ ᠡᠳᠦᠷ ᠢ᠋ᠶ᠋ᠡᠷ ᠡᠮ ᠲᠣᠮ ᠤᠤᠭᠤᠬᠤ ᠠᠨᠤ ᠭᠠᠭᠴᠠ ᠪᠡᠶ᠎ᠡ ᠪᠡᠷ ᠨᠢᠭᠡ ᠰᠥᠨᠢ ᠮᠠᠩᠰᠢᠭᠤᠷᠠᠲᠠᠯ᠎ᠠ ᠨᠣᠢᠷᠰᠤᠬᠤ ᠶ᠋ᠢ ᠦᠯᠦ ᠬᠥᠷᠥᠮᠦᠢ᠃ 
       ᠲᠤᠰ ᠪᠡᠶ᠎ᠡ ᠶ᠋ᠢᠨ ᠲᠥᠷᠥᠭᠰᠡᠨ ᠡᠳᠦᠷ ᠪᠠ ᠡᠴᠢᠭᠡ ᠡᠬᠡ ᠶ᠋ᠢᠨ ᠲᠥᠷᠥᠭᠰᠡᠨ ᠡᠳᠦᠷ᠎ᠡ ᠲᠣᠰᠪᠣᠷᠢ ᠲᠥᠷᠥᠭᠰᠡᠨ ᠡᠳᠦᠷ ᠦ᠋ᠨ ᠠᠷᠪᠠᠨ ᠬᠣᠶᠠᠷ ᠡᠷᠬᠡᠲᠡᠨ ᠦ᠌ ᠬᠠᠮᠢᠶ᠎ᠠ ᠲᠠᠢ ᠲᠡᠷᠡ ᠮᠢᠬ᠎ᠠ ᠶ᠋ᠢ ᠪᠢᠲᠡᠭᠡᠢ ᠢᠳᠡᠭᠲᠦᠨ᠃ 
       ᠠᠯᠢᠪᠠ ᠬᠥᠮᠦᠰ ᠰᠠᠭᠤᠬᠤ ᠳ᠋ᠠᠭᠠᠨ ᠡᠷᠬᠡᠪᠰᠢ ᠲᠥᠪ ᠰᠠᠭᠤᠭᠠᠳ ᠰᠡᠳᠬᠢᠯ ᠢ᠋ᠶ᠋ᠡᠨ ᠲᠥᠪᠯᠡᠭᠦᠯᠬᠦ ᠬᠡᠷᠡᠭᠲᠡᠢ᠃ 
       ᠠᠯᠢᠪᠠ ᠬᠥᠮᠦᠰ ᠵᠣᠭᠰᠣᠬᠤᠢ ᠳ᠋ᠠᠭᠠᠨ ᠡᠷᠬᠡᠪᠰᠢ ᠲᠥᠪ ᠵᠣᠭᠰᠣᠭᠠᠳ ᠪᠡᠶ᠎ᠡ ᠪᠡᠨ ᠠᠰᠬᠠᠨ ᠪᠠᠢᠯᠭᠠᠬᠤ ᠬᠡᠷᠡᠭᠲᠡᠢ᠃ 
       ᠶᠠᠰᠤ ᠭᠡᠮᠳᠦᠭᠳᠡᠭᠦᠵᠡᠢ ᠭᠡᠮᠡᠨ ᠤᠳᠠᠲᠠᠯ᠎ᠠ ᠵᠣᠭᠰᠣᠵᠤ ᠦᠯᠦ ᠪᠣᠯᠤᠮᠤᠢ᠃ 
       ᠴᠢᠰᠤ ᠭᠡᠮᠳᠦᠭᠳᠡᠭᠦᠵᠡᠢ ᠭᠡᠮᠡᠨ ᠤᠳᠠᠲᠠᠯ᠎ᠠ ᠰᠠᠭᠤᠵᠤ ᠦᠯᠦ ᠪᠣᠯᠤᠮᠤᠢ᠃ 
       ᠰᠢᠷᠪᠥᠰᠥ ᠶ᠋ᠢ ᠭᠡᠮᠳᠦᠭᠳᠡᠭᠦᠵᠡᠢ ᠭᠡᠮᠡᠨ ᠤᠳᠠᠲᠠᠯ᠎ᠠ ᠠᠯᠬᠤᠯᠠᠵᠤ ᠦᠯᠦ ᠪᠣᠯᠤᠮᠤᠢ᠃ 
       ᠲᠠᠮᠢᠷ ᠬᠥᠨᠥᠭᠡᠭᠳᠡᠭᠦᠵᠡᠢ ᠭᠡᠮᠡᠨ ᠤᠳᠠᠲᠠᠯ᠎ᠠ ᠬᠡᠪᠲᠡᠵᠦ ᠦᠯᠦ ᠪᠣᠯᠤᠮᠤᠢ᠃ 
       ᠲᠠᠮᠢᠷ ᠪᠠᠷᠠᠭᠳᠠᠭᠤᠵᠠᠢ ᠭᠡᠮᠡᠨ ᠤᠳᠠᠲᠠᠯ᠎ᠠ ᠠᠵᠢᠵᠤ ᠬᠠᠷᠠᠵᠤ ᠦᠯᠦ ᠪᠣᠯᠤᠮᠤᠢ᠃ 
       ᠲᠣᠯᠣᠭᠠᠢ ᠶ᠋ᠢᠨ ᠬᠡᠢ ᠡᠪᠡᠳᠴᠢᠨ ᠢ᠋ ᠡᠭᠦᠰᠬᠡᠭᠦᠵᠡᠢ ᠭᠡᠮᠡᠨ ᠢᠳᠡᠵᠦ ᠴᠠᠳᠤᠭᠰᠠᠨ ᠤ᠋ ᠳᠠᠷᠠᠭ᠎ᠠ ᠪᠦᠦ ᠲᠣᠯᠣᠭᠠᠢ ᠪᠠᠨ ᠤᠬᠢᠶᠠᠭᠲᠤᠨ᠃ 
       ᠬᠡᠷᠪᠡ ᠨᠢᠳᠦ ᠤᠯᠠᠢᠵᠤ ᠡᠪᠡᠳᠦᠭᠰᠡᠨ ᠪᠣᠯ ᠲᠠᠴᠢᠶᠠᠯ ᠤ᠋ᠨ ᠦᠢᠯᠡ ᠶ᠋ᠢ ᠴᠢᠩᠭ᠎ᠠ ᠴᠡᠭᠡᠷᠯᠡᠬᠦ ᠬᠡᠷᠡᠭᠲᠡᠢ᠃ ᠡᠰᠡ ᠲᠡᠢᠮᠦ ᠪᠣᠯᠪᠠᠰᠤ ᠨᠢᠳᠦᠨ ᠳ᠋ᠦ᠍ᠷ ᠴᠠᠭ᠎ᠠ ᠤᠨᠠᠮᠤᠢ᠃ 
       ᠪᠡᠶ᠎ᠡ ᠶ᠋ᠢᠨ ᠤᠬᠢᠶᠠᠯ ᠬᠢᠭᠰᠡᠨ ᠬᠣᠢᠨ᠎ᠠ ᠠᠷᠠᠰᠤ ᠮᠢᠬ᠎ᠠ ᠶ᠋ᠢᠨ ᠰᠦᠪᠡ ᠪᠦᠬᠦᠨ ᠨᠡᠭᠡᠭᠡᠭᠳᠡᠬᠦ ᠤᠴᠢᠷ ᠵᠢᠪᠠᠷ ᠰᠠᠯᠬᠢᠨ ᠳᠡᠭᠡᠷ᠎ᠡ ᠪᠠᠢᠵᠤ ᠦᠯᠦ ᠪᠣᠯᠤᠮᠤᠢ᠃ ᠡᠨᠡ ᠪᠣᠯᠪᠠᠰᠤ ᠠᠮᠠᠷᠬᠠᠨ ᠵᠢᠪᠠᠷ ᠰᠠᠯᠬᠢᠨ ᠠᠪᠬᠤ ᠠ᠋ᠴᠠ ᠰᠡᠷᠭᠡᠢᠯᠡᠭᠰᠡᠨ ᠶᠠᠪᠤᠳᠠᠯ ᠪᠣᠯᠠᠢ᠃ 
       ᠥᠨᠳᠥᠷ ᠲᠣᠷ ᠠᠪᠠᠷᠢᠨ ᠪᠠᠷᠲᠠᠭᠠᠲᠤ ᠭᠠᠵᠠᠷ ᠢ᠋ᠶ᠋ᠠᠷ ᠲᠤᠭᠤᠯᠠᠬᠤ᠂ ᠲᠡᠷᠭᠡ ᠮᠣᠷᠢ ᠪᠠᠷ ᠬᠡᠮᠵᠢᠶ᠎ᠡ ᠳᠠᠮᠵᠢᠶ᠎ᠠ ᠦᠭᠡᠢ ᠨᠢᠰᠣᠯᠬᠢᠯᠡᠨ ᠳᠠᠪᠬᠢᠵᠤ ᠪᠣᠯᠬᠤ ᠦᠭᠡᠢ᠃ ᠡᠰᠡ ᠲᠡᠢᠮᠦ ᠪᠣᠯᠪᠠᠰᠤ ᠬᠡᠢ ᠰᠠᠮᠠᠭᠤᠷᠠᠨ ᠭᠣᠣᠯ ᠵᠢᠷᠦᠬᠡ ᠰᠠᠪᠠᠭᠠᠨᠠᠨ ᠰᠦᠨᠡᠰᠦ ᠰᠦᠯᠳᠡ ᠵᠠᠮᠬᠠᠷᠠᠮᠤᠢ᠃ 
       ᠲᠣᠭᠰᠢᠨ ᠰᠢᠭᠤᠷᠭᠠᠨ ᠰᠢᠷᠦᠭᠦᠨ ᠪᠣᠷᠣᠭᠠᠨ ᠪᠣᠯᠤᠨ ᠲᠡᠰᠬᠢᠮ᠎ᠡ ᠬᠦᠢᠲᠡᠨ ᠰᠢᠷᠠᠮ᠎ᠠ ᠬᠠᠯᠠᠭᠤᠨ ᠡᠳᠦᠷ᠎ᠡ ᠂ ᠪᠢᠲᠡᠭᠡᠢ ᠣᠷᠣᠨ ᠭᠠᠷᠤᠨ ᠪᠠᠢᠭᠠᠳ ᠳᠡᠮᠡᠢ ᠯᠡ ᠡᠨᠡ ᠲᠡᠷᠡ ᠶ᠋ᠢ ᠦᠢᠯᠡᠳ᠃ 
       ᠲᠠᠮᠢᠷ ᠬᠦᠴᠦᠨ ᠢ᠋ ᠬᠣᠷᠣᠭᠳᠠᠭᠤᠯᠬᠤ ᠦᠭᠡᠢ ᠶ᠋ᠢᠨ ᠲᠤᠰᠠ ᠳ᠋ᠤ᠌ ᠳ᠋ᠧᠩ ᠵᠤᠯᠠ ᠶ᠋ᠢ ᠪᠤᠤ ᠠᠮᠠ ᠪᠠᠷ ᠢ᠋ᠶ᠋ᠠᠨ ᠦᠯᠢᠶᠡᠭᠲᠦᠨ᠃ 
       ᠨᠢᠳᠦ ᠪᠡᠨ ᠬᠣᠣᠷᠯᠠᠭᠤᠯᠬᠤ ᠦᠭᠡᠢ ᠶ᠋ᠢᠨ ᠲᠤᠰᠠ ᠳ᠋ᠤ᠌ ᠨᠠᠷᠠᠨ ᠤ᠋ ᠬᠤᠷᠴᠠ ᠭᠡᠷᠡᠯ ᠲᠠᠰᠢ ᠲᠡᠢᠰᠢ ᠪᠤᠤ ᠰᠢᠯᠵᠢᠰᠢ ᠦᠭᠡᠢ ᠰᠢᠷᠲᠡᠭᠲᠦᠨ᠃ ᠠᠯᠤᠰ ᠬᠣᠯᠠ ᠶ᠋ᠢᠨ ᠪᠠᠷᠠᠭ᠎ᠠ ᠶ᠋ᠢ ᠠᠯᠭᠠᠰᠠᠯ ᠦᠭᠡᠢ ᠲᠤᠢᠯ ᠳ᠋ᠤᠨᠢ ᠲᠤᠯᠲᠠᠯ᠎ᠠ ᠪᠢᠲᠡᠭᠡᠢ ᠬᠠᠷᠠᠲᠤᠭᠠᠢ᠃ ᠡᠨᠡ ᠪᠣᠯᠪᠠᠰᠤ ᠨᠢᠳᠦᠨ ᠲᠠᠮᠢᠷ ᠢ᠋ᠶ᠋ᠠᠨ ᠪᠠᠷᠠᠭᠳᠠᠭᠤᠯᠤᠭᠤᠵᠠᠢ ᠬᠡᠮᠡᠭᠰᠡᠨ ᠤᠳᠬ᠎ᠠ ᠪᠣᠯᠠᠢ᠃ 
       ᠴᠢᠭᠢᠭ ᠰᠠᠯᠬᠢ ᠲᠠᠢ ᠭᠠᠵᠠᠷ ᠪᠦᠦ ᠰᠠᠭᠤᠵᠤ ᠬᠡᠪᠲᠡᠲᠦᠭᠡᠢ᠃ 
       ᠰᠥᠨᠢ ᠲᠤᠷᠰᠢ ᠪᠢᠲᠡᠭᠡᠢ ᠳ᠋ᠧᠩ ᠵᠤᠯᠠ ᠳᠤᠸᠠᠯᠠᠭᠤᠯᠵᠤ ᠤᠨᠲᠠ᠃ ᠡᠨᠡ ᠪᠣᠯᠪᠠᠰᠤ ᠭᠣᠣᠯ ᠲᠠᠮᠢᠷ ᠢ᠋ᠶ᠋ᠠᠨ ᠰᠠᠬᠢᠵᠤ ᠦᠯᠦ ᠴᠢᠳᠠᠬᠤ ᠠ᠋ᠴᠠ ᠬᠢᠴᠢᠶᠡᠭᠰᠡᠨ ᠬᠡᠷᠡᠭ ᠪᠥᠯᠥᠭᠡ᠃ 
       ᠲᠠᠮᠢᠷ ᠬᠦᠴᠦᠨ ᠢ᠋ᠶ᠋ᠡᠨ ᠬᠣᠷᠣᠭᠳᠠᠭᠤᠯᠬᠤ ᠦᠭᠡᠢ ᠶ᠋ᠢᠨ ᠡᠭᠦᠳᠡᠨ ᠡᠴᠡ ᠬᠠᠷ᠎ᠠ ᠡᠳᠦᠷ ᠢ᠋ᠶ᠋ᠡᠷ ᠬᠠᠨᠤᠲᠠᠯ᠎ᠠ ᠨᠣᠢᠷᠰᠤᠵᠤ ᠦᠯᠦ ᠵᠣᠬᠢᠮᠤᠢ᠃
       ᠲᠠᠮᠢᠷ ᠬᠦᠴᠦᠨ ᠢ᠋ᠶ᠋ᠡᠨ ᠬᠥᠨᠥᠭᠡᠬᠦ ᠦᠭᠡᠢ ᠶ᠋ᠢᠨ ᠡᠭᠦᠳᠡᠨ ᠡᠴᠡ ᠢᠳᠡᠵᠦ ᠤᠤᠭᠤᠬᠤ ᠪᠠ ᠤᠨᠲᠠᠵᠤ ᠬᠡᠪᠲᠡᠬᠦ ᠳ᠋ᠡᠭᠡᠨ ᠪᠤᠤ ᠳᠡᠮᠡᠢ ᠶᠠᠩᠱ᠍ᠢᠵᠦ ᠨᠤᠷᠱᠤᠭᠲᠤᠨ᠃ 
       ᠠᠯᠢᠪᠠ ᠰᠦᠮ᠎ᠡ ᠬᠡᠢᠳ ᠷᠠᠰᠠᠩ ᠳᠤᠭᠠᠩ ᠢ᠋ᠶ᠋ᠠᠷ ᠳᠠᠭᠠᠷᠢᠵᠤ ᠥᠩᠭᠡᠷᠡᠬᠦ ᠦᠶ᠎ᠡ ᠳ᠋ᠦ᠍ᠷ ᠪᠦᠦ ᠴᠦᠯᠳᠡᠮᠬᠡᠨ ᠣᠷᠣᠭᠲᠤᠨ᠃ 
       ᠠᠯᠢᠪᠠ ᠰᠠᠯᠬᠢᠯᠠᠬᠤ ᠪᠣᠷᠣᠭᠠᠯᠠᠬᠤ ᠠᠶᠤᠩᠭᠠᠯᠠᠬᠤ ᠴᠠᠬᠢᠯᠭᠠᠯᠠᠬᠤ ᠦᠶᠡᠰ᠂ ᠡᠭᠦᠳᠡ ᠬᠠᠭᠠᠯᠭ᠎ᠠ ᠪᠠᠨ ᠳᠠᠷᠤᠭᠠᠳ ᠦᠨᠦᠷᠲᠦ ᠬᠦᠵᠢ ᠶ᠋ᠢ ᠠᠰᠠᠭᠠᠵᠤ ᠡᠪᠲᠡᠢᠬᠡᠨ ᠲᠥᠪ ᠰᠠᠭᠤᠬᠤ ᠬᠡᠷᠡᠭᠲᠡᠢ᠃ ᠡᠨᠡ ᠪᠣᠯᠪᠠᠯ ᠪᠤᠷᠬᠠᠨ ᠰᠠᠬᠢᠭᠤᠯᠰᠤᠨ ᠨᠤᠭᠤᠳ ᠡᠨᠡᠭᠦᠷ ᠥᠩᠭᠡᠷᠡᠬᠦ ᠶᠠᠭᠤᠨ ᠮᠠᠭᠠᠳ ᠭᠡᠮᠡᠨ ᠬᠢᠴᠢᠶᠡᠩᠭᠦᠢᠯᠡᠭᠰᠡᠨ ᠪᠣᠯᠠᠢ᠃ 
       ᠬᠢᠯᠢᠩᠯᠡᠪᠡᠰᠦ ᠪᠢᠲᠡᠭᠡᠢ ᠬᠡᠲᠦᠷᠬᠡᠢ ᠳᠣᠭᠰᠢᠷᠠᠨ ᠬᠢᠯᠢᠩᠯᠡᠨ᠂ ᠡᠨᠡ ᠢᠨᠦ ᠬᠡᠢ ᠡᠪᠡᠳᠴᠢᠨ ᠪᠠ ᠮᠠᠭᠤ ᠶᠠᠷ᠎ᠠ ᠰᠢᠷᠬ᠎ᠠ ᠪᠠᠷ ᠡᠪᠡᠳᠴᠢᠯᠡᠭᠦᠵᠡᠢ ᠭᠡᠮᠡᠨ ᠰᠡᠷᠭᠡᠢᠯᠡᠭᠰᠡᠨ ᠪᠣᠯᠠᠢ᠃ 
       ᠬᠣᠯᠠ ᠨᠢᠯᠪᠤᠬᠤ ᠠᠨᠤ ᠣᠢᠷᠬᠠᠨ ᠨᠢᠯᠪᠤᠬᠤ ᠶ᠋ᠢ ᠬᠦᠷᠬᠦ ᠦᠭᠡᠢ᠂ ᠣᠢᠷᠬᠠᠨ ᠨᠢᠯᠪᠤᠬᠤ ᠠᠨᠤ ᠦᠯᠦ ᠨᠢᠯᠪᠤᠬᠤ ᠶ᠋ᠢ ᠬᠦᠷᠬᠦ ᠦᠭᠡᠢ᠃ 
       ᠪᠠᠷᠰ ᠢᠷᠪᠢᠰ ᠦ᠋ᠨ ᠠᠷᠠᠰᠤ ᠶ᠋ᠢ ᠮᠢᠬᠠᠨ ᠹᠦᠰᠡᠨ ᠦ᠌ ᠳ᠋ᠦ᠍ᠷ ᠬᠠᠪᠢᠳᠠᠭᠤᠯᠤᠨ ᠣᠢᠷᠠᠲᠤᠭᠤᠯᠵᠤ ᠦᠯᠦ ᠪᠣᠯᠤᠮᠤᠢ᠂ ᠡᠨᠡ ᠠᠨᠤ ᠬᠥᠮᠦᠨ ᠦ᠌ ᠨᠢᠳᠦᠨ ᠢ᠋ ᠬᠣᠣᠷᠯᠠᠭᠤᠯᠬᠤ ᠠ᠋ᠴᠠ ᠬᠢᠴᠢᠶᠡᠭᠰᠡᠨ ᠪᠣᠯᠠᠢ᠃ 
       ᠥᠩᠭᠡ ᠡᠴᠡ ᠵᠠᠢᠯᠠᠬᠤ ᠶ᠋ᠢ ᠰᠤᠮᠤ ᠠ᠋ᠴᠠ ᠵᠠᠢᠯᠠᠬᠤ ᠮᠡᠲᠦ ᠦᠵᠡᠨ᠂ ᠰᠠᠯᠬᠢᠨ ᠠ᠋ᠴᠠ ᠵᠠᠢᠯᠠᠬᠤ ᠶ᠋ᠢ ᠥᠰᠢᠶᠡᠲᠡᠨ ᠡᠴᠡ ᠵᠠᠢᠯᠠᠬᠤ ᠮᠡᠲᠦ ᠦᠵᠡ᠃ 
       ᠥᠯᠥᠨ ᠭᠡᠳᠡᠰᠦ ᠪᠡᠷ ᠪᠢᠲᠡᠭᠡᠢ ᠴᠠᠢ ᠤᠤᠭᠤ᠂ ᠪᠡᠴᠢᠨ ᠴᠠᠭ ᠠ᠋ᠴᠠ ᠬᠣᠢᠨ᠎ᠠ ᠰᠢᠩᠭᠡᠨ ᠪᠤᠳᠠᠭ᠎ᠠ ᠶ᠋ᠢ ᠪᠠᠷᠤᠭᠲᠠᠢ ᠯᠠ ᠢᠳᠡ᠃ 
       ᠡᠷᠲᠡᠨ ᠦ᠌ ᠬᠥᠮᠦᠨ ᠦ᠌ ᠥᠭᠦᠯᠡᠭᠰᠡᠨ ᠢᠨᠦ ᠰᠤᠷᠭᠠᠭᠤᠯᠢ ᠳ᠋ᠤᠷ ᠰᠠᠭᠤᠭᠴᠢᠳ ᠥᠷᠯᠥᠭᠡ ᠳ᠋ᠡᠭᠡᠨ ᠪᠤᠤ ᠥᠯᠥᠨ ᠰᠠᠭᠤ᠂ ᠣᠷᠣᠢ ᠳ᠋ᠠᠭᠠᠨ ᠪᠤᠤ ᠬᠡᠲᠦᠷᠬᠡᠢ ᠴᠠᠳᠬᠤᠯᠠᠩ ᠪᠠᠢᠲᠤᠭᠠᠢ ᠬᠡᠮᠡᠭᠰᠡᠨ ᠪᠣᠯᠠᠢ᠃ ᠭᠠᠭᠴᠠ ᠬᠦ᠌ ᠰᠤᠷᠭᠠᠭᠤᠯᠢ ᠳ᠋ᠤ᠌ ᠰᠠᠭᠤᠭᠴᠢᠳ ᠢ᠋ᠶ᠋ᠠᠷ ᠵᠢᠱ᠌ᠢᠶ᠎ᠡ ᠲᠠᠲᠠᠭᠰᠠᠨ ᠢ᠋ᠶ᠋ᠠᠷ ᠦᠯᠦ ᠪᠠᠷᠠᠮ ᠠᠯᠢᠪᠠ ᠬᠥᠮᠦᠰ ᠡᠷᠲᠡ ᠥᠷᠯᠥᠭᠡ ᠳ᠋ᠡᠭᠡᠨ ᠴᠥᠮ ᠭᠡᠳᠡᠰᠦ ᠬᠣᠭᠣᠰᠣᠨ ᠢ᠋ᠶ᠋ᠠᠷ ᠥᠩᠭᠡᠷᠡᠭᠡᠬᠦ ᠶ᠋ᠢ ᠴᠡᠭᠡᠷᠯᠡᠪᠡᠰᠦ ᠵᠣᠬᠢᠮᠤᠢ᠃ 
       ᠡᠷᠲᠡᠨ ᠦ᠌ ᠬᠥᠮᠦᠨ ᠥᠭᠦᠯᠡᠭᠰᠡᠨ ᠢᠨᠦ ᠮᠢᠶᠠᠨᠲ᠋ᠢᠶᠣᠣᠰ ᠢ᠋ ᠰᠢᠯᠵᠠᠷᠠᠲᠠᠯ᠎ᠠ᠂ ᠮᠢᠬ᠎ᠠ ᠶ᠋ᠢ ᠵᠥᠭᠡᠯᠡᠷᠡᠲᠡᠯ᠎ᠡ ᠴᠢᠨᠠᠵᠤ᠂ ᠠᠷᠢᠬᠢ ᠶ᠋ᠢ ᠪᠠᠭ᠎ᠠ ᠤᠤᠭᠤ ᠭᠠᠨᠢ ᠪᠡᠶ᠎ᠡ ᠪᠡᠷ ᠢ᠋ᠶ᠋ᠡᠨ ᠬᠣᠨᠣᠵᠤ ᠬᠡᠪᠲᠡᠲᠦᠭᠡᠢ ᠬᠡᠮᠡᠵᠦᠬᠦᠢ᠃ 
       ᠡᠷᠲᠡᠨ ᠦ᠌ ᠬᠥᠮᠦᠨ ᠶᠡᠷᠦ ᠶ᠋ᠢᠨ ᠡᠳᠦᠷ ᠦ᠋ᠨ ᠶᠠᠪᠤᠳᠠᠯ ᠮᠥᠷ ᠲᠡᠭᠡᠨ ᠪᠡᠶ᠎ᠡ ᠪᠡᠨ ᠰᠤᠪᠢᠯᠠᠵᠤ᠂ ᠡᠳᠦᠭᠡ ᠶ᠋ᠢᠨ ᠬᠥᠮᠦᠨ ᠪᠣᠯᠪᠠᠰᠤ ᠬᠥᠭᠰᠢᠷᠡᠭᠰᠡᠨ ᠦᠶ᠎ᠡ ᠳ᠋ᠦ᠍ᠷ ᠰᠠᠶᠢ ᠪᠡᠶ᠎ᠡ ᠪᠡᠨ ᠭᠠᠮᠨᠠᠳᠠᠭ ᠠᠨᠤ ᠲᠤᠰᠠ ᠦᠯᠦ ᠪᠣᠯᠬᠤ ᠪᠠᠬᠠᠨ᠎ᠠ᠃ 
       ᠰᠥᠨᠢ ᠤᠨᠲᠠᠬᠤ ᠪᠠᠷ ᠬᠡᠪᠲᠡᠭᠰᠡᠨ ᠦ᠌ ᠳᠠᠷᠠᠭ᠎ᠠ ᠬᠣᠶᠠᠷ ᠭᠠᠷ ᠢ᠋ᠶ᠋ᠠᠨ ᠱᠦᠷᠭᠦᠭᠡᠵᠦ ᠬᠠᠯᠠᠭᠤᠷᠠᠭᠤᠯᠤᠭᠠᠳ ᠨᠢᠳᠦ ᠪᠡᠨ ᠨᠤᠬᠤᠯᠠᠪᠠᠰᠤ ᠡᠭᠦᠷᠢᠳᠡ ᠨᠢᠳᠦᠨ ᠡᠪᠡᠳᠴᠢᠨ ᠦᠯᠦ ᠲᠤᠰᠤᠮᠤᠢ᠃ 
       ᠰᠥᠨᠢ ᠤᠨᠲᠠᠬᠤ ᠪᠠᠷ ᠬᠡᠪᠲᠡᠭᠰᠡᠨ ᠦ᠌ ᠰᠡᠭᠦᠯᠡᠷ ᠬᠣᠶᠠᠷ ᠭᠠᠷ ᠢ᠋ᠶ᠋ᠠᠨ ᠱᠦᠷᠭᠦᠭᠡᠵᠦ ᠬᠠᠯᠠᠭᠤᠷᠠᠭᠤᠯᠤᠭᠠᠳ ᠨᠢᠭᠤᠷ ᠢ᠋ᠶ᠋ᠠᠨ ᠢᠯᠪᠢᠪᠡᠰᠦ᠂ ᠨᠢᠭᠤᠷ ᠳᠡᠭᠡᠷ᠎ᠡ ᠢᠨᠦ᠂ ᠬᠠᠷᠠᠪᠲᠤᠷ ᠶᠠᠷ᠎ᠠ ᠪᠢᠵᠢᠷᠡᠦ ᠦᠯᠦ ᠭᠠᠷᠤᠮᠤᠢ᠃ ᠠᠮᠠᠨ ᠤ᠋ ᠬᠠᠯᠠᠭᠤᠨ ᠠᠭᠤᠷ ᠢ᠋ᠶ᠋ᠠᠨ ᠨᠢᠭᠡ ᠦᠯᠢᠶᠡᠭᠡᠳ ᠬᠣᠶᠠᠷ ᠭᠠᠷ ᠢ᠋ᠶ᠋ᠠᠨ ᠠᠷᠪᠠᠨᠲᠠ ᠱᠦᠷᠭᠦᠭᠡᠵᠦ᠂ ᠨᠢᠭᠡᠨᠲᠡ ᠱᠦᠷᠭᠦᠭᠡᠭᠡᠳ ᠨᠢᠭᠤᠷ ᠢ᠋ᠶ᠋ᠠᠨ ᠠᠷᠪᠠᠨᠲᠠ ᠢᠯᠪᠢᠬᠦ ᠶᠣᠰᠣ ᠪᠠᠷ ᠬᠢᠵᠦ ᠤᠳᠠᠪᠠᠰᠤ᠂ ᠠᠷᠠᠰᠤ ᠨᠢᠭᠤᠷ ᠴᠢᠷᠠᠢ ᠳ᠋ᠤᠷ ᠠᠲᠤᠷᠢᠶ᠎ᠠ ᠬᠤᠨᠢᠶᠠᠰᠤ ᠪᠠᠷ ᠪᠠᠭ᠎ᠠ ᠪᠣᠯᠬᠤ ᠪᠥᠭᠡᠳ ᠥᠩᠭᠡ ᠵᠢᠰᠦ ᠰᠠᠢᠵᠢᠷᠠᠮᠤᠢ᠃ 
       ᠬᠠᠷ᠎ᠠ ᠥᠷᠯᠥᠭᠡ ᠬᠠᠯᠠᠭᠤᠨ ᠤᠰᠤ ᠪᠠᠷ ᠨᠢᠳᠦ ᠪᠡᠨ ᠤᠬᠢᠶᠠᠪᠠᠰᠤ ᠶᠡᠷᠦ ᠨᠢᠳᠦᠨ ᠡᠪᠡᠳᠴᠢᠨ ᠣᠯᠬᠤ ᠦᠭᠡᠢ᠃ 
       ᠥᠷᠯᠥᠭᠡ ᠡᠷᠲᠡ ᠳ᠋ᠦ᠍ ᠰᠢᠳᠦ ᠪᠡᠨ ᠱᠤᠸᠠᠽᠢᠳᠠᠬᠤ ᠶ᠋ᠢ ᠪᠣᠳᠣᠪᠠᠯ ᠣᠷᠣᠢ ᠳ᠋ᠠᠭᠠᠨ ᠱᠤᠸᠠᠽᠢᠳᠠᠬᠤ ᠶ᠋ᠢ ᠬᠦᠷᠬᠦ ᠦᠭᠡᠢ᠃ ᠡᠢᠨᠬᠦ ᠭᠦᠢᠴᠡᠳᠬᠡᠪᠡᠰᠦ ᠰᠢᠳᠦᠨ ᠡᠪᠡᠳᠴᠢᠨ ᠳ᠋ᠦ᠍ᠷ ᠨᠡᠷᠪᠡᠭᠳᠡᠬᠦ ᠦᠭᠡᠢ᠃ 
       ᠰᠥᠨᠢ ᠤᠨᠲᠠᠬᠤ ᠠ᠋ᠴᠠ ᠡᠮᠦᠨ᠎ᠡ ᠭᠡᠵᠢᠭᠡ ᠦᠰᠦ ᠪᠡᠨ ᠵᠠᠭᠤᠨᠲᠠ ᠰᠠᠮᠨᠠᠪᠠᠰᠤ ᠶᠡᠷᠦ ᠲᠣᠯᠣᠭᠠᠢ ᠶ᠋ᠢᠨ ᠬᠡᠢ ᠡᠪᠡᠳᠴᠢᠨ ᠳ᠋ᠦ᠍ᠷ ᠨᠡᠷᠪᠡᠭᠳᠡᠬᠦ ᠢᠨᠦ ᠴᠥᠭᠡᠨ᠃ ᠰᠥᠨᠢ ᠤᠨᠲᠠᠬᠤ ᠶ᠋ᠢᠨ ᠤᠷᠢᠳ ᠬᠠᠯᠠᠭᠤᠨ ᠤᠰᠤ ᠪᠠᠷ ᠬᠥᠯ ᠢ᠋ᠶ᠋ᠡᠨ ᠳᠡᠪᠲᠦᠭᠡᠪᠡᠰᠦ᠂ ᠳᠥᠷᠪᠡᠨ ᠮᠥᠴᠢ ᠢᠨᠦ ᠬᠦᠢᠲᠡᠨ ᠡᠪᠡᠳᠴᠢᠨ ᠳ᠋ᠦ᠍ ᠨᠡᠷᠪᠡᠭᠳᠡᠬᠦ ᠦᠭᠡᠢ᠃ 
       ᠡᠭᠡᠮ᠎ᠡ ᠬᠠᠯᠠᠭᠤᠨ ᠤᠯᠠᠷᠢᠯ ᠳ᠋ᠤ᠌ ᠪᠢᠲᠡᠭᠡᠢ ᠬᠦᠢᠲᠡᠨ ᠤᠰᠤ ᠪᠠᠷ ᠨᠢᠭᠤᠷ ᠤᠬᠢᠶᠠᠲᠤᠭᠠᠢ᠃ ᠡᠰᠡ ᠲᠡᠢᠮᠦ ᠪᠥᠭᠡᠰᠦ ᠨᠢᠳᠦᠨ ᠡᠪᠡᠳᠴᠢᠨ ᠣᠯᠤᠮᠤᠢ᠃ 
       ᠬᠤᠪᠠᠬᠠᠢ ᠮᠣᠳᠣ ᠪᠠ ᠪᠦᠳᠦᠭᠦᠨ ᠮᠣᠳᠣᠨ ᠤ᠋ ᠳᠣᠣᠷᠠᠬᠢ ᠴᠢᠭᠢᠭ ᠨᠣᠢᠲᠠᠨ ᠰᠡᠭᠦᠳᠡᠷ ᠭᠠᠵᠠᠷ ᠤᠳᠠᠲᠠᠯ᠎ᠠ ᠰᠠᠭᠤᠵᠤ ᠦᠯᠦ ᠪᠣᠯᠤᠮᠤᠢ᠃ ᠡᠨᠡ ᠢᠨᠦ ᠴᠢᠭᠢᠭ ᠨᠣᠢᠲᠠᠨ ᠠᠭᠤᠷ ᠲᠤ᠌ ᠠᠪᠲᠠᠭᠳᠠᠬᠤ ᠠ᠋ᠴᠠ ᠰᠡᠷᠭᠡᠢᠯᠡᠭᠰᠡᠨ ᠪᠥᠯᠥᠭᠡ᠃ 
       ᠨᠠᠮᠤᠷ ᠣᠷᠣᠭᠰᠠᠨ ᠡᠳᠦᠷ ᠲᠦ᠍ ᠤᠰᠤᠨ ᠳ᠋ᠤ᠌ ᠣᠷᠣᠵᠤ ᠤᠬᠢᠶᠠᠯᠭ᠎ᠠ ᠬᠢᠵᠦ ᠦᠯᠦ ᠪᠣᠯᠤᠮᠤᠢ᠃ ᠡᠰᠡ ᠲᠡᠢᠮᠦ ᠪᠥᠭᠡᠰᠦ ᠠᠷᠠᠰᠤ ᠬᠥᠷᠥᠰᠥ ᠬᠠᠲᠠᠩᠭᠢᠷᠠᠨ ᠰᠢᠷᠦᠭᠦᠰᠴᠦ ᠴᠠᠭᠠᠨ ᠮᠠᠷᠢᠶ᠎ᠠ ᠭᠠᠷᠴᠤ ᠮᠡᠳᠡᠮᠦᠢ᠃ 
       ᠦᠷᠭᠦᠯᠵᠢᠳᠡ ᠨᠠᠮᠠᠨᠴᠢᠯᠠᠨ ᠨᠠᠮ ᠳᠤᠭᠤᠢ ᠠᠬᠤᠯ᠎ᠠ ᠭᠣᠣᠯ ᠲᠠᠮᠢᠷ ᠬᠣᠷᠣᠭᠳᠠᠬᠤ ᠦᠭᠡᠢ᠃ 
       ᠪᠠᠷᠤᠭᠲᠠᠢᠬᠠᠨ ᠪᠣᠳᠣᠯᠬᠢᠯᠠᠪᠠᠰᠤ ᠪᠠᠳᠠᠷᠠᠯᠲᠤ ᠯᠠᠪ ᠮᠡᠲᠦ ᠪᠡᠷ ᠬᠡᠬᠦᠳᠡᠭ ᠴᠡᠬᠡᠵᠢᠨ᠎ᠡ ᠭᠡᠭᠡᠬᠡᠨ ᠰᠡᠷᠭᠦᠯᠡᠩ᠃ 
       ᠬᠢᠯᠢᠩᠯᠡᠨ ᠠᠭᠤᠷᠯᠠᠬᠤ ᠦᠭᠡᠢ ᠪᠣᠯᠪᠠᠰᠤ ᠬᠡᠢ ᠲᠠᠮᠢᠷ ᠠᠮᠤᠷᠯᠢᠩᠭᠤᠢ ᠲᠠᠯᠪᠢᠭᠤ᠃ 
       ᠡᠭᠳᠡᠭᠦᠴᠡᠨ ᠲᠡᠨᠴᠢᠭᠦᠷᠡᠬᠦ ᠦᠭᠡᠢ ᠪᠣᠯᠪᠠᠰᠤ ᠡᠯᠢᠭᠡ ᠵᠢᠷᠦᠬᠡ ᠲᠤᠩᠭᠠᠯᠠᠭ ᠰᠡᠷᠭᠡᠭ᠃ 
       ᠪᠠᠶᠠᠷ ᠪᠠᠶᠠᠰᠬᠤᠯᠠᠩ ᠢ᠋ ᠲᠤᠢᠯ ᠳ᠋ᠤᠨᠢ ᠪᠦᠦ ᠬᠦᠷᠭᠡ᠃ 
       ᠲᠠᠴᠢᠶᠠᠩᠭᠤᠢ ᠬᠦᠰᠡᠯ ᠢ᠋ ᠲᠠᠪᠠ ᠳᠤᠷ᠎ᠠ ᠪᠠᠷ ᠪᠦᠦ ᠪᠣᠯᠭ᠎ᠠ᠃ 

            ᠦᠰᠦᠭ ᠠᠮᠢᠯᠠᠭᠤᠯᠤᠭᠰᠠᠨ ᠨᠢ᠄ ᠭᠠᠸᠠ 
                 ᠬᠢᠨᠠᠭᠴᠢ᠄ ᠲᠤᠭᠴᠢ ᠰᠠᠷᠠᠨ᠎ᠠ