ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠵᠢᠷᠭᠤᠭ᠎ᠠ〕 Цаг төрийн үймээн – Д ᠂ Намдаг - Цаг төрийн үймээн ᠂ хоёрдугаар бүлэг -6 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠵᠢᠷᠭᠤᠭ᠎ᠠ〕 Цаг төрийн үймээн – Д ᠂ Намдаг - Цаг төрийн үймээн ᠂ хоёрдугаар бүлэг -6

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠵᠢᠷᠭᠤᠭ᠎ᠠ〕 Цаг төрийн үймээн – Д ᠂ Намдаг - Цаг төрийн үймээн ᠂ хоёрдугаар бүлэг -6

ᠠᠩᠭᠢᠯᠠᠯ:ᠲᠤᠭᠤᠵᠢ ᠷᠣᠮᠠᠨ
2025-11-04

111

ᠰᠢᠨ᠎ᠡ ᠨᠠᠢᠵᠠ


       ᠴᠡᠷᠢᠭ ᠡᠴᠡ ᠤᠷᠭᠤᠭᠰᠠᠨ ᠵᠠᠯᠠᠭᠤ ᠶ᠋ᠢᠨ ᠨᠡᠷ᠎ᠡ ᠫᠦ ᠵᠢᠩ ᠭᠡᠭᠴᠢ ᠪᠠᠢᠯ᠎ᠠ᠃ ᠥᠴᠥᠭᠡᠳᠦᠷᠬᠡᠨ ᠤᠷᠭᠤᠨ ᠵᠢᠭᠤᠲᠠᠬᠤ ᠪᠠᠷ ᠰᠢᠢᠳᠦᠭᠰᠡᠨ ᠪᠣᠯᠪᠠᠴᠤ ᠢᠳᠡᠬᠦ ᠬᠦᠨᠡᠰᠦ ᠰᠠᠢᠨ ᠪᠡᠯᠡᠳᠬᠡᠭᠰᠡᠨ ᠪᠠᠢᠪᠠ᠃ ᠲᠡᠭᠦᠪᠡᠷ ᠢ᠋ᠶ᠋ᠡᠨ ᠳ᠋ᠠᠨᠽᠠᠠ ᠢ ᠵᠣᠴᠢᠯᠠᠭᠠᠳ ᠳᠠᠷᠠᠭ᠎ᠠ ᠨᠢ ᠴᠢᠭ ᠵᠦᠭ ᠵᠠᠮ ᠮᠥᠷ ᠢ᠋ᠶ᠋ᠡᠨ ᠣᠯᠬᠤ ᠶ᠋ᠢᠨ ᠲᠤᠯᠠ ᠠᠭᠤᠯᠠᠨ ᠤ᠋ ᠣᠷᠣᠢ ᠳ᠋ᠤ᠌ ᠭᠠᠷᠪᠠ᠃ ᠢᠩᠭᠢᠭᠡᠳ ᠡᠷᠭᠢᠨ ᠲᠣᠭᠣᠷᠢᠨ ᠳᠠᠩ ᠠᠭᠤᠯᠠ! ᠬᠦᠷᠡᠩ ᠬᠠᠷ᠎ᠠ ᠥᠩᠭᠡ ᠲᠡᠢ ᠱᠤᠪᠠᠤ᠃ ᠱᠤᠪᠠᠤ ᠥᠨᠳᠥᠷ ᠠᠭᠤᠯᠠᠰ ᠪᠢᠲᠡᠭᠦᠦ ᠬᠦᠷᠢᠶᠡᠯᠡᠭᠰᠡᠨ ᠦ᠌ ᠴᠠᠭᠠᠨ᠎ᠠ ᠮᠥᠨ ᠯᠡ ᠠᠭᠤᠯᠠ᠁ ᠠᠭᠤᠯᠠ ᠠ᠋ᠴᠠ ᠥᠭᠡᠷ᠎ᠡ ᠶᠠᠭᠤᠮ᠎ᠠ ᠦᠯᠦ ᠦᠵᠡᠭᠳᠡᠬᠦ ᠳ᠋ᠦ᠍ ᠫᠦ ᠵᠢᠩ ᠦ᠋ᠨ ᠲᠣᠯᠣᠭᠠᠢ ᠡᠷᠭᠢᠨ ᠵᠦᠭ ᠴᠢᠭ ᠠᠯᠳᠠᠷᠠᠨ᠎ᠠ᠃   
       — ᠠᠶ᠎ᠠ᠂ ᠵᠠᠩᠴᠢᠬᠦᠦ ᠬᠠᠮᠢᠭ᠎ᠠ ᠪᠠᠢᠨ᠎ᠠ? ᠭᠡᠵᠦ ᠥᠭᠡᠷ᠎ᠡ ᠵᠦᠭ ᠰᠢᠷᠳᠡᠨ᠎ᠡ᠃ ᠳ᠋ᠠᠨᠽᠠᠨ ᠳ᠋ᠤ᠌ ᠪᠣᠯ ᠲᠣᠯᠣᠭᠠᠢ ᠡᠷᠭᠢᠬᠦ ᠵᠦᠢᠯ ᠦᠭᠡᠢ᠂ ᠣᠶᠤᠨ ᠤᠬᠠᠭᠠᠨ ᠨᠢ ᠲᠡᠨᠢᠢᠨ ᠪᠡᠶᠡᠰᠴᠦ᠂ ᠶᠠᠪᠤᠬᠤ ᠵᠠᠮ᠂ ᠳᠠᠭᠠᠷᠢᠬᠤ ᠭᠠᠵᠠᠷ᠂ ᠴᠡᠭᠡᠵᠢᠨ ᠳ᠋ᠦ᠍ᠨᠢ ᠲᠣᠪ ᠲᠣᠳᠣᠬᠠᠨ ᠡᠷᠭᠢᠯᠳᠦᠨ᠎ᠡ᠃  
       — ᠨᠥᠬᠥᠷ ᠮᠢᠨᠢ᠂ ᠪᠢ ᠰᠠᠢᠨ ᠮᠡᠳᠡᠵᠦ ᠪᠠᠢᠨ᠎ᠠ ᠭᠡᠳ ᠶᠠᠪᠤᠬᠤ ᠭᠡᠬᠦ ᠳ᠋ᠦ᠍ ᠫᠦ ᠵᠢᠩ᠂  
       — ᠠᠢ ᠭᠡᠵᠦ ᠳᠠᠭᠤ ᠠᠯᠲᠠᠨ᠄ ᠪᠢᠲᠡᠭᠡᠢ ᠶᠠᠭᠠᠷᠠ! ᠬᠦᠷᠬᠦ ᠭᠠᠵᠠᠷ ᠬᠣᠯᠠ ᠪᠣᠯᠪᠠᠴᠤ ᠡᠳᠦᠷ ᠬᠣᠨᠣᠭ ᠣᠯᠠᠨ᠃ ᠰᠡᠳᠬᠢᠯ ᠶᠠᠭᠠᠷᠠᠪᠠᠴᠤ ᠨᠠᠰᠤ ᠵᠠᠯᠠᠭᠤ ᠭᠡᠳ ᠳᠣᠷᠣᠭᠰᠢ ᠰᠠᠭᠤᠨ ᠶᠠᠩᠵᠤᠤᠷ ᠭᠠᠷᠭᠠᠨ ᠲᠠᠲᠠᠨ᠎ᠠ᠃ ᠳ᠋ᠠᠨᠽᠠᠨ ᠨᠡᠭᠡᠷᠡᠨ ᠲᠡᠢᠮᠦ ᠳᠡ ᠭᠡᠵᠦ ᠪᠣᠳᠣᠪᠠᠴᠤ ᠰᠡᠳᠬᠢᠯ ᠶᠠᠭᠠᠷᠠᠨ ᠪᠠᠢᠵᠤ ᠶᠠᠳᠠᠨ᠎ᠠ᠃ ᠫᠦ ᠵᠢᠩ ᠶᠠᠩᠵᠤᠤᠷ ᠢ᠋ᠶ᠋ᠠᠨ ᠲᠠᠢᠪᠤᠩ ᠢ᠋ᠶ᠋ᠠᠷ ᠲᠠᠲᠠᠵᠤ ᠳᠠᠭᠤᠰᠬᠠᠭᠠᠳ ᠦᠯᠡᠳᠡᠭᠰᠡᠨ ᠪᠢᠴᠢᠬᠠᠨ ᠬᠡᠰᠡᠭ ᠦ᠋ᠨ ᠭᠠᠯ ᠢ᠋ ᠱᠠᠬᠠᠢ ᠶ᠋ᠢᠨ ᠢ᠋ᠶ᠋ᠡᠨ ᠤᠯᠠ ᠳ᠋ᠤ᠌ ᠦᠷᠡᠵᠦ ᠬᠠᠶᠠᠵᠤ ᠪᠣᠰᠪᠠ᠃ ᠡᠭᠦᠷᠭᠡ ᠨᠢ ᠨᠡᠯᠢᠶᠡᠳ ᠬᠦᠨᠳᠦ᠂ ᠲᠡᠭᠦᠨ ᠦ᠌ ᠬᠢᠨᠢ ᠳᠡᠭᠡᠷ᠎ᠡ ᠫᠤᠤ ᠪᠠᠢᠨ᠎ᠠ᠃ ᠪᠥᠰᠡᠨ ᠳ᠋ᠦ᠍ᠨᠢ ᠳ᠋ᠠᠢᠵᠠ ᠲᠠᠢ ᠰᠤᠮᠤ ᠪᠣᠢ᠂ ᠡᠪᠦᠷ ᠲᠤᠨᠢ ᠳᠡᠯ ᠰᠤᠯᠠ ᠰᠤᠮᠤ ᠱᠠᠵᠢᠭᠢᠨᠠᠨ᠎ᠠ᠃ ᠡᠨᠡ ᠪᠦᠬᠦᠨ ᠢ᠋ ᠳ᠋ᠠᠨᠽᠠᠨ ᠲᠣᠳᠣᠷᠬᠠᠢ ᠮᠡᠳᠡᠵᠦ ᠪᠠᠢᠭ᠎ᠠ ᠲᠤᠯᠠ ᠡᠭᠦᠷᠭᠡ ᠶ᠋ᠢ ᠨᠢ ᠠᠪᠴᠤ ᠡᠭᠦᠷᠪᠡ᠃ 
       ᠠᠭᠤᠯᠠᠨ ᠠ᠋ᠴᠠ ᠪᠠᠭᠤᠮᠠᠭᠴᠠ ᠲᠠᠷᠢᠶᠠᠨ ᠤ᠋ ᠨᠢᠴᠦᠭᠦᠨ ᠬᠠᠷ᠎ᠠ ᠲᠠᠯᠠᠪᠠᠢ ᠦᠷᠭᠦᠯᠵᠢᠯᠡᠨ᠎ᠡ᠃ ᠶᠡᠬᠡ ᠪᠠᠭ᠎ᠠ ᠰᠠᠭᠤᠷᠢᠨ ᠲᠣᠰᠬᠣᠨ ᠡᠨᠳᠡ ᠲᠡᠨᠳᠡ ᠦᠭᠡᠢ ᠪᠠᠷᠠᠨᠭᠠᠲᠤᠨ᠂ ᠬᠥᠮᠦᠨ ᠠᠮᠢᠲᠠᠨ ᠦᠷᠭᠦᠯᠵᠢᠯᠡᠨ ᠳᠠᠭᠠᠷᠢᠯᠳᠤᠨ᠎ᠠ᠃ ᠳ᠋ᠠᠨᠽᠠᠨ ᠪᠠᠷᠢᠭᠳᠠᠬᠤ ᠠ᠋ᠴᠠ ᠠᠶᠤᠨ ᠰᠡᠳᠬᠢᠯ ᠳᠣᠩᠰᠢᠵᠤ ᠶᠠᠪᠤᠬᠤ ᠳ᠋ᠤ᠌ ᠫᠦ ᠵᠢᠩ ᠣᠭᠲᠣ ᠬᠡᠨᠡᠭ ᠦᠭᠡᠢ᠄   
      — ᠡᠩ ᠦ᠋ᠨ ᠬᠥᠮᠦᠰ ᠲᠦ᠍ ᠪᠢᠳᠡᠨ ᠢ᠋ ᠪᠠᠷᠢᠬᠤ ᠵᠢᠷᠦᠬᠡ ᠪᠠᠢᠬᠤ ᠦᠭᠡᠢ᠃ ᠬᠡᠷᠪᠡ ᠴᠡᠷᠢᠭ ᠲᠠᠭᠠᠷᠠᠯᠳᠤᠪᠠᠯ ᠬᠠᠮᠲᠤ ᠶᠠᠪᠤᠵᠤ ᠮᠠᠭᠠᠳ ᠭᠡᠵᠦ ᠬᠥᠭᠵᠢᠯᠲᠡᠢᠬᠡᠨ ᠶᠠᠷᠢᠨ᠎ᠠ᠃   
       — ᠬᠡᠷᠪᠡ ᠨᠣᠶᠠᠨ ᠢᠷᠡᠪᠡᠯ ᠶᠠᠭᠠᠬᠢᠨ᠎ᠠ? ᠭᠡᠬᠦ ᠳ᠋ᠦ᠍᠄   
       — ᠫᠤᠤᠳᠠᠬᠤ ᠦᠭᠡᠢ ᠤᠤ? ᠭᠡᠳ ᠫᠦ ᠵᠢᠩ ᠭᠤᠷᠪᠠᠨ ᠵᠢᠯ ᠴᠡᠷᠢᠭ ᠦ᠋ᠨ ᠰᠤᠷᠭᠠᠭᠤᠯᠢ ᠬᠢᠵᠦ᠂ ᠬᠣᠶᠠᠷ ᠵᠢᠯ ᠲᠡᠢᠨ ᠳ᠋ᠦ᠍ ᠶᠠᠪᠤᠬᠤ ᠳ᠋ᠠᠭᠠᠨ ᠠᠯᠠᠬᠤ ᠭᠡᠰᠡᠨ ᠢ᠋ᠶ᠋ᠡᠨ ᠠᠯᠠᠬᠤ᠂ ᠠᠯᠠᠬᠤ ᠦᠭᠡᠢ ᠭᠡᠰᠡᠨ ᠢ᠋ᠶ᠋ᠡᠨ ᠴᠢᠬᠢ ᠶ᠋ᠢ ᠨᠢ ᠴᠣᠭᠣ ᠫᠤᠤᠳᠠᠬᠤ ᠲᠡᠢᠮᠦ ᠮᠡᠷᠭᠡᠨ ᠫᠤᠤᠳᠠᠭᠴᠢ ᠪᠣᠯᠤᠭᠰᠠᠨ ᠭᠡᠵᠦ ᠠᠯᠢᠶᠠᠯᠠᠬᠤ᠂ ᠭᠠᠢᠬᠠᠭᠤᠯᠬᠤ ᠬᠣᠶᠠᠷ ᠬᠣᠣᠰᠯᠠᠭᠤᠯᠤᠨ ᠶᠠᠷᠢᠪᠠ᠃ ᠳ᠋ᠠᠨᠽᠠᠨ ᠡᠰᠡ ᠦᠨᠡᠮᠰᠢᠨ ᠤᠯᠠᠮ ᠢ᠋ᠶ᠋ᠠᠷ ᠰᠡᠳᠬᠢᠯ ᠵᠣᠪᠠᠨ᠎ᠠ᠃  
       — ᠪᠢ ᠴᠢᠮ᠎ᠠ ᠳ᠋ᠤ᠌ ᠨᠢᠭᠡ ᠶ᠋ᠢ ᠳᠠᠭᠤᠯᠠᠬᠤ ᠤᠤ? ᠭᠡᠬᠦ ᠳ᠋ᠦ᠍ᠨᠢ᠄  
       — ᠵᠠ ᠲᠡᠭᠡ ᠭᠡᠵᠦ ᠠᠮᠠ ᠶ᠋ᠢ ᠨᠢ ᠳᠠᠭᠠᠭᠤᠯᠤᠨ ᠬᠠᠷᠢᠭᠤᠯᠪᠠ᠃  
       ᠬᠠᠷᠠᠩᠭ᠎ᠠ ᠪᠥᠮᠪᠥᠷ ᠡᠴᠡ ᠡᠬᠢᠯᠡᠨ ᠯᠢᠩᠪᠦ᠂ ᠬᠤᠭᠤᠴᠢᠷ ᠪᠦᠭᠦᠳᠡ ᠶ᠋ᠢ ᠨᠡᠭᠡᠷᠡᠨ ᠡᠨᠳᠡᠭᠦᠷᠡᠭᠳᠡᠮ᠎ᠡ ᠡᠯᠡᠭᠯᠡᠬᠦ ᠨᠢ ᠥᠴᠥᠭᠡᠳᠦᠷ ᠦ᠋ᠨ ᠦᠵᠡᠭᠰᠡᠨ ᠶᠠᠭᠤᠮ᠎ᠠ ᠶ᠋ᠢ ᠰᠠᠨᠠᠭᠳᠠᠭᠤᠯᠤᠨ᠎ᠠ᠃ ᠡᠷᠢᠶᠡᠨ ᠮᠡᠷᠢᠶᠡᠨ ᠨᠢᠭᠤᠷᠳᠠᠨ ᠨᠤᠭᠤᠳ ᠢ᠋ ᠳᠠᠭᠤᠷᠢᠶᠠᠨ ᠭᠠᠷ ᠳᠠᠯᠠᠯᠤᠨ ᠬᠣᠭᠣᠰᠣᠨ ᠰᠠᠬᠠᠯ ᠢ᠋ ᠬᠡᠢ ᠢᠯᠪᠢᠬᠦ ᠨᠢ ᠥᠪᠡᠷ ᠦ᠋ᠨ ᠡᠷᠬᠡ ᠦᠭᠡᠢ ᠰᠣᠨᠢᠷᠬᠠᠯ ᠲᠠᠲᠠᠨ᠎ᠠ᠃ ᠳᠠᠷᠠᠭ᠎ᠠ ᠨᠢ ᠫᠦ ᠵᠢᠩ ᠬᠣᠶᠠᠷ ᠭᠤᠷᠪᠠᠨ ᠬᠥᠮᠦᠨ ᠪᠣᠯᠤᠨ ᠬᠠᠷᠢᠯᠴᠠᠨ ᠬᠡᠯᠡᠯᠴᠡᠭᠰᠡᠨ ᠢ᠋ᠶ᠋ᠡᠨ ᠮᠥᠨ ᠡᠭᠡᠯᠵᠢᠯᠡᠭᠦᠯᠦᠨ ᠳᠠᠭᠤᠯᠠᠬᠤ ᠶ᠋ᠢ ᠦᠷᠭᠦᠯᠵᠢᠯᠡᠭᠦᠯᠤᠨ᠎ᠡ᠃ ᠲᠡᠷᠡ ᠵᠠᠭᠤᠷ᠎ᠠ ᠪᠠᠨ ᠬᠥᠭᠵᠢᠮ ᠦ᠋ᠨ ᠬᠠᠩ ᠶᠠᠩ ᠬᠢᠬᠦ᠂ ᠦᠵᠡᠭᠴᠢᠳ ᠦ᠋ᠨ《ᠬᠣᠣ ᠸᠠ》 ᠬᠠᠰᠬᠢᠷᠤᠯᠳᠤᠬᠤ ᠶ᠋ᠢ ᠬᠢᠬᠦ ᠨᠢ ᠶᠣᠰᠣᠲᠠᠢ ᠶᠡᠷᠦ ᠪᠤᠰᠤ᠁ ᠡᠨᠡ ᠳᠡᠯᠡᠬᠡᠢ ᠳ᠋ᠦ᠍ ᠡᠢᠮᠦ ᠬᠠᠴᠢᠨ ᠬᠥᠮᠦᠨ ᠪᠠᠰᠠ ᠪᠠᠢᠳᠠᠭ ᠠ᠋ ᠭᠡᠵᠦ ᠳᠣᠲᠣᠷ᠎ᠠ ᠪᠠᠨ ᠭᠠᠢᠬᠠᠨ᠎ᠠ᠃ ᠭᠡᠲᠡᠯ᠎ᠡ ᠲᠡᠭᠦᠨ ᠦ᠌ ᠦᠵᠡᠭᠦᠯᠬᠦ ᠶᠠᠭᠤᠮ᠎ᠠ ᠶᠠᠭᠠᠬᠢᠭ᠎ᠠ ᠴᠤ᠌ ᠦᠭᠡᠢ ᠠᠵᠢ᠃ ᠮᠣᠷᠢᠳ ᠲᠠᠬᠢ ᠫᠤᠤ ᠪᠠᠨ ᠮᠤᠯᠲᠤ ᠲᠠᠲᠠᠵᠤ ᠠᠪᠤᠩᠭᠤᠲᠠ ᠪᠠᠨ ᠰᠡᠩᠰᠡᠨ ᠲᠦᠭᠡᠬᠦᠢ ᠪᠣᠯᠲᠠᠯ᠎ᠠ ᠨᠢ ᠡᠷᠭᠢᠯᠳᠦᠭᠦᠯᠦᠨ ᠬᠠᠳᠬᠤᠯᠳᠤᠨ ᠲᠤᠯᠤᠯᠳᠤᠬᠤ ᠳ᠋ᠤ᠌ ᠣᠷᠣᠯ᠎ᠠ᠃ ᠳ᠋ᠠᠨᠽᠠᠨ ᠲᠡᠭᠦᠨ ᠦ᠌ ᠭᠠᠯ ᠴᠠᠬᠢᠯᠭᠠᠨ ᠰᠢᠭ᠋ ᠬᠤᠷᠳᠤᠨ ᠪᠣᠯᠤᠭᠠᠳ ᠡᠴᠡᠨ ᠴᠤᠴᠠᠬᠤ ᠶ᠋ᠢ ᠮᠡᠳᠡᠬᠦ ᠦᠭᠡᠢ ᠪᠠᠢᠭ᠎ᠠ ᠶ᠋ᠢ  ᠭᠠᠢᠬᠠᠨ᠎ᠠ᠃ ᠨᠢᠭᠡ ᠮᠡᠳᠡᠬᠦ ᠳ᠋ᠦ᠍ ᠫᠦ ᠵᠢᠩ ᠨᠠᠮ ᠵᠢᠮ ᠪᠣᠯᠬᠤ ᠪᠣᠯᠪᠠᠴᠤ ᠳᠠᠭᠤᠰᠴᠤ ᠪᠢᠰᠢ᠃ ᠤᠷᠢᠳᠠ ᠶ᠋ᠢᠨ ᠬᠡᠰᠡᠭ ᠳᠠᠭᠤᠰᠴᠤ ᠥᠭᠡᠷ᠎ᠡ ᠵᠦᠢᠯ ᠳ᠋ᠦ᠍ ᠣᠷᠣᠵᠤ ᠪᠠᠢᠭ᠎ᠠ ᠠᠵᠢ᠃ ᠤᠯᠠᠭᠠᠨ ᠬᠣᠰᠢᠭᠤᠲᠠᠨ ᠬᠡᠦᠬᠡᠨ ᠪᠣᠯᠤᠨ ᠳᠠᠭᠤᠯᠠᠵᠤ ᠭᠠᠷᠤᠯ᠎ᠠ᠃ 
       ᠡᠢᠨᠬᠦ ᠬᠥᠭᠵᠢᠭᠡᠨ ᠲᠡᠢ ᠶᠠᠪᠤᠭ᠎ᠠ ᠳ᠋ᠠᠭᠠᠨ ᠲᠡᠳᠡ ᠳᠠᠪᠠᠭ᠎ᠠ ᠬᠥᠪᠡᠭᠡ ᠬᠡᠳᠦ ᠬᠡᠴᠢᠨᠡᠨ ᠢ᠋ ᠠᠷᠤ ᠳ᠋ᠠᠭᠠᠨ ᠣᠷᠬᠢᠭᠰᠠᠨ ᠢ᠋ᠶ᠋ᠠᠨ ᠡᠰᠡ ᠮᠡᠳᠡᠪᠡ᠃ ᠨᠠᠷᠠ ᠵᠢᠷᠭᠠᠬᠤ ᠰᠢᠬᠠᠵᠤ᠂ ᠶᠠᠭᠤᠮ᠎ᠠ ᠪᠦᠬᠦᠨ ᠦ᠌ ᠰᠡᠭᠦᠳᠡᠷ ᠵᠡᠭᠦᠨ᠎ᠡ᠂ ᠤᠷᠲᠤ ᠤᠷᠲᠤ ᠪᠠᠷ ᠲᠣᠰᠴᠤ ᠪᠠᠢᠬᠤ ᠳ᠋ᠤ᠌ ᠫᠦ ᠵᠢᠩ ᠠᠩᠬ᠎ᠠ ᠡᠬᠢᠯᠡᠭᠰᠡᠨ ᠰᠢᠭ ᠢ᠋ᠶ᠋ᠡᠨ ᠳᠠᠭᠤᠰᠴᠤ ᠮᠣᠩᠭᠣᠯ ᠤ᠋ᠨ ᠵᠠᠪᠬᠠᠢ ᠳᠠᠭᠤᠤ ᠨᠤᠭᠤᠳ ᠲᠠᠢ ᠲᠥᠰᠲᠡᠢ ᠨᠢᠭᠡ ᠳᠠᠭᠤᠤ ᠶ᠋ᠢ ᠨᠠᠮᠤᠭᠤᠬᠠᠨ ᠢ᠋ᠶ᠋ᠠᠷ ᠡᠭᠡᠰᠢᠭᠯᠡᠪᠡ᠃ ᠲᠡᠷᠡ ᠨᠢ ᠳ᠋ᠠᠨᠽᠠᠨ ᠳ᠋ᠤ᠌ ᠣᠷᠣᠨ ᠨᠤᠲᠤᠭ ᠤ᠋ᠨ ᠠᠵᠤ ᠠᠮᠢᠳᠤᠷᠠᠯ᠂ ᠬᠠᠢᠷ᠎ᠠ ᠳᠤᠷᠠᠯᠠᠯ ᠤ᠋ᠨ ᠶᠠᠪᠤᠳᠠᠯ ᠤ᠋ᠳ ᠢ᠋ ᠰᠠᠨᠠᠭᠳᠠᠭᠤᠯᠤᠨ᠎ᠠ᠃ 
       ᠬᠣᠶᠠᠷ ᠲᠠᠯ᠎ᠠ ᠪᠠᠷ ᠢ᠋ᠶ᠋ᠠᠨ ᠰᠢᠩᠭᠡᠨ ᠪᠤᠷᠭᠠᠰᠤ ᠲᠠᠢ ᠨᠠᠷᠢᠬᠠᠨ ᠭᠣᠣᠯ ᠤᠷᠤᠭᠤ ᠣᠷᠣᠵᠤ ᠢᠷᠡᠪᠡ᠃ ᠵᠠᠮ ᠤ᠋ᠨ ᠬᠠᠵᠠᠭᠤ ᠶ᠋ᠢᠨ ᠬᠡᠳᠦᠨ ᠴᠢᠯᠠᠭᠤ ᠠ᠋ᠴᠠ ᠨᠢᠭᠡ ᠲᠠᠤᠯᠠᠢ ᠪᠣᠰᠤᠨ᠂ ᠠᠷᠤ ᠪᠥᠭᠰᠡ ᠪᠡᠨ ᠭᠢᠯᠠᠯᠵᠠᠭᠤᠯᠤᠨ ᠬᠠᠷᠠᠢᠵᠤ ᠪᠤᠷᠭᠠᠰᠤ ᠤᠷᠤᠭᠤ ᠣᠷᠣᠯ᠎ᠠ᠃ ᠳ᠋ᠠᠨᠽᠠᠨ《ᠲᠠᠤᠯᠠᠢ᠂ ᠲᠠᠤᠯᠠᠢ》 ᠭᠡᠵᠦ ᠬᠠᠰᠬᠢᠷᠬᠤ ᠳ᠋ᠤ᠌ ᠫᠦ ᠵᠢᠩ ᠫᠤᠤ ᠪᠠᠨ ᠮᠥᠷᠦᠨ ᠡᠴᠡ ᠪᠡᠨ ᠠᠪᠤᠩᠭᠤᠲᠠ ᠪᠠᠨ ᠫᠤᠤᠳᠠᠪᠠ᠃  
       — ᠡᠨᠡ ᠰᠥᠨᠢ ᠲᠠᠤᠯᠠᠢ ᠢᠳᠡᠨ᠎ᠡ ᠭᠡᠵᠦ ᠪᠤᠷᠭᠠᠰᠤᠨ ᠳ᠋ᠤ᠌ ᠭᠦᠶᠦᠨ ᠣᠷᠣᠭᠠᠳ ᠲᠠᠤᠯᠠᠢ ᠶ᠋ᠢᠨ ᠪᠣᠷᠪᠢ ᠠ᠋ᠴᠠ ᠪᠠᠷᠢᠨ ᠭᠠᠷᠴᠤ ᠢᠷᠡᠬᠦ ᠳ᠋ᠦ᠍ᠨᠢ ᠳ᠋ᠠᠨᠽᠠᠨ ᠲᠡᠭᠦᠨ ᠦ᠌ ᠨᠡᠭᠡᠷᠡᠨ ᠮᠡᠷᠭᠡᠨ ᠫᠤᠤᠳᠠᠭᠴᠢ ᠪᠣᠯᠬᠤ ᠶ᠋ᠢ ᠮᠡᠳᠡᠵᠦ ᠪᠢᠰᠢᠷᠡᠪᠡ᠃ 
       ᠨᠠᠷᠠ ᠵᠢᠷᠭᠠᠭᠰᠠᠨ ᠤ᠋ ᠳᠠᠷᠠᠭ᠎ᠠ ᠭᠠᠯ ᠳᠦᠷᠡᠯᠵᠡᠨ ᠳᠡᠭᠡᠷ᠎ᠡ ᠨᠢ ᠭᠠᠮᠢᠩ ᠴᠡᠷᠢᠭ ᠦ᠋ᠨ ᠬᠡᠷᠡᠭᠯᠡᠯ ᠪᠢᠴᠢᠬᠠᠨ ᠬᠤᠪᠢᠩ ᠳ᠋ᠤ᠌ ᠪᠣᠵᠠᠭᠠᠷ ᠪᠣᠷᠣ ᠮᠢᠬ᠎ᠠ ᠣᠪᠣᠯᠵᠠᠨ ᠪᠤᠴᠠᠯᠤᠨ᠎ᠠ᠃《ᠮᠣᠩᠭᠣᠯ ᠤ᠋ᠨ ᠬᠦᠦ ᠲᠣᠭᠣᠭ᠎ᠠ ᠪᠠᠨ᠂ ᠬᠢᠲᠠᠳ ᠤ᠋ᠨ ᠬᠦᠦ ᠭᠠᠯ ᠢ᠋ᠶ᠋ᠠᠨ》 ᠭᠡᠭᠴᠢ ᠪᠡᠷ ᠳ᠋ᠠᠨᠽᠠᠨ ᠨᠠᠢᠵᠢ ᠶ᠋ᠢᠨ ᠢ᠋ᠶ᠋ᠡᠨ ᠬᠢᠲᠤᠭᠠᠨ ᠵᠢᠳᠠ ᠪᠠᠷ ᠪᠤᠷᠭᠠᠰᠤ ᠴᠠᠪᠴᠢᠯᠠᠨ ᠵᠣᠭᠰᠣᠭ᠎ᠠ ᠵᠠᠢ ᠦᠭᠡᠢ ᠭᠠᠯ ᠲᠦᠯᠡᠵᠦ ᠪᠠᠢᠬᠤ ᠵᠠᠭᠤᠷ᠎ᠠ ᠪᠠᠨ ᠬᠤᠪᠢᠩ ᠤᠷᠤᠭᠤ ᠪᠠᠢᠨ ᠪᠠᠢᠨ ᠥᠩᠭᠡᠢᠨ᠂ ᠰᠠᠢᠬᠠᠨ ᠦᠨᠦᠷ ᠢ᠋ ᠨᠢ ᠠᠮᠲᠠᠯᠠᠵᠤ ᠪᠠᠢᠪᠠ᠃ ᠨᠢᠭᠡ ᠮᠡᠳᠡᠬᠦ ᠳ᠋ᠦ᠍ ᠳᠡᠷᠭᠡᠳᠡ ᠨᠢ ᠰᠡᠯᠡᠮ᠎ᠡ ᠵᠡᠭᠦᠭᠰᠡᠨ ᠠᠯᠪᠠᠨ ᠬᠥᠮᠦᠨ ᠵᠣᠭᠰᠣᠵᠤ ᠪᠠᠢᠪᠠ᠃ ᠲᠡᠷᠡ ᠬᠥᠮᠦᠨ ᠠᠮᠤᠷ ᠮᠡᠨᠳᠦ ᠶ᠋ᠢᠨ ᠣᠷᠣᠨ ᠳ᠋ᠤ᠌ ᠬᠠᠷᠢᠶᠠᠯ ᠲᠠᠯᠪᠢᠨ᠄ ᠲᠠ ᠨᠠᠷ ᠶᠠᠭᠤᠨ ᠳ᠋ᠤ᠌ ᠭᠠᠯ ᠲᠦᠯᠡᠪᠡ? ᠭᠡᠵᠦ ᠵᠠᠩᠳᠤᠷᠤᠨ ᠳᠠᠪᠰᠢᠯᠠᠪᠠ᠃ ᠬᠠᠷᠢᠭᠤ ᠳ᠋ᠤᠨᠢ ᠫᠦ ᠵᠢᠩ᠄  
       — ᠴᠢᠮ᠎ᠠ ᠳ᠋ᠤ᠌ ᠬᠠᠮᠢᠶ᠎ᠠ ᠦᠭᠡᠢ᠃  
       ᠨᠥᠭᠦᠭᠡ ᠬᠥᠮᠦᠨ᠄  
       — ᠬᠠᠮᠢᠶ᠎ᠠ ᠦᠭᠡᠢ ᠭᠡᠨ᠎ᠡ ᠠ᠋? ᠪᠢ ᠡᠨᠳᠡᠬᠢ ᠶ᠋ᠢᠨ ᠴᠠᠭᠳᠠᠭ᠎ᠠ ᠭᠡᠵᠦ ᠲᠡᠰᠢᠶ᠎ᠡ ᠲᠤᠯᠤᠨ ᠴᠠᠭᠠᠰᠢ ᠣᠮᠣᠭᠳᠠᠪᠠ᠃ ᠲᠡᠭᠦᠨ ᠦ᠌ ᠦᠭᠡ ᠪᠡᠷ ᠪᠣᠯ ᠪᠤᠷᠭᠠᠰᠤ ᠣᠭᠲᠣᠯᠪᠠᠯ ᠨᠢᠭᠡ ᠪᠦᠷᠢ ᠨᠢ ᠨᠢᠭᠡ ᠶᠠᠩᠴᠢᠶᠠᠨ ᠢ᠋ᠶ᠋ᠠᠷ ᠲᠣᠷᠭᠠᠬᠤ ᠬᠠᠤᠯᠢ ᠲᠠᠢ ᠭᠡᠨ᠎ᠡ᠃ ᠲᠡᠷᠡ ᠬᠥᠮᠦᠨ ᠪᠠᠰᠠ ᠰᠠᠶᠢᠬᠠᠨ ᠥᠪᠴᠢᠭᠰᠡᠨ ᠲᠠᠤᠯᠠᠢ ᠶ᠋ᠢᠨ ᠨᠣᠢᠲᠠᠨ ᠠᠷᠠᠰᠤ ᠶ᠋ᠢ ᠪᠤᠷᠭᠠᠰᠤᠨ ᠤ᠋ ᠮᠥᠴᠢᠷ ᠳᠡᠭᠡᠷ᠎ᠡ ᠳᠡᠯᠭᠡᠨ ᠲᠠᠯᠪᠢᠭᠰᠠᠨ ᠢ᠋ ᠦᠵᠡᠵᠦ ᠣᠷᠬᠢᠪᠠ᠃ ᠬᠠᠮᠠᠷ ᠢ᠋ᠶ᠋ᠠᠨ ᠰᠡᠷᠲᠡᠢᠯᠭᠡᠨ《ᠠᠷᠪᠠᠨ ᠶᠠᠩᠴᠢᠶᠠᠨ!》 ᠭᠡᠵᠦ ᠠᠮᠠᠨ ᠳ᠋ᠠᠭᠠᠨ ᠰᠢᠪᠡᠨᠡᠬᠦ ᠰᠣᠨᠣᠰᠤᠭᠳᠠᠨ᠎ᠠ᠃ ᠨᠥᠬᠥᠷ ᠢ᠋ ᠠᠵᠢᠬᠤ ᠳ᠋ᠤ᠌ ᠠᠶᠤᠨ ᠰᠦᠷᠳᠡᠭᠰᠡᠨ ᠦ᠌ ᠲᠡᠮᠳᠡᠭ ᠶᠡᠷᠦ ᠦᠭᠡᠢ᠂ ᠬᠠᠷᠢᠨ ᠴᠤ᠌ ᠡᠯᠡᠭ ᠳᠣᠭᠣᠭᠢ ᠬᠢᠬᠦ ᠮᠡᠲᠦ ᠬᠦᠢᠲᠡᠨ ᠢ᠋ᠶ᠋ᠡᠷ ᠰᠢᠷᠲᠡᠨ ᠢᠨᠢᠶᠡᠮᠰᠦᠭᠯᠡᠨ᠎ᠡ᠃ 
       — ᠴᠢ ᠮᠡᠳᠡᠵᠦ ᠪᠠᠢᠨ᠎ᠠ ᠤᠤ? ᠪᠢ ᠴᠠᠭᠳᠠᠭ᠎ᠠ!  ᠪᠣᠰ ᠪᠢ ᠲᠠ ᠨᠠᠷ ᠢ᠋ ᠪᠠᠷᠢᠨ᠎ᠠ! ᠭᠡᠵᠦ ᠬᠠᠰᠬᠢᠷᠬᠤ ᠳ᠋ᠤᠨᠢ ᠳ᠋ᠠᠨᠽᠠᠨ᠂ ᠠᠶᠤᠨ ᠰᠦᠷᠳᠡᠬᠦ ᠶ᠋ᠢᠨ ᠡᠷᠬᠡ ᠪᠡᠷ ᠪᠦᠷ ᠳᠤᠭᠤᠢ ᠪᠣᠰᠤᠨ ᠬᠠᠷᠠᠢᠪᠠ᠃  
       — ᠤᠤᠬᠠᠢ᠂ ᠴᠢ ᠴᠠᠭᠳᠠᠭ᠎ᠠ ᠤᠤ? ᠰᠠᠢᠨ! ᠭᠡᠪᠡᠴᠦ᠂ ᠮᠠᠨ ᠤ᠋ ᠡᠮᠦᠨ᠎ᠡ ᠴᠠᠭᠳᠠᠭ᠎ᠠ ᠨᠣᠬᠠᠢ ᠬᠣᠶᠠᠷ ᠠᠳᠠᠯᠢ ᠭᠡᠳ ᠫᠦ ᠵᠢᠩ ᠪᠤᠷᠭᠠᠰᠤᠨ ᠤ᠋ ᠪᠤᠲᠠᠨ ᠳ᠋ᠤ᠌ ᠨᠢᠭᠤᠨ ᠲᠠᠯᠪᠢᠭᠰᠠᠨ ᠫᠤᠤ ᠪᠠᠨ ᠰᠢᠭᠦᠷᠦᠨ ᠠᠪᠤᠪᠠ᠃ ᠴᠠᠭᠳᠠᠭ᠎ᠠ ᠶ᠋ᠢᠨ ᠪᠠᠢᠳᠠᠯ ᠱᠠᠯ ᠥᠭᠡᠷ᠎ᠡ ᠪᠣᠯᠤᠯ᠎ᠠ᠃ 
       — ᠠᠢ᠂ ᠴᠢ ᠪᠢᠲᠡᠭᠡᠢ ᠠᠭᠤᠷᠯᠠ ᠭᠡᠵᠦ ᠬᠣᠶᠠᠷ ᠭᠠᠷ ᠢ᠋ᠶ᠋ᠠᠨ ᠡᠮᠦᠨ᠎ᠡ ᠪᠡᠨ ᠠᠪᠴᠢᠷᠠᠨ ᠬᠠ ᠬᠠ᠁ ᠭᠡᠵᠦ ᠬᠤᠳᠠᠯ ᠢᠨᠢᠶᠡᠪᠡ᠃ 
       — ᠴᠢ ᠨᠠᠳᠠ ᠲᠠᠢ ᠪᠢᠲᠡᠭᠡᠢ ᠶᠠᠷᠢ! ᠭᠡᠵᠦ ᠵᠠᠩᠳᠤᠷᠤᠭᠠᠳ ᠫᠦ ᠵᠢᠩ᠄ ᠡᠷᠭᠢᠭᠡᠳ! ᠭᠡᠵᠦ ᠲᠤᠰᠢᠶᠠᠪᠠ᠃ ᠴᠠᠭᠳᠠᠭ᠎ᠠ ᠡᠪᠦᠳᠦᠭ ᠴᠡᠴᠡᠷᠡᠭᠦᠯᠦᠨ ᠡᠷᠭᠢᠲᠡᠯ᠎ᠡ《ᠭᠦᠶᠦᠭᠡᠳ》 ᠭᠡᠵᠦ ᠫᠤᠤ ᠶ᠋ᠢᠨ ᠵᠠᠮᠤᠭ ᠢ᠋ ᠳᠡᠰ ᠨᠢᠰ ᠪᠠᠭᠤᠯᠭᠠᠬᠤ ᠳ᠋ᠤ᠌ ᠴᠠᠭᠠᠰᠢ ᠠᠯᠬᠤᠯᠠᠭᠰᠠᠨ ᠢ᠋ᠶ᠋ᠠᠨ ᠡᠷᠭᠢᠨ ᠬᠠᠷᠠᠪᠠ᠃ ᠫᠦ ᠵᠢᠩ᠄ ᠭᠦᠶᠦ! ᠭᠡᠵᠦ ᠬᠠᠰᠬᠢᠷᠤᠨ ᠫᠤᠤ ᠶ᠋ᠢᠨ ᠭᠣᠬ᠎ᠠ ᠶ᠋ᠢ ᠳᠠᠷᠤᠪᠠ᠃ ᠠᠯᠤᠰ ᠭᠡᠭᠡ ᠲᠠᠰᠤᠷᠠᠭᠰᠠᠨ ᠨᠠᠮ ᠭᠦᠮ ᠦ᠋ᠨ ᠳᠣᠲᠣᠷ᠎ᠠ ᠫᠤᠤ ᠶ᠋ᠢᠨ ᠳᠠᠭᠤ ᠳᠤᠤᠭᠠᠷᠤᠭᠰᠠᠨ ᠨᠢ ᠵᠢᠭᠲᠡᠢᠬᠡᠨ ᠴᠢᠩᠭ᠎ᠠ᠃ ᠳ᠋ᠠᠨᠽᠠᠨ ᠤ᠋ ᠴᠢᠬᠢ ᠲᠠᠭ ᠳᠦᠯᠡᠢᠷᠡᠨ ᠬᠣᠭᠣᠯᠠᠢ ᠳ᠋ᠤᠨᠢ ᠳᠠᠷᠢ ᠶ᠋ᠢᠨ ᠤᠲᠤᠭ᠎ᠠ ᠭᠠᠰᠢᠭᠤᠨ ᠣᠷᠬᠢᠨ ᠠᠮᠠᠳᠠᠭᠳᠠᠵᠤ᠂ ᠨᠢᠳᠦᠨ ᠳ᠋ᠦ᠍ᠨᠢ ᠴᠠᠭᠳᠠᠭ᠎ᠠ ᠶ᠋ᠢᠨ ᠪᠠᠷᠠᠭᠤᠨ ᠭᠠᠷ ᠲᠠᠭᠠᠨ ᠲᠤᠶᠠᠢᠯᠭᠠᠨ ᠪᠠᠷᠢᠭᠰᠠᠨ ᠡᠷᠢᠶᠡᠨ ᠮᠣᠳᠣ ᠬᠤᠭᠤᠷᠠᠨ ᠤᠨᠠᠵᠤ᠂ ᠴᠠᠭᠳᠠᠭ᠎ᠠ ᠴᠠᠭᠠᠰᠢ ᠪᠠᠨ ᠣᠭᠯᠣ ᠦᠰᠦᠷᠦᠨ ᠲᠠᠤᠯᠠᠢ ᠰᠢᠭ᠋ ᠳᠡᠭᠳᠡᠨ ᠬᠠᠷᠠᠢᠯᠭᠠᠪᠠ᠃ ᠠᠷᠤ ᠳ᠋ᠤ᠌ ᠬᠢᠲᠠᠳ ᠮᠣᠩᠭᠣᠯ ᠬᠣᠶᠠᠷ ᠡᠯᠢᠭᠡ ᠪᠡᠨ ᠬᠥᠰᠢᠲᠡᠯ᠎ᠡ ᠢᠨᠢᠶᠡᠯ᠎ᠡ᠃ ᠫᠣᠷ ᠫᠣᠷ ᠪᠤᠴᠠᠯᠤᠭᠰᠠᠭᠠᠷ ᠨᠡᠯᠢᠶᠡᠳ ᠤᠳᠠᠭᠰᠠᠨ ᠲᠠᠤᠯᠠᠢ ᠶ᠋ᠢᠨ ᠢ᠋ᠶ᠋ᠡᠨ ᠮᠢᠬ᠎ᠠ ᠶ᠋ᠢ ᠲᠡᠳᠡ ᠲᠠᠰᠤᠴᠢᠨ ᠬᠠᠶᠠᠭᠰᠠᠨ ᠪᠤᠷᠭᠠᠰᠤᠨ ᠤ᠋ ᠨᠠᠷᠢᠨ ᠮᠥᠴᠢᠷ ᠦ᠋ᠳ ᠳᠡᠭᠡᠷ᠎ᠡ ᠭᠠᠷᠭᠠᠪᠠ᠃ ᠬᠤᠪᠢᠩ ᠲᠠᠢ ᠱᠥᠯᠥ ᠶ᠋ᠢ ᠬᠣᠶᠠᠷ ᠲᠠᠯ᠎ᠠ ᠠ᠋ᠴᠠ ᠨᠢ ᠤᠤᠭᠤᠬᠤ ᠭᠡᠵᠦ ᠳᠤᠮᠳᠠ ᠪᠠᠨ ᠲᠠᠯᠪᠢᠵᠠᠢ᠃ ᠬᠠᠵᠠᠭᠤ ᠳ᠋ᠤᠨᠢ ᠳᠠᠪᠤᠰᠤ ᠲᠠᠢ ᠨᠣᠭᠣᠭ᠎ᠠ᠂ ᠮᠠᠨᠲᠠᠤ ᠬᠣᠶᠠᠷ ᠪᠡᠯᠡᠨ ᠪᠠᠢᠨ᠎ᠠ᠃ ᠮᠢᠬ᠎ᠠ ᠶ᠋ᠢ ᠠᠩᠬ᠎ᠠ ᠬᠤᠪᠢᠩ ᠳ᠋ᠤ᠌ ᠣᠢᠬᠦ ᠳ᠋ᠡᠭᠡᠨ ᠫᠤᠤ ᠶ᠋ᠢᠨ ᠢ᠋ᠶ᠋ᠡᠨ ᠬᠢᠲᠤᠭᠠᠨ ᠵᠢᠳᠠ ᠪᠠᠷ ᠲᠠᠰᠤ ᠲᠠᠰᠤ ᠴᠠᠪᠴᠢᠯᠠᠭᠰᠠᠨ ᠪᠥᠭᠡᠳ ᠣᠳᠣ ᠣᠭᠲᠣᠯᠤᠨ ᠢᠳᠡᠬᠦ ᠬᠢᠲᠤᠭ᠎ᠠ ᠦᠭᠡᠢ ᠲᠤᠯᠠ ᠨᠢᠭᠡ ᠨᠢᠭᠡᠨ ᠬᠡᠰᠡᠭ ᠢ᠋ ᠰᠢᠭᠦᠷᠦᠨ ᠠᠪᠴᠤ ᠰᠢᠳᠦ ᠪᠡᠷ ᠢ᠋ᠶ᠋ᠡᠨ ᠵᠤᠯᠭᠠᠭᠠᠨ᠎ᠠ᠃ ᠳ᠋ᠠᠨᠽᠡᠨ ᠳ᠋ᠦ᠍ ᠮᠢᠬᠠᠨ ᠤ᠋ ᠠᠮᠲᠠ ᠬᠡᠴᠢᠨᠡᠭᠡᠨ ᠰᠠᠢᠬᠠᠨ ᠪᠠᠢᠭ᠎ᠠ ᠶ᠋ᠢ ᠥᠭᠦᠯᠡᠬᠦ ᠳ᠋ᠦ᠍ ᠪᠡᠷᠬᠡ᠃ 
       ᠰᠡᠳᠬᠢᠯ ᠳ᠋ᠦ᠍ᠨᠢ ᠭᠠᠭᠴᠠ ᠲᠠᠤᠯᠠᠢ ᠶ᠋ᠢ ᠪᠠᠢᠲᠤᠭᠠᠢ ᠪᠦᠬᠦᠯᠢ ᠪᠦᠲᠦᠨ ᠬᠣᠨᠢᠨ ᠤ᠋ ᠮᠢᠬ᠎ᠠ ᠶ᠋ᠢ ᠢᠳᠡᠪᠡᠴᠦ ᠴᠠᠳᠤᠮ᠎ᠠ ᠦᠭᠡᠢ ᠰᠠᠨᠠᠭᠳᠠᠨ᠎ᠠ᠃ ᠬᠠᠵᠠᠭᠤ ᠳ᠋ᠤᠨᠢ ᠫᠦ ᠵᠢᠩ ᠪᠠᠷᠢᠭᠰᠠᠨ ᠮᠢᠬ᠎ᠠ ᠪᠠᠨ ᠡᠷᠡᠬᠡᠢ ᠬᠤᠷᠤᠭᠤᠨ ᠤ᠋ ᠪᠠᠨ ᠬᠢᠮᠤᠰᠤ ᠪᠠᠷ ᠲᠠᠰᠤᠯᠤᠨ ᠠᠪᠴᠤ ᠮᠠᠨᠲᠠᠤ ᠳᠡᠭᠡᠷ᠎ᠡ ᠲᠠᠯᠪᠢᠨ ᠠᠮᠲᠠᠯᠠᠨ᠎ᠠ᠃ ᠤᠷᠲᠤᠭᠠᠰᠢ ᠪᠠᠨ ᠭᠠᠭᠴᠠ ᠬᠠ ᠶ᠋ᠢᠨ ᠲᠠᠯ᠎ᠠ ᠶ᠋ᠢ ᠢᠳᠡᠬᠦ ᠲᠡᠳᠦᠢᠬᠡᠨ ᠪᠣᠯᠤᠭᠰᠠᠨ ᠢ᠋ᠶ᠋ᠠᠨ᠄  
       — ᠠᠢ ᠴᠤᠤ ᠴᠠᠳᠤᠯ᠎ᠠ! ᠭᠡᠵᠦ ᠬᠣᠢᠰᠢ ᠪᠠᠨ ᠭᠡᠳᠡᠢᠪᠡ᠃ ᠳ᠋ᠠᠨᠽᠠᠨ ᠢ᠋ ᠬᠠᠷᠠᠭᠰᠠᠨ ᠢ᠋ᠶ᠋ᠠᠨ᠄ ᠠᠢ ᠴᠢ ᠶᠠᠮᠠᠷ ᠬᠥᠮᠦᠨ ᠪᠣᠢ? ᠭᠡᠵᠦ ᠨᠢᠳᠦ ᠴᠠᠪᠴᠢᠯᠠᠨ ᠰᠢᠷᠳᠡᠨ᠎ᠡ᠃ ᠳ᠋ᠠᠨᠽᠠᠨ ᠬᠠᠷᠢᠭᠤ ᠭᠠᠢᠬᠠᠯ᠎ᠠ᠃ 
       — ᠪᠢ ᠮᠣᠩᠭᠣᠯ ᠭᠡᠵᠦ ᠮᠠᠩᠭᠤᠷᠠᠭᠰᠡᠨ ᠴᠢᠷᠠᠢ ᠭᠠᠷᠭᠠᠨ ᠥᠭᠡᠳᠡ ᠡᠴᠡ ᠨᠢ ᠰᠢᠷᠳᠡᠪᠡ᠃  
       — ᠲᠡᠭᠦᠨ ᠢ᠋ ᠴᠢᠨᠢ ᠪᠢ ᠮᠡᠳᠡᠨ᠎ᠡ᠃ ᠵᠦᠭᠡᠷ ᠴᠢ ᠡᠢᠮᠦ ᠶᠡᠬᠡ ᠮᠢᠬ᠎ᠠ ᠢᠳᠡᠵᠦ ᠶᠠᠭᠠᠬᠢᠵᠤ ᠪᠣᠯᠬᠤ ᠪᠣᠢ ᠭᠡᠳ ᠫᠦ ᠵᠢᠩ᠂ ᠳ᠋ᠠᠨᠽᠠᠨ ᠢ᠋ ᠳᠠᠬᠢᠨ ᠠᠵᠢᠭᠯᠠᠪᠠ᠃ ᠲᠡᠭᠦᠨ ᠦ᠌ ᠨᠢᠳᠦᠨ ᠳ᠋ᠦ᠍ ᠳ᠋ᠠᠨᠽᠠᠨ ᠤ᠋ ᠪᠠᠢᠳᠠᠯ ᠨᠡᠭᠡᠷᠡᠨ ᠠᠶᠤᠮᠠᠷ᠂ ᠭᠠᠷ ᠲᠠᠭᠠᠨ ᠪᠠᠷᠢᠭᠰᠠᠨ ᠪᠥᠭᠡᠮ ᠮᠢᠬ᠎ᠠ ᠤᠷᠤᠭᠤ ᠲᠣᠯᠣᠭᠠᠢ ᠨᠢ ᠴᠡᠭᠡᠵᠢ ᠲᠡᠢ ᠪᠡᠨ ᠪᠥᠬᠥᠢᠨ ᠠᠮᠠ ᠨᠢ ᠠᠩᠭᠠᠰᠬᠢᠬᠦ ᠳ᠋ᠡᠭᠡᠨ ᠬᠠᠬᠠᠵᠤ ᠦᠬᠦᠮ᠎ᠡ ᠲᠣᠮᠣ ᠶᠠᠭᠤᠮ᠎ᠠ ᠶ᠋ᠢ ᠵᠣᠯᠭ᠎ᠠ ᠲᠡᠳᠡᠨ ᠠᠪᠴᠤ ᠵᠠᠵᠢᠯᠬᠤ ᠳ᠋ᠤᠨᠢ ᠶᠠᠰᠤ ᠮᠥᠭᠡᠷᠰᠦ ᠲᠠᠭᠠᠷᠠᠯᠳᠤᠨ ᠲᠠᠰᠤ ᠨᠢᠰ ᠳᠤᠤᠭᠠᠷᠤᠨ᠎ᠠ᠃ ᠵᠠᠯᠭᠢᠬᠤ ᠳ᠋ᠤᠨᠢ ᠬᠣᠭᠣᠯᠠᠢ ᠨᠢ ᠭᠦᠷᠤᠰᠬᠢᠨ ᠬᠥᠳᠡᠯᠬᠦ ᠪᠥᠭᠡᠳ ᠲᠡᠭᠦᠨ ᠳ᠋ᠡᠭᠡᠨ ᠰᠡᠳᠬᠢᠯ ᠨᠢ ᠤᠯᠠᠮ ᠢ᠋ᠶ᠋ᠠᠷ ᠬᠣᠮᠬᠤᠢᠷᠠᠨ ᠬᠡᠯᠡ ᠨᠢ ᠪᠤᠯᠲᠠᠰᠬᠢᠨ ᠭᠠᠷᠴᠤ ᠳᠡᠭᠡᠳᠦ ᠳᠣᠣᠷᠠᠲᠤ ᠤᠷᠤᠭᠤᠯ ᠢ᠋ᠶ᠋ᠠᠨ ᠭᠠᠪᠰᠢᠭᠠᠢᠯᠠᠨ ᠳᠣᠯᠢᠶᠠᠭᠠᠳ ᠠᠮᠠ ᠨᠢ ᠮᠢᠬ᠎ᠠ ᠤᠷᠤᠭᠤ ᠪᠠᠨ ᠳᠠᠬᠢᠨ ᠠᠩᠭᠠᠰ ᠭᠡᠨ᠎ᠡ᠃ ᠡᠭᠦᠪᠡᠷ ᠢ᠋ᠶ᠋ᠡᠨ ᠳ᠋ᠠᠨᠽᠠᠨ᠂ ᠫᠦ ᠵᠢᠩ ᠳ᠋ᠦ᠍ ᠬᠥᠮᠦᠨ ᠠᠮᠢᠲᠠᠨ ᠤ᠋ ᠬᠥᠯ ᠬᠦᠷᠦᠭᠡ ᠦᠭᠡᠢ ᠵᠡᠷᠯᠢᠭ ᠭᠠᠵᠠᠷ ᠤ᠋ᠨ ᠠᠷᠢᠶᠠᠲᠠᠨ ᠯᠠ ᠪᠠᠷᠢᠭᠰᠠᠨ ᠠᠩ ᠢ᠋ᠶ᠋ᠠᠨ ᠡᠢᠮᠦᠷᠬᠦ ᠢᠳᠡᠳᠡᠭ ᠪᠣᠯ ᠤᠤ ᠭᠡᠬᠦ ᠰᠢᠭ ᠰᠠᠨᠠᠭᠳᠠᠨ᠎ᠠ᠃ ᠫᠦ ᠵᠢᠩ᠂ ᠳ᠋ᠠᠨᠽᠠᠨ ᠢ᠋ ᠡᠢᠨᠬᠦ ᠠᠶᠠᠭᠦᠢᠬᠡᠨ ᠠᠵᠢᠬᠤ ᠪᠣᠯᠪᠠᠴᠤ ᠶᠡᠬᠡ ᠮᠢᠬ᠎ᠠ ᠢᠳᠡᠭᠰᠡᠨ ᠡᠴᠡ ᠪᠣᠯᠤᠨ ᠯᠠᠪ ᠡᠪᠡᠳᠴᠢᠨ ᠣᠯᠤᠨ᠎ᠠ ᠪᠠᠢᠬᠤ ᠭᠡᠵᠦ ᠰᠡᠳᠬᠢᠯ ᠵᠣᠪᠠᠨ᠎ᠠ᠃ 
       — ᠠᠢ᠂ ᠴᠢ ᠡᠢᠮᠦ ᠶᠡᠬᠡ ᠮᠢᠬ᠎ᠠ ᠢᠳᠡᠵᠦ ᠶᠠᠭᠠᠬᠢᠵᠤ ᠪᠣᠯᠬᠤ ᠪᠣᠢ! ᠮᠠᠢ ᠮᠠᠨᠲᠠᠤ ᠢᠳᠡ ᠭᠡᠪᠡ᠃  
       ᠳ᠋ᠠᠨᠽᠠᠨ᠄ ᠵᠦᠭᠡᠷ! ᠭᠡᠵᠦ ᠠᠵᠢᠭ ᠦᠭᠡᠢ ᠬᠠᠷᠢᠭᠤᠯᠤᠨ ᠴᠠᠭᠠᠰᠢ ᠢᠳᠡᠨ᠎ᠡ᠃ ᠲᠡᠭᠦᠨ ᠢ᠋ ᠠᠵᠢᠬᠤ ᠳ᠋ᠤ᠌ ᠪᠦᠷ ᠰᠦᠷ ᠲᠡᠢ᠂ ᠨᠢᠳᠦ ᠨᠢ ᠰᠥᠨᠢ ᠶ᠋ᠢᠨ ᠭᠠᠯ ᠤ᠋ᠨ ᠭᠡᠷᠡᠯ ᠳ᠋ᠦ᠍ ᠭᠢᠯᠠᠯᠵᠠᠨ᠂ ᠰᠢᠲᠦ ᠨᠢ ᠳᠠᠪ ᠶᠠᠪ ᠳᠤᠤᠭᠠᠷᠤᠨ ᠠᠪᠤᠯᠴᠠᠵᠤ᠂ ᠵᠠᠷᠢᠮ ᠳ᠋ᠠᠭᠠᠨ ᠬᠡᠢ ᠬᠠᠪᠢᠷᠤᠯᠳᠤᠨ᠎ᠠ᠃ ᠦᠯᠡᠳᠡᠭᠡᠰᠡ ᠮᠢᠬ᠎ᠠ ᠶ᠋ᠢ ᠳ᠋ᠠᠨᠽᠠᠨ ᠭᠠᠭᠴᠠᠭᠠᠷ ᠢ᠋ᠶ᠋ᠠᠨ ᠢᠳᠡᠵᠦ ᠳᠠᠭᠤᠰᠬᠠᠭᠠᠳ ᠱᠥᠯᠥ ᠶ᠋ᠢ ᠮᠥᠨ ᠭᠠᠭᠴᠠᠭᠠᠷ ᠤᠤᠭᠤᠨ ᠰᠠᠪᠠ ᠶ᠋ᠢ ᠬᠣᠭᠣᠰᠣᠯᠠᠪᠠ᠃ ᠡᠴᠦᠰ ᠲᠦ᠋ᠨᠢ ᠳ᠋ᠠᠨᠽᠠᠨ ᠲᠦᠷᠦᠭᠦᠴᠢ ᠶ᠋ᠢᠨ ᠢ᠋ᠶ᠋ᠡᠨ ᠣᠷᠬᠢᠭᠰᠠᠨ ᠬᠣᠭᠣᠰᠣᠨ ᠶᠠᠰᠤ ᠶ᠋ᠢ ᠡᠭᠡᠭᠦᠯᠦᠨ ᠠᠪᠴᠤ ᠮᠡᠷᠡᠬᠦ ᠳ᠋ᠡᠭᠡᠨ ᠬᠥᠩᠭᠡᠨ ᠨᠢᠮᠭᠡᠨ ᠶᠠᠰᠤ ᠶ᠋ᠢ ᠨᠢ ᠳᠡᠰ ᠨᠢᠰ ᠪᠠᠭᠤᠯᠭᠠᠨ ᠬᠠᠵᠠᠨ᠎ᠠ᠃ 
       ᠣᠯᠠᠨ ᠬᠣᠨᠣᠭ ᠮᠢᠬᠠᠨ ᠤ᠋ ᠪᠠᠷ᠎ᠠ ᠬᠠᠷᠠᠭ᠎ᠠ ᠦᠭᠡᠢ ᠢᠳᠡᠷ ᠮᠣᠩᠭᠣᠯ ᠡᠷ᠎ᠡ ᠲᠠᠤᠯᠠᠢ ᠶ᠋ᠢᠨ ᠮᠢᠬᠠᠨ ᠳᠡᠭᠡᠷ᠎ᠡ ᠡᠢᠮᠦ ᠪᠠᠢᠯ᠎ᠠ᠃ ᠬᠠᠪᠢᠷᠭᠠᠨ ᠤ᠋ ᠲᠣᠯᠣᠭᠠᠢ ᠶ᠋ᠢ ᠪᠣᠯᠪᠠᠴᠤ ᠬᠡᠮᠬᠡ ᠪᠤᠲᠠ ᠮᠠᠷᠠᠨ ᠳᠠᠭᠤᠰᠤᠮᠠᠭᠴᠠ ᠪᠦᠬᠦ ᠪᠡᠶ᠎ᠡ ᠰᠤᠯᠠᠷᠠᠨ ᠬᠣᠶᠠᠷ ᠨᠢᠳᠦ ᠨᠢ ᠥᠪᠡᠷ ᠦ᠋ᠨ ᠡᠷᠬᠡ ᠦᠭᠡᠢ ᠠᠨᠢᠯᠳᠤᠨ᠎ᠠ᠃ ᠬᠢᠲᠠᠳ ᠨᠥᠬᠥᠷ ᠨᠢ ᠴᠦ᠍ ᠥᠭᠡᠷ᠎ᠡ ᠴᠦ᠍ ᠦᠭᠡᠢ ᠲᠠᠤᠯᠠᠢ ᠶ᠋ᠢᠨ ᠮᠢᠬᠠᠨ ᠳ᠋ᠤ᠌ ᠴᠣᠬᠢᠭᠳᠠᠬᠤ ᠠᠵᠢ᠃ ᠰᠠᠶᠢᠬᠠᠨ ᠠᠰᠠᠭᠠᠭᠰᠠᠨ ᠶᠠᠩᠵᠤᠤᠷ ᠢ᠋ᠶ᠋ᠠᠨ ᠳᠥᠩᠭᠡᠵᠦ ᠲᠠᠯ᠎ᠠ ᠳ᠋ᠤᠨᠢ ᠣᠷᠣᠭᠤᠯᠤᠭᠠᠳ᠄ 
       — ᠤᠨᠲᠠᠶ᠎ᠠ! ᠭᠡᠵᠦ ᠰᠤᠯᠠᠬᠠᠨ ᠢ᠋ᠶ᠋ᠠᠷ ᠥᠭᠦᠯᠡᠨ ᠬᠥᠨᠵᠢᠯᠡ ᠳᠡᠪᠢᠰᠬᠡᠷ ᠪᠦᠬᠦᠢ ᠡᠭᠦᠷᠭᠡ ᠤᠷᠤᠭᠤ ᠭᠠᠷ ᠰᠤᠩᠭᠠᠪᠠ᠃  
       ᠲᠩᠷᠢ ᠳ᠋ᠦ᠍ ᠦᠢ ᠲᠦᠮᠡᠨ ᠣᠳᠣᠳ ᠵᠠᠢ ᠵᠠᠪᠰᠠᠷ ᠦᠭᠡᠢ ᠭᠢᠯᠠᠯᠵᠠᠨ ᠪᠣᠢ ᠶ᠋ᠢᠨ ᠳᠣᠣᠷ᠎ᠠ ᠲᠡᠷᠡ ᠬᠣᠶᠠᠷ ᠨᠣᠬᠠᠢ ᠶ᠋ᠢᠨ ᠬᠡᠯᠡ ᠰᠢᠭ ᠭᠡᠵᠦ ᠬᠡᠯᠡᠭᠳᠡᠮ᠎ᠡ ᠨᠠᠷᠢᠨ ᠳᠡᠪᠢᠰᠬᠡᠷ ᠳᠡᠭᠡᠷ᠎ᠡ ᠪᠡᠶ᠎ᠡ ᠵᠡᠷᠭᠡᠴᠡᠨ ᠬᠡᠪᠲᠡᠵᠦ᠂ ᠳᠡᠭᠡᠷ᠎ᠡ ᠪᠡᠨ ᠪᠣᠷᠣ ᠳᠠᠭᠠᠷᠤᠨ ᠬᠥᠨᠵᠢᠯᠡ ᠮᠡᠲᠦ ᠶ᠋ᠢ ᠬᠠᠶᠠᠵᠠᠢ᠃ ᠡᠷᠭᠢᠨ ᠲᠣᠭᠣᠷᠢᠨ ᠳ᠋ᠤ᠌ ᠠᠨᠢᠷ ᠴᠢᠮᠡᠭᠡ ᠣᠭᠲᠣᠬᠠᠨ ᠴᠦ᠍ ᠦᠭᠡᠢ᠂ ᠵᠥᠪᠬᠡᠨ ᠲᠡᠷᠡ ᠬᠣᠶᠠᠷ ᠤ᠋ᠨ ᠰᠢᠷᠦᠭᠦᠨ ᠬᠤᠷᠬᠢᠷᠠᠯᠲᠠ ᠬᠣᠭᠣᠷᠣ ᠵᠠᠭᠤᠷ᠎ᠠ ᠪᠠᠨ ᠤᠷᠤᠯᠳᠤᠨ ᠦᠶ᠎ᠡ ᠦᠶ᠎ᠡ ᠵᠡᠷᠭᠡᠴᠡᠵᠦ᠂ ᠦᠶ᠎ᠡ ᠦᠶ᠎ᠡ ᠬᠣᠢᠨ᠎ᠠ ᠤᠷᠢᠳ ᠢ᠋ᠶ᠋ᠠᠨ ᠣᠷᠣᠨ ᠨᠢᠵᠢᠭᠢᠨᠡᠨ᠎ᠡ᠃ 
       ᠲᠠᠤᠯᠠᠢ ᠶ᠋ᠢᠨ ᠮᠢᠬ᠎ᠠ ᠪᠠᠷ ᠲᠡᠩᠬᠡᠯ ᠠᠪᠤᠭᠰᠠᠨ ᠠ᠋ᠴᠠ ᠬᠣᠢᠰᠢ ᠳᠥᠷᠪᠡᠨ ᠡᠳᠦᠷ ᠶᠠᠪᠤᠪᠠ᠃ ᠡᠨᠡ ᠵᠠᠭᠤᠷ᠎ᠠ ᠫᠦ ᠵᠢᠩ ᠥᠷᠯᠥᠭᠡ ᠡᠴᠡ ᠠᠪᠤᠨ ᠪᠦᠬᠦᠯᠢ ᠡᠳᠦᠷ ᠦ᠋ᠨ ᠡᠩ ᠢ᠋ᠶ᠋ᠡᠷ ᠰᠢ ᠳᠠᠭᠤᠯᠠᠬᠤ ᠪᠤᠶᠤ ᠲᠤᠩ ᠦᠭᠡᠢ ᠳ᠋ᠡᠭᠡᠨ ᠡᠯᠳᠡᠪ ᠢᠨᠢᠶᠡᠳᠦᠮ ᠲᠡᠢ ᠦᠯᠢᠭᠡᠷ ᠳᠣᠮᠣᠭ ᠶᠠᠷᠢᠵᠤ ᠶᠠᠪᠤᠯ᠎ᠠ᠃ ᠳ᠋ᠠᠨᠽᠠᠨ ᠬᠥᠮᠦᠨ ᠪᠣᠯᠤᠭᠰᠠᠭᠠᠷ ᠲᠣᠭᠣᠯᠤᠭ᠎ᠠ ᠦᠭᠡᠢ ᠰᠣᠨᠢᠨ ᠬᠠᠴᠢᠨ ᠢ᠋ ᠲᠤᠭᠤᠯᠤᠨ ᠰᠣᠨᠢᠷᠬᠠᠵᠤ ᠶᠠᠪᠤᠭ᠎ᠠ ᠭᠡᠵᠦ ᠪᠠᠶᠠᠷᠯᠠᠨ᠎ᠠ᠃ ᠦᠨᠡᠨ ᠳ᠋ᠡᠭᠡᠨ ᠴᠦ᠍ ᠲᠡᠢᠮᠦ ᠪᠥᠭᠡᠳ ᠳ᠋ᠠᠨᠽᠠᠨ ᠵᠠᠷᠢᠮ ᠨᠢᠭᠡᠨ ᠣᠨᠴᠠ ᠰᠣᠨᠢᠷᠬᠠᠭᠰᠠᠨ ᠢ᠋ᠶ᠋ᠠᠨ ᠣᠷᠣᠨ ᠨᠤᠲᠤᠭ ᠲᠤ ᠣᠴᠢᠭᠰᠠᠨ ᠬᠣᠢᠨ᠎ᠠ ᠪᠠᠨ ᠪᠤᠰᠤᠳ ᠲᠤ ᠰᠣᠨᠢᠷᠬᠠᠭᠤᠯᠬᠤ ᠶ᠋ᠢ ᠡᠷᠡᠮᠡᠯᠵᠡᠨ ᠰᠡᠳᠬᠢᠯ ᠳ᠋ᠡᠭᠡᠨ ᠪᠠᠢᠨ ᠪᠠᠢᠨ ᠲᠣᠭᠲᠠᠭᠠᠨ᠎ᠠ᠃ 
       ᠬᠡᠷᠪᠡ ᠲᠡᠳᠡ ᠰᠥᠨᠢ ᠣᠷᠣᠢ ᠪᠣᠯᠲᠠᠯ᠎ᠠ ᠶᠠᠪᠤᠪᠠᠯ ᠤᠰᠤ ᠲᠦᠯᠡᠰᠢ ᠬᠣᠶᠠᠷ ᠦᠭᠡᠢ ᠭᠠᠵᠠᠷ ᠬᠣᠨᠣᠬᠤ ᠪᠣᠯᠤᠨ᠎ᠠ ᠭᠡᠵᠦ ᠪᠣᠯᠭᠣᠮᠵᠢᠯᠠᠳᠠᠭ ᠪᠠᠢᠵᠠᠢ᠃ ᠨᠠᠷᠠ ᠵᠢᠷᠭᠠᠬᠤ ᠶ᠋ᠢᠨ ᠦᠶ᠎ᠡ ᠪᠡᠷ ᠮᠥᠨ ᠯᠡ ᠨᠢᠭᠡ ᠬᠣᠶᠠᠷ ᠲᠠᠯ᠎ᠠ ᠪᠠᠷ ᠬᠡᠳᠦᠨ ᠪᠣᠷᠣ ᠪᠤᠷᠭᠠᠰᠤ ᠲᠠᠢ ᠭᠣᠣᠯ ᠤᠷᠤᠭᠤ ᠣᠷᠣᠵᠤ ᠢᠷᠡᠨ ᠬᠥᠯ ᠲᠠᠲᠠᠪᠠ᠃ ᠣᠨᠴᠠ ᠶ᠋ᠢᠨ ᠬᠠᠢᠬᠤ ᠶᠠᠭᠤᠮ᠎ᠠ ᠲᠡᠳᠡᠨ ᠳ᠋ᠦ᠍ ᠦᠭᠡᠢ᠃ ᠵᠥᠪᠬᠡᠨ ᠭᠠᠯ ᠤ᠋ᠨ ᠲᠦᠯᠡᠰᠢ ᠪᠡᠯᠡᠳᠬᠡᠬᠦ᠂ ᠤᠮᠳᠠᠨ ᠤ᠋ ᠤᠰᠤ ᠠᠪᠤᠨ ᠪᠤᠴᠠᠯᠭᠠᠬᠤ ᠡᠨᠡ ᠬᠣᠶᠠᠷ ᠪᠢᠯᠡ᠃ ᠡᠭᠦᠨᠴᠡ ᠭᠠᠳᠠᠨ᠎ᠠ ᠢᠳᠡᠬᠦ ᠮᠠᠨᠲᠠᠤ᠂ ᠳᠠᠪᠤᠰᠤ ᠲᠠᠢ ᠨᠣᠭᠣᠭ᠎ᠠ᠂ ᠲᠠᠲᠠᠬᠤ ᠶᠠᠩᠵᠤᠤᠷ᠂ ᠵᠢᠷᠤᠬᠤ ᠴᠦᠳᠠᠨᠵᠡ ᠬᠠᠷᠠᠬᠠᠨ ᠳᠠᠭᠤᠰᠤᠭ᠎ᠠ ᠦᠭᠡᠢ ᠪᠠᠢᠭ᠎ᠠ ᠳ᠋ᠤ᠌ ᠰᠡᠳᠬᠢᠯ ᠠᠮᠤᠷ ᠵᠢᠮᠤᠷ ᠠᠵᠢ᠃ ᠳᠠᠭᠤᠰᠬᠤ ᠪᠠᠷ ᠴᠣᠬᠣᠮ ᠶᠠᠭᠤ ᠪᠣᠯᠬᠤ ᠶ᠋ᠢ ᠬᠣᠶᠠᠭᠤᠯᠠ ᠪᠠᠨ ᠦᠯᠦ ᠪᠣᠳᠣᠬᠤ ᠪᠥᠭᠡᠳ ᠡᠭᠦᠪᠡᠷ ᠢ᠋ᠶ᠋ᠡᠨ ᠲᠡᠳᠡ ᠶᠣᠰᠣᠲᠠᠢ ᠡᠨᠡ ᠳᠡᠯᠡᠬᠡᠢ ᠳ᠋ᠦ᠍ ᠡᠩᠬᠡ ᠠᠮᠤᠭᠤᠯᠠᠩ ᠢ᠋ ᠡᠳ᠋ᠯᠡᠭᠴᠢᠳ ᠪᠣᠯᠵᠠᠢ᠃ ᠬᠣᠶᠠᠷ ᠵᠡᠷᠭᠡ ᠭᠠᠷ ᠬᠥᠳᠡᠯᠦᠨ ᠥᠨᠳᠥᠷ ᠦᠨ᠎ᠡ ᠲᠡᠢ ᠴᠢᠭ ᠰᠠᠢᠬᠠᠨ ᠪᠤᠷᠭᠠᠰᠤ ᠨᠤᠭᠤᠳ ᠢ᠋ ᠬᠠᠢᠷ᠎ᠠ ᠨᠠᠢᠷ ᠦᠭᠡᠢ ᠬᠢᠳᠤᠨ ᠣᠭᠲᠣᠴᠢᠵᠤ ᠮᠠᠰᠢ ᠲᠣᠮᠣ ᠭᠠᠯ ᠲᠦᠯᠡᠪᠡ᠃ ᠡᠷᠭᠢᠨ ᠲᠣᠭᠣᠷᠢᠨ ᠳ᠋ᠤ᠌ ᠪᠠᠷ᠎ᠠ ᠨᠢ ᠬᠠᠷᠠᠭᠳᠠᠵᠤ ᠪᠠᠢᠭ᠎ᠠ ᠲᠣᠰᠬᠣᠨ ᠨᠤᠭᠤᠳ ᠪᠢᠰᠢᠭᠦᠢ ᠪᠠᠢᠭ᠎ᠠ ᠪᠣᠯᠪᠠᠴᠤ᠂ ᠪᠤᠷᠭᠠᠰᠤᠨ ᠤ᠋ ᠲᠤᠬᠠᠢ ᠭᠦᠶᠦᠨ ᠢᠷᠡᠬᠦ ᠬᠥᠮᠦᠨ ᠠᠯᠠᠭ᠎ᠠ᠃ ᠦᠳᠡᠰᠢ ᠰᠥᠨᠢ ᠭᠠᠯ ᠣᠷᠴᠢᠨ ᠤ᠋ ᠬᠥᠮᠦᠰ ᠦ᠋ᠨ ᠨᠢᠳᠤᠨ᠎ᠡ ᠲᠤᠰᠬᠤ ᠪᠣᠯᠪᠠᠴᠤ ᠡᠨᠳᠡᠬᠢ ᠶ᠋ᠢᠨ ᠬᠢᠨ ᠲᠡᠷᠡ ᠬᠣᠶᠠᠷ ᠢ᠋ ᠬᠡᠳᠦᠢᠨ ᠬᠠᠷᠠᠨ ᠫᠤᠤ ᠵᠡᠪᠰᠡᠭ ᠲᠡᠢ ᠴᠡᠷᠢᠭ ᠦ᠋ᠨ ᠬᠥᠮᠦᠰ ᠭᠡᠵᠦ ᠣᠢᠯᠠᠭᠠᠵᠠᠢ᠃  
       ᠲᠡᠳᠡ ᠴᠡᠷᠢᠭ ᠦ᠋ᠨ ᠬᠥᠮᠦᠰ ᠡᠴᠡ ᠤᠬᠠᠭᠠᠨ ᠦᠭᠡᠢ ᠠᠶᠤᠨ᠎ᠠ᠃《ᠴᠡᠷᠢᠭ ᠪᠣᠯ ᠳᠠᠷᠤᠢ ᠠᠯᠠᠨ ᠬᠢᠳᠤᠭᠴᠢ᠂ ᠪᠤᠯᠢᠶᠠᠨ ᠠᠪᠤᠭᠴᠢ᠂ ᠴᠡᠷᠢᠭ ᠳᠡᠭᠡᠷᠡᠮᠴᠢᠨ ᠬᠣᠶᠠᠷ ᠢᠵᠢᠯᠢ ᠳ᠋ᠡᠭᠡᠨ ᠢᠵᠢᠯ᠂ ᠢᠯᠭᠠᠭ᠎ᠠ ᠨᠢ ᠭᠡᠪᠡᠯ ᠨᠡᠷ᠎ᠡ ᠨᠢ ᠯᠡ ᠥᠭᠡᠷ᠎ᠡ》 ᠭᠡᠵᠦ ᠬᠢᠲᠠᠳ ᠤ᠋ᠨ ᠠᠷᠠᠳ ᠢᠷᠭᠡᠨ ᠪᠦᠬᠦᠨ ᠦᠵᠡᠨ᠎ᠡ᠃ ᠦᠨᠡᠨ ᠳ᠋ᠡᠭᠡᠨ ᠴᠦ᠍ ᠲᠡᠢᠮᠦ ᠪᠠᠢᠯ᠎ᠠ᠃ 
       ᠫᠦ ᠵᠢᠩ᠂ ᠳ᠋ᠠᠨᠽᠠᠨ ᠬᠣᠶᠠᠷ ᠤᠤᠭᠤᠬᠤ ᠤᠰᠤ ᠪᠠᠨ ᠪᠤᠴᠠᠯᠭᠠᠵᠤ ᠠᠪᠤᠭᠠᠳ ᠠᠶᠠᠭᠠᠨ ᠤ᠋ ᠪᠠᠨ ᠬᠢᠴᠡᠨ ᠳ᠋ᠦ᠍ ᠣᠷᠣᠪᠠ᠃ ᠭᠡᠲᠡᠯ᠎ᠡ ᠭᠡᠳᠡᠰᠦ ᠴᠠᠳᠬᠤ ᠶᠠᠭᠠᠬᠢᠭ᠎ᠠ ᠴᠤ᠌ ᠦᠭᠡᠢ ᠪᠠᠢᠬᠤ ᠳ᠋ᠤ᠌ ᠬᠡᠷᠡᠭ ᠪᠢᠰᠢ ᠪᠣᠯᠪᠠ᠃ ᠳ᠋ᠠᠨᠽᠠᠨ ᠤᠭᠤᠲᠠᠨ ᠤ᠋ ᠠᠮᠠ ᠤᠷᠤᠭᠤ ᠭᠠᠷ ᠣᠷᠣᠭᠤᠯᠤᠨ ᠢᠷᠣᠭᠠᠷ ᠢ᠋ ᠨᠢ ᠲᠡᠮᠲᠡᠷᠢᠨ᠄  
       — ᠬᠠᠷ᠎ᠠ᠂ ᠮᠠᠨᠲᠠᠤ ᠳᠠᠭᠤᠰᠤᠭᠰᠠᠨ ᠭᠡᠵᠢ ᠤᠤ? ᠭᠡᠵᠦ ᠭᠠᠷ ᠲᠠᠭᠠᠨ ᠪᠠᠷᠢᠭᠳᠠᠭᠰᠠᠨ ᠡᠴᠦᠰ ᠦ᠋ᠨ ᠲᠠᠯ᠎ᠠ ᠮᠠᠨᠲᠠᠤ ᠶ᠋ᠢ ᠳᠣᠣᠷ᠎ᠠ ᠨᠢ ᠣᠷᠬᠢᠨ ᠭᠠᠷ ᠢ᠋ᠶ᠋ᠠᠨ ᠬᠣᠢᠰᠢ ᠲᠠᠲᠠᠪᠠ᠃ ᠫᠦ ᠵᠢᠩ᠄ 
       — ᠶᠠᠭᠤ? ᠭᠡᠵᠦ ᠨᠢᠳᠦ ᠪᠡᠨ ᠲᠣᠮᠣ ᠪᠣᠯᠭᠠᠨ ᠤᠭᠤᠲᠠ ᠶ᠋ᠢ ᠭᠠᠳᠠᠨ᠎ᠠ ᠠ᠋ᠴᠠ ᠨᠢ ᠪᠠᠷᠢᠵᠤ ᠦᠵᠡᠭᠡᠳ ᠮᠥᠨ ᠯᠡ《ᠬᠠᠶ᠎ᠠ!》 ᠭᠡᠵᠦ ᠳᠠᠭᠤᠨ ᠠᠯᠳᠠᠪᠠ᠃ 
       ᠳ᠋ᠠᠨᠽᠠᠨ ᠳᠠᠪᠤᠰᠤ ᠲᠠᠢ ᠨᠣᠭᠣᠭ᠎ᠠ ᠪᠠᠷ ᠰᠡᠳᠬᠢᠯ ᠢ᠋ᠶ᠋ᠡᠨ ᠬᠠᠭᠤᠷᠬᠤ ᠭᠡᠵᠦ ᠲᠡᠭᠦᠨ ᠤᠷᠤᠭᠤ ᠬᠠᠨᠳᠤᠭᠰᠠᠨ ᠢ᠋ᠶ᠋ᠠᠨ ᠮᠥᠨ ᠳᠠᠭᠤᠰᠴᠤ ᠪᠠᠢᠭ᠎ᠠ ᠶ᠋ᠢ ᠬᠠᠷᠠᠨ᠄ 
       — ᠨᠣᠭᠣᠭ᠎ᠠ ᠴᠤ᠌ ᠳᠠᠭᠤᠰᠤᠯ᠎ᠠ ᠭᠡᠳ ᠰᠠᠨᠠᠭ᠎ᠠ ᠠᠯᠳᠠᠪᠠ᠃ 
       ᠫᠦ ᠵᠢᠩ《ᠠᠶ᠎ᠠ》 ᠭᠡᠵᠦ ᠳᠡᠭᠡᠭᠰᠢ ᠬᠠᠷᠠᠨ ᠨᠡᠪᠰᠡᠷᠡᠭᠰᠡᠨ ᠬᠠᠷ᠎ᠠ ᠡᠭᠦᠯᠡ ᠪᠡᠷ ᠪᠢᠲᠡᠭᠦᠦ ᠪᠦᠷᠬᠦᠭᠳᠡᠭᠰᠡᠨ ᠲᠩᠷᠢ ᠶ᠋ᠢ ᠨᠢᠭᠡ ᠰᠢᠷᠳᠡᠭᠡᠳ ᠳᠠᠷᠠᠭ᠎ᠠ ᠨᠢ ᠰᠠᠶᠢᠬᠠᠨ ᠳᠤᠮᠳᠠᠭᠤᠷ ᠨᠢ ᠣᠷᠣᠵᠤ ᠢᠷᠡᠭᠰᠡᠨ ᠲᠣᠰᠬᠣᠨ ᠢ᠋ ᠨᠢᠭᠡ ᠠᠵᠢᠭᠠᠳ ᠡᠴᠦᠰ ᠲᠦ᠋ᠨᠢ ᠫᠤᠤ ᠪᠠᠨ ᠬᠠᠷᠠᠨ᠄ 
       — ᠮᠢ ᠶᠥ ᠭᠤᠸᠠᠨ ᠰᠢ! ᠭᠡᠵᠦ ᠢᠨᠢᠶᠡᠨ ᠬᠡᠯᠡᠪᠡ᠃(ᠮᠢ ᠶᠦ ᠭᠤᠸᠠᠨ ᠰᠢ! ᠭᠡᠳᠡᠭ ᠪᠣᠯ《ᠬᠠᠮᠢᠶ᠎ᠠ ᠦᠭᠡᠢ!》 ᠭᠡᠰᠡᠨ ᠦᠭᠡ) 
       ᠳ᠋ᠠᠨᠽᠠᠨ ᠨᠥᠬᠥᠷ ᠦ᠋ᠨ ᠢ᠋ᠶ᠋ᠡᠨ ᠮᠢ ᠶᠦ ᠭᠤᠸᠠᠨ ᠰᠢ ᠭᠡᠰᠡᠨ ᠢ᠋ ᠬᠣᠭᠣᠰᠣᠨ ᠬᠣᠨᠣᠬᠤ ᠪᠣᠯᠵᠤ ᠪᠠᠢᠭ᠎ᠠ ᠳᠡᠭᠡᠷ᠎ᠡ ᠬᠡᠯᠡᠪᠡ ᠭᠡᠵᠦ ᠪᠣᠳᠣᠨ ᠰᠡᠳᠬᠢᠯ ᠠᠮᠠᠷᠠᠵᠤ᠄ ᠮᠢ ᠶᠦ ᠭᠤᠸᠠᠨ ᠰᠢ! ᠭᠡᠵᠦ ᠬᠠᠷᠢᠭᠤ ᠢᠨᠢᠶᠡᠮᠰᠦᠭᠯᠡᠭᠡᠳ ᠪᠢᠴᠢᠬᠠᠨ ᠬᠤᠪᠢᠩ ᠲᠠᠢ ᠬᠠᠯᠠᠭᠤᠨ ᠤᠰᠤ ᠶ᠋ᠢ ᠬᠡᠨᠡᠭ ᠦᠭᠡᠢ ᠣᠭᠣᠴᠢᠨ ᠤᠤᠭᠤᠪᠠ᠃ ᠴᠣᠬᠣᠮ ᠶᠠᠮᠠᠷ ᠭᠠᠵᠠᠷ ᠢᠷᠡᠭᠡᠳ ᠪᠠᠢᠭ᠎ᠠ ᠪᠠᠨ ᠪᠠᠷᠤᠭᠴᠠᠭᠠᠯᠠᠵᠤ ᠪᠠᠢᠭ᠎ᠠ ᠪᠥᠭᠡᠳ— ᠮᠠᠷᠭᠠᠰᠢ ᠪᠢᠳᠡ ᠵᠠᠩᠴᠢᠬᠦᠦ ᠣᠷᠣᠨ᠎ᠠ ᠭᠡᠬᠦ ᠳ᠋ᠦ᠍ ᠫᠦ ᠵᠢᠩ᠄ ᠲᠡᠭᠡᠪᠡᠯ ᠣᠳᠣ ᠤᠨᠲᠠᠵᠤ ᠮᠠᠷᠭᠠᠰᠢ ᠡᠷᠲᠡ ᠣᠷᠣᠶ᠎ᠠ ᠭᠡᠯ᠎ᠡ᠃ ᠡᠨᠡ ᠦᠭᠡ ᠶ᠋ᠢ ᠳ᠋ᠠᠨᠽᠠᠨ ᠵᠥᠪᠰᠢᠶᠡᠷᠡᠪᠡ᠃ ᠭᠡᠪᠡᠴᠦ ᠲᠡᠳᠡᠨ ᠬᠡᠪᠲᠡᠩᠭᠦᠲᠡ ᠪᠡᠨ ᠲᠤᠰ ᠲᠤᠰ ᠤ᠋ᠨ ᠣᠷᠣᠨ ᠨᠤᠲᠤᠭ᠂ ᠬᠥᠮᠦᠨ ᠠᠮᠢᠲᠠᠨ ᠠᠵᠤ ᠠᠮᠢᠳᠤᠷᠠᠯ ᠤ᠋ᠨ ᠲᠤᠬᠠᠢ ᠬᠠᠷᠢᠯᠴᠠᠨ ᠬᠡᠯᠡᠯᠴᠡᠨ᠎ᠡ᠃ ᠫᠦ ᠵᠢᠩ ᠦ᠋ᠨ ᠨᠤᠲᠤᠭ ᠲᠢᠶᠠᠨᠵᠢᠨ ᠭᠡᠳᠡᠭ ᠬᠣᠲᠠ ᠶ᠋ᠢᠨ ᠣᠢᠷᠠᠯᠴᠠᠭ᠎ᠠ ᠪᠠᠢᠳᠠᠭ ᠨᠢᠭᠡᠨ ᠪᠢᠴᠢᠬᠠᠨ ᠬᠣᠲᠠ ᠭᠡᠨ᠎ᠡ᠃ ᠥᠪᠡᠷ ᠦ᠋ᠨ ᠣᠷᠣᠨ ᠨᠤᠲᠤᠭ᠂ ᠭᠠᠵᠠᠷ ᠰᠢᠷᠣᠢ᠂ ᠠᠭᠤᠷ ᠠᠮᠢᠰᠬᠤᠯ᠂ ᠲᠠᠷᠢᠶ᠎ᠠ ᠪᠤᠳᠠᠭ᠎ᠠ᠂ ᠵᠢᠮᠢᠰ ᠪᠠ ᠠᠪᠤ ᠡᠵᠢ᠂ ᠠᠬ᠎ᠠ ᠳᠡᠭᠦᠦ ᠨᠠᠷ᠂ ᠠᠮᠠᠷᠠᠭ ᠨᠥᠬᠥᠳ ᠲᠡᠷᠡ ᠪᠦᠭᠦᠳᠡ ᠶ᠋ᠢᠨ ᠢ᠋ᠶ᠋ᠡᠨ ᠲᠤᠬᠠᠢ ᠶᠠᠷᠢᠬᠤ ᠳ᠋ᠠᠭᠠᠨ ᠨᠢᠳᠦ ᠨᠢ ᠰᠡᠷᠭᠦᠨ ᠨᠣᠢᠷ ᠨᠢ ᠬᠤᠯᠵᠢᠬᠤ ᠪᠥᠭᠡᠳ ᠬᠠᠷᠢ ᠣᠷᠣᠨ ᠤ᠋ ᠬᠠᠲᠠᠭᠤ ᠰᠢᠷᠦᠭᠦᠨ ᠤᠯᠠᠷᠢᠯ ᠳ᠋ᠤ᠌ ᠭᠠᠵᠠᠷ ᠤ᠋ᠨ ᠬᠥᠮᠦᠨ ᠳ᠋ᠦ᠍ ᠰᠠᠨᠠᠭᠠᠨ ᠳ᠋ᠤ᠌ ᠪᠠᠭᠲᠠᠰᠢ ᠦᠭᠡᠢ ᠰᠠᠢᠨ ᠰᠠᠢᠬᠠᠨ ᠢ᠋ ᠪᠠᠬᠠᠳᠤᠨ ᠥᠭᠦᠯᠡᠨ᠎ᠡ᠃ ᠬᠠᠷᠢᠭᠤ ᠳ᠋ᠤᠨᠢ ᠳ᠋ᠠᠨᠽᠠᠨ ᠥᠪᠡᠷ ᠢ᠋ ᠪᠡᠨ ᠶᠠᠷᠢᠬᠤ ᠳ᠋ᠠᠭᠠᠨ ᠮᠥᠨ᠂ ᠮᠠᠭᠤ ᠮᠠᠭᠤᠬᠠᠢ ᠪᠠᠷ ᠪᠢᠰᠢ᠂ ᠰᠠᠯᠬᠢ ᠠᠳᠠᠯᠢ ᠬᠤᠷᠳᠤᠨ ᠮᠣᠷᠢᠳ᠂ ᠰᠦᠷᠡᠬᠡᠢ ᠬᠣᠯᠠ ᠶ᠋ᠢᠨ ᠠᠶᠠᠨ ᠵᠢᠩ ᠳ᠋ᠦ᠍ ᠶᠠᠪᠤᠳᠠᠭ ᠠᠲᠠᠨ ᠲᠡᠮᠡᠭᠡ᠂ ᠬᠠᠪᠤᠷ ᠴᠠᠭ ᠤ᠋ᠨ ᠮᠠᠯ ᠲᠥᠯᠯᠡᠯᠲᠡ᠂ ᠵᠤᠨ ᠴᠠᠭ ᠤ᠋ᠨ ᠴᠠᠭᠠᠨ ᠢᠳᠡᠭᠡ᠂ ᠡᠪᠦᠯ ᠴᠠᠭ ᠤ᠋ᠨ ᠲᠠᠷᠭᠤᠨ ᠮᠢᠬ᠎ᠠ ᠲᠡᠷᠡ ᠪᠦᠭᠦᠳᠡ ᠶ᠋ᠢ ᠶᠠᠷᠢᠬᠤ ᠳ᠋ᠤ᠌ ᠬᠠᠷᠢ ᠣᠷᠣᠨ ᠤ᠋ ᠬᠥᠮᠦᠨ᠄ ᠠᠢ ᠬᠠᠢ ᠮᠡᠳᠡᠬᠦ ᠦᠭᠡᠢ᠃ ᠬᠡᠷᠪᠡ ᠡᠨᠡ ᠪᠦᠬᠦᠨ ᠢ᠋ᠶ᠋ᠡᠷ ᠢ᠋ᠶ᠋ᠡᠨ ᠦᠨᠡᠨ ᠪᠣᠯ ᠮᠥᠨ ᠴᠦ᠍ ᠰᠣᠨᠢᠨ ᠭᠠᠵᠠᠷ ᠪᠠᠢᠬᠤ ᠨᠢ ᠠ᠋! ᠭᠡᠵᠦ ᠪᠣᠳᠣᠨ᠎ᠠ᠃  
       ᠰᠥᠨᠢ ᠳᠤᠮᠳᠠ ᠶ᠋ᠢᠨ ᠬᠢᠷᠢ ᠳ᠋ᠦ᠍ ᠶᠠᠷᠢᠶ᠎ᠠ ᠵᠣᠭᠰᠣᠨ ᠨᠠᠮ ᠭᠦᠮ ᠪᠣᠯᠪᠠ᠃ ᠳ᠋ᠠᠨᠽᠠᠨ ᠤ᠋ ᠢᠳᠡ ᠰᠠᠢᠬᠠᠨ ᠨᠣᠢᠷᠤᠨ ᠳ᠋ᠠᠭᠠᠨ ᠵᠤᠨ ᠤ᠋ ᠰᠠᠢᠬᠠᠨ ᠤᠯᠠᠷᠢᠯ ᠤ᠋ᠨ ᠠᠭᠤᠯᠠ ᠤᠰᠤ ᠶ᠋ᠢ ᠦᠵᠡᠨ ᠵᠡᠭᠦᠳᠦᠯᠡᠵᠦ ᠪᠠᠢᠬᠤ ᠳ᠋ᠤ᠌ ᠨᠢᠭᠡ ᠬᠥᠮᠦᠨ᠄《ᠪᠣᠰ ᠪᠣᠰ!》 ᠭᠡᠵᠦ ᠴᠣᠴᠢᠷ ᠰᠢᠪᠡᠨᠡᠨ ᠰᠡᠷᠡᠭᠡᠪᠡ᠃ ᠲᠣᠯᠣᠭᠠᠢ ᠳᠡᠭᠡᠭᠦᠷ ᠢ᠋ᠶ᠋ᠡᠨ ᠨᠥᠮᠥᠷᠦᠭᠰᠡᠨ ᠬᠥᠨᠵᠢᠯᠡ ᠶ᠋ᠢ ᠰᠡᠬᠦᠨ ᠬᠠᠷᠠᠬᠤ ᠳ᠋ᠤ᠌ ᠳᠡᠭᠡᠷᠡᠬᠢ ᠡᠭᠦᠯᠡ ᠠᠯᠢ ᠬᠡᠳᠦᠢᠨ ᠵᠠᠮᠬᠠᠷᠠᠵᠤ ᠮᠡᠴᠢᠳ ᠭᠢᠯᠠᠯᠵᠠᠨ᠎ᠠ᠃ ᠬᠠᠵᠠᠭᠤ ᠲᠡᠢᠰᠢ ᠬᠠᠷᠠᠪᠠᠯ ᠪᠠᠷᠠᠭᠤᠨ ᠭᠠᠷ ᠲᠠᠭᠠᠨ ᠤᠷᠲᠤ ᠫᠤᠤ ᠬᠥᠨᠳᠡᠯᠡᠨ ᠪᠠᠷᠢᠭᠰᠠᠨ᠂ ᠨᠠᠷᠢᠨ ᠤᠷᠲᠤ ᠳᠡᠪᠡᠯ᠂ ᠪᠢᠴᠢᠬᠠᠨ ᠲᠣᠭᠣᠷᠴᠣᠭ ᠮᠡᠲᠦ ᠶ᠋ᠢ ᠡᠮᠦᠰᠦᠭᠰᠡᠨ ᠬᠥᠮᠦᠨ ᠪᠠᠷᠠᠭᠤᠨ ᠠ᠋ᠴᠠ ᠲᠠᠰᠢᠭᠤ ᠲᠣᠰᠴᠤ ᠪᠠᠢᠭ᠎ᠠ ᠵᠢᠷᠭᠠᠷ ᠰᠠᠷᠠᠨ ᠤ᠋ ᠵᠢᠭᠠᠯ ᠰᠠᠷᠠᠯ ᠭᠡᠷᠡᠯ ᠳ᠋ᠦ᠍ ᠲᠣᠳᠣᠬᠠᠨ ᠦᠵᠡᠭᠳᠡᠨ᠎ᠡ᠃ ᠭᠡᠪᠡᠴᠦ ᠡᠨᠡ ᠬᠥᠮᠦᠨ ᠨᠥᠬᠥᠷ ᠨᠢ ᠪᠠᠢᠯ᠎ᠠ᠃  
       — ᠴᠢ ᠪᠣᠰ! ᠣᠳᠣ ᠶᠠᠪᠤᠶ᠎ᠠ ᠭᠡᠵᠦ ᠰᠢᠪᠡᠨᠡᠨ ᠫᠤᠤ ᠪᠠᠨ ᠳᠣᠷᠣᠭᠰᠢ ᠲᠠᠯᠪᠢᠨ ᠶᠠᠭᠤᠮ᠎ᠠ ᠪᠠᠨ ᠶᠠᠭᠠᠷᠠᠨ ᠡᠮᠬᠢᠯᠡᠪᠡ᠃ ᠳ᠋ᠠᠨᠽᠠᠨ ᠨᠥᠬᠥᠷ ᠦ᠋ᠨ ᠢ᠋ᠶ᠋ᠡᠨ ᠶᠠᠮᠠᠷ ᠨᠢᠭᠡ ᠭᠡᠮᠲᠦ ᠬᠡᠷᠡᠭ ᠦᠢᠯᠡᠳᠦᠭᠰᠡᠨ ᠢ᠋ ᠳᠣᠲᠣᠷ᠎ᠠ ᠪᠠᠨ ᠭᠠᠳᠠᠷᠯᠠᠨ ᠪᠣᠰᠤᠨ ᠬᠠᠷᠠᠢᠵᠤ᠂ ᠬᠣᠶᠠᠷ ᠮᠠᠭᠤ ᠱᠠᠬᠠᠢ ᠪᠠᠨ ᠡᠮᠦᠰᠪᠡ᠃  
       ᠡᠨᠡᠬᠡᠨ ᠵᠠᠭᠤᠷ᠎ᠠ ᠫᠦ ᠵᠢᠩ ᠪᠦᠬᠦ ᠶᠠᠭᠤᠮ᠎ᠠ ᠪᠠᠨ ᠴᠡᠭᠴᠡᠯᠡᠨ ᠡᠭᠦᠷᠭᠡᠨ ᠳ᠋ᠡᠭᠡᠨ ᠬᠢᠬᠦ ᠶ᠋ᠢ ᠨᠢ ᠬᠢᠵᠦ᠂ ᠪᠠᠭᠯᠠᠬᠤ ᠶ᠋ᠢ ᠨᠢ ᠪᠠᠭᠯᠠᠵᠤ ᠭᠦᠢᠴᠡᠭᠡᠳ ᠳ᠋ᠠᠨᠽᠠᠨ ᠤ᠋ ᠪᠣᠰᠬᠤ ᠳ᠋ᠤ᠌ ᠨᠢᠷᠤᠭᠤᠨ ᠳ᠋ᠤ᠌ ᠪᠠᠷᠢᠨ ᠡᠭᠦᠷᠦᠭᠦᠯᠵᠦ᠂ ᠥᠪᠡᠷ ᠢ᠋ᠶ᠋ᠡᠨ ᠲᠦᠷᠦᠭᠦᠯᠡᠨ ᠠᠯᠬᠤᠪᠠ᠃ ᠳ᠋ᠠᠨᠽᠠᠨ ᠬᠣᠢᠨ᠎ᠠ ᠠ᠋ᠴᠠ ᠨᠢ ᠵᠠᠭᠤᠷ᠎ᠠ ᠵᠠᠭᠤᠷ᠎ᠠ ᠭᠦᠶᠦᠨ ᠳ᠋ᠡᠭᠡᠨ ᠶᠠᠪᠤᠯ᠎ᠠ᠃ ᠬᠣᠭᠣᠷᠣᠨᠳᠣ ᠪᠠᠨ ᠦᠭᠡ ᠶᠠᠷᠢᠶᠠᠨ ᠦᠭᠡᠢ ᠶᠠᠪᠤᠭᠰᠠᠭᠠᠷ ᠨᠠᠷᠠ ᠭᠠᠷᠭᠠᠪᠠ᠃ ᠨᠢᠭᠡᠨ ᠲᠣᠮᠣᠬᠠᠨ ᠨᠢᠷᠤᠭᠤ ᠶ᠋ᠢᠨ ᠬᠠᠵᠠᠭᠤ ᠤᠷᠤᠭᠤ ᠣᠷᠣᠵᠤ ᠢᠷᠡᠭᠡᠳ᠂ ᠫᠦ ᠵᠢᠩ ᠰᠢᠩᠭᠡᠨ ᠤᠷᠭᠤᠭᠰᠠᠨ ᠬᠡᠰᠡᠭ ᠵᠡᠭᠡᠰᠦᠨ ᠳ᠋ᠦ᠍ ᠣᠷᠣᠪᠠ᠃ ᠳ᠋ᠠᠨᠽᠠᠨ ᠠᠷᠪᠠᠭᠠᠳ ᠠᠯᠬᠤᠮ ᠤ᠋ᠨ ᠬᠣᠢᠨ᠎ᠠ ᠶᠠᠪᠤᠭᠰᠠᠨ ᠢ᠋ᠶ᠋ᠠᠨ ᠭᠦᠢᠴᠡᠨ ᠣᠴᠢᠵᠤ᠂ ᠨᠢᠷᠤᠭᠤ ᠠ᠋ᠴᠠ ᠪᠠᠨ ᠡᠭᠦᠷᠭᠡ ᠪᠡᠨ ᠮᠤᠯᠲᠤᠯᠤᠨ ᠬᠠᠶᠠᠪᠠ᠃ ᠨᠥᠬᠥᠷ ᠦ᠋ᠨ ᠡᠮᠦᠰᠦᠭᠰᠡᠨ ᠬᠤᠪᠴᠠᠰᠤ ᠶ᠋ᠢ ᠠᠵᠢᠬᠤ ᠳ᠋ᠤ᠌᠄ ᠬᠠᠷ᠎ᠠ ᠬᠥᠬᠡ ᠥᠩᠭᠡ ᠶ᠋ᠢᠨ《ᠬᠤᠸᠠ ᠴᠢ》 ᠭᠡᠳᠡᠭ ᠨᠠᠷᠢᠨ ᠳᠠᠯᠢᠩᠪᠤᠤ ᠶ᠋ᠢᠨ ᠭᠠᠳᠠᠷ ᠲᠠᠢ ᠬᠥᠪᠥᠩ ᠲᠡᠢ ᠳᠡᠪᠡᠯ᠂ ᠪᠠᠭ᠎ᠠ ᠵᠡᠷᠭᠡ ᠬᠠᠭᠤᠴᠢᠷᠠᠭᠰᠠᠨ ᠬᠠᠷ᠎ᠠ ᠲᠣᠷᠭᠠᠨ ᠲᠣᠭᠣᠷᠴᠣᠭ᠂ ᠬᠠᠷ᠎ᠠ ᠬᠢᠯᠢᠩ ᠱᠠᠬᠠᠢ ᠠ᠋ᠴᠠ ᠡᠬᠢᠯᠡᠨ ᠳᠣᠲᠣᠭᠤᠷ ᠴᠠᠮᠴᠠ᠂ ᠥᠮᠥᠳᠥ ᠪᠦᠭᠦᠳᠡ ᠰᠣᠯᠢᠭᠳᠠᠭᠰᠠᠨ ᠪᠠᠢᠪᠠ᠃ ᠡᠪᠦᠷ ᠡᠴᠡ ᠪᠡᠨ ᠫᠦᠶᠠᠮᠪᠡᠷ ᠭᠡᠳᠡᠭ ᠳᠡᠭᠡᠳᠦ ᠴᠢᠨᠠᠷ ᠤ᠋ᠨ ᠴᠠᠭᠠᠨ ᠬᠠᠢᠷᠴᠠᠭ ᠲᠠᠢ ᠶᠠᠩᠵᠤᠤᠷ ᠭᠠᠷᠭᠠᠨ ᠨᠢᠭᠡ ᠥᠨᠴᠥᠭ ᠢ᠋ ᠵᠠᠳᠠ ᠲᠡᠳᠡᠨ ᠤᠷᠠᠭᠠᠳ᠂《ᠲᠡᠳᠡ!》 ᠭᠡᠵᠦ ᠳ᠋ᠠᠨᠽᠠᠨ ᠤ᠋ ᠡᠮᠦᠨ᠎ᠡ ᠪᠠᠷᠢᠨ ᠢᠨᠢᠶᠡᠮᠰᠦᠭᠯᠡᠪᠡ᠃ ᠳ᠋ᠠᠨᠽᠠᠨ ᠲᠠᠮᠠᠬᠢ ᠲᠠᠲᠠᠬᠤ ᠬᠦᠰᠡᠯ ᠦᠭᠡᠢ ᠪᠠᠢᠭᠰᠠᠨ ᠠ᠋ᠴᠠ ᠭᠠᠳᠠᠨ᠎ᠠ᠂ ᠲᠡᠷᠡ ᠶᠠᠩᠵᠤᠤᠷ ᠢ᠋ ᠶᠠᠮᠠᠷ ᠨᠢᠭᠡᠨ ᠪᠤᠵᠠᠷ ᠠᠷᠭ᠎ᠠ ᠪᠠᠷ ᠠᠪᠤᠭᠰᠠᠨ ᠢ᠋ ᠨᠢ ᠰᠠᠨᠠᠨ ᠵᠢᠭᠰᠢᠨ᠎ᠡ᠃  
       — ᠪᠢ ᠲᠠᠲᠠᠬᠤ ᠦᠭᠡᠢ ᠭᠡᠵᠦ ᠲᠣᠯᠣᠭᠠᠢ ᠰᠡᠭᠰᠦᠷᠦᠭᠡᠳ᠄ ᠴᠢ ᠡᠨᠡ ᠶᠠᠭᠤᠮᠠᠰ ᠢ᠋ ᠶᠠᠭᠠᠬᠢᠵᠤ ᠣᠯᠪᠠ? ᠭᠡᠬᠦ ᠳ᠋ᠦ᠍ ᠫᠦ ᠵᠢᠩ ᠨᠢᠳᠦ ᠢᠷᠮᠡᠨ ᠢᠨᠢᠶᠡᠮᠰᠦᠭᠯᠡᠵᠦ᠄ 
       — ᠪᠤᠯᠢᠶᠠᠭᠰᠠᠨ ᠶᠠᠭᠤᠮ᠎ᠠ ᠭᠡᠪᠡ᠃ 
       — ᠬᠡᠨ ᠡᠴᠡ? ᠭᠡᠬᠦ ᠳ᠋ᠦ᠍᠂ 
       — ᠲᠣᠰᠬᠣᠨ ᠤ᠋ ᠪᠠᠶᠠᠨ ᠠ᠋ᠴᠠ᠃  
       — ᠶᠠᠭᠠᠬᠢᠵᠤ? 
       — ᠪᠠᠢᠰᠢᠩ ᠤ᠋ᠨ ᠴᠣᠩᠬᠣ ᠪᠠᠷ ᠣᠷᠣᠨ ᠳᠠᠩᠵᠢᠶᠠᠳ ᠲᠤᠨᠢ ᠫᠤᠤ ᠲᠤᠯᠭᠠᠨ ᠠᠪᠤᠯ᠎ᠠ᠃ ᠡᠭᠦᠨᠴᠡ ᠴᠠᠭᠠᠰᠢ ᠴᠣᠬᠣᠮ ᠶᠠᠭᠤ ᠳᠤᠷ᠎ᠠ ᠲᠠᠢ ᠪᠠᠨ ᠠᠪᠴᠤ ᠪᠣᠯᠬᠤ ᠪᠠᠢᠪᠠ᠃ ᠭᠡᠪᠡᠴᠦ ᠪᠢ ᠳᠡᠭᠡᠷᠡᠮᠴᠢᠨ ᠪᠢᠰᠢ ᠪᠣᠯᠤᠭᠠᠳ ᠵᠥᠪᠬᠡᠨ ᠥᠪᠡᠷ ᠲᠡᠭᠡᠨ ᠬᠡᠷᠡᠭᠲᠡᠢ ᠯᠡ ᠶᠠᠭᠤᠮ᠎ᠠ ᠠᠪᠤᠯ᠎ᠠ ᠭᠡᠵᠦ ᠶᠠᠮᠠᠷ ᠴᠣ ᠨᠢᠭᠦᠯ ᠬᠢᠭᠡ ᠦᠭᠡᠢ ᠪᠠᠢᠳᠠᠯ ᠭᠠᠷᠭᠠᠯ᠎ᠠ᠃ 
       — ᠠᠢ᠂ ᠬᠥᠮᠦᠨ ᠦ᠌ ᠶᠠᠭᠤᠮ᠎ᠠ ᠶ᠋ᠢ ᠢᠩᠭᠢᠵᠦ ᠠᠪᠬᠤ ᠪᠣᠯ ᠮᠠᠰᠢ ᠮᠠᠭᠤᠬᠠᠢ! ᠭᠡᠬᠦ ᠳ᠋ᠦ᠍᠄ ᠫᠦ ᠵᠢᠩ ᠮᠢ ᠶᠦ ᠭᠤᠸᠠᠨ ᠰᠢ! ᠭᠡᠵᠦ ᠬᠥᠮᠥᠰᠬᠡ ᠵᠠᠩᠭᠢᠳᠤᠨ ᠤᠴᠠᠭᠠᠷᠯᠠᠭᠰᠠᠨ ᠢ᠋ᠶ᠋ᠠᠨ ᠰᠡᠳᠬᠢᠯ ᠵᠠᠰᠠᠨ ᠢᠨᠢᠶᠡᠮᠰᠦᠭᠯᠡᠵᠦ᠂ ᠤᠭ ᠬᠡᠷᠡᠭ ᠢ᠋ ᠬᠢᠬᠦ ᠡᠴᠡ ᠥᠭᠡᠷ᠎ᠡ ᠠᠷᠭ᠎ᠠ ᠦᠭᠡᠢ ᠪᠣᠯᠤᠭᠰᠠᠨ ᠢ᠋ᠶ᠋ᠠᠨ ᠶᠠᠷᠢᠪᠠ᠃ ᠡᠨᠡ ᠫᠦ ᠵᠢᠩ ᠥᠴᠥᠭᠡᠳᠦᠷ ᠬᠣᠨᠣᠬᠤ ᠭᠠᠵᠠᠷ ᠢ᠋ᠶ᠋ᠠᠨ ᠢᠷᠡᠬᠦ ᠵᠠᠮ ᠳ᠋ᠠᠭᠠᠨ ᠲᠣᠰᠬᠣᠨ ᠤ᠋ ᠣᠯᠠᠨ ᠵᠢᠵᠢᠭᠬᠡᠨ ᠰᠢᠪᠠᠷ ᠪᠠᠢᠰᠢᠩ ᠤ᠋ᠳ ᠤ᠋ᠨ ᠳᠤᠮᠳᠠᠬᠢ ᠪᠡᠬᠢ ᠪᠠᠲᠤ ᠬᠡᠷᠡᠮ ᠲᠡᠢ ᠬᠥᠬᠡ ᠲᠤᠢᠫᠤᠤ ᠶ᠋ᠢᠨ ᠪᠠᠢᠰᠢᠩ ᠪᠠᠢᠬᠤ ᠶ᠋ᠢ ᠠᠵᠢᠭᠰᠠᠨ ᠪᠠᠢᠪᠠ᠃ ᠦᠳᠡᠰᠢ ᠮᠠᠨᠲᠠᠤ ᠳᠠᠭᠤᠰᠬᠤ ᠶ᠋ᠢ ᠭᠡᠨᠡᠳᠲᠡ ᠮᠡᠳᠡᠬᠦ ᠳ᠋ᠦ᠍ ᠰᠡᠳᠬᠢᠯ ᠨᠢ ᠲᠤᠩ ᠠᠶ᠎ᠠ ᠦᠭᠡᠢ ᠪᠣᠯᠤᠭᠰᠠᠨ ᠪᠥᠭᠡᠳ ᠳᠡᠮᠡᠢ ᠳᠡᠭᠡᠭᠰᠢ ᠰᠢᠷᠳᠡᠬᠦ ᠳ᠋ᠦ᠍ ᠥᠭᠡᠳᠡ ᠡᠴᠡ ᠨᠢ ᠪᠦᠷᠬᠦᠭ ᠲᠩᠷᠢ᠄《ᠴᠢᠨᠦ ᠡᠨᠡ ᠠᠮᠢᠳᠤᠷᠠᠬᠤ ᠶ᠋ᠢ ᠬᠦᠰᠡᠵᠦ ᠶᠠᠪᠤᠭ᠎ᠠ ᠥᠨᠥ ᠶᠢᠷᠲᠢᠨᠴᠦ᠂ ᠦᠭᠡᠢᠷᠡᠨ ᠬᠣᠭᠣᠰᠣᠷᠠᠭᠰᠠᠨ ᠢ᠋ ᠡᠨᠡᠷᠢᠨ ᠲᠡᠳᠬᠦᠬᠦ ᠳᠡᠭᠡᠷ᠎ᠡ ᠪᠢᠰᠢ᠂ ᠬᠠᠷᠢᠨ ᠬᠠᠵᠠᠭᠤ ᠳ᠋ᠠᠭᠠᠨ ᠪᠠᠢᠭ᠎ᠠ ᠪᠦᠬᠦᠨ ᠢ᠋ ᠲᠣᠨᠣᠨ ᠮᠥᠯᠵᠢᠵᠦ ᠶᠠᠰᠤᠨ ᠳ᠋ᠠᠬᠢ ᠴᠢᠮᠥᠭᠡ ᠶ᠋ᠢ ᠨᠢ ᠬᠦᠷᠲᠡᠯ᠎ᠡ ᠰᠣᠷᠣᠨ ᠬᠥᠨᠳᠡᠢᠯᠡᠵᠦ ᠴᠢᠳᠠᠭᠰᠠᠨ ᠳ᠋ᠤ᠌ ᠯᠠ ᠵᠢᠷᠭᠠᠯ ᠤ᠋ᠨ ᠳᠡᠭᠡᠳᠦ ᠶ᠋ᠢ ᠯᠡ ᠡᠳ᠋ᠯᠡᠭᠦᠯᠳᠡᠭ ᠶᠦᠮ》 ᠭᠡᠬᠦ ᠰᠢᠭ ᠪᠣᠯᠵᠠᠢ᠃ ᠳᠠᠷᠠᠭ᠎ᠠ ᠨᠢ ᠫᠦ ᠵᠢᠩ᠄《ᠲᠡᠷᠡ ᠵᠢᠷᠭᠠᠯ ᠡᠳ᠋ᠯᠡᠭᠴᠢ ᠬᠠᠮᠢᠭ᠎ᠠ ᠪᠠᠢᠨ᠎ᠠ ᠪᠣᠢ》 ᠭᠡᠵᠦ ᠥᠪᠡᠷᠲᠡᠭᠡᠨ ᠠᠰᠠᠭᠤᠳᠠᠯ ᠲᠠᠯᠪᠢᠬᠤ ᠳ᠋ᠤ᠌ ᠳᠡᠷᠭᠡᠳᠡ ᠨᠢ ᠪᠠᠢᠭ᠎ᠠ ᠲᠣᠰᠬᠣᠨ ᠤ᠋ ᠬᠥᠬᠡ ᠲᠤᠢᠫᠤᠤ ᠶ᠋ᠢᠨ ᠪᠠᠢᠰᠢᠩ ᠤ᠋ᠨ ᠡᠵᠡᠨ ᠰᠠᠨᠠᠭᠠᠨ ᠳ᠋ᠤᠨᠢ ᠣᠷᠣᠭᠰᠠᠨ ᠪᠠᠢᠪᠠ᠃ ᠭᠡᠲᠡᠯ᠎ᠡ ᠫᠤᠤ ᠨᠢ ᠨᠢᠳᠦᠨ ᠳ᠋ᠦ᠍ᠨᠢ ᠲᠣᠰᠴᠤ ᠶᠠᠮᠠᠷ ᠨᠢᠭᠡ ᠬᠡᠢ ᠶᠠᠭᠤᠮ᠎ᠠ ᠰᠡᠳᠬᠢᠯ ᠢ᠋ ᠲᠡᠳᠡᠨ ᠳᠠᠭᠤᠳᠠᠭᠰᠠᠨ ᠢ᠋ᠶ᠋ᠠᠷ ᠫᠦ ᠵᠢᠩ᠄ ᠮᠢ ᠶᠦ ᠭᠤᠸᠠᠨ ᠰᠢ! ᠭᠡᠰᠡᠨ ᠠᠵᠢ᠃ ᠭᠡᠪᠡᠴᠦ ᠲᠡᠷᠡ ᠳᠠᠷᠤᠢ ᠳ᠋ᠠᠭᠠᠨ ᠠᠶᠤᠮᠰᠢᠭᠲᠤ ᠦᠢᠯᠡ ᠭᠢᠬᠦ ᠪᠡᠨ ᠡᠷᠬᠡᠯᠡᠭᠰᠡᠨ ᠵᠦᠢᠯ ᠦᠭᠡᠢ᠂ ᠭᠠᠭᠴᠠᠬᠠᠨ ᠰᠥᠨᠢ᠂ ᠳ᠋ᠠᠨᠽᠠᠨ ᠤ᠋ ᠣᠷᠣᠨ ᠨᠤᠲᠤᠭ ᠤ᠋ᠨ ᠢ᠋ᠶ᠋ᠠᠨ ᠲᠤᠬᠠᠢ ᠶᠠᠷᠢᠵᠤ ᠪᠠᠢᠭᠰᠠᠨ ᠢ᠋ᠶ᠋ᠠᠨ ᠳᠤᠲᠠᠭᠤ ᠬᠠᠶᠠᠨ ᠬᠤᠤᠬᠢᠷᠠᠮᠠᠭᠴᠠ ᠬᠣᠳᠣᠭᠣᠳᠣ ᠨᠢ ᠬᠣᠭᠣᠯᠠ ᠨᠡᠬᠡᠵᠦ ᠡᠬᠢᠯᠡᠭᠰᠡᠨ ᠦ᠌ ᠳᠡᠭᠡᠷ᠎ᠡ᠂ ᠮᠠᠷᠭᠠᠰᠢ ᠶ᠋ᠢᠨ ᠥᠯᠥᠰᠬᠦᠯᠡᠩ ᠤᠷᠢᠳᠴᠢᠯᠠᠨ ᠪᠣᠳᠣᠭᠳᠠᠵᠤ᠂ ᠥᠪᠡᠷ ᠦ᠋ᠨ ᠡᠷᠬᠡ ᠦᠭᠡᠢ ᠫᠤᠤ ᠪᠠᠨ ᠠᠪᠤᠨ ᠪᠣᠰᠤᠨ ᠬᠠᠷᠠᠢᠬᠤ ᠳ᠋ᠤ᠌ ᠬᠦᠷᠭᠡᠵᠡᠢ᠃ 
       ᠭᠠᠵᠠᠷ ᠤ᠋ᠨ ᠡᠵᠡᠨ ᠦ᠌ ᠬᠡᠷᠡᠮ ᠦ᠋ᠨ ᠳᠡᠭᠡᠭᠦᠷ ᠣᠷᠣᠬᠤ ᠳ᠋ᠤ᠌ ᠬᠥᠬᠡ ᠲᠤᠢᠫᠤᠤ ᠶ᠋ᠢᠨ ᠪᠠᠢᠰᠢᠩ ᠤ᠋ᠨ ᠣᠯᠠᠨ ᠴᠣᠩᠬᠣ ᠨᠤᠭᠤᠳ ᠤ᠋ᠨ ᠬᠣᠶᠠᠷ ᠨᠢ ᠭᠡᠷᠡᠯ ᠲᠡᠢ ᠪᠠᠢᠪᠠ᠃ ᠲᠡᠭᠦᠨ ᠦ᠌ ᠨᠢᠭᠡ ᠪᠡᠷ ᠰᠠᠮ ᠱᠠᠭᠠᠢᠵᠤ ᠳ᠋ᠤ᠌ ᠨᠠᠰᠤᠨ ᠳ᠋ᠤ᠌ ᠳᠠᠷᠤᠭᠳᠠᠭᠰᠠᠨ ᠡᠴᠡᠩᠬᠡᠢ ᠪᠡᠶ᠎ᠡ ᠲᠡᠢ ᠳᠠᠩᠵᠢᠶᠠᠳ ᠭᠠᠭᠴᠠᠭᠠᠷ ᠢ᠋ᠶ᠋ᠠᠨ ᠣᠷᠣᠨ ᠳᠡᠭᠡᠷ᠎ᠡ ᠬᠤᠴᠢᠭᠠᠰᠤᠲᠠᠢ᠂ ᠬᠠᠷ᠎ᠠ ᠲᠠᠮᠠᠬᠢ ᠲᠠᠲᠠᠵᠤ ᠪᠠᠢᠵᠠᠢ᠃ ᠫᠦ ᠵᠢᠩ ᠴᠣᠩᠬᠣ ᠶ᠋ᠢ ᠬᠡᠮᠬᠡ ᠴᠣᠬᠢᠨ ᠦᠰᠦᠷᠦᠨ ᠣᠷᠣᠵᠤ ᠫᠤᠤ ᠲᠤᠯᠭᠠᠭᠰᠠᠨ ᠠᠵᠢ᠃ ᠳᠠᠩᠵᠢᠶᠠᠳ《ᠠᠶ᠎ᠠ》 ᠭᠡᠵᠦ ᠮᠡᠲᠦ ᠠᠮᠠ ᠪᠠᠨ ᠠᠩᠭᠠᠢᠯᠭᠠᠨ ᠰᠢᠷᠲᠡᠭᠰᠡᠨ ᠢ᠋ᠶ᠋ᠡᠨ᠄《ᠠᠪ᠂ ᠠᠪ ᠶᠠᠭᠤ ᠳᠤᠷ᠎ᠠ ᠲᠠᠢ ᠪᠠᠨ ᠠᠪ》 ᠭᠡᠵᠦ ᠠᠷᠠᠢᠬᠠᠨ ᠬᠡᠯᠡᠭᠡᠳ ᠮᠥᠩᠭᠥᠨ ᠦ᠌ ᠪᠡᠨ ᠠᠪᠳᠠᠷ᠎ᠠ ᠶ᠋ᠢᠨ ᠲᠦᠯᠬᠢᠭᠦᠷ ᠢ᠋ᠶ᠋ᠡᠨ ᠭᠠᠷᠭᠠᠵᠤ ᠥᠭᠭᠦᠭᠡᠳ ᠮᠠᠭᠤᠵᠢᠷᠠᠨ ᠤᠨᠠᠭᠰᠠᠨ ᠭᠡᠨ᠎ᠡ᠃ 
       ᠫᠦ ᠵᠢᠩ ᠲᠡᠷᠡ ᠠᠶᠤᠮᠰᠢᠭᠲᠤ ᠦᠢᠯᠡ ᠪᠡᠨ ᠲᠡᠢᠮᠦ ᠠᠮᠠᠷᠬᠠᠨ ᠬᠢᠭᠰᠡᠨ ᠢ᠋ᠶ᠋ᠡᠷ ᠪᠠᠶᠠᠷ ᠬᠥᠷ ᠪᠣᠯᠭᠠᠨ ᠶᠠᠷᠢᠵᠤ᠂ ᠨᠠᠷᠢᠬᠠᠨ ᠳᠡᠪᠡᠯ ᠦ᠋ᠨ ᠲᠠᠰᠢᠶᠠᠨ ᠳ᠋ᠠᠬᠢ ᠤᠭᠤᠲᠠᠨ ᠡᠪᠦᠷ ᠲᠦ᠍ ᠲᠦᠩᠬᠡᠢᠲᠡᠯ᠎ᠡ ᠴᠢᠬᠢᠭᠰᠡᠨ ᠮᠥᠩᠭᠥᠨ ᠶᠠᠩᠴᠢᠶᠠᠨ ᠨᠤᠭᠤᠳ ᠢ᠋ ᠭᠠᠳᠠᠨ᠎ᠠ ᠠ᠋ᠴᠠ ᠨᠢ ᠪᠠᠷᠢᠯᠠᠨ ᠱᠠᠵᠢᠭᠢᠨᠠᠭᠤᠯᠤᠨ ᠳᠤᠤᠭᠠᠷᠭᠠᠵᠤ ᠪᠠᠢᠪᠠ᠃ ᠳ᠋ᠠᠨᠽᠠᠨ《ᠠᠶ᠎ᠠ》 ᠭᠡᠵᠦ ᠲᠣᠯᠣᠭᠠᠢ ᠰᠡᠭᠰᠦᠷᠦᠨ᠄ 
       — ᠴᠢᠮ᠎ᠠ ᠳ᠋ᠤ᠌ ᠬᠥᠮᠦᠨ ᠲᠡᠭᠡᠵᠦ ᠫᠤᠤ ᠳᠤᠯᠠᠭᠠᠨ ᠶᠠᠭᠤᠮ᠎ᠠ ᠶ᠋ᠢ ᠴᠢᠨᠢ ᠠᠪᠤᠪᠠᠯ ᠶᠠᠮᠠᠷ ᠪᠠᠢᠬᠤ ᠪᠣᠢ? ᠭᠡᠬᠦ ᠳ᠋ᠦ᠍ ᠫᠦ ᠵᠢᠩ᠄  
       — ᠲᠡᠭᠡᠪᠡᠯ ᠪᠢ ᠪᠠᠶᠠᠷᠯᠠᠨ᠎ᠠ ᠭᠡᠳ ᠬᠠ ᠬᠠ ᠢᠨᠢᠶᠡᠪᠡ᠃ 
       — ᠶᠠᠭᠠᠬᠢᠭᠠᠳ ᠲᠡᠷᠡ ᠪᠣᠢ? ᠭᠡᠬᠦ ᠳ᠋ᠦ᠍᠄ 
       — ᠬᠥᠮᠦᠨ ᠨᠠᠳᠠ ᠳ᠋ᠤ᠌ ᠮᠢᠩᠭ᠎ᠠ ᠳᠠᠬᠢᠨ ᠫᠤᠤ ᠲᠤᠯᠭᠠᠪᠠᠴᠤ ᠭᠠᠭᠴᠠ ᠡᠳᠦᠷ ᠦ᠋ᠨ ᠬᠣᠭᠣᠯᠠᠨ ᠤ᠋ ᠮᠥᠩᠭᠥ ᠣᠯᠬᠤ ᠦᠭᠡᠢ ᠪᠣᠯᠬᠣᠷ ᠲᠡᠷᠡ! ᠭᠡᠵᠦ ᠬᠠᠷᠢᠭᠤᠯᠪᠠ᠃ 
       — ᠲᠡᠭᠡᠪᠡᠯ ᠠᠪᠤ ᠶ᠋ᠢ ᠴᠢᠨᠢ ᠢᠩᠭᠢᠪᠡᠯ ᠶᠠᠭᠤ ᠪᠣᠯᠬᠤ ᠪᠣᠢ?  
       — ᠵᠦᠭᠡᠷ᠂ ᠮᠠᠨ ᠤ᠋ ᠠᠪᠤ ᠳᠠᠩᠵᠢᠶᠠᠳ ᠪᠢᠰᠢ ᠪᠦᠬᠦ ᠭᠡᠷ ᠪᠦᠯᠢ ᠪᠡᠷ ᠢ᠋ᠶ᠋ᠡᠨ ᠮᠥᠯᠵᠢᠭᠦᠯᠳᠡᠭ ᠬᠥᠮᠦᠨ ᠪᠣᠯᠬᠣᠷ ᠬᠥᠮᠦᠨ ᠮᠥᠨ ᠶᠠᠭᠤ ᠴᠦ᠍ ᠣᠯᠬᠤ ᠦᠭᠡᠢ ᠭᠡᠵᠦ ᠥᠪᠡᠷ ᠦ᠋ᠨ ᠢ᠋ᠶ᠋ᠡᠨ ᠶᠠᠳᠠᠭᠤ ᠬᠣᠭᠣᠰᠣᠨ ᠢ᠋ ᠭᠠᠢᠬᠠᠭᠤᠯᠤᠭᠰᠠᠨ ᠢ᠋ᠶ᠋ᠠᠨ᠄ ᠠᠢ ᠡᠨᠡ ᠬᠤᠪᠴᠠᠰᠤᠨ ᠤ᠋ ᠡᠵᠡᠨ ᠶᠡᠬᠡ ᠪᠠᠶᠠᠨ᠂ ᠡᠷᠭᠢᠨ ᠲᠣᠭᠣᠷᠢᠨ ᠤ᠋ ᠪᠠᠨ ᠬᠥᠮᠦᠰ ᠢ᠋ ᠬᠡᠳᠦᠨ ᠠᠷᠪᠠᠨ ᠵᠢᠯ ᠢ᠋ᠶ᠋ᠡᠷ ᠮᠥᠯᠵᠢᠭᠰᠡᠨ ᠪᠣᠢ ᠊ᠢ᠎ᠡ᠃ ᠢᠩᠭᠢᠬᠦ ᠪᠡᠷ ᠪᠢ ᠥᠪᠡᠷᠲᠡᠭᠡᠨ ᠬᠡᠷᠡᠭᠯᠡᠬᠦ ᠶ᠋ᠢ ᠠᠪᠬᠤ ᠪᠠᠢᠲᠤᠭᠠᠢ ᠪᠦᠬᠦ ᠶᠠᠭᠤᠮ᠎ᠠ ᠶ᠋ᠢ ᠨᠢ ᠮᠥᠯᠵᠢᠭᠳᠡᠭᠰᠡᠨ ᠣᠯᠠᠨ ᠬᠥᠮᠦᠨ ᠳ᠋ᠦ᠍ ᠳᠠᠷᠠᠭᠠᠨ ᠥᠭᠬᠦ ᠶᠣᠰᠣᠲᠠᠢ ᠭᠡᠵᠦ ᠴᠢᠷᠠᠢ ᠪᠠᠨ ᠲᠥᠪ ᠪᠣᠯᠭᠠᠨ ᠬᠡᠯᠡᠪᠡ᠃ ᠳ᠋ᠠᠨᠽᠠᠨ ᠪᠣᠯ ᠮᠥᠨ ᠮᠥᠯᠵᠢᠭᠳᠡᠭᠴᠢ ᠪᠥᠭᠡᠳ ᠠᠯᠢ ᠬᠠᠷ᠎ᠠ ᠪᠠᠭ᠎ᠠ ᠠ᠋ᠴᠠ ᠪᠠᠨ ᠪᠠᠶᠠᠴᠤᠳ ᠲᠤ ᠵᠠᠷᠤᠭᠳᠠᠨ ᠠᠷᠢᠭᠤᠨ ᠬᠥᠳᠡᠯᠮᠦᠷᠢ ᠪᠡᠨ ᠮᠥᠯᠵᠢᠭᠦᠯᠦᠭᠰᠡᠨ ᠬᠥᠮᠦᠨ ᠪᠢᠯᠡ᠃ ᠭᠡᠪᠡᠴᠦ ᠥᠰᠢᠨ ᠬᠣᠷᠣᠰᠬᠤ ᠶᠠᠭᠤ ᠴᠦ᠍ ᠦᠭᠡᠢ᠂ ᠬᠠᠷᠢᠨ ᠡᠭᠦᠷᠢᠳᠡ ᠮᠥᠯᠵᠢᠭᠳᠡᠵᠦ ᠪᠠᠢᠬᠤ ᠶ᠋ᠢ ᠬᠦᠰᠡᠬᠦ ᠮᠡᠲᠦ ᠮᠥᠯᠵᠢᠭᠴᠢ ᠪᠦᠷᠢ ᠶ᠋ᠢ ᠥᠨᠳᠥᠷ ᠬᠤᠪᠢ ᠵᠠᠶᠠᠭᠠᠲᠠᠨ ᠭᠡᠵᠦ ᠪᠢᠰᠢᠷᠡᠨ ᠦᠵᠡᠳᠡᠭ ᠲᠤᠯᠠ ᠫᠦ ᠵᠢᠩ ᠦ᠋ᠨ ᠦᠭᠡ ᠶ᠋ᠢ ᠵᠢᠭᠰᠢᠨ ᠡᠰᠡ ᠳᠤᠤᠭᠠᠷᠪᠠ᠃ ᠭᠡᠲᠡᠯ᠎ᠡ ᠫᠦ ᠵᠢᠩ ᠭᠡᠨᠡᠳᠲᠡ ᠬᠠᠷᠢᠶᠠᠯ ᠲᠠᠯᠪᠢᠨ ᠪᠣᠰᠤᠨ ᠬᠠᠷᠠᠢᠪᠠ᠃ ᠡᠭᠦᠷᠭᠡ ᠪᠡᠨ ᠵᠠᠳᠠ ᠲᠠᠲᠠᠭᠠᠳ ᠳᠡᠯ ᠰᠤᠯᠠ ᠰᠤᠮᠤ ᠨᠤᠭᠤᠳ ᠢ᠋ᠶ᠋ᠠᠨ ᠠᠳᠬᠤᠨ ᠳ᠋ᠠᠭᠠᠨ ᠠᠪᠴᠤ ᠨᠠᠭᠤᠷ ᠤᠷᠤᠭᠤ ᠰᠢᠳᠡᠪᠡ᠃ ᠰᠢᠳᠡᠭᠰᠡᠨ ᠰᠤᠮᠤ ᠨᠤᠭᠤᠳ ᠨᠢ ᠠᠭᠠᠷ ᠲᠤ ᠭᠠᠷᠬᠤ ᠲᠠᠢ ᠪᠠᠨ ᠵᠡᠷᠭᠡ ᠰᠢᠷᠬᠡᠭ ᠰᠢᠷᠬᠡᠭ ᠢ᠋ᠶ᠋ᠡᠷ ᠢ᠋ᠶ᠋ᠡᠨ ᠪᠤᠲᠠᠷᠠᠨ ᠳᠣᠷᠣᠭᠰᠢ ᠪᠠᠭᠤᠬᠤ ᠳ᠋ᠠᠭᠠᠨ ᠨᠠᠭᠤᠷ ᠤ᠋ᠨ ᠵᠠᠢᠷᠮᠠᠭ ᠮᠥᠰᠥ ᠶ᠋ᠢ ᠴᠥᠮᠥ ᠴᠥᠮᠥ ᠴᠣᠬᠢᠯᠠᠨ ᠳᠣᠷᠣᠭᠰᠢ ᠰᠢᠩᠭᠡᠵᠦ ᠣᠷᠣ ᠰᠤᠷᠠᠭ ᠦᠭᠡᠢ ᠪᠣᠯᠪᠠ᠃ ᠳᠠᠷᠠᠭ᠎ᠠ ᠨᠢ ᠫᠦ ᠵᠢᠩ《ᠬᠣᠣ ᠪᠠ!》 ᠭᠡᠳ ᠪᠦᠰᠡᠯᠡᠭᠰᠡᠨ ᠳ᠋ᠠᠢᠵᠠᠲᠠᠢ ᠰᠤᠮᠤ ᠪᠠᠨ ᠤᠭᠵᠠ ᠲᠡᠳᠡᠨ ᠠᠪᠴᠤ ᠮᠥᠨ ᠨᠠᠭᠤᠷ ᠲᠤ ᠴᠦᠯ ᠬᠢᠯᠭᠡᠪᠡ᠃ ᠫᠤᠤ ᠪᠠᠨ ᠪᠠᠰᠠ ᠰᠢᠲᠠᠯ᠎ᠠ᠃ ᠲᠡᠷᠡ ᠨᠢ ᠪᠦᠷ ᠬᠠᠷᠠᠮᠰᠠᠯᠲᠠᠢ ᠬᠦᠨᠳᠦ ᠪᠦᠷᠬᠦᠭᠡᠰᠦ ᠪᠡᠷ ᠢ᠋ᠶ᠋ᠡᠨ᠄ ᠫᠥᠯ ᠬᠢᠨ ᠤᠨᠠᠩᠭᠤᠲᠠ ᠪᠠᠨ ᠠᠮᠠ ᠪᠠᠷ ᠢ᠋ᠶ᠋ᠠᠨ ᠬᠡᠳᠦ ᠳᠠᠬᠢᠨ ᠳᠡᠯᠯᠡᠨ ᠣᠷᠣ ᠰᠤᠷᠠᠭ ᠦᠭᠡᠢ ᠪᠣᠯᠪᠠ᠃ 
       — ᠬᠠᠶ᠎ᠠ! ᠶᠠᠭᠠᠬᠢᠵᠤ ᠪᠠᠢᠭ᠎ᠠ ᠴᠢᠨᠢ ᠡᠨᠡ ᠪᠣᠢ? ᠭᠡᠵᠦ ᠳ᠋ᠠᠨᠽᠠᠨ ᠤ᠋ ᠪᠣᠰᠤᠨ ᠬᠠᠷᠠᠢᠬᠤ ᠳ᠋ᠤ᠌ ᠫᠦ ᠵᠢᠩ᠄ ᠲᠠᠴᠢᠭᠢᠨᠠᠲᠠᠯ᠎ᠠ ᠢᠨᠢᠶᠡᠨ᠂ 
       ᠎— ᠣᠳᠣ ᠪᠢ ᠥᠭᠡᠷ᠎ᠡ ᠵᠠᠮ ᠢ᠋ᠶ᠋ᠠᠷ ᠶᠠᠪᠤᠨ᠎ᠠ ᠭᠡᠳ ᠡᠭᠦᠷᠭᠡ ᠪᠡᠨ ᠰᠢᠭᠦᠷᠦᠨ ᠠᠪᠴᠤ ᠨᠢᠷᠤᠭᠤᠨ ᠳᠡᠭᠡᠷ᠎ᠡ ᠪᠡᠨ ᠬᠠᠶᠠᠨ ᠰᠢᠭᠤᠳ ᠶᠠᠪᠤᠯ᠎ᠠ᠃ ᠳ᠋ᠠᠨᠽᠠᠨ ᠭᠠᠢᠬᠠᠨ ᠠᠷᠤ ᠠ᠋ᠴᠠ ᠨᠢ ᠳᠠᠭᠠᠨ ᠶᠠᠪᠤᠪᠠ᠃《ᠥᠪᠡᠷ ᠢ᠋ ᠪᠡᠨ ᠬᠠᠶᠠᠭᠠᠳ ᠶᠠᠪᠤᠬᠤ ᠭᠡᠵᠦ ᠪᠠᠢᠨ᠎ᠠ ᠤᠤ?》 ᠭᠡᠵᠦ ᠪᠣᠳᠣᠬᠤ ᠳ᠋ᠤ᠌ ᠭᠦᠷᠦᠨ ᠠᠶᠤᠬᠤ ᠠᠵᠢ᠃ 
       — ᠦᠭᠡᠢ ᠴᠢ ᠶᠠᠭᠤᠨ ᠲᠤᠬᠠᠢ ᠶᠠᠮᠠᠷ ᠵᠠᠮ ᠢ᠋ ᠬᠡᠯᠡᠨ᠎ᠡ ᠪᠣᠢ? ᠭᠡᠬᠦ ᠳ᠋ᠦ᠍ ᠫᠦ ᠵᠢᠩ ᠢᠨᠢᠶᠡᠮᠰᠦᠭᠯᠡᠨ ᠡᠷᠭᠢᠵᠦ᠄ 
       — ᠬᠦᠩ ᠴᠠᠨ ᠳ᠋ᠠᠩ! ᠭᠡᠵᠦ ᠵᠣᠯᠪᠣᠭᠠᠯᠢᠭ ᠨᠢᠳᠦ ᠪᠡᠨ ᠭᠢᠯᠠᠯᠵᠠᠭᠤᠯᠤᠨ ᠬᠡᠯᠡᠪᠡ᠃ 
       — ᠶᠠᠭᠤ ᠪᠠᠢᠳᠠᠭ ᠶᠤᠮ ᠪᠣᠢ? 
       — ᠴᠢ ᠮᠡᠳᠡᠬᠦ ᠦᠭᠡᠢ ᠭᠡᠵᠦ ᠤᠤ? ᠬᠠᠷᠢᠭᠤ ᠬᠡᠯᠡᠨ ᠭᠠᠢᠬᠠᠨ ᠳᠣᠷᠣᠭᠰᠢ ᠰᠠᠭᠤᠵᠤ᠂ ᠭᠠᠵᠠᠷ ᠲᠡᠭᠰᠢᠯᠡᠨ ᠠᠯᠤᠬ᠎ᠠ ᠬᠠᠳᠤᠭᠤᠷ ᠪᠠᠷᠢᠭᠰᠠᠨ ᠬᠣᠶᠠᠷ ᠬᠥᠮᠦᠨ ᠢ᠋ ᠵᠡᠷᠭᠡᠴᠡᠭᠦᠯᠦᠨ ᠵᠢᠷᠤᠵᠤ ᠪᠠᠬᠠᠨ ᠶᠠᠭᠤᠮ᠎ᠠ ᠶᠠᠷᠢᠪᠠ᠃ ᠳ᠋ᠠᠨᠽᠠᠨ ᠲᠣᠯᠣᠭᠠᠢ ᠰᠡᠭᠰᠦᠷᠦᠨ《ᠪᠦ ᠳ᠋ᠦᠩ ᠳᠢ!》 ᠭᠡᠪᠡ᠃ 
       ᠫᠦ ᠵᠢᠩ᠄ 
       — ᠴᠢ ᠵᠠᠪᠠᠯ ᠣᠢᠯᠠᠭᠠᠬᠤ ᠬᠡᠷᠡᠭᠲᠡᠢ! ᠬᠦᠩ ᠴᠠᠨ ᠳ᠋ᠠᠩ ᠣᠷᠣᠰ ᠣᠷᠣᠨ ᠳ᠋ᠤ᠌ ᠪᠠᠢᠨ᠎ᠠ ᠭᠡᠳ ᠴᠠᠭᠠᠰᠢ ᠪᠠᠰᠠ ᠯᠠ ᠳ᠋ᠠᠨᠽᠠᠨ ᠤ᠋ ᠦᠯᠦ ᠮᠡᠳᠡᠬᠦ ᠬᠡᠯᠡ ᠨᠡᠯᠢᠶᠡᠳ ᠢ᠋ ᠣᠷᠣᠭᠤᠯᠤᠨ ᠪᠠᠬᠠᠨ ᠢ᠋ ᠶᠠᠷᠢᠪᠠ᠃ ᠳ᠋ᠠᠨᠽᠠᠨ ᠲᠣᠯᠣᠭᠠᠢ ᠰᠡᠭᠰᠦᠷᠦᠨ᠎ᠡ᠃ ᠫᠦ ᠵᠢᠩ ᠤᠷᠮ᠎ᠠ ᠬᠤᠭᠤᠷᠠᠬᠤ ᠪᠣᠯᠪᠠᠴᠤ ᠦᠨᠡᠬᠡᠷ ᠣᠢᠯᠠᠭᠠᠭᠤᠯᠬᠤ ᠶ᠋ᠢ ᠬᠢᠴᠢᠶᠡᠬᠦ ᠠᠵᠢ᠃《᠁ ᠬᠦᠩ ᠴᠠᠨ ᠳ᠋ᠠᠩ ᠣᠳᠣ ᠮᠠᠨ ᠤ᠋ ᠨᠤᠲᠤᠭ ᠲᠤ ᠪᠣᠢ ᠪᠣᠯᠵᠤ ᠪᠠᠢᠨ᠎ᠠ》 ᠭᠡᠬᠦ ᠰᠢᠭ᠂《᠁ ᠪᠢ ᠬᠠᠷᠢᠭᠠᠳ ᠬᠦᠩ ᠴᠠᠨ ᠳ᠋ᠠᠩ ᠪᠣᠯᠤᠨ᠎ᠠ᠁ ᠪᠢᠳᠡ ᠴᠡᠷᠢᠭ ᠦ᠋ᠨ ᠲᠣᠮᠣ ᠨᠣᠶᠠᠳ ᠪᠠᠶᠠᠴᠤᠳ ᠬᠣᠶᠠᠷ ᠢ᠋ ᠦᠭᠡᠢ ᠬᠢᠨ᠎ᠡ᠃ ᠶᠡᠷᠦ ᠨᠢ ᠪᠦᠬᠦ ᠳᠡᠯᠡᠬᠡᠢ ᠪᠡᠷ ᠢ᠋ᠶ᠋ᠡᠨ ᠬᠦᠩ ᠴᠡᠨ ᠳ᠋ᠠᠩ ᠳ᠋ᠤ᠌ ᠬᠠᠢᠷᠠᠲᠠᠢ ᠨᠥᠬᠥᠳ ᠪᠣᠯᠤᠨ᠎ᠠ》 ᠭᠡᠬᠦᠴᠢᠯᠡᠨ ᠶᠠᠷᠢᠬᠤ ᠳ᠋ᠤ᠌ ᠳ᠋ᠠᠨᠽᠠᠨ ᠣᠢᠯᠠᠭᠠᠭᠰᠠᠨ ᠵᠦᠢᠯ ᠶᠠᠭᠤ ᠴᠦ᠍ ᠦᠭᠡᠢ ᠪᠥᠭᠡᠳ ᠡᠴᠦᠰ ᠲᠦ᠋ᠨᠢ ᠰᠢᠭᠤᠳ ᠲᠡᠷᠡ ᠶᠠᠷᠢᠶᠠᠨ ᠠ᠋ᠴᠠ ᠰᠠᠯᠬᠤ ᠶ᠋ᠢᠨ ᠮᠥᠷᠦᠭᠡᠳᠦᠰᠦ ᠪᠣᠯᠤᠨ᠄ 
       — ᠠᠢ ᠰᠠᠢᠨ᠂ ᠪᠢ ᠣᠢᠯᠠᠭᠠᠯ᠎ᠠ ᠭᠡᠪᠡ᠃ ᠲᠡᠭᠡᠭᠡᠳ《ᠬᠦᠩ ᠴᠡᠨ ᠳ᠋ᠠᠩ》 ᠭᠡᠵᠦ ᠶᠠᠭᠤ ᠪᠣᠯᠬᠤ ᠶ᠋ᠢ ᠵᠦᠢᠯ ᠵᠦᠢᠯ ᠢ᠋ᠶ᠋ᠡᠷ ᠡᠷᠭᠢᠴᠡᠭᠦᠯᠦᠨ ᠳᠡᠮᠡᠢ ᠲᠣᠯᠣᠭᠠᠢ ᠪᠠᠨ ᠵᠣᠪᠠᠭᠠᠨ᠎ᠠ᠃ ᠫᠦ ᠵᠢᠩ ᠨᠢ ᠬᠦᠩ ᠴᠠᠨ ᠳ᠋ᠠᠩ ᠪᠣᠯᠬᠤ ᠭᠡᠵᠦ ᠶᠠᠪᠤᠭ᠎ᠠ ᠳ᠋ᠠᠭᠠᠨ ᠰᠡᠳᠬᠢᠯ ᠬᠥᠭᠡᠷᠦᠨ ᠬᠣᠯᠠ ᠬᠣᠯᠠ ᠭᠢᠰᠬᠢᠯᠡᠨ ᠶᠠᠪᠤᠨ᠎ᠠ᠃ ᠭᠡᠲᠡᠯ᠎ᠡ ᠴᠡᠷᠢᠭ ᠦ᠋ᠳ ᠦ᠋ᠨ ᠳᠤᠮᠳᠠ ᠭᠠᠷᠤᠭᠰᠠᠨ ᠨᠢᠭᠡ ᠳᠠᠭᠤᠤ ᠰᠠᠨᠠᠭᠠᠨ ᠳ᠋ᠤᠨᠢ ᠣᠷᠣᠵᠠᠢ᠃ 
          ᠮᠧᠢ ᠬᠤᠸᠠᠷ᠂ ᠮᠧᠢ ᠬᠤᠸᠠᠷ᠂  
          ᠮᠠᠨ ᠤ᠋ ᠮᠧᠢ ᠬᠤᠸᠠᠷ ᠰᠠᠢᠨ ᠤᠤ? 
          ᠥᠨᠥᠳᠥᠷ ᠪᠢ ᠡᠷᠡᠭᠦᠯ ᠮᠡᠨᠳᠦ  
          ᠡᠷᠴᠢᠲᠦ ᠰᠤᠮᠤᠨ ᠳ᠋ᠤ᠌ ᠣᠨᠣᠭᠳᠠᠭ᠎ᠠ ᠦᠭᠡᠢ 
          ᠠᠮᠢᠳᠤ ᠶ᠋ᠢᠨ ᠪᠠᠶᠠᠷ ᠡᠨᠡ ᠪᠠᠢᠨ᠎ᠠ ᠳᠠ᠂   
          ᠮᠧᠢ ᠬᠤᠸᠠᠷ᠂ ᠮᠧᠢ ᠬᠤᠸᠠᠷ! 
          ᠮᠠᠷᠭᠠᠰᠢ ᠶᠡᠷᠦ ᠶᠠᠭᠠᠬᠢᠬᠤ ᠪᠣᠯ? 
          ᠮᠠᠭᠠᠳ ᠪᠢ ᠠᠯᠠᠭᠳᠠᠨ᠎ᠠ ᠪᠣᠢ  
          ᠦᠬᠦᠬᠦ ᠴᠣᠬᠣᠮ ᠶᠠᠭᠤᠨ ᠤ᠋ ᠲᠥᠯᠥᠭᠡ?   
          ᠠᠯᠠᠯᠴᠠᠬᠤ ᠪᠠᠰᠠ ᠬᠡᠨ ᠦ᠌ ᠲᠥᠯᠥᠭᠡ?   
          ᠠᠢ ᠮᠧᠢ ᠬᠤᠸᠠᠷ᠂ ᠮᠧᠢ ᠬᠤᠸᠠᠷ!  
          ᠡᠨᠡ ᠰᠥᠨᠢ ᠪᠢ ᠵᠢᠭᠤᠲᠠᠨ᠎ᠠ᠃  
          ᠤᠴᠢᠷ ᠨᠢ ᠭᠡᠪᠡᠯ ᠬᠠᠢᠷᠠᠲᠤ ᠮᠢᠨᠢ 
          ᠠᠮᠢ ᠪᠡᠶ᠎ᠡ ᠶ᠋ᠢ ᠬᠠᠢᠷᠠᠯᠠᠬᠤ ᠳ᠋ᠠᠭᠠᠨ ᠪᠢᠰᠢ   
          ᠠᠶᠤᠨ ᠰᠦᠷᠳᠡᠭᠰᠡᠨ ᠦ᠌ ᠪᠦᠷ ᠪᠢᠰᠢ᠂ 
          ᠥᠭᠡᠷ᠎ᠡ ᠲᠡᠢᠨ᠂ ᠥᠭᠡᠷ᠎ᠡ ᠲᠡᠢᠨ᠂ 
          ᠡᠷᠬᠡ ᠴᠢᠯᠥᠭᠡᠨ ᠦ᠌ ᠰᠢᠷᠦᠭᠦᠨ ᠲᠡᠢᠨ᠂ 
          ᠦᠢ ᠣᠯᠠᠨ ᠢ᠋ ᠳᠠᠭᠤᠳᠠᠵᠤ ᠪᠠᠢᠨ᠎ᠠ᠃ 
          ᠡᠨᠳᠡ ᠡᠴᠡ ᠪᠡᠨ ᠪᠢ ᠲᠡᠨᠳᠡ ᠣᠴᠢᠨ᠎ᠠ᠂  
          ᠣᠴᠢᠨ᠎ᠠ ᠣᠴᠢᠨ᠎ᠠ ᠵᠠᠪᠠᠯ ᠣᠴᠢᠨ᠎ᠠ᠃   
          ᠡᠨᠡ ᠪᠣᠯ ᠮᠡᠨᠳᠦ ᠶ᠋ᠢᠨ ᠮᠡᠳᠡᠭᠡ 
          ᠠᠮᠢᠳᠤ ᠶᠠᠪᠤᠭ᠎ᠠ ᠪᠠᠶᠠᠷ ᠤ᠋ᠨ ᠴᠢᠮᠡᠭᠡ  
          ᠡᠷᠭᠢᠨ ᠠᠭᠤᠯᠵᠠᠬᠤ ᠡᠳᠦᠷ ᠪᠣᠯᠪᠠᠴᠤ  
          ᠢᠯᠠᠨ ᠳᠡᠢᠯᠬᠦ ᠳ᠋ᠦ᠍ ᠮᠢᠨᠢ ᠢᠲᠡᠭᠡᠭᠡᠷᠡᠢ!   
          ᠠᠢ ᠮᠧᠢ ᠬᠤᠸᠠᠷ ᠮᠧᠢ ᠬᠤᠸᠠᠷ ᠠ᠋!  
       ᠳᠠᠭᠤᠨ ᠤ᠋ ᠡᠴᠦᠰ ᠲᠦ᠍ ᠳ᠋ᠠᠨᠽᠠᠨ《ᠬᠣᠣ ᠸᠠ!》 ᠬᠠᠰᠬᠢᠷᠪᠠ᠃ ᠫᠦ ᠵᠢᠩ ᠲᠡᠭᠦᠨ ᠳ᠋ᠦ᠍ᠨᠢ ᠤᠷᠮᠠᠰᠢᠨ ᠬᠣᠭᠣᠯᠠᠢ ᠵᠠᠰᠠᠨ ᠳᠠᠬᠢᠨ ᠳᠠᠭᠤᠯᠠᠨ᠎ᠠ᠃ ᠠᠶᠠᠲᠠᠢᠬᠠᠨ ᠨᠢ ᠠᠷᠭ᠎ᠠ ᠦᠭᠡᠢ ᠳᠠᠭᠤᠯᠠᠨ ᠶᠠᠪᠤᠭᠰᠠᠨ ᠢ᠋ᠶ᠋ᠠᠨ ᠭᠡᠨᠡᠳᠲᠡ ᠲᠠᠰᠤᠯᠤᠨ《ᠲᠡᠮᠡᠭᠡ᠂ ᠲᠡᠮᠡᠭᠡ》 ᠭᠡᠵᠦ ᠵᠣᠭ ᠲᠤᠰᠪᠠ᠃ ᠦᠵᠡᠲᠡᠯ᠎ᠡ ᠤᠷᠢᠲᠤᠬᠠᠨ ᠲᠠᠯ᠎ᠠ ᠳ᠋ᠤᠨᠢ ᠨᠢᠭᠡ ᠲᠡᠮᠡᠭᠡ ᠬᠠᠵᠠᠭᠤᠯᠳᠠᠨ ᠬᠡᠪᠲᠡᠵᠦ ᠪᠠᠢᠯ᠎ᠠ᠃ 
       ᠬᠦᠷᠡᠯ ᠦ᠋ᠨ ᠰᠠᠬᠢᠭᠤᠰᠤᠲᠤ ᠤᠯᠠᠭᠠᠨ ᠠᠳᠠ ᠠᠵᠢ᠃ ᠪᠦᠬᠦ ᠲᠡᠮᠡᠭᠡ ᠨᠦ᠍ᠭᠦᠳ ᠦ᠋ᠨ ᠳᠣᠲᠣᠷ᠎ᠠ ᠬᠡᠳᠦᠨ ᠬᠣᠨᠣᠭ ᠤ᠋ᠨ ᠬᠦᠴᠦᠲᠡᠢ ᠦᠯᠡᠳᠡᠭᠰᠡᠨ ᠨᠢᠭᠡ ᠨᠢ ᠪᠥᠭᠡᠳ ᠳᠣᠷᠵᠢ ᠬᠦᠷᠡᠯ ᠬᠣᠶᠠᠷ ᠡᠭᠦᠪᠡᠷ ᠶᠠᠪᠤᠭᠰᠠᠨ ᠨᠢ ᠢᠯᠡᠷᠬᠡᠢ ᠪᠣᠯᠪᠠ᠃ 
       ᠳᠡᠷᠭᠡᠳᠡ ᠨᠢ ᠢᠷᠡᠵᠦ ᠦᠵᠡᠬᠦ ᠳ᠋ᠦ᠍ ᠠᠷᠤ ᠠ᠋ᠴᠠ ᠪᠠᠨ ᠬᠡᠳᠦ ᠳᠠᠬᠢᠨ ᠫᠤᠤᠳᠠᠭᠤᠯᠤᠨ ᠦᠬᠦᠭᠰᠡᠨ ᠠᠵᠢ᠃ ᠬᠠᠵᠠᠭᠤ ᠳ᠋ᠤᠨᠢ ᠬᠦᠷᠡᠯ ᠦ᠋ᠨ ᠭᠤᠲᠤᠯ ᠤ᠋ᠨ ᠢ᠋ᠶ᠋ᠠᠨ ᠲᠦᠷᠡᠢ ᠳ᠋ᠦ᠍ ᠨᠢᠭᠤᠨ ᠬᠠᠳᠠᠭᠠᠯᠠᠵᠤ ᠶᠠᠪᠤᠭᠰᠠᠨ ᠤᠢᠰᠤᠨ ᠡᠰᠢᠲᠡᠢ ᠬᠢᠲᠤᠭ᠎ᠠ ᠪᠠᠷᠢᠭᠤᠯ ᠢ᠋ᠶ᠋ᠠᠨ ᠬᠦᠷᠲᠡᠯ᠎ᠡ ᠴᠢᠰᠤ ᠲᠠᠢ᠂ ᠰᠢᠷᠣᠢ ᠶ᠋ᠢᠨ ᠳᠣᠣᠷ᠎ᠠ ᠠ᠋ᠴᠠ ᠴᠤᠬᠤᠢᠵᠤ ᠪᠠᠢᠪᠠ᠃ ᠭᠡᠲᠡᠯ᠎ᠡ ᠲᠡᠷᠭᠡᠨ ᠬᠣᠢᠲᠤ ᠲᠠᠯ᠎ᠠ ᠳ᠋ᠤ᠌ ᠰᠢᠨᠡᠬᠡᠨ ᠣᠷᠣᠰᠢᠭᠤᠯᠤᠭᠰᠠᠨ ᠪᠤᠯᠠᠰᠢ ᠦᠵᠡᠭᠳᠡᠨ᠎ᠡ᠃ 
       ᠠᠢ ᠬᠥᠭᠡᠷᠦᠬᠦᠢ ᠨᠥᠬᠥᠳ ᠮᠢᠨᠢ ᠡᠨᠳᠡ ᠠᠯᠲᠠᠨ ᠠᠮᠢ ᠪᠠᠨ ᠠᠯᠳᠠᠵᠤ ᠳᠠ! ᠭᠡᠵᠦ ᠬᠣᠭᠣᠯᠠᠢ ᠴᠡᠴᠡᠷᠡᠭᠦᠯᠦᠨ ᠬᠡᠯᠡᠬᠦ ᠳ᠋ᠦ᠍ ᠫᠦ ᠵᠢᠩ ᠪᠤᠯᠠᠰᠢ ᠶ᠋ᠢᠨ ᠳᠡᠭᠡᠷ᠎ᠡ ᠭᠦᠶᠦᠨ ᠬᠦᠷᠦᠭᠡᠳ᠄ 
       — ᠪᠢᠰᠢ᠂ ᠬᠢᠲᠠᠳ ᠬᠥᠮᠦᠨ! ᠭᠡᠵᠦ ᠪᠠᠶᠠᠷᠯᠠᠭᠰᠠᠨ ᠴᠢᠷᠠᠢ ᠭᠠᠷᠭᠠᠪᠠ᠃ ᠪᠤᠯᠠᠰᠢ ᠶ᠋ᠢᠨ ᠳᠡᠭᠡᠳᠦ ᠲᠠᠯ᠎ᠠ ᠳ᠋ᠤ᠌ ᠰᠠᠭᠤᠯᠭᠠᠭᠰᠠᠨ ᠴᠢᠯᠠᠭᠤᠨ ᠳᠡᠭᠡᠷ᠎ᠡ《ᠰᠤᠮᠤᠨ ᠳᠠᠷᠤᠭ᠎ᠠ ᠱᠣᠣ ᠱᠦᠨ ᠳ᠋ᠠᠢ》 ᠭᠡᠵᠦ ᠲᠣᠮᠣ ᠪᠠᠷ ᠪᠢᠴᠢᠭᠰᠡᠨ ᠦ᠌ ᠳᠣᠣᠷ᠎ᠠ᠄《ᠡᠨᠡ ᠪᠤᠯᠠᠰᠢ ᠶ᠋ᠢ ᠪᠢᠲᠡᠭᠡᠢ ᠬᠥᠨᠳᠡ!》 ᠭᠡᠵᠦ ᠪᠠᠭ᠎ᠠ ᠪᠠᠷ ᠪᠢᠴᠢᠭᠰᠡᠨ ᠢ᠋ ᠫᠦ ᠵᠢᠩ ᠤᠩᠰᠢᠪᠠ᠃  
      《ᠱᠣᠣ ᠱᠦᠨ ᠳ᠋ᠠᠢ》 ᠭᠡᠳᠡᠭ ᠪᠣᠯ ᠰᠸᠯᠸᠳᠢ ᠫᠤᠤ ᠲᠠᠢ ᠨᠣᠶᠠᠨ ᠮᠥᠨ ᠪᠠᠢᠨ᠎ᠠ᠃ ᠵᠢᠩᠴᠢᠳ ᠲᠦ᠍ ᠬᠠᠮᠤᠭ ᠤ᠋ᠨ ᠠᠶᠤᠯ ᠲᠠᠢ ᠬᠥᠮᠦᠨ ᠪᠠᠢᠭᠰᠠᠨ ᠪᠣᠯᠪᠠᠴᠤ ᠳ᠋ᠠᠨᠽᠠᠨ ᠲᠡᠭᠦᠨ ᠦ᠌ ᠳᠡᠭᠡᠳᠦ ᠳᠠᠷᠤᠭ᠎ᠠ ᠨᠣᠶᠠᠳ ᠲᠠᠭᠠᠨ ᠴᠠᠭ ᠦᠷᠭᠦᠯᠵᠢ ᠳᠠᠷᠤᠯᠠᠭᠳᠠᠨ ᠠᠮᠤᠷ ᠵᠠᠶᠠᠭ᠎ᠠ ᠦᠵᠡᠬᠦ ᠦᠭᠡᠢ ᠪᠠᠢᠭᠰᠠᠨ ᠢ᠋ ᠨᠢ ᠰᠠᠨᠠᠨ ᠬᠠᠷᠠᠰᠠᠨ᠎ᠠ᠃《ᠬᠥᠭᠡᠷᠦᠬᠦᠢ᠂ ᠬᠥᠭᠡᠷᠦᠬᠦᠢ》 ᠭᠡᠵᠦ ᠠᠮᠠᠨ ᠳ᠋ᠠᠭᠠᠨ ᠬᠡᠯᠡᠬᠦ ᠳ᠋ᠦ᠍ ᠫᠦ ᠵᠢᠩ᠄  
       — ᠬᠠᠢ ᠴᠢ ᠨᠥᠬᠥᠳ ᠢ᠋ᠶ᠋ᠡᠨ ᠪᠣᠳᠣᠬᠤ ᠶ᠋ᠢᠨ ᠣᠷᠣᠨ ᠳ᠋ᠤ᠌ ᠶᠠᠭᠤᠨ ᠳ᠋ᠤ᠌ ᠳᠡᠮᠡᠢ ᠭᠠᠰᠠᠯᠤᠨ᠎ᠠ ᠪᠣᠢ? ᠭᠡᠵᠦ ᠵᠢᠮᠡᠯᠡᠭᠰᠡᠨ ᠢ᠋ᠶ᠋ᠡᠨ᠂ ᠡᠨᠡ ᠬᠥᠮᠦᠨ ᠬᠠᠮᠢᠶ᠎ᠠ ᠦᠭᠡᠢ᠂ ᠴᠢ ᠵᠦᠭᠡᠷ ᠨᠥᠬᠥᠳ ᠢ᠋ᠶ᠋ᠡᠨ ᠣᠯᠬᠤ ᠶ᠋ᠢ ᠪᠣᠳᠣ!
       ᠳ᠋ᠠᠨᠽᠠᠨ᠄ 
       — ᠠᠢ ᠵᠥᠪ! ᠨᠥᠬᠥᠳ ᠮᠢᠨᠢ ᠨᠠᠮᠠᠶ᠋ᠢ ᠬᠠᠮᠢᠭ᠎ᠠ ᠨᠢᠭᠡᠲᠡᠢ ᠬᠦᠯᠢᠶᠡᠵᠦ ᠪᠠᠢᠭ᠎ᠠ ᠪᠠᠢᠬ᠎ᠠ ᠭᠡᠳ ᠫᠦ ᠵᠢᠩ ᠡᠴᠡ ᠲᠦᠷᠦᠭᠦᠯᠡᠨ ᠶᠠᠪᠤᠪᠠ᠃ ᠭᠢᠰᠬᠢᠬᠦ ᠳᠣᠳᠣᠮ ᠬᠥᠯ ᠨᠢ ᠬᠥᠩᠭᠡᠷᠡᠨ ᠭᠦᠶᠦᠬᠦ ᠰᠢᠬᠠᠮ ᠪᠣᠯᠬᠤ ᠠᠵᠢ᠃ ᠰᠡᠳᠬᠢᠯ ᠳ᠋ᠦ᠍ᠨᠢ ᠦᠨᠡᠬᠡᠷ ᠨᠥᠬᠥᠳ ᠨᠢ ᠡᠮᠦᠨᠡᠬᠡᠨ ᠲᠠᠯ᠎ᠠ ᠳ᠋ᠤᠨᠢ ᠭᠠᠷ ᠳᠠᠯᠠᠯᠤᠨ ᠬᠦᠯᠢᠶᠡᠵᠦ ᠪᠠᠢᠭ᠎ᠠ ᠰᠢᠭ᠋ ᠪᠠᠢᠯ᠎ᠠ᠃ ᠨᠢᠭᠡ ᠬᠥᠪᠡᠭᠡ ᠶ᠋ᠢᠨ ᠳᠡᠭᠡᠷ᠎ᠡ ᠭᠠᠷᠪᠠ᠃ ᠭᠠᠵᠠᠷ ᠤ᠋ᠨ ᠤᠷᠤᠭᠤ ᠭᠦᠶᠦᠬᠦ ᠪᠡᠷ ᠢ᠋ᠶ᠋ᠡᠨ ᠣᠷᠣᠨ ᠬᠣᠶᠠᠳᠠᠬᠢ ᠬᠥᠪᠡᠭᠡᠨ ᠳᠡᠭᠡᠷ᠎ᠡ ᠭᠠᠷᠪᠠ᠃ ᠭᠡᠲᠡᠯ᠎ᠡ ᠲᠥᠷᠥᠭᠦᠯᠭᠡ ᠪᠡᠨ ᠬᠠᠷᠠᠨ ᠤᠨᠠᠭᠰᠠᠨ ᠮᠣᠩᠭᠣᠯ ᠬᠥᠮᠦᠨ ᠦ᠌ ᠢᠰᠡᠭᠡᠢ ᠣᠢᠮᠣᠰᠤ ᠲᠠᠢ ᠫᠠᠯᠢᠪᠠᠭᠠᠷ ᠭᠤᠲᠤᠯ ᠤ᠋ᠨ ᠤᠯᠠ ᠨᠢᠳᠦᠨ ᠳ᠋ᠦ᠍ ᠲᠤᠰᠬᠤ ᠪᠥᠭᠡᠳ ᠯᠠᠪᠯᠠᠨ ᠬᠠᠷᠠᠬᠤ ᠳ᠋ᠤ᠌ ᠲᠡᠷᠡ ᠬᠥᠮᠦᠨ ᠦ᠌ ᠡᠨᠳᠡ ᠲᠡᠨᠳᠡ ᠦᠭᠡᠢ ᠤᠮᠢᠷᠠᠯᠳᠤᠭᠣᠯᠣᠨ ᠣᠶᠣᠭᠰᠠᠨ ᠳᠡᠪᠡᠯ ᠲᠣᠳᠣᠬᠠᠨ ᠬᠠᠷᠠᠭᠳᠠᠨ᠎ᠠ᠃ 
       ᠡᠨᠡ ᠪᠣᠯ ᠬᠦᠷᠡᠯ᠃ ᠳᠡᠪᠡᠯ ᠦ᠋ᠨ ᠬᠠᠨᠴᠤᠢ᠂ ᠡᠩᠭᠡᠷ ᠵᠠᠭᠠᠮ᠎ᠠ ᠬᠦ ᠬᠦ ᠣᠷᠠᠭᠳᠠᠭᠰᠠᠨ ᠲᠡᠳᠦᠢ ᠦᠭᠡᠢ᠂ ᠲᠣᠯᠣᠭᠠᠢ ᠨᠢ ᠶᠡᠬᠡ ᠪᠡᠶ᠎ᠡ ᠡᠴᠡ ᠪᠡᠨ ᠰᠠᠯᠤᠩᠭᠢ᠂ ᠬᠠᠭᠠᠰ ᠠᠯᠬᠤᠮ ᠤ᠋ᠨ ᠵᠠᠢᠲᠠᠢ᠂ ᠰᠣᠨᠢᠬᠠᠨ ᠢ᠋ᠶ᠋ᠠᠷ ᠡᠷᠭᠢᠯᠳᠦᠭᠦᠯᠦᠨ ᠪᠠᠢᠳᠠᠭ ᠨᠣᠭᠣᠭᠠᠨ ᠨᠢᠳᠦ ᠪᠡᠨ ᠲᠠᠰᠤ ᠠᠨᠢᠨ᠂ ᠵᠡᠭᠦᠨ ᠴᠢᠬᠢ ᠪᠡᠨ ᠳᠡᠷᠡᠯᠡᠨ ᠬᠡᠪᠲᠡᠨ᠎ᠡ᠃ ᠡᠨᠡ ᠬᠥᠮᠦᠨ ᠪᠣᠯ ᠬᠠᠵᠠᠭᠤ ᠳ᠋ᠠᠭᠠᠨ ᠶᠠᠪᠤᠭᠰᠠᠨ ᠬᠣᠶᠠᠷ ᠤ᠋ᠨ ᠢ᠋ᠶ᠋ᠠᠨ ᠲᠥᠯᠥᠭᠡ ᠴᠠᠭ ᠦᠷᠭᠦᠯᠵᠢ ᠵᠣᠪᠠᠭᠰᠠᠨ᠂ ᠰᠤᠷᠭᠠᠭᠰᠠᠨ᠂ ᠵᠢᠭᠠᠭᠰᠠᠨ᠂ ᠣᠷᠣᠨ ᠨᠤᠲᠤᠭ ᠲᠠᠭᠠᠨ ᠪᠣᠯ ᠦᠨᠡᠨᠴᠢ ᠰᠢᠳᠤᠷᠭᠤ᠂ ᠦᠭᠡᠢᠭᠦᠦ ᠶᠠᠳᠠᠭᠤᠰ ᠢ᠋ ᠳᠡᠳᠬᠦᠭᠴᠢᠨ᠂ ᠮᠠᠯ ᠮᠠᠯᠯᠠᠬᠤ᠂ ᠠᠶᠠᠨ ᠵᠢᠩ ᠲᠡᠭᠡᠭᠡᠬᠦ ᠬᠣᠶᠠᠷ ᠲᠤ ᠭᠠᠷᠮᠠᠭᠠᠢ ᠭᠡᠵᠦ ᠠᠯᠳᠠᠷᠰᠢᠭᠰᠠᠨ ᠬᠥᠮᠦᠨ ᠪᠢᠯᠡ᠃ ᠣᠳᠣ ᠡᠨᠳᠡ ᠡᠢᠨᠬᠦ ᠠᠮᠢ ᠦᠷᠡᠭᠳᠡᠵᠡᠢ᠃ 
       ᠳ᠋ᠠᠨᠽᠠᠨ ᠬᠦᠷᠡᠯ ᠢ᠋ ᠦᠵᠡᠩᠭᠦᠲᠡ ᠪᠡᠨ ᠳᠣᠲᠣᠷ᠎ᠠ ᠬᠠᠷᠠᠩᠭᠤᠢᠯᠠᠨ ᠥᠪᠡᠷ ᠦ᠋ᠨ ᠡᠷᠬᠡ ᠦᠭᠡᠢ ᠬᠥᠰᠢᠨ ᠵᠣᠭᠰᠣᠪᠠ᠃ ᠫᠦ ᠵᠢᠩ ᠳ᠋ᠠᠨᠽᠠᠨ ᠢ᠋ ᠭᠦᠢᠴᠡᠨ ᠢᠷᠡᠭᠡᠳ《ᠠᠶ᠎ᠠ》 ᠭᠡᠵᠦ ᠳᠠᠭᠤ ᠠᠯᠲᠠᠨ ᠮᠥᠨ ᠵᠣᠭᠰᠣᠪᠠ᠃ 
       — ᠡᠨᠡ ᠬᠥᠮᠦᠨ ᠨᠥᠬᠥᠷ ᠴᠢᠨᠢ ᠤᠤ? 
       — ᠲᠡᠢᠮᠦ! ᠮᠢᠨᠦ ᠨᠥᠬᠥᠷ᠂  
       — ᠰᠠᠢᠨ ᠬᠥᠮᠦᠨ ᠪᠠᠢᠭᠰᠠᠨ ᠤᠤ? 
       — ᠳᠡᠭᠡᠯ ᠦᠭᠡᠢ ᠶᠠᠭᠠᠬᠢᠬᠤᠪ᠂ ᠶᠣᠰᠣᠲᠠᠢ ᠰᠠᠢᠨ ᠬᠥᠮᠦᠨ᠂ ᠶᠣᠰᠣᠲᠠᠢ ᠭᠦᠨ ᠵᠢᠷᠤᠮ ᠤ᠋ᠨ ᠬᠥᠮᠦᠨ ᠭᠡᠪᠡᠯ ᠡᠨᠡ ᠬᠥᠮᠦᠨ ᠢ᠋ ᠬᠡᠯᠡᠵᠦ ᠪᠣᠯᠬᠤ ᠪᠠᠢᠭᠰᠠᠨ ᠪᠢᠯᠡ᠃ 
       ᠫᠦ ᠵᠢᠩ ᠲᠣᠯᠣᠭᠠᠢ ᠰᠡᠭᠰᠦᠷᠦᠨ ᠬᠡᠭᠦᠷ ᠢ᠋ ᠲᠣᠭᠣᠷᠢᠨ ᠶᠠᠪᠤᠯ᠎ᠠ᠃ ᠴᠢᠷᠠᠢ ᠨᠢ ᠲᠤᠩ ᠠᠶ᠎ᠠ ᠦᠭᠡᠢ ᠪᠣᠯᠤᠨ ᠳ᠋ᠠᠨᠽᠠᠨ ᠤ᠋ ᠳᠡᠷᠭᠡᠳᠡ ᠢᠷᠡᠵᠦ᠄ 
       — ᠣᠳᠣ ᠶᠠᠭᠠᠬᠢᠶ᠎ᠠ ᠭᠡᠬᠦ ᠪᠣᠢ᠂ ᠦᠬᠦᠭᠰᠡᠨ ᠦ᠌ ᠬᠣᠢᠨ᠎ᠠ ᠠ᠋ᠴᠠ ᠵᠣᠪᠠᠬᠤ ᠶ᠋ᠢᠨ ᠣᠷᠣᠨ ᠳ᠋ᠤ᠌ ᠬᠦᠨᠳᠦᠳᠭᠡ ᠭᠡᠬᠦ ᠦᠭᠡ ᠪᠣᠢ ᠭᠡᠵᠦ ᠰᠢᠪᠡᠨᠡᠨ᠂ ᠡᠪᠦᠷ ᠡᠴᠡ ᠪᠡᠨ ᠭᠤᠷᠪᠠᠨ ᠰᠢᠷᠬᠡᠭ ᠫᠢᠶᠤᠤᠽᠢ(ᠬᠢᠲᠠᠳ ᠴᠠᠭᠠᠰᠤᠨ ᠲᠥᠭᠥᠷᠢᠭ) ᠭᠠᠷᠭᠠᠨ ᠬᠦᠷᠡᠯ ᠦ᠋ᠨ ᠲᠣᠯᠣᠭᠠᠢ ᠶ᠋ᠢᠨ ᠡᠮᠦᠨ᠎ᠡ ᠲᠠᠯᠪᠢᠨ ᠴᠥᠳᠡᠨᠵᠡ ᠵᠢᠷᠤᠨ ᠰᠢᠲᠠᠭᠠᠪᠠ᠃  

         ᠦᠰᠦᠭ ᠠᠮᠢᠯᠠᠭᠤᠯᠤᠭᠰᠠᠨ ᠨᠢ᠄  ᠪᠠᠭᠠᠲᠤᠷ