ᠸᠠᠨ ᠯᠢ-ᠴᠠᠭᠠᠨᠪᠠᠷᠰVan li-TsagaanbarВан ли-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠸᠠᠨ ᠯᠢ-ᠴᠠᠭᠠᠨᠪᠠᠷᠰVan li-TsagaanbarВан ли-Цагаанбар

ᠸᠠᠨ ᠯᠢ-ᠴᠠᠭᠠᠨᠪᠠᠷᠰVan li-TsagaanbarВан ли-Цагаанбар

2025-11-07

252

ᠸᠠᠨ ᠯᠢ

ᠸᠠᠨ ᠯᠢ  
  ᠴᠠᠭᠠᠨᠪᠠᠷᠰ ᠳᠠᠭᠤᠯᠠᠪᠠ 
  ᠬᠣᠷᠴᠢᠨ ᠠᠷᠠᠳ ᠤ᠋ᠨ ᠳᠠᠭᠤᠤ 

ᠠᠩᠭ᠎ᠠ ᠯᠠ ᠦᠭᠡᠢ ᠠᠩᠭ᠎ᠠ ᠦᠭᠡᠢ ᠭᠡᠵᠦ ᠪᠠᠢᠲᠠᠯ᠎ᠠ ᠠᠩᠭ᠎ᠠ ᠸᠠᠨ ᠯᠢ ᠵᠠᠶᠠᠭᠠᠵᠠᠢ ᠬᠦᠢ 
ᠠᠷᠤᠨ ᠤ᠋ ᠪᠠᠨ ᠳᠡᠭᠡᠷ᠎ᠡ ᠪᠡᠨ ᠡᠭᠦᠷᠦᠭᠰᠡᠭᠡᠷ ᠪᠠᠢᠭᠠᠳ ᠠᠷᠪᠠᠨ ᠨᠠᠢ᠍ᠮᠠᠨ ᠨᠠᠰᠤᠯᠠᠭᠤᠯᠪᠠ ᠬᠦᠢ 
ᠠᠷᠤ ᠶ᠋ᠢᠨ ᠰᠦᠮ᠎ᠡ ᠳᠡᠭᠡᠷ᠎ᠡ ᠪᠡᠨ ᠠᠪᠠᠴᠢᠭᠠᠳ ᠮᠥᠮᠥ ᠨᠢ ᠮᠥᠷᠭᠥᠭᠦᠯᠦᠶ᠎ᠡ ᠭᠡᠵᠦ ᠶᠠᠪᠤᠭᠰᠠᠭᠠᠷ ᠳᠠ 
ᠠᠭᠰᠢᠷᠠᠭ᠎ᠠ ᠪᠣᠯᠤᠭᠰᠠᠨ ᠪᠤᠶᠠᠨᠬᠡᠰᠢᠭ ᠳᠡ ᠯᠠᠮᠠ ᠠᠬᠤ ᠳᠠᠪᠠᠭᠤ ᠲᠣᠭᠣᠵᠠᠢ ᠬᠦᠢ 

ᠥᠬᠢᠨ ᠦᠭᠡᠢ ᠥᠬᠢᠨ ᠦᠭᠡᠢ ᠭᠡᠵᠦ ᠪᠠᠢᠲᠠᠯ᠎ᠠ ᠡᠪᠯᠢᠭ ᠸᠠᠨ ᠯᠢ ᠵᠠᠶᠠᠭᠠᠵᠠᠢ ᠬᠦᠢ 
ᠡᠪᠴᠢᠭᠦᠨ ᠦ᠌ ᠪᠡᠨ ᠳᠡᠭᠡᠷ᠎ᠡ ᠪᠡᠨ ᠥᠯᠥᠭᠡᠢᠳᠡᠵᠦ ᠪᠠᠢᠭᠠᠳ ᠥᠭᠡᠯᠡᠢ ᠥᠨᠳᠥᠷ ᠪᠣᠯᠭᠠᠵᠠᠢ ᠬᠦᠢ 
ᠡᠨᠳᠡᠬᠢ ᠶ᠋ᠢᠨ ᠰᠦᠮ᠎ᠡ ᠳ᠋ᠦ᠍ ᠪᠡᠨ ᠠᠪᠠᠴᠢᠭᠠᠳ ᠥᠬᠢᠨ ᠢ᠋ᠶ᠋ᠡᠨ ᠡᠷᠭᠦᠯ ᠮᠥᠷᠭᠥᠯ ᠢ᠋ ᠪᠡᠨ ᠬᠢᠵᠦ ᠪᠠᠢᠲᠠᠯ᠎ᠠ
ᠦᠳᠡᠯᠦᠭᠡ ᠪᠣᠯᠤᠭᠰᠠᠨ ᠪᠤᠶᠠᠨᠬᠡᠰᠢᠭ ᠳᠡ ᠯᠠᠮᠠ ᠦᠵᠡᠨᠡᠷᠡᠨ ᠲᠣᠭᠣᠵᠠᠢ ᠬᠦᠢ

ᠸᠠᠨ ᠯᠢ ᠶ᠋ᠢᠨ ᠮᠥᠮᠥ ᠨᠢ ᠤᠵᠠᠭᠤᠷ ᠤ᠋ᠨ ᠬᠥᠮᠦᠨ ᠪᠣᠯᠬᠣᠷ ᠶᠡᠬᠡ ᠰᠦᠵᠢᠭ ᠲᠡᠢ ᠰᠢᠦ᠂ ᠪᠤᠶᠠᠨ ᠬᠡᠰᠢᠭ ᠳᠡ ᠯᠠᠮ᠎ᠠ ᠶ᠋ᠢ ᠵᠠᠯᠠᠵᠤ ᠢᠷᠡᠭᠡᠳ ᠰᠠᠷ᠎ᠠ ᠶ᠋ᠢᠨ ᠨᠣᠮ ᠢ᠋ᠶ᠋ᠠᠨ ᠤᠩᠰᠢᠭᠤᠯᠵᠠᠢ ᠃ ᠬᠣᠩᠬᠣ ᠳᠠᠮᠠᠷᠤ ᠬᠥᠳᠡᠯᠭᠡᠵᠦ ᠬᠣᠭᠣᠯᠠᠢ ᠵᠠᠰᠠᠭᠠᠳ ᠤᠩᠰᠢᠭᠠᠳ ᠲᠡᠭᠡᠬᠦ ᠳ᠋ᠦ᠍ ᠮᠥᠮᠥ ᠨᠢ ᠪᠠᠰᠠ ᠪᠢᠰᠢᠷᠡᠴᠢᠬᠡᠵᠡᠢ ᠰᠢᠦ᠂ ᠵᠠᠬ᠎ᠠ ᠳ᠋ᠤᠨᠢ ᠢᠷᠡᠵᠦ ᠰᠠᠭᠤᠴᠢᠬᠠᠭᠠᠳ ᠵᠤᠤᠮᠠᠰ ᠬᠢᠲᠡᠯ᠎ᠡ ᠢᠨᠢᠶᠡᠭᠡᠳ ᠬᠡᠯᠡᠴᠢᠬᠡᠭᠰᠡᠨ ᠠ᠋᠄

ᠠᠷᠠᠰᠤ ᠶ᠋ᠢ ᠪᠡᠨ ᠡᠯᠳᠡᠬᠦ ᠫᠢᠵᠢᠶᠠᠩ ᠭᠡᠳᠡᠭ ᠴᠢᠨᠢ ᠠᠮᠠᠷ ᠦᠭᠡᠢ ᠰᠦᠨᠡᠰᠦ ᠠ᠋ ᠬᠦᠢ
ᠠᠩᠭ᠎ᠠ ᠴᠤ᠌ ᠪᠠᠭ᠎ᠠ ᠸᠠᠨ ᠯᠢ ᠬᠡᠦᠬᠡᠨ ᠳᠡ ᠠᠭᠠᠷ ᠲᠡᠭᠷᠢ ᠡᠴᠡ ᠪᠠᠭᠤᠭᠰᠠᠨ ᠶᠤᠮ ᠪᠠ ᠬᠦᠢ
ᠠᠷᠤ ᠶ᠋ᠢᠨ ᠰᠦᠮ᠎ᠡ ᠶ᠋ᠢᠨ ᠪᠤᠶᠠᠨᠬᠡᠰᠢᠭ ᠳᠡ ᠯᠠᠮᠠ ᠶᠠᠭᠤᠨ ᠤ᠋ ᠰᠦᠨᠡᠰᠦ ᠶ᠋ᠢ ᠲᠠ ᠮᠡᠳᠡᠨ᠎ᠡ ᠤᠤ?
ᠠᠷᠪᠠᠨ ᠨᠠᠢ᠍ᠮᠠᠨ ᠠᠭᠤᠢ ᠰᠢᠲᠦᠭᠡᠨ ᠦ᠌ ᠨᠢᠭᠡ ᠨᠢ ᠮᠥᠨ ᠠ᠋ ᠬᠦᠢ

ᠲᠡᠮᠦᠷ ᠢ᠋ ᠪᠡᠨ ᠳᠠᠪᠲᠠᠬᠤ ᠲᠢᠶᠸᠵᠢᠶᠠᠩ ᠯᠠ ᠭᠡᠳᠡᠭ ᠴᠢᠨᠢ ᠵᠦᠭᠡᠷ ᠦᠭᠡᠢ ᠰᠦᠨᠡᠰᠦ ᠠ᠋ ᠬᠦᠢ
ᠲᠥᠷᠥᠭᠰᠡᠨ ᠠ᠋ ᠥᠬᠢᠨ ᠸᠠᠨ ᠯᠢ ᠬᠡᠦᠬᠡᠨ ᠲᠡᠭᠷᠢ ᠡᠴᠡ ᠪᠠᠭᠤᠵᠠᠢ ᠬᠦᠢ
ᠲᠡᠨᠳᠡᠬᠢ ᠰᠦᠮ᠎ᠡ ᠶ᠋ᠢᠨ ᠪᠤᠶᠠᠨᠬᠡᠰᠢᠭ ᠳᠡ ᠯᠠᠮᠠ ᠶᠠᠭᠤᠨ ᠤ᠋ ᠰᠦᠨᠡᠰᠦ ᠠ᠋ ᠲᠠ ᠮᠡᠳᠡᠨ᠎ᠡ ᠤᠤ?
ᠠᠷᠪᠠᠨ ᠨᠠᠢ᠍ᠮᠠᠨ ᠠᠭᠤᠢ ᠰᠢᠲᠦᠭᠡᠨ ᠦ᠌ ᠨᠢᠭᠡ ᠨᠢ ᠮᠥᠨ ᠠ᠋ ᠬᠦᠢ

ᠪᠠᠷᠠᠭᠤᠨ ᠭᠡᠷ ᠡᠴᠡ ᠨᠢᠭᠡ ᠵᠠᠯᠠᠭᠤ ᠣᠷᠣᠭᠠᠳ ᠢᠷᠡᠵᠡᠢ ᠂ ᠰᠣᠨᠣᠰᠤᠭᠤᠷ ᠰᠣᠨᠣᠰᠴᠤ ᠪᠠᠢᠭᠠᠳ ᠦᠨᠡᠬᠡᠷ ᠠᠭᠤᠷᠯᠠᠵᠠᠢ ᠃
ᠪᠢ ᠮᠡᠳᠡᠨ᠎ᠡ᠂ ᠴᠢᠩᠭᠢᠪᠡᠯ ᠴᠢ ᠬᠡᠯᠡᠭᠡᠳ ᠲᠡᠭᠡ᠂ ᠰᠢᠶᠣᠤ ᠵᠠᠯᠠᠭᠤ ᠬᠡᠯᠡᠴᠢᠬᠡᠭᠰᠡᠨ ᠠ᠋᠄

ᠠᠷᠠᠰᠤ ᠶ᠋ᠢ ᠪᠡᠨ ᠡᠯᠳᠡᠬᠦ ᠫᠢᠵᠢᠶᠠᠩ ᠯᠠ ᠭᠡᠳᠡᠭ ᠴᠢᠨᠢ ᠮᠠᠨ ᠤ᠋ ᠮᠡᠨᠳᠡᠬᠢ(ᠡᠨᠳᠡᠬᠢ) ᠢᠷᠭᠡᠨ ᠠ᠋ ᠬᠦᠢ
ᠠᠩᠭ᠎ᠠ ᠴᠤ᠌ ᠪᠠᠭ᠎ᠠ ᠸᠠᠨ ᠯᠢ ᠭᠡᠳᠡᠭ ᠴᠢᠨᠢ ᠠᠷᠢᠭᠤᠨ ᠰᠠᠢᠬᠠᠨ ᠲᠥᠷᠥᠴᠢᠬᠡᠵᠡᠢ ᠬᠦᠢ
ᠠᠷᠤ ᠶ᠋ᠢᠨ ᠰᠦᠮ᠎ᠡ ᠶ᠋ᠢᠨ ᠪᠤᠶᠠᠨᠬᠡᠰᠢᠭ ᠳᠡ ᠯᠠᠮᠠ ᠶᠠᠭᠤᠨ ᠤ᠋ ᠰᠦᠨᠡᠰᠦ ᠶ᠋ᠢ ᠪᠢ ᠮᠡᠳᠡᠨ᠎ᠡ ᠬᠦᠢ
ᠠᠷᠤ ᠶ᠋ᠢᠨ ᠲᠠᠯ᠎ᠠ ᠪᠠᠷ ᠢ᠋ᠶ᠋ᠠᠨ ᠠᠭᠠᠭᠯᠠᠭᠠᠳ ᠶᠠᠪᠤᠵᠤ ᠪᠠᠢᠬᠤ ᠠᠵᠢᠷᠭᠠᠨ ᠤ᠋ ᠰᠦᠨᠡᠰᠦ ᠠ᠋ ᠬᠦᠢ

ᠲᠡᠮᠦᠷ ᠢ᠋ ᠪᠡᠨ ᠳᠠᠪᠲᠠᠬᠤ ᠲᠢᠶᠸᠵᠢᠶᠠᠩ ᠯᠠ ᠭᠡᠳᠡᠭ ᠴᠢᠨᠢ ᠮᠠᠨ ᠤ᠋ ᠮᠡᠨᠳᠡᠬᠢ (ᠡᠨᠳᠡᠬᠢ) ᠢᠷᠭᠡᠨ ᠠ᠋ ᠬᠦᠢ
ᠲᠥᠷᠥᠭᠰᠡᠨ ᠥᠬᠢᠨ ᠸᠠᠨ ᠯᠢ ᠬᠡᠦᠬᠡᠨ ᠴᠢᠨᠢ ᠲᠦᠭ ᠦᠭᠡᠢ ᠰᠠᠢᠬᠠᠨ ᠲᠦᠷᠦᠴᠢᠬᠡᠵᠡᠢ ᠬᠦᠢ
ᠲᠡᠷᠲᠡᠭᠡ ᠰᠦᠮ᠎ᠡ ᠶ᠋ᠢᠨ ᠪᠤᠶᠠᠨᠬᠡᠰᠢᠭ ᠳᠡ ᠯᠠᠮᠠ ᠶᠠᠭᠤᠨ ᠤ᠋ ᠰᠦᠨᠡᠰᠦ ᠶ᠋ᠢ ᠪᠢ ᠮᠡᠳᠡᠨ᠎ᠡ
ᠲᠡᠨᠳᠡᠬᠢ ᠵᠣ ᠪᠠᠷ ᠮᠥᠭᠡᠷᠡᠭᠡᠳ ᠶᠠᠪᠤᠵᠤ ᠪᠠᠢᠬᠤ ᠮᠡᠩ ᠨᠢᠦ (ᠪᠤᠬ᠎ᠠ)ᠶ᠋ᠢᠨ ᠰᠦᠨᠡᠰᠦ ᠠ᠋ ᠬᠦᠢ

ᠪᠤᠶᠠᠨᠬᠡᠰᠢᠭ ᠳᠡ ᠯᠠᠮᠠ ᠭᠠᠷ ᠠ᠋ᠴᠠ ᠨᠢ ᠠᠳᠬᠤᠭᠠᠳ ᠭᠠᠷ ᠳᠡᠭᠡᠷ᠎ᠡ ᠪᠡᠨ ᠭᠠᠷ ᠭᠡᠵᠦ ᠬᠥᠲᠥᠯᠵᠡᠢ ᠂ ᠰᠢᠶᠣᠤ
ᠵᠠᠯᠠᠭᠤ ᠭᠠᠷᠬᠤ ᠦᠭᠡᠢ ᠳᠡᠭᠡᠷ᠎ᠡ ᠪᠡᠨ ᠳᠠᠬᠢᠭᠠᠳ ᠬᠡᠯᠡᠴᠢᠬᠡᠭᠰᠡᠨ ᠠ᠋᠄

ᠮᠠᠨᠢ ᠶ᠋ᠢᠨ ᠦᠷᠡᠯ ᠢ᠋ᠶ᠋ᠡᠨ ᠲᠣᠭᠠᠯᠠᠭᠠᠳ ᠰᠠᠭᠤᠶ᠎ᠠ ᠳᠠ ᠮᠠᠮᠠ ᠶ᠋ᠢᠨ ᠶᠠᠩᠵᠤ ᠲᠠᠢ ᠪᠢᠰᠢ ᠤᠤ ᠬᠦᠢ
ᠮᠠᠩᠵᠠᠨ ᠬᠤᠷᠠᠯ ᠢ᠋ᠶ᠋ᠠᠨ ᠬᠤᠷᠠᠭᠠᠳ ᠪᠠᠢᠶ᠎ᠠ ᠳᠠ ᠡᠷᠭᠢᠬᠦ ᠲᠥᠷᠥᠯ ᠳ᠋ᠦ᠍ ᠴᠢᠨᠢ ᠰᠠᠢᠨ ᠶᠤᠮ ᠠ᠋ ᠬᠦᠢ
ᠮᠠᠨᠲᠤᠢᠭᠰᠠᠨ ᠲᠥᠷᠥᠭᠰᠡᠨ ᠸᠠᠨ ᠯᠢ ᠭᠡᠳ ᠯᠡ ᠮᠠᠭᠠᠳ ᠮᠠᠭᠠᠳ ᠢᠷᠡᠭᠡᠳ ᠯᠡ ᠪᠠᠢᠪᠠᠯ
ᠮᠠᠯ ᠤ᠋ᠨ ᠬᠠᠰᠢᠶᠠᠨ ᠳ᠋ᠤ᠌ ᠪᠠᠨ ᠮᠡᠩ ᠨᠢᠦ ( ᠪᠤᠬ᠎ᠠ) ᠪᠣᠯᠤᠭᠠᠳ ᠲᠥᠷᠥᠪᠡᠯ ᠮᠠᠶᠢᠭ᠋ ᠦᠭᠡᠢ ᠮᠠᠮᠠ ᠠ᠋ ᠬᠦᠢ

ᠡᠷᠢᠭᠡ ᠮᠠᠨᠢ ᠪᠠᠨ ᠲᠣᠭᠠᠯᠠᠭᠠᠳ ᠰᠠᠭᠤᠶ᠎ᠠ ᠳᠠ ᠥᠪᠡᠷ ᠦ᠋ᠨ ᠪᠡᠶ᠎ᠡ ᠳ᠋ᠦ᠍ ᠴᠢᠨᠢ ᠰᠠᠢᠨ ᠶᠤᠮ ᠠ᠋ ᠬᠦᠢ
ᠥᠷᠯᠥᠭᠡ ᠡᠷᠲᠡ ᠶ᠋ᠢᠨ ᠬᠤᠷᠠᠯ ᠢ᠋ ᠪᠡᠨ ᠬᠤᠷᠠᠶ᠎ᠠ ᠳᠠ ᠡᠷᠭᠢᠬᠦ ᠲᠥᠷᠥᠯ ᠴᠢᠨᠢ ᠰᠠᠢᠨ ᠶᠤᠮ ᠠ᠋ ᠬᠦᠢ
ᠥᠬᠢᠨ ᠪᠠᠭ᠎ᠠ ᠸᠠᠨ ᠯᠢ ᠭᠡᠳ ᠥᠨᠳᠡᠢᠨ ᠥᠨᠳᠡᠢᠨ ᠢᠷᠡᠭᠡᠳ ᠯᠡ ᠪᠠᠢᠪᠠᠯ,
ᠦᠨᠡᠰᠦᠨ ᠳ᠋ᠦ᠍ ᠬᠥᠷᠪᠡᠭᠰᠡᠨ ᠡᠯᠵᠢᠭᠡ ᠪᠣᠯᠤᠭᠠᠳ ᠲᠥᠷᠥᠪᠡᠯ ᠡᠪ ᠯᠡ ᠦᠭᠡᠢ ᠮᠠᠮᠠ ᠠ᠋ ᠬᠦᠢ

ᠪᠤᠶᠠᠨᠬᠡᠰᠢᠭ ᠳᠡ ᠯᠠᠮᠠ ᠦᠨᠡᠨ ᠰᠢᠷᠪᠡᠭᠡᠲᠦᠵᠡᠢ ᠂ ᠰᠤᠳᠤᠷ ᠨᠣᠮ ᠢ᠋ᠶ᠋ᠠᠨ ᠪᠠᠭᠯᠠᠭᠠᠳ᠂ ᠬᠣᠩᠬᠣ ᠳᠠᠮᠠᠷᠤ ᠪᠠᠨ ᠠᠪᠤᠭᠠᠳ ᠭᠠᠷᠤᠭᠠᠳ ᠶᠠᠪᠤᠵᠠᠢ ᠂ ᠡᠢ ᠥᠬᠢᠨ ᠬᠣᠶᠠᠷ ᠬᠦᠷᠭᠡᠵᠦ ᠭᠠᠷᠬᠤ ᠦᠭᠡᠢ ᠤᠤ ᠳᠠ᠂ ᠬᠦᠷᠢᠶᠡᠨ ᠳᠤᠮᠳᠠ ᠣᠴᠢᠭᠠᠳ ᠮᠠᠮᠠ ᠠ᠋᠂ ᠣᠳᠣ ᠬᠡᠵᠢᠶ᠎ᠡ ᠢᠷᠡᠨ᠎ᠡ ᠳᠠ᠂ ᠡᠷᠭᠢᠵᠦ ᠬᠠᠨᠳᠤᠭᠠᠳ ᠸᠠᠨ ᠯᠢ ᠪᠡᠨ ᠦᠵᠡᠭᠡᠳ ᠮᠠᠨᠠᠷᠠᠴᠢᠬᠠᠬᠤ ᠠᠯᠳᠠᠵᠠᠢ ᠰᠡᠯᠭᠡᠯᠳᠦᠷᠬᠢᠯᠡᠵᠦ ᠰᠡᠭᠡᠯᠳᠦᠷᠬᠢᠯᠡᠭᠡᠳ ᠬᠡᠯᠡᠴᠢᠬᠡᠭᠰᠡᠨ ᠠ᠋᠄

ᠵᠠᠩᠳᠤᠸᠠᠨ ᠲᠣᠷᠭ᠎ᠠ ᠪᠠᠨ ᠠ᠋ ᠡᠮᠦᠰᠦᠭᠡᠳ ᠲᠡᠭᠡᠪᠡᠯ ᠵᠠ ᠵᠠ ᠸᠠᠨ ᠯᠢ ᠬᠦᠢ
ᠵᠠᠭᠠᠳᠠᠯ ᠦᠰᠦ ᠶ᠋ᠢ ᠪᠡᠨ ᠵᠠᠰᠠᠭᠠᠳ ᠯᠠ ᠲᠡᠭᠡᠪᠡᠯ ᠰᠠᠢᠬᠠᠨ ᠴᠤ᠌ ᠸᠠᠨ ᠯᠢ ᠬᠦᠢ
ᠵᠠᠯᠠᠭᠤ ᠵᠠᠯᠠᠭᠤ ᠡᠭᠡᠴᠢ ᠳᠡᠭᠦᠦ ᠴᠢᠨᠢ ᠦᠵᠡᠪᠡᠯ ᠵᠠᠬ᠎ᠠ ᠠ᠋ᠴᠠ ᠨᠢ ᠰᠠᠯᠤᠨ᠎ᠠ ᠭᠡᠵᠦ ᠰᠠᠨᠠᠳᠠᠭ
ᠵᠢᠷᠠ ᠴᠤ᠌ ᠭᠠᠷᠴᠤ ᠪᠠᠢᠬᠤ ᠪᠤᠶᠠᠨᠬᠡᠰᠢᠭ ᠦᠵᠡᠪᠡᠯ ᠵᠠᠩᠭᠢᠷᠠᠵᠤ ᠤᠨᠠᠮᠠᠷ ᠸᠠᠨ ᠯᠢ ᠬᠦᠢ


ᠥᠭᠡᠳᠡᠩ ᠲᠣᠷᠭ᠎ᠠ ᠪᠠᠨ ᠡᠮᠦᠰᠦᠭᠡᠳ ᠯᠡ ᠲᠡᠭᠡᠪᠡᠯ ᠡᠪ ᠲᠡᠢ ᠴᠦ᠍ ᠸᠠᠨ ᠯᠢ ᠬᠦᠢ
ᠦᠰᠦ ᠵᠢᠰᠦ ᠪᠡᠨ ᠬᠦᠷᠦᠭᠡᠳ ᠲᠡᠭᠡᠪᠡᠯ ᠡᠪᠯᠢᠭ ᠸᠠᠨ ᠯᠢ ᠬᠦᠢ
ᠦᠶ᠎ᠡ ᠴᠦ᠍ ᠵᠡᠷᠭᠡ ᠶ᠋ᠢᠨ ᠡᠭᠡᠴᠢ ᠳᠡᠭᠦᠦ ᠨᠢ ᠦᠵᠡᠪᠡᠯ ᠡᠳᠦᠷ ᠡᠴᠡ ᠪᠡᠨ ᠰᠠᠯᠤᠨ᠎ᠠ ᠭᠡᠵᠦ ᠰᠠᠨᠠᠳᠠᠭ
ᠦᠳᠡᠯᠦᠭᠡ ᠪᠣᠯᠤᠭᠰᠠᠨ ᠪᠤᠶᠠᠨᠬᠡᠰᠢᠭ ᠦᠵᠡᠪᠡᠯ ᠦᠬᠦᠴᠢᠬᠡᠮᠡᠷ ᠸᠠᠨ ᠯᠢ ᠬᠦᠢ

ᠳᠠᠭᠤᠤ ᠶ᠋ᠢᠨ ᠦᠭᠡ ᠶ᠋ᠢ ᠬᠠᠩᠭᠠᠭᠴᠢ ᠄ ᠮᠧᠢ ᠯᠢ ᠳᠢ ᠰᠢᠨ ᠴᠢᠩ᠃
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ᠂
ᠪᠢᠴᠢᠯᠭᠡ ᠶ᠋ᠢ 《 AI》 ᠪᠠᠷ ᠨᠠᠢᠷᠠᠭᠤᠯᠪᠠ
ᠬᠢᠨᠠᠭᠴᠢ ᠄ ᠴᠢᠨᠳᠠᠮᠤᠨᠢ