ᠰᠦᠯᠳᠡ -ᠭᠦᠩᠭᠠᠷSüld– GüngarСүлд– Гүнгар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠦᠯᠳᠡ -ᠭᠦᠩᠭᠠᠷSüld– GüngarСүлд– Гүнгар

ᠰᠦᠯᠳᠡ -ᠭᠦᠩᠭᠠᠷSüld– GüngarСүлд– Гүнгар

2025-11-05

1833

ᠰᠦᠯᠳᠡ


            ᠵᠣᠬᠢᠶᠠᠭᠴᠢ᠄ ᠭᠦᠩᠭᠠᠷ 
            ᠤᠶᠠᠩᠭᠠᠯᠠᠭᠴᠢ᠄ ᠰᠡᠳᠮᠠᠨᠢ 

ᠰᠦᠯᠳᠡ——
      ᠮᠥᠩᠬᠡ ᠡᠷᠴᠢᠲᠦ ᠲᠩᠷᠢᠯᠢᠭ ᠰᠦᠯᠳᠡ 
       ᠰᠠᠩ ᠤ᠋ᠨ ᠤᠩᠰᠢᠯᠭ᠎ᠠ ᠲᠠᠢ ᠰᠢᠲᠦᠭᠡᠨᠲᠦ ᠰᠦᠯᠳᠡ 
       ᠳᠠᠯᠠᠢ ᠪᠤᠶᠠᠨᠲᠤ ᠳᠠᠷᠬᠠᠨ ᠰᠦᠯᠳᠡ 
       ᠪᠣᠭᠳᠠ ᠶ᠋ᠢᠨ ᠣᠮᠣᠭ ᠲᠠᠢ ᠪᠣᠰᠤᠭ᠎ᠠ ᠰᠦᠯᠳᠡ!
ᠰᠦᠯᠳᠡ——
       ᠬᠠᠨ ᠲᠩᠷᠢ ᠶ᠋ᠢᠨ ᠮᠣᠩᠭᠣᠯ ᠵᠠᠷᠯᠢᠭ 
       ᠬᠠᠮᠤᠭ ᠲᠦᠮᠡᠨ ᠦ᠌ ᠦᠨᠡᠨᠴᠢᠬᠡᠨ ᠰᠢᠲᠦᠭᠡᠨ 
       ᠬᠠᠢᠷ᠎ᠠ ᠳᠡᠭᠡᠳᠦᠯᠡᠬᠦ ᠰᠠᠴᠤᠯᠢᠲᠤ ᠨᠤᠲᠤᠭ ᠤ᠋ᠨ 
       ᠬᠠᠷᠠᠭ᠎ᠠ ᠲᠡᠯᠡᠬᠦ ᠲᠡᠨᠢᠭᠦᠬᠡᠨ ᠣᠷᠴᠢᠯᠠᠩ!
ᠰᠦᠯᠳᠡ——
       ᠶᠡᠬᠡ ᠮᠣᠩᠭᠣᠯ ᠤ᠋ᠨ ᠨᠢᠭᠲᠠᠷᠠᠯ ᠤ᠋ᠨ ᠲᠤᠭ
       ᠶᠢᠷᠲᠢᠨᠴᠦ ᠶ᠋ᠢ ᠳᠣᠩᠰᠣᠯᠭᠠᠭᠰᠠᠨ ᠠᠷᠤᠤᠬᠠᠨ ᠲᠡᠦᠬᠡ
       ᠢᠯᠠᠭᠤᠭᠰᠠᠨ ᠮᠣᠩᠭᠣᠯ ᠤ᠋ᠨ ᠢᠷᠠᠭᠤᠬᠠᠨ ᠲᠤᠤᠯᠢᠰ ᠲᠠᠢ
       ᠢᠷᠡᠭᠡᠳᠦᠢ ᠪᠡᠨ ᠪᠠᠷᠠᠯᠠᠭᠰᠠᠨ ᠢᠵᠠᠭᠤᠷ ᠬᠦᠰᠡᠯᠡᠩ!
ᠰᠦᠯᠳᠡ——
       ᠢᠯᠠᠯᠲᠠ ᠣᠯᠬᠤ ᠶ᠋ᠢᠨ ᠠᠭᠤᠤ ᠪᠠᠲᠤᠯᠠᠭ᠎ᠠ
       ᠡᠷᠴᠢ ᠵᠣᠷᠢᠭ ᠤ᠋ᠨ ᠬᠥᠪᠴᠢᠯᠡᠭᠡ
       ᠢᠷᠡᠭᠡᠳᠦᠢ ᠶ᠋ᠢᠨ ᠰᠠᠢᠬᠠᠨ ᠤ᠋ ᠬᠥᠭᠡᠭᠡᠴᠡᠯᠳᠦᠯᠭᠡ ᠲᠡᠢ
       ᠡᠷᠭᠢᠬᠦ ᠮᠠᠷᠠᠭᠠᠰᠢ ᠶ᠋ᠢᠨ ᠥᠭᠡᠳᠡᠷᠬᠡᠭ ᠴᠠᠮᠬᠠᠭ!
  ᠰᠦᠯᠳᠡ——
       ᠬᠠᠷᠴᠠᠭᠠᠢ ᠪᠦᠷᠭᠦᠳ ᠦ᠋ᠨ ᠱᠤᠩᠭᠤᠨ ᠳᠡᠪᠢᠯᠭᠡ
       ᠬᠠᠨᠳᠤᠭᠰᠠᠨ ᠵᠦᠭ ᠦ᠋ᠨ ᠥᠪᠴᠢ ᠳᠠᠷᠤᠯᠭ᠎ᠠ
       ᠳᠠᠢᠴᠢᠨ ᠮᠣᠩᠭᠣᠯ ᠤ᠋ᠨ ᠥᠷᠯᠥᠭ ᠤᠤᠬᠠᠢᠯᠠᠯ ᠲᠠᠢ
       ᠳᠠᠢᠰᠤᠨ ᠢ᠋ ᠳᠠᠷᠤᠬᠤ ᠪᠠᠲᠤ ᠲᠠᠩᠭᠠᠷᠢᠭ!
ᠰᠦᠯᠳᠡ——
       ᠬᠠᠭᠠᠨ ᠳᠡᠭᠡᠳᠦ ᠶ᠋ᠢᠨ ᠰᠣᠳᠣᠨ ᠵᠠᠬᠢᠶ᠎ᠠ
       ᠬᠠᠮᠲᠤᠷᠠᠯ ᠤ᠋ᠨ ᠬᠦᠴᠦᠨ ᠲᠡᠢ ᠣᠩᠭᠣᠨ ᠤᠷᠠᠢ
       ᠬᠠᠰᠬᠢᠷᠬᠤ ᠳᠠᠭᠤᠨ ᠢ᠋ᠶ᠋ᠠᠷ ᠵᠣᠷᠢᠭ ᠡᠷᠴᠢᠯᠡᠭᠰᠡᠨ
       ᠬᠠᠰ ᠭᠣᠯᠣᠮᠲᠠᠲᠤ ᠮᠣᠩᠭᠣᠯ ᠤ᠋ᠨ ᠬᠡᠢᠮᠣᠷᠢ!
ᠰᠦᠯᠳᠡ——
       ᠲᠠᠨ ᠤ᠋ ᠰᠦᠯᠳᠡ ᠮᠠᠨ ᠤ᠋ ᠰᠦᠯᠳᠡ
       ᠳᠠᠷᠬᠠᠨ ᠮᠣᠩᠭᠣᠯ ᠤ᠋ᠨ ᠠᠭᠤᠤ ᠰᠦᠯᠳᠡ
       ᠴᠢᠨᠦ ᠰᠦᠯᠳᠡ ᠮᠢᠨᠦ ᠰᠦᠯᠳᠡ
       ᠴᠢᠩᠭᠢᠰ ᠤᠳᠤᠮ ᠤ᠋ᠨ ᠳᠠᠢᠴᠢᠨ ᠰᠦᠯᠳᠡ ᠠ᠋!

           ᠦᠰᠦᠭ ᠠᠮᠢᠯᠠᠭᠤᠯᠤᠭᠴᠢ᠄  ᠭᠦᠩᠭᠠᠷ
           ᠦᠰᠦᠭ ᠬᠠᠳᠠᠭᠴᠢ᠄ ᠠᠯᠲᠠᠨᠴᠢᠮᠡᠭ