ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ -ᠬᠠᠭᠠᠨ ᠲᠡᠭᠦᠰ ᠦ᠋ᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨ-1 Гураван настай гунаган улаан баатар -Хаан төгсийн хүү᠂ Ширээтийн мэргэн хаан-1
ᠬᠠᠭᠠᠨ ᠲᠡᠭᠦᠰ ᠦ᠋ᠨ ᠬᠦᠦ᠂ ᠰᠢᠷᠡᠭᠡᠲᠦ ᠶ᠋ᠢᠨ ᠮᠡᠷᠭᠡᠨ ᠬᠠᠭᠠᠨ
ᠮᠠᠭᠤ ᠴᠠᠭ ᠤ᠋ᠨ ᠰᠡᠭᠦᠯ ᠳ᠋ᠦ᠍
ᠵᠡᠭᠦᠨ ᠤᠷᠲᠤ ᠲᠢᠪ ᠢ᠋ ᠡᠵᠡᠯᠡᠭᠴᠢ
ᠬᠠᠭᠠᠨ ᠲᠡᠭᠦᠰ ᠦ᠋ᠨ ᠬᠦᠦ
ᠰᠢᠷᠡᠭᠡᠲᠦ ᠶ᠋ᠢᠨ ᠮᠡᠷᠭᠡᠨ ᠬᠠᠭᠠᠨ ᠭᠡᠵᠦ ᠪᠠᠢᠵᠠᠢ᠃
ᠲᠡᠷᠡ ᠬᠠᠭᠠᠨ ᠤ᠋ ᠲᠥᠷᠥᠭᠰᠡᠨ ᠴᠠᠭ ᠨᠢ
ᠲᠦᠪᠰᠢᠨ ᠵᠢᠷᠭᠠᠯ ᠬᠣᠣᠰᠯᠠᠵᠤ
ᠲᠦᠮᠡᠨ ᠠᠮᠢᠲᠠᠨ ᠪᠠᠶᠠᠷᠲᠠᠢ ᠴᠠᠭ ᠲᠤ᠌ ᠲᠥᠷᠥᠵᠡᠢ᠃
ᠭᠠᠷᠤᠭᠰᠠᠨ ᠴᠠᠭ ᠠ᠋ᠴᠠ ᠨᠢ ᠬᠣᠢᠰᠢ
ᠭᠠᠮᠰᠢᠭ ᠵᠣᠪᠠᠭᠤᠷᠢ ᠦᠭᠡᠢ
ᠭᠠᠳᠠᠭᠤᠷ ᠪᠠᠢᠬᠤ ᠠᠷᠠᠳ ᠤ᠋ᠳ ᠨᠢ
ᠭᠠᠢᠬᠠᠮᠰᠢᠭᠲᠠᠢ ᠰᠠᠢᠰᠢᠶᠠᠵᠤ ᠪᠢᠰᠢᠷᠡᠳᠡᠭ ᠭᠡᠨ᠎ᠡ᠃
ᠣᠯᠠᠨ ᠲᠦᠮᠡᠨ ᠨᠢ ᠬᠦᠷᠢᠶᠡᠯᠡᠭᠰᠡᠨ ᠡᠴᠡ
ᠣᠷᠣᠨ ᠬᠣᠲᠠᠯᠠᠭᠠᠷ ᠮᠠᠨᠳᠤᠵᠤ
ᠤᠳᠤᠮᠲᠤ ᠠᠷᠠᠳ ᠨᠢ ᠲᠦᠰᠢᠭᠰᠡᠨ ᠡᠴᠡ
ᠤᠯᠠᠮ ᠰᠠᠢᠵᠢᠷᠠᠨ ᠪᠡᠬᠢᠵᠢᠭᠰᠡᠨ ᠭᠡᠨ᠎ᠡ᠃
ᠵᠠᠨ! ᠴᠢᠩᠭᠢᠭᠡᠳ ᠳᠣᠷᠣᠭᠰᠢ ᠬᠡᠯᠡᠪᠡᠯ᠄
ᠰᠢᠷᠡᠭᠡᠲᠦ ᠶ᠋ᠢᠨ ᠮᠡᠷᠭᠡᠨ ᠬᠠᠭᠠᠨ ᠤ᠋
ᠰᠠᠭᠤᠷᠢ ᠪᠠᠢᠷᠢ ᠭᠡᠷ ᠣᠷᠳᠣᠨ ᠨᠢ
ᠠᠭᠠᠷᠤ ᠽᠠᠨᠳᠠᠨ ᠲᠣᠭᠣᠨᠣ ᠲᠠᠢ
ᠠᠮᠢᠳᠤ ᠯᠤᠤ ᠶ᠋ᠢᠨ ᠪᠦᠰᠡᠯᠡᠭᠦᠷ ᠲᠡᠢ
ᠮᠣᠭᠠᠢ ᠶ᠋ᠢᠨ ᠶᠠᠰᠤᠨ ᠣᠨᠢ ᠲᠠᠢ
ᠮᠣᠯᠣᠷ ᠽᠠᠨᠳᠠᠨ ᠬᠠᠭᠠᠯᠭ᠎ᠠ ᠲᠠᠢ
ᠳ᠋ᠸᠮᠪᠦ ᠲᠣᠷᠭᠠᠨ ᠳᠡᠭᠡᠪᠦᠷ ᠲᠡᠢ
ᠬᠠᠮᠪᠤ ᠲᠣᠷᠭᠠᠨ ᠲᠤᠭᠤᠷᠭ᠎ᠠ ᠲᠠᠢ
ᠬᠠᠷ᠎ᠠ ᠲᠣᠷᠭᠠᠨ ᠬᠠᠶᠠᠭᠠᠪᠴᠢᠲᠠᠢ
ᠬᠠᠯᠠ ᠴᠡᠩᠭᠡᠮ᠎ᠡ ᠪᠦᠷᠢᠶᠡᠰᠦ ᠲᠡᠢ
ᠡᠢᠮᠦ ᠰᠠᠢᠬᠠᠨ ᠣᠷᠳᠣᠨ ᠢ᠋
ᠥᠷᠥᠭᠡ ᠪᠣᠯᠭᠠᠨ ᠰᠠᠭᠤᠳᠠᠭ ᠭᠡᠨ᠎ᠡ᠃
ᠨᠢᠭᠡᠨ ᠡᠳᠦᠷ ᠭᠡᠷ ᠲᠡᠭᠡᠨ ᠰᠠᠭᠤᠵᠤ
ᠨᠢᠳᠤᠷᠴᠤ ᠠᠷᠠᠰᠤ ᠡᠯᠳᠡᠨ
ᠪᠣᠳᠣᠯᠭ᠎ᠠ ᠳᠣᠲᠣᠷ᠎ᠠ ᠪᠠᠨ ᠪᠣᠳᠣᠵᠤ
ᠪᠣᠳᠣᠭᠰᠠᠨ ᠢ᠋ᠶ᠋ᠠᠨ ᠨᠠᠷᠢᠪᠴᠢᠯᠠᠭᠰᠠᠨ ᠨᠢ᠄
《ᠬᠣᠵᠢᠮ ᠤ᠋ᠨ ᠡᠳᠦᠷ ᠢᠷᠡᠬᠦ ᠳ᠋ᠦ᠍
ᠬᠣᠢᠰᠢ ᠶ᠋ᠢᠨ ᠮᠠᠷᠭᠠᠲᠠ ᠪᠣᠯᠬᠤ ᠳ᠋ᠤ᠌᠂
ᠶᠠᠳᠠᠷᠠᠵᠤ ᠵᠦᠳᠡᠷᠡᠬᠦ ᠦᠶ᠎ᠡ ᠳ᠋ᠦ᠍
ᠶᠠᠰᠤ ᠬᠦᠨᠳᠦᠷᠡᠬᠦ ᠴᠠᠭ ᠲᠤ᠌
ᠬᠠᠭᠠᠷᠬᠠᠢ ᠴᠤᠭᠤᠷᠬᠠᠢ ᠶ᠋ᠢ ᠥᠮᠥᠷᠡᠭᠦᠯᠵᠦ ᠥᠭᠬᠦ
ᠬᠠᠨᠢ ᠨᠥᠬᠥᠷ ᠮᠢᠨᠢ ᠬᠠᠮᠢᠭ᠎ᠠ ᠪᠠᠢᠬᠤ ᠪᠣᠯ?》 ᠭᠡᠳ
ᠮᠣᠷᠢᠨ ᠡᠴᠡ ᠪᠡᠨ ᠠᠰᠠᠭᠤᠵᠤ ᠮᠡᠳᠡᠶ᠎ᠡ ᠭᠡᠵᠦ
ᠮᠣᠯᠴᠣᠭᠲᠤ ᠬᠠᠵᠠᠭᠠᠷ ᠢ᠋ᠶ᠋ᠠᠨ ᠪᠠᠷᠢᠵᠤ ᠭᠠᠷᠬᠤ ᠳ᠋ᠤ᠌
ᠬᠠᠭᠠᠯᠭ᠎ᠠ ᠶ᠋ᠢᠨ ᠪᠣᠰᠤᠭ᠎ᠠ ᠲᠠᠢ ᠨᠢ ᠬᠢᠮᠤᠷᠠᠯᠳᠤᠵᠤ
ᠬᠠᠵᠠᠭᠠᠷ ᠤ᠋ᠨ ᠠᠮᠠᠭᠠᠢ ᠨᠢ ᠬᠠᠩᠭᠢᠨᠠᠬᠤ ᠳ᠋ᠤ᠌
ᠠᠳᠤᠭᠤᠨ ᠳᠤᠮᠳᠠ ᠪᠠᠨ ᠪᠠᠢᠳᠠᠭ
ᠠᠭᠲᠠ ᠶ᠋ᠢᠨ ᠮᠠᠩᠯᠠᠢ ᠪᠣᠯᠳᠠᠭ
ᠵᠠᠭᠤᠨ ᠠᠯᠲᠠ ᠪᠡᠶ᠎ᠡ ᠲᠡᠢ
ᠵᠠᠭᠠᠨ ᠰᠢᠭ᠋ ᠪᠠᠢᠳᠠᠯ ᠲᠠᠢ
ᠵᠡᠭᠡᠷ᠎ᠡ ᠶ᠋ᠢᠨ ᠬᠥᠯ ᠰᠢᠭ ᠰᠢᠯᠪᠢ ᠲᠡᠢ
ᠵᠢᠷᠭᠤᠭᠠᠨ ᠠᠯᠲᠠ ᠬᠦᠵᠦᠭᠦᠦ ᠲᠡᠢ
ᠶᠢᠰᠦᠨ ᠲᠥᠭᠡ ᠴᠢᠬᠢ ᠲᠡᠢ
ᠢᠯᠡ ᠣᠳᠣᠨ ᠨᠢᠳᠦᠲᠦ
ᠢᠮᠡᠷᠦᠭᠰᠡᠨ ᠰᠠᠭᠰᠠᠭᠠᠷ ᠳᠡᠯ ᠲᠡᠢ
ᠢᠪᠢᠭᠡᠯᠵᠡᠭᠰᠡᠨ ᠥᠳᠬᠡᠨ ᠰᠡᠭᠦᠯ ᠲᠡᠢ
ᠬᠤᠯᠤᠰᠤᠨ ᠰᠢᠷᠭ᠎ᠠ ᠮᠣᠷᠢ ᠨᠢ᠄
《ᠮᠠᠨᠳᠤᠭᠰᠠᠨ ᠤᠯᠤᠰ ᠮᠡᠨᠳᠦ ᠪᠠᠢᠬᠤ ᠳ᠋ᠤ᠌
ᠡᠵᠡᠨ ᠲᠥᠷᠥ ᠡᠩᠬᠡ ᠪᠠᠢᠬᠤ ᠳ᠋ᠤ᠌
ᠬᠠᠵᠠᠭᠠᠷ ᠶᠠᠭᠤᠨ ᠳ᠋ᠤ᠌ ᠬᠠᠩᠭᠢᠨᠠᠪᠠ?》 ᠭᠡᠳ
ᠲᠣᠯᠣᠭᠠᠢ ᠪᠠᠷ ᠢ᠋ᠶ᠋ᠠᠨ ᠨᠠᠭᠠᠳᠤᠭᠰᠠᠭᠠᠷ
ᠲᠣᠭᠣᠰᠣᠨ ᠠ᠋ᠴᠠ ᠪᠠᠨ ᠪᠤᠯᠭᠢᠭᠰᠠᠭᠠᠷ
ᠰᠡᠭᠦᠯ ᠢ᠋ᠶ᠋ᠡᠷ ᠢ᠋ᠶ᠋ᠡᠨ ᠨᠠᠭᠠᠳᠤᠭᠰᠠᠭᠠᠷ
ᠰᠡᠭᠦᠳᠡᠷ ᠡᠴᠡ ᠪᠡᠨ ᠪᠤᠯᠭᠢᠭᠰᠠᠭᠠᠷ
ᠡᠵᠡᠨ ᠦ᠌ ᠪᠡᠨ ᠳᠡᠷᠭᠡᠳᠡ ᠢᠷᠡᠵᠡᠢ ᠭᠡᠨ᠎ᠡ᠃
ᠡᠨᠡ ᠮᠣᠷᠢ ᠪᠠᠨ ᠪᠣᠯ
ᠤᠷᠭ᠎ᠠ ᠪᠠᠷ ᠪᠠᠷᠢᠳᠠᠭ ᠦᠭᠡᠢ ᠤᠷᠢᠵᠤ ᠪᠠᠷᠢᠳᠠᠭ᠂
ᠬᠤᠢᠪᠢ ᠪᠠᠷ ᠪᠠᠷᠢᠳᠠᠭ ᠦᠭᠡᠢ ᠬᠤᠷᠤᠢᠯᠠᠵᠤ ᠪᠠᠷᠢᠳᠠᠭ ᠭᠡᠨ᠎ᠡ᠃
ᠴᠢᠩᠭᠢᠭᠡᠳ ᠳᠣᠷᠣᠭᠰᠢ ᠬᠡᠯᠡᠪᠡᠯ᠄
ᠰᠢᠷᠡᠭᠡᠲᠦ ᠶ᠋ᠢᠨ ᠮᠡᠷᠭᠡᠨ ᠬᠠᠭᠠᠨ
ᠰᠢᠵᠢᠷ ᠠᠭᠲᠠ ᠠ᠋ᠴᠠ ᠪᠠᠨ ᠠᠰᠠᠭᠤᠭᠰᠠᠨ ᠨᠢ᠄
《ᠬᠣᠵᠢᠮ ᠤ᠋ᠨ ᠡᠳᠦᠷ ᠢᠷᠡᠬᠦ ᠳ᠋ᠦ᠍
ᠬᠣᠢᠰᠢ ᠶ᠋ᠢᠨ ᠮᠠᠷᠭᠠᠲᠠ ᠪᠣᠯᠬᠤ ᠳ᠋ᠤ᠌
ᠶᠠᠳᠠᠷᠠᠵᠤ ᠵᠦᠳᠡᠷᠡᠬᠦ ᠦᠶ᠎ᠡ ᠳ᠋ᠦ᠍
ᠶᠠᠰᠤ ᠬᠦᠨᠳᠦᠷᠡᠬᠦ ᠴᠠᠭ ᠲᠤ᠌
ᠬᠠᠭᠠᠷᠬᠠᠢ ᠴᠣᠭᠣᠷᠬᠠᠢ ᠶ᠋ᠢ ᠥᠮᠥᠷᠡᠭᠦᠯᠵᠦ ᠥᠭᠬᠦ
ᠬᠠᠨᠢ ᠨᠥᠬᠥᠷ ᠮᠢᠨᠢ ᠬᠠᠮᠢᠭ᠎ᠠ ᠪᠠᠢᠬᠤ ᠪᠣᠯ
ᠬᠠᠷ᠎ᠠ ᠲᠣᠯᠣᠭᠠᠢ ᠪᠠᠨ ᠳᠠᠷᠤᠵᠤ
ᠬᠠᠭᠠᠨ ᠡᠴᠢᠭᠡ ᠡᠴᠡ ᠠᠰᠠᠭᠤᠵᠤ
ᠬᠠᠲᠤᠨ ᠡᠵᠢ ᠡᠴᠡ ᠰᠤᠷᠪᠤᠯᠵᠢᠯᠠᠬᠤᠶᠠ ᠪᠣᠯᠬᠤ ᠤᠤ?》 ᠭᠡᠰᠡᠨ ᠳ᠋ᠦ᠍
ᠬᠤᠯᠤᠰᠤᠨ ᠰᠢᠷᠭ᠎ᠠ ᠮᠣᠷᠢ ᠨᠢ
ᠬᠠᠩᠬᠠᠯᠵᠠᠨ ᠲᠣᠯᠣᠭᠠᠢ ᠪᠠᠨ ᠳᠣᠬᠢᠵᠤ᠄
《ᠪᠣᠯᠤᠨ᠎ᠠ!》 ᠭᠡᠵᠦ ᠢᠨᠴᠠᠭᠠᠵᠤ
《ᠪᠦᠲᠦᠨ᠎ᠡ!》 ᠭᠡᠵᠦ ᠬᠠᠩᠭᠢᠨᠠᠪᠠ ᠭᠡᠨ᠎ᠡ᠃
ᠡᠭᠦᠨ ᠳ᠋ᠦ᠍ ᠬᠠᠭᠠᠨ ᠬᠦᠦ
ᠡᠵᠢ ᠠᠪᠤ ᠳ᠋ᠠᠭᠠᠨ ᠣᠴᠢᠵᠤ
ᠲᠠᠬᠢᠮ ᠡᠪᠦᠳᠦᠭ ᠨᠤᠭᠤᠯᠵᠤ
ᠲᠣᠬᠢᠷ ᠲᠣᠯᠣᠭᠠᠢ ᠪᠥᠬᠥᠢᠵᠦ
ᠬᠦᠨᠳᠦ ᠶᠣᠰᠣ ᠭᠦᠢᠴᠡᠳᠬᠡᠨ
ᠬᠥᠭᠰᠢᠳ ᠦ᠋ᠨ ᠣᠯᠪᠣᠭ ᠤ᠋ᠨ ᠡᠮᠦᠨ᠎ᠡ
ᠬᠥᠯ ᠨᠤᠭᠤᠯᠤᠨ ᠴᠣᠮᠴᠣᠢᠴᠤ ᠰᠠᠭᠤᠭᠰᠠᠨ ᠳ᠋ᠤ᠌
ᠬᠠᠭᠠᠨ ᠲᠡᠭᠦᠰ ᠠᠪᠤ ᠨᠢ
ᠬᠠᠲᠤᠨ ᠰᠦᠷᠦᠩ ᠡᠵᠢ ᠨᠢ
《ᠵᠦᠭᠡᠷ ᠵᠦᠩ ᠳ᠋ᠡᠭᠡᠨ ᠰᠠᠭᠤᠬᠤ ᠦᠭᠡᠢ
ᠵᠣᠯᠭᠠᠬᠤ ᠪᠠᠷ ᠶᠠᠭᠤᠨ ᠳ᠋ᠤ᠌ ᠢᠷᠡᠪᠡ?
ᠬᠦᠨᠳᠦ ᠬᠡᠷᠡᠭ ᠭᠠᠷᠤᠭᠰᠠᠨ ᠤᠤ?
ᠬᠦᠦ ᠮᠢᠨᠢ ᠢᠷᠡᠭᠰᠡᠨ ᠨᠢ ᠶᠠᠭᠤ ᠪᠣᠯᠪᠠ?》 ᠭᠡᠰᠡᠨ ᠳ᠋ᠦ᠍
ᠬᠠᠭᠠᠨ ᠬᠦᠦ ᠬᠠᠷᠢᠭᠤᠯᠤᠭᠰᠠᠨ ᠨᠢ᠄
《ᠠᠪᠤ ᠡᠵᠢ ᠬᠣᠶᠠᠭᠤᠯᠠ ᠠ᠋ᠴᠠ
ᠠᠶᠤᠯ ᠦᠭᠡᠢ ᠠᠰᠠᠭᠤᠬᠤ ᠵᠦᠢᠯ ᠪᠣᠯ
ᠬᠣᠵᠢᠮ ᠤ᠋ᠨ ᠡᠳᠦᠷ ᠢᠷᠡᠬᠦ ᠳ᠋ᠦ᠍
ᠬᠣᠢᠰᠢ ᠶ᠋ᠢᠨ ᠮᠠᠷᠭᠠᠲᠠ ᠪᠣᠯᠬᠤ ᠳ᠋ᠤ᠌
ᠶᠠᠳᠠᠷᠠᠵᠤ ᠵᠦᠳᠡᠷᠡᠬᠦ ᠦᠶ᠎ᠡ ᠳ᠋ᠦ᠍
ᠶᠠᠰᠤ ᠬᠦᠨᠳᠦᠷᠡᠬᠦ ᠴᠠᠭ ᠲᠤ᠌
ᠬᠠᠭᠠᠷᠬᠠᠢ ᠴᠣᠭᠣᠷᠬᠠᠢ ᠶ᠋ᠢ ᠥᠮᠥᠷᠡᠭᠦᠯᠵᠦ ᠥᠭᠬᠦ
ᠬᠠᠨᠢ ᠨᠥᠬᠥᠷ ᠮᠢᠨᠢ
ᠬᠠᠮᠢᠭ᠎ᠠ ᠪᠠᠢᠬᠤ ᠶ᠋ᠢ
ᠬᠠᠭᠠᠨ ᠴᠣᠯᠠᠲᠤ ᠠᠪᠤ
ᠬᠠᠲᠤᠨ ᠴᠣᠯᠠᠲᠤ ᠡᠵᠢ ᠮᠢᠨᠢ
ᠰᠢᠷᠡᠭᠡᠲᠦ ᠶ᠋ᠢᠨ ᠮᠡᠷᠭᠡᠨ ᠬᠦᠦ ᠳ᠋ᠡᠭᠡᠨ
ᠰᠢᠯᠵᠢᠭᠦᠯᠦᠨ ᠵᠥᠩᠨᠡᠵᠦ ᠥᠭᠭᠦᠨ᠎ᠡ ᠤᠤ!》 ᠭᠡᠰᠡᠨ ᠳ᠋ᠦ᠍
ᠬᠠᠭᠠᠨ ᠲᠡᠭᠦᠰ ᠦ᠋ᠨ ᠪᠡᠶ᠎ᠡ
ᠬᠠᠲᠤᠨ ᠰᠦᠷᠦᠩ ᠲᠡᠢ ᠪᠡᠨ ᠬᠠᠮᠲᠤ ᠪᠠᠷ ᠵᠡᠷᠭᠡᠴᠡᠨ
ᠬᠠᠷᠢᠭᠤᠯᠤᠨ ᠵᠥᠩᠨᠡᠵᠦ ᠵᠢᠭᠠᠭᠰᠠᠨ ᠨᠢ᠄
《ᠵᠢᠭᠦᠷ ᠲᠡᠢ ᠰᠢᠪᠠᠭᠤ ᠨᠢᠰᠴᠦ ᠬᠦᠷᠬᠦ ᠦᠭᠡᠢ
ᠲᠤᠭᠤᠷᠠᠢ ᠲᠠᠢ ᠮᠣᠷᠢ ᠴᠥᠮᠥᠴᠢᠵᠦ ᠬᠦᠷᠬᠦ ᠦᠭᠡᠢ
ᠲᠡᠷᠡ ᠪᠠᠷᠠᠭᠤᠨ ᠬᠣᠢᠲᠤ ᠲᠢᠪ ᠦ᠋ᠨ
ᠨᠠᠷᠠᠨ ᠬᠠᠭᠠᠨ ᠤ᠋ ᠥᠬᠢᠨ ᠢ᠋
ᠨᠠᠢᠷ ᠬᠥᠷ ᠦ᠋ᠨ ᠳᠡᠭᠡᠷ᠎ᠡ
ᠥᠨᠳᠡᠭᠡᠨ ᠰᠦᠢ ᠲᠠᠯᠪᠢᠵᠤ
ᠤᠷᠤᠭ ᠲᠣᠭᠲᠠᠭᠰᠠᠨ ᠤᠴᠢᠷ ᠪᠠᠢᠬᠤ ᠲᠤᠯᠠ
ᠬᠦᠦ ᠮᠢᠨᠢ ᠶᠠᠪᠤᠵᠤ
ᠬᠡᠦᠬᠡᠨ ᠢ᠋ᠶ᠋ᠡᠨ ᠣᠯᠵᠤ ᠢᠷ᠎ᠡ!》 ᠭᠡᠰᠡᠨ ᠳ᠋ᠦ᠍
ᠰᠢᠷᠡᠭᠡᠲᠦ ᠶ᠋ᠢᠨ ᠮᠡᠷᠭᠡᠨ ᠬᠠᠭᠠᠨ
ᠰᠢᠯᠪᠢ ᠲᠤᠯᠭᠠᠨ ᠰᠥᠭᠥᠳᠴᠦ
ᠰᠢᠯᠵᠢᠯ ᠦᠭᠡᠢ ᠮᠥᠷᠭᠥᠭᠡᠳ
ᠰᠠᠯᠬᠤ ᠶᠣᠰᠣ ᠪᠠᠨ ᠭᠦᠢᠴᠡᠳᠬᠡᠨ
ᠰᠠᠭᠤᠷᠢ ᠠ᠋ᠴᠠ ᠪᠠᠨ ᠡᠷᠭᠢᠵᠦ
ᠡᠴᠢᠭᠡ ᠡᠬᠡ ᠡᠴᠡ ᠪᠡᠨ ᠰᠠᠯᠵᠤ
ᠡᠷᠦᠬᠡ ᠶ᠋ᠢᠨ ᠭᠠᠳᠠᠨ᠎ᠠ ᠭᠠᠷᠴᠤ
ᠬᠥᠨᠳᠡᠢ ᠲᠠᠯ᠎ᠠ ᠶ᠋ᠢᠨ ᠵᠦᠭ ᠵᠣᠭᠰᠣᠵᠤ
ᠬᠦᠯᠦᠭ ᠮᠣᠷᠢ ᠪᠠᠨ ᠤᠷᠢᠭᠠᠳ
ᠤᠷᠭ᠎ᠠ ᠪᠠᠷ ᠪᠠᠷᠢᠭᠰᠠᠨ ᠦᠭᠡᠢ
ᠤᠷᠢᠵᠤ ᠳᠠᠭᠤᠳᠠᠨ ᠪᠠᠷᠢᠭᠠᠳ
ᠬᠤᠢᠪᠢ ᠪᠠᠷ ᠪᠠᠷᠢᠭᠰᠠᠨ ᠦᠭᠡᠢ
ᠬᠤᠷᠤᠢᠯᠠᠵᠤ ᠳᠠᠭᠤᠳᠠᠨ ᠪᠠᠷᠢᠭᠠᠳ᠂
ᠣᠷᠳᠣᠨ ᠳ᠋ᠠᠭᠠᠨ ᠪᠤᠴᠠᠵᠤ
ᠣᠯᠠᠨ ᠳ᠋ᠠᠭᠠᠨ ᠬᠡᠯᠡᠵᠦ
ᠬᠣᠯᠠ ᠠᠶᠠᠨ ᠳ᠋ᠤ᠌ ᠠᠶᠠᠯᠠᠬᠤ ᠪᠠᠷ
ᠬᠤᠯᠤᠰᠤᠨ ᠰᠢᠷᠭ᠎ᠠ ᠮᠣᠷᠢ ᠪᠠᠨ
ᠬᠤᠷᠤᠭᠤ ᠳᠠᠷᠤᠨ ᠰᠣᠢᠵᠤ
ᠬᠣᠨᠣᠭ ᠲᠣᠭᠠᠯᠠᠨ ᠤᠶᠠᠵᠤ ᠡᠬᠢᠯᠡᠪᠡ ᠭᠡᠨ᠎ᠡ᠃
ᠨᠢᠭᠡᠨ ᠬᠣᠨᠣᠭ ᠤᠶᠠᠵᠤ
ᠨᠢᠮᠭᠡᠨ ᠮᠢᠬ᠎ᠠ ᠨᠢ ᠱᠠᠮᠠᠢᠵᠣ ᠭᠡᠨ᠎ᠡ᠃
ᠬᠣᠶᠠᠷ ᠬᠣᠨᠣᠭ ᠤᠶᠠᠵᠤ
ᠬᠣᠩᠭᠣᠨ ᠮᠢᠬ᠎ᠠ ᠨᠢ ᠱᠠᠮᠠᠢᠵᠣ ᠭᠡᠨ᠎ᠡ᠃
ᠭᠤᠷᠪᠠᠨ ᠬᠣᠨᠣᠭ ᠤᠶᠠᠵᠤ
ᠭᠤᠶ᠎ᠠ ᠶ᠋ᠢᠨ ᠮᠢᠬ᠎ᠠ ᠨᠢ ᠱᠠᠮᠠᠢᠵᠤ ᠭᠡᠨ᠎ᠡ᠃
ᠳᠥᠷᠪᠡ ᠬᠣᠨᠣᠭ ᠤᠶᠠᠵᠤ
ᠳᠥᠷᠦᠭᠡᠨ ᠮᠢᠬ᠎ᠠ ᠨᠢ ᠱᠠᠮᠠᠢᠵᠤ ᠭᠡᠨ᠎ᠡ᠃
ᠲᠠᠪᠤ ᠬᠣᠨᠣᠭ ᠤᠶᠠᠵᠤ
ᠲᠠᠷᠭᠤᠨ ᠮᠢᠬ᠎ᠠ ᠨᠢ ᠱᠠᠮᠠᠢᠵᠤ ᠭᠡᠨ᠎ᠡ᠃
ᠵᠢᠷᠭᠤᠭᠠᠨ ᠬᠣᠨᠣᠭ ᠤᠶᠠᠵᠤ
ᠵᠤᠤᠵᠠᠢ ᠶ᠋ᠢᠨ ᠮᠢᠬ᠎ᠠ ᠨᠢ ᠱᠠᠮᠠᠢᠵᠤ ᠭᠡᠨ᠎ᠡ᠃
ᠳᠣᠯᠣᠭᠠᠨ ᠬᠣᠨᠣᠭ ᠤᠶᠠᠵᠤ
ᠲᠣᠬᠣᠮ ᠤ᠋ᠨ ᠮᠢᠬ᠎ᠠ ᠨᠢ ᠱᠠᠮᠠᠢᠵᠤ ᠭᠡᠨ᠎ᠡ᠃
ᠨᠠᠢ᠍ᠮᠠ ᠬᠣᠨᠣᠭ ᠤᠶᠠᠵᠤ
ᠨᠠᠷᠢᠨ ᠮᠢᠬ᠎ᠠ ᠨᠢ ᠱᠠᠮᠠᠢᠵᠤ ᠭᠡᠨ᠎ᠡ᠃
ᠶᠢᠰᠦ ᠬᠣᠨᠣᠭ ᠤᠶᠠᠵᠤ
ᠢᠳᠡᠷ ᠮᠢᠬ᠎ᠠ ᠨᠢ ᠱᠠᠮᠠᠢᠵᠤ ᠭᠡᠨ᠎ᠡ᠃
ᠠᠷᠪᠠ ᠬᠣᠨᠣᠭ ᠤᠶᠠᠵᠤ
ᠠᠯᠠᠭ ᠮᠢᠬ᠎ᠠ ᠨᠢ ᠱᠠᠮᠠᠢᠵᠤ
ᠰᠠᠪᠬ᠎ᠠ ᠶ᠋ᠢᠨ ᠴᠢᠨᠡᠭᠡ ᠰᠢᠭᠡᠵᠦ
ᠬᠣᠷᠭᠣᠯ ᠤ᠋ᠨ ᠲᠡᠳᠦᠢ ᠪᠠᠭᠠᠵᠤ ᠪᠠᠢᠨ᠎ᠠ ᠭᠡᠨ᠎ᠡ᠃
ᠵᠠ ᠲᠡᠭᠡᠭᠡᠳ ᠮᠢᠨᠳᠠᠰᠤᠨ ᠰᠠᠢᠬᠠᠨ ᠨᠣᠭᠲᠣ ᠶ᠋ᠢ ᠨᠢ
ᠮᠠᠩᠨᠠᠢ ᠳᠤᠮᠳᠠ ᠨᠢ ᠲᠠᠭᠠᠷᠠᠭᠤᠯᠵᠤ
ᠮᠢᠩᠭᠠᠨ ᠯᠠᠩ ᠤ᠋ᠨ ᠬᠠᠵᠠᠭᠠᠷ ᠢ᠋ ᠨᠢ
ᠠᠮᠠᠭᠠᠢ ᠵᠠᠭᠤᠯᠭᠠᠨ ᠡᠮᠬᠦᠭᠦᠯᠵᠦ
ᠭᠥᠷᠦᠭᠡᠰᠦᠨ ᠦ᠌ ᠶᠠᠰᠤ ᠪᠠᠷ
ᠬᠦᠷᠢᠶᠡᠯᠡᠵᠦ ᠴᠢᠮᠡᠭᠯᠡᠨ ᠬᠢᠭᠰᠡᠨ
ᠬᠦᠳᠡᠷ ᠪᠤᠭᠤ ᠶ᠋ᠢᠨ ᠶᠠᠰᠤ ᠪᠠᠷ
ᠵᠠᠭᠠᠭᠯᠠᠵᠤ ᠴᠢᠮᠡᠭᠯᠡᠨ ᠬᠢᠭᠰᠡᠨ
ᠨᠠᠢᠭᠤᠭ᠎ᠠ ᠽᠠᠨᠳᠠᠨ ᠪᠦᠭᠦᠷᠭᠡ ᠨᠢ
ᠡᠮᠦᠨ᠎ᠡ ᠬᠣᠢᠨ᠎ᠠ ᠨᠢ ᠭᠢᠯᠪᠠᠵᠤ
ᠨᠠᠢ᠍ᠮᠠᠨ ᠰᠠᠢᠬᠠᠨ ᠭᠠᠨᠵᠤᠭ᠎ᠠ ᠨᠢ
ᠯᠠᠪᠷᠢ ᠪᠣᠯᠤᠨ ᠬᠡᠢᠰᠦᠭᠰᠡᠨ
ᠨᠠᠪᠴᠢ ᠬᠤᠸᠠᠷ ᠤ᠋ᠨ ᠭᠥᠯᠢᠮ ᠨᠢ
ᠵᠢᠭᠦᠷ ᠪᠣᠯᠤᠨ ᠳᠡᠯᠭᠡᠭᠰᠡᠨ
ᠨᠠᠷᠠᠨ ᠰᠠᠷᠠᠨ ᠳᠥᠷᠥᠭᠡ ᠨᠢ
ᠨᠠᠭᠠᠲᠠᠢ ᠴᠠᠭᠠᠲᠠᠢ ᠨᠢ ᠭᠢᠯᠪᠠᠯᠵᠠᠵᠤ
ᠥᠨᠳᠥᠷ ᠭᠡᠭᠴᠢ ᠬᠥᠮᠦᠨ ᠢ᠋ᠶ᠋ᠡᠷ ᠴᠢᠬᠢᠳᠡᠭᠦᠯᠦᠨ
ᠪᠣᠭᠣᠨᠢ ᠭᠡᠭᠴᠢ ᠬᠥᠮᠦᠨ ᠢ᠋ᠶ᠋ᠡᠷ ᠴᠢᠳᠦᠷᠯᠡᠭᠦᠯᠦᠭᠡᠳ
ᠲᠦᠮᠡᠨ ᠯᠠᠩ ᠤ᠋ᠨ ᠡᠮᠡᠭᠡᠯ ᠢ᠋ ᠨᠢ
ᠲᠥᠪ ᠳᠤᠮᠳᠠ ᠨᠢ ᠲᠣᠬᠣᠵᠤ
ᠲᠩᠷᠢ ᠲᠤᠯᠤᠮ᠎ᠠ ᠳᠡᠭᠳᠡᠪᠡᠴᠦ
ᠦᠯᠦ ᠰᠠᠯᠬᠤ ᠪᠠᠷ ᠲᠠᠭᠠᠷᠠᠭᠤᠯᠵᠤ᠂
ᠣᠭᠣᠨᠣ ᠶ᠋ᠢᠨ ᠠᠷᠠᠰᠤᠨ ᠣᠯᠣᠩ ᠢ᠋ ᠨᠢ
ᠣᠭᠰᠢᠷᠠᠲᠠᠯᠠ ᠨᠢ ᠲᠠᠲᠠᠵᠤ
ᠣᠭᠲᠠᠷᠭᠤᠢ ᠲᠤᠯᠤᠮ᠎ᠠ ᠳᠡᠭᠳᠡᠪᠡᠴᠦ
ᠦᠯᠦ ᠰᠠᠯᠬᠤ ᠪᠠᠷ ᠵᠣᠬᠢᠶᠠᠵᠤ᠂
ᠵᠡᠭᠡᠷ᠎ᠡ ᠶ᠋ᠢᠨ ᠠᠷᠠᠰᠤᠨ ᠵᠢᠷᠢᠮ ᠢ᠋ ᠨᠢ
ᠵᠢᠭᠳᠡᠷᠡᠲᠡᠯ᠎ᠡ ᠲᠠᠲᠠᠵᠤ
ᠵᠢᠪᠠᠷ ᠪᠠᠷᠢᠭᠠᠳ ᠳᠡᠭᠳᠡᠪᠡᠴᠦ
ᠦᠯᠦ ᠰᠠᠯᠬᠤ ᠪᠠᠷ ᠵᠣᠬᠢᠶᠠᠵᠤ᠂
ᠳᠠᠯᠠᠨ ᠯᠠᠩ ᠤ᠋ᠨ ᠲᠠᠰᠢᠭᠤᠷ ᠢ᠋
ᠳᠠᠯᠤ ᠳᠤᠮᠳᠠ ᠨᠢ ᠲᠠᠭᠠᠷᠠᠭᠤᠯᠵᠤ
ᠳᠠᠯᠠᠨ ᠬᠡᠳᠦᠨ ᠬᠥᠮᠦᠨ ᠢ᠋ᠶ᠋ᠡᠷ
ᠰᠤᠭᠤᠳᠠᠭᠤᠯᠤᠨ ᠮᠣᠷᠳᠠᠪᠠ ᠭᠡᠨ᠎ᠡ᠃
ᠵᠠ! ᠲᠡᠭᠡᠭᠡᠳ ᠶᠡᠷᠦ
ᠬᠣᠯᠠ ᠶ᠋ᠢᠨ ᠪᠠᠢᠳᠠᠯ ᠲᠠᠢ
ᠬᠤᠯᠤᠰᠤᠨ ᠰᠢᠷᠭ᠎ᠠ ᠮᠣᠷᠢ ᠨᠢ
ᠢᠷᠠᠭᠤ ᠡᠵᠡᠨ ᠳ᠋ᠡᠭᠡᠨ ᠬᠡᠯᠡᠭᠰᠡᠨ ᠨᠢ᠄
《ᠡᠵᠡᠨ ᠮᠢᠨᠢ ᠰᠣᠨᠣᠰ!
ᠡᠨᠳᠡᠭᠳᠡᠯ ᠬᠡᠳᠦ ᠪᠠᠢᠨ᠎ᠠ᠃
ᠡᠭᠦᠨ ᠢ᠋ ᠲᠡᠰᠴᠦ ᠥᠩᠭᠡᠷᠡᠪᠡᠯ
ᠡᠷᠭᠢᠵᠦ ᠶᠡᠷᠦ ᠲᠦᠭᠰᠢᠭᠦᠷᠢ ᠦᠭᠡᠢ》 ᠭᠡᠰᠡᠨ ᠳ᠋ᠦ᠍
ᠰᠢᠷᠡᠭᠡᠲᠦ ᠶ᠋ᠢᠨ ᠮᠡᠷᠭᠡᠨ ᠬᠠᠭᠠᠨ
ᠰᠢᠳᠠᠷ ᠠᠭᠲᠠ ᠠ᠋ᠴᠠ ᠪᠠᠨ ᠠᠰᠠᠭᠤᠭᠰᠠᠨ ᠨᠢ᠄
《ᠡᠨᠳᠡᠭᠳᠡᠯ ᠭᠡᠳᠡᠭ ᠶᠠᠭᠤ ᠪᠣᠢ?
ᠡᠭᠦᠨ ᠢ᠋ᠶ᠋ᠡᠨ ᠲᠠᠢᠯᠵᠤ ᠥᠭᠭᠦᠨ᠎ᠡ ᠤᠤ?》 ᠭᠡᠰᠡᠨ ᠳ᠋ᠦ᠍
ᠠᠶᠤᠯᠲᠤ ᠲᠡᠢᠨ ᠳ᠋ᠦ᠍ ᠤᠨᠤᠳᠠᠭ
ᠠᠭᠲᠠ ᠶ᠋ᠢᠨ ᠮᠠᠩᠯᠠᠢ ᠪᠣᠯᠳᠠᠭ
ᠶᠡᠷᠦ ᠬᠣᠯᠠ ᠶ᠋ᠢᠨ ᠪᠠᠢᠳᠠᠯ ᠲᠠᠢ
ᠬᠤᠯᠤᠰᠤᠨ ᠰᠢᠷᠭ᠎ᠠ ᠮᠣᠷᠢ ᠨᠢ᠄
《ᠣᠳᠣ ᠠ᠋ᠴᠠ ᠪᠢ ᠲᠣᠭᠯᠠᠵᠤ
ᠣᠭᠲᠠᠷᠭᠤᠢ ᠳ᠋ᠤ᠌ ᠭᠠᠷᠴᠤ
ᠣᠳᠣ ᠲᠣᠭᠠᠯᠠᠨ ᠪᠤᠯᠭᠢᠨ᠎ᠠ᠃
ᠣᠢ ᠰᠢᠭᠤᠢ ᠪᠠᠷ ᠨᠡᠪᠲᠡᠯᠵᠦ
ᠨᠠᠪᠴᠢ ᠲᠣᠭᠠᠯᠠᠨ ᠪᠤᠯᠭᠢᠨ᠎ᠠ᠃
ᠭᠠᠵᠠᠷ ᠳᠣᠣᠷ᠎ᠠ ᠣᠷᠣᠵᠤ
ᠦᠨᠳᠦᠰᠦ ᠲᠣᠭᠠᠯᠠᠨ ᠪᠤᠯᠭᠢᠨ᠎ᠠ᠃
ᠭᠠᠢᠬᠠᠯᠳᠤ ᠳᠠᠯᠠᠢ ᠳ᠋ᠤ᠌ ᠣᠷᠣᠵᠤ
ᠵᠢᠷᠠᠭᠠᠬᠠᠢ ᠲᠣᠭᠠᠯᠠᠨ ᠪᠤᠯᠭᠢᠨ᠎ᠠ᠃
ᠤᠨᠤᠵᠤ ᠰᠠᠭᠤᠬᠤ ᠪᠠᠨ ᠬᠢᠴᠢᠶᠡᠭᠡᠷᠡᠢ!》 ᠭᠡᠵᠦ
ᠤᠬᠤᠰᠬᠢᠵᠦ ᠳᠠᠪᠬᠢᠭᠠᠳ
ᠣᠭᠲᠠᠷᠭᠤᠢ ᠳ᠋ᠤ᠌ ᠭᠠᠷᠴᠤ
ᠣᠳᠣ ᠲᠣᠭᠠᠯᠠᠨ ᠪᠤᠯᠭᠢᠭᠠᠳ
ᠣᠢ ᠰᠢᠭᠤᠢ ᠪᠠᠷ ᠨᠡᠪᠲᠡᠯᠵᠦ
ᠨᠠᠪᠴᠢ ᠲᠣᠭᠠᠯᠠᠨ ᠪᠤᠯᠭᠢᠭᠠᠳ
ᠭᠠᠢᠬᠠᠯᠳᠤ ᠳᠠᠯᠠᠢ ᠳ᠋ᠤ᠌ ᠣᠷᠣᠵᠤ
ᠵᠢᠷᠠᠭᠠᠬᠠᠢ ᠲᠣᠭᠠᠯᠠᠨ ᠪᠤᠯᠭᠢᠭᠠᠳ᠂
ᠪᠣᠯᠳᠠᠭ ᠭᠡᠬᠦ ᠨᠡᠷᠡᠲᠡᠢ
ᠪᠤᠮᠪᠤᠨ ᠴᠠᠭᠠᠨ ᠠᠭᠤᠯᠠᠨ ᠳᠡᠭᠡᠷ᠎ᠡ ᠵᠣᠭᠰᠣᠪᠠ᠃
ᠴᠢᠩᠭᠢᠭᠡᠳ ᠬᠠᠭᠠᠨ ᠬᠦᠦ
ᠠᠭᠲᠠ ᠠ᠋ᠴᠠ ᠪᠠᠨ ᠪᠠᠭᠤᠵᠤ
ᠠᠮᠢᠰᠬᠤᠭ᠎ᠠ ᠪᠠᠨ ᠳᠠᠷᠤᠵᠤ ᠮᠣᠷᠳᠠᠶ᠎ᠠ ᠭᠡᠳ
ᠠᠭᠤᠯᠠᠨ ᠤ᠋ ᠣᠷᠣᠢ ᠳ᠋ᠤ᠌ ᠰᠠᠭᠤᠵᠤ
ᠠᠭᠤᠳᠠᠮ ᠰᠢᠯᠢ ᠶ᠋ᠢ ᠬᠠᠷᠠᠭᠠᠳ
ᠭᠠᠩ ᠬᠡᠲᠡ ᠪᠡᠨ ᠴᠣᠬᠢᠵᠤ
ᠭᠠᠩᠰᠠ ᠰᠢᠯᠪᠢ ᠪᠡᠨ ᠵᠠᠭᠤᠵᠤ
ᠭᠠᠯᠵᠠᠭᠤ ᠰᠢᠷ᠎ᠠ ᠲᠠᠮᠠᠬᠢ ᠪᠠᠨ
ᠭᠠᠪ ᠭᠠᠪ ᠰᠠᠪᠰᠠᠬᠤ ᠳ᠋ᠤ᠌᠂
ᠠᠮᠠᠨ ᠤ᠋ ᠤᠲᠤᠭ᠎ᠠ ᠨᠢ
ᠠᠷᠪᠠᠨ ᠰᠢᠯᠢ ᠶ᠋ᠢ ᠪᠦᠷᠬᠦᠵᠦ
ᠬᠣᠭᠣᠯᠠᠢ ᠶ᠋ᠢᠨ ᠤᠲᠤᠭ᠎ᠠ ᠨᠢ
ᠬᠣᠷᠢᠨ ᠰᠢᠯᠢ ᠶ᠋ᠢ ᠪᠦᠷᠬᠦᠵᠦ
ᠪᠠᠷᠠᠭᠤᠨ ᠵᠠᠪᠠᠵᠢ ᠶ᠋ᠢᠨ ᠤᠲᠤᠭ᠎ᠠ ᠨᠢ
ᠪᠠᠷᠠᠭᠤᠨ ᠰᠢᠯᠢ ᠶ᠋ᠢ ᠪᠦᠷᠬᠦᠵᠦ
ᠵᠡᠭᠦᠨ ᠵᠠᠪᠠᠵᠢ ᠶ᠋ᠢᠨ ᠤᠲᠤᠭ᠎ᠠ ᠨᠢ
ᠵᠡᠭᠦᠨ ᠰᠢᠯᠢ ᠶ᠋ᠢ ᠪᠦᠷᠬᠦᠭᠰᠡᠨ ᠳ᠋ᠦ᠍
ᠡᠨᠳᠡᠬᠢ ᠠᠮᠢᠲᠠᠨ
ᠡᠯᠵᠢᠭᠡ ᠪᠡᠨ ᠬᠥᠯᠵᠦ
ᠲᠡᠨᠳᠡᠬᠢ ᠠᠮᠢᠲᠠᠨ
ᠲᠡᠷᠭᠡ ᠪᠡᠨ ᠬᠥᠯᠵᠦ
ᠬᠣᠯᠠ ᠶ᠋ᠢᠨ ᠲᠦᠢᠮᠡᠷ ᠦ᠋ᠨ ᠤᠲᠤᠭ᠎ᠠ
ᠬᠤᠷᠤᠢᠯᠠᠵᠤ ᠢᠷᠡᠪᠡ ᠭᠡᠳ
ᠬᠣᠢᠰᠢ ᠤᠷᠤᠭᠰᠢ ᠳᠤᠲᠠᠭᠠᠵᠤ
ᠬᠤᠪᠢ ᠬᠣᠪᠢᠨ ᠳ᠋ᠠᠭᠠᠨ ᠰᠠᠨᠳᠤᠷᠴᠤ ᠪᠠᠢᠨ᠎ᠠ ᠭᠡᠨ᠎ᠡ᠃
ᠳᠠᠬᠢᠭᠠᠳ ᠬᠠᠭᠠᠨ ᠬᠦᠦ
ᠲᠠᠮᠠᠬᠢ ᠪᠠᠨ ᠲᠡᠳᠡᠨ ᠪᠠᠷᠠᠵᠤ ᠭᠠᠩᠰᠠᠨ
ᠲᠣᠯᠣᠭᠠᠢ ᠪᠠᠨ ᠡᠷᠭᠦᠵᠦ
ᠳᠠᠯᠠᠨ ᠠᠯᠲᠠ ᠬᠠᠳᠠ ᠶ᠋ᠢᠨ ᠣᠷᠣᠢ ᠳᠡᠭᠡᠷ᠎ᠡ
ᠲᠡᠪᠰᠢᠨ ᠭᠦᠪᠢᠵᠦ ᠲᠣᠭᠰᠢᠬᠤ ᠳ᠋ᠤ᠌
ᠴᠠᠭᠠᠲᠠᠢ ᠪᠠᠢᠭᠰᠠᠨ ᠠᠮᠢᠲᠠᠨ ᠨᠤᠭᠤᠳ ᠨᠢ
ᠴᠢᠬᠢ ᠪᠡᠨ ᠲᠠᠯᠪᠢᠨ ᠴᠢᠩᠨᠠᠵᠤ
ᠴᠡᠯᠮᠡᠭ ᠲᠩᠷᠢ ᠲᠤᠩᠭᠠᠯᠠᠭ ᠪᠠᠢᠬᠤ ᠳ᠋ᠤ᠌
ᠴᠠᠬᠢᠯᠭᠠᠨ ᠶᠠᠭᠤᠨ ᠳ᠋ᠤ᠌ ᠳᠤᠤᠭᠠᠷᠪᠠ ᠭᠡᠳ᠂
ᠴᠢᠨᠦ ᠮᠢᠨᠦ ᠦᠭᠡᠢ ᠶᠠᠷᠢᠯᠴᠠᠵᠠᠭᠠᠵᠤ
ᠰᠢᠲᠦ ᠤᠷᠤᠭᠤᠯ ᠢ᠋ᠶ᠋ᠠᠨ ᠬᠠᠪᠢᠷᠤᠭᠤᠯᠵᠤ ᠪᠠᠢᠨ᠎ᠠ ᠭᠡᠨ᠎ᠡ᠃
ᠵᠠ! ᠴᠢᠨᠠᠭᠰᠢ ᠬᠡᠯᠡᠪᠡᠯ᠄
ᠬᠠᠭᠠᠨ ᠲᠡᠭᠦᠰ ᠦ᠋ᠨ ᠨᠤᠲᠤᠭ ᠠ᠋ᠴᠠ
ᠨᠠᠷᠠᠨ ᠬᠠᠭᠠᠨ ᠤ᠋ ᠣᠷᠣᠨ ᠬᠦᠷᠲᠡᠯ᠎ᠡ
ᠠᠷᠪᠠᠨ ᠬᠣᠶᠠᠷ ᠵᠢᠯ ᠦ᠋ᠨ
ᠠᠶᠠᠨ ᠵᠠᠮ ᠠᠯᠤᠰ ᠭᠡᠨ᠎ᠡ᠃
ᠰᠢᠷᠡᠭᠡᠲᠦ ᠶ᠋ᠢᠨ ᠮᠡᠷᠭᠡᠨ ᠬᠠᠭᠠᠨ
ᠰᠢᠯᠵᠢᠨ ᠴᠢᠨᠠᠭᠰᠢ ᠮᠥᠷᠳᠡᠵᠦ
ᠴᠠᠬᠢᠯᠭᠠᠨ ᠤ᠋ ᠭᠡᠷᠡᠯ ᠰᠢᠭ ᠭᠢᠯᠪᠠᠯᠵᠠᠭᠤᠯᠵᠤ
ᠴᠢᠳᠠᠬᠤ ᠴᠢᠨᠡᠭᠡ ᠪᠡᠷ ᠨᠢ ᠭᠦᠶᠦᠯᠭᠡᠵᠦ
ᠡᠳᠦᠷ ᠰᠥᠨᠢ ᠶ᠋ᠢᠨ ᠢᠯᠭᠠᠯ ᠦᠭᠡᠢ
ᠡᠭᠦᠯᠡ ᠪᠠᠷᠢᠨ ᠳᠡᠭᠳᠡᠭᠦᠯᠵᠦ
ᠡᠯᠢᠶ᠎ᠡ ᠱᠠᠭᠠᠵᠠᠭᠠᠢ ᠲᠠᠢ ᠣᠷᠣᠯᠳᠣᠭᠰᠠᠭᠠᠷ
ᠡᠯᠡᠰᠦ ᠮᠠᠩᠬ᠎ᠠ ᠶ᠋ᠢ ᠥᠩᠭᠡᠷᠡᠭᠰᠡᠭᠡᠷ
ᠰᠠᠯᠬᠢᠨ ᠵᠢᠪᠠᠷ ᠠ᠋ᠴᠠ ᠤᠷᠢᠲᠠᠭᠰᠠᠭᠠᠷ
ᠰᠠᠪᠠ ᠶᠡᠬᠡ ᠳᠠᠯᠠᠢ ᠶ᠋ᠢ ᠭᠡᠲᠦᠯᠦᠭᠰᠡᠭᠡᠷ
ᠲᠩᠷᠢ ᠭᠠᠵᠠᠷ ᠨᠡᠢᠯᠡᠵᠦ ᠪᠠᠢᠬᠤ
ᠲᠡᠷᠡ ᠪᠠᠷᠠᠭᠤᠨ ᠬᠣᠢᠲᠤ ᠳ᠋ᠤ᠌
ᠨᠢᠭᠡ ᠶᠡᠬᠡ ᠠᠢᠯ ᠬᠠᠷᠠᠭᠳᠠᠭᠰᠠᠨ ᠳ᠋ᠤ᠌
ᠨᠢᠰᠬᠦ ᠮᠡᠲᠦ ᠳᠠᠪᠬᠢᠵᠤ ᠢᠷᠡᠨ
ᠠᠢᠯ ᠳ᠋ᠤ᠌ ᠢᠷᠡᠵᠦ ᠪᠠᠭᠤᠭᠰᠠᠨ ᠳ᠋ᠤ᠌
ᠠᠷᠢᠭᠤᠨ ᠰᠠᠢᠬᠠᠨ ᠭᠤᠷᠪᠠᠨ ᠵᠠᠯᠠᠭᠤ
ᠠᠯᠲᠠᠨ ᠨᠤᠮᠤ ᠰᠠᠭᠠᠳᠠᠭ ᠵᠦᠯᠭᠦᠵᠦ
ᠠᠮᠤᠷ ᠰᠠᠭᠤᠵᠤ ᠪᠠᠢᠨ᠎ᠠ ᠭᠡᠨ᠎ᠡ᠃
ᠬᠠᠭᠠᠨ ᠬᠦᠦ ᠣᠷᠣᠵᠤ ᠢᠷᠡᠭᠡᠳ
ᠬᠠᠮᠤᠭ ᠮᠡᠨᠳᠦ ᠰᠠᠢᠨ ᠢ᠋ ᠨᠢ ᠠᠰᠠᠭᠤᠵᠤ
ᠬᠥᠮᠦᠨ ᠦ᠌ ᠠᠶᠠᠭᠠᠯᠠᠨ ᠥᠭᠭᠦᠭᠰᠡᠨ
ᠬᠥᠬᠡ ᠴᠠᠢ ᠶ᠋ᠢ ᠨᠢ ᠤᠤᠭᠤᠵᠤ ᠪᠠᠢᠲᠠᠯ᠎ᠠ
ᠭᠤᠷᠪᠠᠨ ᠰᠠᠢᠬᠠᠨ ᠵᠠᠯᠠᠭᠤ ᠶ᠋ᠢᠨ
ᠭᠣᠶᠣ ᠨᠢᠭᠡᠨ ᠵᠠᠯᠠᠭᠤ ᠨᠢ
ᠡᠪᠴᠢᠭᠦᠦ ᠪᠡᠨ ᠲᠦᠯᠬᠢᠵᠦ
ᠡᠷᠡᠬᠡᠢ ᠬᠤᠷᠤᠭᠤ ᠪᠠᠨ ᠭᠠᠷᠭᠠᠵᠤ᠄
《ᠪᠢᠳᠡᠨ ᠭᠤᠷᠪᠠ ᠰᠢᠭ᠋ ᠭᠣᠶᠣ ᠵᠠᠯᠠᠭᠤ ᠶ᠋ᠢ
ᠪᠢᠨᠳᠦ ᠵᠢᠷᠤᠭ ᠳᠡᠭᠡᠷ᠎ᠡ ᠦᠵᠡᠪᠡ ᠤᠤ?》 ᠭᠡᠰᠡᠨ ᠳ᠋ᠦ᠍
ᠪᠤᠰᠤ ᠨᠢᠭᠡᠨ ᠵᠠᠯᠠᠭᠤ ᠨᠢ
ᠪᠤᠷᠤᠭᠤ ᠲᠠᠢᠰᠢ ᠬᠠᠨᠳᠤᠵᠤ᠄
《ᠪᠡᠶ᠎ᠡ ᠪᠡᠨ ᠮᠡᠳᠡᠬᠦ ᠦᠭᠡᠢ ᠦᠭᠡ ᠶ᠋ᠢ
ᠪᠢᠲᠡᠭᠡᠢ ᠵᠣᠷᠢᠭ ᠢ᠋ᠶ᠋ᠠᠷ ᠢ᠋ᠶ᠋ᠠᠨ ᠶᠠᠷᠢ!
ᠴᠢ ᠪᠢᠳᠡ ᠭᠤᠷᠪᠠᠭᠤᠯᠠ ᠶᠠᠭᠤ ᠪᠠᠢᠬᠤ ᠪᠣᠢ᠃
ᠵᠡᠭᠦᠨ ᠤᠷᠲᠤ ᠲᠢᠪ ᠢ᠋ ᠡᠵᠡᠯᠡᠭᠰᠡᠨ
ᠬᠠᠭᠠᠨ ᠲᠡᠭᠦᠰ ᠦ᠋ᠨ ᠬᠦᠦ ᠭᠡᠳᠡᠭ
ᠰᠢᠷᠡᠭᠡᠲᠦ ᠶ᠋ᠢᠨ ᠮᠡᠷᠭᠡᠨ ᠬᠠᠭᠠᠨ ᠪᠣᠯ
ᠪᠡᠷᠬᠡ ᠶ᠋ᠢᠨ ᠰᠠᠢᠬᠠᠨ ᠭᠣᠶᠣ ᠡᠷ᠎ᠡ ᠭᠡᠨ᠎ᠡ᠃
ᠲᠡᠷᠡ ᠲᠡᠢ ᠠᠳᠠᠯᠢᠳᠬᠠᠨ ᠦᠵᠡᠪᠡᠯ
ᠲᠡᠩᠴᠡᠬᠦ ᠡᠷ᠎ᠡ ᠪᠠᠢᠨ᠎ᠠ ᠤᠤ?》 ᠭᠡᠰᠡᠨ ᠳ᠋ᠦ᠍
ᠰᠢᠷᠡᠭᠡᠲᠦ ᠶ᠋ᠢᠨ ᠮᠡᠷᠭᠡᠨ ᠬᠠᠭᠠᠨ
ᠰᠠᠭᠤᠭᠰᠠᠨ ᠠ᠋ᠴᠠ ᠪᠠᠨ ᠪᠣᠰᠴᠤ᠄
《ᠨᠠᠷᠠᠨ ᠬᠠᠭᠠᠨ ᠤ᠋ ᠣᠷᠳᠣᠨ
ᠨᠡᠯᠢᠶᠡᠳ ᠬᠣᠯᠠ ᠪᠠᠢᠨ᠎ᠠ ᠤᠤ?》 ᠭᠡᠰᠡᠨ ᠳ᠋ᠦ᠍
ᠭᠣᠶᠣ ᠰᠠᠢᠬᠠᠨ ᠵᠠᠯᠠᠭᠤᠴᠤᠳ᠄
《ᠭᠤᠷᠪᠠᠨ ᠵᠢᠯ ᠦ᠋ᠨ ᠭᠠᠵᠠᠷ ᠪᠠᠢᠨ᠎ᠠ》 ᠭᠡᠪᠡ᠃
ᠬᠠᠭᠠᠨ ᠬᠦᠦ ᠡᠨᠳᠡ ᠡᠴᠡ ᠭᠠᠷᠴᠤ
ᠬᠠᠲᠠᠷᠢᠭᠤᠯᠤᠨ ᠴᠢᠨᠠᠭᠰᠢ ᠶᠠᠪᠤᠭᠰᠠᠭᠠᠷ
ᠪᠠᠰᠠ ᠨᠢᠭᠡᠨ ᠠᠢᠯ ᠳ᠋ᠤ᠌ ᠬᠦᠷᠦᠭᠡᠳ
ᠪᠤᠯᠠᠭ ᠤ᠋ᠨ ᠳᠡᠭᠡᠷ᠎ᠡ ᠨᠢ ᠪᠠᠭᠤᠵᠤ
ᠪᠠᠭᠤᠳᠠᠯ ᠳ᠋ᠤᠨᠢ ᠣᠷᠣᠭᠠᠳ
ᠪᠠᠷᠠᠯᠠᠨ ᠬᠠᠷᠠᠵᠤ ᠦᠵᠡᠭᠰᠡᠨ ᠳ᠋ᠦ᠍᠂
ᠭᠤᠷᠪᠠᠨ ᠰᠠᠢᠬᠠᠨ ᠬᠡᠦᠬᠡᠨ ᠰᠠᠭᠤᠵᠤ
ᠬᠠᠯᠢᠭᠤ ᠲᠣᠷᠭ᠎ᠠ ᠡᠰᠬᠡᠭᠰᠡᠭᠡᠷ᠄
《ᠬᠠᠢᠷᠠᠲᠤ ᠮᠢᠨᠢ ᠬᠣᠩᠭᠣᠷ》 ᠭᠡᠵᠦ
ᠬᠠᠩᠭᠢᠨᠠᠲᠠᠯ᠎ᠠ ᠳᠠᠭᠤᠯᠠᠵᠤ ᠪᠠᠢᠨ᠎ᠠ ᠭᠡᠨ᠎ᠡ᠃
ᠬᠠᠭᠠᠨ ᠬᠦᠦ ᠣᠷᠣᠵᠤ
ᠬᠠᠮᠤᠭ ᠰᠠᠢᠨ ᠢ᠋ ᠨᠢ ᠮᠡᠳᠡᠯᠴᠡᠨ
ᠬᠠᠯᠠᠭᠤᠨ ᠴᠠᠢ ᠶ᠋ᠢ ᠨᠢ ᠤᠤᠭᠤᠵᠤ
ᠬᠠᠭᠤᠷᠠᠢ ᠠᠮᠤ ᠶ᠋ᠢ ᠨᠢ ᠢᠳᠡᠵᠦ ᠪᠠᠢᠬᠤ ᠳ᠋ᠤ᠌
ᠭᠤᠷᠪᠠᠨ ᠥᠬᠢᠨ ᠦ᠌ ᠥᠷᠥᠭᠡᠰᠦᠨ
ᠭᠣᠶᠣ ᠭᠡᠰᠡᠨ ᠨᠢᠭᠡ ᠨᠢ ᠪᠣᠰᠤᠭᠠᠳ
《ᠪᠢᠳᠡ ᠭᠤᠷᠪᠠ ᠰᠢᠭ᠋ ᠭᠣᠶᠣ
ᠪᠢᠨᠳᠦᠷ ᠴᠡᠴᠡᠭ ᠰᠢᠭ ᠰᠠᠢᠬᠠᠨ
ᠣᠷᠴᠢᠯᠠᠩ ᠳ᠋ᠤ᠌ ᠦᠭᠡᠢ ᠬᠡᠦᠬᠡᠨ ᠢ᠋
ᠣᠯᠵᠤ ᠬᠠᠷᠠᠵᠤ ᠪᠠᠢᠭᠰᠠᠨ ᠤᠤ?》 ᠭᠡᠰᠡᠨ ᠳ᠋ᠦ᠍
ᠬᠠᠵᠠᠭᠤ ᠳ᠋ᠤ᠌ ᠪᠠᠢᠭᠰᠠᠨ ᠨᠢᠭᠡ ᠨᠢ
ᠬᠠᠨᠴᠤᠢ ᠠ᠋ᠴᠠ ᠨᠢ ᠴᠢᠩᠭᠠᠭᠠᠵᠤ᠄
《ᠬᠦᠢ᠂ ᠡᠭᠡᠴᠢ ᠮᠢᠨᠢ ᠪᠠᠢᠭ!
ᠬᠥᠮᠦᠨ ᠢ᠋ ᠪᠤᠤ ᠪᠠᠰᠤᠮᠵᠢᠯᠠ
ᠦᠨᠡᠨ ᠢ᠋ ᠠᠪᠤᠭᠠᠳ ᠬᠡᠯᠡᠪᠡᠯ
ᠥᠪᠡᠷ ᠦ᠋ᠨ ᠡᠭᠡᠴᠢ ᠳᠡᠭᠦᠦ ᠪᠢᠳᠡ ᠶᠠᠭᠤ ᠪᠠᠢᠬᠤ ᠪᠣᠢ᠃
ᠪᠠᠷᠠᠭᠤᠨ ᠬᠣᠢᠲᠤ ᠲᠢᠪ ᠢ᠋ ᠡᠵᠡᠯᠡᠭᠴᠢ
ᠨᠠᠷᠠᠨ ᠬᠠᠭᠠᠨ ᠤ᠋ ᠥᠬᠢᠨ ᠭᠡᠳᠡᠭ ᠪᠣᠯ
ᠣᠭᠲᠠᠷᠭᠤᠢ ᠶ᠋ᠢᠨ ᠨᠠᠷᠠᠨ ᠰᠢᠭ᠋ ᠭᠡᠷᠡᠯ ᠲᠡᠢ
ᠤᠷᠭᠤᠮᠠᠯ ᠴᠡᠴᠡᠭ ᠰᠢᠭ ᠰᠠᠢᠬᠠᠨ
ᠤᠳᠠ ᠶ᠋ᠢᠨ ᠨᠠᠪᠴᠢ ᠰᠢᠭ ᠬᠥᠮᠥᠰᠬᠡ ᠲᠡᠢ
ᠤᠷᠠᠨ ᠭᠤᠸ᠎ᠠ ᠪᠡᠶ᠎ᠡ ᠲᠡᠢ᠂
ᠨᠠᠮᠤᠷ ᠤ᠋ᠨ ᠲᠩᠷᠢ ᠰᠢᠭ ᠲᠤᠩᠭᠠᠯᠠᠭ
ᠨᠠᠢᠭᠤᠭ᠎ᠠ ᠽᠠᠨᠳᠠᠨ ᠰᠢᠭ᠋ ᠪᠠᠢᠳᠠᠯ ᠲᠠᠢ
ᠨᠠᠷᠢᠬᠠᠨ ᠤᠷᠠᠨ ᠪᠡᠶ᠎ᠡ ᠲᠡᠢ
ᠨᠠᠭᠤᠷ ᠤ᠋ᠨ ᠤᠰᠤ ᠰᠢᠭ᠋ ᠨᠢᠳᠦ ᠲᠡᠢ
ᠰᠠᠷᠠᠨ ᠤ᠋ ᠭᠡᠷᠡᠯ ᠰᠢᠭ ᠭᠡᠭᠡᠬᠡᠨ
ᠽᠠᠮᠪᠤᠲᠢᠪ ᠲᠤ᠌ ᠴᠥᠭᠡᠬᠡᠨ
ᠰᠠᠭᠰᠠᠭᠠᠷ ᠰᠠᠮᠪᠠᠢ ᠦᠰᠦ ᠲᠡᠢ
ᠰᠠᠢᠨ ᠰᠠᠢᠬᠠᠨ ᠤ᠋ ᠪᠦᠷᠢᠳᠬᠡᠯ ᠲᠡᠢ
ᠴᠡᠴᠡᠭ ᠮᠡᠲᠦ ᠦᠨᠦᠷ ᠲᠡᠢ
ᠴᠡᠪᠡᠷᠬᠡᠨ ᠤᠯᠠᠭᠠᠨ ᠬᠠᠴᠠᠷ ᠲᠠᠢ
ᠴᠢᠩᠭᠢᠯᠵᠠᠭᠤᠷ ᠤ᠋ᠨ ᠳᠠᠭᠤ ᠲᠠᠢ
ᠴᠡᠭᠡᠵᠢ ᠳᠦᠭᠦᠷᠡᠩ ᠤᠳᠬ᠎ᠠ ᠲᠠᠢ
ᠲᠤᠭᠤᠷᠭ᠎ᠠ ᠨᠡᠪᠲᠡ ᠲᠤᠶᠠᠭ᠎ᠠ ᠲᠠᠢ
ᠲᠤᠨᠤᠮᠠᠯ ᠤᠯᠠᠭᠠᠨ ᠤᠷᠤᠭᠤᠯ ᠲᠠᠢ
ᠲᠣᠭᠣᠰᠣ ᠶ᠋ᠢ ᠳᠠᠷᠤᠬᠤ ᠢᠨᠢᠶᠡᠳᠦ ᠲᠡᠢ
ᠲᠣᠭᠣᠷᠤᠤ ᠶ᠋ᠢ ᠲᠤᠩᠭᠠᠬᠤ ᠬᠠᠷᠠᠴᠠ ᠲᠠᠢ
ᠤᠯᠠᠢᠵᠤ ᠪᠠᠷᠤᠢᠭᠰᠠᠨ ᠴᠢᠷᠠᠢ ᠨᠢ ᠪᠣᠯᠪᠠᠴᠤ
ᠤᠯᠢᠶᠠᠷᠬᠠᠭ ᠨᠠᠢᠷ ᠲᠠᠢ ᠤᠯᠠᠪᠠᠯᠵᠠᠳᠠᠭ᠂
ᠠᠭᠤᠷᠯᠠᠨ ᠬᠠᠷᠠᠬᠤ ᠨᠢᠳᠦᠨ ᠳ᠋ᠦ᠍ᠨᠢ ᠪᠣᠯᠪᠠᠴᠤ
ᠠᠭᠤᠴᠢᠯᠠᠨ ᠬᠠᠢᠷᠠᠯᠠᠬᠤ ᠭᠡᠷᠡᠯ ᠲᠡᠢ ᠭᠡᠨ᠎ᠡ᠃
ᠮᠠᠯ ᠤ᠋ᠨ ᠦᠰᠦ ᠶ᠋ᠢ ᠪᠣᠯᠪᠠᠴᠤ ᠬᠠᠷᠠᠨ ᠲᠣᠭᠠᠯᠠᠳᠠᠭ
ᠮᠠᠯᠠᠭᠠᠢ ᠶ᠋ᠢᠨ ᠦᠰᠦ ᠶ᠋ᠢ ᠪᠣᠯᠪᠠᠴᠤ ᠪᠠᠷᠢᠨ ᠲᠣᠭᠠᠯᠠᠳᠠᠭ
ᠲᠦᠩ ᠰᠢᠭᠤᠢ ᠶ᠋ᠢ ᠪᠣᠯᠪᠠᠴᠤ ᠦᠵᠡᠨ ᠲᠣᠭᠠᠯᠠᠳᠠᠭ
ᠲᠡᠮᠡᠭᠡ ᠶ᠋ᠢᠨ ᠨᠣᠣᠰᠣ ᠶ᠋ᠢ ᠪᠣᠯᠪᠠᠴᠤ ᠳᠠᠭᠠᠷᠢᠨ ᠲᠣᠭᠠᠯᠠᠳᠠᠭ
ᠡᠢᠮᠦ ᠰᠡᠴᠡᠨ ᠰᠠᠢᠬᠠᠨ ᠥᠬᠢᠨ ᠲᠡᠢ ᠦᠯᠢᠭᠡᠷᠯᠡᠪᠡᠯ
ᠡᠭᠡᠴᠢ ᠳᠡᠭᠦᠦ ᠪᠢᠳᠡ ᠭᠤᠷᠪᠠᠭᠤᠯᠠ ᠶᠠᠭᠤ ᠪᠠᠢᠨ᠎ᠠ ᠳᠠ!》 ᠭᠡᠰᠡᠨ ᠳ᠋ᠦ᠍
ᠬᠠᠭᠠᠨ ᠬᠦᠦ ᠡᠭᠦᠨ ᠢ᠋ ᠰᠣᠨᠣᠰᠤᠭᠠᠳ
ᠬᠢᠵᠠᠭᠠᠯᠠᠰᠢ ᠦᠭᠡᠢ ᠪᠠᠶᠠᠷᠯᠠᠵᠤ᠄
《ᠨᠠᠷᠠᠨ ᠬᠠᠭᠠᠨ ᠤ᠋ ᠣᠷᠳᠣᠨ
ᠣᠳᠣ ᠬᠡᠳᠦᠢ ᠭᠠᠵᠠᠷ ᠪᠠᠢᠨ᠎ᠠ?》 ᠭᠡᠬᠦ ᠳ᠋ᠦ᠍
ᠭᠣᠶᠣ ᠰᠠᠢᠬᠠᠨ ᠥᠬᠢᠳ᠄
ᠭᠤᠷᠪᠠᠨ ᠰᠠᠷ᠎ᠠ ᠶ᠋ᠢᠨ ᠭᠠᠵᠠᠷ ᠪᠠᠢᠨ᠎ᠠ》 ᠭᠡᠪᠡ᠃
ᠰᠢᠷᠡᠭᠡᠲᠦ ᠶ᠋ᠢᠨ ᠮᠡᠷᠭᠡᠨ ᠬᠠᠭᠠᠨ ᠬᠦᠦ
ᠰᠢᠯᠵᠢᠨ ᠮᠣᠷᠳᠠᠵᠤ ᠶᠠᠪᠤᠭᠰᠠᠭᠠᠷ
ᠪᠠᠰᠠ ᠨᠢᠭᠡᠨ ᠠᠢᠯ ᠳ᠋ᠤ᠌ ᠢᠷᠡᠵᠦ
ᠪᠠᠭᠤᠳᠠᠯᠯᠠᠨ ᠦᠳᠡᠯᠡᠵᠦ ᠭᠠᠷᠤᠶ᠎ᠠ ᠭᠡᠰᠡᠨ ᠳ᠋ᠦ᠍
ᠪᠠᠷᠠᠭᠠᠨ ᠥᠩᠭᠡ ᠲᠡᠢ ᠭᠡᠷ ᠲᠦ᠋ᠨᠢ
ᠪᠠᠭ᠎ᠠ ᠰᠢᠭ᠋ ᠬᠠᠷ᠎ᠠ ᠬᠦᠦ ᠪᠠᠢᠨ᠎ᠠ ᠭᠡᠨ᠎ᠡ᠃
ᠬᠠᠭᠠᠨ ᠬᠦᠦ ᠲᠡᠷᠡ ᠲᠡᠢ
ᠬᠠᠷᠢᠯᠴᠠᠨ ᠮᠡᠨᠳᠦ ᠪᠡᠨ ᠮᠡᠳᠡᠯᠴᠡᠵᠦ᠄
《ᠨᠠᠷᠠᠨ ᠬᠠᠭᠠᠨ ᠤ᠋ ᠣᠷᠳᠣᠨ
ᠨᠠ ᠦᠭᠡᠢ ᠬᠣᠯᠠ ᠪᠠᠢᠨ᠎ᠠ ᠤᠤ?》 ᠭᠡᠰᠡᠨ ᠳ᠋ᠦ᠍
ᠪᠠᠭ᠎ᠠ ᠰᠢᠭ᠋ ᠬᠠᠷ᠎ᠠ ᠬᠦᠦ ᠶ᠋ᠢᠨ ᠬᠠᠷᠢᠭᠤᠯᠤᠭᠰᠠᠨ ᠨᠢ᠄
《ᠪᠠᠷᠠᠭᠤᠨ ᠳᠣᠣᠷ᠎ᠠ ᠪᠠᠢᠨ᠎ᠠ᠃
ᠮᠠᠯ ᠤ᠋ᠨ ᠪᠠᠭᠠᠰᠤ ᠶ᠋ᠢ ᠨᠢ ᠪᠢ ᠳᠡᠯᠭᠡᠳᠡᠭ
ᠮᠥᠨᠥᠬᠡᠨ ᠬᠠᠷᠢᠵᠤ ᠢᠷᠡᠭᠡᠳ ᠪᠢ
ᠡᠷᠲᠡ ᠶ᠋ᠢᠨ ᠴᠠᠢ ᠪᠠᠨ ᠤᠤᠭᠤᠶ᠎ᠠ ᠭᠡᠬᠦ ᠳ᠋ᠦ᠍
ᠡᠷᠬᠢᠮ ᠲᠠ ᠮᠣᠷᠢᠯᠠᠵᠤ ᠢᠷᠡᠪᠡ》 ᠭᠡᠰᠡᠨ ᠳ᠋ᠦ᠍
ᠪᠠᠭ᠎ᠠ ᠬᠠᠷ᠎ᠠ ᠬᠦᠦ ᠡᠴᠡ ᠰᠠᠯᠵᠤ
ᠪᠠᠷᠠᠭᠤᠨ ᠳᠠᠪᠠᠭ᠎ᠠ ᠤᠷᠤᠭᠤ ᠨᠢ ᠪᠠᠭᠤᠬᠤ ᠳ᠋ᠠᠭᠠᠨ
ᠶᠡᠷᠦ ᠬᠣᠯᠠ ᠶ᠋ᠢᠨ ᠪᠠᠢᠳᠠᠯ ᠲᠠᠢ
ᠬᠤᠯᠤᠰᠤᠨ ᠰᠢᠷᠭ᠎ᠠ ᠮᠣᠷᠢ ᠪᠠᠨ
ᠬᠣᠪᠢᠯ ᠭᠡᠵᠦ ᠬᠤᠪᠢᠯᠭᠠᠭᠠᠳ
ᠬᠠᠮᠠᠭᠤ ᠲᠠᠢ ᠪᠣᠷᠣ ᠳᠠᠭ᠎ᠠ ᠪᠣᠯᠭᠠᠵᠤ
ᠱᠠᠭᠠᠨᠲᠤ ᠪᠠᠷ ᠨᠢ ᠰᠢᠷ᠎ᠠ ᠨᠢᠭᠢᠰᠦ ᠴᠤᠪᠤᠭᠤᠯᠵᠤ
ᠪᠣᠭᠲᠣᠰ ᠢ᠋ᠶ᠋ᠠᠷ ᠨᠢ ᠪᠣᠷᠣ ᠨᠢᠭᠢᠰᠦ ᠴᠤᠪᠤᠭᠤᠯᠵᠤ
ᠮᠠᠢᠭᠠᠨ ᠲᠠᠢᠭᠠᠨ ᠶᠠᠪᠤᠭᠤᠯᠵᠤ
ᠮᠠᠯᠲᠠᠨ ᠲᠡᠭᠡᠵᠦ ᠠᠯᠬᠤᠭᠤᠯᠤᠨ
ᠨᠠᠷᠠᠨ ᠬᠠᠭᠠᠨ ᠤ᠋ ᠡᠭᠦᠳᠡ ᠪᠡᠷ ᠨᠢ
ᠨᠠᠭᠠᠯᠳᠤᠭᠤᠯᠤᠨ ᠭᠠᠷᠬᠤ ᠮᠥᠷ ᠲᠡᠭᠡᠨ
ᠪᠣᠷᠣ ᠳᠠᠭ᠎ᠠ ᠨᠢ ᠪᠦᠳᠦᠷᠢᠭᠡᠳ
ᠪᠤᠷᠤᠭᠤᠲᠠᠢ ᠬᠥᠯ ᠢ᠋ᠶ᠋ᠡᠨ ᠬᠤᠭᠤᠯᠵᠠᠢ᠃
ᠳᠣᠭᠣᠯᠳᠠᠭᠤᠯᠤᠨ ᠲᠡᠭᠡᠵᠦ ᠣᠴᠢᠭᠠᠳ
ᠮᠣᠷᠢ ᠤᠶᠠᠳᠠᠭ ᠦᠭᠡᠢ ᠤᠶᠠᠭ᠎ᠠ ᠳ᠋ᠤᠨᠢ
ᠮᠣᠷᠢ ᠪᠠᠨ ᠤᠶᠠᠭᠠᠳ
ᠬᠥᠮᠦᠨ ᠣᠷᠣᠳᠠᠭ ᠦᠭᠡᠢ ᠣᠷᠳᠣᠨ ᠳ᠋ᠤᠨᠢ
ᠰᠢᠭᠤᠳ ᠠᠯᠬᠤᠯᠠᠨ ᠣᠷᠣᠵᠤ
ᠰᠠᠭᠤᠳᠠᠭ ᠦᠭᠡᠢ ᠣᠯᠪᠣᠭ ᠲᠤᠨᠢ
ᠰᠠᠨᠳᠠᠢᠯᠠᠵᠤ ᠳᠡᠭᠡᠷ᠎ᠡ ᠨᠢ ᠰᠠᠭᠤᠵᠤ
ᠤᠤᠭᠤᠳᠠᠭ ᠦᠭᠡᠢ ᠤᠯᠠᠭᠠᠨ ᠴᠠᠢ ᠶ᠋ᠢ ᠨᠢ
ᠣᠳᠬᠣᠨ ᠠᠪᠴᠤ ᠤᠤᠭᠤᠵᠤ ᠪᠠᠢᠲᠠᠯ᠎ᠠ
ᠨᠠᠷᠠᠨ ᠬᠠᠭᠠᠨ ᠤ᠋ ᠳᠣᠣᠷᠠᠬᠢ
ᠨᠢᠭᠡᠨ ᠲᠦᠰᠢᠮᠡᠯ ᠨᠢ ᠢᠷᠡᠵᠦ
ᠶᠡᠬᠡᠮᠰᠦᠭ ᠵᠠᠩ ᠭᠠᠷᠭᠠᠵᠤ
ᠶᠡᠬᠡ ᠳᠠᠭᠤᠨ ᠢ᠋ᠶ᠋ᠠᠷ ᠵᠠᠩᠨᠠᠵᠤ
《ᠶᠠᠮᠠᠷ ᠰᠠᠮᠠᠭᠤᠷᠠᠭᠰᠠᠨ ᠬᠥᠮᠦᠨ ᠪᠣᠢ?
ᠶᠠᠭᠤᠨ ᠳ᠋ᠤ᠌ ᠳᠤᠷ᠎ᠠ ᠪᠠᠷ ᠵᠣᠷᠢᠭᠯᠠᠵᠤ
ᠮᠣᠷᠢ ᠤᠶᠠᠳᠠᠭ ᠦᠭᠡᠢ ᠤᠶᠠᠭ᠎ᠠ ᠠ᠋ᠴᠠ
ᠮᠣᠷᠢ ᠪᠠᠨ ᠤᠶᠠᠪᠠ ᠴᠢ?
ᠬᠥᠮᠦᠨ ᠣᠷᠣᠳᠠᠭ ᠦᠭᠡᠢ ᠣᠷᠳᠣᠨ ᠳ᠋ᠤ᠌
ᠣᠷᠣᠵᠤ ᠢᠷᠡᠪᠡ ᠴᠢ?
ᠰᠠᠭᠤᠳᠠᠭ ᠦᠭᠡᠢ ᠣᠯᠪᠣᠭ ᠤ᠋ᠨ ᠳᠡᠭᠡᠷ᠎ᠡ
ᠰᠠᠭᠤᠭᠰᠠᠨ ᠴᠢᠨᠢ ᠶᠠᠭᠤ ᠪᠣᠢ?
ᠤᠤᠭᠤᠳᠠᠭ ᠦᠭᠡᠢ ᠤᠯᠠᠭᠠᠨ ᠴᠠᠢ ᠶ᠋ᠢ
ᠤᠤᠭᠤᠭᠰᠠᠨ ᠴᠢᠨᠢ ᠶᠠᠭᠤ ᠪᠣᠢ?》 ᠭᠡᠰᠡᠨ ᠳ᠋ᠦ᠍
ᠬᠠᠭᠠᠨ ᠬᠦᠦ ᠶ᠋ᠢᠨ ᠬᠠᠷᠢᠭᠤᠯᠤᠭᠰᠠᠨ ᠨᠢ᠄
《ᠮᠣᠷᠢ ᠤᠶᠠᠳᠠᠭ ᠦᠭᠡᠢ ᠶᠦᠮ ᠪᠣᠯ
ᠤᠶᠠᠭ᠎ᠠ ᠭᠡᠵᠦ ᠶᠠᠭᠤᠨ ᠳ᠋ᠤ᠌ ᠪᠤᠯᠠᠪᠠ?
ᠪᠤᠯᠭᠤᠯᠵᠤ ᠬᠠᠶᠠ!
ᠬᠥᠮᠦᠨ ᠣᠷᠣᠳᠠᠭ ᠦᠭᠡᠢ ᠶᠦᠮ ᠪᠣᠯ
ᠣᠷᠳᠣᠨ ᠭᠡᠵᠦ ᠶᠠᠭᠤᠨ ᠳ᠋ᠤ᠌ ᠪᠠᠷᠢᠪᠠ?
ᠪᠠᠭᠤᠯᠭᠠᠵᠤ ᠬᠠᠶᠠ!
ᠰᠠᠭᠤᠳᠠᠭ ᠦᠭᠡᠢ ᠶᠦᠮ ᠪᠣᠯ
ᠣᠯᠪᠣᠭ ᠭᠡᠵᠦ ᠶᠠᠭᠤᠨ ᠳ᠋ᠤ᠌ ᠳᠡᠪᠢᠰᠦᠭᠰᠡᠨ ᠪᠣᠢ?
ᠭᠠᠳᠠᠨ᠎ᠠ ᠠᠪᠠᠴᠢᠵᠤ ᠴᠢᠯᠠᠭᠤᠳᠠ!
ᠤᠤᠭᠤᠳᠠᠭ ᠦᠭᠡᠢ ᠶᠦᠮ ᠪᠣᠯ
ᠴᠠᠢ ᠭᠡᠵᠦ ᠶᠠᠭᠤᠨ ᠳ᠋ᠤ᠌ ᠴᠢᠨᠠᠭᠰᠠᠨ ᠪᠣᠢ?
ᠠᠪᠤᠭᠠᠳ ᠠᠰᠬ᠎ᠠ!》 ᠭᠡᠰᠡᠨ ᠳ᠋ᠦ᠍
ᠬᠠᠲᠠᠭᠤ ᠵᠠᠩ ᠲᠠᠢ ᠲᠦᠰᠢᠮᠡᠯ ᠨᠢ
ᠬᠠᠷᠢᠭᠤᠯᠬᠤ ᠦᠭᠡ ᠣᠯᠳᠠᠭᠰᠠᠨ ᠦᠭᠡᠢ
ᠬᠣᠢᠰᠢ ᠤᠬᠤᠷᠢᠨ ᠭᠠᠷᠴᠤ
ᠬᠠᠭᠠᠨ ᠳ᠋ᠠᠭᠠᠨ ᠢᠷᠡᠵᠦ ᠮᠡᠳᠡᠭᠦᠯᠦᠭᠰᠡᠨ ᠳ᠋ᠦ᠍᠂
ᠬᠠᠭᠠᠨ ᠨᠢ ᠡᠭᠦᠨ ᠢ᠋ ᠰᠣᠨᠣᠰᠤᠭᠠᠳ
ᠬᠠᠮᠤᠭ ᠮᠡᠷᠭᠡᠨ ᠲᠦᠰᠢᠮᠡᠯ ᠢ᠋ᠶ᠋ᠡᠨ ᠢᠯᠡᠭᠡᠵᠦ
ᠬᠠᠪᠤᠲᠠᠢ ᠰᠠᠢᠬᠠᠨ ᠠᠰᠠᠭᠤᠯᠭᠠᠭᠰᠠᠨ ᠨᠢ᠄
《ᠠᠪᠤᠭᠠᠢ ᠲᠠ ᠠᠯᠢ ᠨᠤᠲᠤᠭ ᠤ᠋ᠨ ᠪᠣᠢ?
ᠠᠯᠤᠰ ᠤ᠋ᠨ ᠵᠣᠷᠢᠯᠭ᠎ᠠ ᠬᠠᠮᠢᠭ᠎ᠠ ᠪᠣᠢ?
ᠡᠷᠬᠢᠮ ᠲᠠ ᠠᠯᠢ ᠣᠷᠣᠨ ᠤ᠋ ᠪᠣᠢ?
ᠡᠷᠢᠯ ᠦ᠋ᠨ ᠮᠥᠰᠬᠢᠯ ᠶᠠᠭᠤᠨ ᠳ᠋ᠤ᠌ ᠪᠣᠢ?》 ᠭᠡᠰᠡᠨ ᠳ᠋ᠦ᠍
ᠬᠠᠭᠠᠨ ᠬᠦᠦ ᠶ᠋ᠢᠨ ᠬᠠᠷᠢᠭᠤᠯᠤᠭᠰᠠᠨ ᠨᠢ᠄
ᠬᠠᠵᠠᠭᠤ ᠳ᠋ᠤᠨᠢ ᠬᠠᠨ᠎ᠠ ᠪᠠᠷᠢᠭᠠᠳᠤᠢ
ᠬᠠᠮᠠᠷ ᠲᠤᠨᠢ ᠪᠤᠢᠯᠠ ᠬᠢᠭᠡᠳᠦᠢ
ᠰᠢᠷᠡᠭᠡ ᠪᠦᠬᠦ ᠨᠢ ᠰᠢᠯᠵᠢᠭᠡᠳᠦᠢ
ᠰᠢᠷᠢᠨ ᠲᠠᠪᠠᠭ ᠨᠢ ᠴᠣᠭᠣᠷᠣᠭᠠᠳᠤᠢ
ᠭᠤᠷᠪᠠᠨ ᠨᠠᠰᠤᠲᠠᠢ ᠭᠤᠨᠵᠢᠨ ᠲᠡᠮᠡᠭᠡ ᠨᠢᠭᠡ᠂
ᠬᠠᠵᠠᠳᠠᠭ ᠬᠠᠷ᠎ᠠ ᠪᠤᠤᠷ᠎ᠠ ᠨᠢᠭᠡ
ᠬᠠᠰᠢᠳᠠᠭ ᠬᠠᠷᠠᠬᠤᠢ ᠢᠩᠭᠡ ᠨᠢᠭᠡ
ᠳ᠋ᠦᠩ ᠲᠣᠭ᠎ᠠ ᠨᠢ ᠠᠷᠪᠠᠨ ᠭᠤᠷᠪᠠ
ᠠᠯᠳᠠᠵᠤ ᠠᠷᠪᠠᠨ ᠬᠣᠶᠠᠷ ᠰᠠᠷ᠎ᠠ ᠪᠣᠯᠪᠠ᠃
ᠲᠡᠮᠡᠭᠡ ᠶ᠋ᠢᠨ ᠡᠷᠢᠯᠴᠢ ᠪᠠᠢᠨ᠎ᠠ ᠪᠢ》 ᠭᠡᠰᠡᠨ ᠳ᠋ᠦ᠍
ᠮᠡᠷᠭᠡᠨ ᠲᠦᠰᠢᠮᠡᠯ ᠨᠢ ᠰᠣᠨᠣᠰᠴᠤ
ᠮᠡᠳᠡᠭᠰᠡᠨ ᠤᠴᠢᠷ ᠠᠯᠠᠭ᠎ᠠ ᠲᠤᠯᠠ
ᠨᠠᠷᠠᠨ ᠬᠠᠭᠠᠨ ᠳ᠋ᠠᠭᠠᠨ ᠢᠷᠡᠵᠦ
ᠨᠠᠷᠢᠪᠴᠢᠯᠠᠨ ᠬᠡᠯᠡᠵᠦ ᠮᠡᠳᠡᠭᠦᠯᠦᠭᠰᠡᠨ ᠳ᠋ᠦ᠍
ᠬᠠᠭᠠᠨ ᠨᠢ ᠡᠭᠦᠨ ᠢ᠋ ᠰᠣᠨᠣᠰᠤᠭᠠᠳ᠄
《ᠬᠠᠷᠢᠨ ᠵᠦᠭᠡᠷ ᠦᠭᠡ ᠪᠢᠰᠢ
ᠬᠠᠪᠤᠲᠠᠢ ᠵᠦᠢᠲᠡᠢ ᠦᠭᠡ ᠪᠠᠢᠨ᠎ᠠ》 ᠭᠡᠵᠦ
ᠰᠠᠳᠤᠨ ᠲᠥᠷᠥᠯ ᠢ᠋ᠶ᠋ᠡᠷ ᠢ᠋ᠶ᠋ᠡᠨ ᠴᠤᠭᠯᠠᠵᠤ
ᠰᠥᠨᠢ ᠰᠢᠪᠬᠠᠷᠲᠠᠯᠠ ᠬᠡᠯᠡᠯᠴᠡᠵᠦ
ᠰᠣᠶᠣᠭᠠᠷᠠᠨ ᠮᠡᠳᠡᠭᠰᠡᠨ ᠦᠭᠡᠢ
ᠰᠣᠨᠢᠨ ᠢ᠋ ᠲᠠᠢᠯᠤᠭᠰᠠᠨ ᠦᠭᠡᠢ ᠳ᠋ᠦ᠍
ᠮᠣᠷᠢ ᠬᠠᠯᠠᠭᠤᠯᠤᠨ ᠭᠦᠶᠦᠯᠭᠡᠵᠦ
ᠮᠣᠵᠢ ᠶ᠋ᠢᠨ ᠲᠦᠰᠢᠮᠡᠳ ᠢ᠋ ᠵᠠᠷᠯᠠᠵᠤ
ᠬᠥᠮᠦᠨ ᠬᠠᠯᠠᠭᠤᠯᠤᠨ ᠳᠠᠪᠬᠢᠭᠤᠯᠵᠤ
ᠬᠦᠢ ᠪᠦᠬᠦᠨ ᠢ᠋ ᠴᠤᠭᠯᠠᠭᠤᠯᠵᠤ᠂
ᠤᠯᠤᠰ ᠳᠠᠶᠠᠭᠠᠷ ᠬᠤᠷᠠᠯᠳᠤᠵᠤ᠂
ᠣᠭᠲᠣ ᠢᠯᠭᠠᠭᠤᠷᠢ ᠭᠠᠷᠤᠭᠰᠠᠨ ᠦᠭᠡᠢ ᠳ᠋ᠦ᠍
ᠰᠢᠷᠡᠭᠡᠲᠦ ᠶ᠋ᠢᠨ ᠮᠡᠷᠭᠡᠨ ᠬᠠᠭᠠᠨ ᠬᠦᠦ
ᠰᠠᠭᠤᠭᠰᠠᠨ ᠪᠠᠢᠰᠢᠩ ᠭᠡᠷ ᠦ᠋ᠨ ᠢ᠋ᠶ᠋ᠡᠨ
ᠰᠢᠯ ᠦ᠋ᠨ ᠴᠣᠩᠬᠣ ᠪᠠᠷ ᠬᠠᠷᠠᠭᠰᠠᠨ ᠳ᠋ᠤ᠌
ᠪᠠᠭᠠᠰᠤᠨ ᠠᠵᠢᠯ ᠳ᠋ᠤ᠌ ᠶᠠᠪᠤᠬᠤ
ᠪᠠᠭ᠎ᠠ ᠰᠢᠭ᠋ ᠬᠠᠷ᠎ᠠ ᠬᠦᠦ ᠶ᠋ᠢ ᠦᠵᠡᠵᠦ᠄
《ᠲᠠᠨ ᠤ᠋ ᠬᠠᠭᠠᠨ ᠳ᠋ᠤ᠌ ᠬᠡᠯᠡᠭᠰᠡᠨ ᠦᠭᠡ ᠶ᠋ᠢ
ᠲᠠᠢᠯᠵᠤ ᠢᠯᠭᠠᠨ ᠮᠡᠳᠡᠭᠰᠡᠨ ᠤᠤ?》 ᠭᠡᠰᠡᠨ ᠳ᠋ᠦ᠍
《ᠪᠠᠭᠠᠰᠤ ᠰᠢᠭᠡᠰᠦᠨ ᠦ᠌ ᠠᠵᠢᠯ ᠠ᠋ᠴᠠ ᠭᠠᠷᠭᠠᠵᠤ
ᠪᠠᠭᠠᠬᠠᠨ ᠴᠢᠯᠥᠭᠡ ᠥᠭᠪᠡᠯ᠂
ᠪᠢᠲᠡᠭᠦᠦ ᠦᠭᠡ ᠶ᠋ᠢ ᠴᠢᠨᠢ
ᠪᠢ ᠲᠠᠢᠯᠵᠤ ᠴᠢᠳᠠᠨ᠎ᠠ》 ᠭᠡᠰᠡᠨ ᠳ᠋ᠦ᠍᠂
ᠬᠠᠭᠠᠨ ᠬᠦᠦ ᠰᠣᠨᠣᠰᠤᠭᠠᠳ᠄
《ᠬᠠᠷᠢᠨ ᠡᠵᠡᠨ ᠴᠢᠨᠢ ᠪᠤᠷᠤᠭᠤᠳᠠᠪᠠ᠃
ᠠᠵᠢᠯ ᠤ᠋ᠨ ᠠᠷᠠᠳ ᠠ᠋ᠴᠠ ᠪᠠᠨ ᠠᠰᠠᠭᠤᠬᠤ ᠦᠭᠡᠢ
ᠠᠯᠢ ᠬᠡᠷᠡᠭ ᠴᠢᠨᠢ ᠪᠦᠲᠦᠳᠡᠭ ᠪᠣᠢ?》 ᠭᠡᠵᠦ
ᠬᠠᠷ᠎ᠠ ᠬᠦᠦ ᠶ᠋ᠢ ᠵᠠᠷᠤᠭᠰᠠᠨ ᠳ᠋ᠤ᠌
ᠬᠠᠷᠠᠢᠯᠠᠭᠰᠠᠭᠠᠷ ᠶᠠᠪᠤᠪᠠ ᠭᠡᠨ᠎ᠡ᠃
ᠡᠨᠡ ᠦᠶᠡᠰ ᠨᠠᠷᠠᠨ ᠬᠠᠭᠠᠨ
ᠡᠷᠳᠡᠮᠲᠡᠨ ᠲᠦᠰᠢᠮᠡᠳ ᠲᠡᠢ ᠪᠡᠨ ᠵᠥᠪᠳᠡᠵᠦ
ᠰᠢᠷᠡᠭᠡᠲᠦ ᠶ᠋ᠢᠨ ᠮᠡᠷᠭᠡᠨ ᠬᠠᠭᠠᠨ ᠤ᠋ ᠦᠭᠡ ᠶ᠋ᠢ
ᠰᠢᠭᠦᠵᠦ ᠣᠯᠤᠭᠰᠠᠨ ᠦᠭᠡᠢ ᠲᠤᠯᠠ
ᠰᠡᠳᠬᠢᠯ ᠪᠠᠬᠠᠨ ᠵᠣᠪᠠᠨᠢᠵᠤ
ᠰᠠᠨᠠᠭ᠎ᠠ ᠪᠠᠬᠠᠨ ᠰᠠᠷᠨᠢᠵᠤ
ᠬᠠᠷ᠎ᠠ ᠰᠠᠬᠠᠯ ᠢ᠋ᠶ᠋ᠠᠨ ᠰᠢᠪᠲᠤᠷᠴᠤ
ᠬᠠᠷᠰᠢ ᠤᠷᠲᠤ ᠪᠠᠨ ᠬᠡᠰᠦᠵᠦ
ᠬᠠᠭᠠᠯᠭ᠎ᠠ ᠡᠭᠦᠳᠡ ᠪᠡᠨ ᠨᠡᠪᠲᠡᠯᠵᠦ
ᠬᠠᠯᠠᠰᠤᠨ ᠪᠣᠳᠣᠵᠤ ᠶᠠᠪᠤᠬᠤ ᠳ᠋ᠤ᠌᠂
ᠬᠠᠷ᠎ᠠ ᠬᠦᠦ ᠶ᠋ᠢᠨ ᠭᠦᠶᠦᠨ ᠢᠷᠡᠬᠦ ᠲᠡᠢ ᠤᠴᠠᠷᠠᠵᠤ
ᠡᠩᠭᠡᠷ ᠲᠤᠯᠤᠮ᠎ᠠ ᠮᠥᠷᠭᠥᠯᠳᠦᠵᠦ
ᠡᠪᠴᠢᠭᠦᠦ ᠲᠤᠯᠤᠮ᠎ᠠ ᠳᠠᠭᠠᠷᠢᠯᠳᠤᠭᠠᠳ
ᠬᠠᠭᠠᠨ ᠬᠠᠷ᠎ᠠ ᠬᠦᠦ ᠬᠣᠶᠠᠭᠤᠯᠠ
ᠬᠠᠮᠲᠤ ᠪᠠᠷ ᠭᠡᠳᠡᠷᠭᠡᠨ ᠤᠨᠠᠵᠤ
ᠫᠠᠯᠠᠩ ᠬᠥᠰᠡᠷ ᠦ᠋ᠨ ᠳᠡᠭᠡᠷ᠎ᠡ
ᠫᠠᠯᠲᠠᠭ ᠬᠣᠶᠠᠭᠤᠯᠠ ᠰᠠᠭᠤᠭᠠᠳ
ᠬᠠᠭᠠᠨ ᠨᠢ ᠶᠡᠬᠡ ᠠᠭᠤᠷᠯᠠᠵᠤ
ᠬᠠᠷ᠎ᠠ ᠬᠦᠦ ᠪᠡᠨ ᠶᠡᠬᠡ ᠵᠠᠩᠨᠠᠬᠤ ᠳ᠋ᠤ᠌᠄
《ᠬᠠᠭᠠᠨ ᠭᠤᠸᠠᠢ ᠮᠢᠨᠢ᠂
ᠬᠠᠭᠠᠨ ᠭᠤᠸᠠᠢ ᠮᠢᠨᠢ!
ᠭᠠᠳᠠᠨ᠎ᠠ ᠠ᠋ᠴᠠ ᠢᠷᠡᠭᠰᠡᠨ ᠵᠣᠴᠢᠨ ᠤ᠋
ᠭᠠᠷᠠᠬᠠᠲᠤ ᠦᠭᠡ ᠶ᠋ᠢ ᠲᠠᠢᠯᠪᠠ ᠤᠤ?》 ᠭᠡᠰᠡᠨ ᠳ᠋ᠦ᠍᠄
《ᠦᠭᠡᠢ᠂ ᠬᠠᠷᠢᠨ ᠦᠭᠡᠢ!
ᠦᠨᠡᠬᠡᠷ ᠵᠣᠪᠠᠭᠤᠷᠢ ᠲᠠᠢ ᠬᠡᠷᠡᠭ ᠠ᠋》ᠭᠡᠰᠡᠨ ᠳ᠋ᠦ᠍᠄
《ᠡᠵᠡᠨ ᠮᠢᠨᠢ ᠥᠷᠥᠰᠢᠶᠡᠵᠦ
ᠡᠷᠬᠢᠮ ᠴᠢᠯᠥᠭᠡ ᠬᠠᠢᠷᠠᠯᠠᠪᠠᠯ
ᠡᠭᠦᠨ ᠢ᠋ ᠪᠢ ᠪᠦᠷ ᠲᠠᠢᠯᠵᠤ
ᠡᠨᠳᠡᠭᠳᠡᠯ ᠶᠡᠷᠦ ᠭᠠᠷᠭᠠᠬᠤ ᠦᠭᠡᠢ》ᠭᠡᠰᠡᠨ ᠳ᠋ᠦ᠍
ᠬᠠᠭᠠᠨ ᠨᠢ ᠮᠠᠰᠢ ᠶᠡᠬᠡ ᠪᠠᠶᠠᠷᠯᠠᠵᠤ
ᠬᠠᠷ᠎ᠠ ᠬᠦᠦ ᠶ᠋ᠢ ᠬᠥᠲᠥᠯᠦᠨ ᠶᠠᠪᠤᠵᠤ
ᠬᠠᠷᠰᠢ ᠣᠷᠳᠣᠨ ᠳ᠋ᠠᠭᠠᠨ ᠣᠷᠣᠵᠤ
ᠬᠠᠮᠤᠭ ᠲᠦᠰᠢᠮᠡᠯ ᠳ᠋ᠡᠭᠡᠨ ᠬᠡᠯᠡᠭᠰᠡᠨ ᠨᠢ᠄
《ᠡᠨᠳᠡᠭᠦᠦ ᠪᠤᠷᠤᠭᠤ ᠪᠣᠯᠵᠠᠢ᠃
ᠪᠢᠳᠡ ᠠᠵᠢᠯ ᠤ᠋ᠨ ᠬᠦᠦ ᠪᠡᠨ
ᠡᠷᠢᠵᠦ ᠠᠰᠠᠭᠤᠬᠤ ᠪᠠᠨ ᠮᠠᠷᠲᠠᠪᠠ》ᠭᠡᠳ
ᠠᠯᠭᠤᠷ ᠵᠠᠷᠯᠢᠭ ᠪᠠᠭᠤᠯᠭᠠᠭᠰᠠᠨ ᠨᠢ᠄
《ᠬᠡᠷᠪᠡ ᠴᠢ ᠲᠠᠢᠯᠤᠨ ᠴᠢᠳᠠᠪᠠᠯ
ᠬᠡᠷᠡᠭ ᠶᠠᠪᠤᠳᠠᠯ ᠳ᠋ᠤ᠌ ᠮᠠᠨᠢ ᠣᠷᠣᠯᠴᠠᠵᠤ
ᠬᠢᠭᠢᠷᠢ ᠶ᠋ᠢᠨ ᠳᠠᠷᠤᠭ᠎ᠠ ᠮᠢᠨᠢ ᠪᠣᠯᠵᠤ
ᠬᠢᠵᠠᠭᠠᠯᠠᠰᠢ ᠦᠭᠡᠢ ᠵᠢᠳᠬᠦᠭᠡᠷᠡᠢ!》 ᠭᠡᠵᠦ
ᠪᠠᠢᠭᠰᠠᠨ ᠲᠦᠰᠢᠮᠡᠯ ᠢ᠋ᠶ᠋ᠡᠨ ᠴᠤᠭᠯᠠᠭᠤᠯᠵᠤ
ᠪᠠᠷᠠᠭᠤᠨ ᠵᠡᠭᠦᠨ ᠢ᠋ᠶ᠋ᠡᠷ ᠵᠢᠭᠰᠠᠭᠠᠵᠤ
ᠪᠠᠭ᠎ᠠ ᠬᠠᠷ᠎ᠠ ᠬᠦᠦ ᠪᠡᠷ
ᠪᠠᠷᠠᠲᠠᠯ᠎ᠠ ᠲᠠᠢᠯᠤᠭᠤᠯᠤᠭᠰᠠᠨ ᠨᠢ᠄
《ᠬᠠᠵᠠᠭᠤ ᠳ᠋ᠤᠨᠢ ᠬᠠᠨ᠎ᠠ ᠪᠠᠷᠢᠭᠠᠳᠤᠢ
ᠬᠠᠮᠠᠷ ᠲᠤᠨᠢ ᠪᠤᠢᠯᠠ ᠬᠢᠭᠡᠳᠦᠢ
ᠰᠢᠷᠡᠭᠡ ᠪᠦᠬᠦ ᠨᠢ ᠰᠢᠯᠵᠢᠭᠡᠳᠦᠢ
ᠭᠤᠷᠪᠠᠨ ᠨᠠᠰᠤᠨ ᠤ᠋ ᠭᠤᠨᠵᠢᠨ ᠲᠡᠮᠡᠭᠡ ᠨᠢᠭᠡ ᠭᠡᠭᠴᠢ
ᠬᠠᠭᠠᠨ ᠭᠤᠸᠠᠢ ᠶ᠋ᠢᠨ ᠥᠬᠢᠨ
ᠬᠢᠯᠠᠭᠤ ᠮᠡᠷᠭᠡᠨ ᠭᠦᠩᠵᠦ ᠶ᠋ᠢ ᠬᠡᠯᠡᠵᠦ ᠪᠠᠢᠨ᠎ᠠ᠃
ᠬᠠᠵᠠᠳᠠᠭ ᠬᠠᠷ᠎ᠠ ᠪᠤᠤᠷ᠎ᠠ ᠨᠢᠭᠡ ᠭᠡᠭᠴᠢ
ᠬᠠᠭᠠᠨ ᠭᠤᠸᠠᠢ ᠶ᠋ᠢ ᠬᠡᠯᠡᠵᠦ ᠪᠠᠢᠨ᠎ᠠ᠃
ᠬᠠᠰᠢᠳᠠᠭ ᠬᠠᠷᠠᠭᠴᠢ ᠢᠩᠭᠡ ᠨᠢᠭᠡ ᠭᠡᠭᠴᠢ
ᠬᠠᠲᠤᠨ ᠭᠤᠸᠠᠢ ᠶ᠋ᠢ ᠬᠡᠯᠡᠭᠰᠡᠨ ᠶᠦᠮ ᠠ᠋᠃
ᠳ᠋ᠦᠩ ᠲᠣᠭ᠎ᠠ ᠨᠢ ᠠᠷᠪᠠᠨ ᠭᠤᠷᠪᠠ ᠭᠡᠭᠴᠢ
ᠬᠠᠭᠠᠨ ᠤ᠋ ᠰᠠᠳᠤᠨ ᠲᠥᠷᠥᠯ ᠢ᠋ ᠬᠡᠯᠡᠵᠦ ᠪᠠᠢᠨ᠎ᠠ᠃
ᠠᠯᠳᠠᠵᠤ ᠠᠷᠪᠠᠨ ᠬᠣᠶᠠᠷ ᠰᠠᠷ᠎ᠠ ᠪᠣᠯᠵᠠᠢ ᠭᠡᠭᠴᠢ
ᠠᠷᠪᠠᠨ ᠬᠣᠶᠠᠷ ᠵᠢᠯ ᠦ᠋ᠨ
ᠠᠯᠤᠰ ᠠ᠋ᠴᠠ ᠢᠷᠡᠪᠡ ᠭᠡᠰᠡᠨ ᠦᠭᠡ᠃
ᠲᠡᠮᠡᠭᠡ ᠶ᠋ᠢᠨ ᠡᠷᠢᠯᠴᠢ ᠪᠠᠢᠨ᠎ᠠ ᠭᠡᠭᠴᠢ
ᠲᠡᠦᠬᠡ ᠨᠠᠮᠲᠠᠷ ᠢ᠋ ᠤᠷᠪᠠᠭᠤᠯᠵᠤ
ᠥᠨᠳᠡᠭᠡᠨ ᠰᠦᠢ ᠪᠡᠨ ᠨᠡᠬᠡᠵᠦ
ᠥᠭᠡᠳᠡᠯᠡᠵᠦ ᠢᠷᠡᠭᠰᠡᠨ ᠬᠥᠮᠦᠨ ᠮᠥᠨ》 ᠭᠡᠰᠡᠨ ᠳ᠋ᠦ᠍
ᠬᠠᠭᠠᠨ ᠨᠢ ᠳᠠᠷᠤᠢ ᠬᠢᠭᠢᠷᠢ ᠪᠡᠨ ᠲᠤᠰᠢᠶᠠᠵᠤ
ᠬᠠᠷ᠎ᠠ ᠬᠦᠦ ᠳ᠋ᠡᠭᠡᠨ ᠲᠦᠰᠢᠮᠡᠯ ᠵᠡᠷᠭᠡ ᠥᠭᠴᠦ
ᠰᠢᠷᠡᠭᠡᠲᠦ ᠶ᠋ᠢᠨ ᠮᠡᠷᠭᠡᠨ ᠬᠠᠭᠠᠨ ᠢ᠋ ᠳᠠᠭᠤᠳᠠᠵᠤ
ᠰᠢᠷᠡᠭᠡ ᠵᠢᠭᠠᠨ ᠰᠠᠭᠤᠯᠭᠠᠭᠠᠳ
ᠥᠨᠳᠡᠭᠡᠨ ᠰᠦᠢ ᠪᠡᠨ ᠨᠡᠬᠡᠵᠦ
ᠥᠭᠡᠳᠡᠯᠡᠨ ᠢᠷᠡᠭᠰᠡᠨ ᠲᠤᠯᠠ ᠲᠠ
ᠡᠷ᠎ᠡ ᠶ᠋ᠢᠨ ᠭᠤᠷᠪᠠᠨ ᠮᠥᠷᠥᠢ ᠪᠡᠷ
ᠡᠩᠬᠦᠷᠡᠢ ᠥᠬᠢᠨ ᠢ᠋ᠶ᠋ᠡᠨ ᠲᠤᠰᠢᠶᠠᠨ᠎ᠠ᠃
ᠬᠡᠷᠪᠡ ᠲᠠᠢᠯᠵᠤ ᠴᠢᠳᠠᠬᠤ ᠦᠭᠡᠢ ᠪᠣᠯ
ᠬᠡᠵᠢᠶᠡᠳᠡ ᠪᠠᠷᠠᠭᠤᠨ ᠬᠣᠢᠰᠢ ᠪᠦᠦ ᠬᠠᠨᠳᠤ!
ᠭᠠᠨᠵᠤᠭ᠎ᠠ ᠴᠢᠨᠢ ᠬᠡᠢᠰᠴᠦ
ᠭᠠᠷ ᠴᠢᠨᠢ ᠬᠣᠭᠣᠰᠣᠷᠠᠵᠤ
ᠠᠴᠢᠶ᠎ᠠ ᠴᠢᠨᠢ ᠠᠯᠠᠭ᠎ᠠ
ᠠᠮᠠ ᠴᠢᠨᠢ ᠬᠠᠭᠤᠷᠠᠢ
ᠠᠮᠢ ᠪᠠᠨ ᠮᠡᠨᠳᠦ ᠬᠠᠷᠢᠶ᠎ᠠ ᠭᠡᠪᠡᠯ
ᠠᠯᠲᠠᠨ ᠬᠢᠯᠢ ᠶ᠋ᠢ ᠮᠢᠨᠢ ᠭᠠᠷᠲᠠᠯ᠎ᠠ
ᠠᠯᠠᠭ᠎ᠠ ᠪᠠᠷ ᠢ᠋ᠶ᠋ᠠᠨ ᠠᠯᠬᠤᠯᠠᠵᠤ
ᠠᠷᠢᠭᠤᠨ ᠣᠷᠣᠨ ᠠ᠋ᠴᠠ ᠮᠢᠨᠢ ᠭᠠᠷ! ᠭᠡᠰᠡᠨ ᠳ᠋ᠦ᠍
ᠰᠢᠷᠡᠭᠡᠲᠦ ᠶ᠋ᠢᠨ ᠮᠡᠷᠭᠡᠨ ᠬᠠᠭᠠᠨ ᠬᠦᠦ
ᠰᠢᠷᠡᠭᠡᠨ ᠡᠴᠡ ᠪᠡᠨ ᠪᠣᠰᠴᠤ ᠲᠠᠪᠰᠢᠨ᠄
《ᠡᠷ᠎ᠡ ᠶ᠋ᠢᠨ ᠭᠤᠷᠪᠠᠨ ᠮᠥᠷᠥᠢ ᠭᠡᠭᠴᠢ
ᠠᠯᠢ ᠭᠤᠷᠪᠠ ᠶ᠋ᠢ ᠬᠡᠯᠡᠵᠦ ᠪᠠᠢᠨ᠎ᠠ ᠪᠣᠢ?》 ᠭᠡᠰᠡᠨ ᠳ᠋ᠦ᠍
ᠬᠠᠮᠤᠭ ᠤ᠋ᠨ ᠲᠦᠷᠦᠭᠦᠨ ᠳ᠋ᠦ᠍ᠨᠢ ᠮᠣᠷᠢ ᠣᠷᠣᠯᠳᠣᠭᠠᠳ᠂
ᠲᠡᠭᠦᠨ ᠳᠠᠷᠠᠭ᠎ᠠ ᠪᠠᠷ ᠨᠢ ᠰᠤᠮᠤ ᠬᠠᠷᠪᠤᠨ᠎ᠠ᠃
ᠪᠦᠷ ᠰᠡᠭᠦᠯ ᠳ᠋ᠦ᠍ᠨᠢ ᠪᠥᠬᠡ ᠪᠠᠷᠢᠯᠳᠤᠨ᠎ᠠ᠃》 ᠭᠡᠵᠡᠢ᠃
※ ᠦᠰᠦᠭ ᠠᠮᠢᠯᠠᠭᠤᠯᠤᠭᠴᠢ᠄ ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂
ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂
ᠪᠠᠢ·ᠰᠠᠷᠠᠨ᠎ᠠ᠂ ᠬᠡᠷᠡᠢᠳ· ᠮᠥᠩᠬᠡᠨᠠᠰᠤᠨ᠂ ᠮᠥᠩᠭᠥᠨ
※ ᠬᠢᠨᠠᠭᠴᠢ᠄ ᠣᠳᠬᠠᠨᠰᠣ᠎ᠠ᠂ ᠪᠠᠯ᠂ ᠡᠭᠦᠯᠡᠩᠬᠤᠸᠠᠷ᠂ ᠤᠷᠠᠨᠴᠢᠮᠡᠭ᠂ ᠭᠠᠷᠮ᠎ᠠ᠂ ᠰᠡᠬᠡᠭᠡᠷᠡᠯ᠂
ᠨᠠᠷᠠᠨ᠂ ᠪᠠᠯᠤᠰᠦᠭ᠂ ᠬᠡᠯᠡᠰᠣᠶᠣᠯ
