ᠴᠠᠭᠠᠨ ᠬᠥᠬᠥᠯTsagaan gökhölЦагаан гөхөл ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠬᠥᠬᠥᠯTsagaan gökhölЦагаан гөхөл

ᠴᠠᠭᠠᠨ ᠬᠥᠬᠥᠯTsagaan gökhölЦагаан гөхөл

2025-11-04

189

ᠴᠠᠭᠠᠨ ᠬᠥᠬᠥᠯ

   ᠲᠤᠰ ᠡᠮ ᠪᠣᠯ ᠠᠯᠲᠠᠰᠤᠨ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠰᠤᠭᠠᠷ ᠮᠣᠳᠣ ᠶ᠋ᠢᠨ ᠳᠠᠪᠠᠷᠬᠠᠢ ᠮᠥᠨ᠃ ᠪᠠᠰᠠ ᠪᠣᠢᠭᠠᠷ ᠭᠡᠳᠡᠭ᠃
   [ ᠤᠤᠯ ᠤᠷᠭᠤᠮᠠᠯ] ᠨᠠᠪᠴᠢ ᠵᠤᠯᠭᠠᠷᠠᠬᠤ ᠲᠤᠷᠤᠭ ᠮᠣᠳᠣ᠃20~40m ᠥᠨᠳᠥᠷ᠂ ᠬᠣᠯᠲᠣᠰᠣ ᠨᠢ ᠨᠢᠯᠬ᠎ᠠ ᠦᠶᠡᠰ ᠴᠠᠢᠪᠤᠷ ᠴᠠᠭᠠᠨ᠂ ᠭᠥᠯᠢᠭᠡᠷ ᠲᠡᠭᠰᠢ᠂ ᠥᠲᠡᠯᠪᠡᠯ ᠬᠦᠷᠡᠩ ᠥᠩᠭᠡ ᠲᠡᠢ᠂ ᠠᠷᠵᠠᠭᠠᠷ ᠪᠣᠯᠳᠠᠭ᠃ ᠨᠠᠪᠴᠢ ᠨᠢ ᠴᠤᠪᠤᠷᠠᠨ ᠤᠷᠭᠤᠨ᠎ᠠ᠃ ᠨᠠᠪᠴᠢᠨ ᠪᠠᠷᠢᠭᠤᠯ ᠨᠢ3~7cm ᠤᠷᠲᠤ᠃ ᠲᠣᠰᠬᠣᠭᠤᠷ ᠨᠠᠪᠴᠢ ᠨᠢ ᠪᠦᠰᠡᠯᠢᠭ ᠬᠡᠯᠪᠡᠷᠢ ᠲᠡᠢ᠂ ᠡᠷᠲᠡ ᠵᠤᠯᠭᠠᠷᠠᠨ᠎ᠠ᠃ ᠨᠠᠪᠴᠢᠨ ᠢᠯᠲᠠᠰᠤ ᠨᠢ ᠵᠢᠷᠦᠬᠡᠨ ᠬᠡᠯᠪᠡᠷᠢ ᠲᠡᠢ᠂ ᠶᠡᠷᠦ ᠳ᠋ᠡᠭᠡᠨ3 ᠣᠨᠢ ᠲᠠᠢ᠂ ᠨᠢᠯᠬ᠎ᠠ ᠦᠶ᠎ᠡ ᠪᠠ ᠭᠥᠯᠥᠭᠡᠯᠡᠬᠦ ᠮᠥᠴᠢᠷ ᠳᠡᠭᠡᠷᠡᠬᠢ ᠨᠠᠪᠴᠢ ᠨᠢ ᠶᠡᠷᠦ ᠳ᠋ᠡᠭᠡᠨ5 ᠣᠨᠢ ᠲᠠᠢ᠂6~12cm ᠤᠷᠲᠤ᠂8~15cm ᠥᠷᠭᠡᠨ᠂ ᠰᠡᠵᠢᠭᠦᠷ ᠢᠯᠲᠠᠰᠤ ᠨᠢ ᠥᠨᠳᠡᠭᠡᠯᠵᠢᠨ ᠭᠤᠷᠪᠠᠯᠵᠢᠨ ᠪᠤᠶᠤ ᠥᠨᠳᠡᠭᠡᠯᠵᠢᠨ ᠬᠡᠯᠪᠡᠷᠢ ᠲᠡᠢ᠂ ᠤᠷᠲᠤ ᠱᠣᠪᠲᠤᠭᠤᠷ ᠦᠵᠦᠭᠦᠷ ᠲᠡᠢ᠂ ᠵᠢᠷᠦᠬᠡᠨ ᠬᠡᠯᠪᠡᠷᠢ ᠪᠤᠶᠤ ᠲᠡᠭᠰᠢ ᠤᠭ ᠲᠠᠢ᠂ ᠨᠠᠷᠢᠨ ᠬᠢᠷᠥᠭᠡᠨ ᠰᠢᠳᠦᠲᠦ ᠬᠥᠪᠡᠭᠡ ᠲᠡᠢ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠬᠡᠷᠲᠡᠢ᠂ ᠨᠢᠴᠦᠭᠦᠨ ᠴᠡᠴᠡᠭ ᠲᠡᠢ᠃ ᠡᠷ᠎ᠡ ᠴᠡᠴᠡᠭ ᠨᠢ ᠰᠢᠷᠠᠩᠭᠤᠢ ᠥᠩᠭᠡ ᠲᠡᠢ ᠪᠥᠭᠡᠳ ᠴᠠᠴᠤᠭ ᠬᠡᠯᠪᠡᠷᠢᠲᠦ ᠪᠠᠭ ᠴᠡᠴᠡᠭ ᠪᠣᠯᠳᠠᠭ᠃ ᠵᠢᠪᠡ ᠶ᠋ᠢᠨ ᠥᠩᠭᠡ ᠲᠡᠢ ᠨᠠᠷᠢᠨ ᠤᠷᠲᠤ ᠦᠰᠦ ᠲᠡᠢ᠂ ᠣᠯᠠᠨ ᠡᠷ᠎ᠡ ᠲᠣᠭᠣᠷᠴᠣᠭ ᠲᠠᠢ᠂ ᠢᠭᠴᠤᠷᠠᠭᠠᠳ ᠪᠥᠮᠪᠦᠭᠡᠯᠵᠢᠨ ᠬᠡᠯᠪᠡᠷᠢ ᠲᠡᠢ ᠪᠣᠯᠳᠠᠭ᠃ ᠡᠮ᠎ᠡ ᠴᠡᠴᠡᠭ ᠨᠢ ᠪᠥᠮᠪᠦᠬᠡᠯᠵᠢᠨ ᠲᠣᠯᠣᠭᠠᠢ ᠬᠡᠯᠪᠡᠷᠢᠲᠦ ᠪᠠᠭ ᠴᠡᠴᠡᠭ ᠪᠣᠯᠳᠠᠭ᠃ ᠦᠰᠦ ᠲᠡᠢ᠂ ᠴᠥᠭᠡᠪᠲᠦᠷ ᠳᠣᠷᠣᠢᠲᠠᠭᠰᠠᠨ ᠡᠷ᠎ᠡ ᠲᠣᠭᠣᠷᠴᠣᠭ ᠲᠠᠢ᠂ ᠬᠠᠭᠠᠰ ᠳᠣᠣᠷᠠᠲᠤ ᠣᠷᠣᠨᠲᠤ ᠤᠮᠠᠢ ᠲᠠᠢ᠂ ᠣᠯᠠᠩᠬᠢ ᠨᠢ ᠨᠡᠢᠯᠡᠵᠦ ᠪᠠᠢᠬᠤ ᠪᠥᠭᠡᠳ ᠳᠥᠷᠪᠡᠨ ᠲᠠᠯ᠎ᠠ ᠪᠠᠷ ᠨᠢ ᠮᠠᠰᠢ ᠣᠯᠠᠨ ᠦᠷᠦᠮ ᠬᠡᠯᠪᠡᠷᠢᠲᠦ ᠵᠢᠵᠢᠭ ᠪᠠᠭᠯᠠᠭᠴᠢ ᠢᠯᠲᠠᠰᠤ ᠬᠦᠷᠢᠶᠡᠯᠡᠵᠦ ᠪᠠᠢᠳᠠᠭ᠃2 ᠲᠠᠰᠤᠭ ᠲᠠᠢ᠂ ᠴᠡᠴᠡᠭ ᠦ᠋ᠨ ᠪᠠᠭᠠᠨ᠎ᠠ ᠨᠢ2᠂ ᠪᠠᠭᠠᠨ᠎ᠠ ᠶ᠋ᠢᠨ ᠠᠮᠠᠰᠠᠷ ᠨᠢ ᠮᠤᠷᠤᠢ᠃ ᠨᠡᠢᠯᠡᠮᠡᠯ ᠵᠢᠮᠢᠰ ᠨᠢ ᠪᠥᠮᠪᠦᠭᠡᠯᠵᠢᠨ ᠬᠡᠯᠪᠡᠷᠢ ᠲᠡᠢ᠂ ᠤᠨᠵᠢᠭᠢᠷ᠂ ᠳ᠋ᠢᠶᠠᠮᠧᠲ᠋ᠷ ᠨᠢ2.5~3cm᠂ ᠭᠠᠳᠠᠭᠤᠷ ᠨᠢ ᠥᠷᠭᠡᠰᠦ ᠲᠡᠢ᠂ ᠬᠣᠩᠭᠣᠷᠴᠣᠭᠲᠤ ᠵᠢᠮᠢᠰ ᠨᠢ ᠣᠯᠠᠨ ᠨᠡᠢᠯᠡᠮᠡᠯ ᠵᠢᠮᠢᠰ ᠦ᠋ᠨ ᠳᠣᠲᠣᠷ᠎ᠠ ᠢᠬᠴᠤ ᠪᠥᠭᠡᠮᠨᠡᠷᠡᠨ᠎ᠡ᠃ ᠤᠷᠲᠤᠯᠵᠢᠨ ᠵᠤᠤᠪᠠᠩ ᠬᠡᠯᠪᠡᠷᠢ ᠲᠡᠢ᠂ ᠪᠣᠯᠪᠠᠰᠤᠷᠠᠪᠠᠯ ᠣᠷᠣᠢ ᠪᠠᠷ ᠢ᠋ᠶ᠋ᠠᠨ ᠰᠦᠪᠡᠲᠦᠨ ᠬᠠᠭᠠᠷᠠᠨ᠎ᠠ᠃ ᠣᠯᠠᠨ ᠵᠢᠵᠢᠭ ᠦᠷ᠎ᠡ ᠲᠡᠢ ᠪᠥᠭᠡᠳ ᠬᠠᠪᠲᠠᠭᠠᠢ ᠢᠷᠮᠡᠭ ᠳᠡᠭᠡᠷ᠎ᠡ ᠨᠢ ᠬᠠᠶᠠ ᠳ᠋ᠠᠭᠠᠨ ᠶᠠᠯᠢᠮ ᠦᠭᠡᠢ ᠳᠠᠯᠠᠪᠴᠢ ᠲᠠᠢ ᠰᠢᠭ᠋᠃3~4 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂9~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠴᠢᠭᠢᠭᠯᠢᠭ ᠨᠣᠢᠲᠠᠨ᠂ ᠥᠩ ᠰᠢᠮᠡᠯᠢᠭ ᠬᠥᠷᠥᠰᠥᠨ ᠳ᠋ᠦ᠍ ᠤᠷᠭᠤᠨ᠎ᠠ᠃ ᠾᠧᠪᠧᠢ᠂ ᠾᠧᠨᠠᠨ᠂ ᠱᠠᠨᠰᠢ᠂ ᠬᠥᠬᠡᠨᠠᠭᠤᠷ᠂ ᠵᠢᠶᠠᠩᠰᠦ᠂ ᠠᠨᠾᠥ᠋ᠢ᠂ ᠵᠧᠵᠢᠶᠠᠩ᠂ ᠵᠢᠶᠠᠩᠰᠢ᠂ ᠹᠦᠵᠢᠶᠠᠨ᠂ ᠲᠠᠢᠸᠠᠨ᠂ ᠬᠤᠨᠠᠨ᠂ ᠭᠤᠸᠠᠩᠳᠥ᠋ᠩ᠂ ᠭᠤᠸᠠᠩᠰᠢ᠂ ᠰᠧᠴᠤᠸᠠᠨ᠂ ᠭᠦᠢᠵᠧᠦ᠂ ᠶᠦᠨᠨᠠᠨ᠂ ᠲᠥᠪᠡᠳ ᠵᠡᠷᠭᠡ ᠭᠠᠵᠠᠷ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ]20 ᠵᠢᠯ ᠡᠴᠡ ᠳᠡᠭᠡᠭᠰᠢ ᠤᠷᠭᠤᠭᠰᠠᠨ ᠲᠤᠷᠤᠭ ᠪᠦᠳᠦᠭᠦᠨ ᠮᠣᠳᠣ ᠶ᠋ᠢ ᠰᠣᠩᠭᠣᠵᠤ᠂7᠂9  ᠳ᠋ᠦ᠍ᠭᠡᠷ ᠰᠠᠷ᠎ᠠ ᠶ᠋ᠢᠨ ᠬᠣᠭᠣᠷᠣᠨᠳᠣ ᠮᠣᠳᠣᠨ ᠤ᠋ ᠤᠭ ᠠ᠋ᠴᠠ ᠳᠡᠭᠡᠭᠰᠢ15~20cm ᠵᠠᠢ ᠲᠠᠢ ᠰᠣᠯᠪᠢᠴᠠᠭᠤᠯᠤᠨ ᠨᠦᠬᠡᠯᠡᠵᠦ᠂11 ᠳ᠋ᠦ᠍ᠭᠡᠷ ᠰᠠᠷ᠎ᠠ ᠠ᠋ᠴᠠ ᠳᠠᠷᠠᠭ᠎ᠠ ᠵᠢᠯ ᠦ᠋ᠨ3 ᠳ᠋ᠤᠭᠠᠷ ᠰᠠᠷ᠎ᠠ ᠶ᠋ᠢᠨ ᠬᠣᠭᠣᠷᠣᠨᠳᠣ ᠤᠷᠤᠰᠤᠨ ᠭᠠᠷᠤᠭᠰᠠᠨ ᠳᠠᠪᠠᠷᠬᠠᠢ ᠶ᠋ᠢ ᠨᠢ ᠬᠣᠷᠢᠶᠠᠨ ᠠᠪᠴᠤ ᠨᠠᠷᠠᠨ ᠳ᠋ᠤ᠌ ᠬᠠᠲᠠᠭᠠᠨ᠎ᠠ᠃ ᠰᠢᠪᠡᠷ ᠰᠢᠷᠣᠢ ᠬᠣᠯᠢᠭᠳᠠᠬᠤ ᠶ᠋ᠢ ᠬᠢᠴᠢᠶᠡᠬᠦ ᠬᠡᠷᠡᠭᠲᠡᠢ᠃
   [ ᠠᠮᠲᠠ᠂ ᠴᠢᠨᠠᠷ᠂ ᠡᠷᠳᠡᠮ] ᠭᠠᠰᠢᠭᠤᠨ᠂ ᠭᠤᠱᠤᠭᠤᠨ ᠠᠮᠲᠠ ᠲᠠᠢ᠂ ᠰᠡᠷᠢᠭᠦᠨ ᠴᠢᠨᠠᠷ ᠲᠠᠢ᠂ ᠬᠠᠭᠤᠷᠠᠢ᠂ ᠬᠥᠩᠭᠡᠨ ᠬᠤᠷᠴᠠ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠥᠭᠡᠷᠢ ᠰᠢᠷ᠎ᠠ ᠤᠰᠤ ᠶ᠋ᠢ ᠬᠠᠲᠠᠭᠠᠬᠤ᠂ ᠬᠠᠪᠤᠳᠠᠷ ᠢ᠋ ᠬᠠᠷᠢᠭᠤᠯᠬᠤ᠂ ᠰᠢᠷᠬ᠎ᠠ ᠶ᠋ᠢ ᠠᠨᠠᠭᠠᠬᠤ᠂ ᠡᠪᠡᠳᠬᠦ ᠶ᠋ᠢ ᠵᠣᠭᠰᠣᠭᠠᠬᠤ᠂ ᠬᠣᠣᠷ ᠢ᠋ ᠲᠠᠢᠯᠬᠤ ᠴᠢᠳᠠᠯ ᠲᠠᠢ᠃ ᠭᠣᠣᠯᠳᠠᠭᠤ ᠲᠤᠯᠠᠢ᠂ ᠬᠡᠷᠦᠬᠦ᠂ ᠰᠢᠷ᠎ᠠ ᠤᠰᠤᠨ ᠡᠪᠡᠳᠴᠢᠨ᠂ ᠦᠶ᠎ᠡ ᠭᠡᠰᠢᠭᠦᠦ ᠡᠪᠡᠳᠴᠦ ᠬᠠᠪᠤᠳᠬᠤ᠂ ᠬᠠᠮᠠᠭᠤ᠂ ᠢᠯᠢᠳᠦ᠂ ᠨᠢᠰᠤᠭᠤ᠂ ᠭᠦᠪᠳᠦᠷᠦᠦ᠂ ᠠᠯᠠᠭ ᠮᠠᠷᠢᠶ᠎ᠠ᠂ ᠪᠣᠭᠣᠮ᠎ᠠ᠂ ᠬᠥᠬᠥᠨ ᠬᠠᠪᠤᠳᠠᠷ᠂ ᠭᠠᠯ ᠨᠠᠮᠤᠰᠤ᠂ ᠡᠷᠡᠬᠡᠭᠰᠡᠨ ᠰᠢᠷᠬ᠎ᠠ ᠪᠠ ᠤᠨᠠᠵᠤ ᠲᠤᠰᠤᠭᠰᠠᠨ ᠰᠢᠷᠬ᠎ᠠ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄枫香脂(白云香)枫香树
   ᠠᠩᠭ᠌ᠯᠢ ᠨᠡᠷ᠎ᠡ᠄Liquidambar formosana Hance

   ᠦᠰᠦᠭ ᠠᠮᠢᠯᠠᠭᠤᠯᠤᠭᠴᠢ᠄ ᠣᠶᠤᠨᠴᠢᠮᠡᠭ
   ᠬᠢᠨᠠᠭᠴᠢ᠄ ᠴᠡᠪᠡᠷᠴᠡᠴᠡᠭ