ᠡᠩᠬᠡ ᠵᠣᠷᠢᠭᠲᠤ ᠬᠠᠭᠠᠨEnkh zorigt khaanЭнх зоригт хаан
ᠡᠩᠬᠡ ᠵᠣᠷᠢᠭᠲᠤ ᠬᠠᠭᠠᠨ
ᠨᠠᠢᠷᠠᠭᠤᠯᠤᠭᠰᠠᠨ ᠨᠢ ᠄ ᠱ· ᠴᠸᠶᠢᠨ — ᠣᠢᠳᠤᠪ
ᠬᠢᠶᠠᠳ ᠪᠣᠷᠵᠢᠭᠢᠨ ᠣᠪᠣᠭᠲᠤ ᠶ᠋ᠢᠨ ᠥᠨᠳᠥᠷ ᠡᠪᠦᠭᠡ ᠬᠤᠲᠤᠭᠲᠤ ᠬᠠᠭᠠᠨ ᠬᠦᠰᠡᠯ᠎ᠡ᠂ ᠥᠪᠡᠷ ᠦ᠋ᠨ ᠡᠪᠦᠭᠡ ᠲᠣᠭᠣᠨᠳᠡᠮᠦᠷ ᠬᠠᠭᠠᠨ᠂ ᠡᠴᠢᠭᠡ ᠨᠢ ᠤᠰᠬᠠᠯ ᠬᠠᠭᠠᠨ ᠲᠡᠭᠦᠰᠲᠡᠮᠦᠷ ᠶᠦᠮ᠂1359 ᠣᠨ ᠳ᠋ᠤ᠌ ᠡᠴᠢᠭᠡ ᠲᠡᠭᠦᠰᠲᠡᠮᠦᠷ ᠢ᠋17 ᠨᠠᠰᠤᠲᠠᠢ ᠪᠠᠢᠬᠤ ᠳ᠋ᠤ᠌ ᠠᠬᠠᠮᠠᠳ ᠬᠦᠦ ᠡᠩᠬᠡ ᠵᠣᠷᠢᠭᠲᠤ ᠮᠡᠨᠳᠦᠯᠡᠵᠡᠢ᠃ ᠬᠣᠶᠠᠳᠤᠭᠠᠷ ᠳᠡᠭᠦᠦ ᠡᠯᠪᠡᠭ ᠨᠢᠭᠦᠯᠡᠰᠦᠭᠴᠢ᠂ ᠭᠤᠷᠪᠠᠳᠤᠭᠠᠷ ᠳᠡᠭᠦᠦ ᠬᠠᠷᠬᠤᠴᠠᠭ ᠶᠤᠮ᠃ ᠳᠡᠭᠦᠦ ᠳᠠᠶᠠᠨᠪᠣᠣ1388 ᠣᠨ ᠳ᠋ᠤ᠌ ᠮᠢᠩ ᠤᠯᠤᠰ ᠤ᠋ᠨ ᠴᠡᠷᠢᠭ ᠦ᠋ᠳ ᠲᠦ᠍ ᠣᠯᠵᠠᠯᠠᠭᠳᠠᠵᠤ ᠠᠯᠠᠭᠳᠠᠭᠰᠠᠨ ᠶᠤᠮ᠃
ᠡᠴᠢᠭᠡ ᠲᠡᠭᠦᠰᠲᠡᠮᠦᠷ ᠤᠷᠪᠠᠭᠴᠢ ᠳ᠋ᠤ᠌ ᠠᠯᠠᠭᠳᠠᠭᠰᠠᠨ ᠤ᠋ ᠳᠠᠷᠠᠭ᠎ᠠ ᠡᠩᠬᠡ ᠵᠣᠷᠢᠭᠲᠤ ᠡᠴᠢᠭᠡ ᠶ᠋ᠢᠨ ᠢ᠋ᠶ᠋ᠡᠨ ᠣᠷᠣ ᠰᠠᠭᠤᠷᠢ ᠶ᠋ᠢ ᠵᠠᠯᠭᠠᠮᠵᠢᠯᠠᠨ ᠬᠠᠭᠠᠨ ᠰᠢᠷᠡᠭᠡᠨ ᠳ᠋ᠦ᠍ ᠰᠠᠭᠤᠭᠠᠳ ᠬᠠᠭᠠᠨ ᠤ᠋ ᠴᠣᠯᠠ ᠪᠠᠨ《ᠵᠣᠷᠢᠭᠲᠤ》 ᠭᠡᠵᠡᠢ᠃ ᠡᠩᠬᠡ ᠵᠣᠷᠢᠭᠲᠤ ᠬᠠᠭᠠᠨ ᠪᠣᠯ ᠶᠡᠬᠡ ᠮᠣᠩᠭᠣᠯ ᠤᠯᠤᠰ ᠤ᠋ᠨ18 ᠳ᠋ᠠᠬᠢ ᠬᠠᠭᠠᠨ ᠪᠢᠯᠡ᠃
ᠡᠩᠬᠡ ᠵᠣᠷᠢᠭᠲᠤ ᠬᠠᠭᠠᠨ ᠤ᠋ ᠦᠶ᠎ᠡ ᠳ᠋ᠦ᠍ ᠤᠯᠤᠰ ᠣᠷᠣᠨ ᠤ᠋ ᠨᠢᠭᠡᠳᠦᠮᠡᠯ ᠵᠢᠯᠣᠭᠣᠳᠤᠯᠭ᠎ᠠ ᠠᠯᠳᠠᠭᠳᠠᠵᠤ ᠪᠠᠢᠭᠰᠠᠨ ᠦᠶ᠎ᠡ ᠤᠴᠢᠷ ᠠ᠋ᠴᠠ ᠤᠮᠠᠷᠠᠲᠤ ᠶᠤᠸᠠᠨ ᠤᠯᠤᠰ ᠤ᠋ᠨ ᠴᠡᠷᠢᠭ ᠦ᠋ᠳ ᠮᠢᠩ ᠤᠯᠤᠰ ᠤ᠋ᠨ ᠴᠡᠷᠢᠭ ᠲᠦ᠍ ᠪᠠᠢᠩᠭᠤ ᠢᠯᠠᠭᠳᠠᠵᠤ ᠰᠤᠨᠤᠭᠡᠭᠳᠡᠭᠰᠡᠭᠡᠷ ᠪᠠᠢᠯ᠎ᠠ᠃
1390 ᠣᠨ ᠳ᠋ᠤ᠌ ᠤᠮᠠᠷᠠᠲᠤ ᠶᠤᠸᠠᠨ ᠤᠯᠤᠰ ᠤ᠋ᠨ ᠴᠢᠩᠰᠠᠩ ᠵᠣᠴᠢ᠂ ᠲᠦᠰᠢᠮᠡᠯ ᠠᠨᠢᠷᠪᠣᠬᠠ᠂ ᠠᠷᠤᠭᠲᠡᠮᠦᠷ ᠨᠠᠷ ᠮᠢᠩ ᠤᠯᠤᠰ ᠲᠤ᠌ ᠪᠠᠭᠤᠵᠤ ᠥᠭᠴᠡᠢ᠃
1391 ᠣᠨ ᠤᠮᠠᠷᠠᠲᠤ ᠶᠤᠸᠠᠨ ᠤᠯᠤᠰ ᠤ᠋ᠨ ᠨᠢᠭᠡᠨ ᠸᠠᠩ ᠥᠪᠡᠷ ᠢ᠋ᠶ᠋ᠡᠨ ᠴᠡᠷᠢᠭ ᠳᠠᠢᠴᠢᠯᠠᠨ ᠮᠢᠩ ᠤᠯᠤᠰ ᠢ᠋ ᠳᠠᠢᠯᠠᠭᠰᠠᠨ ᠪᠣᠯᠪᠠᠴᠤ ᠠᠮᠵᠢᠯᠲᠠ ᠣᠯᠤᠭᠰᠠᠨ ᠦᠭᠡᠢ ᠮᠥᠷᠲᠡᠭᠡᠨ ᠥᠪᠡᠷ ᠢ᠋ᠶ᠋ᠡᠨ ᠪᠠᠷᠢᠭᠳᠠᠵᠠᠢ᠃
1392 ᠣᠨ ᠨᠢᠭᠡᠨ ᠮᠣᠵᠢ ᠶ᠋ᠢᠨ ᠵᠠᠬᠢᠷᠤᠭᠴᠢ ᠲᠦᠰᠢᠮᠡᠯ ᠦᠯᠡᠭᠲᠡᠮᠦᠷ ᠭᠡᠭᠴᠢ ᠮᠢᠩ ᠤᠯᠤᠰ ᠢ᠋ ᠡᠰᠡᠷᠭᠦᠴᠡᠨ ᠮᠢᠩ ᠦ᠋ᠨ ᠴᠡᠷᠢᠭ ᠲᠦ᠍ ᠪᠠᠷᠢᠪᠴᠢᠯᠠᠭᠳᠠᠵᠤ ᠠᠯᠠᠭᠳᠠᠵᠠᠢ᠃
ᠡᠨᠡ ᠮᠡᠲᠦ ᠪᠡᠷ ᠮᠢᠩ ᠦ᠋ᠨ ᠳᠣᠪᠲᠣᠯᠭᠠᠨ ᠡᠳᠦᠷ ᠢᠷᠡᠬᠦᠶ᠎ᠡ ᠰᠢᠷᠦᠭᠦᠰᠴᠦ᠂ ᠤᠮᠠᠷᠠᠲᠤ ᠤᠯᠤᠰ ᠣᠷᠣᠨ ᠤ᠋ ᠨᠢᠭᠡᠳᠦᠮᠡᠯ ᠤᠳᠤᠷᠢᠳᠤᠯᠭ᠎ᠠ ᠦᠭᠡᠢ ᠴᠡᠷᠢᠭ ᠦ᠋ᠳ ᠴᠥᠭᠡᠨ᠂ ᠪᠠᠭᠤᠷᠠᠢ ᠪᠠᠷ ᠴᠣᠬᠢᠭᠳᠠᠭᠰᠠᠭᠠᠷ ᠪᠠᠢᠭᠰᠠᠨ ᠦᠶ᠎ᠡ ᠳ᠋ᠦ᠍ ᠡᠩᠬᠡ ᠵᠣᠷᠢᠭᠲᠤ ᠬᠠᠭᠠᠨ ᠨᠠᠰᠤ ᠪᠠᠷᠢᠵᠠᠢ᠃
1389—1392 ᠣᠨ ᠬᠠᠷ᠎ᠠ ᠪᠢᠴᠢᠨ ᠵᠢᠯ ᠬᠦᠷᠲᠡᠯ᠎ᠡ ᠭᠤᠷᠪᠠᠨ ᠵᠢᠯ ᠬᠠᠭᠠᠨ ᠰᠢᠷᠡᠭᠡᠨ ᠳ᠋ᠦ᠍ ᠰᠠᠭᠤᠭᠠᠳ34 ᠨᠠᠰᠤᠨ ᠳ᠋ᠤ᠌ ᠪᠠᠨ ᠶᠢᠷᠲᠢᠨᠴᠦ ᠶ᠋ᠢᠨ ᠶᠡᠷᠦ ᠪᠤᠰᠤ ᠶ᠋ᠢ ᠦᠵᠡᠭᠦᠯᠵᠡᠢ᠃
ᠢᠷᠡᠯᠲᠡ᠄
《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠨᠠᠢᠷᠠᠭᠤᠯᠤᠨ ᠰᠣᠩᠭᠣᠵᠤ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
