ᠡᠯᠪᠡᠭ ᠨᠢᠭᠦᠯᠡᠰᠦᠭᠴᠢ ᠬᠠᠭᠠᠨElbeg nigüülsegch khaanЭлбэг нигүүлсэгч хаан ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠪᠡᠭ ᠨᠢᠭᠦᠯᠡᠰᠦᠭᠴᠢ ᠬᠠᠭᠠᠨElbeg nigüülsegch khaanЭлбэг нигүүлсэгч хаан

ᠡᠯᠪᠡᠭ ᠨᠢᠭᠦᠯᠡᠰᠦᠭᠴᠢ ᠬᠠᠭᠠᠨElbeg nigüülsegch khaanЭлбэг нигүүлсэгч хаан

ᠠᠩᠭᠢᠯᠠᠯ:ᠴᠤᠤᠲᠤ ᠬᠥᠮᠥᠰ
2025-11-02

205

ᠡᠯᠪᠡᠭ ᠨᠢᠭᠦᠯᠡᠰᠦᠭᠴᠢ ᠬᠠᠭᠠᠨ


     ᠨᠠᠢᠷᠠᠭᠤᠯᠤᠭᠰᠠᠨ ᠨᠢ ᠄ ᠱ · ᠴᠸᠶᠢᠨ —  ᠣᠢᠳᠤᠪ
 ᠬᠢᠶᠠᠳ ᠪᠣᠷᠵᠢᠭᠢᠨ ᠣᠪᠣᠭᠲᠤ ᠡᠯᠪᠡᠭ ᠨᠢᠭᠦᠯᠡᠰᠦᠭᠴᠢ ᠶ᠋ᠢᠨ ᠥᠨᠳᠥᠷ ᠡᠪᠦᠭᠡ ᠬᠤᠲᠤᠭᠲᠤ ᠬᠦᠰᠡᠯᠡ ᠬᠠᠭᠠᠨ᠂ ᠥᠪᠡᠷ ᠦ᠋ᠨ ᠡᠪᠦᠭᠡ ᠲᠣᠭᠣᠨᠲᠡᠮᠦᠷ ᠬᠠᠭᠠᠨ᠂ ᠡᠴᠢᠭᠡ ᠤᠰᠬᠠᠯ ᠬᠠᠭᠠᠨ ᠶᠤᠮ᠃ ᠠᠬ᠎ᠠ ᠡᠩᠬᠡ ᠵᠣᠷᠢᠭᠲᠤ ᠬᠠᠭᠠᠨ᠂ᠡᠯᠪᠡᠭ ᠨᠢᠭᠦᠯᠡᠰᠦᠭᠴᠢ1361 ᠣᠨ ᠳ᠋ᠤ᠌ ᠲᠥᠷᠥᠵᠡᠢ᠃
   1392 ᠣᠨ ᠳ᠋ᠤ᠌ ᠠᠬ᠎ᠠ ᠡᠩᠬᠡ ᠵᠣᠷᠢᠭᠲᠤ ᠬᠠᠭᠠᠨ ᠨᠠᠰᠤ ᠪᠠᠷᠠᠭᠰᠠᠨ ᠤ᠋ ᠳᠠᠷᠠᠭ᠎ᠠ ᠭᠡᠷᠢᠶᠡᠰᠯᠡᠯ ᠦ᠋ᠨ ᠳᠠᠭᠤ1393 ᠣᠨ ᠳ᠋ᠤ᠌ ᠬᠠᠭᠠᠨ ᠣᠷᠣ ᠰᠠᠭᠤᠭᠠᠳ ᠬᠠᠭᠠᠨ ᠤ᠋ ᠴᠣᠯᠠ ᠪᠠᠨ《ᠨᠢᠭᠦᠯᠡᠰᠦᠭᠴᠢ》 ᠭᠡᠰᠡᠨ ᠤᠴᠢᠷ ᠡᠯᠪᠡᠭ ᠨᠢᠭᠦᠯᠡᠰᠦᠭᠴᠢ ᠬᠠᠭᠠᠨ ᠭᠡᠵᠦ ᠨᠡᠷᠡᠯᠡᠵᠡᠢ᠃ᠡᠯᠪᠡᠭ ᠨᠢᠭᠦᠯᠡᠰᠦᠭᠴᠢ ᠬᠠᠭᠠᠨ ᠪᠣᠯ ᠤᠮᠠᠷᠠᠲᠤ ᠶᠤᠸᠠᠨ ᠤᠯᠤᠰ ᠤ᠋ᠨ ᠳᠥᠷᠪᠡᠳᠡᠬᠢ ᠬᠠᠭᠠᠨ᠂ ᠬᠠᠭᠠᠨᠲᠤ ᠮᠣᠩᠭᠣᠯ ᠤᠯᠤᠰ ᠤ᠋ᠨ 19ᠳᠠᠬᠢ ᠬᠠᠭᠠᠨ ᠪᠢᠯᠡ᠃
   1399 ᠣᠨ ᠳ᠋ᠤ᠌ ᠡᠯᠪᠡᠭ ᠨᠢᠭᠦᠯᠡᠰᠦᠭᠴᠢ ᠬᠠᠭᠠᠨ ᠠᠪᠠ ᠠᠪᠠᠯᠠᠬᠤ ᠪᠠᠷ ᠭᠠᠷᠤᠭᠠᠳ ᠲᠠᠤᠯᠠᠢ ᠶ᠋ᠢᠨ ᠴᠢᠰᠤ ᠰᠢᠨᠡᠬᠡᠨ ᠣᠷᠣᠭᠰᠠᠨ ᠴᠠᠰᠤᠨ ᠳᠡᠭᠡᠷ᠎ᠡ  ᠲᠤᠰᠠᠯᠠᠭᠰᠠᠨ ᠢ᠋ ᠦᠵᠡᠭᠡᠳ《ᠡᠨᠡ ᠴᠠᠰᠤ ᠮᠡᠲᠦ ᠴᠠᠭᠠᠨ ᠴᠢᠷᠠᠢ ᠲᠠᠢ᠂ ᠡᠨᠡ ᠴᠢᠰᠤ ᠮᠡᠲᠦ ᠤᠯᠠᠭᠠᠨ ᠤᠷᠤᠭᠤᠯ ᠲᠠᠢ ᠲᠡᠢᠮᠦ ᠦᠵᠡᠰᠬᠦᠯᠡᠩ ᠭᠤᠸ᠎ᠠ ᠡᠬᠡᠨᠡᠷ ᠪᠠᠢᠳᠠᠭ ᠪᠣᠯᠪᠠ ᠤᠤ?》 ᠭᠡᠰᠡᠨ ᠳ᠋ᠦ᠍ ᠣᠢᠷᠠᠳ ᠠᠢᠮᠠᠭ ᠤ᠋ᠨ ᠮᠢᠩᠭᠠᠨ ᠣᠪᠣᠭᠲᠤ ᠬᠤᠤᠬᠠᠢ ᠳᠠᠶᠤᠤ《ᠬᠠᠭᠠᠨ ᠲᠠᠨ ᠤ᠋ ᠳᠡᠭᠦᠦ ᠬᠠᠷᠬᠤᠴᠠᠭ ᠲᠠᠢᠵᠢ ᠶ᠋ᠢᠨ ᠭᠡᠷᠭᠡᠢ ᠥᠯᠵᠡᠢᠲᠦ ᠭᠤᠸ᠎ᠠ ᠪᠠᠢᠵᠢ ᠶ᠋ᠢᠨ ᠥᠩᠭᠡ ᠵᠢᠰᠦ ᠲᠠᠨ ᠤ᠋ ᠡᠨᠡ ᠬᠡᠯᠡᠵᠦ ᠪᠠᠢᠭᠰᠠᠨ ᠠ᠋ᠴᠠ ᠯᠠᠪ ᠠᠷᠪᠠᠨ ᠬᠤᠪᠢ ᠦᠯᠡᠮᠵᠢ ᠰᠠᠢᠬᠠᠨ ᠪᠢᠯᠡ》 ᠭᠡᠵᠦ ᠬᠡᠯᠡᠭᠰᠡᠨ ᠳ᠋ᠦ᠍ ᠬᠠᠭᠠᠨ ᠶᠡᠬᠡᠳᠡ ᠪᠡᠶᠡᠰᠦᠨ《ᠦᠵᠡᠭᠡ ᠦᠭᠡᠢ ᠶ᠋ᠢ ᠦᠵᠡᠭᠦᠯᠬᠦ ᠶ᠋ᠢ ᠦᠯᠡᠮᠵᠢ ᠬᠦᠰᠡᠯ ᠬᠠᠩᠭᠠᠬᠤ ᠶ᠋ᠢ ᠲᠦᠰᠢᠮᠡᠯ ᠮᠡᠳᠡᠲᠦᠭᠡᠢ᠂ ᠬᠣᠵᠢᠮ ᠪᠢ ᠲᠠᠨ ᠳ᠋ᠤ᠌ ᠴᠢᠩᠰᠠᠩ ᠴᠣᠯᠠ ᠡᠷᠭᠦᠮᠵᠢᠯᠡᠬᠦ ᠳ᠋ᠦ᠍ ᠪᠡᠯᠡᠨ ᠪᠠᠢᠬᠤ ᠪᠣᠯᠤᠨ᠎ᠠ》 ᠭᠡᠵᠡᠢ᠃
 ᠲᠡᠭᠡᠭᠡᠳ ᠬᠠᠷᠬᠤᠴᠠᠭ ᠲᠠᠢᠵᠢ ᠶ᠋ᠢ ᠠᠪᠠ ᠳ᠋ᠤ᠌ ᠶᠠᠪᠤᠭᠰᠠᠨ ᠤ᠋ ᠬᠣᠢᠨ᠎ᠠ ᠬᠤᠤᠬᠠᠢ ᠳᠠᠶᠤᠤ ᠨᠢᠭᠤᠴᠠ ᠪᠠᠷ ᠥᠯᠵᠡᠢᠲᠦ ᠭᠤᠸ᠎ᠠ ᠪᠠᠢᠵᠢ ᠳ᠋ᠤ᠌《ᠬᠠᠭᠠᠨ ᠡᠵᠡᠨ ᠴᠢᠨᠦ ᠥᠩᠭᠡ ᠵᠢᠰᠦ ᠶ᠋ᠢ ᠦᠵᠡᠬᠦ ᠭᠡᠵᠦ ᠶᠡᠬᠡᠳᠡ ᠰᠣᠨᠢᠷᠬᠠᠨ ᠬᠦᠰᠡᠵᠦ ᠪᠠᠢᠨ᠎ᠠ》 ᠭᠡᠵᠦ ᠬᠡᠯᠡᠬᠦ ᠳ᠋ᠦ᠍ ᠥᠯᠵᠡᠢᠲᠦ ᠭᠤᠸ᠎ᠠ ᠪᠠᠢᠵᠢ ᠵᠢᠬᠡᠭᠦᠴᠡᠨ ᠠᠭᠤᠷᠯᠠᠵᠤ《ᠬᠠᠭᠠᠨ ᠲᠩᠷᠢ ᠡᠬᠡ ᠭᠠᠵᠠᠷ ᠨᠡᠢᠯᠡᠵᠦ ᠪᠣᠯᠳᠠᠭ ᠶᠤᠮ ᠤᠤ? ᠬᠠᠭᠠᠨ ᠡᠵᠡᠨ ᠳᠡᠭᠦᠦ ᠪᠡᠷᠢ ᠪᠡᠨ ᠦᠵᠡᠵᠦ ᠪᠣᠯᠳᠠᠭ ᠶᠤᠮ ᠤᠤ?》 ᠭᠡᠳ ᠬᠥᠭᠡᠭᠡᠭᠡᠳ ᠶᠠᠪᠤᠭᠤᠯᠵᠠᠢ᠃ ᠬᠤᠤᠬᠠᠢ ᠳᠠᠶᠤᠤ ᠪᠤᠴᠠᠵᠤ ᠬᠠᠭᠠᠨ ᠳ᠋ᠤ᠌ ᠬᠡᠯᠡᠬᠦ ᠳ᠋ᠦ᠍ ᠬᠠᠭᠠᠨ ᠠᠭᠤᠷᠯᠠᠵᠤ ᠠᠩ ᠤ᠋ᠨ ᠵᠠᠮ ᠢ᠋ ᠲᠠᠰᠤᠯᠵᠤ ᠳᠡᠭᠦᠦ ᠪᠡᠨ ᠬᠥᠨᠥᠭᠡᠭᠡᠳ ᠭᠤᠷᠪᠠᠨ ᠰᠠᠷ᠎ᠠ ᠲᠠᠢ ᠪᠠᠢᠭᠰᠠᠨ ᠳᠡᠭᠦᠦ ᠪᠡᠷᠢ ᠪᠡᠨ ᠬᠠᠲᠤᠨ ᠪᠣᠯᠭᠠᠨ ᠠᠪᠴᠠᠢ᠃
   ᠲᠤᠰ ᠵᠢᠯ ᠳ᠋ᠦ᠍ ᠪᠡᠨ ᠡᠯᠪᠡᠭ ᠨᠢᠭᠦᠯᠡᠰᠦᠭᠴᠢ ᠬᠠᠭᠠᠨ ᠠᠪᠠ ᠠᠪᠠᠯᠠᠬᠤ ᠪᠠᠷ  ᠮᠣᠷᠳᠠᠬᠤ ᠳ᠋ᠤ᠌ ᠬᠤᠤᠬᠠᠢ ᠳᠠᠶᠤᠤ ᠥᠨᠥᠬᠢ ᠠᠮᠠᠯᠠᠭᠰᠠᠨ ᠴᠢᠩᠰᠠᠩ ᠴᠣᠯᠠ ᠶ᠋ᠢᠨ ᠲᠤᠬᠠᠢ ᠶᠠᠷᠢᠬᠤ ᠪᠠᠷ ᠬᠠᠭᠠᠨ ᠤ᠋ ᠵᠠᠮ ᠲᠣᠰᠣᠨ ᠬᠦᠯᠢᠶᠡᠵᠦ ᠰᠠᠭᠤᠬᠤ ᠶ᠋ᠢ ᠥᠯᠵᠡᠢᠲᠦ ᠭᠤᠸ᠎ᠠ ᠪᠠᠢᠵᠢ ᠬᠠᠲᠤᠨ ᠮᠡᠳᠡᠭᠡᠳ ᠬᠥᠮᠦᠨ ᠶᠠᠪᠤᠭᠤᠯᠵᠤ《ᠬᠠᠭᠠᠨ ᠢ᠋ ᠬᠡᠭᠡᠷ᠎ᠡ ᠬᠦᠯᠢᠶᠡᠬᠦ ᠪᠡᠷ ᠣᠷᠳᠣᠨ ᠳ᠋ᠤ᠌ ᠢᠷᠡᠵᠦ ᠬᠦᠯᠢᠶᠡ》 ᠭᠡᠵᠦ ᠢᠷᠡᠭᠦᠯᠦᠭᠡᠳ ᠠᠰᠤᠷᠤ ᠬᠦᠨᠳᠦᠳᠬᠡᠵᠦ᠂ ᠮᠥᠩᠭᠥᠨ ᠠᠶᠠᠭ᠎ᠠ ᠳᠦᠭᠦᠷᠡᠩ ᠰᠠᠷᠬᠤᠳ ᠪᠠᠷᠢᠭᠠᠳ《ᠪᠠᠭ᠎ᠠ ᠪᠡᠶ᠎ᠡ ᠶ᠋ᠢ ᠮᠢᠨᠢ ᠶᠡᠬᠡ ᠪᠣᠯᠭᠠᠵᠤ᠂ ᠪᠠᠢᠵᠢ ᠨᠠᠮ᠎ᠠ ᠶ᠋ᠢ ᠬᠠᠲᠤᠨ ᠪᠣᠯᠭᠠᠭᠰᠠᠨ ᠲᠠ ᠠᠴᠢᠲᠠᠢ ᠬᠥᠮᠦᠨ》 ᠭᠡᠮᠡᠨ ᠮᠠᠭᠲᠠᠭᠠᠳ《ᠲᠠᠨ ᠳ᠋ᠤ᠌ ᠨᠡᠩ ᠶᠡᠬᠡ ᠱᠠᠩ  ᠬᠦᠷᠲᠡᠭᠡᠬᠦ ᠢ ᠬᠠᠭᠠᠨ  ᠮᠡᠳᠡᠲᠦᠭᠡᠢ》 ᠭᠡᠳ ᠠᠷᠢᠬᠢ ᠰᠠᠷᠬᠤᠳ ᠪᠠᠷᠢᠭᠰᠠᠭᠠᠷ ᠪᠠᠢᠵᠤ   ᠱᠠᠯ ᠰᠣᠭᠲᠣᠭᠠᠭᠠᠳ ᠬᠥᠮᠦᠨ ᠶᠠᠪᠤᠭᠤᠯᠵᠤ ᠬᠠᠭᠠᠨ ᠢ᠋ ᠳᠠᠭᠤᠳᠠᠭᠤᠯᠤᠭᠠᠳ ᠳᠠᠷᠠᠭ᠎ᠠ ᠨᠢ ᠬᠤᠤᠬᠠᠢ ᠳᠠᠶᠤᠤ ᠶ᠋ᠢ ᠬᠠᠭᠠᠨ ᠤ᠋ ᠣᠷᠣ ᠳᠡᠭᠡᠷ᠎ᠡ ᠬᠡᠪᠲᠡᠭᠦᠯᠦᠭᠡᠳ ᠥᠪᠡᠷ ᠦ᠋ᠨ ᠨᠢᠭᠤᠷ ᠭᠠᠷ ᠢ᠋ᠶ᠋ᠠᠨ ᠮᠠᠭᠠᠵᠢᠵᠤ ᠰᠢᠯᠪᠤᠯᠤᠨ ᠦᠰᠦ  ᠭᠡᠵᠢᠭᠡ    ᠪᠡᠨ ᠰᠡᠭᠰᠡᠢᠯᠭᠡᠵᠦ  ᠰᠠᠭᠤᠬᠤ ᠶ᠋ᠢ ᠬᠠᠭᠠᠨ ᠦᠵᠡᠭᠡᠳ ᠶᠠᠭᠤ ᠪᠣᠯᠤᠭᠰᠠᠨ ᠢ᠋ ᠠᠰᠠᠭᠤᠬᠤ ᠳ᠋ᠤ᠌《ᠡᠨᠡ ᠬᠤᠤᠬᠠᠢ ᠳᠠᠶᠤᠤ ᠣᠷᠳᠣᠨ ᠳ᠋ᠤ᠌ ᠢᠷᠡᠵᠦ ᠨᠠᠮ᠎ᠠ ᠶ᠋ᠢ ᠲᠠᠲᠠᠵᠤ ᠴᠢᠩᠭᠠᠭᠠᠯ᠎ᠠ᠂ ᠪᠢ ᠡᠰᠡ ᠵᠥᠪᠰᠢᠶᠡᠷᠡᠨ ᠡᠰᠡᠷᠭᠦᠴᠡᠭᠡᠳ ᠡᠢᠮᠦ ᠪᠣᠯᠤᠯ᠎ᠠ》 ᠭᠡᠵᠦ ᠬᠡᠯᠡᠬᠦ ᠶ᠋ᠢ ᠰᠣᠨᠣᠰᠤᠭᠰᠠᠨ ᠬᠤᠤᠬᠠᠢ ᠳᠠᠶᠤᠤ ᠰᠡᠩᠳᠡ ᠮᠡᠩᠳᠡ ᠵᠢᠭᠤᠲᠠᠵᠠᠢ᠃ ᠬᠠᠭᠠᠨ ᠨᠡᠬᠡᠨ ᠬᠥᠭᠡᠭᠡᠬᠦ ᠳ᠋ᠦ᠍ ᠭᠡᠳᠡᠷᠭᠦ ᠳᠠᠭᠠᠷᠢᠨ ᠬᠠᠭᠠᠨ ᠤ᠋ ᠡᠷᠡᠬᠡᠢ ᠬᠤᠷᠤᠭᠤ ᠶ᠋ᠢ ᠲᠠᠰᠤ ᠬᠠᠷᠪᠤᠭᠰᠠᠨ ᠪᠠᠢᠨ᠎ᠠ᠃ ᠡᠨᠡ ᠦᠶ᠎ᠡ ᠳ᠋ᠦ᠍ ᠣᠷᠳᠣᠨ ᠤ᠋ ᠳᠣᠲᠣᠷᠠᠬᠢ ᠰᠢᠳᠠᠷ ᠴᠡᠷᠢᠭ ᠦ᠋ᠳ ᠢᠷᠡᠵᠦ ᠬᠤᠤᠬᠠᠢ ᠳᠠᠶᠤᠤ ᠶ᠋ᠢ ᠪᠠᠷᠢᠵᠤ ᠠᠯᠠᠪᠠ᠃ ᠰᠢᠳᠠᠷ ᠴᠡᠷᠢᠭ ᠦ᠋ᠳ ᠬᠠᠭᠠᠨ ᠤ᠋  ᠵᠠᠷᠯᠢᠭ ᠢ ᠭᠦᠢᠴᠡᠳᠬᠡᠭᠰᠡᠨ ᠦ᠌ ᠭᠡᠷᠡᠴᠢ ᠪᠣᠯᠭᠠᠨ ᠬᠤᠤᠬᠠᠢ ᠳᠠᠶᠤᠤ ᠶ᠋ᠢᠨ ᠨᠢᠷᠤᠭᠤᠨ ᠤ᠋ ᠠᠷᠠᠰᠤ ᠶ᠋ᠢ ᠥᠪᠴᠢᠵᠦ ᠬᠠᠭᠠᠨ ᠳ᠋ᠤ᠌ ᠦᠵᠡᠭᠦᠯᠦᠭᠰᠡᠨ ᠳ᠋ᠦ᠍ ᠥᠯᠵᠡᠢᠲᠦ ᠭᠤᠸ᠎ᠠ ᠪᠠᠢᠵᠢ ᠬᠠᠲᠤᠨ᠂ ᠬᠤᠤᠬᠠᠢ ᠳᠠᠶᠤᠤ ᠶ᠋ᠢᠨ ᠠᠷᠠᠰᠤᠨ ᠳᠡᠭᠡᠷ᠎ᠡ ᠬᠠᠭᠠᠨ ᠤ᠋ ᠲᠠᠰᠤ ᠬᠠᠷᠪᠣᠭᠤᠯᠤᠭᠰᠠᠨ ᠬᠤᠷᠤᠭᠤᠨ ᠤ᠋ ᠴᠢᠰᠤ ᠶ᠋ᠢ ᠲᠤᠰᠬᠠᠵᠤ᠂ ᠲᠣᠰᠣ ᠮᠡᠲᠦ ᠨᠢᠯᠠᠵᠤ ᠬᠡᠳᠦᠨ ᠤᠳᠠᠭ᠎ᠠ ᠳᠣᠯᠣᠭᠣᠭᠠᠳ《ᠬᠠᠷ᠎ᠠ ᠰᠠᠨᠠᠭᠠᠲᠤ ᠬᠠᠭᠠᠨ ᠤ᠋ ᠴᠢᠰᠤ ᠶ᠋ᠢ ᠳᠣᠯᠢᠶᠠᠵᠤ᠂ ᠬᠠᠳᠬᠤᠵᠤ ᠦᠬᠦᠭᠦᠯᠦᠭᠰᠡᠨ ᠬᠤᠤᠬᠠᠢ ᠶ᠋ᠢᠨ ᠲᠣᠰᠣ ᠶ᠋ᠢ ᠤᠤᠭᠤᠵᠤ᠂ ᠡᠮ᠎ᠡ ᠬᠥᠮᠦᠨ ᠪᠢ᠂ ᠡᠷ᠎ᠡ ᠨᠥᠬᠥᠷ ᠦ᠋ᠨ ᠢ᠋ᠶ᠋ᠡᠨ ᠥᠰᠢᠶ᠎ᠡ ᠶ᠋ᠢ ᠠᠪᠤᠯ᠎ᠠ᠂ ᠣᠳᠣ ᠨᠠᠳᠠ ᠦᠬᠦᠪᠡᠴᠦ ᠭᠣᠮᠣᠳᠠᠬᠤ ᠭᠠᠵᠠᠷ ᠦᠭᠡᠢ》 ᠭᠡᠮᠡᠨ ᠥᠴᠢᠵᠡᠢ᠃
   ᠡᠯᠪᠡᠭ ᠨᠢᠭᠦᠯᠡᠰᠦᠭᠴᠢ ᠬᠠᠭᠠᠨ ᠡᠨᠡ ᠦᠶ᠎ᠡ ᠳ᠋ᠦ᠍ ᠰᠠᠶᠢ ᠬᠠᠲᠤᠨ ᠳ᠋ᠤ᠌ ᠪᠠᠨ ᠮᠡᠬᠡᠯᠡᠭᠳᠡᠭᠰᠡᠨ ᠢ᠋ᠶ᠋ᠡᠨ ᠮᠡᠳᠡᠵᠦ ᠬᠡᠳᠦᠢ ᠭᠡᠮᠰᠢᠪᠡᠴᠦ ᠣᠷᠣᠢᠳᠠᠭᠰᠨ ᠲᠤᠯᠠ ᠬᠤᠤᠬᠠᠢ ᠳᠠᠶᠤᠤ ᠶ᠋ᠢᠨ ᠬᠦᠦ ᠪᠠᠲᠤᠯᠠ ᠳ᠋ᠤ᠌ ᠥᠪᠡᠷ ᠦ᠋ᠨ ᠥᠬᠢᠨ ᠢ᠋ᠶ᠋ᠡᠨ ᠬᠠᠲᠤᠨ ᠪᠣᠯᠭᠠᠨ ᠥᠭᠴᠦ᠂ ᠴᠢᠩᠰᠠᠩ ᠴᠣᠯᠠ ᠡᠷᠭᠦᠮᠵᠢᠯᠡᠭᠡᠳ ᠬᠠᠴᠢᠬ᠎ᠠ ᠨᠣᠶᠠᠨ ᠲᠠᠢ ᠬᠠᠮᠲᠤ ᠳᠥᠷᠪᠡᠨ ᠣᠢᠷᠠᠳ ᠢ᠋ ᠵᠠᠬᠢᠷᠲᠤᠭᠠᠢ ᠭᠡᠮᠡᠨ ᠵᠠᠷᠯᠢᠭ ᠪᠣᠯᠵᠠᠢ᠃
  ᠭᠡᠪᠡᠴᠦ ᠪᠠᠲᠤᠯᠠ ᠴᠢᠩᠰᠠᠩ ᠡᠴᠢᠭᠡ ᠶ᠋ᠢᠨ ᠢ᠋ᠶ᠋ᠡᠨ ᠥᠰᠢᠶ᠎ᠡ ᠶ᠋ᠢ ᠵᠠᠪᠠᠯ ᠠᠪᠤᠨ᠎ᠠ ᠭᠡᠵᠦ ᠪᠣᠳᠣᠵᠤ ᠪᠠᠢᠭᠰᠠᠨ ᠲᠤᠯᠠ1401 ᠣᠨ ᠳ᠋ᠤ᠌ ᠥᠭᠡᠴᠢ ᠬᠠᠰᠢᠬ᠎ᠠ ᠨᠣᠶᠠᠨ ᠲᠠᠢ ᠬᠠᠮᠲᠤ ᠡᠯᠪᠡᠭ ᠨᠢᠭᠦᠯᠡᠰᠦᠭᠴᠢ ᠬᠠᠭᠠᠨ᠎ᠢ ᠬᠣᠷᠣᠭᠠᠵᠠᠢ᠃ ᠡᠨᠡ ᠪᠣᠯ ᠡᠯᠪᠡᠭ ᠨᠢᠭᠦᠯᠡᠰᠦᠭᠴᠢ ᠬᠠᠭᠠᠨ ᠤ᠋ ᠬᠠᠮᠤᠭ ᠡᠷᠬᠡ ᠪᠡᠨ ᠠᠯᠳᠠᠬᠤ ᠠ᠋ᠴᠠ ᠳᠤᠷ᠎ᠠ ᠦᠭᠡᠢᠴᠡᠵᠦ ᠪᠠᠢᠭᠰᠠᠨ ᠳᠥᠷᠪᠡᠨ ᠣᠢᠷᠠᠳ ᠤ᠋ᠨ ᠥᠭᠡᠴᠢ ᠬᠠᠴᠢᠬ᠎ᠠ ᠡᠴᠢᠭᠡ ᠪᠡᠨ ᠭᠦᠵᠢᠷ ᠢ᠋ᠶ᠋ᠡᠷ ᠠᠯᠠᠭᠯᠠᠭᠰᠠᠨ ᠪᠠᠲᠤᠯᠠ ᠴᠢᠩᠰᠠᠩ ᠬᠣᠶᠠᠷ ᠤ᠋ᠨ ᠠᠯᠢ ᠠᠯᠢᠨ ᠤ᠋ ᠠᠰᠠᠭᠤᠳᠠᠯ ᠪᠠᠢᠵᠠᠢ᠃
  1393—1399 ᠣᠨ ᠬᠦᠷᠲᠡᠯ᠎ᠡ ᠵᠢᠷᠭᠤᠭᠠᠨ ᠵᠢᠯ ᠬᠠᠭᠠᠨ ᠰᠢᠷᠡᠭᠡᠨ ᠳ᠋ᠦ᠍ ᠰᠠᠭᠤᠭᠠᠳ ᠥᠪᠡᠷ ᠦ᠋ᠨ ᠲᠠᠷᠢᠭᠰᠠᠨ ᠨᠢᠭᠦᠯ ᠬᠢᠯᠢᠨᠴᠡ ᠡᠴᠡ ᠪᠣᠯᠵᠤ ᠰᠢᠳᠠᠷ ᠴᠡᠷᠢᠭ ᠦ᠋ᠳ ᠦ᠋ᠨ ᠭᠠᠷ ᠲᠤ᠌ ᠴᠡᠯ ᠵᠠᠯᠠᠭᠤ39 ᠨᠠᠰᠤᠲᠠᠢ ᠳ᠋ᠤ᠌ ᠪᠠᠨ ᠬᠣᠷᠣᠭᠠᠭᠳᠠᠵᠠᠢ᠃
 ᠡᠯᠪᠡᠭ ᠨᠢᠭᠦᠯᠡᠰᠦᠭᠴᠢ ᠬᠠᠭᠠᠨ ᠤ᠋ ᠡᠨᠡᠬᠦ ᠶᠣᠰᠣ ᠪᠤᠰᠤ ᠦᠢᠯᠡ ᠠᠵᠢᠯᠯᠠᠭ᠎ᠠ ᠠ᠋ᠴᠠ ᠣᠢᠷᠠᠳ ᠮᠣᠩᠭᠣᠯ ᠤ᠋ᠨ ᠬᠠᠷᠢᠴᠠᠭᠠᠨ ᠳ᠋ᠤ᠌ ᠴᠠᠪ ᠭᠠᠷᠴᠤ᠂ ᠮᠣᠩᠭᠣᠯ ᠣᠷᠣᠨ ᠳᠣᠲᠣᠷ᠎ᠠ ᠪᠠᠨ ᠵᠠᠳᠠᠷᠠᠯ ᠪᠤᠲᠠᠷᠠᠯ ᠳ᠋ᠤ᠌ ᠣᠷᠣᠭᠰᠠᠨ ᠢ᠋ᠶ᠋ᠠᠷ ᠪᠠᠷᠠᠬᠤ ᠦᠭᠡᠢ᠂ ᠡᠨᠡ ᠦᠶ᠎ᠡ ᠡᠴᠡ ᠮᠣᠩᠭᠣᠯ ᠤ᠋ᠨ ᠬᠠᠭᠠᠳ ᠨᠣᠶᠠᠳ ᠤ᠋ᠨ ᠬᠣᠭᠣᠷᠣᠨᠳᠣ ᠳᠣᠲᠣᠭᠠᠳᠤ ᠶ᠋ᠢᠨ ᠲᠡᠢᠨ ᠰᠠᠮᠠᠭᠤᠨ ᠭᠠᠷᠴᠤ ᠡᠬᠢᠯᠡᠭᠰᠡᠨ ᠪᠠᠢᠨ᠎ᠠ᠃
ᠢᠷᠡᠯᠲᠡ᠄
《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠨᠠᠢᠷᠠᠭᠤᠯᠤᠨ ᠰᠣᠩᠭᠣᠵᠤ ᠰᠡᠢᠷᠡᠭᠦᠯᠪᠡ᠃
 ᠦᠰᠦᠭ ᠠᠮᠢᠯᠠᠭᠤᠯᠤᠭᠰᠠᠨ ᠨᠢ᠄  ᠴᠢ᠊  · ᠤᠷᠠᠨᠴᠡᠴᠡᠭ