ᠡᠬᠡᠰᠢᠭ ᠳᠣᠯᠣᠭ᠎ᠠ -ᠡᠷᠳᠡᠨᠢᠪᠤᠯᠠᠭ Egshig doloo-ErdenebulagЭгшиг долоо-Эрдэнэбулаг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡᠰᠢᠭ ᠳᠣᠯᠣᠭ᠎ᠠ -ᠡᠷᠳᠡᠨᠢᠪᠤᠯᠠᠭ Egshig doloo-ErdenebulagЭгшиг долоо-Эрдэнэбулаг

ᠡᠬᠡᠰᠢᠭ ᠳᠣᠯᠣᠭ᠎ᠠ -ᠡᠷᠳᠡᠨᠢᠪᠤᠯᠠᠭ Egshig doloo-ErdenebulagЭгшиг долоо-Эрдэнэбулаг

2025-11-02

577

ᠡᠬᠡᠰᠢᠭ ᠳᠣᠯᠣᠭ᠎ᠠ

    ᠦᠭᠡ᠄ ᠡᠷᠳᠡᠨᠢᠪᠤᠯᠠᠭ 
ᠠ— ᠠᠪᠤ ᠳᠡᠭᠡᠳᠦ ᠶ᠋ᠢᠨ ᠨᠤᠲᠤᠭ ᠮᠢᠨᠢ ᠮᠣᠩᠭᠣᠯ  
ᠠᠷᠢᠭᠤᠨ ᠰᠠᠢᠬᠠᠨ ᠰᠣᠶᠣᠯ ᠮᠢᠨᠢ ᠮᠣᠩᠭᠣᠯ 
ᠠᠲᠠᠷ ᠲᠠᠯ᠎ᠠ ᠶ᠋ᠢᠨ ᠪᠠᠭᠤᠴᠠ ᠮᠢᠨᠢ ᠮᠣᠩᠭᠣᠯ 
ᠠᠰᠬ᠎ᠠ ᠪᠣᠰᠤᠭ᠎ᠠ ᠦᠰᠦᠭ ᠮᠢᠨᠢ ᠮᠣᠩᠭᠣᠯ 
ᠠ᠋— ᠡᠵᠢ ᠶ᠋ᠢᠨ ᠣᠶᠣᠭᠰᠠᠨ ᠲᠡᠷᠯᠢᠭ ᠮᠢᠨᠢ ᠮᠣᠩᠭᠣᠯ 
ᠡᠯᠢᠭᠡᠨ ᠰᠠᠳᠤᠨ ᠲᠥᠷᠥᠯ ᠮᠢᠨᠢ ᠮᠣᠩᠭᠣᠯ 
ᠡᠬᠡ ᠪᠠᠢᠭᠠᠯᠢ ᠦᠵᠡᠮᠵᠢ ᠮᠢᠨᠢ ᠮᠣᠩᠭᠣᠯ 
ᠡᠭᠡᠵᠡᠭᠡᠢ ᠴᠠᠭᠠᠨ ᠢᠳᠡᠭᠡᠨ ᠮᠢᠨᠢ ᠮᠣᠩᠭᠣᠯ
ᠢ— ᠢᠰᠡᠭᠡᠢ ᠴᠠᠭᠠᠨ ᠥᠷᠥᠭᠡ ᠮᠢᠨᠢ ᠮᠣᠩᠭᠣᠯ
ᠢᠳᠡᠷ ᠬᠦᠴᠦ ᠲᠡᠢ ᠪᠥᠬᠡᠴᠦᠳ ᠮᠢᠨᠢ ᠮᠣᠩᠭᠣᠯ
ᠢᠩᠭᠡᠨ ᠲᠡᠮᠡᠭᠡᠨ ᠦ᠌ ᠪᠤᠢᠯᠠᠭ᠎ᠠ ᠮᠢᠨᠢ ᠮᠣᠩᠭᠣᠯ
ᠢᠵᠢᠯᠢ ᠵᠠᠶᠠᠭ᠎ᠠ ᠲᠠᠢ ᠪᠦᠰᠡᠭᠦᠢ ᠮᠢᠨᠢ ᠮᠣᠩᠭᠣᠯ
ᠣ— ᠣᠯᠠᠨ ᠵᠢᠯ ᠦ᠋ᠨ ᠲᠡᠦᠬᠡ ᠮᠢᠨᠢ ᠮᠣᠩᠭᠣᠯ
ᠣᠴᠢ ᠴᠣᠭ ᠲᠠᠢ ᠲᠤᠯᠭ᠎ᠠ ᠮᠢᠨᠢ ᠮᠣᠩᠭᠣᠯ
ᠣᠲᠣᠷ ᠨᠡᠭᠦᠳᠡᠯ ᠲᠡᠢ ᠵᠠᠩᠰᠢᠯ ᠮᠢᠨᠢ ᠮᠣᠩᠭᠣᠯ
ᠣᠨᠴᠠᠭᠠᠢ ᠭᠣᠶᠣᠯᠠᠯ ᠲᠠᠢ ᠵᠠᠰᠠᠯ ᠮᠢᠨᠢ ᠮᠣᠩᠭᠣᠯ
ᠣ— ᠤᠳᠤᠮ ᠵᠠᠯᠭᠠᠭᠰᠠᠨ ᠦᠨᠳᠦᠰᠦ ᠮᠢᠨᠢ ᠮᠣᠩᠭᠣᠯ
ᠤᠷᠭ᠎ᠠ ᠲᠤᠯᠤᠭᠰᠠᠨ ᠠᠭᠤᠯᠵᠠᠯᠲᠠ ᠮᠢᠨᠢ ᠮᠣᠩᠭᠣᠯ
ᠤᠷᠤᠭ ᠬᠤᠷᠢᠮ ᠤ᠋ᠨ ᠤᠯᠠᠮᠵᠢᠯᠠᠯ ᠮᠢᠨᠢ ᠮᠣᠩᠭᠣᠯ
ᠤᠶᠠᠩᠭ᠎ᠠ ᠳᠠᠭᠤᠤ ᠶ᠋ᠢᠨ ᠡᠭᠡᠰᠢᠭ ᠮᠢᠨᠢ ᠮᠣᠩᠭᠣᠯ
ᠦ— ᠥᠩᠭᠡ ᠲᠡᠢ ᠲᠣᠷᠭᠠᠨ ᠬᠠᠳᠠᠭ ᠮᠢᠨᠢ ᠮᠣᠩᠭᠣᠯ
ᠥᠭᠡᠳᠡ ᠪᠡᠯᠭᠡ ᠲᠡᠢ ᠢᠷᠦᠭᠡᠯ ᠮᠢᠨᠢ ᠮᠣᠩᠭᠣᠯ
ᠥᠰᠬᠦ ᠡᠴᠡ ᠰᠤᠷᠤᠭᠰᠠᠨ ᠬᠡᠯᠡ ᠮᠢᠨᠢ ᠮᠣᠩᠭᠣᠯ
ᠥᠨᠢᠷ ᠪᠠᠶᠠᠯᠢᠭ ᠭᠠᠷᠤᠯᠲᠠ ᠮᠢᠨᠢ ᠮᠣᠩᠭᠣᠯ
ᠦ— ᠦᠵᠡᠵᠦ ᠰᠣᠨᠣᠰᠬᠤ ᠨᠣᠮ ᠮᠢᠨᠢ ᠮᠣᠩᠭᠣᠯ
ᠦᠨᠦᠷ ᠬᠠᠩᠬᠤᠯᠤᠭ᠎ᠠ ᠰᠢᠭᠦᠰᠦ ᠮᠢᠨᠢ ᠮᠣᠩᠭᠣᠯ
ᠦᠨᠡᠨ ᠴᠠᠭᠠᠨ ᠰᠡᠳᠬᠢᠯ ᠮᠢᠨᠢ ᠮᠣᠩᠭᠣᠯ
ᠦᠷ᠎ᠡ ᠬᠡᠦᠬᠡᠳ ᠬᠣᠢᠴᠢᠰ ᠮᠢᠨᠢ ᠮᠣᠩᠭᠣᠯ

  ᠦᠰᠦᠭ ᠠᠮᠢᠯᠠᠭᠤᠯᠤᠭᠰᠠᠨ ᠨᠢ ᠄  ᠴᠢ᠊ · ᠤᠷᠠᠨᠴᠡᠴᠡᠭ