ᠬᠣᠷᠣᠬᠠᠢ ᠮᠥᠭᠥKhorkhoi möögӨХорхой мөөг
ᠬᠣᠷᠣᠬᠠᠢ ᠮᠥᠭᠥ
ᠲᠤᠰ ᠡᠮ ᠪᠣᠯ ᠪᠤᠭᠤᠳᠠᠢ ᠤᠮᠠᠢ ᠬᠠᠷᠠᠤ ᠶ᠋ᠢᠨ ᠢᠵᠠᠭᠤᠷ ᠤ᠋ᠨ ᠵᠢᠩᠬᠢᠨᠢ ᠮᠥᠭᠥ ᠶ᠋ᠢᠨ ᠰᠫᠣᠷᠲᠦ ᠪᠡᠶ᠎ᠡ ᠶ᠋ᠢᠨ ᠰᠠᠭᠤᠳᠠᠯ ᠪᠣᠯᠤᠨ ᠮᠥᠯᠵᠢᠭᠳᠡᠭᠴᠢ ᠪᠠᠭᠪᠠᠬᠠᠢ ᠡᠷᠪᠡᠬᠡᠢ ᠶ᠋ᠢᠨ ᠢᠵᠠᠭᠤᠷ ᠤ᠋ᠨ ᠰᠢᠪᠡᠵᠢ ᠶ᠋ᠢᠨ ᠵᠤᠯᠵᠠᠭ᠎ᠠ ᠬᠣᠷᠣᠬᠠᠢ ᠶ᠋ᠢᠨ ᠦᠬᠦᠳᠡᠯ ᠦ᠋ᠨ ᠨᠡᠢᠯᠡᠮᠡᠯ ᠪᠡᠶ᠎ᠡ ᠬᠣᠷᠣᠬᠠᠢ ᠮᠥᠭᠥ ᠮᠥᠨ᠃ ᠪᠠᠰᠠ ᠶᠡᠷᠽᠡᠬᠥ᠋ᠨᠪᠦ ᠭᠡᠳᠡᠭ᠃
[ ᠤᠤᠯ ᠤᠷᠭᠤᠮᠠᠯ] ᠭᠠᠭᠴᠠ ᠰᠫᠣᠷ ᠤ᠋ᠨ ᠰᠠᠭᠤᠳᠠᠯ ᠲᠠᠢ᠂ 2~3 ᠪᠠᠷ ᠮᠥᠯᠵᠢᠭᠳᠡᠭᠴᠢ ᠶ᠋ᠢᠨ ᠡᠮᠦᠨ᠎ᠡ ᠬᠡᠰᠡᠭ ᠡᠴᠡ ᠤᠷᠭᠤᠬᠤ ᠨᠢ ᠬᠣᠪᠣᠷ᠂ ᠪᠦᠬᠦ ᠤᠷᠲᠤ ᠨᠢ 4~11cm᠂ ᠤᠷᠲᠤ ᠰᠢᠳᠡᠮ ᠪᠤᠶᠤ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠤᠭ ᠨᠢ 0.15~0.4 cm ᠪᠦᠳᠦᠭᠦᠨ᠂ ᠳᠡᠭᠡᠭᠰᠢ ᠪᠡᠨ ᠨᠠᠷᠢᠰᠤᠨ᠎ᠠ᠃ ᠲᠣᠯᠣᠭᠠᠢ ᠶ᠋ᠢᠨ ᠬᠡᠰᠡᠭ ᠨᠢ ᠪᠥᠭᠡᠷᠡᠩᠬᠡᠢ ᠪᠠᠭᠠᠨ᠎ᠠ ᠰᠢᠭ᠋᠂ ᠬᠦᠷᠡᠩ ᠥᠩᠭᠡ ᠲᠡᠢ᠂ ᠡᠬᠢᠨ ᠳ᠋ᠡᠭᠡᠨ ᠳᠣᠲᠣᠷ᠎ᠠ ᠨᠢ ᠳᠦᠭᠦᠷᠡᠩ᠂ ᠰᠡᠭᠦᠯ ᠳ᠋ᠡᠭᠡᠨ ᠬᠥᠨᠳᠡᠢ ᠪᠣᠯᠳᠠᠭ᠃ 1~4.5cm ᠤᠷᠲᠤ᠂0.25~0.6cm ᠪᠦᠳᠦᠭᠦᠨ᠃ ᠭᠠᠳᠠᠷᠭᠤ ᠣᠢᠷᠠᠲᠤᠭᠠᠳ ᠰᠫᠣᠷ ᠤ᠋ᠨ ᠤᠭᠤᠲᠠ ᠶ᠋ᠢᠨ ᠬᠠᠯᠢᠰᠤ ᠲᠠᠢ᠂ ᠤᠭ ᠨᠢ ᠰᠫᠣᠷ ᠤ᠋ᠨ ᠰᠠᠭᠤᠳᠠᠯ ᠳ᠋ᠤ᠌ ᠵᠢᠭᠠᠬᠠᠨ ᠰᠢᠭᠢᠳᠦᠨ ᠣᠷᠣᠭᠰᠠᠨ ᠪᠠᠢᠳᠠᠭ᠃ ᠵᠤᠤᠪᠠᠩ ᠠ᠋ᠴᠠ ᠥᠨᠳᠡᠭᠡᠯᠵᠢᠨ ᠬᠡᠯᠪᠡᠷᠢ ᠲᠡᠢ᠂ ᠰᠫᠣᠷ ᠤ᠋ᠨ ᠤᠭᠤᠲᠠ ᠨᠢ ᠨᠠᠷᠢᠨ ᠤᠷᠲᠤ᠂ 2 ᠰᠫᠣᠷᠲᠦ ᠪᠡᠶ᠎ᠡ ᠲᠡᠢ᠂ ᠤᠷᠲᠤ ᠤᠲᠠᠰᠤᠨ ᠬᠡᠯᠪᠡᠷᠢ ᠲᠡᠢ᠂ ᠣᠯᠠᠨ ᠬᠥᠨᠳᠡᠯᠡᠨ ᠥᠷᠥᠴᠡ ᠲᠡᠢ᠂ ᠲᠠᠰᠤᠷᠠᠯ ᠦᠭᠡᠢ ᠰᠠᠯᠵᠤ ᠵᠢᠵᠢᠭ ᠬᠡᠰᠡᠭ ᠪᠣᠯᠳᠠᠭ᠃ ᠪᠠᠷᠢᠭᠤᠯ ᠤ᠋ᠨ ᠤᠭ ᠨᠢ ᠰᠢᠷᠣᠢ ᠳ᠋ᠤ᠌ ᠪᠤᠯᠠᠭᠳᠠᠵᠤ᠂ ᠨᠢᠯᠬ᠎ᠠ ᠰᠢᠪᠠᠵᠢ ᠶ᠋ᠢᠨ ᠲᠣᠯᠣᠭᠠᠢ ᠲᠠᠢ ᠵᠠᠯᠭᠠᠵᠤ ᠪᠠᠢᠳᠠᠭ᠃ ᠨᠢᠯᠬ᠎ᠠ ᠰᠢᠪᠠᠵᠢ ᠨᠢ ᠭᠦᠨ ᠰᠢᠷ᠎ᠠ ᠥᠩᠭᠡ ᠲᠡᠢ᠃ ᠨᠠᠷᠢᠨ ᠤᠷᠲᠤ ᠪᠥᠭᠡᠷᠡᠩᠬᠡᠢ ᠪᠠᠭᠠᠨ᠎ᠠ ᠬᠡᠯᠪᠡᠷᠢ ᠲᠡᠢ᠂3~5cm ᠤᠷᠲᠤ᠂ ᠬᠡᠪᠡᠯᠢ ᠶ᠋ᠢᠨ ᠬᠡᠰᠡᠭ ᠲᠤᠨᠢ 8 ᠬᠣᠣᠰ ᠬᠥᠯ ᠲᠡᠢ᠃ ᠬᠡᠯᠪᠡᠷᠢ ᠨᠢ ᠬᠦᠷᠢ ᠬᠣᠷᠣᠬᠠᠢ ᠲᠠᠢ ᠲᠥᠰᠦᠭᠡᠲᠡᠢ᠃
[ ᠤᠷᠭᠤᠬᠤ ᠣᠷᠴᠢᠨ ᠬᠢᠭᠡᠳ ᠲᠠᠷᠬᠠᠴᠠ] ᠪᠠᠭᠪᠠᠬᠠᠢ ᠡᠷᠪᠡᠬᠡᠢ ᠶ᠋ᠢᠨ ᠢᠵᠠᠭᠤᠷ ᠤ᠋ᠨ ᠰᠢᠪᠡᠵᠢ ᠶᠡᠷᠦ ᠳ᠋ᠡᠭᠡᠨ ᠳᠠᠯᠠᠢ ᠶ᠋ᠢᠨ ᠲᠦᠪᠰᠢᠨ ᠡᠴᠡ 4000m ᠠ᠋ᠴᠠ ᠳᠡᠭᠡᠭᠰᠢᠬᠢ ᠲᠠᠭ ᠤ᠋ᠨ ᠪᠡᠯᠴᠢᠭᠡᠷ ᠲᠦ᠍ ᠬᠠᠷᠠᠭᠳᠠᠳᠠᠭ᠃ ᠱᠠᠨ ᠰᠢ᠂ ᠵᠧᠵᠢᠶᠠᠩ᠂ ᠬᠤᠪᠧᠢ᠂ ᠭᠠᠨᠰᠦ᠂ ᠬᠥᠬᠡᠨᠠᠭᠤᠷ᠂ ᠰᠧᠴᠤᠸᠠᠨ᠂ ᠭᠦᠢᠵᠧᠦ᠂ ᠶᠦᠨᠨᠠᠨ᠂ ᠲᠥᠪᠡᠳ ᠲᠦ᠍ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠤᠨ ᠤ᠋ ᠡᠬᠢᠨ ᠳ᠋ᠦ᠍ ᠰᠫᠣᠷ ᠤ᠋ᠨ ᠰᠠᠭᠤᠳᠠᠯ ᠨᠢ ᠬᠥᠷᠥᠰᠥᠨ ᠡᠴᠡ ᠴᠤᠬᠤᠢᠨ᠎ᠠ᠂ ᠰᠫᠣᠷ ᠨᠢ ᠰᠠᠷᠨᠢᠬᠤ ᠠ᠋ᠴᠠ ᠡᠮᠦᠨ᠎ᠡ ᠮᠠᠯᠲᠠᠨ ᠠᠪᠴᠤ᠂ 6~7 ᠬᠤᠪᠢ ᠨᠠᠷᠠᠨ ᠳ᠋ᠤ᠌ ᠬᠠᠲᠠᠭᠠᠭᠠᠳ᠂ ᠰᠢᠷᠬᠡᠭᠯᠢᠭ ᠮᠠᠶᠢᠭ ᠤ᠋ᠨ ᠳᠠᠭᠠᠯᠳᠤᠪᠤᠷᠢ ᠡᠳ᠋ ᠬᠢᠭᠡᠳ ᠬᠣᠯᠢᠴᠠ ᠶ᠋ᠢ ᠨᠢ ᠠᠷᠢᠯᠭᠠᠭᠠᠳ ᠭᠦᠢᠴᠡᠳ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ; ᠪᠦᠯᠢᠶᠡᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠳᠤᠰᠤᠯ᠂ ᠴᠢᠰᠤ ᠴᠤᠪᠤᠷᠠᠬᠤ ᠶ᠋ᠢ ᠵᠣᠭᠰᠣᠭᠠᠬᠤ᠂ ᠳᠤᠰᠤᠯ ᠢ᠋ ᠰᠡᠯᠪᠢᠬᠦ᠂ ᠠᠭᠤᠰᠬᠢ ᠶ᠋ᠢ ᠰᠢᠮᠡᠵᠢᠭᠦᠯᠬᠦ᠂ ᠴᠠᠷ ᠢ᠋ ᠠᠷᠢᠯᠭᠠᠬᠤ ᠴᠢᠳᠠᠯ ᠲᠠᠢ᠃ ᠭᠣᠣᠯᠳᠠᠭᠤ ᠡᠷ᠎ᠡ ᠪᠡᠯᠭᠡ ᠰᠤᠯᠠᠷᠠᠬᠤ᠂ ᠳᠤᠰᠤᠯ ᠴᠤᠪᠤᠷᠠᠬᠤ᠂ ᠰᠠᠷ᠎ᠠ ᠶ᠋ᠢᠨ ᠭᠬᠢᠷ ᠴᠤᠪᠤᠷᠠᠬᠤ᠂ ᠬᠥᠯ ᠨᠢᠷᠤᠭᠤ ᠡᠪᠡᠳᠬᠦ᠂ ᠠᠷᠬᠠᠭ ᠬᠠᠨᠢᠶᠠᠳᠤ᠂ ᠠᠮᠢᠰᠬᠤᠭᠠᠳᠠᠬᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄冬虫夏草
ᠠᠩᠭ᠌ᠯᠢ ᠨᠡᠷ᠎ᠡ᠄Cordyceps sinensis (Berk.) Sacc.
ᠦᠰᠦᠭ ᠠᠮᠢᠯᠠᠭᠤᠯᠤᠭᠴᠢ᠄ ᠡᠷᠳᠡᠨᠢᠭᠣᠸ᠎ᠠ
ᠬᠢᠨᠠᠭᠴᠢ᠄ ᠴᠡᠪᠡᠷᠴᠡᠴᠡᠭ
