ᠦᠭᠡ ᠬᠡᠯᠡ ᠪᠣᠯ ᠦᠨᠳᠦᠰᠦᠲᠡᠨ ᠦ᠌ ᠠᠮᠢᠨ ᠰᠦᠨᠡᠰᠦ ᠦᠰᠦᠭ ᠪᠢᠴᠢᠭ ᠪᠣᠯ ᠦᠨᠳᠦᠰᠦᠲᠡᠨ ᠦ᠌ ᠪᠡᠯᠭᠡ ᠲᠡᠮᠳᠡᠭ
ᠦᠭᠡ ᠬᠡᠯᠡ ᠪᠣᠯ ᠦᠨᠳᠦᠰᠦᠲᠡᠨ ᠦ᠌ ᠠᠮᠢᠨ ᠰᠦᠨᠡᠰᠦ ᠦᠰᠦᠭ ᠪᠢᠴᠢᠭ ᠪᠣᠯ ᠦᠨᠳᠦᠰᠦᠲᠡᠨ ᠦ᠌ ᠪᠡᠯᠭᠡ ᠲᠡᠮᠳᠡᠭ᠃ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢ!
1. ᠦᠵᠢᠶᠡᠳ ᠡᠷᠳᠡᠨᠢᠴᠡᠴᠡᠭ
ᠵᠢᠷᠦᠬᠡ ᠶ᠋ᠢ ᠬᠥᠨᠳᠡᠯᠡᠨ ᠣᠭᠲᠣᠯᠳᠠᠭ ᠦᠭᠡᠢ
ᠵᠢᠷᠤᠮ ᠶᠣᠰᠣ ᠶ᠋ᠢ ᠡᠪᠳᠡᠳᠡᠭ ᠦᠭᠡᠢ
ᠵᠤᠤᠬ᠎ᠠ ᠲᠤᠯᠭ᠎ᠠ ᠪᠠᠨ ᠢᠰᠬᠦᠯᠳᠡᠭ ᠦᠭᠡᠢ
ᠵᠠᠳᠠᠭᠠᠢ ᠡᠩᠭᠡᠷ ᠲᠡᠢ ᠵᠣᠯᠭᠠᠳᠠᠭ ᠦᠭᠡᠢ
ᠵᠠᠮ ᠳᠡᠭᠡᠷ᠎ᠡ ᠰᠢᠭᠡᠵᠦ ᠪᠣᠯᠳᠠᠭ ᠦᠭᠡᠢ
ᠵᠠᠷᠠᠭ᠎ᠠ ᠠᠯᠠᠵᠤ ᠬᠥᠨᠥᠭᠡᠳᠡᠭ ᠦᠭᠡᠢ
2. ᠠᠵᠠᠵᠠᠶᠠᠭ᠎ᠠ
ᠠᠯᠤᠨᠭᠣᠸᠠ ᠡᠬᠡ ᠶ᠋ᠢᠨ ᠲᠠᠪᠤᠨ ᠬᠥᠪᠡᠭᠦᠨ
ᠪᠡᠯᠭᠦᠨᠦᠲᠡᠢ — ᠪᠡᠯᠭᠦᠨᠦᠳ ᠣᠪᠣᠭᠲᠠᠨ
ᠪᠦᠭᠦᠨᠦᠲᠡᠢ — ᠪᠦᠭᠦᠨᠦᠳ ᠣᠪᠣᠭᠲᠠᠨ
ᠪᠣᠬᠤ ᠬᠠᠲᠠᠭᠢ — ᠬᠠᠲᠠᠭᠢᠨ ᠣᠪᠣᠭᠲᠠᠨ
ᠪᠤᠬᠠᠲᠤ ᠰᠠᠯᠴᠢ — ᠰᠠᠯᠵᠢᠭᠤᠳ ᠣᠪᠣᠭᠲᠠᠨ
ᠪᠣᠳᠣᠨᠴᠠᠷ — ᠪᠣᠷᠵᠢᠭᠢᠨ ᠣᠪᠣᠭᠲᠠᠨ
3. ᠰᠢᠨ ᠴᠦᠨ
ᠮᠣᠩᠭᠣᠯ ᠬᠡᠯᠡ
ᠮᠣᠩᠭᠣᠯ ᠰᠣᠶᠣᠯ ᠮᠢᠨᠢ
ᠮᠥᠩᠬᠡ ᠣᠷᠣᠰᠢᠬᠤ ᠪᠣᠯᠲᠤᠭᠠᠢ!
ᠮᠣᠩᠭᠣᠯ ᠬᠥᠮᠦᠨ ᠮᠣᠩᠭᠣᠯ ᠪᠢᠴᠢᠭ ᠢ᠋ ᠠᠪᠤᠷᠠᠵᠤ ᠪᠠᠢᠭ᠎ᠠ ᠪᠢᠰᠢ᠂
ᠮᠣᠩᠭᠣᠯ ᠪᠢᠴᠢᠭ ᠮᠣᠩᠭᠣᠯ ᠬᠥᠮᠦᠨ ᠢ᠋ ᠠᠪᠤᠷᠠᠵᠤ ᠪᠠᠢᠨ᠎ᠠ ᠰᠢᠦ ᠃
4. ᠵᠢᠷᠠᠨᠲᠠᠢ
ᠮᠣᠩᠭᠣᠯ ᠪᠢᠴᠢᠭ ᠢ᠋ᠶ᠋ᠡᠨ ᠪᠢᠴᠢᠵᠦ ᠬᠡᠷᠡᠭᠯᠡᠭᠡᠷᠡᠢ!
ᠮᠣᠩᠭᠣᠯ ᠪᠢᠴᠢᠭ ᠢ᠋ᠶ᠋ᠡᠨ ᠦᠶ᠎ᠡ ᠶ᠋ᠢᠨ ᠦᠶ᠎ᠡ
ᠤᠳᠤᠮ ᠤ᠋ᠨ ᠤᠳᠤᠮ ᠳ᠋ᠤ᠌ ᠪᠠᠨ ᠤᠯᠠᠮᠵᠢᠯᠠᠶ᠎ᠠ!
5. ᠳ· ᠣᠶᠤᠨᠴᠡᠴᠡᠭ
ᠡᠵᠢ ᠠᠪᠤ ᠶ᠋ᠢᠨ ᠦᠭᠡ ᠶᠠᠷᠢᠶ᠎ᠠ᠂ ᠦᠢᠯᠡ ᠠᠵᠢᠯᠯᠠᠭ᠎ᠠ ᠪᠣᠯ ᠬᠡᠦᠬᠡᠳ ᠪᠠᠭᠠᠴᠤᠳ ᠤ᠋ᠨ ᠦᠰᠦᠨ ᠪᠣᠢᠵᠢᠬᠤ ᠶᠠᠪᠤᠴᠠ ᠳ᠋ᠠᠬᠢ ᠭᠡᠷᠡᠯᠲᠦ ᠴᠠᠮᠬᠠᠭ ᠪᠠᠢᠵᠤ᠂ ᠬᠡᠦᠬᠡᠳ ᠢ᠋ ᠨᠠᠰᠤᠨ ᠲᠤᠷᠰᠢᠲᠠ ᠨᠢ ᠨᠥᠯᠥᠭᠡᠯᠡᠳᠡᠭ᠃
6. ᠮᠡᠷᠭᠡᠨᠪᠢᠯᠢᠭ
ᠦᠨᠡᠨ ᠢ᠋ ᠬᠡᠯᠡᠬᠦ ᠳ᠋ᠦ᠍ ᠮᠣᠩᠭᠣᠯ ᠪᠢᠴᠢᠭ ᠢ᠋ᠶ᠋ᠡᠨ ᠪᠢᠴᠢᠬᠦ ᠭᠡᠭᠴᠢ ᠶᠠᠮᠠᠷ ᠰᠠᠨᠰᠠᠷ ᠲᠤ᠌ ᠭᠠᠷᠴᠤ ᠳᠠᠭᠠᠭᠤᠯᠢ ᠣᠳᠣ ᠰᠢᠨᠵᠢᠯᠡᠵᠦ ᠪᠠᠢᠭ᠎ᠠ ᠪᠢᠰᠢ ᠳᠡ! ᠮᠣᠩᠭᠣᠯ ᠬᠥᠮᠦᠨ ᠪᠦᠬᠦᠨ ᠬᠢᠵᠦ ᠳᠡᠢᠯᠬᠦ ᠠᠵᠢᠯ ᠰᠢᠦ ᠴᠢᠷᠮᠠᠶ᠋ᠢᠭᠠᠷᠠᠢ ᠃
7. ᠮᠥᠩᠭᠥᠨ
ᠡᠯᠸᠮᠸᠨ᠋ᠲ ᠦ᠋ᠨ ᠤᠩᠰᠢᠭᠤ ᠳᠡᠭᠡᠵᠢ ᠪᠡᠨ ᠬᠡᠮᠨᠡᠳᠡᠭ ᠠᠶᠠᠭ᠎ᠠ ᠪᠠᠭᠪᠤᠷ ᠳᠡᠯᠭᠡᠭᠡᠳ ᠪᠢᠴᠢᠪᠡᠯ《 ᠦ᠋ᠨ》 ᠪᠠᠭᠪᠤᠷ
ᠳᠣᠲᠣᠭᠰᠢ ᠣᠷᠣᠪᠠᠯ ᠳᠡᠭᠡᠪᠦᠷ ᠲᠣᠭᠣᠷᠢᠭ ᠳᠣᠣᠷ᠎ᠠ ᠣᠷᠣᠭᠰᠠᠨ《 ᠤ᠋》 ᠲᠣᠭᠣᠷᠢᠭ(ᠳᠦᠷᠢᠮᠵᠢᠭᠦᠨ ᠪᠢᠴᠢᠯᠭᠡ ᠶ᠋ᠢᠨ ᠴᠠᠭᠠᠷᠠᠯ) ᠭᠡᠬᠦ ᠨᠣᠮ ᠠ᠋ᠴᠠ
8. ᠭᠠᠷᠮ᠎ᠠ᠄
ᠦᠭᠡ ᠬᠡᠯᠡ ᠪᠣᠯ ᠦᠨᠳᠦᠰᠦᠲᠡᠨ ᠦ᠌ ᠠᠮᠢᠨ ᠰᠦᠨᠡᠰᠦ ᠦᠰᠦᠭ ᠪᠢᠴᠢᠭ ᠪᠣᠯ ᠦᠨᠳᠦᠰᠦᠲᠡᠨ ᠦ᠌ ᠪᠡᠯᠭᠡ ᠲᠡᠮᠳᠡᠭ᠃
9. ᠨᠡᠭᠦᠳᠡᠯ
ᠠᠭᠤᠤ ᠬᠠᠢᠷ᠎ᠠ ᠶ᠋ᠢ ᠥᠪᠡᠷ ᠦ᠋ᠨ ᠪᠡᠶ᠎ᠡ ᠡᠴᠡ ᠪᠡᠨ ᠳᠠᠭᠤᠳᠠᠵᠤ ᠰᠡᠷᠡᠭᠡᠶᠡ ᠭᠡᠪᠡᠯ ᠦᠷ᠎ᠡ ᠪᠡᠨ ᠬᠠᠢᠷᠠᠯᠠᠬᠤ ᠰᠢᠭ᠋ ᠪᠦᠬᠦ ᠶᠠᠭᠤᠮ᠎ᠠ ᠶ᠋ᠢ ᠬᠠᠢᠷᠠᠯᠠᠭᠠᠷᠠᠢ!
ᠠᠭᠤᠤ ᠬᠥᠮᠦᠰ ᠬᠠᠷᠢᠭᠤᠴᠠᠯᠭ᠎ᠠ ᠪᠠᠷ ᠥᠪᠡᠷ ᠢ᠋ ᠪᠡᠨ ᠲᠤᠯᠭᠠᠭᠤᠷᠢᠯᠠᠵᠤ ᠬᠠᠢᠷ᠎ᠠ ᠪᠠᠷ ᠥᠷᠥᠭᠡᠯ ᠢ᠋ ᠨᠥᠮᠥᠷᠢᠳᠡᠵᠦ ᠪᠠᠢᠳᠠᠭ᠃
10. ᠭᠠᠸᠠ
ᠪᠠᠢᠬᠤ ᠦᠭᠡᠢ ᠶ᠋ᠢᠨ ᠵᠣᠪᠠᠯᠠᠩ ᠠ᠋ᠴᠠ ᠪᠠᠢᠭᠰᠠᠨ ᠢ᠋ᠶ᠋ᠠᠨ ᠠᠯᠳᠠᠬᠤ ᠵᠣᠪᠠᠯᠠᠩ ᠬᠡᠴᠡᠭᠦᠦ ᠣᠯᠤᠭ᠎ᠠ ᠦᠭᠡᠢ ᠶ᠋ᠢᠨ ᠵᠣᠪᠠᠯ ᠠ᠋ᠴᠠ ᠣᠯᠤᠭᠰᠠᠨ ᠢ᠋ᠶ᠋ᠠᠨ ᠠᠯᠳᠠᠬᠤ ᠵᠣᠪᠠᠯ ᠬᠡᠴᠡᠭᠦᠦ ᠃
11. ᠨᠠ᠊᠂ ᠴᠠᠭᠠᠨ
ᠰᠢᠨᠲᠠᠷᠠᠰᠢ ᠦᠭᠡᠢ ᠵᠣᠷᠢᠭ ᠰᠥᠰᠥ
ᠰᠢᠵᠢᠷ ᠠᠯᠲᠠᠨ ᠠ᠋ᠴᠠ ᠦᠨᠡᠲᠡᠢ
ᠰᠢᠷᠭᠠᠭᠤ ᠬᠠᠲᠠᠭᠤ ᠴᠢᠷᠮᠠᠢᠯᠭ᠎ᠠ
ᠰᠢᠯᠢᠳᠡᠭ ᠠᠮᠵᠢᠯᠲᠠ ᠣᠯᠭᠣᠳᠠᠭ ᠃
12. ᠨᠠᠷᠠᠨᠲᠣᠭᠣᠰ
ᠰᠢᠨᠲᠠᠷᠠᠰᠢ ᠦᠭᠡᠢ ᠵᠣᠷᠢᠭ ᠰᠥᠰᠥ
ᠰᠢᠵᠢᠷ ᠠᠯᠲᠠᠨ ᠠ᠋ᠴᠠ ᠦᠨᠡᠲᠡᠢ
ᠰᠢᠷᠭᠠᠭᠤ ᠬᠠᠲᠠᠭᠤᠵᠢᠯᠲᠠᠢ ᠴᠢᠷᠮᠠᠢᠯᠭ᠎ᠠ
ᠰᠢᠯᠢᠳᠡᠭ ᠠᠮᠵᠢᠯᠲᠠ ᠣᠯᠠᠭᠤᠯᠠᠳᠠᠭ᠃
13. ᠠᠵᠠᠵᠠᠶᠠᠭ᠎ᠠ
ᠬᠠᠪᠤᠯ ᠬᠠᠭᠠᠨ ᠳᠣᠯᠣᠭᠠᠨ ᠬᠥᠪᠡᠭᠦᠨ ᠄
ᠣᠬᠢᠨ ᠪᠠᠷᠬᠠᠭ᠂ ᠪᠠᠷᠳᠠᠨ ᠪᠠᠭᠠᠲᠤᠷ᠂ ᠬᠤᠲᠤᠭᠲᠤ ᠮᠦᠩᠬᠥᠷ᠂ ᠬᠣᠲᠠᠯᠠ ᠬᠠᠭᠠᠨ᠂ ᠬᠤᠯᠠᠨ᠂ ᠬᠠᠲᠠᠭᠠᠨ᠂ ᠲᠦᠲᠦᠬᠡᠨ ᠤᠳᠴᠢᠬᠢᠨ ᠃
14. ᠣᠳᠣᠨᠲᠤᠶᠠᠭ᠎ᠠ
ᠠᠶᠠᠨ ᠳ᠋ᠤ᠌ ᠶᠠᠪᠤᠭ᠎ᠠ ᠬᠥᠮᠦᠨ ᠣᠪᠣᠭ᠎ᠠ᠂ ᠪᠤᠯᠠᠭ ᠤ᠋ᠨ ᠳᠡᠷᠭᠡᠳᠡ ᠬᠦᠷᠪᠡᠯ ᠵᠠᠪᠠᠯ ᠮᠣᠷᠢᠨ ᠠ᠋ᠴᠠ ᠨᠢ ᠪᠠᠭᠤᠵᠤ ᠰᠠᠴᠤᠯᠢ ᠪᠠᠨ ᠡᠷᠭᠦᠵᠦ ᠶᠠᠪᠤᠳᠠᠭ
15. ᠲᠣᠳᠣᠭᠡᠷᠡᠯ
ᠦᠭᠡ ᠬᠡᠯᠡ ᠦᠰᠦᠭ ᠪᠢᠴᠢᠭ ᠦᠨᠳᠦᠰᠦᠲᠡᠨ ᠪᠦᠬᠦᠨ ᠦ᠌ ᠠᠮᠢᠨ ᠰᠤᠳᠠᠰᠤ ᠮᠠᠨ ᠤ᠋ ᠬᠣᠢᠴᠢᠰ ᠮᠣᠩᠭᠣᠯᠴᠤᠳ ᠤ᠋ᠨ ᠠᠮᠢᠨ ᠰᠤᠳᠠᠰᠤ
16. ᠭᠠᠸᠠ
ᠪᠤᠳᠤᠯᠢᠶᠠᠨᠲᠠᠢ ᠬᠥᠳᠡᠯᠭᠡᠭᠡᠨ ᠲᠡᠢ ᠬᠥᠮᠦᠨ ᠦ᠌ ᠬᠣᠷᠸ᠎ᠠ
ᠪᠤᠷᠤᠭᠤᠲᠠᠢ ᠵᠥᠪᠲᠡᠢ ᠬᠥᠮᠦᠨ ᠦ᠌ ᠵᠠᠮ᠂
ᠪᠤᠭᠤᠷᠤᠯ ᠪᠣᠯᠲᠠᠯ᠎ᠠ ᠪᠠᠨ ᠴᠢᠷᠮᠠᠢᠬᠤ ᠬᠥᠮᠦᠨ ᠦ᠌ ᠣᠷᠴᠢᠯᠠᠩ ᠃
17. ᠠᠯᠲᠠᠨᠴᠢᠮᠡᠭ
ᠭᠤᠷᠪᠠᠨ ᠲᠣᠯᠢ
ᠵᠢᠰᠦ ᠭᠡᠳᠡᠭ ᠳᠦᠷᠢ ᠶ᠋ᠢᠨ ᠲᠣᠯᠢ
ᠵᠢᠷᠦᠬᠡ ᠭᠡᠳᠡᠭ ᠰᠡᠳᠬᠢᠯ ᠦ᠋ᠨ ᠲᠣᠯᠢ
ᠵᠡᠭᠦᠳᠦ ᠭᠡᠳᠡᠭ ᠪᠣᠳᠣᠯ ᠤ᠋ᠨ ᠲᠣᠯᠢ
18. ᠨᠠ᠊᠂ ᠴᠠᠭᠠᠨ
ᠣᠮᠣᠭ ᠲᠡᠭᠦᠯᠳᠡᠷ ᠢᠲᠡᠭᠡᠯ ᠪᠠᠲᠤ ᠪᠣᠯ
ᠣᠷᠴᠢᠯᠠᠩ ᠤ᠋ᠨ ᠤᠴᠢᠷ ᠬᠢᠯᠪᠠᠷ ᠲᠡᠭᠦᠮ
ᠤᠷᠮ᠎ᠠ ᠪᠠᠬ᠎ᠠ ᠣᠷᠭᠢᠯᠤᠨ ᠬᠥᠭᠵᠢᠪᠡᠯ
ᠣᠯᠠᠨ ᠤᠴᠢᠷ ᠰᠠᠨᠠᠭ᠎ᠠ ᠪᠠᠷ ᠪᠦᠲᠦᠨ᠎ᠡ
19. ᠳ· ᠣᠶᠤᠨᠴᠡᠴᠡᠭ
ᠮᠣᠩᠭᠣᠯᠴᠤᠳ ᠠᠩᠬᠠᠨ ᠤ᠋ ᠠᠷᠪᠠᠨ ᠬᠣᠶᠠᠷ ᠵᠢᠯ ᠦ᠋ᠨ ᠴᠠᠭ ᠤ᠋ᠨ ᠲᠣᠭᠠᠯᠠᠯ ᠢ᠋ ᠵᠣᠬᠢᠶᠠᠵᠠᠢ
ᠮᠣᠩᠭᠣᠯᠴᠤᠳ12 ᠵᠦᠢᠯ ᠦ᠋ᠨ ᠠᠮᠢᠲᠠᠨ ᠢ᠋ ᠵᠢᠭᠰᠠᠭᠠᠨ ᠨᠡᠷᠡᠯᠡᠬᠦ ᠳ᠋ᠡᠭᠡᠨ ᠮᠥᠨ ᠣᠷᠴᠢᠯᠠᠩ( ᠣᠳᠣᠨ ᠭᠠᠷᠠᠭ)᠂ ᠪᠠᠢᠭᠠᠯᠢ( ᠠᠭᠤᠷ ᠠᠮᠢᠰᠬᠤᠯ᠂ ᠠᠮᠢᠲᠠᠨ ᠤᠷᠭᠤᠮᠠᠯ)᠂ ᠬᠣᠷᠸ᠎ᠠ( ᠠᠮᠢ ᠠᠬᠤᠢ ᠬᠢᠭᠡᠳ ᠬᠥᠮᠦᠨ) ᠦ᠌ ᠵᠢᠮ᠎ᠡ ᠬᠠᠤᠯᠢ᠂ ᠣᠷᠭᠠᠨᠢᠭ ᠬᠣᠯᠪᠣᠭ᠎ᠠ ᠶ᠋ᠢ ᠦᠨᠳᠦᠰᠦᠯᠡᠭᠰᠡᠨ ᠶᠦᠮ᠃
20. ᠨᠠᠷᠠᠨᠲᠣᠭᠣᠰ
ᠣᠮᠣᠭ ᠲᠡᠭᠦᠯᠳᠡᠷ ᠢᠲᠡᠭᠡᠯ ᠪᠠᠲᠤ ᠪᠣᠯ
ᠣᠷᠴᠢᠯᠠᠩ ᠤ᠋ᠨ ᠤᠴᠢᠷ ᠬᠢᠯᠪᠠᠷ ᠳᠥᠭᠥᠮ
ᠤᠷᠮ᠎ᠠ ᠪᠠᠬ᠎ᠠ ᠣᠷᠭᠢᠯᠤᠨ ᠬᠥᠭᠵᠢᠪᠡᠯ
ᠣᠯᠠᠨ ᠤᠴᠢᠷ ᠰᠠᠨᠠᠭ᠎ᠠ ᠪᠠᠷ ᠪᠦᠲᠦᠨ᠎ᠡ᠃
21. ᠭᠡᠭᠡ
ᠨᠢᠭᠡ ᠦᠨᠳᠦᠰᠦ ᠤᠭᠰᠠᠭᠠᠲᠠᠨ ᠤ᠋ ᠠᠷᠠᠳ ᠢᠷᠭᠡᠳ ᠢᠲᠡᠭᠡᠯ ᠵᠣᠷᠢᠭ ᠲᠠᠢ ᠪᠠᠢᠭᠰᠠᠨ ᠴᠠᠭ ᠦᠬᠦᠵᠦ ᠮᠥᠬᠥᠬᠦ ᠶᠣᠰᠣ ᠦᠭᠡᠢ᠃ ᠬᠠᠷᠢᠨ ᠡᠭᠦᠷᠢᠳᠡ ᠶ᠋ᠢᠨ ᠵᠠᠰᠠᠭ ᠲᠥᠷᠥ ᠭᠡᠵᠦ ᠶᠡᠷᠦ ᠣᠷᠣᠰᠢᠳᠠᠭ ᠦᠭᠡᠢ ᠪᠢᠯᠡ᠃ ᠠᠯᠢ ᠨᠢ ᠬᠡᠪᠡᠷᠡᠭ ᠭᠡᠳᠡᠭ ᠢ᠋ ᠬᠥᠮᠦᠰ ᠪᠦᠷ ᠮᠡᠳᠡᠯᠭᠦᠢ ᠳᠡ᠃
ᠡᠷᠭᠦᠨ ᠥᠭᠦᠯᠡᠬᠦᠶᠡ ᠬᠥᠮᠦᠨ ᠦ᠌ ᠴᠢᠬᠢᠨ᠎ᠡ ᠲᠠᠭᠠᠲᠠᠢ·ᠦᠨᠡᠨ ᠢ᠋ ᠥᠭᠦᠯᠡᠬᠦᠶᠡ ᠬᠥᠮᠦᠨ ᠦ᠌ ᠦᠢᠯᠡ ᠳ᠋ᠦ᠍ᠷ ᠲᠤᠰᠠᠲᠠᠢ᠃
22. ᠬᠠᠰᠠᠠᠭᠣᠯᠠ
ᠮᠣᠩᠭᠣᠯ ᠬᠡᠯᠡ
ᠮᠣᠩᠭᠣᠯ ᠪᠢᠴᠢᠭ
ᠮᠣᠩᠭᠣᠯ ᠬᠥᠮᠦᠨ
ᠮᠣᠩᠭᠣᠯ ᠠᠮᠢᠳᠤᠷᠠᠯ
ᠮᠣᠩᠭᠣᠯ ᠵᠠᠩ ᠳᠠᠳᠬᠠᠯ
ᠮᠣᠩᠭᠣᠯ ᠮᠣᠷᠢ
ᠮᠣᠩᠭᠣᠯ ᠨᠡᠭᠦᠳᠡᠯ ᠰᠣᠶᠣᠯ
ᠮᠣᠩᠭᠣᠯ ᠰᠤᠷᠭᠠᠭᠤᠯᠢ
ᠮᠣᠩᠭᠣᠯ ᠰᠡᠳᠬᠢᠬᠦᠢ
ᠮᠣᠩᠭᠣᠯ ᠭᠡᠷ
ᠮᠣᠩᠭᠣᠯ ᠡᠮ
ᠮᠣᠩᠭᠣᠯ ᠰᠦᠯᠵᠢᠶ᠎ᠡ
ᠮᠣᠩᠭᠣᠯ ᠪᠥᠬᠡ
ᠮᠣᠩᠭᠣᠯ ᠨᠤᠲᠤᠭ
ᠮᠣᠩᠭᠣᠯ ᠨᠣᠮ
ᠮᠣᠩᠭᠣᠯ ᠬᠤᠪᠴᠠᠰᠤ
ᠮᠣᠩᠭᠣᠯ ᠠᠮᠤ
ᠮᠣᠩᠭᠣᠯ ᠪᠦᠰᠡᠭᠦᠢ
23.ᠤᠤᠭᠠᠨᠵᠢᠳ
ᠡᠳᠦᠷ ᠪᠦᠷᠢ ᠢᠨᠢᠶᠡᠮᠰᠦᠭᠯᠡᠵᠦ ᠪᠠᠢᠪᠠᠯ ᠵᠣᠯ ᠵᠢᠷᠭᠠᠯ ᠤ᠋ᠨ ᠡᠬᠢᠯᠡᠯᠲᠡ
ᠡᠳᠦᠷ ᠪᠦᠷᠢ ᠪᠡᠶᠡᠰᠦᠯᠲᠡᠢ ᠪᠠᠢᠪᠠᠯ ᠡᠷᠡᠭᠦᠯ ᠴᠢᠭᠢᠷᠠᠭ ᠤ᠋ᠨ ᠪᠠᠲᠤᠯᠠᠭ᠎ᠠ
ᠵᠣᠯ ᠵᠢᠷᠭᠠᠯ ᠡᠷᠡᠭᠦᠯ ᠮᠡᠨᠳᠦ ᠥᠨᠢᠳᠡ ᠮᠠᠨ ᠲᠠᠢ ᠬᠠᠮᠲᠤ ᠪᠠᠢᠭᠠᠰᠠᠢ!
ᠢᠨᠢᠶᠡᠮᠰᠦᠭᠯᠡᠯ ᠨᠡᠭᠡᠷᠡᠨ ᠭᠠᠢᠬᠠᠮᠰᠢᠭᠲᠠᠢ
ᠢᠨᠢᠶᠡᠮᠰᠦᠭᠯᠡᠯ ᠬᠥᠮᠦᠨ ᠦ᠌ ᠬᠤᠪᠢ ᠵᠠᠶᠠᠭ᠎ᠠ ᠶ᠋ᠢ ᠥᠭᠡᠷᠡᠴᠢᠯᠡᠵᠦ ᠴᠢᠳᠠᠳᠠᠭ᠃
24. ᠠᠵᠠᠵᠠᠶᠠᠭ᠎ᠠ
ᠵᠢᠭᠦᠷ ᠲᠦ᠍ ᠬᠦᠴᠦᠲᠡᠢ ᠰᠢᠪᠠᠭᠤ ᠮᠢᠩᠭᠠᠨ ᠠᠭᠤᠯᠠ ᠶ᠋ᠢ ᠳᠠᠪᠠᠨ᠎ᠠ
ᠵᠢᠷᠦᠬᠡᠨ ᠳ᠋ᠦ᠍ ᠪᠡᠨ ᠲᠠᠮᠢᠷ ᠲᠠᠢ ᠬᠥᠮᠦᠨ ᠮᠢᠩᠭᠠᠨ ᠬᠦᠴᠢᠷ ᠢ᠋ ᠢᠯᠠᠨ᠎ᠠ᠂
25. ᠠᠵᠠᠵᠠᠶᠠᠭ᠎ᠠ
ᠪᠠᠢᠭ᠎ᠠ ᠪᠦᠬᠦᠨ ᠳ᠋ᠦ᠍ ᠪᠡᠨ ᠲᠠᠯᠠᠷᠬᠠᠨᠠᠮ᠂ᠠᠮᠢᠳᠤᠷᠠᠯ ᠥᠭᠡᠳᠡ ᠪᠡᠨ᠁
26. ᠦᠵᠢᠶᠡᠳ ᠡᠷᠳᠡᠨᠢᠴᠡᠴᠡᠭ
ᠳᠠᠯᠤ ᠶ᠋ᠢ ᠪᠦᠬᠦᠯᠢ ᠪᠡᠷ ᠬᠠᠶᠠᠳᠠᠭ ᠦᠭᠡᠢ
ᠰᠡᠭᠦᠵᠢᠨ ᠦ᠌ ᠶᠠᠰᠤ ᠶ᠋ᠢ ᠭᠡᠷ ᠲᠦ᠍ ᠬᠣᠨᠣᠭᠤᠯᠳᠠᠭ ᠦᠭᠡᠢ
ᠰᠦ ᠲᠡᠢ ᠴᠠᠢ ᠪᠠᠷ ᠠᠮᠠ ᠵᠠᠢᠯᠠᠳᠠᠭ ᠦᠭᠡᠢ
ᠠᠶᠠᠨ ᠤ᠋ ᠰᠢᠪᠠᠭᠤ ᠶ᠋ᠢ ᠲᠣᠭᠠᠯᠠᠳᠠᠭ ᠦᠭᠡᠢ
ᠠᠢᠷᠠᠭ ᠳ᠋ᠦ᠍ ᠤᠰᠤ ᠬᠣᠯᠢᠳᠠᠭ ᠦᠭᠡᠢ
ᠠᠭᠠᠭ ᠲᠠᠢ ᠪᠤᠳᠠᠭ᠎ᠠ ᠶ᠋ᠢ ᠢᠳᠡᠳᠡᠭ ᠦᠭᠡᠢ
ᠣᠪᠣᠭᠠᠨ ᠬᠡᠰᠢᠭ ᠢ᠋ ᠪᠤᠯᠢᠶᠠᠯᠳᠤᠳᠠᠭ ᠦᠭᠡᠢ
27. ᠭᠠᠸᠠ
ᠤᠩᠰᠢᠵᠤ ᠮᠡᠳᠡᠬᠦ ᠳ᠋ᠦ᠍ ᠨᠣᠮ ᠰᠠᠢᠬᠠᠨ ᠂ᠠᠭᠤᠯᠵᠠᠵᠤ ᠶᠠᠷᠢᠯᠴᠠᠬᠤ ᠳ᠋ᠤ᠌ ᠨᠥᠬᠥᠷ ᠰᠠᠢᠬᠠᠨ ᠃
28. ᠲᠡᠮᠦᠷᠭᠤᠤᠯᠲᠥ
ᠮᠣᠩᠭᠣᠯ ᠦᠨᠳᠦᠰᠦᠲᠡᠨ ᠦ᠌ ᠬᠥᠮᠦᠨ ᠪᠦᠬᠦᠨ ᠦᠭᠡ ᠬᠡᠯᠡ ᠦᠰᠦᠭ ᠪᠢᠴᠢᠭ ᠢ᠋ᠶ᠋ᠡᠨ ᠳᠡᠭᠡᠳᠦᠯᠡᠵᠦ ᠶᠠᠷᠢᠵᠤ ᠪᠢᠴᠢᠵᠦ ᠬᠡᠷᠡᠭᠯᠡᠵᠦ ᠶᠠᠪᠤᠭᠠᠷᠠᠢ!
29. ᠠᠯᠲᠠᠨᠴᠢᠮᠡᠭ
ᠲᠠᠯ᠎ᠠ ᠶ᠋ᠢᠨ ᠲᠠᠪᠤᠨ ᠡᠷᠳᠡᠨᠢ ᠮᠢᠨᠢ
ᠲᠠᠯ᠎ᠠ ᠶ᠋ᠢᠨ ᠪᠦᠷᠭᠦᠳ ᠪᠠᠢᠭᠠᠰᠠᠢ!
ᠲᠡᠨ᠎ᠡ ᠴᠠᠭᠠᠨ ᠭᠡᠷ ᠮᠢᠨᠢ
ᠲᠠᠯ᠎ᠠ ᠪᠠᠨ ᠲᠠᠮᠠᠭᠠᠯᠠᠨ ᠪᠠᠢᠭᠠᠰᠠᠢ!
ᠲᠠᠢᠪᠤᠩ ᠮᠣᠩᠭᠣᠯ ᠠᠮᠢᠳᠤᠷᠠᠯ ᠮᠢᠨᠢ
ᠳᠡᠯᠭᠡᠷᠡᠨ ᠮᠠᠨᠳᠤᠬᠤ ᠪᠣᠯᠲᠤᠭᠠᠢ!
ᠲᠠᠩᠰᠤᠭ ᠮᠣᠩᠭᠣᠯ ᠬᠡᠯᠡ ᠮᠢᠨᠢ
ᠳᠦᠷᠡᠯᠵᠡᠨ ᠪᠠᠳᠠᠷᠠᠬᠤ ᠪᠣᠯᠲᠤᠭᠠᠢ!
30. ᠨᠠᠷᠠᠨᠲᠣᠭᠣᠰ
ᠰᠡᠳᠬᠢᠯ ᠦ᠋ᠨ ᠭᠠᠯ ᠮᠥᠬᠥᠬᠦ ᠦᠭᠡᠢ ᠦᠶᠡᠰ ᠳᠤᠯᠠᠭᠠᠨ ᠤ᠋ ᠭᠠᠯ ᠤᠨᠲᠠᠷᠠᠬᠤ ᠶᠣᠰᠣ ᠦᠭᠡᠢ᠃
31. ᠠᠶᠣᠷᠽᠠᠨ᠎ᠠ ᠄
ᠦᠭᠡ ᠶ᠋ᠢᠨ ᠤᠷᠠᠨ ᠨᠢ ᠦᠨᠡᠨ ᠳ᠋ᠦ᠍ ᠬᠦᠷᠬᠦ ᠦᠭᠡᠢ᠃
ᠥᠩᠭᠡ ᠶ᠋ᠢᠨ ᠰᠠᠢᠬᠠᠨ ᠨᠢ ᠴᠢᠨᠠᠷ ᠳᠤ ᠬᠦᠷᠬᠦ ᠦᠭᠡᠢ᠃
32. ᠨᠠ᠊᠂ ᠴᠠᠭᠠᠨ
ᠣᠶᠣᠭᠰᠠᠭᠠᠷ ᠪᠠᠢᠵᠤ ᠤᠷᠠᠨ ᠪᠣᠯᠤᠨ᠎ᠠ
ᠣᠷᠣᠯᠳᠣᠭᠰᠠᠭᠠᠷ ᠪᠠᠢᠵᠤ ᠳᠠᠷᠬᠠᠨ ᠪᠣᠯᠤᠨ᠎ᠠ
ᠤᠩᠰᠢᠭᠰᠠᠭᠠᠷ ᠪᠠᠢᠵᠤ ᠣᠶᠤᠲᠠᠨ ᠪᠣᠯᠤᠨ᠎ᠠ
ᠤᠷᠤᠭᠰᠢᠯᠠᠭᠰᠠᠭᠠᠷ ᠪᠠᠢᠵᠤ ᠢᠯᠠᠯᠲᠠ ᠣᠯᠤᠨ᠎ᠠ
ᠡᠳ᠋ ᠢ᠋ᠶ᠋ᠡᠷ ᠪᠡᠶ᠎ᠡ ᠪᠡᠨ ᠴᠢᠮᠡᠬᠦ ᠪᠡᠷ
ᠡᠷᠳᠡᠮ ᠢ᠋ᠶ᠋ᠡᠷ ᠪᠡᠶ᠎ᠡ ᠪᠡᠨ ᠴᠢᠮ᠎ᠡ!
ᠡᠷᠲᠡ ᠪᠣᠰᠪᠠᠯ ᠨᠢᠭᠡ ᠶ᠋ᠢ ᠦᠵᠡᠨ᠎ᠡ!
ᠣᠷᠣᠢ ᠤᠨᠲᠠᠪᠠᠯ ᠨᠢᠭᠡ ᠶ᠋ᠢ ᠰᠣᠨᠣᠰᠤᠨ᠎ᠠ!
33. ᠬᠡᠷᠡᠢᠳ ᠨᠠᠷᠠᠰᠤ
ᠲᠥᠷᠥᠭᠰᠡᠨ ᠨᠤᠲᠤᠭ ᠮᠢᠨᠢ ᠮᠣᠩᠭᠣᠯ ᠣᠷᠣᠨ ᠴᠤ᠌
ᠲᠥᠷᠥᠭᠰᠡᠨ ᠴᠠᠭ ᠮᠢᠨᠢ ᠬᠢᠲᠠᠳ ᠲᠥᠷᠥ
ᠥᠰᠦᠭᠰᠡᠨ ᠨᠤᠲᠤᠭ ᠮᠢᠨᠢ ᠮᠣᠩᠭᠣᠯ ᠣᠷᠣᠨ ᠴᠤ᠌
ᠣᠳᠣ ᠶ᠋ᠢᠨ ᠲᠥᠷᠥ ᠨᠢ ᠢᠷᠭᠡᠨ ᠭᠦᠷᠦᠨ
34. ᠨᠠᠷᠠᠨᠴᠡᠴᠡᠭ
ᠮᠣᠩᠭᠣᠯᠴᠤᠳ ᠪᠢᠴᠢᠭ ᠦᠰᠦᠭ ᠢ᠋ᠶ᠋ᠡᠨ ᠪᠢᠴᠢᠵᠦ ᠬᠡᠷᠡᠭᠯᠡᠬᠦ ᠨᠡᠩ ᠴᠢᠨᠠᠭᠰᠢᠯᠠᠭᠠᠳ ᠳᠡᠯᠭᠡᠷᠡᠭᠦᠯᠵᠦ ᠬᠥᠭᠵᠢᠭᠦᠯᠬᠦ ᠶ᠋ᠢ ᠥᠪᠡᠷ ᠦ᠋ᠨ ᠬᠠᠷᠢᠭᠤᠴᠠᠯᠭ᠎ᠠ᠂ ᠬᠢᠪᠡᠰᠦ ᠵᠣᠬᠢᠬᠤ ᠵᠦᠢᠯ ᠭᠡᠵᠦ ᠪᠣᠳᠣᠭᠠᠷᠠᠢ᠃
35. ᠰᠡᠴᠡᠨᠪᠠᠭᠠᠳᠤᠷ
ᠰᠠᠢᠨ ᠪᠠᠢᠨ᠎ᠠ ᠤᠤ?ᠡᠳᠦᠷ ᠪᠣᠯᠭᠠᠨ ᠬᠣᠶᠠᠷ ᠰᠣᠷᠢᠯᠲᠠ ᠪᠠᠨ ᠪᠢᠴᠢᠵᠦ ᠰᠠᠭᠤᠶ᠎ᠠ! ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢ!
36. ᠨᠤᠮᠤᠴᠢᠨ ᠪᠢᠯᠢᠭ
ᠪᠤᠰᠤᠳ ᠤ᠋ᠨ ᠬᠡᠯᠡ ᠪᠠᠭᠠᠵᠢ ᠥᠪᠡᠷ ᠦ᠋ᠨ ᠬᠡᠯᠡ ᠠᠮᠢ ᠃
37. ᠮᠥᠩᠭᠥᠨ
ᠠ ᠨᠠ ᠶ᠋ᠢᠨ ᠣᠷᠬᠢᠴᠠ ᠰᠡᠭᠦᠯ
ᠠᠷᠤ ᠳ᠋ᠠᠭᠠᠨ ᠵᠡᠭᠦᠭᠰᠡᠨ ᠢᠯᠳᠦᠨ ᠰᠡᠭᠦᠯ
ᠠᠪᠢᠶᠠᠨ ᠦᠰᠦᠭ ᠦ᠋ᠨ ᠰᠠᠷᠠᠨ ᠰᠡᠭᠦᠯ
ᠠᠰᠬᠠᠨ ᠪᠢᠴᠢᠭ ᠦ᠋ᠨ ᠲᠤᠭ ᠰᠡᠭᠦᠯ ( ᠳᠦᠷᠢᠮᠵᠢᠭᠦᠨ ᠪᠢᠴᠢᠯᠭᠡ) ᠶ᠋ᠢᠨ ᠨᠣᠮ ᠠ᠋ᠴᠠ
38. ᠭᠠᠸᠠ
ᠰᠠᠨᠠᠵᠤ ᠶᠠᠪᠤᠪᠠᠯ ᠪᠦᠲᠦᠳᠡᠭ ᠰᠠᠵᠢᠯᠠᠵᠤ ᠶᠠᠪᠤᠪᠠᠯ ᠬᠦᠷᠳᠡᠭ
39. ᠴᠠᠬᠠᠷ ᠪᠠᠲᠤ
ᠭᠠᠭᠴᠠ ᠭᠠᠵᠠᠷ ᠰᠠᠭᠤᠭᠰᠠᠨ ᠰᠡᠴᠡᠨ ᠡᠴᠡ
ᠭᠠᠵᠠᠷ ᠪᠦᠬᠦᠨ ᠳ᠋ᠦ᠍ ᠶᠠᠪᠤᠭᠰᠠᠨ ᠲᠡᠨᠡᠭ ᠳᠡᠭᠡᠷ᠎ᠡ
40. ᠠᠵᠠᠵᠠᠶᠠᠭ᠎ᠠ
ᠮᠣᠷᠢᠨ ᠤ᠋ ᠨᠠᠰᠤ ᠵᠢᠯ ᠦ᠋ᠨ ᠨᠡᠷᠡᠢᠳᠦᠯ᠄
ᠲᠤᠰ ᠵᠢᠯ ᠦ᠋ᠨ ᠲᠥᠯ ᠢ᠋ ᠤᠨᠠᠭ᠎ᠠ
ᠨᠢᠭᠡ ᠨᠠᠰᠤ ᠲᠠᠢ ᠶ᠋ᠢ ᠰᠠᠷᠪᠠᠭ᠎ᠠ( ᠬᠥᠷᠪᠡᠵᠢᠭᠰᠡᠨ ᠤᠨᠠᠭ᠎ᠠ)
ᠬᠣᠶᠠᠷ ᠨᠠᠰᠤ ᠲᠠᠢ ᠶ᠋ᠢ ᠳᠠᠭ᠎ᠠ
ᠭᠤᠷᠪᠠᠨ ᠨᠠᠰᠤ ᠲᠠᠢ ᠶ᠋ᠢ ᠰᠢᠳᠦᠯᠡᠩ
ᠳᠥᠷᠪᠡᠨ ᠨᠠᠰᠤ ᠲᠠᠢ ᠶ᠋ᠢ ᠬᠢᠵᠠᠯᠠᠩ
ᠭᠤᠷᠪᠠ ᠳᠥᠷᠪᠡᠨ ᠨᠠᠰᠤᠨ ᠤ᠋ ᠡᠷ᠎ᠡ ᠮᠣᠷᠢ ᠶ᠋ᠢ ᠦᠷᠢᠶ᠎ᠡ᠂ ᠡᠮ᠎ᠡ ᠮᠣᠷᠢ ᠶ᠋ᠢ ᠪᠠᠢᠳᠠᠰᠤ ᠭᠡᠨ᠎ᠡ
ᠳᠥᠷᠪᠡᠨ ᠨᠠᠰᠤᠨ ᠠ᠋ᠴᠠ ᠳᠡᠭᠡᠭᠰᠢ ᠠᠭᠳᠠᠯᠠᠭᠰᠠᠨ ᠮᠣᠷᠢ ᠶ᠋ᠢ ᠡᠷ᠎ᠡ ᠮᠣᠷᠢ
ᠳᠥᠷᠪᠡᠨ ᠨᠠᠰᠤᠨ ᠠ᠋ᠴᠠ ᠳᠡᠭᠡᠭᠰᠢ ᠡᠮ᠎ᠡ ᠮᠣᠷᠢ ᠶ᠋ᠢ ᠭᠡᠭᠦᠦ
ᠳᠥᠷᠪᠡᠨ ᠨᠠᠰᠤᠨ ᠠ᠋ᠴᠠ ᠳᠡᠭᠡᠭᠰᠢ ᠠᠭᠲᠠᠯᠠᠭᠰᠠᠨ ᠦᠭᠡᠢ ᠮᠣᠷᠢ ᠶ᠋ᠢ ᠠᠵᠢᠷᠭ᠎ᠠ
ᠲᠠᠪᠤᠨ ᠨᠠᠰᠤ ᠲᠠᠢ ᠮᠣᠷᠢ ᠶ᠋ᠢ ᠰᠣᠶᠣᠭᠠᠯᠠᠩ
ᠵᠢᠷᠭᠤᠭᠠᠨ ᠨᠠᠰᠤ ᠲᠠᠢ ᠮᠣᠷᠢ ᠶ᠋ᠢ ᠰᠤᠩᠬᠤ
ᠳᠣᠯᠣᠭᠠᠨ ᠨᠠᠰᠤ ᠲᠠᠢ ᠮᠣᠷᠢ ᠶ᠋ᠢ ᠨᠠᠰᠤ ᠭᠦᠢᠴᠡᠭᠰᠡᠨ ᠡᠷ᠎ᠡ ᠮᠣᠷᠢ ᠪᠤᠶᠤ ᠪᠦᠳᠦᠭᠦᠨ ᠮᠣᠷᠢ ᠭᠡᠳᠡᠭ᠃
( ᠮᠠᠨ ᠤ᠋ ᠨᠤᠲᠤᠭ ᠤ᠋ᠨ ᠨᠡᠷᠡᠢᠳᠦᠯ)
41. ᠰᠣᠨᠢᠨᠴᠡᠴᠡᠭ ᠂
ᠮᠣᠩᠭᠣᠯ ᠬᠡᠯᠡ ᠮᠢᠨᠢ ᠡᠭᠦᠷᠢᠳᠡ ᠣᠷᠣᠰᠢᠬᠤ ᠪᠣᠯᠲᠤᠭᠠᠢ!
ᠡᠷᠳᠡᠮᠲᠡᠨ ᠪᠣᠯᠤᠶ᠎ᠠ ᠬᠡᠮᠡᠪᠡᠰᠦ ᠰᠤᠷᠬᠤ ᠬᠡᠷᠡᠭᠲᠡᠢ᠃ ᠡᠰᠡ ᠰᠤᠷᠤᠯᠴᠠᠪᠠᠰᠤ ᠥᠷᠭᠡᠨ ᠮᠡᠳᠡᠯᠭᠡ ᠶ᠋ᠢ ᠦᠯᠦ ᠣᠯᠤᠮᠤᠢ᠂ ᠡᠷᠡᠰ ᠵᠣᠷᠢᠭ ᠦᠭᠡᠢ ᠪᠣᠯᠪᠠᠰᠤ ᠡᠷᠳᠡᠮ ᠢ᠋ ᠰᠤᠷᠴᠤ ᠦᠯᠦ ᠴᠢᠳᠠᠮᠤᠢ᠃
— ᠵᠣ᠌ ᠭᠧ ᠯᠢᠶᠠᠩ( ᠭᠤᠷᠪᠠᠨ ᠤᠯᠤᠰ ᠤ᠋ᠨ ᠴᠡᠷᠢᠭ ᠦ᠋ᠨ ᠡᠷᠳᠡᠮᠲᠡᠨ)
42. ᠠᠵᠠᠵᠠᠶᠠᠭ᠎ᠠ
ᠠᠮᠢᠳᠤᠷᠠᠯ ᠤ᠋ᠨ ᠵᠠᠮ—
ᠵᠣᠪᠠᠵᠤ ᠣᠯᠳᠠᠭ ᠵᠢᠷᠭᠠᠯ
ᠪᠦᠳᠦᠷᠢᠵᠦ ᠣᠯᠳᠠᠭ ᠤᠬᠠᠭᠠᠷᠠᠯ
ᠵᠢᠳᠬᠦᠵᠦ ᠶᠠᠪᠤᠭᠰᠠᠨ ᠡᠳᠦᠷ ᠦ᠋ᠨ ᠲᠣᠭ᠎ᠠ ᠪᠠᠷ ᠠᠮᠵᠢᠯᠲᠠ ᠪᠠᠨ ᠬᠤᠷᠤᠢᠯᠠᠶ᠎ᠠ!
ᠵᠥᠪ ᠶᠠᠪᠤᠭᠰᠠᠨ ᠦᠨᠡᠨ ᠦ᠌ ᠮᠥᠷ ᠢ᠋ᠶ᠋ᠡᠷ ᠵᠢᠷᠭᠠᠯ ᠢ᠋ᠶ᠋ᠠᠨ ᠬᠤᠷᠤᠢᠯᠠᠶ᠎ᠠ!
43. ᠦᠵᠢᠶᠡᠳ ᠡᠷᠳᠡᠨᠢᠴᠡᠴᠡᠭ
ᠠᠪᠤ ᠶ᠋ᠢᠨ ᠢ᠋ᠶ᠋ᠡᠨ ᠨᠡᠷ᠎ᠡ ᠪᠡᠷ ᠳᠠᠭᠤᠳᠠᠳᠠᠭ ᠦᠭᠡᠢ
ᠠᠵᠢᠷᠭᠠᠨ ᠤ᠋ ᠳᠡᠯ ᠢ᠋ ᠬᠢᠷᠭᠠᠳᠠᠭ ᠦᠭᠡᠢ
ᠠᠭᠲᠠᠯᠠᠭᠰᠠᠨ ᠦᠷᠢᠶ᠎ᠡ ᠪᠡᠨ ᠤᠨᠤᠳᠠᠭ ᠦᠭᠡᠢ
44. ᠨᠠᠮᠵᠢᠯ
ᠮᠣᠩᠭᠣᠯ ᠬᠡᠯᠡ ᠪᠡᠨ ᠮᠡᠳᠡᠳᠡᠭ ᠮᠣᠩᠭᠣᠯᠴᠤᠳ ᠬᠣᠭᠣᠷᠣᠨᠳᠣ ᠪᠠᠨ ᠮᠣᠩᠭᠣᠯ ᠬᠡᠯᠡ ᠪᠡᠷ ᠢ᠋ᠶ᠋ᠡᠨ ᠶᠠᠷᠢᠯᠴᠠᠬᠤ ᠨᠢ ᠵᠦᠢᠲᠡᠢ᠂ ᠬᠠᠷᠢ ᠬᠡᠯᠡᠲᠡᠨ ᠲᠡᠢ ᠪᠣᠯ ᠲᠡᠭᠦᠨ ᠮᠡᠳᠡᠬᠦ ᠬᠡᠯᠡ ᠪᠡᠷ ᠨᠢ ᠬᠡᠯᠡᠬᠦ ᠨᠢ ᠲᠠᠭᠠᠷᠠᠨ᠎ᠠ᠃
45. ᠮᠥᠩᠭᠥᠨ
ᠡᠯᠸᠮᠸᠨ᠋ᠲ ᠦ᠋ᠨ ᠤᠩᠰᠢᠭᠤ
( ᠭᠡᠳᠡᠰᠦ)
ᠬᠠᠨ ᠲᠩᠷᠢ ᠶ᠋ᠢᠨ ᠰᠠᠷ᠎ᠠ ᠰᠢᠭ᠋ ᠭᠡᠳᠡᠰᠦ᠂
ᠬᠠᠭᠠᠰ ᠰᠡᠬᠦᠭᠰᠡᠨ ᠲᠣᠭᠣᠨᠣ ᠰᠢᠭ᠋ ᠭᠡᠳᠡᠰᠦ᠂
ᠪᠢᠯᠢᠭ ᠣᠶᠤᠨ ᠤ᠋ ᠴᠣᠩᠬᠣᠨ ᠭᠡᠳᠡᠰᠦ᠂
ᠪᠢᠴᠢᠭ ᠦᠰᠦᠭ ᠦ᠋ᠨ ᠨᠢᠳᠦᠨ ᠭᠡᠳᠡᠰᠦ᠃
( ᠳᠦᠷᠢᠮᠵᠢᠭᠦᠨ ᠪᠢᠴᠢᠯᠭᠡ ᠶ᠋ᠢᠨ ᠴᠠᠭᠠᠷᠠᠯ) ᠭᠡᠬᠦ ᠨᠣᠮ ᠠ᠋ᠴᠠ
46.ᠳᠠᠯᠠᠨᠲᠠᠢ
ᠬᠥᠮᠦᠨ ᠦᠭᠡ ᠶ᠋ᠢᠨ ᠰᠠᠢᠬᠠᠨ ᠳ᠋ᠤ᠌ ᠤᠷᠮᠠᠰᠢᠵᠤ᠂
ᠰᠡᠳᠬᠢᠯ ᠦ᠋ᠨ ᠰᠠᠢᠬᠠᠨ ᠳ᠋ᠤ᠌ ᠵᠢᠷᠭᠠᠳᠠᠭ᠃
ᠰᠡᠳᠬᠢᠯ ᠲᠠᠢᠪᠤᠩ ᠴᠠᠭ ᠲᠤ᠌ ᠪᠦᠬᠦ ᠶᠠᠭᠤᠮ᠎ᠠ ᠲᠠᠢᠪᠤᠩ ᠦᠷᠭᠦᠯᠵᠢᠯᠡᠨ᠎ᠡ᠃
(ᠰᠦᠨ ᠰᠠᠴᠤᠯᠢ ᠠ ᠬᠣᠯᠪᠣᠭᠠᠨ ᠤ᠋ ᠨᠠᠢᠵᠠ ᠨᠠᠷ ᠠ᠋ᠴᠠ ᠃ ᠤᠤᠭᠠᠨᠵᠢᠳ ᠬᠢᠨᠠᠪᠠ᠃)
2025.10.31
